ᠡᠯᠡᠰᠦᠨ ᠳᠦ ᠪᠤᠯᠠᠭᠳᠠᠭᠰᠠᠨ ᠰᠤᠪᠤᠳ – ᠫ᠂ ᠣᠶᠤᠨᠭᠡᠷᠡᠯ <ᠭᠤᠷᠪᠠ> Элсэнд булагдсан сувдаа – П.Оюунгэрэл <3>
ᠭᠤᠷᠪᠠ
ᠭᠤᠷᠪᠠ
ᠰᠠᠢᠰᠢᠶᠠᠯᠳᠤ ᠭᠠᠪᠢᠷ᠎ᠠ ᠬᠣᠶᠠᠭᠤᠯᠠ ᠡᠨᠳᠡ ᠢᠷᠡᠭᠰᠡᠨ ᠠᠷᠪᠠᠳᠠᠬᠢ ᠡᠳᠦᠷ ᠲᠡᠭᠡᠨ ᠬᠥᠳᠡᠭᠡ ᠭᠠᠴᠠᠭᠠᠨ ᠳ᠋ᠤ᠌ ᠪᠠᠭᠤᠵᠤ ᠰᠤᠷᠤᠭᠴᠢ ᠡᠯᠰᠡᠬᠦ ᠠᠵᠢᠯ ᠳ᠋ᠠᠭᠠᠨ ᠣᠷᠣᠯ᠎ᠠ᠃ ᠰᠠᠢᠰᠢᠶᠠᠯᠳᠤ ᠬᠠᠮᠤᠭ ᠤ᠋ᠨ ᠬᠣᠯᠠ ᠪᠠᠢᠳᠠᠭ ᠰᠠᠷᠠᠭᠤᠯ᠂ ᠬᠠᠷᠭᠠᠨᠠᠲᠠᠢ᠂ ᠪᠠᠶᠠᠨᠪᠤᠯᠠᠭ᠂ ᠪᠠᠶᠠᠨ᠌ᠠᠠᠭᠤᠯᠡ ᠵᠡᠷᠭᠡ ᠳᠥᠷᠪᠡᠨ ᠭᠠᠴᠠᠭ᠎ᠠ ᠪᠠᠷ ᠶᠠᠪᠤᠬᠤ ᠪᠠᠷ ᠪᠣᠯᠵᠤ᠂ ᠭᠠᠪᠢᠷ᠎ᠠ ᠪᠠᠶᠠᠩᠬᠣᠩᠭᠣᠷ ᠭᠠᠴᠠᠭ᠎ᠠ ᠪᠣᠯᠤᠨ ᠲᠠᠷᠢᠶᠠᠯᠠᠩ ᠪᠠᠷᠢᠭᠠᠳᠠ ᠶ᠋ᠢ ᠳᠠᠭᠠᠭᠠᠴᠢᠯᠠᠨ ᠠᠪᠴᠠᠢ᠃ ᠰᠣᠶᠣᠯᠡᠷᠳᠡᠨᠢ ᠭᠤᠸᠠᠢ ᠲᠡᠷᠡ ᠬᠣᠶᠠᠷ ᠲᠤ᠌
— ᠣᠳᠣ ᠡᠯ᠎ᠡ ᠭᠠᠴᠠᠭᠠᠨ ᠳ᠋ᠤ᠌ ᠠᠷᠠᠳ ᠠ᠋ᠴᠠ ᠡᠷᠬᠢᠯᠡᠭᠰᠡᠨ ᠪᠠᠭ᠎ᠠ ᠰᠤᠷᠭᠠᠭᠤᠯᠢ ᠲᠠᠢ ᠪᠣᠯᠬᠣᠷ ᠮᠠᠯᠴᠢᠳ ᠬᠡᠦᠬᠡᠳ ᠢ᠋ᠶ᠋ᠡᠨ ᠭᠠᠵᠠᠷ ᠬᠣᠯᠠ ᠰᠤᠮᠤᠨ ᠳ᠋ᠤ᠌ ᠢᠷᠡᠭᠦᠯᠬᠦ ᠳᠤᠷ᠎ᠠ ᠦᠭᠡᠢ ᠨᠢ ᠯᠠᠪ᠃ ᠳᠠᠬᠢᠭᠠᠳ ᠬᠡᠯᠡᠪᠡᠯ ᠮᠠᠯᠴᠢᠳ ᠨᠤᠲᠤᠭ ᠰᠠᠭᠤᠷᠢᠰᠢᠯ ᠲᠣᠭᠲᠠᠪᠤᠷᠢ ᠦᠭᠡᠢ ᠦᠷᠭᠦᠯᠵᠢ ᠨᠡᠭᠦᠵᠦ ᠰᠢᠯᠵᠢᠨ᠎ᠡ᠃ ᠬᠤᠷᠠᠯ ᠴᠤᠭᠯᠠᠭ᠎ᠠ ᠬᠢᠬᠦ ᠪᠤᠶᠤ ᠠᠭᠤᠯᠵᠠᠵᠤ ᠤᠴᠠᠷᠠᠬᠤ ᠳ᠋ᠤ᠌ ᠴᠤ᠌ ᠳᠥᠭᠥᠮ ᠦᠭᠡᠢ᠃ ᠤᠷᠢᠳ ᠢ᠋ᠶ᠋ᠠᠷ ᠭᠠᠴᠠᠭᠠᠨ ᠤ᠋ ᠤᠳᠤᠷᠢᠳᠤᠯᠭ᠎ᠠ ᠲᠠᠢ ᠠᠭᠤᠯᠵᠠᠵᠤ ᠤᠴᠢᠷ ᠵᠦᠢ ᠪᠡᠨ ᠣᠯᠬᠤ ᠪᠢᠵᠡ᠃ ᠲᠠᠨᠠᠷ ᠮᠠᠯᠴᠢᠳ ᠲᠠᠢ ᠡᠶᠡᠯᠳᠡᠭ ᠬᠦᠯᠢᠴᠡᠩᠭᠦᠢ ᠬᠠᠷᠢᠯᠴᠠᠵᠤ ᠪᠢᠴᠢᠭ ᠰᠣᠶᠣᠯ ᠤ᠋ᠨ ᠲᠠᠯ᠎ᠠ ᠪᠠᠷ ᠢᠯᠡᠭᠦᠬᠡᠨ ᠤᠬᠠᠭᠤᠯᠭ᠎ᠠ ᠶ᠋ᠢᠨ ᠠᠵᠢᠯ ᠬᠢ ᠭᠡᠪᠡ᠃ ᠰᠤᠮᠤᠨ ᠳᠠᠷᠤᠭ᠎ᠠ ᠪᠠᠨᠳᠠᠷᠢ ᠭᠤᠸᠠᠢ᠄
— ᠵᠠ᠂ ᠬᠣᠶᠠᠷ ᠬᠡᠦᠬᠡᠳ ᠮᠢᠨᠢ ᠬᠤᠪᠴᠠᠰᠤ ᠬᠤᠨᠠᠷ ᠢ᠋ᠶ᠋ᠠᠨ ᠵᠤᠵᠠᠭᠠᠯᠠᠵᠤ ᠡᠮᠦᠰ᠂ ᠲᠩᠷᠢ ᠰᠦᠷᠡᠬᠡᠢ ᠬᠦᠢᠲᠡᠷᠡᠵᠦ ᠪᠠᠢᠨ᠎ᠠ᠃ ᠬᠥᠳᠡᠭᠡ ᠠᠢᠯ ᠤ᠋ᠨ ᠨᠣᠬᠠᠳ ᠶᠡᠬᠡ ᠬᠡᠴᠡᠭᠦᠦ ᠪᠠᠢᠳᠠᠭ ᠶᠤᠮ᠃ ᠮᠣᠷᠢ ᠤᠨᠤᠭᠠᠨ ᠳ᠋ᠠᠭᠠᠨ ᠬᠡᠷᠰᠡᠦᠯᠡᠵᠦ ᠶᠠᠪᠤ᠂ ᠠᠮᠤᠷ ᠲᠦᠪᠰᠢᠨ ᠢ᠋ᠶ᠋ᠡᠨ ᠠᠩᠬᠠᠷᠬᠤ ᠶᠤᠮ ᠰᠢᠦ ᠳᠡ ᠭᠡᠬᠦ ᠵᠡᠷᠭᠡ ᠪᠡᠷ ᠵᠠᠬᠢᠵᠤ ᠰᠠᠨᠠᠭᠤᠯᠵᠤ ᠪᠠᠢᠪᠠ᠃ ᠰᠤᠮᠤᠨ ᠤ᠋ ᠺᠠᠳ᠋ᠷ ᠤ᠋ᠳ ᠤ᠋ᠨ ᠤᠨᠤᠭᠠᠷᠢ ᠶ᠋ᠢᠨ ᠮᠣᠷᠢᠳ ᠲᠤ᠌ ᠭᠠᠪᠢᠷ᠎ᠠ ᠳ᠋ᠤ᠌ ᠤᠨᠤᠭᠤᠯᠬᠤ ᠨᠣᠮᠣᠬᠠᠨ ᠮᠣᠷᠢ ᠦᠭᠡᠢ ᠲᠤᠯᠠ ᠰᠣᠶᠣᠯᠡᠷᠳᠡᠨᠢ ᠭᠤᠸᠠᠢ ᠶ᠋ᠢᠨ ᠤᠨᠤᠳᠠᠭ ᠵᠤᠯᠠᠷᠠᠳᠠᠭ ᠬᠦᠷᠡᠩ ᠮᠣᠷᠢ ᠶ᠋ᠢ ᠤᠨᠤᠬᠤ ᠪᠠᠷ ᠪᠣᠯᠪᠠ᠃ ᠡᠨᠡ ᠬᠦᠷᠡᠩ ᠮᠣᠷᠢ ᠮᠣᠷᠳᠠᠬᠤ ᠳ᠋ᠤ᠌ ᠵᠤᠯᠠᠷᠠᠳᠠᠭ ᠪᠣᠯᠬᠣᠷ ᠡᠷᠳᠡᠨᠢ ᠭᠤᠸᠠᠢ ᠡᠨᠡ ᠮᠣᠷᠢᠨᠠ᠋ᠴᠠ ᠪᠠᠨ ᠬᠡᠳᠦᠨ ᠤᠳᠠᠭ᠎ᠠ ᠣᠢᠴᠢᠭᠰᠠᠨ ᠲᠡᠦᠬᠡ ᠲᠡᠢ᠃ ᠬᠤᠷ ᠳᠡᠯ ᠲᠡᠢ ᠭᠣᠣ ᠲᠠᠲᠠᠭᠰᠠᠨ ᠲᠠᠷᠭᠤᠨ ᠵᠣ ᠲᠠᠢ ᠰᠢᠷᠭ᠎ᠠ ᠬᠦᠷᠡᠩ ᠮᠣᠷᠢ ᠡᠮᠡᠭᠡᠯ ᠲᠣᠬᠣᠮᠠᠭᠴᠠ ᠬᠠᠮᠠᠷ ᠳᠤᠤᠭᠠᠷᠭᠠᠨ ᠳᠤᠭᠤᠢᠷᠠᠨ ᠡᠷᠭᠢᠯᠳᠦᠵᠦ ᠲᠤᠭᠤᠷᠠᠢ ᠪᠠᠷ ᠢ᠋ᠶ᠋ᠠᠨ ᠭᠠᠵᠠᠷ ᠴᠠᠪᠴᠢᠯᠠᠨ ᠣᠮᠣᠭᠯᠠᠨᠠ᠃
ᠡᠨᠡ ᠪᠠᠢᠳᠠᠯ ᠢ᠋ ᠬᠠᠷᠠᠵᠤ ᠵᠣᠭᠰᠣᠭᠰᠠᠨ ᠬᠥᠮᠦᠰ᠄《ᠵᠠ᠂ ᠡᠨᠡ ᠥᠬᠢᠨ ᠴᠦ᠍ ᠮᠣᠷᠳᠠᠵᠤ ᠴᠢᠳᠠᠯ ᠦᠭᠡᠢ ᠰᠢᠳᠡᠭᠳᠡᠬᠦ ᠪᠠᠢᠬ᠎ᠠ》 ᠭᠡᠵᠦ ᠪᠣᠳᠣᠵᠤ ᠵᠣᠭᠰᠣᠨ᠎ᠠ᠃ ᠭᠡᠪᠡᠴᠦ ᠭᠠᠪᠢᠷ᠎ᠠ ᠥᠬᠢᠨ ᠪᠠᠭ᠎ᠠ ᠳ᠋ᠠᠭᠠᠨ ᠤᠷᠤᠯᠳᠤᠭᠠᠨ ᠤ᠋ ᠮᠣᠷᠢ ᠤᠨᠤᠵᠤ᠂ ᠠᠷᠪᠠᠨ ᠵᠢᠷᠭᠤᠭᠠᠲᠠᠢ ᠳ᠋ᠠᠭᠠᠨ ᠰᠢᠯᠢᠳᠡᠭ ᠡᠷᠦᠬᠡ ᠶ᠋ᠢᠨ ᠴᠡᠷᠢᠭ ᠦ᠋ᠨ ᠪᠠᠢᠯᠳᠤᠭᠴᠢ ᠪᠣᠯᠵᠤ᠂ ᠭᠤᠷᠪᠠᠨ ᠰᠠᠷ᠎ᠠ ᠢᠯᠡᠭᠦᠦ ᠴᠡᠷᠢᠭ ᠦ᠋ᠨ ᠲᠤᠰᠬᠠᠢ ᠮᠡᠷᠭᠡᠵᠢᠯ ᠦ᠋ᠨ ᠪᠣᠯᠪᠠᠰᠤᠷᠠᠯ ᠢ᠋ ᠥᠩᠭᠡᠷᠡᠭᠦᠯᠵᠦ ᠮᠣᠷᠢᠨ ᠫᠤᠤᠳᠠᠯᠭ᠎ᠠ ᠳ᠋ᠤ᠌ ᠲᠦᠷᠦᠭᠦᠦ ᠮᠠᠩᠯᠠᠢ ᠶ᠋ᠢ ᠠᠪᠴᠤ ᠶᠠᠪᠤᠭᠰᠠᠨ ᠢ᠋ ᠡᠨᠳᠡ ᠬᠡᠨ ᠴᠦ᠍ ᠮᠡᠳᠡᠬᠦ ᠦᠭᠡᠢ᠃
ᠪᠣᠷᠣ ᠥᠩᠭᠡᠲᠡᠢ ᠲᠠᠩᠽᠢᠷᠦᠩ ᠳ᠋ᠠᠴᠠᠩ ᠡᠮᠦᠰᠴᠦ᠂ ᠬᠥᠬᠡ ᠴᠠᠭᠠᠨ ᠬᠣᠶᠠᠷ ᠥᠩᠭᠡ ᠶ᠋ᠢᠨ ᠨᠣᠣᠰᠣᠨ ᠤᠲᠠᠰᠤ ᠪᠠᠷ ᠰᠦᠯᠵᠢᠭᠰᠡᠨ ᠮᠠᠯᠠᠭᠠᠢ ᠣᠷᠢᠶᠠᠯᠲᠠ ᠵᠡᠭᠦᠵᠦ᠂ ᠥᠨᠳᠥᠷ ᠲᠦᠷᠡᠢ ᠲᠡᠢ ᠮᠣᠷᠢᠨ ᠭᠤᠲᠤᠯ ᠢᠰᠬᠦᠯᠦᠭᠰᠡᠨ ᠳᠡᠭᠵᠢᠨ ᠵᠢᠪᠬᠤᠭ᠎ᠠ ᠲᠠᠢ ᠲᠡᠷᠡ ᠥᠬᠢᠨ ᠮᠣᠷᠢᠨ ᠤ᠋ ᠪᠠᠨ ᠴᠤᠯᠪᠤᠭᠤᠷ ᠢ᠋ ᠬᠠᠨᠠᠷᠠᠲᠠᠯᠠ ᠲᠠᠲᠠᠵᠤ ᠪᠠᠢᠭᠠᠳ ᠪᠤᠷᠤᠭᠤ ᠲᠠᠯ᠎ᠠ ᠶ᠋ᠢᠨ ᠡᠮᠦᠨ᠎ᠡ ᠭᠠᠨᠵᠤᠭᠠᠨ ᠠᠴᠠ ᠲᠠᠲᠠᠵᠤ ᠮᠣᠷᠢᠨ ᠳ᠋ᠠᠭᠠᠨ ᠱᠠᠪᠬᠢᠲᠠᠯᠠ ᠮᠣᠷᠳᠠᠪᠠ᠃
ᠵᠤᠯᠠᠷᠠᠳᠠᠭ ᠬᠦᠷᠡᠩ ᠣᠭᠯᠣ ᠬᠠᠷᠠᠢᠨ ᠳᠠᠪᠬᠢᠭᠤᠯᠤᠭᠰᠠᠨ ᠴᠤ᠌ ᠭᠠᠪᠢᠷ᠎ᠠ ᠳᠥᠷᠥᠭᠡ ᠪᠡᠨ ᠴᠢᠩᠭ᠎ᠠ ᠬᠠᠪᠴᠢᠨ ᠵᠢᠯᠣᠭᠣ ᠪᠠᠨ ᠲᠠᠲᠠᠰᠬᠢᠨ ᠬᠡᠰᠡᠭ ᠳᠠᠪᠬᠢᠭᠤᠯᠤᠭᠠᠳ ᠪᠤᠴᠠᠵᠤ ᠢᠷᠡᠵᠦ ᠵᠣᠭᠰᠣᠪᠠ᠃ ᠪᠠᠨᠳᠠᠷᠢ ᠭᠤᠸᠠᠢ ᠠᠮᠠ ᠪᠠᠨ ᠪᠠᠷᠢᠨ ᠢᠨᠢᠶᠡᠵᠦ
一 ᠫᠥᠬᠥ᠂ ᠵᠣᠯᠪᠣᠭ᠎ᠠ ᠲᠠᠢ ᠥᠬᠢᠨ ᠪᠠᠢᠨ᠎ᠠ᠃ ᠮᠣᠷᠢᠨ ᠳ᠋ᠤ᠌ ᠡᠢᠮᠦ ᠰᠠᠢᠨ ᠭᠡᠵᠦ ᠳᠠᠩᠴᠤ ᠪᠣᠳᠣᠭᠰᠠᠨ ᠦᠭᠡᠢ ᠭᠡᠳ ᠰᠡᠳᠬᠢᠯ ᠠᠮᠠᠷᠠᠭᠰᠠᠨ ᠪᠠᠢᠳᠠᠯ ᠲᠠᠢ ᠭᠦᠨ ᠠᠮᠢᠰᠬᠤᠪᠠ᠃ ᠰᠣᠶᠣᠯᠨᠷᠳᠡᠨᠢ ᠭᠤᠸᠠᠢ ᠶ᠋ᠢᠨ ᠬᠣᠨᠢᠨ ᠬᠣᠷᠭᠣᠯ ᠰᠢᠭ᠋ ᠲᠣᠳᠣ ᠬᠠᠷ᠎ᠠ ᠨᠢᠳᠦ ᠰᠦᠷᠡᠬᠡᠢ ᠭᠢᠯᠠᠯᠵᠠᠨ
一 ᠨᠠᠮ᠎ᠠ ᠶ᠋ᠢ ᠮᠣᠷᠳᠠᠩᠭᠤᠲᠠ ᠯᠠ ᠴᠠᠭᠠᠰᠢ ᠵᠤᠯᠠᠷᠠᠵᠤ ᠬᠡᠳᠦᠨ ᠤᠳᠠᠭ᠎ᠠ ᠰᠢᠷᠣᠢ ᠡᠮᠬᠦᠭᠦᠯᠵᠦ ᠣᠷᠬᠢᠭᠰᠠᠨ ᠶᠤᠮ᠃ ᠮᠠᠭᠤ ᠠᠳᠤᠭᠤᠰᠤ ᠶ᠋ᠢ ᠵᠦᠭᠡᠷ᠂ ᠡᠨᠡ ᠬᠡᠦᠬᠡᠨ ᠳ᠋ᠦ᠍ ᠰᠠᠷ᠎ᠠ ᠡᠯᠳᠡᠭᠦᠯᠦᠭᠡᠳ ᠢᠷᠡᠬᠦ ᠳ᠋ᠦ᠍ ᠯᠡ ᠲᠣᠯᠣᠭᠠᠢ ᠪᠠᠨ ᠳᠠᠭᠠᠭᠠᠬᠤ ᠦᠭᠡᠢ ᠪᠣᠯᠵᠤ ᠨᠢᠷᠤᠭᠤ ᠴᠢᠨᠢ ᠳᠠᠭᠠᠷᠢᠲᠤᠬᠤ ᠪᠣᠢ ᠭᠡᠵᠦ ᠪᠣᠳᠣᠵᠤ ᠵᠣᠭᠰᠣᠪᠠ᠃
ᠬᠥᠬᠡ ᠲᠣᠷᠭᠠᠨ ᠲᠡᠷᠯᠢᠭ ᠳᠡᠭᠡᠷ᠎ᠡ ᠬᠤᠯᠤ ᠰᠢᠷ᠎ᠠ ᠳᠤᠷᠳᠤᠩ ᠪᠦᠰᠡ ᠱᠠᠪ ᠬᠢᠲᠡᠯ᠎ᠡ ᠪᠦᠰᠡᠯᠡᠵᠦ ᠥᠨᠳᠥᠷ ᠲᠦᠷᠡᠢ ᠲᠡᠢ ᠬᠠᠷ᠎ᠠ ᠠᠷᠠᠰᠤᠨ ᠭᠤᠲᠤᠯ ᠡᠮᠦᠰᠦᠭᠡᠳ ᠤᠷᠤᠭ ᠴᠠᠭᠠᠨ ᠥᠩᠭᠡ ᠲᠡᠢ ᠤᠷᠤᠭᠰᠢᠯᠠᠯᠲᠠ ᠮᠠᠯᠠᠭᠠᠢ ᠵᠡᠭᠦᠭᠰᠡᠨ ᠰᠠᠢᠰᠢᠶᠠᠯᠳᠤ᠂ ᠥᠨᠳᠥᠷ ᠰᠠᠢᠬᠠᠨ ᠵᠣ ᠲᠠᠢ ᠬᠦᠷᠡᠩ ᠬᠠᠯᠵᠠᠨ ᠮᠣᠷᠢᠨ ᠤ᠋ ᠨᠢᠷᠤᠭᠤᠨ ᠳᠡᠭᠡᠷ᠎ᠡ ᠲᠠᠰᠢᠶᠠᠯᠳᠠᠨ ᠰᠠᠭᠤᠵᠤ᠂ ᠠᠭᠰᠤᠮᠨᠠᠨ ᠴᠣᠪᠬᠣᠴᠢᠬᠤ ᠮᠣᠷᠢᠨ ᠤ᠋ ᠪᠠᠨ ᠵᠢᠯᠣᠭᠣ ᠶ᠋ᠢ ᠲᠠᠲᠠᠰᠬᠢᠨ ᠭᠠᠪᠢᠷ᠎ᠠ ᠲᠠᠢ ᠵᠡᠷᠭᠡᠴᠡᠨ ᠵᠣᠭᠰᠣᠵᠤ᠂ ᠦᠳᠡᠨ ᠮᠣᠷᠳᠠᠭᠤᠯᠵᠤ ᠵᠣᠭᠰᠣᠭ᠎ᠠ ᠬᠥᠮᠦᠰ ᠲᠡᠭᠡᠨ ᠬᠠᠷᠢᠭᠤ ᠮᠡᠨᠳᠦᠴᠢᠯᠡᠭᠡᠳ᠂ ᠬᠣᠶᠠᠭᠤᠯᠠ ᠵᠤᠤᠵᠠᠢ ᠬᠣᠯᠪᠣᠨ ᠬᠡᠰᠡᠭ ᠴᠣᠭ ᠶᠠᠪᠤᠯ᠎ᠠ᠃
ᠬᠣᠶᠠᠭᠤᠯᠠ ᠨᠢᠭᠡ ᠨᠢ ᠤᠮᠠᠷᠠᠰᠢ᠂ ᠨᠢᠭᠡ ᠨᠢ ᠡᠮᠦᠨᠡᠰᠢ ᠶᠠᠪᠤᠬᠤ ᠪᠣᠯᠪᠠᠴᠤ ᠰᠠᠢᠰᠢᠶᠠᠯᠲᠤ ᠭᠠᠪᠢᠷ᠎ᠠ ᠶ᠋ᠢ ᠬᠡᠳᠦᠨ ᠭᠠᠵᠠᠷ ᠥᠩᠭᠡᠷᠡᠲᠡᠯ᠎ᠡ ᠬᠦᠷᠭᠡᠭᠡᠳ᠂
一 ᠴᠢᠨᠦ ᠮᠣᠷᠢ ᠨᠣᠮᠣᠬᠠᠨ ᠦᠭᠡᠢ ᠰᠢᠦ᠂ ᠬᠢᠴᠢᠶᠡᠵᠦ ᠶᠠᠪᠤᠭᠠᠷᠠᠢ ᠳᠠ᠂ ᠵᠠᠭᠤᠳᠠᠭ ᠨᠣᠬᠠᠢ ᠲᠠᠢ ᠬᠠᠷᠭᠤᠪᠠᠯ ᠪᠢᠲᠡᠭᠡᠢ ᠪᠠᠯᠠᠳᠠᠵᠤ ᠰᠠᠨᠳᠤᠷ! ᠭᠡᠬᠦ ᠵᠡᠷᠭᠡ ᠪᠡᠷ ᠵᠠᠬᠢᠵᠤ ᠰᠡᠳᠬᠢᠯ ᠬᠣᠷᠭᠣᠳᠠᠵᠤ ᠪᠠᠢᠯ᠎ᠠ᠃ ᠭᠠᠪᠢᠷ᠎ᠠ᠂ ᠬᠠᠴᠠᠷ ᠤ᠋ᠨ ᠢ᠋ᠶ᠋ᠠᠨ ᠬᠤᠨᠳᠠᠭ᠎ᠠ ᠶ᠋ᠢ ᠬᠣᠩᠬᠣᠢᠯᠭᠠᠨ ᠳᠠᠨᠠᠨ ᠴᠠᠭᠠᠨ ᠰᠢᠲᠦ ᠪᠡᠨ ᠢᠷᠠᠯᠵᠠᠭᠤᠯᠤᠨ᠂ ᠲᠣᠯᠣᠭᠠᠢ ᠳᠣᠬᠢᠨ ᠢᠨᠢᠶᠡᠭᠡᠳ᠂
— ᠰᠠᠨᠠᠭ᠎ᠠ ᠠᠮᠤᠷ ᠪᠠᠢ᠂ ᠪᠢ ᠯᠠᠪ ᠬᠢᠴᠢᠶᠡᠬᠦ ᠶᠦ᠍ᠮ᠃ ᠴᠢ ᠴᠦ᠍ ᠭᠡᠰᠡᠨ ᠥᠪᠡᠷ ᠢ᠋ᠶ᠋ᠡᠨ ᠬᠡᠷᠰᠡᠦᠯᠡᠬᠦ ᠬᠡᠷᠡᠭᠲᠡᠢ᠃ ᠠᠮᠤᠷ ᠮᠡᠨᠳᠦ ᠠᠮᠵᠢᠯᠲᠠ ᠳᠦᠭᠦᠷᠡᠩ ᠪᠤᠴᠠᠵᠤ ᠢᠷᠡᠬᠦ ᠶ᠋ᠢ ᠴᠢᠨᠢ ᠬᠦᠰᠡᠶ᠎ᠡ! ᠭᠡᠵᠦ ᠬᠠᠴᠠᠷ ᠳᠠᠭᠠᠨ ᠤᠯᠠᠪᠢᠷ ᠲᠤᠶᠠᠭ᠎ᠠ ᠲᠠᠲᠠᠭᠤᠯᠤᠨ ᠬᠡᠯᠡᠪᠡ᠃ ᠰᠠᠢᠰᠢᠶᠠᠯᠳᠤ ᠬᠠᠢᠷ᠎ᠠ ᠪᠢᠯᠬᠠᠭᠰᠠᠨ ᠵᠥᠭᠡᠯᠡᠨ ᠬᠠᠷ᠎ᠠ ᠨᠢᠳᠦ ᠪᠡᠷ ᠢ᠋ᠶ᠋ᠡᠨ ᠭᠠᠪᠢᠷ᠎ᠠ ᠶ᠋ᠢ ᠥᠬᠥᠭᠡᠷᠳᠡᠨ ᠰᠢᠷᠲᠡᠭᠡᠳ᠂
— ᠲᠡᠭᠡᠨ᠎ᠡ ᠠ᠋᠂ ᠠᠮᠵᠢᠯᠲᠠ ᠬᠦᠰᠡᠶ᠎ᠡ ᠭᠡᠳ ᠬᠣᠶᠠᠭᠤᠯᠠ ᠬᠣᠶᠠᠷ ᠳᠠᠰᠢ ᠰᠠᠯᠤᠯᠴᠠᠪᠠ᠃
