ᠳᠠᠭᠤᠤ ᠰᠢᠭ᠋ ᠰᠠᠢᠬᠠᠨ ᠨᠤᠲᠤᠭ-ᠤᠶᠤᠨᠪᠢᠯᠢᠭ᠌Дуу шиг сайхан нутаг-Оюунбилэг
ᠳᠠᠭᠤᠤ ᠰᠢᠭ᠋ ᠰᠠᠢᠬᠠᠨ ᠨᠤᠲᠤᠭ
ᠬᠠᠭᠤᠴᠢᠨ ᠳᠠᠭᠤᠤ
ᠳᠠᠭᠤᠴᠢᠨ᠄ ᠤᠶᠤᠨᠪᠢᠯᠢᠭ᠌
ᠵᠤᠯᠠᠢ ᠳᠡᠭᠡᠷ᠎ᠡ ᠡᠴᠡ ᠮᠣᠳᠣᠳ ᠰᠢᠬᠦᠷᠯᠡᠭᠡᠳ
ᠵᠥᠭᠡᠯᠡᠨ ᠰᠠᠯᠬᠢᠨ ᠳ᠋ᠤ᠌ ᠴᠡᠴᠡᠭᠡᠰ ᠠᠩᠬᠢᠯᠤᠭᠤᠯᠤᠨᠠ
ᠤᠶᠠᠩᠭ᠎ᠠ ᠳᠠᠭᠤᠤ ᠰᠢᠭ᠋ ᠮᠢᠨᠦ ᠥᠯᠥᠭᠡᠢ
ᠤᠷᠢᠳᠤ ᠶ᠋ᠢᠨ ᠢᠷᠦᠭᠡᠯ ᠢ᠋ᠶ᠋ᠡᠷ ᠨᠠᠳᠠ ᠳ᠋ᠤ᠌ ᠵᠠᠶᠠᠭᠠᠵᠠᠢ
ᠬᠠᠢᠷ᠎ᠠ ᠶ᠋ᠢᠨ ᠥᠯᠥᠭᠡᠢ ᠲᠥᠷᠥᠭᠰᠡᠨ ᠨᠤᠲᠤᠭ ᠤ᠋ᠨ ᠢ᠋ᠶ᠋ᠠᠨ
ᠬᠠᠯᠠᠮᠵᠢ ᠶ᠋ᠢᠨ ᠲᠤᠶᠠᠭ᠎ᠠ ᠶ᠋ᠢ ᠮᠠᠷᠲᠠᠬᠤ ᠶ᠋ᠢᠨ ᠠᠷᠭ᠎ᠠ ᠦᠭᠡᠢ
ᠬᠣᠯᠠ ᠶ᠋ᠢᠨ ᠪᠠᠷᠠᠨ ᠳ᠋ᠤ᠌ ᠤᠨᠢᠶᠠᠷ ᠴᠡᠩᠬᠡᠷᠯᠡᠭᠡᠳ
ᠬᠣᠩᠭᠣᠷ ᠰᠢᠪᠰᠢᠶ᠎ᠡ ᠨᠢ ᠴᠡᠭᠡᠵᠢᠨ ᠳ᠋ᠦ᠍ ᠰᠢᠪᠡᠨᠡᠭᠡᠳ
ᠬᠤᠭᠤᠷ ᠤ᠋ᠨ ᠡᠭᠡᠰᠢᠭ ᠮᠢᠨᠦ ᠥᠯᠥᠭᠡᠢ
ᠬᠣᠣᠰ ᠦᠭᠡᠢ ᠬᠠᠢᠷ᠎ᠠ ᠪᠠᠷ ᠨᠠᠮ᠎ᠠ ᠶ᠋ᠢ ᠥᠰᠬᠡᠵᠡᠢ
