ᠠᠪᠤ ᠳ᠋ᠤ᠌ ᠪᠠᠨ- ᠴ ᠬᠤᠯᠠᠨАавдаа-ц хулан
ᠠᠪᠤ ᠳ᠋ᠤ᠌ ᠪᠠᠨ
ᠴ᠂ ᠬᠤᠯᠠᠨ
ᠰᠠᠢᠬᠠᠨ ᠵᠠᠯᠠᠭᠤ ᠠᠪᠤ ᠶ᠋ᠢᠨ ᠦ᠌ ᠲᠡᠷᠢᠭᠦᠨ ᠳ᠋ᠦ᠍
ᠪᠤᠭᠤᠷᠤᠯ ᠣᠷᠣᠭᠰᠠᠨ ᠢ᠋ ᠠᠩᠬ᠎ᠠ ᠦᠵᠡᠭᠡᠳ
ᠰᠠᠪᠠᠭ᠎ᠠ ᠦᠭᠡᠢ ᠲᠣᠮᠣᠭ᠎ᠠ ᠦᠭᠡᠢ ᠬᠡᠦᠬᠡᠳ ᠨᠠᠰᠤ ᠪᠠᠨ ᠪᠢ
ᠲᠡᠷᠡ ᠵᠢᠯ ᠦ᠋ᠨ ᠬᠢᠨ ᠰᠢᠪᠠᠭᠤᠳ ᠲᠠᠢ ᠬᠠᠮᠲᠤ ᠪᠤᠴᠠᠭᠠᠭᠰᠠᠨ
ᠰᠠᠨᠴᠢᠭ ᠲᠤ᠌ ᠨᠢ ᠨᠡᠮᠡᠬᠦ ᠮᠥᠩᠭᠥᠨ ᠰᠤᠷ ᠤ᠋ᠨ ᠲᠣᠭᠠᠯᠠᠭᠠ ᠪᠠᠷ
ᠵᠢᠷᠭᠠᠭᠠᠨ᠎ᠠ ᠳᠠ ᠲᠡᠭᠡᠪᠡᠯ ᠭᠡᠬᠦ ᠳ᠋ᠦ᠍
ᠰᠠᠨᠠᠭᠰᠠᠨ ᠢ᠋ᠶ᠋ᠠᠷ ᠳᠠᠩᠴᠤ ᠪᠣᠯᠬᠤ ᠦᠭᠡᠢ ᠶᠠᠪᠤᠨ᠎ᠠ᠂
ᠠᠪᠤ ᠠ᠋
ᠪᠦᠪᠡᠢ ᠳ᠋ᠦ᠍ ᠬᠣᠩᠭᠣᠷ ᠡᠵᠢ ᠶ᠋ᠢᠨ ᠲᠤᠬᠠᠢ ᠳᠠᠭᠤᠤ ᠮᠡᠳᠡᠭᠡᠵᠢ ᠣᠯᠠᠨ
ᠪᠦᠳᠡᠭᠢᠬᠡᠨ ᠭᠠᠷᠳᠠᠭ ᠵᠢᠷᠤᠭ ᠰᠢᠭ᠋ ᠰᠠᠨᠠᠭ᠎ᠠ ᠲᠠᠢ ᠬᠢᠳᠡᠭ ᠠᠯᠳᠠᠭ᠎ᠠ ᠰᠢᠭ᠋
ᠪᠦᠬᠦᠢᠯᠡ ᠣᠷᠴᠢᠯᠠᠩ ᠳ᠋ᠤ᠌ ᠬᠠᠷᠢᠨ ᠠᠪᠤ ᠶ᠋ᠢᠨ ᠠᠴᠢ ᠭᠡᠵᠦ ᠳᠠᠭᠤᠯᠠᠳᠠᠭ ᠥᠬᠡᠢ
ᠪᠦᠭᠦᠳᠡ ᠶ᠋ᠢᠨ ᠬᠢᠨ ᠠᠪᠤ ᠶᠠᠮᠠᠷ ᠮᠢᠨᠦ ᠠᠪᠤ ᠰᠢᠭ᠋ ᠪᠢᠰᠢ ᠳᠡ
ᠠᠮᠲᠠᠲᠠᠨ ᠵᠥᠭᠡᠯᠡᠨ ᠬᠣᠶᠠᠷ ᠢ᠋ᠶ᠋ᠠᠷ ᠪᠢᠯᠠᠷᠠᠭᠣᠯᠳ᠋ᠠᠭ ᠮᠠᠭᠤ ᠢᠵᠢᠢ ᠮᠢᠨᠢ