ᠭᠠᠪᠢᠷ᠎ᠠ ᠲᠠᠯ᠎ᠠ ᠶ᠋ᠢᠨ ᠰᠢᠷ᠎ᠠ ᠵᠠᠮ ᠢ᠋ᠶ᠋ᠠᠷ ᠰᠢᠷᠦᠭᠦᠬᠡᠨ ᠭᠡᠭᠴᠢ ᠬᠠᠲᠠᠷᠢᠭᠤᠯᠤᠯ᠎ᠠ᠃ ᠲᠤᠨᠤᠷᠠᠭᠰᠠᠨ ᠰᠠᠢᠬᠠᠨ ᠰᠢᠷᠭᠠᠯ ᠨᠠᠷᠠᠨ ᠤ᠋ ᠲᠤᠶᠠᠭᠠᠨ ᠳ᠋ᠤ᠌᠂ ᠨᠡᠯᠦᠢᠨ ᠬᠠᠷᠠᠭᠳᠠᠬᠤ ᠬᠥᠬᠡᠮᠳᠦᠭ ᠤᠨᠢᠶᠠᠷ ᠲᠠᠲᠠᠭᠰᠠᠨ ᠭᠣᠶᠣᠬᠠᠨ ᠬᠠᠨ ᠠᠭᠤᠯᠠ ᠶ᠋ᠢᠨ ᠡᠩᠭᠡᠷ ᠬᠣᠷᠮᠣᠢ ᠪᠠᠷ ᠥᠳᠬᠡᠨ ᠰᠠᠬᠤᠯᠢᠭ ᠡᠪᠡᠰᠦ ᠪᠡᠯᠴᠢᠭᠡᠷ ᠬᠠᠯᠢᠭᠤᠷᠠᠨ᠂ ᠲᠠᠪᠤᠨ ᠬᠣᠰᠢᠭᠤ ᠮᠠᠯ ᠰᠦᠷᠦᠭ ᠲᠠᠭᠠᠲᠠᠢᠬᠠᠨ ᠢᠳᠡᠰᠢᠯᠡᠵᠦ ᠬᠠᠷᠠᠭᠳᠠᠨ᠎ᠠ᠃ ᠲᠣᠪ ᠲᠤᠩᠭᠠᠯᠠᠭ ᠬᠥᠬᠡ ᠣᠭᠲᠠᠷᠭᠤᠢ ᠰᠡᠮᠡᠵᠡᠨ ᠴᠠᠭᠠᠨ ᠡᠭᠦᠯᠡᠰ᠂ ᠰᠡᠩᠭᠢᠨᠡᠮ᠎ᠡ ᠰᠠᠢᠬᠠᠨ ᠦᠨᠦᠷ ᠲᠡᠢ ᠵᠥᠭᠡᠯᠡᠨ ᠰᠡᠪᠢᠯᠵᠡᠭᠦᠷ ᠰᠠᠯᠬᠢᠨ ᠤ᠋ ᠬᠠᠮᠲᠤ ᠨᠠᠮᠤᠷ ᠴᠠᠭ ᠤ᠋ᠨ ᠲᠣᠷᠭᠠᠨ ᠰᠢᠷᠭᠠᠯ ᠦᠵᠡᠮᠵᠢ ᠶ᠋ᠢ ᠨᠡᠩ ᠲᠣᠳᠣᠷᠠᠭᠤᠯᠤᠨ ᠤᠶᠠᠷᠠᠯ ᠮᠥᠷᠥᠭᠡᠳᠦᠯ ᠬᠠᠯᠭᠢᠭᠤᠯᠤᠮᠠ᠃ ᠠᠯᠳᠠᠷᠲᠤ ᠵᠢᠷᠤᠭᠴᠢᠨ ᠤ᠋ ᠤᠷᠠᠨ ᠰᠠᠨᠠᠭᠠᠨᠠ᠋ᠴᠠ ᠤᠨᠳᠤᠷᠤᠨ ᠭᠠᠷᠤᠭᠰᠠᠨ ᠲᠣᠰᠣᠨ ᠪᠣᠳᠣᠭ ᠤ᠋ᠨ ᠵᠢᠷᠤᠭ ᠰᠢᠭ᠋ ᠨᠡᠭᠡᠷᠡᠨ ᠰᠠᠢᠬᠠᠨ ᠨᠤᠲᠤᠭ ᠶᠤᠮ ᠠ᠋ ᠭᠡᠵᠦ ᠭᠠᠪᠢᠷ᠎ᠠ ᠪᠣᠳᠣᠵᠤ ᠶᠠᠪᠤᠨ᠎ᠠ᠃ ᠡᠨᠡ ᠨᠤᠲᠤᠭ ᠲᠤ᠌ ᠡᠷᠲᠡᠨ ᠡᠴᠡ ᠪᠡᠨ ᠠᠪᠤᠭᠠᠳ ᠰᠤᠤᠲᠤ ᠡᠷᠳᠡᠮᠲᠡᠨ᠂ ᠰᠣᠳᠣᠨ ᠪᠥᠬᠡᠴᠦᠦᠯ᠂ ᠰᠢᠯᠦᠭᠴᠢ ᠵᠣᠬᠢᠶᠠᠯᠴᠢ᠂ ᠠᠪᠤᠷᠭᠤ ᠮᠠᠯᠴᠢᠨ᠂ ᠠᠯᠳᠠᠷᠲᠤ ᠳᠠᠭᠤᠴᠢᠨ ᠮᠡᠨᠳᠦᠯᠡᠳᠡᠭ ᠳᠠᠷᠬᠠᠨ ᠲᠠᠭᠰᠢᠨ ᠨᠤᠲᠤᠭ᠃ ᠡᠨᠡ ᠨᠤᠲᠤᠭ ᠲᠤ᠌ ᠰᠣᠶᠣᠯ ᠪᠣᠯᠪᠠᠰᠤᠨ ᠤᠷᠢᠳᠤ ᠡᠮᠦᠨ᠎ᠡ ᠭᠠᠷᠤᠭ᠎ᠠ ᠦᠭᠡᠢ ᠴᠣ ᠰᠢᠨ᠎ᠡ ᠪᠡᠷ ᠬᠥᠭᠵᠢᠨ ᠴᠡᠴᠡᠭᠯᠡᠬᠦ ᠨᠢ ᠯᠠᠪᠲᠠᠢ ᠭᠡᠵᠦ ᠭᠠᠪᠢᠷ᠎ᠠ ᠢᠷᠡᠭᠡᠳᠦᠢ ᠳ᠋ᠡᠭᠡᠨ ᠢᠲᠡᠭᠡᠯ ᠳᠦᠭᠦᠷᠡᠩ ᠶᠠᠪᠤᠨ᠎ᠠ᠃
ᠰᠢᠨ᠎ᠡ ᠴᠠᠭ ᠤ᠋ᠨ ᠰᠡᠪᠡᠭᠦᠨ ᠠᠮᠢᠰᠬᠤᠯ ᠢ᠋ᠶ᠋ᠠᠷ ᠳᠠᠯᠠᠭᠠᠳ ᠣᠨᠠ᠋ᠴᠠ ᠨᠠᠶᠠᠭᠠᠳ ᠣᠨ ᠣᠷᠣᠬᠤ ᠲᠡᠷᠡ ᠨᠢᠭᠡᠨ ᠲᠡᠦᠬᠡ ᠶ᠋ᠢᠨ ᠰᠢᠨ᠎ᠡ ᠦᠶ᠎ᠡ ᠶ᠋ᠢᠨ ᠲᠣᠷᠭᠠᠨ ᠬᠥᠰᠢᠭᠡ ᠶ᠋ᠢ ᠰᠡᠬᠦᠬᠦ ᠭᠡᠵᠦ ᠪᠠᠢᠭᠰᠠᠨ ᠴᠠᠭ ᠲᠤ᠌ ᠰᠤᠷᠭᠠᠨ ᠬᠥᠮᠦᠵᠢᠯ ᠦ᠋ᠨ ᠹᠷᠣᠨᠲ ᠭᠠᠷᠤᠭᠰᠠᠨ ᠬᠠᠮᠤᠭ ᠤ᠋ᠨ ᠦᠨᠳᠦᠰᠦᠨ ᠱᠠᠲᠤᠨ ᠳ᠋ᠤ᠌ ᠠᠵᠢᠯᠯᠠᠵᠤ ᠶᠠᠪᠤᠭᠰᠠᠨ ᠨᠢᠭᠡ ᠪᠦᠯᠦᠭ ᠳᠡᠭᠡᠳᠦ᠂ ᠳᠤᠮᠳᠠᠳᠤ ᠳᠡᠰ ᠦ᠋ᠨ ᠰᠡᠬᠡᠭᠡᠲᠡᠨ ᠣᠶᠤᠲᠠᠳ ᠤ᠋ᠨ ᠲᠥᠯᠥᠭᠡᠯᠡᠭᠴᠢ ᠳᠦᠷᠢ ᠪᠣᠯᠬᠤ ᠰᠠᠢᠰᠢᠶᠠᠯᠳᠤ ᠭᠠᠪᠢᠷ᠎ᠠ ᠬᠣᠶᠠᠷ ᠪᠣᠯᠤᠨ ᠲᠡᠳᠡᠨ ᠦ᠌ ᠨᠢᠭᠡᠨ ᠦᠶ᠎ᠡ ᠶ᠋ᠢᠨ ᠬᠥᠮᠦᠰ ᠦᠨᠡᠬᠡᠷ ᠠᠮᠢ ᠨᠠᠰᠤ ᠠᠯᠢ ᠪᠠᠢᠭᠰᠠᠨ ᠪᠦᠬᠦᠨ ᠢ᠋ᠶ᠋ᠡᠨ ᠦᠨᠳᠦᠰᠦᠲᠡᠨ ᠦ᠌ ᠪᠡᠨ ᠰᠤᠷᠭᠠᠨ ᠬᠥᠮᠦᠵᠢᠯ ᠦ᠋ᠨ ᠦᠢᠯᠡᠰ ᠲᠦ᠍ ᠬᠠᠷᠠᠮ ᠦᠭᠡᠢ ᠡᠷᠭᠦᠭᠰᠡᠨ ᠬᠥᠮᠦᠰ ᠪᠣᠯᠬᠤ ᠶ᠋ᠢ ᠲᠡᠦᠬᠡ ᠮᠠᠷᠲᠠᠬᠤ ᠶᠣᠰᠣ ᠦᠭᠡᠢ ᠪᠢᠯᠡ᠃
ᠭᠠᠪᠢᠷ᠎ᠠ ᠤᠳᠠᠭᠰᠠᠨ ᠴᠤ᠌ ᠦᠭᠡᠢ ᠪᠠᠶᠠᠩᠬᠣᠩᠭᠣᠷ ᠭᠠᠴᠠᠭᠠᠨ ᠤ᠋ ᠠᠯᠪᠠᠨ ᠭᠡᠷ ᠲᠦ᠍ ᠬᠦᠷᠴᠦ ᠢᠷᠡᠪᠡ᠃ ᠪᠦᠬᠦ ᠶᠠᠭᠤᠮ᠎ᠠ ᠳᠠᠳᠤᠯᠭ᠎ᠠ ᠬᠢᠬᠦ ᠦᠶ᠎ᠡ ᠶ᠋ᠢᠨ ᠬᠢ ᠲᠡᠢ ᠪᠡᠨ ᠠᠳᠠᠯᠢ ᠪᠠᠢᠯ᠎ᠠ
— ᠬᠣᠶᠠᠷ ᠵᠠᠩ ᠰᠢᠪᠡᠷ ᠪᠠᠢᠰᠢᠩ᠂ ᠬᠣᠶᠠᠷ ᠮᠣᠩᠭᠣᠯ ᠭᠡᠷ᠂ ᠬᠣᠶᠠᠷ ᠪᠠᠭᠰᠢ᠂ ᠨᠢᠭᠡ ᠲᠣᠭᠣᠭᠠᠴᠢ ᠡᠪᠦᠭᠡᠨ᠂ ᠳᠦᠩᠭᠡᠷ ᠭᠡᠳᠡᠭ ᠯᠠᠮᠠ ᠭᠠᠷᠤᠯ ᠲᠠᠢ ᠨᠢᠷᠪᠠ᠂ ᠲᠠᠪᠢ ᠭᠠᠷᠤᠢ ᠰᠤᠷᠤᠭᠴᠢ ᠪᠠᠷ ᠪᠦᠷᠢᠯᠳᠦᠵᠡᠢ᠃ ᠨᠢᠭᠡ ᠡᠴᠡ ᠲᠠᠪᠤᠨ ᠣᠨ ᠳ᠋ᠤ᠌ ᠬᠣᠶᠠᠷᠬᠠᠨ ᠪᠠᠭᠰᠢ ᠡᠭᠡᠯᠵᠢᠯᠡᠨ ᠬᠢᠴᠢᠶᠡᠯ ᠣᠷᠣᠳᠠᠭ᠃ ᠨᠢᠭᠡ ᠡᠴᠡ ᠭᠤᠷᠪᠠᠨ ᠣᠨ ᠤ᠋ ᠰᠤᠷᠤᠭᠴᠢᠳ ᠮᠣᠩᠭᠣᠯ ᠭᠡᠷ ᠲᠦ᠍ ᠲᠣᠭᠣᠷᠢᠨ ᠰᠠᠭᠤᠵᠤ᠂ ᠨᠢᠭᠤᠷ ᠤ᠋ᠨ ᠲᠦᠮᠫᠡᠨ ᠢ᠋ᠶ᠋ᠡᠨ ᠬᠥᠮᠥᠷᠢᠵᠦ ᠲᠠᠯᠪᠢᠭᠠᠳ ᠨᠣᠮ ᠢ᠋ᠶ᠋ᠠᠨ ᠪᠢᠴᠢᠳᠡᠭ ᠰᠠᠨ᠃ ᠲᠠᠪᠤᠨ ᠣᠨ ᠤ᠋ ᠰᠤᠷᠤᠭᠴᠢᠳ ᠨᠢ ᠪᠠᠢᠰᠢᠩ ᠳ᠋ᠤ᠌ ᠬᠡᠳᠦᠨ ᠮᠥᠷ ᠬᠠᠭᠤᠴᠢᠷᠠᠵᠤ ᠡᠯᠡᠭᠳᠡᠭᠰᠡᠨ ᠮᠣᠳᠣᠨ ᠰᠠᠨᠳᠠᠯᠢ ᠳ᠋ᠤ᠌ ᠰᠢᠬᠠᠯᠳᠤᠨ ᠰᠠᠭᠤᠵᠤ ᠬᠢᠴᠢᠶᠡᠯᠯᠡᠳᠡᠭ᠃ ᠡᠯᠪᠡᠭ᠂ ᠰᠣᠳᠣ ᠬᠣᠶᠠᠷ ᠪᠠᠭᠰᠢ ᠪᠣᠯ ᠥᠨᠳᠥᠷ ᠳᠤᠮᠳᠠᠳᠤ ᠲᠡᠭᠦᠰᠦᠭᠰᠡᠨ ᠰᠣᠶᠣᠯ ᠤ᠋ᠨ ᠬᠡᠮᠵᠢᠶ᠎ᠡ ᠲᠡᠢ ᠪᠠᠭᠰᠢ ᠨᠠᠷ ᠪᠠᠢᠭᠰᠠᠨ ᠪᠢᠯᠡ᠃ ᠭᠠᠪᠢᠷ᠎ᠠ ᠮᠣᠳᠣᠨ ᠱᠣᠩ ᠳ᠋ᠤ᠌ ᠮᠣᠷᠢ ᠪᠠᠨ ᠤᠶᠠᠵᠤ ᠪᠠᠢᠲᠠᠯ᠎ᠠ ᠱᠦᠭᠯᠦ ᠳᠤᠤᠭᠠᠷᠴᠤ ᠰᠤᠷᠤᠭᠴᠢᠳ ᠭᠦᠶᠦᠯᠴᠡᠨ ᠭᠠᠷᠴᠤ ᠢᠷᠡᠭᠡᠳ ᠭᠠᠪᠢᠷ᠎ᠠ ᠶ᠋ᠢ ᠬᠠᠷᠠᠮᠠᠭᠴᠠ
— ᠬᠥᠶᠢ᠂ ᠲᠠᠨᠠᠷ ᠬᠠᠷ᠎ᠠ ᠠ᠋᠂ ᠭᠠ ᠪᠠᠭᠰᠢ ᠬᠦᠷᠦᠭᠡᠳ ᠢᠷᠴᠢᠬᠡᠵᠡᠢ ᠭᠡᠵᠦ ᠪᠠᠶᠠᠷᠯᠠᠯᠳᠤᠨ ᠬᠠᠰᠬᠢᠷᠴᠤ ᠪᠡᠶ᠎ᠡ ᠪᠡᠶ᠎ᠡ ᠳ᠋ᠡᠭᠡᠨ ᠮᠡᠳᠡᠭᠳᠡᠨ᠂
— ᠭᠠ ᠪᠠᠭᠰᠢ ᠢᠷᠡᠨ᠎ᠡ ᠭᠡᠰᠡᠨ᠂ ᠦᠨᠡᠬᠡᠷ ᠬᠦᠷᠦᠭᠡᠳ ᠢᠷᠡᠯ᠎ᠡ᠃ ᠣᠳᠣ ᠴᠤ᠌ ᠰᠠᠢᠨ ᠪᠣᠯᠤᠭᠰᠠᠨ ᠠ᠋ ᠭᠡᠳ ᠭᠠᠪᠢᠷ᠎ᠠ ᠶ᠋ᠢᠨ ᠭᠠᠷ ᠬᠥᠯ ᠡᠴᠡ ᠵᠠᠭᠤᠷᠠᠯᠳᠤᠨ ᠪᠥᠭᠡᠮ ᠪᠠᠶᠠᠷ ᠪᠤᠯᠵᠠᠭᠠᠪᠠ᠃ ᠡᠨᠡ ᠦᠶ᠎ᠡ ᠳ᠋ᠦ᠍ ᠡᠯᠪᠡᠭ᠂ ᠰᠣᠳᠣ ᠬᠣᠶᠠᠷ ᠪᠠᠭᠰᠢ ᠴᠤ᠌ ᠭᠠᠷᠴᠤ ᠢᠷᠡᠭᠡᠳ
— ᠬᠥᠱ᠌ᠢ᠂ ᠬᠥᠶᠢ! ᠨᠡᠭᠡᠷᠡᠨ ᠭᠠ ᠪᠠᠭᠰᠢ ᠨᠢ ᠪᠠᠢᠨ᠎ᠠ ᠰᠢᠲᠠ᠃ ᠪᠠᠶᠠᠷᠯᠠᠨ ᠤᠭᠲᠤᠶ᠎ᠠ! ᠬᠡᠳᠦᠭᠦᠯᠡ ᠪᠡᠨ ᠢᠷᠡᠴᠢᠬᠡᠪᠡ? ᠭᠡᠵᠦ ᠰᠡᠳᠬᠢᠯ ᠡᠴᠡ ᠪᠡᠨ ᠪᠠᠶᠠᠷᠯᠠᠨ ᠭᠠᠷ ᠠᠳᠬᠤᠨ᠎ᠠ᠃
ᠨᠢᠷᠪᠠ ᠲᠣᠭᠣᠭᠠᠴᠢ ᠬᠣᠶᠠᠷ ᠥᠳᠬᠡᠨ ᠤᠯᠠᠭᠠᠨ ᠴᠠᠢ ᠴᠢᠨᠠᠵᠤ᠂ ᠲᠣᠮᠣ ᠬᠣᠨᠢᠨ ᠲᠣᠭᠣᠭᠠᠨ ᠳ᠋ᠤ᠌ ᠬᠣᠨᠢ ᠦᠬᠡᠷ ᠦ᠋ᠨ ᠲᠠᠷᠭᠤᠨ ᠮᠢᠬ᠎ᠠ ᠣᠢᠵᠤ ᠬᠥᠯ ᠬᠥᠩᠭᠡᠷᠡᠨ ᠶᠠᠭᠠᠷᠠᠵᠤ ᠭᠠᠷᠤᠯ᠎ᠠ᠃ ᠰᠢᠷᠡᠭᠡ ᠳᠦᠭᠦᠷᠡᠩ ᠥᠷᠥᠮ᠎ᠡ ᠲᠣᠰᠣ᠂ ᠬᠤᠷᠤᠳ ᠴᠠᠭᠠᠨ ᠢᠳᠡᠭᠡ᠂ ᠬᠠᠭᠤᠷᠤᠭᠰᠠᠨ ᠠᠮᠤ ᠥᠷᠥᠭᠳᠡᠵᠦ᠂ ᠵᠥᠭᠡᠬᠡᠢ ᠰᠠᠮᠤᠷᠤᠭᠰᠠᠨ ᠥᠳᠬᠡᠨ ᠤᠯᠠᠭᠠᠨ ᠴᠠᠢ ᠠᠶᠠᠭᠠᠯᠠᠪᠠ᠃ ᠡᠯᠪᠡᠭ᠂ ᠰᠣᠳᠣ ᠬᠣᠶᠠᠷ ᠪᠠᠭᠰᠢ᠄
— ᠬᠡᠦᠬᠡᠳ ᠦ᠋ᠳ ᠴᠢᠮ᠎ᠠ ᠶ᠋ᠢ ᠢᠷᠡᠯ᠎ᠡ ᠭᠡᠳ ᠬᠥᠭᠰᠡᠵᠦ ᠪᠠᠶᠠᠷᠯᠠᠭᠠᠳ ᠪᠦᠷ ᠬᠢᠴᠢᠶᠡᠯ ᠣᠷᠣᠬᠤ ᠰᠡᠳᠬᠢᠯ ᠦᠭᠡᠢ ᠪᠣᠯᠴᠢᠬᠠᠯ᠎ᠠ᠃ ᠨᠢᠭᠡ ᠴᠠᠭ ᠭᠠᠳᠠᠨ᠎ᠠ ᠨᠠᠭᠠᠳᠤᠭᠤᠯᠴᠢᠬᠠᠶᠠ ᠭᠡᠳ ᠰᠤᠷᠤᠭᠴᠢ ᠪᠠᠨ ᠲᠠᠷᠬᠠᠭᠠᠵᠤ᠂ ᠬᠣᠶᠠᠭᠤᠯᠠ ᠭᠠᠪᠢᠷ᠎ᠠ ᠲᠠᠢ ᠴᠠᠢ ᠤᠤᠭᠤᠵᠤ ᠵᠣᠭᠣᠭ ᠳᠡᠯᠭᠡᠨ᠎ᠡ᠃ ᠰᠣᠳᠣ ᠪᠠᠭᠰᠢ᠄
— ᠭᠠ ᠪᠠᠭᠰᠢ ᠲᠡᠭᠡᠭᠡᠳ ᠮᠠᠨ ᠤ᠋ ᠭᠠᠴᠠᠭᠠᠨ ᠤ᠋ ᠰᠤᠷᠭᠠᠭᠤᠯᠢ ᠳ᠋ᠤ᠌ ᠢᠷᠡᠭᠰᠡᠨ ᠪᠢᠵᠡ ᠳᠡ? ᠭᠡᠪᠡᠯ ᠭᠠᠪᠢᠷ᠎ᠠ᠄
— ᠪᠢ ᠠᠩᠭᠢ ᠶ᠋ᠢᠨ ᠢ᠋ᠶ᠋ᠡᠨ ᠨᠢᠭᠡ ᠬᠠᠮᠲᠤ ᠰᠤᠷᠤᠯᠭᠠᠲᠠᠨ ᠲᠠᠢ ᠰᠤᠮᠤᠨ ᠳ᠋ᠤ᠌ ᠠᠵᠢᠯ ᠤ᠋ᠨ ᠬᠤᠪᠢᠶᠠᠷᠢ ᠠᠪᠴᠤ ᠢᠷᠡᠭᠰᠡᠨ᠃ ᠰᠤᠮᠤᠨ ᠳ᠋ᠤ᠌ ᠰᠤᠷᠭᠠᠭᠤᠯᠢ ᠪᠠᠢᠭᠤᠯᠤᠭᠳᠠᠨ᠎ᠠ᠃ ᠠᠯᠤᠰ ᠲᠠᠭᠠᠨ ᠭᠠᠴᠠᠭᠠᠨ ᠤ᠋ ᠰᠤᠷᠭᠠᠭᠤᠯᠢ ᠶ᠋ᠢ ᠰᠤᠮᠤᠨ ᠳ᠋ᠤ᠌ ᠲᠥᠪᠯᠡᠷᠡᠭᠦᠯᠦᠨ ᠡᠷᠬᠢᠯᠡᠬᠦ ᠭᠡᠵᠦ ᠪᠣᠢ᠃ ᠡᠨᠡ ᠤᠳᠠᠭ᠎ᠠ ᠪᠢ ᠲᠠᠨ ᠤ᠋ ᠭᠠᠴᠠᠭᠠᠨ ᠳ᠋ᠤ᠌ ᠪᠠᠭᠤᠵᠤ ᠰᠤᠷᠤᠭᠴᠢ ᠡᠯᠰᠡᠬᠦ ᠭᠡᠵᠦ ᠢᠷᠡᠯ᠎ᠡ ᠭᠡᠪᠡ᠃ ᠡᠯᠪᠡᠭ ᠪᠠᠭᠰᠢ᠄
— ᠦ᠂ ᠰᠠᠢᠨ ᠤᠴᠢᠷ ᠪᠠᠢᠨ᠎ᠠ᠃ ᠠᠷᠠᠳᠠ᠋ᠴᠠ ᠡᠷᠬᠢᠯᠡᠭᠰᠡᠨ ᠪᠠᠭ᠎ᠠ ᠰᠤᠷᠭᠠᠭᠤᠯᠢ ᠶ᠋ᠢᠨ ᠨᠥᠬᠥᠴᠡᠯ ᠳᠠᠩᠴᠤ ᠪᠠᠷᠤᠭᠲᠠᠢ᠃ ᠪᠠᠭᠰᠢ ᠶ᠋ᠢᠨ ᠴᠢᠨᠠᠷ ᠴᠢᠨᠰᠠᠭ᠎ᠠ ᠴᠤ᠌ ᠭᠣᠷᠢ ᠦᠭᠡᠢ᠃ ᠳᠥᠩᠭᠡᠵᠦ ᠦᠰᠦᠭ ᠨᠢᠳᠦᠯᠡᠳᠡᠭ ᠬᠥᠮᠦᠰ ᠢ᠋ᠶ᠋ᠡᠷ ᠪᠠᠭᠰᠢᠯᠠᠭᠤᠯᠵᠤ ᠪᠠᠢᠨ᠎ᠠ᠃ ᠲᠡᠭᠡᠬᠦᠯᠡᠷ ᠬᠡᠦᠬᠡᠳ ᠦ᠋ᠳ ᠶᠠᠮᠠᠷ ᠯᠠ ᠣᠯᠢᠭᠲᠠᠢ ᠮᠡᠳᠡᠯᠭᠡ ᠣᠯᠵᠤ ᠬᠦᠷᠲᠡᠬᠦ ᠪᠣᠢ ᠳᠠ ᠭᠡᠪᠡ᠃ ᠰᠣᠳᠣ ᠪᠠᠭᠰᠢ ᠦᠭᠡ ᠶ᠋ᠢ ᠨᠢ ᠵᠠᠯᠭᠠᠵᠤ
— ᠲᠡᠢᠮᠦ ᠰᠢᠦ᠂ ᠮᠠᠨ ᠤ᠋ ᠭᠠᠴᠠᠭ᠎ᠠ ᠪᠣᠯ ᠬᠥᠮᠦᠨ ᠠᠮᠠ ᠪᠠᠷ ᠬᠠᠮᠤᠭ ᠣᠯᠠᠨ᠃ ᠭᠡᠪᠡᠴᠦ ᠰᠤᠷᠭᠠᠭᠤᠯᠢ ᠳ᠋ᠤ᠌ ᠰᠠᠭᠤᠵᠤ ᠪᠠᠢᠭ᠎ᠠ ᠬᠡᠦᠬᠡᠳ ᠰᠠᠶᠢ ᠲᠠᠪᠢ ᠭᠠᠷᠤᠢᠬᠠᠨ᠃ ᠲᠡᠭᠡᠭᠡᠳ ᠴᠦ᠍ ᠴᠠᠭ ᠤ᠋ᠨ ᠪᠠᠢᠳᠠᠯ ᠨᠢ ᠮᠠᠯᠴᠢᠳ ᠲᠤ᠌ ᠲᠤᠩ ᠶᠡᠬᠡ ᠳᠠᠷᠤᠯᠲᠠ ᠥᠭᠴᠦ᠂ ᠲᠡᠳᠡᠨ ᠦ᠌ ᠪᠣᠳᠣᠯ ᠳ᠋ᠤ᠌ ᠰᠣᠶᠣᠯ ᠪᠢᠴᠢᠭ ᠲᠡᠢ ᠬᠥᠮᠦᠨ ᠪᠣᠯᠤᠨ ᠪᠠᠶᠠᠨ ᠲᠠᠷᠭᠤᠨ ᠬᠥᠮᠦᠰ ᠨᠢ ᠰᠠᠢᠨ ᠢ᠋ᠶ᠋ᠠᠨ ᠦᠵᠡᠬᠦ ᠦᠭᠡᠢ ᠭᠡᠰᠡᠨ ᠣᠢᠯᠠᠭᠠᠯᠲᠠ ᠲᠠᠢ ᠪᠣᠯᠵᠠᠢ᠃ ᠰᠤᠷᠬᠤ ᠨᠠᠰᠤᠨ ᠤ᠋ ᠬᠡᠦᠬᠡᠳ ᠦ᠋ᠳ ᠢ᠋ ᠰᠤᠷᠭᠠᠭᠤᠯᠢ ᠳ᠋ᠤ᠌ ᠰᠠᠭᠤᠯᠭᠠᠬᠤ ᠦᠭᠡᠢ ᠦᠵᠡᠭᠳᠡᠯ ᠨᠡᠢᠳᠡᠮ ᠦ᠋ᠨ ᠴᠢᠨᠠᠷ ᠲᠠᠢ ᠣᠷᠣᠰᠢᠵᠤ ᠪᠠᠢᠨ᠎ᠠ᠃ ᠡᠨᠡ ᠪᠣᠯ ᠨᠢᠭᠡᠨ ᠲᠦᠪᠡᠭᠲᠡᠢ ᠠᠰᠠᠭᠤᠳᠠᠯ ᠪᠣᠯᠤᠭᠠᠳ ᠪᠠᠢᠭ᠎ᠠ᠃ ᠴᠢᠨᠦ ᠠᠵᠢᠯ ᠳ᠋ᠤ᠌ ᠣᠯᠠᠨ ᠬᠦᠴᠢᠷ ᠲᠡᠢ ᠤᠴᠢᠷ ᠲᠣᠬᠢᠶᠠᠯᠳᠤᠨ᠎ᠠ ᠪᠠᠢᠬ᠎ᠠ ᠭᠡᠪᠡ᠃ ᠭᠠᠪᠢᠷ᠎ᠠ᠄ ᠲᠡᠷᠡ ᠴᠦ᠍ ᠲᠡᠢᠮᠦ ᠠ᠋᠃ ᠪᠢ ᠣᠳᠣ ᠪᠠᠷ ᠢ᠋ᠶ᠋ᠠᠨ ᠭᠠᠴᠠᠭᠠᠨ ᠤ᠋ ᠤᠳᠤᠷᠢᠳᠤᠯᠭ᠎ᠠ ᠲᠠᠢ ᠤᠴᠠᠷᠠᠵᠤ᠂ ᠮᠠᠷᠭᠠᠰᠢ ᠡᠨᠳᠡ ᠭᠡᠰᠢᠭᠦᠳ ᠦ᠋ᠨ ᠬᠤᠷᠠᠯ ᠬᠢᠬᠦ ᠰᠠᠨᠠᠭᠠᠲᠠᠢ ᠭᠡᠰᠡᠨ ᠳ᠋ᠦ᠍ ᠡᠯᠪᠡᠭ ᠪᠠᠭᠰᠢ᠄
— ᠭᠠᠴᠠᠭᠠᠨ ᠤ᠋ ᠳᠠᠷᠤᠭ᠎ᠠ ᠨᠠᠷ ᠤ᠋ᠨ ᠭᠡᠷ ᠨᠡᠯᠢᠶᠡᠳ ᠬᠣᠯᠠ᠂ ᠯᠤᠪᠰᠠᠩ ᠱᠦᠵᠢ ᠶ᠋ᠢᠨ ᠬᠢ ᠠᠭᠤᠯᠠᠨ ᠤ᠋ ᠠᠷᠤ ᠳ᠋ᠤ᠌᠂ ᠣᠮᠣᠤ ᠳᠠᠷᠤᠭ᠎ᠠ ᠶ᠋ᠢᠨ ᠬᠢ ᠤ᠋ ᠵᠡᠭᠦᠨ ᠳᠡᠭᠡᠷ᠎ᠡ᠂ ᠷᠤᠯᠮ᠎ᠠ ᠳᠡᠳ᠋ ᠱᠦᠵᠢ ᠡᠮᠡᠭᠲᠡᠢᠴᠦᠳ ᠦ᠋ᠨ ᠡᠷᠬᠢᠯᠡᠭᠴᠢ ᠶ᠋ᠢᠨ ᠠᠵᠢᠯ ᠢ᠋ ᠴᠦ᠍ ᠬᠢᠳᠡᠭ᠃ ᠲᠡᠳᠡᠨ ᠦ᠌ ᠭᠡᠷ ᠬᠥᠨᠳᠡᠯᠡᠨ ᠦ᠌ ᠬᠣᠢᠲᠤ ᠳᠡᠭᠡᠷ᠎ᠡ ᠪᠣᠢ᠃ ᠬᠠᠮᠤᠭ ᠣᠢᠷ᠎ᠠ ᠪᠠᠢᠭ᠎ᠠ ᠨᠢ ᠲᠡᠳᠡᠨ ᠦ᠌ ᠬᠢ ᠪᠣᠯᠤᠨ᠎ᠠ ᠭᠡᠪᠡ᠃ ᠭᠠᠪᠢᠷ᠎ᠠ᠄
