ᠳᠠᠭᠤᠯᠠᠬᠤ ᠦᠭᠡᠢ ᠶᠠᠭᠠᠬᠢᠵᠤ ᠶᠠᠪᠤᠬᠤ ᠶᠤᠮ ᠪᠣᠢДуулахгүй яаж явах юм бэ ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠳᠠᠭᠤᠯᠠᠬᠤ ᠦᠭᠡᠢ ᠶᠠᠭᠠᠬᠢᠵᠤ ᠶᠠᠪᠤᠬᠤ ᠶᠤᠮ ᠪᠣᠢДуулахгүй яаж явах юм бэ

ᠳᠠᠭᠤᠯᠠᠬᠤ ᠦᠭᠡᠢ ᠶᠠᠭᠠᠬᠢᠵᠤ ᠶᠠᠪᠤᠬᠤ ᠶᠤᠮ ᠪᠣᠢДуулахгүй яаж явах юм бэ

ᠠᠩᠭᠢᠯᠠᠯ:ᠳᠠᠭᠤᠤ ᠬᠥᠭᠵᠢᠮ
2026-08-09

88

ᠳᠠᠭᠤᠯᠠᠬᠤ ᠦᠭᠡᠢ ᠶᠠᠭᠠᠬᠢᠵᠤ ᠶᠠᠪᠤᠬᠤ ᠶᠤᠮ ᠪᠣᠢ


ᠦᠭᠡ: ᠵ· ᠲᠦᠮᠡᠨᠵᠢᠷᠭᠠᠯ 
ᠠᠶ᠎ᠠ: ᠳ᠋᠂ ᠴᠠᠸᠠᠩᠷᠠᠪᠳᠠᠨ 
ᠳᠠᠭᠤᠴᠢᠨ: ᠨᠢᠮᠠᠵᠠᠨᠳᠠ ᠂ᠬᠠᠨᠳᠤᠮ᠎ᠠ ᠨᠠᠷ 

ᠵᠠᠶᠠᠭᠠᠨ ᠤ᠋ ᠬᠣᠩᠭᠣᠷ ᠴᠢ ᠮᠢᠨᠢ 
ᠲᠥᠭᠡᠷᠢᠭᠰᠡᠭᠡᠷ ᠯᠡ ᠶᠠᠪᠤᠭᠠᠳ ᠢᠷᠡᠪᠡ ᠤᠤ ᠳᠧ 
ᠵᠢᠷᠭᠠᠯᠠᠩ ᠤ᠋ᠨ ᠮᠥᠩᠭᠥᠨ ᠰᠢᠪᠠᠭᠤᠬᠠᠢ ᠶ᠋ᠢ 
ᠳᠠᠭᠠᠭᠤᠯᠤᠰᠬᠢᠭᠡᠳ ᠢᠷᠡᠪᠡ ᠤᠤ ᠳᠧ᠃ 
ᠪᠣᠯᠣᠷ ᠮᠥᠷᠥᠭᠡᠳᠦᠯ ᠦ᠋ᠨ ᠡᠭᠡᠰᠢᠭ ᠲᠡᠭᠡᠭᠡᠭᠰᠡᠨ 
ᠪᠣᠳᠣᠯ ᠢ᠋ᠶ᠋ᠠᠨ ᠡᠩᠬᠦᠷᠡᠢᠯᠡᠮᠡᠷ ᠠᠯᠳᠠᠩᠬᠠᠨ ᠬᠣᠷᠣᠮ ᠳ᠋ᠤ᠌ 
ᠳᠤᠷᠠᠯᠠᠯ ᠤ᠋ᠨ ᠰᠢᠳᠢ ᠪᠡᠷ ᠰᠡᠳᠬᠢᠯ ᠦᠶᠡᠷᠯᠡᠬᠦ ᠪᠡᠷ 
ᠳᠠᠭᠤᠯᠠᠬᠤ ᠦᠭᠡᠢ ᠶᠠᠭᠠᠬᠢᠵᠤ ᠯᠠ ᠶᠠᠪᠤᠬᠤ ᠶᠤᠮ ᠪᠣᠢ ᠃ 