ᠠᠢᠯ ᠤ᠋ᠨ ᠲᠠᠪᠠᠭ ᠠ᠋ᠴᠠ ᠰᠢᠬᠢᠷ ᠬᠠᠷᠠᠮᠯᠠᠵᠤ ᠰᠢᠷ᠎ᠠ ᠪᠠᠨ ᠪᠣᠯᠭᠣᠭᠠᠨ᠎ᠠ
ᠠᠪᠤ ᠮᠢᠨᠢ ᠲᠡᠭᠡᠬᠦ ᠦᠭᠡᠢ
ᠠᠯᠠᠭ ᠴᠢᠯᠠᠭᠤ ᠬᠡᠭᠡᠷ᠎ᠡ ᠡᠴᠡ ᠬᠣᠷᠮᠣᠢᠯᠠᠵᠤ ᠬᠦᠦ ᠳ᠋ᠡᠭᠡᠨ ᠵᠢᠰᠦᠯᠡᠭᠦᠯᠦᠨᠡ
ᠠᠯᠤᠰ ᠤ᠋ᠨ ᠵᠠᠮ ᠳ᠋ᠤ᠌ ᠠᠭᠤᠯᠠᠰ ᠤ᠋ᠨ ᠨᠡᠷ᠎ᠡ ᠲᠣᠭᠲᠠᠭᠠᠯᠭᠠᠵᠤ ᠤᠬᠠᠭᠠᠨ ᠨᠡᠮᠡᠨ᠎ᠡ
ᠡᠭᠡᠳᠡᠷᠡᠭᠡᠲᠦ ᠮᠢᠩᠭᠠᠨ ᠬᠠᠷᠭᠤᠢ
ᠲᠥᠷᠥᠭᠰᠡᠨ ᠭᠡᠷ ᠦ᠋ᠨ ᠭᠠᠳᠠᠨ᠎ᠠ ᠠ᠋ᠴᠠ ᠡᠬᠢᠯᠡᠵᠦ
ᠡᠮᠡᠭᠡᠯ ᠳᠡᠭᠡᠷ᠎ᠡ ᠪᠡᠨ ᠰᠣᠶᠣᠮᠪᠣ ᠲᠠᠢ
ᠤᠨᠠᠭᠠᠨ ᠬᠦᠯᠦᠭ ᠦ᠋ᠨ ᠨᠢᠷᠤᠭᠤᠨ ᠳ᠋ᠤ᠌ ᠠᠩᠬ᠎ᠠ ᠭᠠᠷᠬᠤ ᠳ᠋ᠤ᠌
ᠰᠠᠨᠰᠠᠷ ᠲᠤ᠌ ᠬᠦᠦ ᠨᠢ ᠨᠢᠰᠬᠦ ᠰᠢᠭ ᠰᠠᠨᠠᠵᠤ
ᠡᠵᠢ ᠨᠠᠷ ᠰᠠᠴᠤᠯᠢ ᠪᠠᠨ ᠡᠷᠭᠦᠵᠦ ᠭᠦᠶᠦᠯᠳᠦᠳᠡᠭ
ᠰᠠᠭᠠᠯᠲᠠ ᠣᠷᠣᠭᠠᠳ ᠡᠷᠭᠢᠬᠦ ᠶᠤᠮ ᠰᠢᠭ ᠰᠨ᠋ᠠᠵᠣ
ᠠᠪᠤ ᠨᠠᠷ ᠳᠤᠬᠤ ᠶ᠋ᠢ ᠨᠢ ᠬᠠᠨᠠᠵᠤ ᠦᠨᠦᠷᠯᠡᠳᠡᠭ
ᠠᠳᠬᠠᠵᠤ ᠢᠵᠢᠢ ᠨᠢ ᠡᠳᠦᠷᠵᠢᠨ ᠷᠠᠳᠢᠣ᠋ ᠰᠢᠭ᠋ ᠦᠭᠡᠯᠡᠨ᠎ᠡ
ᠠᠮᠢᠳᠤᠷᠠᠯ ᠳ᠋ᠤ᠌ ᠵᠥᠪᠬᠡᠨ ᠦᠨᠡᠨ ᠢ᠋ ᠬᠡᠯᠡᠬᠦ ᠭᠡᠵᠦ ᠠᠪᠤ ᠨᠠᠷ
ᠰᠤᠮᠤ ᠶ᠋ᠢᠨ ᠦᠵᠡᠯ ᠰᠢᠭ ᠬᠠᠶᠠ ᠨᠢᠭᠡ ᠳᠤᠤᠭᠠᠷᠤᠨ᠎ᠠ