— ᠪᠢ ᠡᠨᠳᠡ ᠳᠠᠳᠤᠯᠭ᠎ᠠ ᠬᠢᠵᠦ ᠪᠠᠢᠬᠤ ᠳ᠋ᠠᠭᠠᠨ ᠭᠠᠴᠠᠭᠠᠨ ᠤ᠋ ᠳᠠᠷᠤᠭ᠎ᠠ ᠨᠠᠷ ᠲᠠᠢ ᠰᠠᠢᠬᠠᠨ ᠲᠠᠨᠢᠯᠴᠠᠭᠰᠠᠨ ᠶᠤᠮ᠃ ᠣᠮᠣᠣ ᠳᠠᠷᠤᠭ᠎ᠠ ᠶ᠋ᠢᠨ ᠥᠬᠢᠨ ᠪᠣᠷᠣᠯᠳᠠᠢ᠂ ᠨᠠᠮᠳᠠᠭ ᠭᠤᠸᠠᠢ ᠶ᠋ᠢᠨ ᠥᠬᠢᠨ ᠭᠡᠷᠡᠯᠲᠦ ᠲᠡᠢ ᠶᠡᠬᠡ ᠢᠵᠢᠯᠢᠳᠦᠨ ᠳᠠᠰᠤᠯᠴᠠᠭᠰᠠᠨ ᠶᠤᠮ᠃ ᠶᠠᠭᠠᠬᠢᠪᠠᠴᠤ ᠣᠭᠲᠣ ᠲᠠᠨᠢᠬᠤ ᠦᠭᠡᠢ ᠬᠥᠮᠦᠨ᠂ ᠮᠡᠳᠡᠬᠦ ᠦᠭᠡᠢ ᠭᠠᠵᠠᠷ ᠲᠤ᠌ ᠣᠴᠢᠬᠤ ᠲᠠᠢ ᠠᠳᠠᠯᠢ ᠦᠭᠡᠢ ᠪᠠᠢᠬ᠎ᠠ ᠭᠡᠪᠡ᠃
ᠭᠠᠪᠢᠷ᠎ᠠ᠂ ᠭᠠᠴᠠᠭᠠᠨ ᠤ᠋ ᠬᠣᠶᠠᠷ ᠪᠠᠭᠰᠢ ᠲᠠᠢ ᠴᠡᠢᠯᠡᠵᠦ᠂ ᠲᠠᠷᠭᠤᠨ ᠮᠢᠬ᠎ᠠ ᠱᠥᠯᠥ ᠲᠡᠢ ᠬᠣᠭᠣᠯᠠ ᠢᠳᠡᠵᠦ ᠭᠡᠳᠡᠰᠦ ᠭᠠᠷᠤᠭᠠᠳ ᠵᠤᠯᠠᠷᠠᠳᠠᠭ ᠬᠦᠷᠡᠩ ᠮᠣᠷᠢ ᠪᠠᠨ ᠡᠷᠭᠢᠴᠡᠭᠦᠯᠦᠨ ᠪᠠᠢᠵᠤ ᠮᠣᠷᠳᠠᠭᠠᠳ ᠶᠠᠪᠤᠬᠤ ᠳ᠋ᠤᠨᠢ ᠡᠨᠡᠬᠦ ᠬᠣᠯᠠ ᠨᠤᠲᠤᠭ ᠤ᠋ᠨ ᠣᠮᠣᠭᠯᠠᠭᠤᠨ ᠴᠠᠭᠠᠪᠤᠷ ᠥᠬᠢᠨ ᠢ᠋ ᠪᠢᠰᠢᠷᠡᠵᠦ ᠰᠠᠨᠠᠭᠠᠰᠢᠷᠠᠭᠰᠠᠨ ᠬᠠᠷᠠᠴᠠ ᠪᠠᠷ ᠦᠳᠡᠨ ᠬᠣᠴᠣᠷᠪᠠ᠃
ᠬᠥᠨᠳᠡᠯᠡᠨ ᠦ᠌ ᠡᠷᠭᠢ ᠭᠡᠳᠡᠭ ᠭᠠᠵᠠᠷ ᠤ᠋ᠨ ᠬᠣᠢᠨᠠᠬᠠᠨ ᠪᠠᠢᠳᠠᠭ ᠪᠥᠨᠲᠥᠭᠡᠷ ᠪᠣᠷᠣ ᠲᠣᠯᠣᠭᠠᠢ ᠶ᠋ᠢᠨ ᠡᠩᠭᠡᠷ ᠲᠦ᠍ ᠬᠡᠳᠦᠨ ᠮᠣᠩᠭᠣᠯ ᠭᠡᠷ ᠵᠡᠷᠭᠡᠯᠭᠡᠨ ᠳᠤᠮᠳᠠ ᠵᠢᠷᠢᠯᠵᠡᠵᠦ ᠬᠠᠷᠠᠭᠳᠠᠨ᠎ᠠ᠃ ᠭᠠᠪᠢᠷ᠎ᠠ ᠮᠣᠷᠢᠨ ᠤ᠋ ᠪᠠᠨ ᠵᠢᠯᠣᠭᠣ ᠶ᠋ᠢ ᠲᠠᠯᠪᠢᠨ ᠬᠠᠲᠠᠷᠢᠭᠤᠯᠤᠭᠰᠠᠭᠠᠷ ᠣᠢᠷᠠᠳᠴᠤ ᠣᠴᠢᠪᠠᠯ᠂ ᠪᠢᠷᠠᠭᠤ ᠰᠢᠭ᠋ ᠲᠣᠮᠣ ᠪᠡᠶ᠎ᠡ ᠲᠡᠢ ᠮᠣᠩᠭᠣᠯ ᠭᠠᠷᠵᠢ ᠨᠤᠭᠤᠳ ᠰᠤᠮᠤᠳᠠᠨ ᠳᠠᠪᠬᠢᠵᠤ ᠢᠷᠡᠯ᠎ᠡ᠃ ᠲᠡᠷᠡ ᠵᠢᠷᠦᠬᠡ ᠲᠦᠭᠰᠢᠨ ᠬᠠᠮᠤᠭ ᠪᠡᠶ᠎ᠡ ᠨᠢ ᠠᠭᠵᠠᠰ ᠬᠢᠪᠡ᠃ ᠮᠣᠷᠢᠨ ᠤ᠋ ᠬᠢᠨᠢ ᠳᠡᠯ ᠮᠤᠨᠳᠠᠭ᠎ᠠ ᠪᠣᠰᠴᠤ ᠬᠠᠮᠠᠷ ᠢ᠋ᠶ᠋ᠠᠨ ᠳᠤᠤᠭᠠᠷᠭᠠᠨ ᠴᠣᠪᠬᠣᠴᠢᠵᠤ ᠠᠮᠠ ᠨᠢ ᠲᠠᠢᠯᠳᠠᠵᠤ ᠥᠭᠬᠦ ᠦᠭᠡᠢ ᠬᠠᠵᠠᠭᠠᠷ ᠬᠠᠩᠭᠢᠨᠠᠭᠤᠯᠤᠨ ᠪᠥᠮᠪᠥᠯᠵᠡᠨ ᠴᠡᠴᠡᠷᠡᠵᠦ ᠪᠠᠢᠯ᠎ᠠ᠃ ᠲᠡᠷᠡ ᠵᠢᠯᠣᠭᠣ ᠴᠤᠯᠪᠤᠭᠤᠷ ᠢ᠋ᠶ᠋ᠠᠨ ᠴᠢᠩᠭ᠎ᠠ ᠠᠳᠬᠤᠨ ᠳᠥᠷᠥᠭᠡ ᠪᠡᠨ ᠬᠠᠪᠴᠢᠨ ᠡᠮᠡᠭᠡᠯ ᠳᠡᠭᠡᠷ᠎ᠡ ᠪᠡᠨ ᠪᠡᠶ᠎ᠡ ᠪᠡᠨ ᠲᠣᠭᠲᠠᠭᠠᠵᠤ
— ᠬᠦ᠂ ᠬᠠᠢ ᠭᠡᠮᠡᠨ ᠵᠠᠩᠳᠤᠷᠤᠨ ᠲᠠᠰᠢᠭᠤᠷ ᠢ᠋ᠶ᠋ᠠᠨ ᠭᠣᠣᠨᠣᠯᠵᠠᠭᠤᠯᠨ ᠠᠶᠤᠬᠤ ᠳ᠋ᠠᠭᠠᠨ ᠳᠠᠭᠤᠨ ᠨᠢ ᠡᠷᠢᠶᠡᠨᠲᠦᠵᠦ
— ᠨᠣᠬᠠᠢ ᠪᠠᠨ ᠬᠣᠷᠢ ᠭᠡᠵᠦ ᠴᠢᠨᠡᠭᠡ ᠮᠡᠳᠡᠨ ᠬᠠᠰᠬᠢᠷᠪᠠ᠃
ᠢᠩᠭᠢᠵᠦ ᠨᠡᠯᠢᠶᠡᠳ ᠤᠳᠠᠬᠤ ᠳ᠋ᠤ᠌᠂ ᠵᠡᠭᠦᠨ ᠲᠠᠯ᠎ᠠ ᠶ᠋ᠢᠨ ᠭᠡᠷ ᠡᠴᠡ ᠨᠢᠭᠡᠨ ᠨᠠᠰᠤᠲᠠᠢ ᠠᠪᠤ ᠭᠠᠷᠴᠤ ᠢᠷᠡᠭᠡᠳ ᠬᠠᠨᠴᠤᠢ ᠪᠠᠷ ᠢ᠋ᠶ᠋ᠠᠨ ᠨᠠᠷᠠ ᠬᠠᠯᠬᠠᠯᠠᠨ ᠰᠠᠷᠠᠪᠴᠢᠯᠠᠨ ᠬᠠᠷᠠᠭᠠᠳ ᠣᠭᠣᠲᠣᠷ ᠬᠤᠪᠴᠠᠰᠤ ᠲᠠᠢ ᠬᠥᠮᠦᠨ ᠪᠠᠢᠬᠤ ᠶ᠋ᠢ ᠬᠠᠷᠠᠭᠠᠳ ᠬᠡᠰᠡᠭ ᠲᠦᠳᠡᠭᠡᠯᠵᠡᠨ ᠪᠠᠢᠭᠰᠠᠨ ᠢ᠋ᠶ᠋ᠠᠨ
— ᠰᠠᠢᠨ ᠪᠠᠢᠨ᠎ᠠ ᠤᠤ? ᠠᠪᠤ ᠠ᠋ ᠭᠡᠬᠦ ᠴᠡᠭᠡᠯᠬᠡᠨ ᠪᠦᠰᠡᠭᠦᠢ ᠬᠥᠮᠦᠨ ᠦ᠌ ᠳᠠᠭᠤ ᠭᠠᠷᠤᠭᠰᠠᠨ ᠳ᠋ᠤ᠌ ᠰᠠᠶᠢ ᠰᠠᠨᠠᠭ᠎ᠠ ᠨᠢ ᠠᠮᠠᠷᠠᠭᠰᠠᠨ ᠪᠣᠯᠤᠯᠲᠠᠢ ᠨᠣᠬᠠᠳ ᠢ᠋ ᠵᠠᠩᠳᠤᠷᠤᠨ᠂ ᠮᠣᠷᠢ ᠶ᠋ᠢ ᠨᠢ ᠴᠤᠯᠪᠤᠭᠤᠷᠳᠠᠨ ᠪᠠᠷᠢᠵᠤ ᠪᠠᠭᠤᠯᠭᠠᠭᠠᠳ
— ᠦ᠂ ᠬᠥᠭᠡᠷᠦᠬᠦᠢ ᠮᠣᠩᠭᠣᠯ ᠬᠡᠦᠬᠡᠳ ᠪᠠᠢᠵᠤ ᠰᠢᠲᠠ᠃ ᠪᠢ ᠬᠠᠷᠢᠨ ᠨᠥᠭᠥᠭᠡ ᠪᠢᠩᠲ᠋ᠤᠸᠠᠨ ᠤ᠋ ᠵᠠᠯᠠᠭᠤᠴᠤᠳ ᠠ᠋ᠴᠠ ᠢᠷᠡᠭᠡ ᠴᠦ᠍ ᠶᠦᠮ ᠪᠣᠯ ᠤᠤ ᠭᠡᠵᠦ ᠪᠣᠳᠣᠯ᠎ᠠ ᠭᠡᠰᠡᠨ ᠳ᠋ᠦ᠍ ᠠᠶᠤᠭᠰᠠᠨ ᠠ᠋ᠴᠠ ᠪᠣᠯᠵᠤ ᠴᠢᠷᠠᠢ ᠨᠢ ᠬᠤᠵᠢᠢᠨ ᠴᠠᠢᠭᠰᠠᠨ ᠭᠠᠪᠢᠷ᠎ᠠ ᠬᠣᠭᠣᠯᠠᠢ ᠪᠠᠨ ᠴᠡᠴᠡᠷᠭᠡᠨᠡᠭᠦᠯᠦᠨ
— ᠶᠠᠮᠠᠷ ᠠᠶᠤᠮᠠᠷ ᠨᠣᠬᠠᠳ ᠪᠣᠢ᠂ ᠬᠡᠷᠪᠡ ᠪᠢᠩᠲ᠋ᠤᠸᠠᠨ ᠤ᠋ ᠵᠠᠯᠠᠭᠤᠰ ᠪᠠᠢᠭᠰᠠᠨ ᠪᠣᠯ ᠠᠪᠤ ᠲᠠ ᠲᠡᠭᠡᠭᠡᠳ ᠨᠣᠬᠠᠢ ᠬᠣᠷᠢᠵᠤ ᠥᠭᠬᠦ ᠦᠭᠡᠢ ᠤᠤ? ᠭᠡᠪᠡᠯ ᠨᠠᠰᠤᠲᠠᠨ ᠠᠷᠭ᠎ᠠ ᠪᠠᠷᠠᠭᠰᠠᠨ ᠪᠠᠢᠳᠠᠯ ᠲᠠᠢ ᠡᠮᠰᠢᠭᠡᠷ ᠤᠷᠤᠭᠤᠯ ᠢ᠋ᠶ᠋ᠠᠨ ᠥᠮᠥᠢᠯᠭᠡᠨ ᠢᠨᠢᠶᠡᠭᠡᠳ᠂
— ᠬᠥᠳᠡᠭᠡ ᠠᠢᠯ ᠢ᠋ᠶ᠋ᠠᠷ ᠢᠷᠡᠵᠦ ᠦᠢᠮᠡᠭᠦᠯᠵᠦ ᠪᠠᠢᠭᠰᠠᠭᠠᠷ ᠬᠠᠰᠢᠷᠠᠴᠢᠬᠠᠵᠤ᠂ ᠵᠠᠭᠤᠳᠠᠭ ᠨᠣᠬᠠᠢ ᠲᠠᠢ ᠠᠢᠯ ᠳ᠋ᠤ᠌ ᠣᠷᠣᠵᠤ ᠴᠢᠳᠠᠬᠤ ᠦᠭᠡᠢ ᠪᠤᠴᠠᠭᠠᠳ ᠶᠠᠪᠤᠴᠢᠬᠠᠳᠠᠭ ᠶᠤᠮ᠃ ᠥᠨᠥᠳᠥᠷ ᠮᠠᠨ ᠤ᠋ ᠨᠣᠬᠠᠳ ᠴᠢᠮ᠎ᠠ ᠳ᠋ᠤ᠌ ᠬᠠᠷᠢᠨ ᠭᠠᠢᠭᠤᠢ ᠪᠠᠢᠨ᠎ᠠ ᠰᠢᠦ᠂ ᠦᠭᠡᠢ ᠰᠠᠨ ᠪᠣᠯ ᠬᠥᠮᠦᠨ ᠢ᠋ ᠰᠢᠭᠤᠳ ᠮᠣᠷᠢᠨ ᠠᠴᠠ ᠨᠢ ᠲᠠᠲᠠᠵᠤ ᠪᠠᠭᠤᠯᠭᠠᠳᠠᠭ ᠯᠠ ᠣᠯᠢᠶᠠ ᠨᠤᠭᠤᠳ ᠰᠢᠦ᠃ ᠵᠠ᠂ ᠬᠡᠦᠬᠡᠨ ᠴᠢ ᠲᠡᠭᠡᠭᠡᠳ ᠬᠠᠮᠢᠭᠠᠠ᠋ᠴᠠ ᠬᠠᠮᠢᠭ᠎ᠠ ᠵᠣᠷᠢᠵᠤ ᠶᠠᠪᠤᠭ᠎ᠠ ᠬᠥᠮᠦᠨ ᠪᠣᠢ? ᠭᠡᠨ᠎ᠡ᠃ ᠭᠠᠪᠢᠷ᠎ᠠ᠄
— ᠷᠤᠯᠮ᠎ᠠ ᠱᠦᠵᠢ ᠶ᠋ᠢᠨ ᠳ᠋ᠦ᠍ ᠵᠣᠷᠢᠵᠤ ᠢᠷᠡᠯ᠎ᠡ ᠭᠡᠪᠡᠯ᠂ ᠨᠠᠰᠤᠲᠠᠨ᠄
— ᠦ᠋᠂ ᠲᠡᠷᠡ ᠪᠠᠷᠠᠭᠤᠨ ᠭᠡᠷ ᠮᠥᠨ᠂ ᠪᠢ ᠴᠢᠮᠠᠶ᠋ᠢ ᠣᠷᠣᠭᠤᠯᠵᠤ ᠥᠭᠭᠦᠶ᠎ᠡ ᠭᠡᠳ ᠪᠠᠷᠠᠭᠤᠨ ᠲᠠᠯ᠎ᠠ ᠶ᠋ᠢᠨ ᠲᠣᠮᠣ ᠴᠠᠭᠠᠨ ᠭᠡᠷ ᠲᠦ᠍ ᠣᠷᠣᠭᠤᠯᠪᠠ᠃ ᠭᠡᠷ ᠦ᠋ᠨ ᠵᠡᠭᠦᠨ ᠳᠡᠭᠡᠳᠦ ᠬᠣᠢᠮᠣᠷ ᠲᠤ᠌ ᠦᠢᠯᠡ ᠣᠶᠣᠳᠠᠯ ᠬᠢᠵᠦ ᠰᠠᠭᠤᠭᠰᠠᠨ ᠷᠣᠯᠮ᠎ᠠ ᠱᠦᠵᠢ ᠰᠣᠴᠢᠨ ᠭᠠᠢᠬᠠᠵᠤ᠄
— ᠬᠥᠱ᠌ᠢ᠂ ᠡᠨᠡ ᠴᠢᠨᠢ ᠬᠡᠨ ᠪᠣᠢ! ᠭᠠᠪᠢᠷ᠎ᠠ ᠬᠡᠦᠬᠡᠨ ᠬᠦᠷᠦᠭᠡᠳ ᠢᠷᠡᠵᠦ ᠪᠠᠢᠳᠠᠭ ᠴᠢᠨᠢ᠂ ᠰᠠᠢᠨ ᠢᠷᠡᠪᠡ ᠤᠤ? ᠥᠨᠥ ᠥᠷᠯᠥᠭᠡ ᠳᠠᠩᠴᠤ ᠪᠠᠷᠠᠭᠤᠨ ᠨᠢᠳᠦᠨ ᠦ᠌ ᠳᠡᠭᠡᠷ᠎ᠡ ᠲᠠᠲᠠᠭᠠᠳ ᠪᠠᠢᠭᠰᠠᠨ ᠶᠤᠮ᠃ ᠬᠣᠯᠠ ᠶ᠋ᠢᠨ ᠵᠣᠴᠢᠨ ᠢᠷᠡᠬᠦ ᠭᠡᠰᠡᠨ ᠪᠠᠢᠵᠤ ᠰᠢᠲᠠ ᠭᠡᠵᠦ ᠪᠠᠶᠠᠷᠯᠠᠨ ᠬᠡᠯᠡᠨ᠎ᠡ᠃ ᠭᠠᠪᠢᠷ᠎ᠠ᠂ ᠬᠠᠷᠢᠭᠤ ᠮᠡᠨᠳᠦ ᠠᠮᠤᠷ ᠢ᠋ᠶ᠋ᠠᠨ ᠮᠡᠳᠡᠯᠴᠡᠭᠡᠳ ᠵᠤᠤᠬᠠᠨ ᠤ᠋ ᠪᠠᠷᠠᠭᠤᠨ ᠲᠠᠯ᠎ᠠ ᠳ᠋ᠠᠬᠢ ᠰᠢᠷᠠᠮᠠᠯ ᠴᠠᠭᠠᠨ ᠰᠢᠷᠢᠳᠡᠭ ᠲᠡᠢ ᠪᠠᠨᠲᠠᠩ ᠣᠷᠣ ᠶ᠋ᠢ ᠬᠥᠪᠡᠭᠡᠳᠡᠨ ᠰᠠᠭᠤᠪᠠ᠃ ᠷᠤᠯᠮ᠎ᠠ ᠱᠦᠵᠢ ᠶᠠᠭᠠᠷᠠᠨ ᠦᠢᠯᠡ ᠣᠶᠣᠳᠠᠯ ᠢ᠋ᠶ᠋ᠠᠨ ᠬᠤᠷᠢᠶᠠᠭᠠᠳ ᠭᠠᠯ ᠬᠥᠭᠵᠢᠭᠡᠨ ᠦᠵᠦᠮᠦᠴᠢᠨ ᠥᠳᠬᠡᠨ ᠰᠢᠷᠭᠠᠯ ᠴᠠᠢ ᠪᠠᠨ ᠰᠦ ᠵᠥᠭᠡᠬᠡᠢ ᠨᠠᠢᠷᠠᠭᠤᠯᠤᠨ ᠰᠠᠮᠤᠷᠬᠤ ᠳᠠᠭᠠᠤ
— ᠴᠢ ᠦᠨᠡᠬᠡᠷ ᠡᠨᠳᠡ ᠪᠡᠨ ᠪᠤᠴᠠᠭᠠᠳ ᠢᠷᠡᠵᠦ ᠰᠢᠳᠡ᠃ ᠶᠣᠰᠣᠲᠠᠢ ᠰᠠᠢᠨ ᠪᠣᠯᠤᠯ᠎ᠠ᠃ ᠭᠠᠴᠠᠭᠠᠨ ᠤ᠋ ᠰᠤᠷᠭᠠᠭᠤᠯᠢ ᠳᠡᠭᠡᠷ᠎ᠡ ᠣᠴᠢᠭᠰᠠᠨ ᠪᠢᠵᠡ ᠳᠡ᠃ ᠨᠥᠭᠥᠭᠡ ᠬᠡᠳᠦᠨ ᠪᠠᠭᠰᠢ ᠪᠠᠰᠠ ᠢᠷᠡᠭᠰᠡᠨ ᠤᠤ? ᠭᠡᠨ᠎ᠡ᠃ ᠭᠠᠪᠢᠷ᠎ᠠ ᠶ᠋ᠢᠨ ᠰᠠᠶᠢᠬᠠᠨ ᠨᠣᠬᠠᠢ ᠠᠴᠠ ᠠᠶᠤᠵᠤ ᠭᠡᠯᠮᠡᠭᠳᠡᠭᠰᠡᠨ ᠰᠡᠳᠬᠢᠯ ᠨᠢ ᠪᠠᠬᠠᠨ ᠲᠠᠢᠪᠤᠰᠢᠷᠠᠨ ᠲᠠᠯᠪᠢᠭᠤᠷᠠᠵᠤ᠄
— ᠪᠢᠳᠡ ᠬᠣᠶᠠᠭᠤᠯᠠ ᠢᠷᠡᠭᠰᠡᠨ᠂ ᠨᠥᠭᠥᠭᠡᠳᠡᠬᠢ ᠮᠠᠨᠢ ᠡᠮᠦᠨᠡᠭᠦᠷ ᠬᠡᠳᠦᠨ ᠭᠠᠴᠠᠭ᠎ᠠ ᠪᠠᠷ ᠶᠠᠪᠤᠭᠰᠠᠨ᠃ ᠪᠢᠳᠡ ᠵᠢᠩᠬᠢᠨᠢ ᠠᠵᠢᠯ ᠤ᠋ᠨ ᠬᠤᠪᠢᠶᠠᠷᠢ ᠠᠪᠴᠤ ᠰᠤᠮᠤᠨ ᠳ᠋ᠤ᠌ ᠢᠷᠡᠭᠰᠡᠨ᠂ ᠰᠤᠮᠤᠨ ᠤ᠋ ᠰᠤᠷᠭᠠᠭᠤᠯᠢ ᠳ᠋ᠠᠭᠠᠨ ᠰᠤᠷᠤᠭᠴᠢ ᠡᠯᠰᠡᠬᠦ ᠭᠡᠵᠦ ᠶᠠᠪᠤᠵᠤ ᠪᠠᠢᠨ᠎ᠠ ᠭᠡᠵᠦ ᠵᠣᠷᠢᠵᠤ ᠶᠠᠪᠤᠭ᠎ᠠ ᠤᠴᠢᠷ ᠢ᠋ᠶ᠋ᠠᠨ ᠲᠣᠪᠴᠢᠬᠠᠨ ᠲᠠᠢᠯᠪᠤᠷᠢᠯᠠᠯᠠ᠃
ᠷᠤᠯᠮ᠎ᠠ ᠱᠦᠵᠢ ᠬᠡᠦᠬᠡᠨ ᠦ᠌ ᠦᠭᠡ ᠶ᠋ᠢ ᠠᠩᠬᠠᠷᠤᠯᠲᠠᠢ ᠰᠣᠨᠣᠰᠬᠤ ᠶ᠋ᠢᠨ ᠳᠠᠭᠠᠤ ᠲᠣᠰᠣ ᠭᠦᠪᠦᠯᠵᠡᠭᠰᠡᠨ ᠴᠠᠢ ᠪᠠᠨ ᠠᠶᠠᠭᠠᠯᠠᠵᠤ᠂ ᠠᠷᠤ ᠠ᠋ᠴᠠ ᠨᠢ ᠪᠠᠰᠠ ᠲᠣᠮᠣ ᠯᠤᠤᠲᠤ ᠠᠶᠠᠭᠠᠨ ᠳ᠋ᠤ᠌ ᠬᠠᠭᠤᠷᠤᠭᠰᠠᠨ ᠠᠮᠤ ᠵᠥᠭᠡᠬᠡᠢ ᠪᠤᠷᠠᠮ ᠲᠠᠢ ᠬᠤᠳᠬᠤᠨ ᠥᠭᠴᠦ᠂ ᠴᠢᠨᠠᠭᠰᠠᠨ ᠮᠢᠬ᠎ᠠ ᠪᠠᠨ ᠰᠢᠷᠡᠭᠡ ᠳᠦᠭᠦᠷᠡᠩ ᠥᠷᠥᠵᠦ᠂ ᠢᠳᠡᠭᠰᠡᠨ ᠭᠡᠰᠡᠨ ᠳᠡᠭᠡᠷ᠎ᠡ ᠨᠢ ᠢᠳᠡ ᠭᠡᠵᠦ ᠶᠠᠩᠨᠠᠵᠤ ᠪᠠᠢᠯ᠎ᠠ᠃
ᠷᠤᠯᠮ᠎ᠠ ᠭᠤᠸᠠᠢ ᠶ᠋ᠢᠨ ᠬᠢ ᠭᠡᠵᠦ ᠴᠢᠨᠡᠭᠡᠯᠢᠭ ᠲᠥᠪᠬᠢᠨᠡᠭᠦᠨ ᠠᠮᠢᠳᠤᠷᠠᠯ ᠲᠠᠢ ᠠᠢᠯ ᠠᠵᠢ᠃ ᠫᠦᠰᠡ ᠯᠠᠩᠽᠠᠨ ᠬᠡ ᠤᠭᠠᠯᠵᠠ ᠲᠠᠢ᠂ ᠬᠥᠪᠡᠭᠡ ᠪᠡᠷ ᠨᠢ ᠬᠠᠮᠠᠷ ᠤᠭᠠᠯᠵᠠ᠂ ᠠᠯᠤᠬᠠᠨ ᠬᠡ ᠭᠠᠷᠭᠠᠵᠤ ᠰᠢᠷᠢᠭᠰᠡᠨ ᠲᠤᠩ ᠴᠠᠭᠠᠨ ᠢᠰᠡᠭᠡᠢ ᠰᠢᠷᠢᠳᠡᠭ᠂ ᠬᠡᠪᠢᠰ ᠭᠣᠳᠣᠰ ᠳᠡᠪᠢᠰᠴᠦ᠂ ᠠᠯᠲᠠᠨ ᠯᠤᠤ ᠡᠭᠦᠯᠡ ᠬᠥᠯᠭᠡᠯᠡᠭᠰᠡᠨ᠂ ᠵᠢᠷᠭᠠᠯ ᠤ᠋ᠨ ᠨᠠᠢ᠍ᠮᠠᠨ ᠮᠣᠷᠢᠨ ᠤ᠋ ᠵᠢᠷᠤᠭ ᠲᠠᠢ ᠤᠯᠠᠭᠠᠨ ᠬᠦᠷᠡᠩ ᠥᠩᠭᠡ ᠪᠣᠳᠣᠭ ᠲᠠᠢ ᠬᠠᠭᠤᠴᠢᠪᠲᠤᠷ ᠠᠪᠳᠠᠷ᠎ᠠ ᠱᠦᠭᠦᠢ ᠪᠡᠨ ᠨᠢᠭᠤᠷ ᠦᠵᠡᠭᠳᠡᠮ᠎ᠡ ᠵᠦᠯᠭᠦᠵᠦ ᠵᠢᠭᠠᠬᠠᠨ ᠴᠤ᠌ ᠰᠢᠷᠣᠢ ᠲᠣᠭᠣᠰᠣ ᠦᠭᠡᠢ ᠭᠢᠯ᠎ᠠ ᠴᠢᠯᠡ᠃ ᠨᠢᠭ ᠴᠠᠭᠠᠨ ᠰᠢᠪᠠᠷ ᠢ᠋ᠶ᠋ᠠᠷ ᠠᠷᠢᠬᠢ ᠨᠡᠷᠡᠳᠡᠭ ᠪᠦᠷᠬᠦᠭᠡᠷ ᠰᠢᠭ ᠬᠡᠯᠪᠡᠷᠢ ᠲᠡᠢ ᠪᠠᠷᠢᠭᠰᠠᠨ ᠵᠤᠤᠬ᠎ᠠ ᠪᠠᠨ ᠲᠣᠭᠣᠷᠢᠭᠤᠯᠤᠨ ᠡᠭᠦᠯᠡᠨ ᠤᠭᠠᠯᠵᠠ ᠲᠠᠢ ᠤᠯᠠᠭᠠᠨ ᠮᠣᠳᠣᠨ ᠰᠢᠷᠡᠭᠡ ᠲᠠᠯᠪᠢᠵᠤ ᠶᠠᠭᠤᠮ᠎ᠠ ᠪᠦᠭᠦᠳᠡ ᠨᠢ ᠡᠮᠬᠢ ᠴᠡᠭᠴᠡ ᠲᠡᠢ ᠪᠠᠢᠷᠢᠯᠠᠵᠤ᠂ ᠭᠡᠷ ᠦ᠋ᠨ ᠡᠵᠡᠨ ᠦ᠌ ᠪᠡᠨ ᠠᠵᠢᠯᠴᠢ ᠨᠢᠮᠪᠠᠢ ᠶ᠋ᠢ ᠭᠠᠢᠬᠠᠭᠤᠯᠤᠨ᠎ᠠ᠃