ᠵᠠᠬ᠎ᠠ ᠦᠭᠡᠢ ᠬᠠᠢᠷ᠎ᠠ ᠶ᠋ᠢᠨ ᠴᠢ ᠮᠢᠨᠢ 
ᠵᠠᠮ ᠢ᠋ᠶ᠋ᠠᠨ ᠳᠠᠭᠠᠭᠠᠳ ᠯᠠ ᠢᠷᠡᠪᠡ ᠤᠤ ᠳᠧ 
ᠵᠢᠷᠭᠠᠯᠲᠠᠢᠬᠠᠨ ᠴᠠᠭ ᠬᠤᠭᠤᠴᠠᠭ᠎ᠠ ᠶ᠋ᠢ
ᠵᠣᠭᠰᠣᠭᠠᠰᠬᠢᠭᠡᠳ ᠯᠡ ᠢᠷᠡᠪᠡ ᠤᠤ ᠳᠧ᠃ 
ᠪᠣᠯᠣᠷ ᠮᠥᠷᠥᠭᠡᠳᠦᠯ ᠦ᠋ᠨ ᠡᠭᠡᠰᠢᠭ ᠲᠡᠭᠡᠭᠡᠭᠰᠡᠨ
ᠪᠣᠳᠣᠯ ᠢ᠋ᠶ᠋ᠠᠨ ᠡᠩᠬᠦᠷᠡᠢᠯᠡᠮᠡᠷ ᠠᠯᠳᠠᠩᠬᠠᠨ ᠬᠣᠷᠣᠮ ᠳ᠋ᠤ᠌
ᠳᠤᠷᠠᠯᠠᠯ ᠤ᠋ᠨ ᠰᠢᠳᠢ ᠪᠡᠷ ᠰᠡᠳᠬᠢᠯ ᠦᠶᠡᠷᠯᠡᠬᠦ ᠪᠡᠷ
ᠳᠠᠭᠤᠯᠠᠬᠤ ᠦᠭᠡᠢ ᠶᠠᠭᠠᠬᠢᠵᠤ ᠯᠠ ᠶᠠᠪᠤᠬᠤ ᠶᠤᠮ ᠪᠣᠢ ᠃ 

ᠵᠠᠪᠰᠠᠷ ᠦᠭᠡᠢ ᠰᠡᠳᠬᠢᠯ ᠦ᠋ᠨ ᠴᠢ ᠮᠢᠨᠢ
ᠵᠠᠶᠠᠭ᠎ᠠ ᠲᠥᠭᠡᠷᠭᠡ ᠪᠡᠷ ᠢ᠋ᠶ᠋ᠡᠨ ᠢᠷᠡᠪᠡ ᠤᠤ ᠳᠧ
ᠽᠠᠮᠪᠤᠯᠢᠩ ᠬᠣᠷᠸ᠎ᠠ ᠳ᠋ᠤ᠌ ᠪᠠᠢᠭ᠎ᠠ ᠦᠭᠡᠢ
ᠮᠠᠷᠲᠠᠭᠤᠯᠤᠰᠬᠢᠭᠡᠳ ᠢᠷᠡᠪᠡ ᠤᠤ ᠳᠧ ᠃ 
ᠪᠣᠯᠣᠷ ᠮᠥᠷᠥᠭᠡᠳᠦᠯ ᠦ᠋ᠨ ᠡᠭᠡᠰᠢᠭ ᠲᠡᠭᠡᠭᠡᠭᠰᠡᠨ
ᠪᠣᠳᠣᠯ ᠢ᠋ᠶ᠋ᠠᠨ ᠡᠩᠬᠦᠷᠡᠢᠯᠡᠮᠡᠷ ᠠᠯᠳᠠᠩᠬᠠᠨ ᠬᠣᠷᠣᠮ ᠳ᠋ᠤ᠌
ᠳᠤᠷᠠᠯᠠᠯ ᠤ᠋ᠨ ᠰᠢᠳᠢ ᠪᠡᠷ ᠰᠡᠳᠬᠢᠯ ᠦᠶᠡᠷᠯᠡᠬᠦ ᠪᠡᠷ
ᠳᠠᠭᠤᠯᠠᠬᠤ ᠦᠭᠡᠢ ᠶᠠᠭᠠᠬᠢᠵᠤ ᠯᠠ ᠶᠠᠪᠤᠬᠤ ᠶᠤᠮ ᠪᠣᠢ
ᠪᠣᠯᠣᠷ ᠮᠥᠷᠥᠭᠡᠳᠦᠯ ᠦ᠋ᠨ ᠡᠭᠡᠰᠢᠭ ᠲᠡᠭᠡᠭᠡᠭᠰᠡᠨ
ᠪᠣᠳᠣᠯ ᠢ᠋ᠶ᠋ᠠᠨ ᠡᠩᠬᠦᠷᠡᠢᠯᠡᠮᠡᠷ ᠠᠯᠳᠠᠩᠬᠠᠨ ᠬᠣᠷᠣᠮ ᠳ᠋ᠤ᠌
ᠳᠤᠷᠠᠯᠠᠯ ᠤ᠋ᠨ ᠰᠢᠳᠢ ᠪᠡᠷ ᠰᠡᠳᠬᠢᠯ ᠦᠶᠡᠷᠯᠡᠬᠦ ᠪᠡᠷ
ᠳᠠᠭᠤᠯᠠᠬᠤ ᠦᠭᠡᠢ ᠶᠠᠭᠠᠬᠢᠵᠤ ᠯᠠ ᠶᠠᠪᠤᠬᠤ ᠶᠤᠮ ᠪᠣᠢ᠃

 ᠦᠰᠦᠭ ᠬᠠᠳᠠᠭᠴᠢ ᠄ ᠵᠢᠷᠠᠨᠲᠠᠢ
 ᠦᠰᠦᠭ ᠠᠮᠢᠯᠠᠭᠤᠯᠤᠭᠴᠢ ᠄ ᠤᠤᠭᠠᠨᠵᠢᠳ
 ᠬᠢᠨᠠᠭᠴᠢ᠄ ᠮᠡᠷᠭᠡᠨᠪᠢᠯᠢᠭ