ᠠᠪᠠᠭ᠎ᠠ ᠬᠠᠷ᠎ᠠ ᠮᠣᠷᠢᠲᠤ ᠴᠡᠷᠢᠭ -ᠭᠣᠮᠪᠣ ᠶ᠋ᠢᠨ ᠰᠡᠷᠭᠦᠯᠡᠩ Абага хар морьт цариг-Гомбын Сэргэлэн
ᠠᠪᠠᠭ᠎ᠠ ᠬᠠᠷ᠎ᠠ ᠮᠣᠷᠢᠲᠤ ᠴᠡᠷᠢᠭ
ᠦᠭᠡ ᠄ ᠪᠣᠯᠣᠳᠪᠠᠭᠠᠲᠤᠷ ᠤ᠋ᠨ ᠲᠠᠯᠠᠨᠪᠠᠶᠠᠷ
ᠠᠶ᠎ᠠ᠄ ᠪᠠᠯᠵᠢᠷ ᠤ᠋ᠨ ᠴᠢᠷᠮᠠᠢᠯᠲᠤ
ᠳᠠᠭᠤᠴᠢᠨ ᠄ ᠭᠣᠮᠪᠣ ᠶ᠋ᠢᠨ ᠰᠡᠷᠭᠦᠯᠡᠩ
ᠭᠠᠵᠠᠷ ᠴᠠᠪᠴᠢᠯᠠᠬᠤ ᠲᠤᠭᠤᠷᠠᠢ ᠠ᠋ᠴᠠ ᠭᠠᠯ ᠴᠠᠬᠢᠯᠠᠬᠤ ᠰᠢᠭ᠋ ᠬᠦᠴᠦᠲᠡᠢ
ᠴᠣᠭ ᠲᠠᠢ ᠮᠣᠩᠭᠣᠯ ᠤ᠋ᠨ ᠵᠢᠪᠬᠤᠭ᠎ᠠ ᠰᠡᠷᠭᠦᠭᠡ ᠮᠣᠷᠢ ᠨᠢ ᠬᠡᠢᠮᠣᠷᠢ ᠣᠮᠣᠭᠲᠠᠢ
ᠳᠠᠢᠴᠢᠨ ᠮᠣᠷᠢᠲᠤ ᠴᠡᠷᠢᠭ ᠦ᠋ᠨ ᠡᠩᠨᠡᠭᠡᠨ ᠳ᠋ᠦ᠍ ᠮᠣᠩᠭᠣᠯ ᠡᠷᠡᠴᠦᠳ ᠣᠳᠣᠲᠠᠢ
ᠵᠣᠷᠢᠭᠲᠠᠨ ᠪᠠᠭᠠᠲᠤᠷ ᠤ᠋ᠨ ᠬᠠᠷ᠎ᠠ ᠰᠦᠯᠳᠡ ᠪᠡᠷ ᠬᠤᠷᠴᠠᠯᠠᠭᠰᠠᠨ ᠲᠡᠭᠷᠢ ᠰᠢᠲᠦᠭᠡᠨ ᠲᠡᠢ
ᠬᠠᠲᠠᠷᠢᠶ᠎ᠠ ᠵᠢᠷᠣᠭ᠎ᠠ ᠮᠢᠷᠠᠯᠵᠠᠭᠠᠨ ᠳ᠋ᠤ᠌ ᠨᠢ ᠰᠠᠯᠬᠢᠨ ᠤ᠋ ᠡᠷᠴᠢ ᠵᠥᠭᠡᠯᠡᠷᠡᠳᠡᠭ
ᠬᠠᠭᠠᠨ ᠴᠢᠩᠭᠢᠰ ᠬᠠᠢᠷᠬᠠᠨ ᠤ᠋ ᠪᠠᠨ ᠳᠤᠯᠠᠭᠠᠨ ᠨᠥᠮᠥᠷᠢ ᠳ᠋ᠦ᠍ ᠠᠮᠤᠭᠤᠯᠠᠩ
ᠤᠳᠤᠮᠲᠤ ᠠᠪᠠᠭ᠎ᠠ ᠨᠤᠲᠤᠭ ᠲᠤ᠌ ᠪᠠᠨ ᠠᠯᠳᠠᠷ ᠢ᠋ᠶ᠋ᠠᠨ ᠡᠷᠭᠦᠵᠦ ᠮᠥᠩᠬᠡᠯᠡᠭᠰᠡᠨ