ᠷᠤᠯᠮ᠎ᠠ ᠭᠤᠸᠠᠢ ᠶ᠋ᠢᠨ ᠡᠪᠦᠭᠡᠨ ᠪᠠᠲᠤ ᠭᠡᠳᠡᠭ ᠬᠦᠷᠡᠯ ᠪᠣᠷᠣ ᠴᠢᠷᠠᠢ ᠲᠠᠢ᠂ ᠬᠦᠳᠡᠷ ᠲᠣᠮᠣ ᠪᠡᠶ᠎ᠡ ᠲᠡᠢ ᠨᠤᠲᠤᠭ ᠤᠰᠤᠨ ᠳ᠋ᠠᠭᠠᠨ ᠠᠯᠳᠠᠷ ᠲᠠᠢ ᠪᠥᠬᠡ᠂ ᠵᠢᠱ᠌ᠢᠶᠡᠴᠢ ᠮᠠᠯᠴᠢᠨ ᠶᠠᠪᠤᠭᠰᠠᠨ ᠳᠠᠷᠤᠤ ᠡᠶᠡᠯᠳᠡᠭ ᠵᠠᠩ ᠲᠠᠢ ᠦᠭᠡ ᠳᠠᠭᠤ ᠴᠥᠭᠡᠨᠲᠡᠢ ᠬᠥᠮᠦᠨ ᠪᠠᠢᠯ᠎ᠠ᠃ ᠦᠷ᠎ᠡ ᠶ᠋ᠢᠨ ᠭᠠᠭᠴᠠ ᠬᠦᠦ ᠲᠡᠢ᠃ ᠪᠠᠭ᠎ᠠ ᠰᠤᠷᠭᠠᠭᠤᠯᠢ ᠪᠠᠨ ᠲᠡᠭᠦᠰᠦᠭᠡᠳ ᠭᠡᠷ ᠲᠡᠭᠡᠨ ᠪᠠᠢᠭ᠎ᠠ ᠠᠵᠢ᠃ ᠰᠠᠶᠢ ᠠᠷᠪᠠᠨ ᠳᠣᠯᠣᠭᠠᠲᠠᠢ ᠴᠤ᠌ ᠠᠪᠤ ᠡᠵᠢ ᠨᠢ《ᠬᠦᠦ ᠳ᠋ᠡᠭᠡᠨ ᠪᠡᠷᠢ ᠲᠣᠭᠲᠠᠴᠢᠬᠠᠭᠰᠠᠨ᠂ ᠬᠣᠢᠲᠤᠨ ᠵᠢᠯ ᠬᠤᠷᠢᠮ ᠢ᠋ ᠨᠢ ᠬᠢᠨ᠎ᠡ》 ᠭᠡᠵᠦ ᠪᠠᠢᠯ᠎ᠠ᠃
ᠷᠤᠯᠮ᠎ᠠ ᠭᠤᠸᠠᠢ ᠲᠠᠪᠢ ᠰᠢᠬᠠᠵᠤ ᠶᠠᠪᠤᠭ᠎ᠠ ᠴᠤ᠌ ᠥᠨᠳᠥᠷᠬᠡᠨ ᠲᠡᠭᠰᠢ ᠪᠡᠶ᠎ᠡ ᠲᠡᠢ᠂ ᠰᠠᠢᠬᠠᠨ ᠪᠣᠰᠤᠭ᠎ᠠ ᠬᠠᠮᠠᠷ ᠲᠠᠢ᠂ ᠲᠣᠳᠣ ᠳᠠᠪᠬᠤᠷ᠎ᠠ ᠲᠠᠢ ᠮᠠᠯ ᠬᠠᠷ᠎ᠠ ᠨᠢᠳᠦ ᠲᠡᠢ᠂ ᠵᠣᠮᠪᠣᠭᠣᠷ ᠤᠷᠤᠭᠤᠯ ᠳ᠋ᠤᠨᠢ ᠡᠪᠯᠢᠭ ᠵᠣᠬᠢᠴᠠᠭᠰᠠᠨ ᠳᠠᠨᠠᠨ ᠲᠣᠪᠴᠢ ᠰᠢᠭ᠋ ᠰᠢᠳᠦ ᠪᠡᠨ ᠭᠢᠯᠠᠯᠵᠠᠭᠤᠯᠤᠨ ᠢᠨᠢᠶᠡᠬᠦ ᠨᠢ ᠲᠤᠩ ᠭᠣᠶᠣ᠃ ᠦᠯᠦ ᠮᠡᠳᠡᠭ ᠭᠦᠨ ᠨᠠᠷᠢᠬᠠᠨ ᠠᠲᠤᠷᠢᠶ᠎ᠠ ᠰᠠᠭᠤᠭᠰᠠᠨ ᠥᠷᠭᠡᠨ ᠮᠠᠩᠨᠠᠢ ᠲᠠᠢ ᠪᠥᠮᠪᠥᠭᠡᠷ ᠳᠤᠬᠤ ᠪᠠᠨ ᠲᠠᠪᠤᠨ ᠥᠩᠭᠡ ᠶ᠋ᠢᠨ ᠲᠣᠷᠭᠠᠨ ᠤᠲᠠᠰᠤ ᠪᠠᠷ ᠨᠢᠷᠤᠭᠤ ᠭᠠᠷᠭᠠᠨ ᠰᠢᠲᠦ ᠬᠠᠳᠬᠤᠭᠰᠠᠨ ᠴᠠᠭᠠᠨ ᠳᠤᠷᠳᠤᠩ ᠠᠯᠴᠢᠭᠤᠷ ᠢ᠋ᠶ᠋ᠠᠷ ᠴᠠᠭᠠᠷᠢᠭᠯᠠᠨ ᠣᠷᠢᠶᠠᠭᠠᠳ ᠰᠢᠩᠭᠡᠪᠲᠦᠷ ᠴᠦ᠍ ᠤᠷᠲᠤ ᠬᠠᠷ᠎ᠠ ᠭᠡᠵᠢᠭᠡ ᠲᠡᠭᠰᠢ ᠰᠢᠯᠤᠭᠤᠨ ᠨᠢᠷᠤᠭᠤ ᠶ᠋ᠢ ᠨᠢ ᠳ᠋ᠡᠭᠡᠨ ᠰᠠᠵᠢᠯᠠᠨ᠎ᠠ᠃ ᠡᠨᠡ ᠪᠦᠬᠦᠨ ᠢ᠋ ᠠᠵᠢᠭᠯᠠᠨ ᠰᠠᠭᠤᠭᠰᠠᠨ ᠭᠠᠪᠢᠷ᠎ᠠ ᠳ᠋ᠤ᠌ ᠡᠨᠡ ᠪᠦᠰᠡᠭᠦᠢ ᠬᠠᠮᠢᠭ᠎ᠠ ᠪᠠᠨ ᠴᠤ᠌ ᠶᠤᠮ ᠡᠵᠢ ᠲᠡᠢ ᠨᠢ ᠨᠢᠭᠡ ᠯᠡ ᠠᠳᠠᠯᠢᠬᠠᠨ ᠰᠠᠨᠠᠭᠳᠠᠭᠠᠳ ᠪᠠᠢᠯ᠎ᠠ᠃
ᠷᠤᠯᠮ᠎ᠠ ᠱᠦᠵᠢ ᠭᠠᠪᠢᠷ᠎ᠠ ᠳ᠋ᠤ᠌᠂
一 ᠴᠢᠨᠦ ᠠᠵᠢᠯ ᠳ᠋ᠤ᠌ ᠭᠠᠴᠠᠭᠠᠨ ᠤ᠋ ᠤᠳᠤᠷᠢᠳᠤᠯᠭ᠎ᠠ ᠠ᠋ᠴᠠ ᠯᠠᠪᠲᠠᠢ ᠲᠤᠰᠠ ᠳᠠᠮ ᠦᠵᠡᠭᠦᠯᠦᠨ᠎ᠡ᠃ ᠰᠤᠮᠤᠨ ᠤ᠋ ᠲᠥᠪ ᠲᠡᠭᠡᠨ ᠰᠤᠷᠭᠠᠭᠤᠯᠢ ᠲᠠᠢ ᠪᠣᠯᠬᠤ ᠴᠢᠨᠢ ᠰᠠᠢᠨ ᠤᠴᠢᠷ ᠰᠢᠦ᠃ ᠮᠠᠷᠭᠠᠰᠢ ᠪᠢ ᠴᠢᠮ᠎ᠠ ᠶ᠋ᠢ ᠳᠠᠭᠠᠭᠤᠯᠵᠤ ᠭᠠᠴᠠᠭᠠᠨ ᠤ᠋ ᠬᠡᠳᠦᠨ ᠤᠳᠤᠷᠢᠳᠤᠯᠭ᠎ᠠ ᠲᠠᠢ ᠠᠭᠤᠯᠵᠠᠭᠤᠯᠤᠶ᠎ᠠ᠃ ᠣᠳᠣ ᠣᠷᠣᠢᠲᠠᠯᠠ᠂ ᠮᠠᠨ ᠤ᠋ ᠳ᠋ᠤ᠌ ᠬᠣᠨᠣᠴᠢᠬᠠ᠂ ᠬᠡᠦᠬᠡᠨ ᠠ᠋᠂ ᠮᠣᠷᠢ ᠶ᠋ᠢ ᠴᠢᠨᠢ ᠡᠪᠦᠭᠡᠨ ᠬᠦᠦ ᠬᠣᠶᠠᠷ ᠠᠷᠠᠴᠢᠯᠠᠭ ᠠ᠋᠃ ᠲᠠᠪᠠᠯᠠᠭᠤᠨ ᠲᠠᠪᠠᠲᠠᠢ ᠠᠮᠤᠰᠬᠢ ᠭᠡᠨ᠎ᠡ᠃ ᠭᠠᠪᠢᠷ᠎ᠠ ᠶ᠋ᠢᠨ ᠬᠥᠳᠡᠭᠡ ᠪᠠᠭᠤᠭᠰᠠᠨ ᠠᠩᠬᠠᠨ ᠤ᠋ ᠡᠳᠦᠷ ᠨᠢ ᠬᠠᠮᠢᠭ᠎ᠠ ᠬᠦᠷᠦᠭᠰᠡᠨ ᠭᠠᠵᠠᠷ ᠲᠠᠭᠠᠨ ᠡᠢᠮᠦᠷᠬᠦᠦ ᠬᠠᠯᠠᠭᠤᠨ ᠳᠣᠲᠣᠨᠣᠬᠠᠨ ᠬᠦᠨᠳᠦᠯᠡᠯ ᠵᠣᠴᠢᠯᠠᠯ ᠢ᠋ ᠬᠦᠯᠢᠶᠡᠭᠰᠡᠨ ᠳ᠋ᠡᠭᠡᠨ ᠰᠡᠳᠬᠢᠯ ᠬᠠᠩᠭᠠᠯᠤᠭᠤᠨ ᠪᠠᠢᠵᠤ ᠳᠠᠷᠠᠭᠠᠴᠢ ᠶ᠋ᠢᠨ ᠠᠵᠢᠯ ᠳ᠋ᠠᠭᠠᠨ ᠤᠯᠠᠮ ᠴᠤ᠌ ᠢᠲᠡᠭᠡᠯ ᠵᠣᠷᠢᠭ ᠲᠠᠢ ᠪᠣᠯᠤᠯ᠎ᠠ᠃
ᠤᠳᠠᠯ ᠦᠭᠡᠢ ᠦᠳᠡᠰᠢ ᠶ᠋ᠢᠨ ᠰᠢᠷᠭᠠᠯ ᠲᠤᠶᠠᠭᠠᠨ ᠳ᠋ᠤ᠌ ᠠᠭᠤᠯᠠ ᠲᠤᠯᠤᠭᠠᠳ᠂ ᠲᠠᠯ᠎ᠠ ᠬᠥᠳᠡᠭᠡ ᠤᠯᠠᠪᠢᠷ ᠥᠩᠭᠡ ᠪᠡᠷ ᠬᠤᠴᠢᠭᠳᠠᠵᠤ᠂ ᠦᠨᠢᠶ᠎ᠡ ᠲᠤᠭᠤᠯ ᠮᠥᠭᠡᠷᠡᠯᠳᠦᠨ ᠪᠦᠰᠡᠭᠦᠢᠴᠦᠦᠯ ᠦᠨᠢᠶᠡᠨ ᠵᠠᠯᠠᠨ ᠳ᠋ᠠᠭᠠᠨ ᠭᠠᠷᠴᠤ ᠶᠠᠭᠠᠷᠠᠯᠳᠤᠨ᠎ᠠ᠃ ᠷᠤᠯᠮ᠎ᠠ ᠭᠤᠸᠠᠢ ᠶ᠋ᠢᠨ ᠬᠢ ᠠᠷᠪᠠᠭᠠᠳ ᠦᠨᠢᠶ᠎ᠡ ᠰᠠᠭᠠᠵᠤ ᠪᠠᠢᠯ᠎ᠠ᠃ ᠭᠠᠪᠢᠷ᠎ᠠ᠂ ᠷᠤᠯᠮ᠎ᠠ ᠲᠠᠢ ᠬᠠᠮᠲᠤ ᠭᠠᠷᠴᠤ ᠬᠣᠲᠠ ᠬᠣᠷᠣᠭ᠎ᠠ ᠪᠠᠷ ᠲᠣᠭᠣᠷᠢᠨ᠎ᠠ᠃ ᠬᠦᠦ ᠨᠢ ᠡᠵᠢ ᠳ᠋ᠡᠭᠡᠨ ᠲᠤᠭᠤᠯ ᠲᠠᠲᠠᠵᠤ ᠥᠭᠭᠦᠨ᠎ᠡ᠃ ᠷᠤᠯᠮ᠎ᠠ ᠱᠦᠵᠢ ᠬᠤᠷᠳᠤᠨ ᠭᠠᠪᠰᠢᠭᠠᠢ ᠬᠥᠳᠡᠯᠦᠨ ᠰᠢᠷᠪᠥᠰᠥᠯᠢᠭ ᠴᠢᠩᠭ᠎ᠠ ᠬᠤᠷᠤᠭᠤ ᠪᠠᠨ ᠲᠤᠶᠠᠯᠵᠠᠭᠤᠯᠤᠨ ᠦᠨᠢᠶᠡᠨ ᠦ᠌ ᠬᠥᠬᠥ ᠶ᠋ᠢ ᠰᠢᠪᠲᠤᠷᠠᠬᠤ ᠳ᠋ᠤ᠌ ᠥᠳᠬᠡᠨ ᠰᠢᠷᠭᠠᠯ ᠰᠦ ᠰᠤᠭᠤᠨᠠᠭ ᠲᠡᠳᠡᠨ ᠬᠥᠭᠡᠰᠦᠷᠡᠨ ᠪᠠᠭᠤᠵᠤ ᠠᠭᠠᠷᠤ ᠮᠣᠳᠣᠨ ᠰᠠᠭᠤᠯᠠᠭ᠎ᠠ ᠤᠳᠠᠵᠤ ᠲᠦᠳᠡᠯ ᠦᠭᠡᠢ ᠳᠦᠭᠦᠷᠬᠦ ᠶ᠋ᠢ ᠬᠠᠷᠠᠬᠤ ᠳ᠋ᠤ᠌ ᠨᠡᠭᠡᠷᠡᠨ ᠪᠠᠬᠠᠷᠬᠠᠮᠠᠷ ᠠ᠋᠃ ᠤᠶᠠᠨ ᠪᠦᠯᠢᠶᠡᠨ ᠰᠦᠨ ᠦ᠌ ᠬᠤᠷᠴᠠ ᠨᠢᠯᠠᠭᠤᠨ ᠦᠨᠦᠷ ᠬᠠᠮᠠᠷ ᠴᠣᠷᠭᠢᠨ ᠬᠠᠩᠬᠤᠯᠬᠤ ᠳ᠋ᠤ᠌ ᠨᠠᠮᠤᠷ ᠴᠠᠭ ᠤ᠋ᠨ ᠲᠠᠢᠪᠤᠩ ᠮᠣᠩᠭᠣᠯ ᠨᠤᠲᠤᠭ ᠴᠠᠭᠠᠨ᠎ᠠ ᠪᠠᠨ ᠨᠢᠭᠡ ᠲᠠᠷᠭᠤᠨ ᠲᠠᠩᠰᠤᠭ ᠰᠠᠨᠠᠭᠳᠠᠭᠤᠯᠬᠤ ᠠᠵᠢ᠃
ᠷᠤᠯᠮ᠎ᠠ ᠱᠦᠵᠢ ᠭᠠᠪᠢᠷ᠎ᠠ ᠳ᠋ᠤ᠌ ᠪᠠᠷᠠᠭᠤᠨ ᠬᠠᠶᠠᠭ᠎ᠠ ᠪᠠᠷ ᠳᠤᠯᠠᠭᠠᠨ ᠬᠥᠨᠵᠢᠯᠡ ᠵᠥᠭᠡᠯᠡᠨ ᠳᠡᠪᠢᠰᠬᠡᠷ ᠵᠠᠰᠠᠵᠤ ᠥᠭᠭᠦᠭᠡᠳ ᠥᠪᠡᠷ ᠢ᠋ᠶ᠋ᠡᠨ ᠭᠠᠪᠢᠷ᠎ᠠ ᠶ᠋ᠢᠨ ᠬᠠᠵᠠᠭᠤ ᠪᠠᠷ ᠬᠡᠪᠲᠡᠪᠡ᠃ ᠭᠠᠪᠢᠷ᠎ᠠ ᠶ᠋ᠢᠨ ᠪᠡᠶ᠎ᠡ ᠡᠴᠡ ᠰᠠᠪᠤᠩ ᠤ᠋ᠨ ᠴᠤ᠌ ᠶᠤᠮ ᠤᠤ? ᠨᠢᠭᠤᠷ ᠤ᠋ᠨ ᠲᠣᠰᠣᠨ ᠤ᠋ ᠬᠢᠨᠢ ᠴᠦ᠍ ᠶᠦᠮ ᠤᠤ ᠰᠣᠳᠣᠨ ᠰᠠᠢᠬᠠᠨ ᠦᠨᠦᠷ ᠦᠨᠦᠷᠳᠦᠭᠳᠡᠨ᠎ᠡ᠃ ᠲᠡᠷᠡ ᠭᠠᠪᠢᠷ᠎ᠠ ᠶ᠋ᠢᠨ ᠪᠣᠲᠣᠭᠣᠨ ᠬᠠᠯᠢᠭᠤᠨ ᠦᠰᠦ ᠶ᠋ᠢ ᠬᠤᠷᠤᠭᠤ ᠪᠠᠷ ᠢ᠋ᠶ᠋ᠠᠨ ᠢᠯᠪᠢᠵᠦ᠂ ᠵᠥᠭᠡᠯᠡᠨ ᠴᠠᠭᠠᠨ ᠬᠦᠵᠦᠭᠦᠦ᠂ ᠮᠥᠷᠥ ᠳᠠᠯᠤ ᠶ᠋ᠢ ᠨᠢ ᠬᠠᠷᠠᠭᠰᠠᠨ ᠢ᠋ᠶ᠋ᠠᠨ
— ᠬᠣᠷᠢ ᠬᠦᠷᠦᠭᠰᠡᠨ ᠤᠤ? ᠬᠣᠲᠠ ᠳ᠋ᠤ᠌ ᠥᠰᠦᠭᠰᠡᠨ ᠪᠢᠵᠡ ᠳᠡ? ᠭᠡᠵᠦ ᠠᠰᠠᠭᠤᠨ᠎ᠠ᠃ ᠭᠠᠪᠢᠷ᠎ᠠ᠄
— ᠪᠦᠬᠦᠯᠢ ᠠᠷᠪᠠ ᠶᠢᠰᠦ ᠠᠷᠠᠢ ᠪᠣᠯᠤᠭ᠎ᠠ ᠦᠭᠡᠢ᠃ ᠪᠢ ᠬᠥᠳᠡᠭᠡ ᠳ᠋ᠦ᠍ ᠥᠰᠦᠭᠰᠡᠨ᠃ ᠮᠢᠨᠦ ᠡᠵᠢ ᠲᠠᠨ ᠲᠠᠢ ᠠᠳᠠᠯᠢᠬᠠᠨ ᠮᠠᠯᠴᠢᠨ ᠡᠵᠢ ᠪᠠᠢᠳᠠᠭ ᠶᠤᠮ ᠭᠡᠰᠡᠨ ᠳ᠋ᠦ᠍ ᠷᠤᠯᠮ᠎ᠠ ᠱᠦᠵᠢ᠄
— ᠲᠡᠢᠮᠦ ᠶᠦᠮ ᠤᠤ? ᠲᠡᠭᠡᠭᠡᠳ ᠨᠠᠷᠠ ᠰᠠᠯᠬᠢᠨ ᠤ᠋ ᠬᠠᠮᠢᠭᠠᠭᠤᠷ ᠨᠢ ᠶᠠᠪᠤᠭᠰᠠᠨ ᠬᠡᠦᠬᠡᠳ ᠪᠣᠢ? ᠡᠢᠮᠦ ᠨᠢᠯᠵᠠᠷᠠᠢ ᠠᠷᠠᠰᠤ ᠬᠥᠷᠥᠰᠥ ᠲᠡᠢ᠃ ᠭᠡᠷ ᠣᠷᠣᠨ᠂ ᠠᠪᠤ ᠡᠵᠢ ᠪᠡᠨ ᠰᠠᠨᠠᠵᠤ ᠪᠠᠢᠭ᠎ᠠ ᠪᠠᠢᠯᠭᠦᠢ᠂ ᠬᠥᠭᠡᠷᠦᠬᠦᠢ! ᠭᠡᠬᠦ ᠳ᠋ᠦ᠍ ᠲᠡᠷᠡ᠄
— ᠡᠵᠢ ᠪᠠᠨ ᠯᠠ ᠶᠡᠬᠡ ᠰᠠᠨᠠᠳᠠᠭ᠃ ᠪᠢ ᠡᠨᠳᠡᠬᠢ ᠶ᠋ᠢᠨ ᠠᠮᠢᠳᠤᠷᠠᠯ ᠳ᠋ᠤ᠌ ᠲᠡᠰᠴᠦ ᠶᠠᠳᠠᠬᠤ ᠶᠠᠭᠤᠮ᠎ᠠ ᠦᠭᠡᠢ᠂ ᠬᠠᠷᠢᠨ ᠨᠣᠬᠠᠢ ᠶ᠋ᠢᠨ ᠪᠥᠭᠡᠰᠦ ᠬᠠᠵᠠᠬᠤ ᠯᠠ ᠬᠡᠴᠡᠭᠦᠦ ᠶᠦᠮ ᠭᠡᠳ ᠤᠯᠠᠭᠠᠨ ᠡᠷᠢᠶᠡᠨ ᠭᠦᠪᠳᠦᠷᠦᠦ ᠪᠣᠯᠤᠭᠰᠠᠨ ᠲᠣᠬᠣᠢ ᠪᠠᠨ ᠦᠵᠡᠭᠦᠯᠪᠡ᠃ ᠷᠤᠯᠮ᠎ᠠ ᠭᠤᠸᠠᠢ ᠬᠡᠦᠬᠡᠨ ᠦ᠌ ᠬᠠᠪᠤᠳᠴᠤ ᠤᠯᠠᠢᠭᠰᠠᠨ ᠵᠥᠭᠡᠯᠡᠨ ᠴᠠᠭᠠᠨ ᠱᠣᠣ ᠶ᠋ᠢ ᠬᠠᠷᠠᠭᠠᠳ ᠦᠷᠦ ᠡᠪᠡᠳᠴᠦ
— ᠠᠢ᠂ ᠬᠥᠭᠡᠷᠦᠬᠦᠢᠰ ᠮᠢᠨᠢ᠂ ᠪᠦᠷ ᠬᠤᠪᠢᠯᠬᠤ ᠭᠡᠵᠦ ᠪᠠᠢᠨ᠎ᠠ᠃ ᠠᠯᠢᠪ᠂ ᠡᠵᠢ ᠨᠢ ᠴᠢᠮ᠎ᠠ ᠳ᠋ᠤ᠌ ᠠᠢᠷᠠᠭ ᠤ᠋ᠨ ᠥᠩᠭᠥᠷ ᠲᠦᠷᠬᠢᠵᠦ ᠥᠭᠭᠦᠶ᠎ᠡ᠃ ᠬᠣᠣᠷ ᠢ᠋ ᠨᠢ ᠠᠪᠴᠢᠬᠠᠳᠠᠭ ᠶᠤᠮ ᠭᠡᠳ ᠠᠢᠷᠠᠭ ᠤ᠋ᠨ ᠭᠠᠩ ᠤ᠋ᠨ ᠥᠩᠭᠥᠷ ᠢ᠋ ᠬᠤᠷᠤᠭᠤ ᠪᠠᠷ ᠢ᠋ᠶ᠋ᠠᠨ ᠵᠦᠯᠭᠦᠨ ᠠᠪᠴᠤ ᠤᠯᠠᠭᠠᠨ ᠭᠦᠪᠳᠦᠷᠦᠦ ᠳᠡᠭᠡᠷ᠎ᠡ ᠨᠢ ᠲᠦᠷᠬᠢᠬᠦ ᠶ᠋ᠢᠨ ᠳᠠᠭᠠᠤ᠂
— ᠵᠥᠭᠡᠯᠡᠨ ᠨᠢᠯᠵᠠᠷᠠᠢ ᠮᠢᠬ᠎ᠠ ᠶ᠋ᠢ ᠯᠡ ᠢᠩᠭᠢᠵᠦ ᠬᠠᠵᠠᠳᠠᠭ ᠪᠠᠢᠬᠤ ᠠ᠋᠃ ᠮᠠᠨᠤᠰ ᠤ᠋ᠨ ᠡᠨᠡᠬᠦ ᠬᠥᠬᠡ ᠦᠳᠡᠭᠡᠷᠢ ᠰᠢᠭ ᠮᠢᠬ᠎ᠠ ᠶ᠋ᠢ ᠪᠣᠯ ᠲᠣᠭᠣᠵᠤ ᠰᠢᠩᠰᠢᠬᠦ ᠴᠦ᠍ ᠦᠭᠡᠢ ᠭᠡᠳ ᠨᠥᠭᠦᠭᠡ ᠯᠡ ᠳᠠᠨᠠᠨ ᠲᠣᠪᠴᠢ ᠰᠢᠭ᠋ ᠰᠢᠲᠦ ᠪᠡᠨ ᠭᠢᠯᠲᠠᠭᠠᠨᠠᠭᠤᠯᠤᠨ ᠬᠥᠭᠵᠢᠯᠲᠡᠢ ᠢᠨᠢᠶᠡᠪᠡ᠃
ᠡᠨᠡ ᠪᠦᠬᠦᠨ ᠭᠠᠪᠢᠷ᠎ᠠ ᠳ᠋ᠤ᠌ ᠲᠤᠩ ᠰᠠᠢᠬᠠᠨ ᠰᠠᠨᠠᠭᠳᠠᠨ᠎ᠠ᠃ ᠬᠠᠵᠠᠭᠤ ᠳ᠋ᠤᠨᠢ ᠬᠡᠪᠲᠡᠬᠦ ᠡᠵᠢ ᠰᠢᠭ ᠨᠢ ᠬᠥᠷᠥᠰᠥᠯᠢᠭ ᠪᠣᠷᠣ ᠴᠢᠷᠠᠢ ᠡᠨᠡᠷᠢᠩᠭᠦᠢ ᠰᠠᠢᠬᠠᠨ ᠡᠵᠢ ᠬᠥᠮᠦᠨ ᠦ᠌ ᠨᠠᠮᠪᠠᠭ᠎ᠠ ᠲᠠᠢ ᠪᠦᠰᠡᠭᠦᠢ ᠶ᠋ᠢᠨ ᠪᠡᠶ᠎ᠡ ᠡᠴᠡ ᠰᠦ ᠰᠠᠭᠠᠯᠢ ᠬᠥᠯᠥᠰᠥᠨ ᠦ᠌ ᠦᠨᠦᠷ ᠬᠣᠯᠢᠯᠳᠤᠭᠰᠠᠨ ᠡᠭᠡᠯᠢᠲᠠᠢᠬᠡᠨ ᠦᠨᠦᠷᠳᠦᠭᠳᠡᠵᠦ ᠪᠠᠢᠯ᠎ᠠ᠃
ᠭᠠᠪᠢᠷ᠎ᠠ ᠡᠵᠢ ᠪᠡᠨ ᠰᠠᠨᠠᠴᠢᠬᠠᠪᠠ᠃ ᠪᠠᠭ᠎ᠠ ᠳ᠋ᠠᠭᠠᠨ ᠲᠡᠷᠡ ᠡᠵᠢ ᠶ᠋ᠢᠨ ᠢ᠋ᠶ᠋ᠡᠨ ᠡᠯᠢᠭᠡᠨ ᠳ᠋ᠦ᠍ ᠨᠠᠭᠠᠯᠳᠤᠬᠤ ᠪᠦᠷᠢ《ᠡᠵᠢ ᠶᠣᠰᠣᠲᠠᠢ ᠰᠠᠢᠬᠠᠨ ᠦᠨᠦᠷ ᠲᠡᠢ》 ᠭᠡᠳᠡᠭ᠃ ᠲᠡᠭᠡᠬᠦ ᠳ᠋ᠦ᠍ ᠡᠵᠢ ᠨᠢ᠄《ᠶᠠᠮᠠᠷ ᠰᠢᠭ᠋ ᠦᠨᠦᠷ ᠭᠠᠷᠴᠤ ᠪᠠᠢᠨ᠎ᠠ ᠪᠣᠢ?》 ᠭᠡᠪᠡᠯ᠂ ᠲᠡᠷᠡ᠄《ᠶᠠᠮᠠᠷ ᠭᠡᠵᠢ? ᠡᠵᠢ ᠶ᠋ᠢᠨ ᠯᠡ ᠦᠨᠦᠷ ᠰᠢᠲᠠ》 ᠭᠡᠳᠡᠭ ᠪᠠᠢᠵᠠᠢ᠃ ᠡᠵᠢ ᠨᠢ ᠲᠡᠭᠦᠨ ᠦ᠌ ᠲᠣᠷᠭᠠᠨ ᠬᠠᠯᠢᠭᠤᠨ ᠬᠠᠯᠢᠮᠠᠭ ᠲᠠᠢ ᠬᠥᠭᠡᠷᠦᠬᠦᠨ ᠪᠥᠨᠲᠥᠭᠡᠷ ᠳᠤᠬᠤ ᠶ᠋ᠢ ᠨᠢ ᠤᠳᠠᠲᠠᠯ᠎ᠠ ᠦᠨᠦᠷᠯᠡᠨ ᠦᠨᠦᠰᠦᠭᠡᠳ᠄《ᠮᠢᠨᠦ ᠰᠢᠷ᠎ᠠ ᠥᠬᠢᠨ ᠡᠴᠡ ᠯᠡ ᠲᠠᠩᠳᠠ ᠬᠠᠴᠢᠨ ᠰᠣᠨᠢᠨ ᠦᠭᠡ ᠭᠠᠷᠴᠤ ᠪᠠᠢᠬᠤ ᠶᠤᠮ᠃ ᠡᠵᠢ ᠶ᠋ᠢᠨ ᠦᠨᠦᠷ ᠭᠡᠨ᠎ᠡ ᠰᠢᠦ᠂ ᠨᠡᠭᠡᠷᠡᠨ ᠴᠦ᠍ ᠡᠵᠢ ᠶ᠋ᠢᠨ ᠦᠨᠦᠷ ᠣᠨᠳᠣᠣ ᠪᠠᠢᠯᠭᠦᠢ ᠶᠠᠭᠠᠬᠢᠬᠤᠪ》 ᠭᠡᠳ ᠥᠪᠡᠷ ᠢ᠋ ᠨᠢ ᠡᠯᠢᠭᠡᠨ ᠳ᠋ᠡᠭᠡᠨ ᠴᠢᠩᠭ᠎ᠠ ᠲᠡᠪᠡᠷᠢᠳᠡᠭ ᠰᠠᠨ᠃ ᠪᠠᠭ᠎ᠠ ᠶ᠋ᠢᠨ ᠦᠶ᠎ᠡ ᠪᠡᠨ ᠡᠷᠭᠢᠴᠡᠭᠦᠯᠦᠨ ᠡᠢᠨᠬᠦ ᠪᠣᠳᠣᠵᠤ ᠬᠡᠪᠲᠡᠭᠰᠡᠭᠡᠷ ᠤᠳᠠᠯ ᠦᠭᠡᠢ ᠷᠤᠯᠮ᠎ᠠ ᠭᠤᠸᠠᠢ ᠶ᠋ᠢᠨ ᠴᠡᠭᠡᠵᠢᠨ ᠳ᠋ᠦ᠍ ᠲᠣᠯᠣᠭᠠᠢ ᠪᠠᠨ ᠨᠠᠭᠠᠯᠳᠤᠭᠤᠯᠤᠨ ᠠᠮᠲᠠᠲᠠᠢᠬᠠᠨ ᠤᠨᠲᠠᠴᠢᠬᠠᠪᠠ᠃
