ᠬᠦᠯᠢᠶᠡᠭᠰᠡᠨ ᠤᠴᠠᠷᠠᠯ- ᠳ ∙ ᠴᠣᠭᠲᠤᠪᠠᠶᠠᠷ ᠳ ∙ ᠪᠥᠵᠢᠨ᠎ᠡ Хүлээсэн учрал-Д.Цогтбаяр Д.Бүжнээ ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠦᠯᠢᠶᠡᠭᠰᠡᠨ ᠤᠴᠠᠷᠠᠯ- ᠳ ∙ ᠴᠣᠭᠲᠤᠪᠠᠶᠠᠷ ᠳ ∙ ᠪᠥᠵᠢᠨ᠎ᠡ Хүлээсэн учрал-Д.Цогтбаяр Д.Бүжнээ

ᠬᠦᠯᠢᠶᠡᠭᠰᠡᠨ ᠤᠴᠠᠷᠠᠯ- ᠳ ∙ ᠴᠣᠭᠲᠤᠪᠠᠶᠠᠷ ᠳ ∙ ᠪᠥᠵᠢᠨ᠎ᠡ Хүлээсэн учрал-Д.Цогтбаяр Д.Бүжнээ

ᠠᠩᠭᠢᠯᠠᠯ:ᠳᠠᠭᠤᠤ ᠬᠥᠭᠵᠢᠮ
2026-08-13

20

ᠬᠦᠯᠢᠶᠡᠭᠰᠡᠨ ᠤᠴᠠᠷᠠᠯ


 ᠦᠭᠡ᠄ ᠭ · ᠫᠦᠷᠪᠦᠳᠣᠷᠵᠢ 
 ᠠᠶ᠎ᠠ᠄ ᠰᠠᠮᠪᠤᠤ ᠶ᠋ᠢᠨ ᠰᠸᠷᠤᠳᠤ 
 ᠳᠠᠭᠤᠴᠢᠨ᠄ ᠳ · ᠴᠣᠭᠲᠤᠪᠠᠶᠠᠷ ᠂ ᠳ · ᠪᠥᠵᠢᠨ᠎ᠡ 

ᠴᠡᠭᠡᠵᠢᠨ ᠳ᠋ᠡᠭᠡᠨ ᠪᠤᠯᠭᠢᠯᠠᠬᠤ ᠵᠢᠷᠦᠬᠡ ᠪᠡᠨ ᠴᠢᠩᠨᠠᠭᠠᠳ 
ᠴᠡᠴᠡᠭᠡᠰ ᠦ᠋ᠨ ᠦᠨᠦᠷ ᠲᠦ᠍ ᠰᠣᠭᠲᠣᠵᠤ ᠳᠤᠷᠠᠯᠠᠭᠰᠠᠨ 
ᠪᠣᠷᠣᠭ᠎ᠠ ᠰᠢᠪᠡᠷᠡᠭᠰᠡᠨ ᠵᠤᠨ ᠤ᠋ ᠣᠷᠣᠢ 
ᠪᠣᠯᠵᠣᠭᠠᠲᠤ ᠴᠢ ᠮᠢᠨᠢ ᠨᠠᠮ᠎ᠠ ᠶ᠋ᠢ ᠪᠡᠨ ᠬᠦᠯᠢᠶᠡᠭᠡᠷᠡᠢ 

ᠨᠠᠪᠴᠢᠰ ᠢ᠋ᠶ᠋ᠠᠨ ᠭᠦᠪᠢᠭᠰᠡᠨ ᠮᠣᠳᠣᠳ ᠢ᠋ ᠲᠦᠰᠢᠭᠡᠳ 
ᠨᠠᠨᠳᠢᠨ ᠤᠴᠠᠷᠠᠯ ᠳ᠋ᠤ᠌ ᠬᠠᠮᠲᠤ ᠳ᠋ᠠᠭᠠᠨ ᠶᠠᠭᠠᠷᠠᠭᠰᠠᠨ 
ᠬᠢᠷᠠᠭᠤ ᠪᠠᠭᠤᠭᠰᠠᠨ ᠨᠠᠮᠤᠷ ᠤ᠋ᠨ ᠥᠷᠯᠥᠭᠡ 
ᠬᠣᠩᠭᠣᠷ ᠴᠢ ᠮᠢᠨᠢ ᠨᠠᠳᠠ ᠳ᠋ᠠᠭᠠᠨ ᠢᠷᠡᠯ᠎ᠡ ᠳᠠ
ᠬᠠᠷᠠᠴᠠᠨ ᠤ᠋ ᠴᠢᠨᠢ ᠰᠠᠢᠬᠠᠨ ᠳ᠋ᠤ᠌ ᠤᠶᠠᠷᠠᠭᠠᠳ ᠪᠢ
ᠬᠠᠪᠤᠷ ᠤ᠋ᠨ ᠰᠢᠪᠠᠭᠤ ᠰᠢᠭ᠋ ᠪᠤᠴᠠᠭᠠᠳ ᠢᠷᠡᠨ᠎ᠡ ᠪᠢ
ᠠᠭᠠᠰᠢᠨ ᠤ᠋ ᠴᠢᠨᠢ ᠬᠥᠭᠡᠷᠦᠬᠦᠨ ᠳ᠋ᠦ᠍ ᠳᠠᠰᠤᠭᠰᠠᠨ ᠳᠠ
ᠠᠶᠠᠨ ᠤ᠋ ᠰᠢᠪᠠᠭᠤᠳ ᠰᠢᠭ᠋ ᠡᠷᠭᠢᠭᠡᠳ ᠢᠷᠡᠯ᠎ᠡ ᠳᠠ

