ᠢᠲᠡᠭᠡᠯ ᠦ᠋ᠨ ᠵᠦᠩ ᠲᠡᠢ ᠬᠠᠢᠷ᠎ᠠ-ᠮ ∙ ᠦᠦᠷᠢᠨᠲᠤᠶᠠᠭ᠎ᠠ Itgeliin zontei hair Итгэлийн зөнтэй хайр-М.Үүрийнтуяа
ᠢᠲᠡᠭᠡᠯ ᠦ᠋ᠨ ᠵᠦᠩ ᠲᠡᠢ ᠬᠠᠢᠷ᠎ᠠ
ᠦᠭᠡ᠂ ᠠᠶ᠎ᠠ᠄ ᠪ᠊᠂ ᠫᠥ᠋ᠷᠪᠤᠰᠥ᠋ᠷᠦᠩ
ᠳᠠᠭᠤᠴᠢᠨ᠄ ᠮ᠂ ᠦᠥᠷᠢᠨᠲᠤᠶᠠᠭᠠ
ᠵᠢᠷᠦᠬᠡᠨ ᠦ᠌ ᠴᠢᠨᠢ ᠲᠣᠯᠢᠳᠤᠨ ᠳ᠋ᠤ᠌ ᠤᠴᠠᠷᠠᠭᠠᠳ ᠯᠠ ᠳᠠᠰᠴᠢᠬᠠᠵᠠᠢ
ᠵᠦᠢᠷᠯᠡᠯ ᠦᠭᠡᠢ ᠬᠠᠢᠷ᠎ᠠ ᠶ᠋ᠢ ᠴᠢᠨᠢ ᠰᠠᠨᠠᠭᠠᠳ ᠯᠠ ᠪᠠᠢᠨ᠎ᠠ ᠤᠤ ᠳ᠋ᠠ ᠪᠢ
ᠬᠣᠣᠰ ᠮᠣᠷᠢ ᠲᠠᠢ ᠪᠠᠨ ᠬᠠᠲᠠᠷᠢᠭᠤᠯᠤᠨ ᠢᠷᠡᠬᠦ ᠶ᠋ᠢ ᠴᠢᠨᠢ
ᠬᠣᠯᠠ ᠶ᠋ᠢᠨ ᠴᠥ᠍ ᠭᠠᠵᠠᠷ ᠡᠴᠡ ᠬᠦᠯᠢᠶᠡᠭᠡᠳ ᠰᠠᠭᠤᠨ᠎ᠠ ᠤᠤ ᠳ᠋ᠠ ᠪᠢ
ᠬᠣᠣᠰ ᠮᠣᠷᠢ ᠲᠠᠢ ᠪᠠᠨ ᠬᠠᠲᠠᠷᠢᠭᠤᠯᠤᠨ ᠢᠷᠡᠬᠦ ᠶ᠋ᠢ ᠴᠢᠨᠢ
ᠬᠣᠯᠠ ᠶ᠋ᠢᠨ ᠴᠥ᠍ ᠭᠠᠵᠠᠷ ᠡᠴᠡ ᠬᠦᠯᠢᠶᠡᠭᠡᠳ ᠰᠠᠭᠤᠨ᠎ᠠ ᠤᠤ ᠳ᠋ᠠ ᠪᠢ
ᠰᠡᠳᠬᠢᠯ ᠦ᠋ᠨ ᠴᠢᠨᠢ ᠨᠠᠭᠤᠷ ᠲᠤ᠌ ᠠᠮᠠᠷᠠᠭᠠᠳ ᠯᠠ ᠰᠠᠭᠠᠲᠠᠳᠠᠭ ᠳ᠋ᠠ
ᠰᠠᠢᠬᠠᠨ ᠬᠠᠢᠷ᠎ᠠ ᠶ᠋ᠢ ᠴᠢᠨᠢ ᠵᠢᠷᠦᠬᠡᠨ ᠳ᠋ᠡᠭᠡᠨ ᠤᠷᠠᠯᠠᠭᠠ ᠤᠤ ᠳ᠋ᠠ ᠪᠢ