ᠥᠷᠯᠥᠭᠡ ᠨᠢ ᠭᠠᠪᠢᠷ᠎ᠠ᠂ ᠷᠤᠯᠮ᠎ᠠ ᠱᠦᠵᠢ ᠲᠡᠢ ᠭᠠᠴᠠᠭᠠᠨ ᠤ᠋ ᠬᠡᠳᠦᠨ ᠤᠳᠤᠷᠢᠳᠤᠯᠭ᠎ᠠ ᠶ᠋ᠢᠨ ᠬᠢ ᠪᠡᠷ ᠣᠴᠢᠵᠤ ᠠᠭᠤᠯᠵᠠᠭᠰᠠᠨ ᠳ᠋ᠤ᠌᠂ ᠯᠤᠪᠰᠠᠩ ᠱᠦᠵᠢ᠄
— ᠣᠳᠣ ᠠᠢᠯ ᠤ᠋ᠳ ᠴᠥᠮ ᠣᠲᠣᠷᠯᠠᠨ ᠨᠡᠭᠦᠵᠦ ᠪᠠᠢᠨ᠎ᠠ᠃ ᠪᠦᠬᠦ ᠪᠠᠷᠢᠭᠠᠳᠠ ᠶ᠋ᠢᠨ ᠭᠡᠰᠢᠭᠦᠳ ᠢ᠋ ᠴᠤᠭᠯᠠᠭᠤᠯᠵᠤ ᠬᠤᠷᠠᠯᠳᠤᠬᠤ ᠪᠣᠯᠤᠯᠴᠠᠭ᠎ᠠ ᠦᠭᠡᠢ᠃ ᠲᠡᠭᠡᠪᠡᠴᠦ ᠪᠣᠯᠬᠤ ᠶ᠋ᠢᠨ ᠳᠣᠲᠣᠷ᠎ᠠ ᠡᠷᠦᠬᠡ ᠪᠦᠷᠢ ᠡᠴᠡ ᠨᠢᠭᠡ ᠲᠥᠯᠥᠭᠡᠯᠡᠭᠴᠢ ᠢᠷᠡᠭᠦᠯᠬᠦ ᠶ᠋ᠢ ᠪᠣᠳᠣᠵᠤ᠂ ᠮᠠᠷᠭᠠᠰᠢ ᠭᠠᠴᠠᠭᠠᠨ ᠤ᠋ ᠠᠯᠪᠠᠨ ᠭᠡᠷ ᠲᠦ᠍ ᠭᠡᠰᠢᠭᠦᠳ ᠦ᠋ᠨ ᠬᠤᠷᠠᠯ ᠬᠢᠬᠦ ᠪᠡᠷ ᠵᠠᠷ ᠲᠠᠯᠪᠢᠶ᠎ᠠ᠃ ᠡᠨᠡ ᠬᠡᠦᠬᠡᠨ ᠥᠷᠯᠥᠭᠡ ᠪᠠᠷᠢᠭᠠᠳᠠ ᠶ᠋ᠢᠨ ᠠᠯᠪᠠᠨ ᠭᠡᠷ ᠲᠦ᠍ ᠣᠴᠢᠭᠠᠳ ᠬᠦᠯᠢᠶᠡᠵᠦ ᠪᠠᠢ ᠭᠡᠪᠡ᠃ ᠭᠠᠴᠠᠭᠠᠨ ᠤ᠋ ᠬᠡᠳᠦᠨ ᠤᠳᠤᠷᠢᠳᠤᠯᠭ᠎ᠠ ᠶ᠋ᠢᠨ ᠭᠡᠷ ᠬᠣᠭᠣᠷᠣᠨᠳᠣ ᠪᠠᠨ ᠨᠡᠯᠢᠶᠡᠳ ᠵᠠᠢᠲᠠᠢ ᠲᠠᠢ ᠪᠣᠯᠬᠣᠷ ᠲᠡᠳᠡ ᠬᠣᠶᠠᠷ ᠢ᠋ ᠬᠡᠳᠦᠨ ᠠᠢᠯ ᠳᠡᠮᠵᠢᠵᠦ ᠶᠠᠪᠤᠲᠠᠯ᠎ᠠ ᠨᠠᠷᠠ ᠣᠨᠢ ᠶ᠋ᠢᠨ ᠲᠣᠯᠣᠭᠠᠢ ᠪᠠᠷ ᠰᠢᠷᠭᠤᠵᠤ ᠣᠷᠣᠢᠲᠠᠭᠰᠠᠨ ᠲᠤᠯᠠ ᠮᠥᠨ ᠬᠦ᠌ ᠷᠤᠯᠮ᠎ᠠ ᠱᠦᠵᠢ ᠶ᠋ᠢᠨ ᠳ᠋ᠦ᠍ ᠪᠤᠴᠠᠵᠤ ᠣᠴᠢᠨ ᠬᠣᠨᠣᠭᠯᠠᠪᠠ᠃ ᠭᠤᠷᠪᠠᠳᠠᠬᠢ ᠡᠳᠦᠷ ᠦ᠋ᠨ ᠦᠳᠡ ᠰᠢᠬᠠᠬᠤ ᠳ᠋ᠤ᠌᠂ ᠭᠠᠴᠠᠭᠠᠨ ᠤ᠋ ᠨᠠᠢ᠍ᠮᠠᠨ ᠬᠠᠨ᠎ᠠ ᠲᠠᠢ ᠲᠣᠮᠣ ᠭᠡᠷ ᠲᠦ᠍ ᠭᠡᠰᠢᠭᠦᠳ ᠦ᠋ᠨ ᠬᠤᠷᠠᠯ ᠬᠤᠷᠠᠯᠳᠤᠵᠤ ᠡᠬᠢᠯᠡᠯ᠎ᠡ᠃
ᠠᠪᠠᠭᠠᠢ ᠪᠦᠰᠡᠭᠦᠢᠴᠦᠦᠯ᠂ ᠡᠪᠦᠭᠡᠳ ᠬᠥᠭᠰᠢᠳ ᠭᠣᠣᠯᠳᠠᠭᠤ᠂ ᠪᠠᠷᠢᠭᠠᠳᠠ ᠶ᠋ᠢᠨ ᠬᠡᠳᠦᠨ ᠠᠳᠤᠭᠤᠴᠢᠨ ᠵᠠᠯᠠᠭᠤ᠂ ᠥᠬᠢᠳ ᠬᠡᠦᠬᠡᠨ ᠨᠦ᠍ᠭᠦᠳ ᠨᠡᠢᠯᠡᠭᠡᠳ ᠲᠠᠪᠢ ᠰᠢᠬᠠᠮ ᠬᠥᠮᠦᠨ ᠴᠤᠭᠯᠠᠷᠠᠵᠠᠢ᠃ ᠭᠠᠴᠠᠭᠠᠨ ᠤ᠋ ᠤᠳᠤᠷᠢᠳᠤᠯᠭ᠎ᠠ ᠨᠠᠷ ᠴᠤ᠌ ᠪᠦᠭᠦᠳᠡ ᠬᠦᠷᠦᠯᠴᠡᠨ ᠢᠷᠡᠵᠡᠢ᠃ ᠡᠪᠦᠭᠡᠨ ᠱᠦᠵᠢ ᠯᠤᠪᠰᠠᠩ ᠭᠤᠸᠠᠢ ᠬᠤᠷᠠᠯ ᠡᠷᠬᠢᠯᠡᠵᠦ᠂ ᠪᠤᠰᠤᠳ ᠬᠡᠳᠦᠨ ᠤᠳᠤᠷᠢᠳᠤᠯᠭ᠎ᠠ ᠴᠤ᠌ ᠪᠣᠳᠣᠯ ᠰᠠᠨᠠᠯ ᠢ᠋ᠶ᠋ᠠᠨ ᠶᠠᠷᠢᠵᠤ᠂ ᠥᠨᠥᠳᠥᠷ ᠦ᠋ᠨ ᠬᠤᠷᠠᠯ ᠤ᠋ᠨ ᠵᠣᠷᠢᠯᠭ᠎ᠠ᠂ ᠶᠠᠷᠢᠯᠴᠠᠬᠤ ᠭᠡᠵᠦ ᠪᠠᠢᠭ᠎ᠠ ᠭᠣᠣᠯ ᠠᠰᠠᠭᠤᠳᠠᠯ ᠤ᠋ᠳ ᠢ᠋ ᠣᠯᠠᠨ ᠳ᠋ᠤ᠌ ᠲᠣᠳᠣᠷᠬᠠᠢᠯᠠᠨ ᠶᠠᠷᠢᠯ᠎ᠠ᠃
ᠭᠠᠪᠢᠷ᠎ᠠ ᠣᠯᠠᠨ ᠳ᠋ᠤ᠌ ᠢᠷᠡᠭᠰᠡᠨ ᠵᠣᠷᠢᠯᠭ᠎ᠠ ᠪᠠᠨ ᠶᠠᠷᠢᠵᠤ᠂ ᠳᠡᠭᠡᠷ᠎ᠡ ᠡᠴᠡ ᠪᠠᠭᠤᠯᠭᠠᠭᠰᠠᠨ ᠪᠢᠴᠢᠭ ᠮᠠᠲ᠋ᠧᠷᠢᠶᠠᠯ ᠢ᠋ ᠤᠩᠰᠢᠵᠤ᠂ ᠣᠳᠣᠬᠠᠨ ᠤ᠋ ᠰᠤᠷᠭᠠᠨ ᠬᠥᠮᠦᠵᠢᠯ ᠦ᠋ᠨ ᠴᠢᠭᠯᠡᠯᠲᠡ ᠲᠥᠷᠥ ᠶ᠋ᠢᠨ ᠪᠣᠳᠣᠯᠭ᠎ᠠ᠂ ᠥᠭᠡᠷᠡᠴᠢᠯᠡᠵᠦ ᠰᠢᠨᠡᠳᠬᠡᠬᠦ ᠠᠯᠤᠰ ᠬᠡᠳᠦ ᠶ᠋ᠢᠨ ᠵᠣᠷᠢᠯᠭ᠎ᠠ᠂ ᠭᠠᠵᠠᠷ ᠣᠷᠣᠨ ᠳ᠋ᠤ᠌ ᠪᠠᠢᠭ᠎ᠠ ᠪᠣᠳᠠᠲᠠᠢ ᠠᠰᠠᠭᠤᠳᠠᠯ ᠤ᠋ᠳ ᠠ᠋ᠴᠠ ᠵᠢᠱ᠌ᠢᠶ᠎ᠡ ᠲᠠᠲᠠᠵᠤ᠂ ᠰᠤᠷᠬᠤ ᠨᠠᠰᠤᠨ ᠤ᠋ ᠬᠡᠦᠬᠡᠳ ᠢ᠋ ᠡᠷᠬᠡᠪᠰᠢ ᠰᠤᠷᠭᠠᠭᠤᠯᠢ ᠳ᠋ᠤ᠌ ᠰᠠᠭᠤᠯᠭᠠᠬᠤ ᠬᠡᠷᠡᠭᠲᠡᠢ ᠭᠡᠳᠡᠭ ᠢ᠋ ᠣᠯᠠᠨ ᠳ᠋ᠤ᠌ ᠣᠢᠯᠠᠭᠠᠭᠳᠠᠬᠤ ᠪᠠᠷ ᠲᠣᠪᠴᠢ ᠲᠣᠳᠣᠷᠬᠠᠢ ᠲᠠᠢᠯᠪᠤᠷᠢᠯᠠᠪᠠ᠃
ᠣᠯᠠᠨ ᠤ᠋ ᠰᠠᠨᠠᠯ ᠢ᠋ ᠠᠪᠬᠤ ᠪᠣᠯᠤᠭᠰᠠᠨ ᠳ᠋ᠤ᠌᠂ ᠬᠤᠷᠠᠯ ᠤ᠋ᠨ ᠲᠠᠯᠠᠪᠠᠢ ᠲᠠᠭ ᠴᠢᠮᠡᠭᠡ ᠦᠭᠡᠢ ᠪᠣᠯᠵᠤ ᠬᠥᠭᠰᠢᠳ ᠬᠣᠭᠣᠷᠣᠨᠳᠣ ᠪᠠᠨ ᠰᠢᠪᠡᠨᠡᠯᠳᠦᠨ᠂ ᠡᠪᠦᠭᠡᠴᠦᠦᠯ ᠭᠠᠩᠰᠠᠨ ᠲᠠᠮᠠᠬᠢ ᠰᠠᠪᠰᠠᠭᠤᠯᠤᠨ ᠭᠡᠷ ᠳᠦᠭᠦᠷᠡᠩ ᠰᠢᠩᠭᠡᠨ ᠴᠡᠩᠬᠡᠷ ᠤᠲᠤᠭ᠎ᠠ ᠮᠠᠨᠠᠷᠠᠭᠤᠯᠵᠤ᠂ ᠦᠳᠡ ᠠᠯᠢ ᠬᠡᠳᠦᠢᠨ ᠥᠩᠭᠡᠷᠡᠭᠰᠡᠨ ᠪᠣᠯᠬᠣᠷ ᠵᠠᠷᠢᠮ ᠤ᠋ᠨ ᠬᠢᠨᠢ ᠭᠡᠳᠡᠰᠦ ᠥᠯᠥᠰᠴᠦ ᠭᠤᠷᠴᠢᠭᠢᠨᠠᠨ ᠳᠤᠤᠭᠠᠷᠬᠤ ᠳ᠋ᠤ᠌ ᠥᠬᠢᠳ ᠪᠡᠷᠢᠶᠡᠳ ᠠᠮᠠ ᠬᠠᠮᠠᠷ ᠢ᠋ᠶ᠋ᠠᠨ ᠲᠠᠭᠯᠠᠨ ᠢᠨᠢᠶᠡᠯᠴᠡᠨᠡ᠃
ᠬᠡᠳᠦᠨ ᠠᠳᠤᠭᠤᠴᠢᠨ ᠵᠠᠯᠠᠭᠤ ᠬᠣᠭᠣᠷᠣᠨᠳᠣ ᠪᠠᠨ ᠨᠠᠭᠠᠳᠤᠮ ᠲᠣᠬᠣᠭᠤ ᠬᠢᠯᠴᠡᠵᠦ᠂ ᠰᠢᠭᠠᠵᠤ ᠨᠢᠳᠤᠷᠭᠠᠳᠠᠨ ᠳᠦᠷᠰᠦ ᠦᠭᠡᠢᠳᠡᠨᠡ᠃ ᠮᠢᠵᠢᠳ ᠭᠡᠭᠴᠢ ᠳᠤᠭᠤᠷᠠᠭ ᠰᠢᠷ᠎ᠠ ᠨᠢᠳᠦ ᠲᠡᠢ᠂ ᠵᠢᠷᠪᠢᠢᠭᠰᠡᠨ ᠬᠠᠷ᠎ᠠ ᠰᠠᠬᠠᠯ ᠲᠠᠢ᠂ ᠥᠨᠳᠥᠷ ᠨᠠᠷᠢᠬᠠᠨ ᠪᠡᠶ᠎ᠡ ᠲᠡᠢ᠃ ᠪᠦᠰᠡᠭᠦᠢ ᠬᠥᠮᠦᠨ ᠳ᠋ᠦ᠍ ᠯᠡ ᠪᠠᠢᠮᠠᠷ ᠵᠣᠮᠪᠣᠭᠣᠷ ᠵᠤᠵᠠᠭᠠᠪᠲᠤᠷ ᠤᠷᠤᠭᠤᠯ ᠤ᠋ᠨ ᠴᠠᠭᠠᠨ᠎ᠠ ᠠ᠋ᠴᠠ ᠢᠷᠠᠰᠬᠢᠨ ᠵᠢᠭᠳᠡ ᠤᠷᠭᠤᠭᠰᠠᠨ ᠰᠢᠳᠦ ᠢᠷᠠᠯᠵᠠᠨ᠎ᠠ᠃ ᠨᠢᠳᠦ ᠴᠠᠪᠴᠢᠯᠠᠨ ᠠᠯᠢᠶᠠᠷᠬᠠᠭ ᠰᠢᠷᠳᠡᠬᠦ ᠨᠢ ᠣᠭᠣᠲᠣᠨ᠎ᠠ ᠶ᠋ᠢᠨ ᠨᠦᠬᠡᠨ ᠳᠡᠭᠡᠷ᠎ᠡ ᠮᠢᠷᠢᠶᠠᠵᠤ ᠬᠡᠪᠲᠡᠬᠦ ᠮᠤᠤᠷ ᠢ᠋ ᠪᠣᠳᠣᠭᠳᠠᠭᠤᠯᠤᠮᠠᠷ᠃
ᠲᠡᠷᠡ ᠭᠠᠪᠢᠷ᠎ᠠ ᠬᠡᠦᠬᠡᠨ ᠦ᠌ ᠦᠰᠦ ᠭᠡᠵᠢᠭᠡᠨ ᠬᠡᠯᠪᠡᠷᠢ᠂ ᠨᠠᠷᠢᠬᠠᠨ ᠤᠷᠲᠤ ᠬᠤᠷᠤᠭᠤᠳ ᠲᠠᠢ ᠵᠥᠭᠡᠯᠡᠨ ᠴᠠᠭᠠᠨ ᠭᠠᠷ ᠤ᠋ᠨ ᠬᠢᠨᠢ ᠤᠷᠠᠨ ᠡᠪᠯᠢᠭ ᠬᠥᠳᠡᠯᠭᠡᠭᠡᠨ᠂ ᠦᠭᠡ ᠶᠠᠷᠢᠬᠤ ᠳ᠋ᠤᠨᠢ ᠤᠯᠠᠭᠠᠨ ᠤᠷᠤᠭᠤᠯ ᠤ᠋ᠨ ᠬᠢᠨᠢ ᠳᠣᠣᠷᠠᠲᠤ ᠣᠮᠣᠭ ᠳᠡᠭᠡᠷ᠎ᠡ ᠭᠡᠷᠡᠯᠲᠦᠨ ᠬᠠᠷᠠᠭᠳᠠᠬᠤ ᠯᠠᠪᠠᠢ ᠴᠠᠭᠠᠨ ᠰᠢᠲᠦ᠂ ᠢᠨᠢᠶᠡᠮᠰᠦᠭᠯᠡᠬᠦ ᠳ᠋ᠦ᠍ᠨᠢ ᠬᠣᠩᠬᠣᠢᠨ ᠭᠠᠷᠳᠠᠭ ᠭᠦᠨ ᠬᠣᠶᠠᠷ ᠬᠤᠨᠳᠠᠭ᠎ᠠ ᠶ᠋ᠢ ᠨᠢᠳᠦ ᠴᠠᠪᠴᠢᠯ ᠦᠭᠡᠢ ᠬᠠᠷᠠᠬᠤ ᠪᠥᠭᠡᠳ ᠬᠡᠳᠦᠭᠦᠯᠡ ᠴᠢᠮᠬᠢᠯᠳᠦᠵᠦ ᠲᠠᠲᠠᠯᠳᠤᠨ ᠦᠶ᠎ᠡ ᠨᠠᠰᠤᠨ ᠤ᠋ ᠥᠬᠢᠳ ᠢ᠋ᠶ᠋ᠡᠨ ᠱᠣᠭᠯᠠᠵᠤ ᠲᠣᠬᠣᠭᠤᠷᠬᠠᠳᠠᠭ ᠰᠢᠭ᠋ ᠢ᠋ᠶ᠋ᠡᠨ ᠡᠨᠡ ᠥᠬᠢᠨ ᠢ᠋ ᠶᠠᠮᠠᠷ ᠨᠢᠭᠡᠨ ᠠᠷᠭ᠎ᠠ ᠪᠠᠷ ᠢᠴᠢᠭᠡᠬᠦ ᠪᠢᠯᠡ ᠭᠡᠵᠦ ᠲᠠᠷᠢᠬᠢ ᠪᠠᠨ ᠰᠢᠪᠬᠠᠨ᠎ᠠ᠃
ᠡᠪᠦᠭᠡᠨ ᠱᠦᠵᠢ ᠶ᠋ᠢᠨ ᠶᠠᠷᠢᠭᠰᠠᠨ ᠦᠭᠡ᠂ ᠭᠠᠪᠢᠷ᠎ᠠ ᠶ᠋ᠢᠨ ᠤᠩᠰᠢᠭᠰᠠᠨ ᠮᠠᠲ᠋ᠧᠷᠢᠶᠠᠯ ᠤ᠋ᠨ ᠠᠭᠤᠯᠭ᠎ᠠ ᠲᠡᠳᠡᠨ ᠦ᠌ ᠪᠠᠷᠠᠭᠤᠨ ᠴᠢᠬᠢ ᠪᠡᠷ ᠨᠢ ᠣᠷᠣᠵᠤ᠂ ᠵᠡᠭᠦᠨ ᠴᠢᠬᠢ ᠪᠡᠷ ᠨᠢ ᠭᠠᠷᠤᠭᠰᠠᠨ ᠭᠡᠯᠲᠡᠢ᠃ ᠥᠨᠥᠳᠥᠷ ᠦ᠋ᠨ ᠶᠠᠷᠢᠯᠴᠠᠵᠤ ᠪᠠᠢᠭ᠎ᠠ ᠤᠴᠢᠷ ᠲᠤ᠌ ᠠᠩᠬᠠᠷᠤᠯ ᠨᠢ ᠨᠢᠭᠡᠯᠡ ᠲᠥᠪᠯᠡᠷᠡᠵᠦ ᠥᠭᠬᠦ ᠦᠭᠡᠢ ᠪᠠᠢᠯ᠎ᠠ᠃
ᠪᠣᠷᠣᠯᠳᠠᠢ᠂ ᠭᠡᠷᠡᠯᠲᠦ ᠬᠣᠶᠠᠷ ᠥᠬᠢᠨ ᠴᠦ᠍ ᠪᠠᠢᠯᠴᠠᠵᠤ ᠥᠪᠡᠷᠰᠡᠳ ᠦ᠋ᠨ ᠬᠢᠨᠢ ᠦᠶ᠎ᠡ ᠬᠤᠷᠠᠭ ᠪᠣᠯᠬᠤ ᠪᠠᠭᠰᠢ ᠥᠬᠢᠨ ᠢ᠋ ᠪᠠᠬᠠᠷᠬᠠᠨ ᠰᠢᠷᠳᠡᠵᠦ᠄《ᠰᠣᠶᠣᠯ ᠪᠢᠴᠢᠭ ᠰᠤᠷᠤᠭᠰᠠᠨ ᠬᠥᠮᠦᠨ ᠭᠡᠵᠦ ᠴᠠᠭᠠᠨ᠎ᠠ ᠪᠠᠨ ᠨᠢᠭᠡ ᠯᠡ ᠣᠨᠳᠣᠣ ᠶᠤᠮ᠃ ᠪᠢᠳᠡ ᠦᠬᠡᠷ ᠦ᠋ᠨ ᠴᠢᠨᠡᠭᠡ ᠥ ᠦᠰᠦᠭ ᠴᠦ᠍ ᠲᠠᠨᠢᠬᠤ ᠦᠭᠡᠢ᠃ ᠣᠳᠣ ᠤᠳᠠᠬᠤ ᠦᠭᠡᠢ ᠠᠢᠯ ᠳ᠋ᠤ᠌ ᠮᠣᠷᠳᠠᠬᠤ ᠭᠡᠵᠦ ᠪᠠᠢᠭ᠎ᠠ᠃ ᠶᠠᠭᠠᠬᠢᠭ᠎ᠠ ᠴᠤ᠌ ᠦᠭᠡᠢ ᠪᠡᠷ ᠡᠢᠮᠦ ᠪᠠᠭᠠᠠ᠋ᠴᠠ ᠪᠠᠨ ᠠᠢᠯ ᠤ᠋ᠨ ᠠᠪᠠᠭᠠᠢ ᠪᠣᠯᠬᠤ ᠶᠠᠮᠠᠷ ᠯᠠ ᠰᠠᠢᠬᠠᠨ ᠪᠠᠢᠬᠤ ᠪᠢᠯᠡ》 ᠭᠡᠵᠦ ᠪᠣᠳᠣᠵᠤ ᠰᠠᠭᠤᠭᠰᠠᠨ ᠪᠣᠷᠣᠯᠳᠠᠢ ᠶ᠋ᠢᠨ ᠬᠥᠷᠥᠰᠥᠯᠢᠭ ᠪᠣᠷᠣ ᠴᠢᠷᠠᠢ ᠨᠢᠯᠴᠢᠭᠢᠨᠡᠨ ᠬᠠᠯᠠᠭᠤᠨ ᠣᠷᠬᠢᠨ᠎ᠠ᠃
ᠶᠡᠷᠦ ᠡᠴᠡ ᠰᠤᠷᠭᠠᠭᠤᠯᠢ ᠳ᠋ᠤ᠌ ᠰᠠᠭᠤᠭᠰᠠᠨ ᠦᠭᠡᠢ ᠪᠣᠯᠪᠠᠴᠤ ᠰᠡᠴᠡᠨ ᠰᠡᠷᠭᠦᠯᠡᠩ ᠡᠨᠡ ᠬᠣᠶᠠᠷ ᠥᠬᠢᠨ ᠲᠡᠢ ᠭᠠᠪᠢᠷ᠎ᠠ ᠳᠠᠳᠤᠯᠭ᠎ᠠ ᠶ᠋ᠢᠨ ᠬᠤᠭᠤᠴᠠᠭᠠᠨ ᠳ᠋ᠠᠭᠠᠨ ᠶᠡᠬᠡᠯ᠎ᠡ ᠰᠠᠢᠬᠠᠨ ᠳᠠᠰᠤᠯᠴᠠᠭᠰᠠᠨ ᠪᠢᠯᠡ᠃
ᠬᠤᠷᠠᠯ ᠤ᠋ᠨ ᠲᠠᠯᠠᠪᠠᠢ ᠴᠢᠮᠡᠭᠡ ᠦᠭᠡᠢ ᠪᠠᠢᠭᠰᠠᠨ ᠠ᠋ᠴᠠ ᠪᠠᠨ ᠦᠢᠮᠡᠯᠳᠦᠵᠦ ᠡᠬᠢᠯᠡᠯ᠎ᠡ᠃
— ᠭᠠᠴᠠᠭᠠᠨ ᠳ᠋ᠤ᠌ ᠰᠤᠷᠭᠠᠭᠤᠯᠢ ᠪᠠᠢᠬᠤ ᠳ᠋ᠤ᠌ ᠴᠢᠨᠢ ᠵᠠᠪᠠᠯ ᠰᠤᠮᠤᠨ ᠳ᠋ᠤ᠌ ᠣᠴᠢᠭᠤᠯᠬᠤ ᠭᠡᠳ ᠶᠠᠭᠠᠬᠢᠬᠤ ᠶᠤᠮ ᠪᠣᠢ? ᠮᠠᠨ ᠤ᠋ ᠬᠢ ᠴᠦ᠍ ᠬᠡᠦᠬᠡᠳ ᠢ᠋ᠶ᠋ᠡᠨ ᠥᠭᠬᠦ ᠦᠭᠡᠢ᠃
— ᠪᠢᠳᠡ ᠴᠢᠨᠢ ᠣᠲᠣᠷ ᠬᠠᠢᠳᠠᠭ ᠤᠯᠤᠰ᠂ ᠭᠠᠴᠠᠭᠠᠨ ᠤ᠋ ᠰᠤᠷᠭᠠᠭᠤᠯᠢ ᠳ᠋ᠤ᠌ ᠪᠠᠰᠠ ᠠᠷᠠᠢ ᠭᠡᠵᠦ ᠰᠠᠭᠤᠯᠭᠠᠵᠤ ᠪᠠᠢᠬᠤ ᠳ᠋ᠤ᠌᠂ ᠲᠡᠢᠮᠦ ᠬᠣᠯᠠ ᠣᠴᠢᠴᠢᠬᠠᠪᠠᠯ ᠡᠷᠭᠢᠵᠦ ᠲᠣᠭᠣᠷᠢᠵᠤ ᠴᠤ᠌ ᠴᠢᠳᠠᠬᠤ ᠦᠭᠡᠢ ᠪᠣᠯᠤᠨ᠎ᠠ᠃
— ᠪᠢ ᠪᠣᠯ ᠬᠡᠳᠦᠨ ᠲᠥᠷᠥ ᠶ᠋ᠢ ᠡᠯᠡᠭᠡᠵᠦ ᠪᠠᠢᠭ᠎ᠠ ᠬᠥᠭᠰᠢᠨ ᠬᠥᠮᠦᠨ᠃ ᠡᠷᠡᠭᠡ ᠦᠭᠡᠢ ᠬᠡᠯᠡᠬᠦ ᠳ᠋ᠦ᠍᠂ ᠮᠢᠨᠦ ᠳᠡᠭᠡᠳᠦᠰ ᠭᠡᠵᠦ ᠪᠢᠴᠢᠭ ᠰᠣᠶᠣᠯ ᠲᠠᠢ ᠤᠯᠤᠰ ᠪᠠᠢᠭᠰᠠᠨ᠂ ᠡᠷᠲᠡ ᠬᠤᠪᠢᠰᠬᠠᠯ ᠳ᠋ᠤ᠌ ᠣᠷᠣᠵᠤ ᠰᠡᠬᠡᠭᠡᠷᠡᠭᠰᠡᠨ ᠬᠥᠮᠦᠰ ᠭᠡᠵᠦ ᠪᠠᠢᠭᠰᠠᠨ ᠴᠢᠨᠢ ᠨᠡᠢᠭᠡᠮ ᠦ᠋ᠨ ᠳᠡᠪᠵᠢᠶᠡᠨ ᠳᠤᠮᠳᠠ᠂ 《ᠪᠢᠴᠢᠭ ᠰᠣᠶᠣᠯ ᠲᠠᠢ》 ᠶ᠋ᠢᠨ ᠢ᠋ᠶ᠋ᠡᠨ ᠭᠠᠢ ᠪᠠᠷ ᠬᠠᠷᠰᠢ ᠰᠠᠭᠠᠳ ᠲᠤ᠌ ᠤᠴᠠᠷᠠᠭᠰᠠᠨ ᠪᠢᠯᠡ᠁᠃ ᠨᠠᠳᠠ ᠭᠤᠷᠪᠠ ᠪᠠᠷ ᠴᠦ᠍ ᠣᠮᠪᠣᠯᠣ ᠲᠠᠢ᠃ ᠲᠡᠭᠡᠪᠡᠴᠦ ᠰᠤᠷᠭᠠᠭᠤᠯᠢ ᠳ᠋ᠤ᠌ ᠰᠠᠭᠤᠯᠭᠠᠬᠤ ᠦᠭᠡᠢ᠃ ᠪᠢᠳᠡ ᠴᠢᠨᠢ ᠮᠠᠯ ᠢ᠋ᠶ᠋ᠠᠨ ᠮᠠᠯᠵᠢᠭᠠᠳ ᠮᠢᠬ᠎ᠠ ᠪᠠᠨ ᠢᠳᠡᠭᠡᠳ ᠪᠣᠯᠵᠤ ᠯᠠ ᠪᠠᠢᠭᠰᠠᠨ ᠬᠥᠮᠦᠰ! ᠭᠡᠳ ᠬᠠᠰ ᠰᠢᠯᠪᠢ ᠲᠡᠢ ᠭᠠᠩᠰᠠᠨ ᠤ᠋ ᠪᠠᠨ ᠲᠣᠯᠣᠭᠠᠢ ᠶ᠋ᠢ ᠰᠢᠷᠢᠮᠡᠯ ᠵᠤᠵᠠᠭᠠᠨ ᠤᠯᠠ ᠲᠠᠢ ᠭᠤᠲᠤᠯ ᠤ᠋ᠨ ᠢ᠋ᠶ᠋ᠠᠨ ᠵᠤᠯᠤᠭ ᠲᠤ᠌ ᠲᠣᠭᠰᠢᠨ ᠪᠠᠢᠵᠤ ᠥᠭᠦᠯᠡᠪᠡ᠃