ᠪᠡᠶ᠎ᠡ ᠡᠪᠡᠳᠦᠯ᠎ᠡ ᠭᠡᠵᠦ ᠡᠵᠢ ᠨᠠᠷ ᠬᠡᠦᠬᠡᠳ ᠢ᠋ᠶ᠋ᠡᠨ
ᠠᠷᠭ᠎ᠠ ᠦᠭᠡᠢ ᠨᠢᠭᠡ ᠠᠶᠤᠯᠭᠠᠳᠠᠭ
ᠪᠢᠲᠡᠭᠦᠬᠡᠨ ᠳᠣᠲᠣᠷ᠎ᠠ ᠠ᠋ᠴᠠ ᠪᠠᠨ ᠨᠤᠷᠠᠵᠤ ᠠᠪᠤ ᠨᠠᠷ
ᠴᠢᠮᠡᠭᠡ ᠦᠭᠡᠢᠬᠡᠨ ᠥᠲᠡᠯᠳᠡᠭ
ᠦᠬᠦᠵᠦ ᠪᠣᠯᠬᠤ ᠦᠭᠡᠢ ᠲᠤᠰᠢᠶᠠᠯ ᠠᠪᠤᠭᠰᠠᠨ
ᠴᠡᠷᠢᠭ ᠰᠢᠭ ᠲᠡᠳᠡ
ᠦᠷᠡᠰ ᠨᠢ ᠬᠥᠯ ᠢ᠋ᠶ᠋ᠡᠨ ᠣᠯᠲᠠᠯ᠎ᠠ
ᠴᠣ ᠡᠷᠡᠭᠦᠯ ᠪᠣᠯᠵᠤ ᠵᠦᠴᠦᠭᠡᠯᠡᠳᠡᠭ ᠠ᠋
ᠠᠴᠢ ᠶ᠋ᠢ ᠲᠠᠨᠢ ᠬᠠᠷᠢᠭᠤᠯᠤᠨ᠎ᠠ ᠭᠡᠵᠦ
ᠣᠯᠠᠨ ᠵᠢᠯ ᠪᠢ ᠬᠤᠳᠠᠯ ᠶᠠᠷᠢᠯ᠎ᠠ
ᠠᠴᠢ ᠶ᠋ᠢ ᠨᠢ ᠭᠠᠷᠭᠠᠵᠤ ᠥᠭᠭᠦᠴᠢᠬᠡᠭᠡᠳ ᠬᠠᠷᠢᠨ
ᠨᠢᠭᠡ ᠶᠡᠬᠡ ᠭᠠᠪᠢᠶᠠᠲᠠᠨ ᠰᠢᠭ᠋
ᠰᠥᠬᠥ ᠰᠥᠬᠥ ᠭᠡᠵᠦ ᠭᠡᠪᠳ᠋ᠡᠭᠦᠯᠦᠨ
ᠨᠣᠮᠣᠬᠠᠨ ᠲᠡᠮᠡᠭᠡ ᠨᠣᠣᠯᠠᠭᠤᠯᠬᠤ ᠮᠡᠲᠦ
ᠰᠥᠭᠡᠰᠡᠭᠡᠷ ᠬᠡᠳᠦᠨ ᠪᠠᠴᠠᠭᠠᠨ ᠤ᠋ ᠡᠮᠦᠨ᠎ᠡ
ᠬᠥᠭᠰᠢᠨ ᠠᠪᠤ ᠶ᠋ᠢ ᠪᠡᠨ ᠮᠥᠯᠬᠥᠭᠦᠯᠦᠯᠡ
ᠭᠠᠷ ᠢ᠋ᠶ᠋ᠠᠨ ᠡᠷᠭᠦᠵᠦ ᠳᠠᠢᠰᠤᠨ ᠳ᠋ᠤ᠌ ᠪᠠᠨ
ᠦᠭᠡ ᠳᠠᠭᠤ ᠦᠭᠡᠢ ᠪᠠᠭᠤᠵᠤ ᠥᠭᠬᠦ ᠮᠡᠲᠦ
ᠭᠠᠷᠴᠠᠭ᠎ᠠ ᠦᠭᠡᠢ ᠲᠣᠮᠣ ᠠᠯᠠᠭ᠎ᠠ ᠪᠠᠨ ᠳᠡᠯᠭᠡᠵᠦ
ᠲᠠ ᠲᠡᠳᠡᠨ ᠢ᠋ ᠪᠡᠨ ᠬᠥᠲᠥᠯᠦᠨ᠎ᠡ