ᠬᠠᠢᠷ᠎ᠠ ᠶ᠋ᠢᠨ ᠥᠯᠥᠭᠡᠢ ᠲᠥᠷᠥᠭᠰᠡᠨ ᠨᠤᠲᠤᠭ ᠤ᠋ᠨ ᠢ᠋ᠶ᠋ᠠᠨ
ᠬᠠᠯᠠᠮᠵᠢ ᠶ᠋ᠢᠨ ᠲᠤᠶᠠᠭ᠎ᠠ ᠶ᠋ᠢ ᠮᠠᠷᠲᠠᠬᠤ ᠶ᠋ᠢᠨ ᠠᠷᠭ᠎ᠠ ᠦᠭᠡᠢ
ᠠᠯᠲᠠᠨ ᠨᠠᠷᠠ ᠨᠢ ᠭᠡᠷᠡᠯ ᠢ᠋ᠶ᠋ᠡᠨ ᠳᠡᠪᠢᠰᠦᠭᠡᠳ
ᠠᠷᠢᠭᠤᠨ ᠬᠤᠷ᠎ᠠ ᠳᠤᠰᠤᠯ ᠢ᠋ᠶ᠋ᠠᠨ ᠰᠢᠮᠡᠭᠦᠯᠦᠭᠡᠳ
ᠠᠶᠠᠯᠭ᠎ᠠ ᠳᠠᠭᠤᠤ ᠰᠢᠭ᠋ ᠮᠢᠨᠦ ᠥᠯᠥᠭᠡᠢ
ᠠᠮᠢᠳᠤᠷᠠᠯ ᠵᠢᠷᠭᠠᠯ ᠢ᠋ ᠨᠠᠳᠠ ᠳ᠋ᠤ᠌ ᠣᠯᠭᠤᠵᠠᠢ
ᠬᠠᠢᠷ᠎ᠠ ᠶ᠋ᠢᠨ ᠥᠯᠥᠭᠡᠢ ᠲᠥᠷᠥᠭᠰᠡᠨ ᠨᠤᠲᠤᠭ ᠤ᠋ᠨ ᠢ᠋ᠶ᠋ᠠᠨ
ᠬᠠᠯᠠᠮᠵᠢ ᠶ᠋ᠢᠨ ᠲᠤᠶᠠᠭ᠎ᠠ ᠶ᠋ᠢ ᠮᠠᠷᠲᠠᠬᠤ ᠶ᠋ᠢᠨ ᠠᠷᠭ᠎ᠠ ᠦᠭᠡᠢ
ᠬᠠᠢᠷ᠎ᠠ ᠶ᠋ᠢᠨ ᠥᠯᠥᠭᠡᠢ ᠲᠥᠷᠥᠭᠰᠡᠨ ᠨᠤᠲᠤᠭ ᠤ᠋ᠨ ᠢ᠋ᠶ᠋ᠠᠨ
ᠬᠠᠯᠠᠮᠵᠢ ᠶ᠋ᠢᠨ ᠲᠤᠶᠠᠭ᠎ᠠ ᠶ᠋ᠢ ᠮᠠᠷᠲᠠᠬᠤ ᠶ᠋ᠢᠨ ᠠᠷᠭ᠎ᠠ ᠦᠭᠡᠢ
ᠬᠠᠯᠠᠮᠵᠢ ᠶ᠋ᠢᠨ ᠲᠤᠶᠠᠭ᠎ᠠ ᠶ᠋ᠢ ᠮᠠᠷᠲᠠᠬᠤ ᠶ᠋ᠢᠨ ᠠᠷᠭ᠎ᠠ ᠦᠭᠡᠢ
ᠦᠰᠦᠭ ᠠᠮᠢᠯᠠᠭᠤᠯᠵᠤ ᠬᠠᠲᠠᠭᠰᠠᠨ ᠨᠢ ᠄ ᠭᠠᠸᠠ
ᠦᠰᠦᠭ ᠬᠢᠨᠠᠭᠴᠢ ᠄ ᠢᠷᠡᠭᠡᠳᠦᠢ