— ᠮᠣᠩᠭᠣᠯ ᠪᠢᠴᠢᠭ ᠢ᠋ᠶ᠋ᠡᠨ ᠰᠤᠷᠴᠢᠬᠠᠯ᠎ᠠ ᠴᠤ᠌ ᠭᠡᠰᠡᠨ ᠬᠠᠮᠢᠭ᠎ᠠ ᠴᠤ᠌ ᠬᠡᠷᠡᠭᠯᠡᠬᠦ ᠶᠦ᠍ᠮ ᠪᠢᠯᠡ? ᠬᠡᠳᠦᠨ ᠮᠠᠯ ᠲᠠᠢ ᠪᠠᠨ ᠨᠣᠴᠣᠯᠳᠤᠵᠤ ᠶᠠᠪᠤᠪᠠᠯ ᠶᠠᠭᠤᠨ ᠠ᠋ᠴᠠ ᠴᠤ᠌ ᠳᠡᠭᠡᠷ᠎ᠡ ᠭᠡᠬᠦ ᠮᠡᠲᠦ ᠪᠡᠷ ᠱᠤᠤᠭᠢᠯᠳᠤᠵᠤ ᠭᠠᠷᠤᠯ᠎ᠠ᠃
ᠡᠳᠡᠭᠡᠷ ᠪᠣᠯ ᠮᠠᠯᠴᠢᠳ ᠤ᠋ᠨ ᠦᠨᠡᠨ ᠭᠣᠣᠯ ᠤ᠋ᠨ ᠬᠢᠨᠢ ᠦᠭᠡ ᠪᠢᠰᠢ ᠪᠣᠯᠪᠠᠴᠤ ᠲᠤᠭᠤᠯᠵᠤ ᠥᠩᠭᠡᠷᠡᠭᠦᠯᠦᠭᠰᠡᠨ ᠤᠴᠠᠷᠠᠯ ᠲᠣᠬᠢᠶᠠᠯᠳᠤᠯ ᠨᠢ ᠭᠠᠷᠴᠠᠭ᠎ᠠ ᠦᠭᠡᠢ ᠦᠨᠡᠨ ᠶᠦ᠍ᠮ᠃ ᠭᠠᠪᠢᠷ᠎ᠠ᠂ ᠬᠥᠮᠦᠨ ᠪᠦᠬᠦᠨ ᠦ᠌ ᠦᠭᠡ ᠶ᠋ᠢ ᠠᠩᠬᠠᠷᠤᠯᠲᠠᠢᠬᠠᠨ ᠰᠣᠨᠣᠰᠤᠨ᠎ᠠ᠃ ᠲᠡᠭᠦᠨ ᠦ᠌ ᠵᠢᠷᠦᠬᠡ ᠡᠮᠵᠡᠭᠯᠡᠨ ᠡᠪᠡᠳᠬᠦ ᠰᠢᠭ ᠪᠣᠯᠵᠤ ᠣᠬᠢᠯᠠᠮᠠᠷᠬᠠᠨ ᠰᠠᠨᠠᠭᠳᠠᠨ᠎ᠠ᠃ ᠡᠷᠡᠰ ᠬᠠᠳᠠᠨ ᠵᠣᠷᠢᠭ ᠲᠠᠢ᠂ ᠠᠵᠢᠯᠴᠢ ᠬᠥᠳᠡᠯᠮᠦᠷᠢᠴᠢ᠂ ᠠᠷᠢᠭᠤᠨ ᠴᠠᠢᠯᠭᠠᠨ ᠰᠡᠳᠬᠢᠯ ᠲᠡᠢ ᠡᠭᠡᠯ ᠮᠠᠯᠴᠢᠨ ᠠᠷᠠᠳ ᠲᠦᠮᠡᠨ ᠮᠢᠨᠢ ᠥᠪᠡᠷ ᠦ᠋ᠨ ᠬᠡᠯᠡ ᠰᠣᠶᠣᠯ ᠢ᠋ᠶ᠋ᠠᠨ ᠬᠠᠢᠷᠠᠯᠠᠵᠤ ᠬᠦᠨᠳᠦᠳᠬᠡᠬᠦ ᠦᠭᠡᠢ ᠪᠠᠢᠭ᠎ᠠ ᠤᠴᠢᠷ ᠣᠭᠲᠣ ᠪᠢᠰᠢ᠂ ᠬᠠᠷᠢᠨ ᠲᠡᠳᠡᠨ ᠦ᠌ ᠪᠡᠶ᠎ᠡ ᠰᠡᠳᠬᠢᠯ ᠳ᠋ᠦ᠍ ᠤᠴᠠᠷᠠᠭᠤᠯᠤᠭᠰᠠᠨ ᠡᠭᠡᠳᠡᠷᠡᠭᠡᠨᠲᠦ ᠥᠩᠭᠡᠷᠡᠯᠲᠡ ᠨᠢ ᠲᠡᠳᠡᠨ ᠦ᠌ ᠣᠶᠤᠨ ᠰᠠᠨᠠᠭ᠎ᠠ ᠶ᠋ᠢ ᠬᠦᠨᠳᠦ ᠰᠢᠷᠬᠠᠯᠠᠭᠤᠯᠤᠭᠰᠠᠨ ᠭᠡᠳᠡᠭ ᠢ᠋ ᠭᠠᠪᠢᠷ᠎ᠠ ᠤᠯᠠᠮ ᠭᠦᠨᠵᠡᠭᠡᠢ ᠣᠢᠯᠠᠭᠠᠵᠤ᠂ ᠨᠡᠩ ᠴᠦ᠍ ᠢᠲᠡᠭᠡᠯ ᠵᠣᠷᠢᠭ ᠬᠦᠪᠴᠢᠯᠡᠭᠳᠡᠨ᠎ᠡ᠃ ᠨᠠᠷᠠ ᠡᠷᠭᠢᠨᠡᠭ ᠦ᠋ᠨ ᠳᠡᠭᠡᠭᠦᠷ ᠲᠣᠰᠴᠤ ᠡᠳᠦᠷ ᠣᠷᠣᠢᠲᠠᠵᠤ ᠪᠠᠢᠭ᠎ᠠ ᠶ᠋ᠢ ᠢᠯᠡᠳᠬᠡᠨ᠎ᠡ᠃
ᠨᠥᠭᠦᠭᠡ ᠬᠡᠳᠦᠨ ᠠᠳᠤᠭᠤᠴᠢᠨ ᠵᠠᠯᠠᠭᠤᠴᠤᠳ ᠤ᠋ᠨ ᠦᠢᠮᠡᠭᠦᠯᠬᠦ ᠤᠯᠠᠮ ᠠᠬᠠᠳᠠᠵᠤ᠂ ᠣᠯᠠᠨ ᠢ᠋ᠶ᠋ᠠᠷ ᠢ᠋ᠶ᠋ᠠᠨ ᠥᠯᠥᠰᠴᠦ ᠤᠮᠳᠠᠭᠠᠰᠤᠭᠠᠳ ᠲᠡᠰᠬᠦ ᠠᠯᠳᠠᠷᠠᠨ᠎ᠠ᠃ ᠭᠡᠨᠡᠳᠲᠡ ᠲᠡᠳᠡᠨ ᠦ᠌ ᠳᠤᠮᠳᠠ ᠠ᠋ᠴᠠ ᠬᠡᠨ ᠨᠢᠭᠡ ᠨᠢ ᠫᠠᠷᠴᠢᠭᠢᠨᠠᠲᠠᠯᠠ ᠣᠩᠭᠣᠭᠰᠠᠨ ᠳ᠋ᠤ᠌᠂ ᠥᠬᠢᠳ ᠪᠡᠷᠢᠶᠡᠳ ᠠᠯᠴᠢᠭᠤᠷ ᠢ᠋ᠶ᠋ᠠᠨ ᠰᠠᠭᠠᠷᠠᠵᠤ ᠤᠨᠠᠲᠠᠯ᠎ᠠ ᠪᠠᠨ ᠢᠨᠢᠶᠡᠯᠴᠡᠪᠡ᠃ ᠥᠨᠥᠬᠢ ᠲᠣᠭᠣᠷᠠᠭ ᠰᠢᠷ᠎ᠠ ᠨᠢᠳᠦ ᠲᠡᠢ ᠮᠢᠵᠢᠳ ᠭᠡᠳᠡᠭ ᠵᠠᠯᠠᠭᠤ ᠬᠤᠷᠴᠠ ᠰᠢᠷ᠎ᠠ ᠨᠢᠳᠦ ᠪᠡᠨ ᠰᠦᠮᠡᠢᠯᠭᠡᠨ ᠵᠢᠷᠪᠢᠭᠢᠷ ᠬᠠᠷ᠎ᠠ ᠰᠠᠬᠠᠯ ᠢ᠋ᠶ᠋ᠠᠨ ᠰᠡᠷᠪᠡᠢᠯᠭᠡᠨ ᠰᠢᠳᠦ ᠪᠡᠨ ᠢᠷᠠᠢᠯᠭᠠᠨ ᠢᠨᠢᠶᠡᠵᠦ
— ᠡᠨᠡ ᠳᠠᠭᠤᠨ ᠳ᠋ᠤ᠌ ᠠᠳᠤᠭᠤ ᠮᠢᠨᠢ ᠦᠷᠭᠦᠭᠡᠳ ᠠᠯᠠᠭ᠎ᠠ ᠪᠣᠯᠤᠭᠰᠠᠨ ᠪᠠᠢᠬ᠎ᠠ ᠳᠠ ᠭᠡᠰᠡᠨ ᠳ᠋ᠦ᠍ ᠪᠦᠭᠦᠳᠡᠭᠡᠷ ᠳᠠᠬᠢᠭᠠᠳ ᠢᠨᠢᠶᠡᠯᠴᠡᠵᠦ ᠭᠠᠷᠪᠠ᠃ ᠠᠳᠤᠭᠤᠴᠢᠨ ᠵᠠᠯᠠᠭᠤᠰ《ᠨᠥᠭᠦᠭᠡ ᠪᠠᠭᠰᠢ ᠥᠬᠢᠨ ᠴᠦ᠍ ᠢᠨᠢᠶᠡᠭᠡᠳ ᠡᠯᠢᠭᠡ ᠪᠡᠨ ᠲᠡᠪᠡᠷᠢᠭᠡᠳ ᠤᠨᠠᠭᠰᠠᠨ ᠪᠠᠢᠬ᠎ᠠ ᠠ᠋》 ᠭᠡᠰᠡᠨ ᠪᠠᠢᠳᠠᠯ ᠲᠠᠢ ᠭᠠᠪᠢᠷ᠎ᠠ ᠶ᠋ᠢ ᠰᠡᠮᠡᠬᠡᠷ ᠠᠵᠢᠭᠯᠠᠪᠠᠯ ᠴᠠᠭᠠᠳᠤᠬᠢ ᠨᠢ ᠶᠠᠭᠤ ᠴᠤ᠌ ᠪᠣᠯᠤᠭ᠎ᠠ ᠦᠭᠡᠢ ᠮᠡᠲᠦ ᠤᠰᠬᠠᠯ ᠵᠥᠭᠡᠯᠡᠨ ᠬᠠᠷᠠᠴᠠ ᠲᠠᠢ ᠠᠲᠠᠯ᠎ᠠ ᠪᠠᠨ ᠴᠠᠭᠠᠨ᠎ᠠ ᠪᠠᠨ ᠨᠢᠭᠡ ᠤᠬᠠᠭᠠᠯᠢᠭ ᠬᠤᠷᠴᠠ ᠨᠢᠳᠦ ᠪᠡᠷ ᠥᠪᠡᠷᠰᠡᠳ ᠢ᠋ ᠨᠢ ᠰᠢᠷᠳᠡᠵᠦ ᠪᠠᠢᠬᠤ ᠶ᠋ᠢ ᠬᠠᠷᠠᠭᠠᠳ ᠬᠠᠷᠠᠴᠠ ᠪᠤᠷᠤᠭᠤᠯᠠᠨ ᠴᠢᠮᠡᠭᠡ ᠦᠭᠡᠢ ᠪᠣᠯᠪᠠ᠃ ᠡᠪᠦᠭᠡᠨ ᠱᠦᠵᠢ ᠯᠤᠪᠰᠠᠩ ᠭᠤᠸᠠᠢ ᠬᠣᠭᠣᠯᠠᠢ ᠪᠠᠨ ᠵᠠᠰᠠᠨ ᠬᠦᠩᠭᠢᠨᠡᠮ᠎ᠡ ᠲᠣᠳᠣ ᠳᠠᠭᠤᠨ ᠢ᠋ᠶ᠋ᠠᠷ
— ᠰᠤᠮᠤᠨ ᠳ᠋ᠤ᠌ ᠰᠤᠷᠭᠠᠭᠤᠯᠢ ᠡᠷᠬᠢᠯᠡᠬᠦ ᠶ᠋ᠢ ᠣᠯᠠᠨ ᠢ᠋ᠶ᠋ᠠᠷ ᠢ᠋ᠶ᠋ᠠᠨ ᠳᠡᠮᠵᠢᠪᠡᠯ ᠵᠣᠬᠢᠨ᠎ᠠ᠃ ᠠᠷᠠᠳᠠ᠋ᠴᠠ ᠡᠷᠬᠢᠯᠡᠭᠰᠡᠨ ᠪᠠᠭ᠎ᠠ ᠰᠤᠷᠭᠠᠭᠤᠯᠢ ᠶ᠋ᠢᠨ ᠨᠥᠬᠥᠴᠡᠯ ᠪᠠᠷᠤᠭᠲᠠᠢ᠃ ᠪᠠᠭᠰᠢ ᠴᠤ᠌ ᠬᠦᠷᠦᠯᠴᠡᠬᠦ ᠦᠭᠡᠢ᠃ ᠠᠯᠤᠰ ᠲᠠᠭᠠᠨ ᠭᠠᠴᠠᠭᠠᠨ ᠳ᠋ᠤ᠌ ᠰᠤᠷᠭᠠᠭᠤᠯᠢ ᠪᠠᠢᠬᠤ ᠦᠭᠡᠢ ᠪᠣᠯᠤᠨ᠎ᠠ᠃ ᠬᠠᠷᠢᠭᠰᠠᠨ ᠤ᠋ ᠰᠡᠭᠦᠯᠡᠷ ᠣᠯᠠᠨ ᠳ᠋ᠠᠭᠠᠨ ᠥᠨᠥᠳᠥᠷ ᠦ᠋ᠨ ᠬᠤᠷᠠᠯ ᠤ᠋ᠨ ᠠᠭᠤᠯᠭ᠎ᠠ ᠶ᠋ᠢ ᠳᠠᠮᠵᠢᠭᠤᠯᠵᠤ ᠬᠡᠯᠡᠭᠡᠷᠡᠢ᠃ ᠪᠢ ᠬᠣᠶᠠᠷ ᠥᠬᠢᠨ ᠢ᠋ᠶ᠋ᠡᠨ ᠰᠤᠮᠤᠨ ᠤ᠋ ᠰᠤᠷᠭᠠᠭᠤᠯᠢ ᠳ᠋ᠤ᠌ ᠥᠭᠴᠦ ᠥᠨᠥᠳᠥᠷ ᠡᠨᠡ ᠪᠠᠭᠰᠢ ᠳ᠋ᠤ᠌ ᠨᠡᠷ᠎ᠡ ᠶ᠋ᠢ ᠨᠢ ᠲᠡᠮᠳᠡᠭᠯᠡᠭᠦᠯᠦᠶᠡ ᠭᠡᠰᠡᠨ ᠳ᠋ᠦ᠍᠂ ᠭᠠᠴᠠᠭᠠᠨ ᠳᠠᠷᠤᠭ᠎ᠠ ᠣᠮᠣᠣ ᠭᠤᠸᠠᠢ ᠪᠠᠰᠠ᠄
— ᠪᠢ ᠴᠦ᠍ ᠭᠡᠰᠡᠨ ᠬᠣᠶᠠᠷ ᠬᠦᠦ ᠪᠡᠨ ᠰᠤᠮᠤᠨ ᠳ᠋ᠤ᠌ ᠶᠠᠪᠤᠭᠤᠯᠤᠨ᠎ᠠ᠃ ᠥᠨᠥᠳᠥᠷ ᠦ᠋ᠨ ᠬᠤᠷᠠᠯ ᠤ᠋ᠨ ᠤᠴᠢᠷ ᠤᠳᠬ᠎ᠠ ᠶ᠋ᠢ ᠣᠯᠠᠨ ᠢ᠋ᠶ᠋ᠠᠷ ᠢ᠋ᠶ᠋ᠠᠨ ᠪᠦᠷ ᠣᠢᠯᠠᠭᠠᠭᠰᠠᠨ ᠪᠠᠢᠬ᠎ᠠ᠃ ᠴᠠᠭᠠᠰᠢ ᠨᠢ ᠰᠠᠢᠨ ᠰᠤᠷᠲᠠᠯᠴᠢᠯᠠᠵᠤ ᠶᠠᠷᠢ᠃ ᠤᠳᠬ᠎ᠠ ᠶ᠋ᠢᠨ ᠰᠣᠬᠣᠷ ᠢ᠋ ᠠᠷᠢᠯᠭᠠᠬᠤ ᠲᠦᠷ ᠴᠠᠭ ᠤ᠋ᠨ ᠪᠣᠯᠪᠠᠰᠤᠷᠠᠯ ᠤ᠋ᠨ ᠠᠩᠭᠢ ᠳ᠋ᠤ᠌ ᠴᠤ᠌ ᠭᠠᠴᠠᠭᠠᠨ ᠠ᠋ᠴᠠ ᠨᠢᠭᠡ ᠪᠦᠯᠦᠭ ᠵᠠᠯᠠᠭᠤ ᠪᠠᠭᠠᠴᠤᠳ ᠢ᠋ ᠣᠴᠢᠭᠤᠯᠵᠤ ᠰᠤᠷᠤᠯᠴᠠᠭᠤᠯᠬᠤ ᠪᠣᠯᠤᠨ᠎ᠠ ᠭᠡᠳ ᠷᠣᠯᠮ᠎ᠠ ᠱᠦᠵᠢ ᠳ᠋ᠦᠩᠨᠡᠯᠲᠡ ᠶ᠋ᠢᠨ ᠦᠭᠡ ᠬᠡᠯᠡᠵᠦ ᠬᠤᠷᠠᠯ ᠲᠠᠷᠬᠠᠬᠤ ᠶ᠋ᠢ ᠵᠠᠷᠯᠠᠪᠠ᠃
ᠭᠠᠪᠢᠷ᠎ᠠ ᠳᠣᠲᠣᠷ᠎ᠠ ᠪᠠᠨ ᠥᠨᠥᠳᠥᠷ ᠦ᠋ᠨ ᠬᠤᠷᠠᠯ ᠰᠠᠨᠠᠭᠠᠨ ᠳ᠋ᠤ᠌ ᠬᠦᠷᠦᠭᠰᠡᠨ ᠣᠯᠤᠯᠲᠠ ᠲᠠᠢ ᠪᠢᠰᠢ ᠭᠡᠰᠡᠨ ᠴᠦ᠍ ᠰᠤᠷᠤᠭᠴᠢ ᠶ᠋ᠢᠨ ᠨᠡᠷ᠎ᠡ ᠪᠦᠷᠢᠳᠬᠡᠬᠦ ᠬᠦᠰᠦᠨᠦᠭᠲᠦ ᠳ᠋ᠦ᠍ ᠳᠥᠷᠪᠡᠨ ᠰᠤᠷᠤᠭᠴᠢ ᠶ᠋ᠢᠨ ᠨᠡᠷ᠎ᠡ ᠪᠢᠴᠢᠭᠳᠡᠭᠰᠡᠨ ᠮᠠᠨᠢ ᠣᠪᠣᠭ᠎ᠠ ᠳᠠ ᠭᠡᠵᠦ ᠪᠣᠳᠣᠪᠠ᠃ ᠬᠤᠷᠠᠯ ᠲᠠᠷᠬᠠᠭᠰᠠᠨ ᠤ᠋ ᠳᠠᠷᠠᠭ᠎ᠠ᠂ ᠭᠠᠪᠢᠷ᠎ᠠ ᠭᠠᠴᠠᠭᠠᠨ ᠤ᠋ ᠬᠡᠳᠦᠨ ᠤᠳᠤᠷᠢᠳᠤᠯᠭ᠎ᠠ ᠲᠠᠢ ᠰᠤᠷᠭᠠᠭᠤᠯᠢ ᠶ᠋ᠢᠨ ᠬᠣᠭᠣᠯᠠᠨ ᠭᠡᠷ ᠲᠦ᠍ ᠬᠠᠮᠲᠤ ᠴᠡᠢᠯᠡᠵᠦ᠂ ᠳᠠᠷᠠᠭ᠎ᠠ ᠠᠯᠬᠤᠮ ᠤ᠋ᠨ ᠠᠵᠢᠯ ᠢ᠋ᠶ᠋ᠠᠨ ᠲᠣᠬᠢᠷᠠᠭᠤᠯᠪᠠ᠃ ᠣᠮᠣᠣ ᠭᠤᠸᠠᠢ᠄
— ᠥᠨᠥᠳᠥᠷ ᠦ᠋ᠨ ᠬᠤᠷᠠᠯ ᠴᠠᠭ ᠢ᠋ᠶ᠋ᠠᠷ ᠤᠷᠲᠤ ᠴᠤ᠌ ᠪᠦᠲᠦᠮᠵᠢ ᠪᠡᠷ ᠪᠠᠷᠤᠭᠲᠠᠢᠬᠠᠨ ᠪᠣᠯᠤᠯ᠎ᠠ ᠭᠡᠵᠦ ᠬᠠᠷᠠᠮᠰᠠᠯ ᠢᠯᠡᠷᠬᠡᠢᠯᠡᠪᠡᠯ᠂ ᠭᠠᠪᠢᠷ᠎ᠠ᠄
— ᠣᠳᠣ ᠮᠠᠯᠴᠢᠳ ᠲᠤᠩ ᠶᠠᠭᠠᠷᠠᠤ ᠪᠣᠯᠤᠭᠰᠠᠨ ᠪᠥᠭᠡᠳ ᠣᠲᠣᠷ ᠨᠡᠭᠦᠳᠡᠯ ᠶᠠᠪᠤᠬᠤ ᠲᠤᠯᠠ ᠳᠠᠬᠢᠭᠠᠳ ᠭᠡᠰᠢᠭᠦᠳ ᠢ᠋ ᠴᠤᠭᠯᠠᠭᠤᠯᠵᠤ ᠬᠤᠷᠠᠯᠳᠤᠬᠤ ᠶ᠋ᠢ ᠪᠠᠢᠶ᠎ᠠ᠃ ᠪᠢ ᠡᠷᠦᠬᠡ ᠳᠠᠷᠠᠭᠠᠯᠠᠨ ᠲᠣᠭᠣᠷᠢᠵᠤ ᠰᠤᠷᠬᠤ ᠨᠠᠰᠤᠨ ᠤ᠋ ᠬᠡᠦᠬᠡᠳ ᠦ᠋ᠳ ᠢ᠋ ᠪᠦᠷᠢᠳᠬᠡᠵᠦ ᠠᠪᠤᠶ᠎ᠠ ᠭᠡᠪᠡ᠃ ᠷᠤᠯᠮ᠎ᠠ ᠱᠦᠵᠢ᠄
— ᠢᠩᠭᠢᠬᠦ ᠨᠢ ᠮᠠᠯᠴᠢᠳ ᠲᠤ᠌ ᠳᠥᠭᠥᠮ ᠴᠦ᠍ ᠴᠢᠮ᠎ᠠ ᠳ᠋ᠤ᠌ ᠬᠠᠷᠢᠨ ᠶᠡᠬᠡ ᠬᠦᠴᠢᠷ ᠰᠢᠦ᠂ ᠠᠢᠯ ᠤ᠋ᠳ ᠬᠣᠭᠣᠷᠣᠨᠳᠣ ᠪᠠᠨ ᠠᠯᠤᠰ ᠵᠠᠢᠳᠠᠭᠤ᠃ ᠨᠣᠬᠠᠢ ᠰᠢᠪᠠᠭᠤ ᠴᠤ᠌ ᠬᠡᠴᠡᠭᠦᠦ᠂ ᠪᠢᠳᠡ ᠴᠢᠨᠦ ᠠᠮᠤᠷ ᠲᠦᠪᠰᠢᠨ ᠢ᠋ ᠴᠦ᠍ ᠪᠣᠳᠣᠬᠤ ᠦᠭᠡᠢ ᠪᠣᠯᠬᠤ ᠦᠭᠡᠢ ᠰᠢᠦ ᠭᠡᠬᠦ ᠳ᠋ᠦ᠍ ᠭᠠᠪᠢᠷ᠎ᠠ᠄
— ᠬᠠᠮᠢᠶ᠎ᠠ ᠦᠭᠡᠢ᠂ ᠨᠢᠭᠡ ᠠᠢᠯ ᠠᠴᠠ ᠨᠢ ᠨᠥᠭᠦᠭᠡ ᠠᠢᠯ ᠢ᠋ ᠨᠢ ᠰᠤᠷᠠᠭᠯᠠᠭᠠᠳ ᠶᠠᠪᠤᠴᠢᠬᠠᠨ᠎ᠠ ᠰᠢᠲᠠ᠃ ᠣᠳᠣ ᠴᠠᠭ ᠢ᠋ ᠠᠮᠵᠢᠬᠤ ᠦᠭᠡᠢ ᠪᠣᠯᠬᠤ ᠦᠭᠡᠢ ᠭᠡᠪᠡ᠃ ᠭᠤᠷᠪᠠᠨ ᠳᠠᠷᠤᠭ᠎ᠠ ᠭᠠᠴᠠᠭᠠᠨ ᠤ᠋ ᠪᠠᠨ ᠠᠢᠯ ᠡᠷᠦᠬᠡ ᠶ᠋ᠢᠨ ᠲᠣᠭ᠎ᠠ᠂ ᠬᠥᠮᠦᠨ ᠠᠮᠠ ᠶ᠋ᠢᠨ ᠪᠦᠷᠢᠯᠳᠦᠬᠦᠨ ᠦ᠌ ᠨᠡᠷᠡᠰ ᠦ᠋ᠨ ᠬᠦᠰᠦᠨᠦᠭᠲᠦ ᠶ᠋ᠢ ᠭᠠᠪᠢᠷ᠎ᠠ ᠳ᠋ᠤ᠌ ᠥᠭᠴᠦ᠂ ᠪᠣᠷᠣᠯᠳᠠᠢ᠂ ᠭᠡᠷᠡᠯᠲᠦ ᠬᠣᠶᠠᠷ ᠥᠬᠢᠨ ᠢ᠋ ᠬᠠᠨᠢ ᠪᠣᠯᠭᠠᠨ ᠭᠠᠵᠠᠷᠴᠢᠯᠠᠭᠤᠯᠬᠤ ᠪᠠᠷ ᠪᠣᠯᠪᠠ᠃ ᠲᠡᠭᠡᠭᠡᠳ ᠪᠠᠰᠠ ᠮᠣᠷᠢ ᠤᠨᠤᠭ᠎ᠠ ᠴᠢᠨᠢ ᠮᠠᠭᠤᠳᠠᠪᠠᠯ ᠭᠠᠴᠠᠭᠠᠨ ᠤ᠋ ᠠᠳᠤᠭᠤᠨ ᠰᠦᠷᠦᠭ ᠡᠴᠡ ᠥᠪᠡᠷ ᠢ᠋ᠶ᠋ᠡᠨ ᠶᠡᠭᠦᠯᠡᠵᠦ ᠤᠨᠤᠵᠤ ᠪᠠᠢ᠃ ᠮᠢᠵᠢᠳ ᠦ᠋ᠨ ᠳᠠᠭᠠᠭᠠᠴᠢᠯᠠᠭᠰᠠᠨ ᠠᠳᠤᠭᠤᠨ ᠰᠦᠷᠦᠭ ᠲᠦ᠍ ᠭᠠᠴᠠᠭᠠᠨ ᠤ᠋ ᠬᠡᠳᠦᠨ ᠰᠠᠢᠨ ᠮᠣᠷᠢᠳ ᠪᠠᠢᠭ᠎ᠠ ᠭᠡᠰᠡᠨ ᠳ᠋ᠦ᠍᠂ ᠭᠠᠪᠢᠷ᠎ᠠ ᠡᠨᠡᠬᠦ ᠬᠠᠯᠠᠮᠵᠢ ᠬᠠᠷᠢᠭᠤᠴᠠᠯᠭ᠎ᠠ ᠲᠠᠢ ᠭᠠᠴᠠᠭᠠᠨ ᠤ᠋ ᠤᠳᠤᠷᠢᠳᠤᠯᠭ᠎ᠠ ᠶ᠋ᠢᠨ ᠬᠠᠯᠠᠭᠤᠨ ᠳᠡᠮᠵᠢᠯᠭᠡ ᠳ᠋ᠦ᠍ ᠲᠤᠩ ᠴᠤ᠌ ᠪᠠᠶᠠᠷᠯᠠᠨ ᠵᠣᠷᠢᠭᠵᠢᠪᠠ᠃ ᠲᠡᠭᠡᠭᠡᠳ ᠭᠠᠪᠢᠷ᠎ᠠ ᠪᠠᠷᠢᠭᠠᠳᠠ ᠶ᠋ᠢᠨ ᠠᠯᠪᠠᠨ ᠭᠡᠷ ᠡᠴᠡ ᠮᠣᠷᠳᠠᠵᠤ᠂ ᠣᠮᠣᠣ ᠳᠠᠷᠤᠭ᠎ᠠ ᠶ᠋ᠢᠨ ᠥᠬᠢᠨ ᠪᠣᠷᠣᠯᠳᠠᠢ ᠪᠣᠯᠤᠨ ᠭᠡᠷᠡᠯᠲᠦ ᠬᠣᠶᠠᠷ ᠲᠠᠢ ᠠᠢᠯ ᠳᠠᠷᠠᠭᠠᠯᠠᠨ ᠶᠠᠪᠤᠵᠤ ᠲᠠᠨᠢᠯᠴᠠᠵᠤ ᠮᠡᠳᠡᠯᠴᠡᠵᠦ ᠠᠪᠤᠭᠰᠠᠨ ᠠᠢᠯ ᠤ᠋ᠳ ᠢ᠋ᠶ᠋ᠠᠷ ᠢ᠋ᠶ᠋ᠠᠨ ᠡᠷᠭᠢᠵᠦ ᠳᠠᠬᠢᠨ ᠣᠷᠣᠵᠤ ᠱᠣᠭᠰᠢᠭᠤᠯᠪᠠ᠃