ᠰᠠᠢᠪᠤᠷ ᠵᠢᠷᠣᠭ᠎ᠠ ᠬᠦᠯᠦᠭ ᠲᠡᠢ ᠪᠡᠨ ᠢᠷᠡᠬᠦ ᠶ᠋ᠢ ᠴᠢᠨᠢ
ᠰᠠᠷ᠎ᠠ ᠶ᠋ᠢᠨ ᠴᠥ᠍ ᠭᠠᠵᠠᠷ ᠡᠴᠡ ᠬᠦᠯᠢᠶᠡᠭᠡᠳ ᠰᠠᠭᠤᠨ᠎ᠠ ᠤᠤ ᠳ᠋ᠠ ᠪᠢ
ᠰᠠᠢᠪᠤᠷ ᠵᠢᠷᠣᠭ᠎ᠠ ᠬᠦᠯᠦᠭ ᠲᠡᠢ ᠪᠡᠨ ᠢᠷᠡᠬᠦ ᠶ᠋ᠢ ᠴᠢᠨᠢ
ᠰᠠᠷ᠎ᠠ ᠶ᠋ᠢᠨ ᠴᠥ᠍ ᠭᠠᠵᠠᠷ ᠡᠴᠡ ᠬᠦᠯᠢᠶᠡᠭᠡᠳ ᠯᠠ ᠰᠠᠭᠤᠨ᠎ᠠ ᠤᠤ ᠳ᠋ᠠ ᠪᠢ
ᠤᠴᠠᠷᠠᠩᠬᠠᠨ ᠠᠭᠤᠯᠵᠠᠬᠤ ᠡᠳᠦᠷ ᠲᠡᠭᠡᠨ ᠵᠣᠯᠭᠠᠭᠠᠳ
ᠤᠴᠢᠷᠲᠠᠢᠬᠠᠨ ᠬᠡᠯᠡᠭᠰᠡᠨ ᠦᠭᠡᠨ ᠳ᠋ᠦ᠍ ᠴᠢᠨᠢ ᠤᠶᠠᠷᠠᠭᠠᠳ
ᠡᠭᠦᠷᠢᠳᠡ ᠶ᠋ᠢᠨ ᠵᠢᠷᠭᠠᠯ ᠢ᠋ᠶ᠋ᠠᠨ ᠬᠣᠯᠪᠣᠨ ᠠᠮᠢᠳᠤᠷᠠᠬᠤ ᠪᠠᠷ
ᠤᠷᠲᠤ ᠶ᠋ᠢᠨ ᠤᠷᠲᠤ ᠵᠢᠯ ᠦ᠋ᠳ ᠢ᠋ ᠬᠠᠮᠲᠤ ᠳ᠋ᠠᠭᠠᠨ ᠲᠤᠭᠤᠯᠬᠤ ᠪᠠᠷ ᠵᠥᠩᠨᠡᠭᠡᠳ
ᠡᠭᠦᠷᠢᠳᠡ ᠶ᠋ᠢᠨ ᠵᠢᠷᠭᠠᠯ ᠢ᠋ᠶ᠋ᠠᠨ ᠬᠣᠯᠪᠣᠨ ᠠᠮᠢᠳᠤᠷᠠᠬᠤ ᠪᠠᠷ
ᠤᠷᠲᠤ ᠶ᠋ᠢᠨ ᠤᠷᠲᠤ ᠵᠢᠯ ᠦ᠋ᠳ ᠢ᠋ ᠬᠠᠮᠲᠤ ᠳ᠋ᠠᠭᠠᠨ ᠲᠤᠭᠤᠯᠬᠤ ᠪᠠᠷ ᠵᠥᠩᠨᠡᠭᠡᠳ
ᠤᠷᠲᠤ ᠶ᠋ᠢᠨ ᠤᠷᠲᠤ ᠵᠢᠯ ᠦ᠋ᠳ ᠢ᠋ ᠬᠠᠮᠲᠤ ᠳ᠋ᠠᠭᠠᠨ ᠲᠤᠭᠤᠯᠬᠤ ᠪᠠᠷ ᠵᠢᠷᠭᠠᠶ᠎ᠠ ᠳ᠋ᠠ᠃
ᠦᠰᠦᠭ ᠬᠠᠳᠠᠵᠤ ᠠᠮᠢᠯᠠᠭᠤᠯᠤᠭᠰᠠᠨ ᠨᠢ ᠠᠯᠲᠠᠨᠴᠢᠮᠡᠭ
ᠬᠢᠨᠠᠭᠴᠢ᠄ ᠭᠦᠩᠭᠠᠷ