ᠠᠳᠤᠭᠤᠴᠢᠨ ᠮᠠᠯᠴᠢᠨ ᠲᠦᠮᠡᠨ ᠦ᠌ ᠬᠠᠷ᠎ᠠ ᠮᠣᠷᠢᠲᠤ ᠰᠤᠮᠤ ᠪᠠᠬᠠᠷᠬᠠᠯ ᠲᠠᠢ
ᠠᠭᠤᠯᠠ ᠶ᠋ᠢ ᠳᠠᠪᠠᠬᠤ ᠳ᠋ᠤ᠌ ᠠᠷᠰᠯᠠᠨ ᠪᠠᠷᠰ ᠤ᠋ᠨ ᠬᠦᠴᠦᠨ ᠲᠡᠢ ᠬᠠᠷ᠎ᠠ ᠮᠣᠷᠢᠲᠤ ᠴᠡᠷᠢᠭ
ᠤᠰᠤ ᠶ᠋ᠢ ᠲᠣᠭᠠᠴᠢᠬᠤ ᠳ᠋ᠤ᠌ ᠡᠷᠡᠯᠬᠡᠭ ᠪᠦᠷᠭᠦᠳ ᠦ᠋ᠨ ᠵᠣᠷᠢᠭ ᠲᠠᠢ ᠬᠠᠷ᠎ᠠ ᠮᠣᠷᠢᠲᠤ ᠴᠡᠷᠢᠭ
ᠲᠠᠯ᠎ᠠ ᠶ᠋ᠢ ᠲᠤᠭᠤᠯᠬᠤ ᠳ᠋ᠤ᠌ ᠴᠠᠭᠠᠨ ᠵᠡᠭᠡᠷ᠎ᠡ ᠶ᠋ᠢᠨ ᠬᠤᠷᠳᠤ ᠲᠠᠢ ᠬᠠᠷ᠎ᠠ ᠮᠣᠷᠢᠲᠤ ᠴᠡᠷᠢᠭ
ᠳᠠᠷᠬᠠᠨ ᠠᠯᠳᠠᠷ ᠨᠢ ᠳᠠᠶᠠᠩ ᠲᠦᠮᠡᠨ ᠳ᠋ᠦ᠍ ᠳᠠᠭᠤᠷᠢᠰᠤᠭᠳᠠᠨᠠ
ᠤᠤᠬᠠᠢ ᠠᠪᠠᠭ᠎ᠠ ᠬᠠᠷ᠎ᠠ ᠮᠣᠷᠢᠲᠤ ᠴᠡᠷᠢᠭ
ᠤᠤᠬᠠᠢ ᠠᠷᠠᠳ ᠤ᠋ᠨ ᠬᠠᠷ᠎ᠠ ᠮᠣᠷᠢᠲᠤ ᠴᠡᠷᠢᠭ
ᠤᠤᠬᠠᠢ ᠠᠪᠠᠭ᠎ᠠ ᠬᠠᠷ᠎ᠠ ᠮᠣᠷᠢᠲᠤ ᠴᠡᠷᠢᠭ
ᠤᠤᠬᠠᠢ ᠠᠷᠠᠳ ᠤ᠋ᠨ ᠬᠠᠷ᠎ᠠ ᠮᠣᠷᠢᠲᠤ ᠴᠡᠷᠢᠭ
ᠳᠡᠭᠡᠳᠦᠰ ᠪᠡᠯᠭᠦᠳᠡᠢ ᠨᠤᠲᠤᠭ ᠤ᠋ᠨ ᠮᠣᠷᠢᠨ ᠡᠷᠳᠡᠨᠢ ᠬᠡᠢᠮᠣᠷᠢ ᠲᠠᠢ
ᠲᠤᠭᠤᠷᠠᠢ ᠶ᠋ᠢᠨ ᠲᠠᠮᠠᠭ᠎ᠠ ᠲᠠᠢ ᠬᠠᠷ᠎ᠠ ᠬᠠᠳᠠᠳ ᠨᠢ ᠰᠡᠩᠰᠡᠨ ᠪᠤᠯᠠᠭ ᠲᠤ᠌ ᠴᠢᠮᠡᠭ ᠲᠡᠢ