ᠡᠢᠨᠬᠦ ᠠᠷᠪᠠᠳᠤᠭᠠᠷ ᠰᠠᠷ᠎ᠠ ᠶ᠋ᠢᠨ ᠰᠡᠭᠦᠯ ᠰᠢᠪᠲᠤᠷᠠᠵᠤ᠂ ᠲᠩᠷᠢ ᠴᠦ᠍ ᠬᠦᠢᠲᠡᠷᠡᠯᠡ᠃ ᠪᠣᠷᠣᠯᠳᠠᠢ᠂ ᠭᠡᠷᠡᠯᠲᠦ ᠬᠣᠶᠠᠷ ᠤ᠋ᠨ ᠠᠵᠢᠯ ᠴᠤ᠌ ᠶᠠᠭᠠᠷᠠᠤ ᠲᠤᠯᠠ ᠳᠡᠮᠡᠢ ᠬᠡᠳᠦᠨ ᠡᠳᠦᠷ ᠬᠠᠨᠢ ᠪᠣᠯᠵᠤ ᠴᠢᠳᠠᠭᠰᠠᠨ ᠦᠭᠡᠢ ᠬᠠᠷᠢᠵᠠᠭᠠᠵᠠᠢ᠃ ᠲᠡᠷᠡ ᠥᠨᠥᠴᠢᠨ ᠭᠠᠭᠴᠠᠭᠠᠷ ᠠᠢᠯ ᠳᠠᠮᠵᠢᠨ ᠭᠠᠯᠭᠢᠭᠤᠯᠤᠨ᠎ᠠ᠃ ᠶᠠᠳᠠᠷᠠᠵᠤ ᠵᠦᠳᠡᠷᠡᠬᠦ ᠶ᠋ᠢᠨ ᠲᠤᠢᠯ ᠳ᠋ᠤ᠌ ᠬᠦᠷᠴᠡᠢ᠃ ᠨᠥᠭᠦᠭᠡ ᠵᠤᠯᠠᠷᠠᠳᠠᠭ ᠬᠦᠷᠡᠩ ᠮᠣᠷᠢ ᠨᠢ ᠵᠤᠯᠠᠷᠠᠵᠤ ᠳᠣᠭᠰᠢᠷᠠᠬᠤ ᠶ᠋ᠢ ᠪᠤᠤ ᠬᠡᠯᠡ᠂ ᠵᠤᠤᠵᠠᠢ ᠬᠠᠵᠠᠭᠠᠷ ᠢ᠋ᠶ᠋ᠠᠨ ᠴᠤ᠌ ᠳᠠᠭᠠᠭᠠᠬᠤ ᠥᠬᠡᠢ ᠬᠡᠮᠵᠢᠶᠡᠨ ᠳ᠋ᠦ᠍ ᠬᠦᠷᠴᠦ ᠰᠤᠮᠤᠨ ᠲᠠᠰᠢᠭᠤᠷ ᠪᠠᠭᠤᠯᠭᠠᠬᠤ ᠶ᠋ᠢᠨ ᠡᠷᠬᠡᠨ ᠳ᠋ᠦ᠍ ᠪᠥᠩ ᠪᠥᠩ ᠱᠣᠭᠰᠢᠬᠤ ᠲᠡᠳᠦᠢ ᠪᠣᠯᠵᠠᠢ᠃ ᠥᠨᠥᠳᠥᠷ ᠲᠡᠷᠡ ᠮᠢᠵᠢᠳ ᠦ᠋ᠨ ᠠᠳᠤᠭᠤᠨ ᠰᠦᠷᠦᠭ ᠡᠴᠡ ᠮᠣᠷᠢ ᠶᠡᠭᠦᠯᠡᠬᠦ ᠭᠡᠵᠦ ᠲᠡᠳᠡᠨ ᠦ᠌ ᠬᠢ ᠶ᠋ᠢ ᠵᠣᠷᠢᠵᠤ ᠶᠠᠪᠤᠨ᠎ᠠ᠃ ᠮᠢᠵᠢᠳ ᠦ᠋ᠨ ᠬᠢ ᠬᠡᠳᠦᠨ ᠡᠳᠦᠷ ᠦ᠋ᠨ ᠡᠮᠦᠨ᠎ᠡ ᠭᠣᠷᠣᠬᠠᠨ ᠠᠭᠤᠯᠠᠨ ᠤ᠋ ᠠᠷᠤ ᠳ᠋ᠤ᠌ ᠪᠠᠢᠭᠰᠠᠨ ᠢ᠋ᠶ᠋ᠠᠨ ᠥᠨᠥᠳᠥᠷ ᠭᠣᠣᠯ ᠤ᠋ᠨ ᠡᠬᠢᠨ ᠳ᠋ᠦ᠍ ᠨᠡᠭᠦᠵᠦ ᠪᠠᠭᠤᠴᠢᠬᠠᠭᠰᠠᠨ ᠪᠠᠢᠯ᠎ᠠ᠃ ᠲᠡᠷᠡ ᠦᠶ᠎ᠡ ᠳ᠋ᠦ᠍᠂ ᠦᠵᠦᠮᠦᠴᠢᠨ ᠨᠤᠲᠤᠭ ᠤ᠋ᠨ ᠵᠡᠭᠦᠨ ᠭᠤᠷᠪᠠᠨ ᠰᠤᠮᠤᠨ ᠤ᠋ ᠮᠠᠯᠴᠢᠳ ᠤ᠋ᠨ ᠠᠮᠢᠳᠤᠷᠠᠯ ᠵᠢᠩᠬᠢᠨᠢ ᠪᠠᠢᠭᠠᠯᠢᠯᠢᠭ ᠨᠡᠭᠦᠳᠡᠯ ᠠᠮᠢᠳᠤᠷᠠᠯ ᠢ᠋ᠶ᠋ᠠᠷ ᠢ᠋ᠶ᠋ᠠᠨ ᠪᠠᠢᠵᠠᠢ᠃ ᠡᠨᠳᠡᠬᠢ ᠶ᠋ᠢ ᠤᠤᠭᠠᠯ ᠪᠣᠷᠤᠰᠣ ᠨᠤᠲᠤᠭ ᠭᠡᠳᠡᠭ᠃《ᠦᠯᠢᠶᠡᠭᠡᠳ ᠨᠣᠴᠣᠳᠠᠭ ᠦᠭᠡᠢ ᠨᠣᠢᠲᠠᠨ ᠬᠠᠷᠭᠠᠨ᠎ᠠ᠂ ᠦᠭᠡ ᠬᠡᠯᠡᠭᠡᠳ ᠮᠡᠳᠡᠳᠡᠭ ᠦᠭᠡᠢ ᠦᠬᠡᠷ ᠪᠣᠷᠣᠰᠤ》 ᠭᠡᠳᠡᠭ ᠦᠭᠡ ᠡᠨᠡ ᠨᠤᠲᠤᠭᠠ᠋ᠴᠠ ᠡᠭᠦᠰᠦᠯᠲᠡᠢ᠃ ᠠᠩᠬ᠎ᠠ ᠠᠭᠤᠯᠵᠠᠬᠤ ᠳ᠋ᠤ᠌ ᠭᠠᠩᠳᠠᠭᠤᠨ ᠬᠡᠳᠡᠷ ᠰᠢᠭ ᠪᠣᠯᠪᠠᠴᠤ ᠲᠠᠨᠢᠯᠴᠠᠵᠤ ᠳᠠᠰᠤᠯᠴᠠᠭᠠᠳ ᠢᠷᠡᠪᠡᠯ ᠲᠤᠩ ᠴᠤ᠌ ᠴᠠᠢᠯᠭᠠᠨ ᠴᠠᠭᠠᠪᠤᠷᠢ ᠵᠣᠴᠢᠨᠰᠠᠭ ᠰᠠᠢᠬᠠᠨ ᠵᠠᠩ ᠲᠠᠢ᠃ ᠲᠠᠪᠤ ᠳᠣᠯᠣᠭ᠎ᠠ ᠬᠣᠨᠣᠭᠠᠳ ᠯᠠ ᠨᠡᠭᠦᠳᠡᠭ ᠪᠣᠯᠬᠣᠷ ᠲᠡᠷᠡ ᠪᠢᠵᠡ᠂ ᠡᠳ᠋ᠯᠡᠯ ᠬᠡᠷᠡᠭᠯᠡᠭᠡᠨ ᠦ᠌ ᠵᠦᠢᠯᠡᠰ ᠨᠢ ᠮᠣᠩᠭᠣᠯ ᠭᠡᠷ ᠲᠡᠭᠡᠨ ᠪᠢᠰᠢ ᠬᠠᠷᠢᠨ ᠬᠠᠨᠵᠤ ᠠᠪᠳᠠᠷ᠎ᠠ᠂ ᠬᠠᠮ ᠰᠢᠩᠭᠡᠯᠢᠭ ᠳᠣᠲᠣᠷ᠎ᠠ ᠪᠠᠨ ᠬᠠᠩᠬᠠᠢ ᠲᠡᠷᠭᠡᠨ ᠳᠡᠭᠡᠷ᠎ᠡ ᠪᠡᠨ ᠪᠠᠢᠵᠤ ᠠᠷᠠᠯ ᠤ᠋ᠨ ᠱᠠᠷ ᠬᠥᠯᠦᠮᠡᠭᠴᠡ ᠪᠡᠨ ᠶᠠᠪᠤᠬᠤ ᠳ᠋ᠤ᠌ ᠪᠡᠯᠡᠬᠡᠨ ᠪᠠᠢᠳᠠᠭ᠃ ᠴᠠᠰᠤ ᠰᠢᠭᠤᠷᠭᠠᠨ ᠲᠠᠢ ᠪᠠᠢᠭᠰᠠᠨ ᠴᠤ᠌ ᠨᠡᠭᠦᠬᠦ ᠪᠡᠨ ᠪᠣᠯᠣᠮᠠᠭᠴᠠ ᠯᠠ ᠨᠡᠭᠦᠵᠦ ᠶᠠᠪᠤᠨ᠎ᠠ᠃ ᠰᠢᠨ᠎ᠡ ᠪᠠᠭᠤᠴᠠᠨ ᠳ᠋ᠠᠭᠠᠨ ᠪᠠᠭᠤᠮᠠᠭᠴᠠ ᠪᠠᠨ ᠬᠥᠷ ᠴᠠᠰᠤ ᠶ᠋ᠢ ᠬᠠᠷᠤᠵᠤ ᠠᠷᠢᠯᠭᠠᠭᠠᠳ ᠢᠰᠡᠭᠡᠢ ᠭᠡᠷ ᠢ᠋ᠶ᠋ᠡᠨ ᠪᠠᠷᠢᠵᠤ ᠲᠡᠮᠦᠷ ᠵᠤᠤᠬ᠎ᠠ ᠪᠠᠨ ᠲᠠᠯᠪᠢᠭᠠᠳ ᠠᠷᠭᠠᠯ ᠬᠥᠷᠵᠡᠩ᠂ ᠬᠣᠨᠢᠨ ᠬᠣᠷᠭᠣᠯ ᠢ᠋ᠶ᠋ᠠᠨ ᠲᠦᠯᠡᠵᠦ ᠳᠤᠯᠠᠭᠠᠴᠠᠨ᠎ᠠ᠃ ᠡᠳᠦᠷ ᠪᠣᠯ ᠣᠯᠠᠩᠬᠢ ᠳ᠋ᠠᠭᠠᠨ ᠪᠤᠳᠠᠭ᠎ᠠ ᠪᠠᠨ ᠰᠢᠷ᠎ᠠ ᠲᠣᠰᠣᠨ ᠳ᠋ᠤ᠌ ᠬᠠᠭᠤᠷᠴᠤ ᠴᠠᠢ ᠳ᠋ᠠᠭᠠᠨ ᠣᠢᠵᠤ᠂ ᠰᠦ ᠵᠥᠭᠡᠬᠡᠢ ᠪᠡᠷ ᠨᠡᠢᠯᠡᠭᠦᠯᠦᠭᠰᠡᠨ ᠥᠳᠬᠡᠨ ᠤᠯᠠᠭᠠᠨ ᠴᠠᠢ᠂《ᠬᠠᠪᠰᠠᠢ》 ᠭᠡᠳᠡᠭ ᠰᠢᠷ᠎ᠠ ᠲᠣᠰᠣᠨ ᠤ᠋ ᠬᠢᠴᠡᠲᠡᠢ ᠬᠠᠭᠠᠷᠢᠭᠤᠯ ᠪᠣᠣᠪᠣ᠂ ᠪᠤᠴᠠᠯᠭᠠᠭᠰᠠᠨ ᠴᠠᠭ᠎ᠠ ᠳ᠋ᠤ᠌ ᠰᠢᠨ᠎ᠡ ᠰᠦ ᠨᠡᠢᠯᠡᠭᠦᠯᠦᠭᠡᠳ ᠬᠢᠭᠰᠡᠨ ᠲᠣᠰᠣ ᠳᠤᠰᠤᠯᠠᠮᠠ ᠰᠢᠷᠭᠠᠯ ᠬᠤᠷᠤᠳ ᠲᠠᠢ ᠴᠠᠢ ᠪᠠᠨ ᠭᠣᠣᠯᠳᠠᠭᠤ ᠤᠤᠭᠤᠨ᠎ᠠ᠃ ᠣᠷᠣᠢ ᠶ᠋ᠢᠨ ᠬᠣᠭᠣᠯᠠ ᠶᠡᠬᠡ ᠣᠷᠣᠢᠲᠠᠨᠠ᠃ ᠭᠠᠳᠠᠨᠠᠬᠢ ᠪᠦᠬᠦ ᠠᠵᠢᠯ ᠢ᠋ᠶ᠋ᠠᠨ ᠪᠠᠷᠠᠭᠰᠠᠨ ᠬᠣᠢᠨ᠎ᠠ ᠰᠠᠶᠢ ᠬᠣᠭᠣᠯᠠ ᠵᠠᠭᠤᠰᠢ ᠪᠠᠨ ᠬᠢᠳᠡᠭ᠃ ᠮᠢᠬ᠎ᠠ ᠴᠢᠨᠠᠵᠤ ᠱᠥᠯᠦᠨ ᠳ᠋ᠦ᠍ᠨᠢ ᠪᠤᠳᠠᠭ᠎ᠠ ᠠᠭᠰᠢᠭᠠᠵᠤ ᠢᠳᠡᠨ᠎ᠡ᠃ ᠮᠢᠬ᠎ᠠ ᠨᠢ ᠪᠠᠷᠤᠭᠲᠠᠢ ᠳ᠋ᠤ᠌ ᠰᠢᠭᠦᠷᠭᠡᠢ᠂ ᠤᠯᠠᠭᠠᠨ ᠰᠢᠭᠦᠰᠦ ᠭᠣᠭᠣᠵᠢᠵᠤ ᠪᠠᠢᠳᠠᠭ᠃ ᠲᠡᠳᠡ ᠢᠩᠭᠢᠵᠦ ᠢᠳᠡᠬᠦ ᠳᠤᠷᠠᠲᠠᠢ ᠳ᠋ᠠᠭᠠᠨ ᠪᠢᠰᠢ᠂ ᠡᠳᠦᠷᠵᠢᠨ ᠮᠠᠯ ᠰᠦᠷᠦᠭ ᠲᠡᠭᠡᠨ ᠶᠠᠭᠠᠷᠠᠵᠤ ᠵᠦᠳᠡᠷᠡᠭᠰᠡᠭᠡᠷ ᠣᠷᠣᠢᠲᠠᠵᠤ᠂ ᠭᠠᠳᠠᠨ᠎ᠠ ᠠᠪᠳᠠᠷᠠᠠ᠋ᠴᠠ ᠪᠠᠨ ᠬᠥᠯᠳᠡᠭᠦᠦ ᠮᠢᠬ᠎ᠠ ᠭᠠᠷᠭᠠᠵᠤ ᠴᠢᠨᠠᠬᠤ ᠪᠣᠯᠬᠣᠷ ᠴᠠᠭ ᠣᠷᠣᠢᠲᠠᠨ ᠡᠷᠲᠡᠬᠡᠨ ᠠᠮᠠᠷᠠᠬᠤ ᠶ᠋ᠢᠨ ᠲᠦᠦᠰ ᠪᠣᠯᠵᠤ ᠶᠠᠭᠠᠷᠠᠳᠠᠭ ᠠᠴᠠ ᠬᠠᠰᠢ ᠶᠠᠰᠢᠬᠠᠨ ᠪᠣᠯᠭᠣᠵᠤ ᠢᠳᠡᠭᠡᠳ ᠬᠠᠯᠠᠭᠤᠨ ᠱᠥᠯᠦᠨ ᠳ᠋ᠦ᠍ᠨᠢ ᠪᠡᠶ᠎ᠡ ᠪᠦᠯᠢᠶᠡᠰᠴᠦ ᠳᠤᠯᠠᠭᠠᠴᠠᠨ᠎ᠠ᠃ ᠲᠡᠮᠦᠷ ᠵᠤᠤᠬᠠᠨ ᠤ᠋ ᠭᠠᠯ ᠤᠨᠲᠠᠷᠠᠮᠠᠭᠴᠠ ᠭᠡᠷ ᠳᠣᠲᠣᠷ᠎ᠠ ᠶᠠᠰᠤ ᠶᠠᠩᠭᠢᠨᠠᠭᠤᠯᠤᠮᠠ ᠬᠦᠢᠲᠡᠨ᠃ ᠬᠦᠢᠲᠡᠨ ᠬᠥᠯᠳᠡᠭᠦᠦ ᠭᠠᠵᠠᠷ ᠤ᠋ᠨ ᠵᠢᠩ ᠬᠠᠪᠢᠷᠭ᠎ᠠ ᠨᠡᠪᠲᠡ ᠵᠢᠩᠭᠢᠨᠡᠭᠦᠯᠦᠨᠡ᠃ ᠲᠡᠷᠡ ᠦᠶ᠎ᠡ ᠳ᠋ᠦ᠍ ᠬᠥᠪᠥᠩ ᠬᠥᠨᠵᠢᠯᠡ ᠳᠡᠪᠢᠰᠬᠡᠷ ᠲᠡᠢ ᠠᠢᠯ ᠲᠤᠩ ᠴᠥᠭᠡᠨ᠃ ᠪᠦᠷ ᠯᠡ ᠢᠮᠠᠭᠠᠨ ᠠᠷᠠᠰᠤᠨ ᠬᠥᠨᠵᠢᠯᠡ ᠵᠤᠵᠠᠭᠠᠨ ᠨᠡᠬᠡᠢ ᠬᠥᠨᠵᠢᠯᠡ ᠬᠤᠴᠢᠳᠠᠭ᠃ ᠬᠠᠬᠢᠷ ᠬᠦᠢᠲᠡᠨ ᠠᠭᠤᠷ ᠠᠮᠢᠰᠬᠤᠯ ᠲᠠᠢ ᠡᠪᠦᠯ ᠴᠠᠭ ᠤ᠋ᠨ ᠨᠡᠭᠦᠳᠡᠯ ᠮᠠᠯᠵᠢᠯ ᠠᠮᠢᠳᠤᠷᠠᠯ ᠳ᠋ᠤ᠌ ᠡᠭᠦᠨ ᠡᠴᠡ ᠨᠡᠩ ᠲᠣᠬᠢᠷᠠᠬᠤ ᠵᠦᠢᠯ ᠠᠯᠠᠭ᠎ᠠ᠃ ᠡᠨᠡᠬᠦ ᠠᠮᠢᠳᠤᠷᠠᠯ ᠳ᠋ᠠᠭᠠᠨ ᠡᠷᠲᠡᠨ ᠡᠴᠡ ᠪᠡᠨ ᠠᠪᠤᠭᠠᠳ ᠳᠠᠳᠴᠤ ᠠᠮᠢᠳᠤᠷᠠᠭᠰᠠᠨ ᠮᠠᠯᠴᠢᠳ ᠮᠠᠨᠢ ᠬᠠᠯᠠᠭᠤᠨ ᠱᠥᠯᠥ ᠲᠡᠢ ᠬᠣᠭᠣᠯᠠ ᠪᠠᠨ ᠢᠳᠡᠵᠦ ᠪᠦᠯᠢᠶᠡᠰᠦᠭᠡᠳ ᠬᠣᠨᠢᠨ ᠠᠷᠠᠰᠤᠨ ᠨᠡᠬᠡᠢ ᠳ᠋ᠡᠭᠡᠨ ᠰᠢᠷᠭᠤᠵᠤ ᠲᠠᠪᠠᠯᠠᠭᠤᠨ ᠲᠠᠭᠠᠲᠠᠢ ᠬᠠᠮᠠᠷ ᠲᠠᠲᠠᠨ᠎ᠠ᠃ ᠮᠥᠨᠴᠥ ᠡᠨᠡᠬᠦ ᠬᠠᠲᠠᠭᠤᠬᠠᠨ ᠵᠦᠳᠡᠷᠡᠯ ᠲᠡᠢ ᠣᠷᠴᠢᠨ ᠲᠣᠭᠣᠷᠢᠨ ᠤ᠋ ᠠᠮᠤᠭᠤᠯᠠᠩ ᠤᠷᠲᠤ ᠰᠥᠨᠢ ᠶ᠋ᠢᠨ ᠭᠦᠨ ᠳ᠋ᠦ᠍ ᠱᠥᠯᠦᠨ ᠲᠣᠰᠣᠨ ᠳ᠋ᠧᠩ ᠦ᠋ᠨ ᠭᠡᠷᠡᠯ ᠪᠥᠬᠥᠮᠡᠭᠴᠡ ᠵᠠᠯᠠᠭᠤ ᠢᠳᠡᠷ ᠢᠨᠠᠭ ᠬᠣᠣᠰ ᠤ᠋ᠳ ᠤ᠋ᠨ ᠨᠢᠭᠤᠴᠠᠬᠠᠨ ᠰᠢᠪᠡᠨᠡᠭᠡ ᠤᠳᠠᠭᠠᠨ ᠦᠷᠭᠦᠯᠵᠢᠯᠡᠵᠦ ᠬᠠᠢᠷ᠎ᠠ ᠶ᠋ᠢᠨ ᠢ᠋ᠶ᠋ᠡᠨ ᠢᠯᠴᠢᠨ ᠳ᠋ᠦ᠍ ᠬᠠᠬᠢᠷ ᠡᠪᠦᠯ ᠦ᠋ᠨ ᠬᠦᠢᠲᠡᠨ ᠢ᠋ ᠥᠯᠴᠢᠷᠬᠡᠨ ᠥᠩᠭᠡᠷᠡᠭᠦᠯᠳᠡᠭ ᠪᠠᠢᠯ᠎ᠠ᠃
ᠭᠠᠪᠢᠷ᠎ᠠ ᠰᠠᠷ᠎ᠠ ᠰᠢᠬᠠᠮ ᠶᠢᠰᠦᠨ ᠰᠢᠳᠢ ᠶ᠋ᠢᠨ ᠶᠠᠭᠤᠮ᠎ᠠ ᠦᠵᠡᠵᠦ᠂ ᠶᠠᠪᠤᠵᠤ ᠪᠠᠢᠭᠰᠠᠭᠠᠷ ᠬᠠᠮᠢᠭ᠎ᠠ ᠲᠠᠭᠠᠷᠠᠭᠰᠠᠨ ᠠᠢᠯ ᠳ᠋ᠤ᠌ ᠣᠷᠣᠢᠳᠠᠪᠠᠯ ᠬᠣᠨᠣᠭ ᠲᠠᠭᠠᠷᠠᠵᠤ ᠶᠠᠪᠤᠯ᠎ᠠ᠃ ᠴᠢᠨᠡᠭᠡᠯᠢᠭ ᠴᠡᠮᠴᠡᠭᠡᠷ ᠠᠢᠯ ᠪᠠᠢᠭᠰᠠᠨ ᠴᠤ᠌ ᠠᠮᠢᠳᠤᠷᠠᠯ ᠬᠦᠴᠢᠷᠲᠡᠢ ᠣᠯᠠᠨ ᠬᠡᠦᠬᠡᠳ ᠲᠡᠢ ᠠᠷᠭ᠎ᠠ ᠦᠭᠡᠢ ᠶᠠᠳᠠᠭᠤ ᠠᠢᠯ ᠳ᠋ᠤ᠌ ᠴᠤ᠌ ᠲᠣᠬᠢᠶᠠᠯᠳᠤᠵᠤ᠂ ᠠᠳᠠᠰᠬ᠎ᠠ ᠲᠤᠷᠤᠰᠬ᠎ᠠ ᠶ᠋ᠢᠨ ᠳᠡᠪᠢᠰᠬᠡᠷ ᠲᠡᠢ ᠠᠢᠯ ᠳ᠋ᠤ᠌ ᠴᠤ᠌ ᠬᠣᠨᠣᠵᠤ ᠶᠠᠪᠤᠯ᠎ᠠ᠃ ᠭᠠᠭᠴᠠ ᠴᠤ᠌ ᠤᠳᠠᠭ᠎ᠠ ᠬᠤᠪᠴᠠᠰᠤ ᠬᠤᠨᠠᠷ ᠢ᠋ᠶ᠋ᠠᠨ ᠲᠠᠢᠴᠢᠵᠤ ᠤᠨᠲᠠᠭᠰᠠᠨ ᠦᠭᠡᠢ᠃ ᠵᠠᠷᠢᠮ ᠳ᠋ᠠᠭᠠᠨ ᠲᠠᠭᠠᠷᠠᠭᠠᠳ ᠲᠡᠰᠬᠦ ᠦᠭᠡᠢ ᠪᠣᠯᠪᠠᠯ ᠬᠤᠪᠴᠠᠰᠤ ᠲᠠᠢ ᠪᠠᠨ ᠨᠡᠬᠡᠢ ᠬᠥᠨᠵᠢᠯᠡ ᠨᠥᠮᠥᠷᠴᠦ ᠰᠠᠭᠤᠳᠠᠭ ᠴᠤ᠌ ᠦᠷ ᠰᠢᠬᠠᠮᠠᠭᠴᠠ ᠤᠯᠠᠮ ᠴᠤ᠌ ᠬᠦᠢᠲᠡᠷᠡᠵᠦ᠂ ᠨᠣᠢᠷ ᠦᠭᠡᠢ ᠬᠣᠨᠣᠳᠠᠭ ᠪᠥᠭᠡᠳ ᠪᠥᠭᠡᠰᠦ ᠬᠢᠭᠤᠷᠰᠤ ᠬᠠᠵᠠᠵᠤ ᠲᠡᠰᠬᠦᠶ᠎ᠡ ᠪᠡᠷᠬᠡ ᠰᠢᠨᠠᠯᠭᠠᠳᠠᠭ ᠠᠵᠢ᠃ ᠲᠡᠭᠡᠬᠦ ᠳ᠋ᠦ᠍ ᠭᠡᠷ ᠦ᠋ᠨ ᠡᠵᠡᠳ ᠬᠡᠦᠬᠡᠳ ᠰᠢᠤᠬᠠᠳ ᠲᠠᠢ ᠪᠠᠨ ᠬᠣᠢᠮᠣᠷ ᠲᠠᠭᠠᠨ ᠠᠮᠤᠭᠤᠯᠠᠩ ᠲᠠᠭᠠᠲᠠᠢ ᠬᠤᠷᠬᠢᠷᠠᠬᠤ ᠶ᠋ᠢ ᠴᠢᠩᠨᠠᠵᠤ ᠬᠡᠪᠲᠡᠬᠦ ᠳ᠋ᠡᠭᠡᠨ ᠥᠪᠡᠷ ᠢ᠋ ᠪᠡᠨ ᠳᠡᠩᠳᠡᠭᠦᠦ ᠨᠢᠣᠯᠲᠣ ᠳᠣᠷᠣᠢ ᠭᠡᠳᠡᠭ ᠢ᠋ᠶ᠋ᠡᠨ ᠣᠢᠯᠠᠭᠠᠯ᠎ᠠ᠃ ᠨᠡᠭᠦᠳᠡᠯ ᠮᠠᠯᠵᠢᠯ ᠠᠮᠢᠳᠤᠷᠠᠯ ᠤ᠋ᠨ ᠬᠠᠲᠠᠭᠤ ᠪᠡᠷᠬᠡ ᠶ᠋ᠢ ᠡᠪᠦᠭᠡ ᠳᠡᠭᠡᠳᠦᠰ ᠦ᠋ᠨ ᠮᠠᠨᠢ ᠦᠶ᠎ᠡ ᠡᠴᠡ ᠡᠬᠢᠯᠡᠭᠡᠳ ᠡᠳᠦᠭᠡ ᠳ᠋ᠦ᠍ ᠬᠦᠷᠲᠡᠯ᠎ᠡ ᠵᠠᠭᠤᠨ ᠵᠠᠭᠤᠨ ᠢ᠋ ᠡᠯᠡᠭᠡᠭᠰᠡᠨ ᠪᠢᠰᠢ ᠪᠢᠯᠡ ᠤᠤ? ᠲᠡᠷᠡ ᠬᠦ᠌ ᠪᠠᠢᠭᠠᠯᠢᠯᠢᠭ ᠪᠠᠯᠠᠷᠯᠢᠭ ᠠᠮᠢᠳᠤᠷᠠᠬᠤᠢ ᠶ᠋ᠢᠨ ᠴᠤᠯᠤ ᠨᠡᠭᠦᠳᠡᠯ ᠰᠣᠶᠣᠯ ᠤ᠋ᠨ ᠤᠯᠠ ᠮᠥᠷ ᠢ᠋ ᠳᠡᠭᠡᠷ᠎ᠡ ᠵᠠᠭᠤᠨ ᠤ᠋ ᠳᠠᠯᠠᠭᠠᠳ ᠣᠨ ᠤ᠋ ᠳᠤᠮᠳᠠᠴᠢ ᠡᠷᠢᠨ ᠳ᠋ᠦ᠍᠂ ᠲᠡᠢᠨ ᠬᠦ᠌ ᠥᠪᠡᠷ ᠦ᠋ᠨ ᠪᠡᠶ᠎ᠡ ᠪᠡᠷ ᠢ᠋ᠶ᠋ᠡᠨ ᠣᠷᠣᠯᠴᠠᠵᠤ ᠮᠡᠳᠡᠷᠡᠵᠦ ᠶᠠᠪᠤᠭᠰᠠᠨ ᠢ᠋ᠶ᠋ᠠᠨ ᠲᠡᠷᠡ ᠡᠳᠦᠭᠡ ᠡᠷᠭᠢᠴᠡᠭᠦᠯᠦᠨ ᠳᠤᠷᠠᠰᠬᠤ ᠳ᠋ᠤ᠌ ᠣᠮᠣᠭᠰᠢᠵᠤ ᠪᠠᠬᠠᠷᠬᠠᠮᠠᠷ ᠰᠠᠨᠠᠭᠳᠠᠳᠠᠭ ᠠᠵᠢ᠃ ᠲᠡᠷᠡ ᠡᠭᠡᠯ ᠪᠣᠷᠣ ᠬᠥᠳᠡᠯᠮᠦᠷᠢᠴᠢ ᠠᠷᠠᠳ ᠲᠦᠮᠡᠨ ᠦ᠌ ᠪᠡᠨ ᠳᠤᠮᠳᠠ᠎ᠠ᠋ᠴᠠ ᠠᠮᠢᠳᠤᠷᠠᠵᠤ ᠶᠠᠪᠤᠬᠤ ᠶ᠋ᠢᠨ ᠤᠴᠢᠷ ᠤᠳᠬ᠎ᠠ ᠶ᠋ᠢ ᠣᠢᠯᠠᠭᠠᠵᠤ᠂ ᠠᠷᠠᠳ ᠤ᠋ᠨ ᠳᠠᠭᠤᠤ ᠠᠮᠠᠨ ᠶᠠᠷᠢᠶᠠᠨ ᠤ᠋ ᠪᠠᠶᠠᠨ ᠰᠠᠩ ᠠᠴᠠ ᠨᠢ ᠬᠡᠮᠵᠢᠶᠡᠯᠡᠰᠢ ᠦᠭᠡᠢ ᠬᠡᠯᠡ ᠰᠣᠶᠣᠯ ᠤ᠋ᠨ ᠭᠠᠢᠬᠠᠮᠰᠢᠭ ᠢ᠋ ᠮᠡᠳᠡᠷᠡᠵᠦ ᠶᠠᠪᠤᠭᠰᠠᠨ ᠶᠤᠮ᠃