ᠬᠡᠨ ᠬᠡᠨ ᠳ᠋ᠡᠭᠡᠨ ᠳᠤᠷᠠᠯᠠᠭᠰᠠᠨ ᠵᠢᠷᠦᠬᠡ ᠪᠡᠨ ᠴᠢᠩᠨᠠᠭᠠᠳ
ᠬᠣᠶᠠᠷ ᠪᠠᠶᠠᠨ ᠢ᠋ᠶ᠋ᠠᠨ ᠲᠡᠪᠡᠷᠢᠨ ᠵᠣᠭᠰᠣᠭᠰᠠᠨ
ᠴᠠᠰᠤᠨ ᠪᠤᠲᠠᠷᠠᠭᠰᠠᠨ ᠡᠪᠦᠯ ᠦ᠋ᠨ ᠦᠳᠡᠰᠢ ᠪᠡᠷ
ᠴᠠᠢᠯᠭᠠᠨ ᠴᠢ ᠮᠢᠨᠢ ᠨᠠᠮ᠎ᠠ ᠶ᠋ᠢ ᠪᠡᠨ ᠬᠦᠯᠢᠶᠡᠭᠡᠷᠡᠢ
ᠠᠶᠠᠨ ᠤ᠋ ᠰᠢᠪᠠᠭᠤᠳ ᠢ᠋ᠶ᠋ᠠᠨ ᠢᠷᠡᠬᠦ ᠶ᠋ᠢ ᠬᠦᠯᠢᠶᠡᠨ
ᠠᠮᠠᠷᠠᠭ ᠤ᠋ᠨ ᠦᠭᠡᠰ ᠢ᠋ᠶ᠋ᠡᠨ ᠰᠢᠪᠡᠨᠡᠨ ᠵᠣᠭᠰᠣᠬᠤ ᠳ᠋ᠠᠭᠠᠨ
ᠰᠡᠳᠬᠢᠯ ᠬᠥᠳᠡᠯᠭᠡᠬᠦ ᠬᠠᠪᠤᠷ ᠤ᠋ᠨ ᠦᠳᠡᠰᠢ ᠪᠡᠷ
ᠰᠡᠷᠭᠦᠯᠡᠩ ᠴᠢ ᠮᠢᠨᠢ ᠨᠠᠳᠠ ᠳ᠋ᠠᠭᠠᠨ ᠢᠷᠡᠯ᠎ᠡ ᠳᠠ
ᠬᠠᠷᠠᠴᠠᠨ ᠤ᠋ ᠴᠢᠨᠢ ᠰᠠᠢᠬᠠᠨ ᠳ᠋ᠤ᠌ ᠤᠶᠠᠷᠠᠭᠠᠳ ᠪᠢ
ᠬᠠᠪᠤᠷ ᠤ᠋ᠨ ᠰᠢᠪᠠᠭᠤ ᠰᠢᠭ᠋ ᠪᠤᠴᠠᠭᠠᠳ ᠢᠷᠡᠨ᠎ᠡ ᠪᠢ
ᠠᠭᠠᠰᠢᠨ ᠤ᠋ ᠴᠢᠨᠢ ᠬᠥᠭᠡᠷᠦᠬᠦᠨ ᠳ᠋ᠦ᠍ ᠳᠠᠰᠤᠭᠰᠠᠨ ᠳᠠ
ᠠᠶᠠᠨ ᠤ᠋ ᠰᠢᠪᠠᠭᠤᠳ ᠰᠢᠭ᠋ ᠡᠷᠭᠢᠭᠡᠳ ᠢᠷᠡᠯ᠎ᠡ ᠳᠠ
ᠬᠠᠷᠠᠴᠠᠨ ᠤ᠋ ᠴᠢᠨᠢ ᠰᠠᠢᠬᠠᠨ ᠳ᠋ᠤ᠌ ᠤᠶᠠᠷᠠᠭᠠᠳ ᠪᠢ
ᠬᠠᠪᠤᠷ ᠤ᠋ᠨ ᠰᠢᠪᠠᠭᠤ ᠰᠢᠭ᠋ ᠪᠤᠴᠠᠭᠠᠳ ᠢᠷᠡᠨ᠎ᠡ ᠪᠢ
ᠪᠤᠴᠠᠭᠠᠳ ᠢᠷᠡᠨ᠎ᠡ ᠪᠢ

 ᠦᠰᠦᠭ ᠠᠮᠢᠯᠠᠭᠤᠯᠤᠭᠴᠢ᠄ ᠪᠠᠢ᠂ ᠰᠠᠷᠠᠨ᠎ᠠ
 ᠦᠰᠦᠭ ᠬᠠᠳᠠᠭᠴᠢ᠄ ᠪᠠᠢ᠂ ᠰᠠᠷᠠᠨ᠎ᠠ
 ᠬᠢᠨᠠᠭᠴᠢ᠄ ᠰᠣᠨᠢᠨᠪᠠᠶᠠᠷ