ᠭᠠᠷᠠᠭ ᠳᠡᠯᠡᠬᠡᠢ ᠳ᠋ᠦ᠍ ᠤᠶᠠᠩᠭᠠᠲᠠᠢ
ᠡᠢᠮᠦ ᠨᠠᠢᠷᠠᠭᠴᠢ ᠪᠠᠢᠲᠠᠯ᠎ᠠ ᠪᠠᠨ
ᠭᠠᠩᠭᠠᠨᠠᠭᠰᠠᠨ ᠬᠡᠳᠦᠨ ᠵᠢᠭᠡ ᠲᠡᠢ ᠪᠡᠨ
ᠬᠡᠳᠦᠨᠲᠡ ᠬᠡᠯᠡ ᠳ᠋ᠦ᠍ ᠣᠷᠣᠨ᠎ᠠ
ᠭᠠᠳᠠᠨ᠎ᠠ ᠨᠠᠪᠴᠢᠰ ᠤᠨᠠᠵᠤ
ᠣᠨ ᠵᠢᠯ ᠪᠢᠳᠡᠨ ᠢ᠋ ᠤᠨᠠᠭᠰᠠᠨ ᠨᠠᠪᠴᠢ ᠰᠢᠭ᠋ ᠣᠷᠬᠢᠵᠤ
ᠭᠠᠢᠭᠤᠢ ᠳᠠ ᠠᠪᠤ ᠶ᠋ᠢ ᠪᠡᠨ ᠵᠢᠷᠭᠠᠭᠠᠵᠤ ᠠᠮᠵᠢᠨ᠎ᠠ ᠭᠡᠵᠦ
ᠥᠪᠡᠷ ᠢ᠋ ᠪᠡᠨ ᠬᠠᠭᠤᠷᠤᠨ᠎ᠠ
ᠭᠠᠭᠴᠠᠬᠠᠨ ᠵᠢᠷᠦᠬᠡᠨ ᠦ᠌ ᠲᠠᠨᠢ ᠴᠣᠬᠢᠯᠲᠠ
ᠨᠠᠮᠠᠶ᠋ᠢ ᠵᠢᠮᠡᠯᠡᠨ ᠯᠤᠭᠰᠢᠵᠤ
ᠭᠠᠵᠠᠷ ᠳᠡᠭᠡᠷ᠎ᠡ ᠠᠪᠤ ᠮᠢᠨᠢ ᠬᠦᠷᠲᠡᠯ᠎ᠡ
ᠮᠥᠩᠬᠡ ᠪᠤᠰᠤ ᠶ᠋ᠢ ᠰᠠᠨᠠᠭᠤᠯᠳᠠᠭ ᠠ᠋
ᠬᠠᠵᠠᠢᠯᠭᠠᠵᠤ ᠪᠣᠯᠬᠤ ᠦᠭᠡᠢ ᠲᠢᠲᠢᠮ ᠰᠢᠭ
ᠨᠡᠷ᠎ᠡ ᠪᠡᠷ ᠴᠢᠨᠢ ᠪᠢ ᠣᠪᠣᠭᠯᠠᠭᠰᠠᠨ
ᠬᠠᠯᠠᠭᠤᠨ ᠵᠢᠷᠦᠬᠡᠨ ᠦ᠌ ᠤᠶᠠᠷᠠᠯ ᠬᠠᠢᠷ᠎ᠠ ᠂
ᠭᠤᠨᠢᠭ ᠢ᠋ ᠴᠢᠨᠢ ᠬᠦᠷᠲᠡᠯ᠎ᠡ ᠦᠪᠯᠩᠰᠡᠨ
ᠥᠷᠭᠡᠰᠦᠲᠦ ᠣᠷᠴᠢᠯᠠᠩ ᠳ᠋ᠤ᠌ ᠪᠦᠳᠦᠴᠢᠭᠡᠳ
ᠤᠬᠢᠯᠠᠵᠤ ᠰᠠᠭᠤᠬᠤ ᠶ᠋ᠢᠨ ᠴᠠᠭ ᠲᠤ᠌ ᠪᠠᠨ ᠬᠦᠦ ᠨᠢ
ᠥᠯᠥᠭᠡᠢ ᠶ᠋ᠢ ᠮᠢᠨᠢ ᠰᠡᠢᠯᠦᠭᠰᠡᠨ ᠠᠪᠤ ᠲᠠᠢ ᠪᠣᠯᠬᠤ ᠪᠠᠷ ᠯᠠ
ᠠᠮᠢᠳᠤ ᠶᠠᠪᠤᠵᠤ ᠴᠢᠳᠠᠳᠠᠭ ᠠ᠋᠃