ᠲᠦᠮᠡᠨ ᠦ᠌ ᠮᠠᠩᠨᠠᠢ ᠲᠡᠨᠢᠢᠭᠰᠡᠨ ᠤᠤᠬᠠᠢ ᠶ᠋ᠢᠨ ᠳᠠᠭᠤᠨ ᠤ᠋ ᠲᠦᠷᠢᠯᠭᠡ ᠲᠡᠢ
ᠡᠩᠬᠡᠵᠢᠨ ᠲᠣᠭᠲᠠᠭᠰᠠᠨ ᠣᠷᠣᠨ ᠤ᠋ ᠠᠯᠲᠠᠨ ᠵᠢᠯᠣᠭᠣᠲᠤ ᠬᠠᠷ᠎ᠠ ᠮᠣᠷᠢᠲᠤ ᠴᠡᠷᠢᠭ ᠠ᠋
ᠠᠭᠤᠯᠠ ᠶ᠋ᠢ ᠳᠠᠪᠠᠬᠤ ᠳ᠋ᠤ᠌ ᠠᠷᠰᠯᠠᠨ ᠪᠠᠷᠰ ᠤ᠋ᠨ ᠬᠦᠴᠦᠨ ᠲᠡᠢ ᠬᠠᠷ᠎ᠠ ᠮᠣᠷᠢᠲᠤ ᠴᠡᠷᠢᠭ
ᠤᠰᠤ ᠶ᠋ᠢ ᠲᠣᠭᠠᠴᠢᠬᠤ ᠳ᠋ᠤ᠌ ᠡᠷᠡᠯᠬᠡᠭ ᠪᠦᠷᠭᠦᠳ ᠦ᠋ᠨ ᠵᠣᠷᠢᠭ ᠲᠠᠢ ᠬᠠᠷ᠎ᠠ ᠮᠣᠷᠢᠲᠤ ᠴᠡᠷᠢᠭ
ᠲᠠᠯ᠎ᠠ ᠶ᠋ᠢ ᠲᠤᠭᠤᠯᠬᠤ ᠳ᠋ᠤ᠌ ᠴᠠᠭᠠᠨ ᠵᠡᠭᠡᠷ᠎ᠡ ᠶ᠋ᠢᠨ ᠬᠤᠷᠳᠤ ᠲᠠᠢ ᠬᠠᠷ᠎ᠠ ᠮᠣᠷᠢᠲᠤ ᠴᠡᠷᠢᠭ
ᠳᠠᠷᠬᠠᠨ ᠠᠯᠳᠠᠷ ᠨᠢ ᠳᠠᠶᠠᠩ ᠲᠦᠮᠡᠨ ᠳ᠋ᠦ᠍ ᠳᠠᠭᠤᠷᠢᠰᠤᠭᠳᠠᠨᠠ
ᠤᠤᠬᠠᠢ ᠠᠪᠠᠭ᠎ᠠ ᠬᠠᠷ᠎ᠠ ᠮᠣᠷᠢᠲᠤ ᠴᠡᠷᠢᠭ
ᠤᠤᠬᠠᠢ ᠠᠷᠠᠳ ᠤ᠋ᠨ ᠬᠠᠷ᠎ᠠ ᠮᠣᠷᠢᠲᠤ ᠴᠡᠷᠢᠭ
ᠤᠤᠬᠠᠢ ᠠᠪᠠᠭ᠎ᠠ ᠬᠠᠷ᠎ᠠ ᠮᠣᠷᠢᠲᠤ ᠴᠡᠷᠢᠭ
ᠤᠤᠬᠠᠢ ᠠᠷᠠᠳ ᠤ᠋ᠨ ᠬᠠᠷ᠎ᠠ ᠮᠣᠷᠢᠲᠤ ᠴᠡᠷᠢᠭ
ᠤᠤᠬᠠᠢ ᠠᠪᠠᠭ᠎ᠠ ᠬᠠᠷ᠎ᠠ ᠮᠣᠷᠢᠲᠤ ᠴᠡᠷᠢᠭ
ᠤᠤᠬᠠᠢ ᠠᠷᠠᠳ ᠤ᠋ᠨ ᠬᠠᠷ᠎ᠠ ᠮᠣᠷᠢᠲᠤ ᠴᠡᠷᠢᠭ
ᠦᠰᠦᠭ ᠠᠮᠢᠯᠠᠭᠤᠯᠵᠤ ᠬᠠᠲᠠᠭᠰᠠᠨ ᠨᠢ ᠄ ᠭᠠᠸᠠ
ᠦᠰᠦᠭ ᠬᠢᠨᠠᠭᠴᠢ ᠄ ᠮᠥᠴᠢᠷ