ᠭᠠᠪᠢᠷ᠎ᠠ ᠵᠣᠭᠰᠣᠬᠤ ᠰᠢᠬᠠᠭᠰᠠᠨ ᠮᠣᠷᠢ ᠪᠠᠷ ᠢ᠋ᠶ᠋ᠠᠨ ᠶᠤᠭᠤᠭᠤᠯᠤᠭᠰᠠᠭᠠᠷ ᠠᠳᠤᠭᠤᠴᠢᠨ ᠮᠢᠴᠢᠳ ᠦ᠋ᠨ ᠭᠠᠳᠠᠨ᠎ᠠ ᠢᠷᠡᠵᠦ ᠪᠠᠭᠤᠪᠠ᠃ ᠮᠢᠵᠢᠳ ᠥᠪᠡᠷ ᠲᠡᠢ ᠨᠢ ᠨᠠᠰᠤ ᠬᠤᠷᠠᠭ ᠤ᠋ᠨ ᠵᠠᠯᠠᠭᠤ ᠪᠣᠯᠪᠠᠴᠤ ᠬᠡᠳᠦᠢᠨ ᠬᠤᠷᠢᠮᠯᠠᠭᠠᠳ ᠳᠠᠪ ᠪᠠᠭᠤᠭᠰᠠᠨ ᠰᠠᠢᠬᠠᠨ ᠠᠮᠢᠳᠤᠷᠠᠯ ᠲᠠᠢ ᠠᠢᠯ ᠪᠠᠢᠵᠤ᠂ ᠵᠠᠯᠠᠭᠤ ᠪᠡᠷᠢ ᠨᠢ ᠮᠠᠷᠢᠶᠠᠯᠢᠭ ᠴᠢᠭᠢᠷᠠᠭ ᠪᠡᠶ᠎ᠡ ᠲᠡᠢ᠂ ᠤᠷᠲᠤ ᠬᠠᠷ᠎ᠠ ᠭᠡᠵᠢᠭᠡ ᠲᠡᠢ᠂ ᠮᠡᠯᠮᠡᠷᠡᠭᠰᠡᠨ ᠤᠰᠤᠨ ᠪᠣᠯᠣᠷ ᠨᠢᠳᠦ ᠲᠡᠢ ᠬᠥᠭᠡᠷᠦᠬᠦᠨ ᠪᠣᠷᠣ ᠪᠦᠰᠡᠭᠦᠢ᠃ ᠬᠣᠢᠮᠣᠷ ᠲᠤᠨᠢ ᠠᠪᠤ ᠪᠠᠨ ᠥᠪᠴᠢᠵᠦ ᠲᠥᠷᠥᠭᠰᠡᠨ ᠪᠣᠯᠪᠠᠴᠤ ᠡᠵᠢ ᠶ᠋ᠢᠨ ᠢ᠋ᠶ᠋ᠡᠨ ᠮᠠᠯ ᠬᠠᠷ᠎ᠠ ᠨᠢᠳᠦ ᠶ᠋ᠢ ᠳᠠᠭᠤᠷᠢᠶᠠᠭᠰᠠᠨ ᠲᠠᠪᠤ ᠵᠢᠷᠭᠤᠭᠠᠨ ᠨᠠᠰᠤᠨ ᠤ᠋ ᠪᠣᠷᠣ ᠬᠦᠦ ᠱᠠᠭ᠎ᠠ ᠥᠷᠥᠨ ᠲᠣᠭᠯᠠᠵᠤ ᠰᠠᠭᠤᠨ᠎ᠠ᠃
ᠮᠢᠵᠢᠳ ᠦ᠋ᠨ ᠡᠵᠢ ᠨᠢ ᠭᠡᠵᠦ ᠡᠨᠡᠷᠢᠩᠭᠦᠢ ᠵᠥᠭᠡᠯᠡᠨ ᠬᠠᠷᠠᠴᠠ ᠲᠠᠢ᠂ ᠯᠠᠭᠱᠠᠨ ᠴᠢᠭᠢᠷᠠᠭ ᠪᠡᠶ᠎ᠡ ᠲᠡᠢ ᠵᠢᠷᠠ ᠭᠠᠷᠤᠢ ᠨᠠᠰᠤᠨ ᠤ᠋ ᠠᠪᠠᠭᠠᠢ᠂ ᠪᠡᠷᠢ ᠨᠢ ᠴᠠᠢ ᠪᠠᠵᠠᠭᠠᠵᠤ᠂ ᠠᠷᠤ ᠠ᠋ᠴᠠ ᠨᠢ ᠰᠢᠨ᠎ᠡ ᠮᠢᠬ᠎ᠠ ᠬᠥᠰᠬᠥᠯᠡᠵᠦ ᠭᠤᠯᠢᠷ ᠬᠣᠭᠣᠯᠠ ᠪᠡᠯᠡᠳᠬᠡᠵᠦ ᠶᠠᠭᠠᠷᠠᠨ᠎ᠠ᠃ ᠮᠢᠵᠢᠳ ᠪᠠᠷᠠᠭᠤᠨ ᠡᠮᠦᠨ᠎ᠡ ᠬᠠᠶᠠᠭᠠᠨ ᠳ᠋ᠠᠭᠠᠨ ᠨᠠᠮᠢᠷᠠᠲᠠᠯᠠ ᠡᠯᠳᠡᠭᠰᠡᠨ ᠰᠤᠷ ᠢ᠋ᠶ᠋ᠠᠷ ᠨᠣᠭᠲᠣ ᠵᠠᠩᠭᠢᠳᠴᠤ ᠰᠠᠭᠤᠭᠰᠠᠨ ᠢ᠋ᠶ᠋ᠠᠨ
— ᠵᠠ᠂ ᠲᠡᠭᠡᠭᠡᠳ ᠠᠵᠢᠯ ᠰᠠᠢᠨ ᠤᠤ? ᠬᠠᠮᠢᠭᠠᠠ᠋ᠴᠠ ᠢᠷᠡᠪᠡ? ᠭᠡᠵᠦ ᠰᠢᠳᠦ ᠪᠡᠨ ᠢᠷᠠᠯᠵᠠᠭᠤᠯᠤᠨ ᠢᠨᠢᠶᠡᠮᠰᠦᠭᠯᠡᠨ᠎ᠡ᠃
— ᠠᠭᠤᠯᠠᠨ ᠠᠷᠤ ᠶ᠋ᠢᠨ ᠠᠢᠯ ᠤ᠋ᠳ ᠢ᠋ᠶ᠋ᠠᠷ ᠲᠣᠭᠣᠷᠢᠵᠤ ᠶᠠᠪᠤᠲᠠᠯ᠎ᠠ ᠮᠣᠷᠢ ᠵᠣᠭᠰᠣᠴᠢᠬᠠᠯ᠎ᠠ᠃ ᠲᠠᠨ ᠤ᠋ ᠠᠳᠤᠭᠤᠨ ᠠ᠋ᠴᠠ ᠮᠣᠷᠢ ᠰᠣᠯᠢᠵᠤ ᠤᠨᠤᠬᠤ ᠰᠠᠨᠠᠭᠠᠲᠠᠢ ᠭᠡᠪᠡᠯ ᠮᠢᠵᠢᠳ᠄
— ᠦ᠂ ᠪᠣᠯᠣᠯᠭᠦᠢ ᠶᠠᠭᠠᠬᠢᠬᠤᠪ᠂ ᠣᠴᠢᠭᠠᠳ ᠯᠠ ᠪᠠᠷᠢᠭᠠᠳ ᠥᠭᠭᠦᠶ᠎ᠡ᠃ ᠬᠠᠷᠢᠨ ᠯᠤᠪᠰᠠᠩ ᠭᠤᠸᠠᠢ ᠶ᠋ᠢᠨ ᠬᠠᠷ᠎ᠠ ᠮᠣᠷᠢ ᠨᠣᠬᠠᠢ ᠳ᠋ᠤ᠌ ᠠᠭᠠᠰᠢ ᠲᠠᠢ᠃ ᠣᠮᠤᠤ ᠳᠠᠷᠤᠭ᠎ᠠ ᠶ᠋ᠢᠨ ᠪᠣᠷᠣ ᠮᠣᠷᠢ ᠠᠮᠠ ᠨᠢ ᠬᠠᠲᠠᠭᠤ᠂ ᠷᠤᠯᠮ᠎ᠠ ᠱᠦᠵᠢ ᠶ᠋ᠢᠨ ᠬᠠᠱᠠᠩ ᠬᠦᠷᠡᠩ ᠢ᠋ ᠯᠡ ᠪᠠᠷᠢᠵᠤ ᠥᠭᠬᠦ ᠡᠴᠡ ᠳᠡ ᠭᠡᠪᠡᠯ ᠭᠠᠪᠢᠷ᠎ᠠ ᠰᠠᠨᠳᠤᠷᠤᠨ
— ᠬᠠᠱᠠᠩ ᠮᠣᠷᠢ ᠪᠣᠯ ᠬᠡᠷᠡᠭ ᠦᠭᠡᠢ᠂ ᠴᠠᠭ ᠪᠠᠷᠠᠨ᠎ᠠ᠃ ᠲᠡᠷᠡ ᠠᠮᠠ ᠨᠢ ᠬᠠᠲᠠᠭᠤ ᠪᠣᠷᠣ ᠮᠣᠷᠢ ᠶ᠋ᠢ ᠤᠨᠤᠶ᠎ᠠ ᠭᠡᠪᠡ᠃ ᠮᠢᠵᠢᠳ᠄
— ᠠᠮᠠ ᠨᠢ ᠳᠡᠢᠯᠲᠡᠬᠦ ᠦᠭᠡᠢ ᠠᠪᠴᠤ ᠳᠠᠪᠬᠢᠭᠠᠳ ᠬᠠᠮᠢᠭ᠎ᠠ ᠴᠤ᠌ ᠬᠠᠶᠠᠴᠢᠬᠠᠵᠤ ᠮᠡᠳᠡᠨ᠎ᠡ ᠰᠢᠦ! ᠭᠡᠳ ᠲᠣᠬᠣᠭᠣᠲᠠᠢᠬᠠᠨ ᠢᠨᠢᠶᠡᠪᠡ᠃ ᠲᠡᠳᠡᠨ ᠦ᠌ ᠳ᠋ᠦ᠍ ᠬᠣᠭᠣᠯᠠ ᠢᠳᠡᠵᠦ ᠲᠦᠷ ᠠᠮᠠᠷᠠᠵᠤ ᠠᠪᠤᠭᠠᠳ ᠮᠢᠵᠢᠳ ᠲᠡᠢ ᠴᠣᠭ ᠮᠣᠷᠳᠠᠵᠤ ᠠᠳᠤᠭᠤᠨ ᠳᠡᠭᠡᠷ᠎ᠡ ᠨᠢ ᠣᠴᠢᠪᠠ᠃ ᠮᠢᠵᠢᠳ᠂ ᠬᠡᠦᠬᠡᠨ ᠡᠴᠡ ᠨᠤᠲᠤᠭ ᠤᠰᠤᠨ ᠤ᠋ ᠬᠢᠨᠢ ᠲᠤᠬᠠᠢ ᠠᠰᠠᠭᠤᠨ ᠵᠣᠭᠣᠭᠳᠠᠭᠰᠠᠭᠠᠷ ᠠᠳᠤᠭᠤᠨ ᠳ᠋ᠠᠭᠠᠨ ᠢᠷᠡᠵᠦ᠂ ᠭᠠᠴᠠᠭᠠᠨ ᠤ᠋ ᠳᠠᠷᠤᠭ᠎ᠠ ᠨᠠᠷ ᠤ᠋ᠨ ᠤᠨᠤᠭᠠᠷᠢ ᠠ᠋ᠴᠠ ᠪᠤᠰᠤ ᠬᠠᠷᠢᠨ ᠥᠪᠡᠷ ᠦ᠋ᠨ ᠢ᠋ᠶ᠋ᠡᠨ ᠨᠢᠭᠡᠨ ᠬᠤᠷᠳᠤᠨ ᠭᠦᠶᠦᠳᠡᠯ ᠲᠡᠢ ᠨᠣᠮᠣᠬᠠᠨ ᠬᠠᠯᠢᠭᠤᠨ ᠮᠣᠷᠢ ᠪᠠᠨ ᠰᠣᠯᠢᠵᠤ ᠥᠭᠪᠡ᠃ ᠬᠡᠦᠬᠡᠨ ᠳᠠᠬᠢᠨ ᠳᠠᠪᠲᠠᠨ ᠲᠠᠯᠠᠷᠬᠠᠯ ᠢᠯᠡᠷᠬᠡᠢᠯᠡᠵᠦ ᠭᠡᠨᠡᠳᠲᠡ ᠶᠠᠭᠤ ᠨᠢᠭᠡ ᠶ᠋ᠢ ᠰᠠᠨᠠᠵᠤ ᠣᠯᠤᠭᠠᠳ ᠭᠡᠳᠡᠭᠡᠨᠡᠨ ᠢᠨᠢᠶᠡᠵᠦ
— ᠲᠡᠷᠡ ᠡᠳᠦᠷ ᠬᠤᠷᠠᠯ ᠲᠠᠷᠬᠠᠭᠠᠳ ᠢᠷᠡᠬᠦ ᠳ᠋ᠦ᠍ ᠴᠢᠨᠢ ᠠᠳᠤᠭᠤ ᠴᠢᠨᠢ ᠰᠠᠢᠬᠠᠨ ᠲᠣᠭᠲᠠᠵᠤ ᠪᠠᠢᠪᠠ ᠤᠤ? ᠭᠡᠰᠡᠨ ᠳ᠋ᠦ᠍ ᠮᠢᠵᠢᠳ᠄
— ᠰᠠᠢᠬᠠᠨ ᠲᠣᠭᠲᠠᠵᠤ ᠪᠠᠢᠭᠰᠠᠨ ᠠ᠋ ᠭᠡᠬᠦ ᠳ᠋ᠦ᠍
— ᠨᠥᠭᠦᠭᠡ ᠬᠡᠴᠡᠭᠦᠦ《ᠠᠶᠤᠩᠭ᠎ᠠ》 ᠳ᠋ᠤ᠌ ᠳᠠᠭᠠᠷᠢᠭᠳᠠᠭᠰᠠᠨ ᠶᠠᠭᠤᠮ᠎ᠠ ᠦᠭᠡᠢ ᠤᠤ? ᠭᠡᠪᠡᠯ ᠮᠢᠵᠢᠳ᠂ ᠲᠡᠷᠡ ᠡᠳᠦᠷ ᠦ᠋ᠨ ᠤᠴᠢᠷ ᠢ᠋ ᠪᠣᠳᠣᠵᠤ ᠣᠯᠤᠭᠠᠳ ᠬᠣᠶᠠᠭᠤᠯᠠ ᠬᠥᠭᠡᠷᠦᠯᠳᠦᠨ ᠢᠨᠢᠶᠡᠯᠴᠡᠪᠡ᠃ ᠬᠡᠦᠬᠡᠨ ᠦ᠌ ᠡᠷᠡᠭᠡ ᠵᠢᠷᠣᠭ᠎ᠠ ᠦᠭᠡᠢ᠂ ᠱᠣᠭ ᠶᠦᠮᠦᠷᠯᠢᠭ ᠦᠭᠡᠨ ᠳ᠋ᠦ᠍ ᠪᠡᠶᠡᠰᠦᠨ ᠬᠥᠭᠡᠷᠦᠭᠰᠡᠨ ᠵᠠᠯᠠᠭᠤ ᠶ᠋ᠢᠨ ᠪᠢᠰᠢᠭᠦᠷᠬᠡᠵᠦ ᠨᠡᠷᠡᠯᠬᠡᠭᠰᠡᠨ ᠰᠡᠳᠬᠢᠯ ᠨᠢ ᠲᠠᠯᠪᠢᠭᠳᠠᠨ᠂ ᠳᠥᠷᠦᠭᠡᠨ ᠳᠡᠭᠡᠷ᠎ᠡ ᠪᠡᠨ ᠥᠨᠳᠡᠢᠨ ᠬᠠᠲᠠᠷᠢᠭᠤᠯᠤᠭᠰᠠᠭᠠᠷ ᠬᠣᠯᠠᠳᠬᠤ ᠬᠡᠦᠬᠡᠨ ᠦ᠌ ᠠᠷᠤ ᠠ᠋ᠴᠠ ᠤᠳᠠᠲᠠᠯ᠎ᠠ ᠬᠠᠷᠠᠵᠤ ᠵᠣᠭᠰᠣᠪᠠ᠃
ᠭᠠᠪᠢᠷ᠎ᠠ ᠮᠣᠷᠢ ᠶᠡᠭᠦᠯᠡᠵᠦ ᠤᠨᠤᠭᠠᠳ ᠦᠷᠭᠦᠯᠵᠢᠯᠡᠨ ᠠᠢᠯ ᠳᠠᠮᠵᠢᠨ ᠱᠣᠭᠰᠢᠭᠤᠯᠪᠠ᠃ ᠰᠠᠷ᠎ᠠ ᠰᠢᠬᠠᠮ ᠢᠩᠭᠢᠵᠦ ᠠᠢᠯᠠ᠋ᠴᠠ ᠠᠢᠯ ᠳᠠᠮᠵᠢᠨ ᠶᠠᠪᠤᠭᠰᠠᠭᠠᠷ ᠪᠠᠢᠵᠤ ᠠᠷᠠᠢ ᠭᠡᠵᠦ ᠬᠣᠷᠢ ᠭᠠᠷᠤᠢᠬᠠᠨ ᠰᠤᠷᠤᠭᠴᠢ ᠶ᠋ᠢ ᠪᠦᠷᠢᠳᠬᠡᠵᠦ ᠠᠪᠤᠯ᠎ᠠ᠃ ᠭᠡᠪᠡᠴᠦ ᠬᠡᠳᠦᠨ ᠵᠠᠭᠤᠨ ᠬᠥᠮᠦᠨ ᠠᠮᠠ ᠲᠠᠢ ᠡᠨᠡ ᠭᠠᠴᠠᠭᠠᠨ ᠳ᠋ᠤ᠌ ᠠᠷᠠᠢ ᠴᠤ᠌ ᠡᠳᠦᠢᠬᠡᠨ ᠬᠡᠦᠬᠡᠳ ᠢ᠋ᠶ᠋ᠡᠷ ᠵᠣᠭᠰᠣᠬᠤ ᠦᠭᠡᠢ ᠶᠦᠮ᠃ ᠰᠤᠷᠬᠤ ᠨᠠᠰᠤᠨ ᠤ᠋ ᠬᠡᠦᠬᠡᠳ ᠵᠥᠩᠳᠡᠭᠡᠨ ᠪᠠᠢᠭ᠎ᠠ ᠪᠣᠯᠪᠠᠴᠤ ᠣᠯᠠᠩᠬᠢ ᠭᠡᠷ ᠦ᠋ᠨ ᠠᠬᠠᠮᠠᠳ ᠬᠡᠦᠬᠡᠳ ᠢ᠋ᠶ᠋ᠡᠨ ᠰᠤᠮᠤᠨ ᠤ᠋ ᠰᠤᠷᠭᠠᠭᠤᠯᠢ ᠳ᠋ᠤ᠌ ᠥᠭᠬᠦ ᠳᠤᠷ᠎ᠠ ᠦᠭᠡᠢ ᠪᠠᠢᠯ᠎ᠠ᠃ ᠰᠢᠯᠲᠠᠭᠠᠨ ᠨᠢ ᠭᠡᠪᠡᠯ《ᠬᠡᠦᠬᠡᠳ ᠭᠡᠷ ᠡᠴᠡ ᠪᠡᠨ ᠬᠣᠯᠠᠳᠠᠴᠢᠬᠠᠨᠠ᠃ ᠡᠷᠭᠢᠵᠦ ᠲᠣᠭᠣᠷᠢᠬᠤ ᠳ᠋ᠤ᠌ ᠳᠥᠭᠥᠮ ᠦᠭᠡᠢ》 ᠭᠡᠨ᠎ᠡ᠃ ᠠᠢᠯ ᠠᠴᠠ ᠠᠢᠯ ᠳᠠᠮᠵᠢᠨ ᠨᠢᠭᠡ ᠣᠴᠢᠭᠰᠠᠨ ᠠᠢᠯ ᠳ᠋ᠠᠭᠠᠨ ᠬᠡᠳᠦ ᠳᠠᠬᠢᠨ ᠡᠷᠭᠢᠵᠦ ᠣᠴᠢᠨ ᠶᠠᠳᠠᠷᠠᠵᠤ ᠲᠤᠢᠯᠳᠠᠵᠤ ᠶᠠᠪᠤᠬᠤ ᠳ᠋ᠠᠭᠠᠨ ᠭᠠᠪᠢᠷ᠎ᠠ ᠵᠠᠷᠢᠮ ᠳ᠋ᠠᠭᠠᠨ ᠡᠭᠦᠨ ᠢ᠋ ᠰᠤᠷᠤᠭᠴᠢ ᠡᠯᠰᠡᠵᠦ ᠪᠠᠢᠨ᠎ᠠ ᠭᠡᠬᠦ ᠡᠴᠡ ᠶᠣᠰᠣᠲᠠᠢ ᠡᠷᠦᠬᠡ ᠳᠠᠷᠠᠭᠠᠯᠠᠨ ᠪᠠᠳᠢᠷᠴᠢᠯᠠᠵᠤ ᠪᠠᠢᠨ᠎ᠠ ᠭᠡᠪᠡᠯ ᠨᠡᠩ ᠣᠨᠣᠪᠴᠢᠲᠠᠢ ᠰᠢᠭ᠋᠃ ᠵᠠᠷᠢᠮ ᠠᠢᠯ ᠨᠢ ᠳᠣᠯᠣᠭ᠎ᠠ ᠨᠠᠢ᠍ᠮᠠ ᠪᠡᠷ ᠴᠦ᠍ ᠬᠡᠦᠬᠡᠳ ᠲᠡᠢ ᠪᠦᠷ ᠯᠡ ᠰᠤᠷᠬᠤ ᠨᠠᠰᠤᠨ ᠤ᠋ ᠬᠡᠦᠬᠡᠳ ᠶᠦᠮ᠃ ᠭᠡᠲᠡᠯ᠎ᠡ ᠶᠠᠭᠠᠬᠢᠭᠠᠳ ᠬᠡᠦᠬᠡᠳ ᠦ᠋ᠨ ᠢ᠋ᠶ᠋ᠡᠨ ᠰᠣᠶᠣᠯ ᠪᠢᠴᠢᠭ ᠰᠤᠷᠬᠤ ᠶ᠋ᠢ ᠬᠦᠨᠳᠦᠳᠬᠡᠵᠦ ᠦᠵᠡᠳᠡᠭ ᠦᠭᠡᠢ ᠪᠣᠢ? ᠴᠣᠬᠣᠮ ᠭᠣᠣᠯ ᠰᠢᠯᠲᠠᠭᠠᠨ ᠨᠢ ᠶᠠᠭᠤᠨ ᠳ᠋ᠤ᠌ ᠪᠠᠢᠭ᠎ᠠ ᠪᠣᠢ? ᠭᠡᠬᠦ ᠵᠡᠷᠭᠡ ᠪᠡᠷ ᠪᠣᠳᠣᠵᠤ ᠶᠠᠪᠤᠨ᠎ᠠ᠃ ᠲᠡᠷᠡ ᠮᠣᠷᠢᠨ ᠨᠢᠷᠤᠭᠤᠨ ᠳ᠋ᠤ᠌ ᠡᠳᠦᠷᠵᠢᠨ ᠰᠠᠵᠢᠯᠠᠭᠤᠯᠤᠨ ᠲᠠᠭᠠᠷᠠᠵᠤ ᠪᠡᠭᠡᠷᠡᠨ ᠥᠯᠥᠰᠴᠦ ᠤᠮᠳᠠᠭᠠᠰᠤᠨ᠂ ᠠᠢᠯ ᠤ᠋ᠨ ᠵᠠᠭᠤᠳᠠᠭ ᠨᠣᠬᠠᠳ ᠢ᠋ᠶ᠋ᠠᠷ ᠤᠷᠠᠵᠤ ᠲᠠᠰᠤᠳᠠᠭᠤᠯᠬᠤ ᠠᠯᠲᠠᠨ ᠶᠠᠪᠤᠭᠰᠠᠭᠠᠷ ᠥᠨᠥᠳᠥᠷ ᠬᠠᠮᠤᠭ ᠬᠣᠯᠠ ᠪᠠᠢᠬᠤ ᠨᠢᠭᠡᠨ ᠠᠢᠯ ᠢ᠋ ᠵᠣᠷᠢᠨ ᠪᠣᠰᠤᠭ᠎ᠠ ᠳᠥᠷᠥᠭᠡ ᠪᠡᠷ ᠬᠠᠲᠠᠷᠢᠭᠤᠯᠪᠠ᠃ ᠮᠢᠵᠢᠳ ᠦ᠋ᠨ ᠪᠠᠷᠢᠵᠤ ᠦᠭᠭᠦᠭᠰᠡᠨ ᠡᠨᠡ ᠮᠣᠷᠢ ᠠᠰᠢᠭᠦᠢ ᠰᠢᠨᠳᠠᠰᠤ ᠰᠠᠢᠲᠠᠢ ᠬᠤᠷᠳᠤᠨ ᠬᠦᠯᠦᠭ ᠪᠠᠢᠵᠠᠢ᠃ ᠨᠣᠬᠠᠢ ᠳ᠋ᠤ᠌ ᠴᠤ᠌ ᠠᠭᠠᠰᠢ ᠦᠭᠡᠢ ᠲᠣᠭᠲᠠᠭᠤᠨ ᠵᠠᠩ ᠲᠠᠢ᠃
ᠭᠠᠪᠢᠷ᠎ᠠ ᠶ᠋ᠢᠨ ᠨᠢᠮᠭᠡᠨ ᠴᠠᠭᠠᠨ ᠠᠷᠠᠰᠤ ᠲᠠᠢ ᠨᠢᠭᠤᠷ ᠵᠢᠪᠠᠷ ᠰᠠᠯᠬᠢᠨ ᠳ᠋ᠤ᠌ ᠤᠯᠠᠢᠨ ᠪᠣᠷᠣᠯᠠᠵᠠᠢ᠃ ᠡᠨᠳᠡᠬᠢ ᠶ᠋ᠢᠨ ᠠᠢᠯ ᠤ᠋ᠳ ᠵᠥᠩᠳᠡᠭᠡᠨ ᠲᠠᠷᠠᠤ ᠰᠠᠭᠤᠳᠠᠭ᠃ ᠥᠨᠥᠳᠥᠷ ᠡᠨᠳᠡ ᠨᠢᠭᠡ ᠠᠢᠯ ᠬᠣᠲᠠ ᠪᠠᠢᠭᠰᠠᠨ ᠢ᠋ᠶ᠋ᠠᠨ ᠮᠠᠷᠭᠠᠰᠢ ᠥᠷᠯᠥᠭᠡ ᠨᠢ ᠪᠣᠰᠤᠭᠠᠳ ᠬᠠᠷᠠᠬᠤ ᠳ᠋ᠤ᠌ ᠨᠡᠭᠦᠴᠢᠬᠡᠭᠰᠡᠨ ᠪᠠᠢᠳᠠᠭ᠃ ᠲᠡᠭᠡᠬᠦᠯᠡᠷ ᠠᠢᠯ ᠪᠠᠷᠠᠳᠠᠨ ᠳᠠᠪᠬᠢᠭᠰᠠᠭᠠᠷ ᠪᠠᠢᠲᠠᠯ᠎ᠠ ᠬᠥᠮᠦᠨ ᠮᠣᠷᠢ ᠲᠠᠢ ᠪᠠᠨ ᠪᠦᠷ ᠴᠦ᠍ ᠶᠠᠳᠠᠵᠤ ᠲᠤᠢᠯᠳᠠᠵᠤ ᠬᠣᠴᠣᠷᠤᠨ᠎ᠠ᠃ ᠭᠡᠪᠡᠴᠦ ᠭᠠᠪᠢᠷ᠎ᠠ ᠥᠬᠢᠨ ᠵᠣᠷᠢᠭ ᠰᠢᠨᠲᠠᠷᠠᠯ ᠦᠭᠡᠢ ᠶᠠᠪᠤᠭᠰᠠᠭᠠᠷ ᠪᠠᠢᠵᠤ ᠮᠠᠯᠴᠢᠳ ᠲᠠᠢ ᠨᠡᠯᠢᠶᠡᠳ ᠡᠪ ᠵᠦᠢ ᠪᠡᠨ ᠣᠯᠤᠯᠴᠠᠵᠤ ᠲᠠᠨᠢᠯ ᠳᠠᠰᠤᠯ ᠪᠣᠯᠴᠢᠬᠠᠵᠠᠢ᠃ ᠲᠡᠭᠡᠭᠡᠳ ᠴᠦ᠍ ᠪᠠᠶᠠᠨ ᠴᠢᠨᠡᠭᠡᠯᠢᠭ ᠠᠢᠯ ᠤ᠋ᠳ ᠲᠠᠢ ᠴᠤ᠌ ᠲᠠᠭᠠᠷᠠᠵᠤ᠂ ᠶᠠᠭᠠᠬᠢᠬᠤ ᠠᠷᠭ᠎ᠠ ᠦᠭᠡᠢ ᠶᠠᠳᠠᠭᠤ ᠵᠤᠲᠠᠷᠠᠭᠤ ᠠᠢᠯ ᠲᠠᠢ ᠴᠤ᠌ ᠬᠠᠷᠭᠤᠵᠤ ᠶᠠᠪᠤᠵᠠᠢ᠃ ᠶᠡᠷᠦ ᠨᠢ ᠡᠨᠡᠬᠦ ᠰᠠᠷ᠎ᠠ ᠰᠢᠬᠠᠮ ᠤ᠋ᠨ ᠬᠤᠭᠤᠴᠠᠭᠠᠨ ᠳ᠋ᠤ᠌ ᠶᠠᠭᠤ ᠡᠰᠡ ᠲᠠᠭᠠᠷᠠᠯ᠎ᠠ ᠭᠡᠬᠦᠪ᠃ ᠳᠥᠩᠭᠡᠵᠦ ᠬᠣᠷᠢ ᠶ᠋ᠢᠨ ᠳᠠᠪᠠᠭ᠎ᠠ ᠰᠢᠭᠦᠷᠡᠵᠦ ᠬᠣᠩᠭᠣᠷᠬᠠᠨ ᠵᠠᠯᠠᠭᠤ ᠨᠠᠰᠤᠨ ᠳ᠋ᠠᠭᠠᠨ ᠪᠠᠢᠵᠤ ᠬᠣᠷᠸ᠎ᠠ ᠶ᠋ᠢᠨ ᠵᠢᠷᠭᠠᠯ ᠢ᠋ ᠡᠳ᠋ᠯᠡᠵᠦ ᠠᠮᠵᠢᠭ᠎ᠠ ᠦᠭᠡᠢ ᠶᠠᠪᠤᠭᠰᠠᠨ ᠴᠡᠪᠡᠷ ᠣᠩᠭᠣᠨ ᠢ᠋ᠶ᠋ᠠᠷ ᠪᠠᠢᠭᠰᠠᠨ ᠲᠡᠭᠦᠨ ᠳ᠋ᠦ᠍ ᠨᠢᠳᠦ ᠬᠠᠯᠲᠤᠷᠢᠵᠤ ᠨᠢᠭᠤᠷ ᠢ᠋ ᠨᠢ ᠨᠢᠯᠴᠢᠬᠢᠨᠡᠭᠥᠯᠥᠭᠰᠡᠨ ᠰᠣᠨᠢᠬᠠᠨ ᠤᠴᠢᠷ ᠤ᠋ᠳ ᠴᠤ᠌ ᠲᠣᠬᠢᠶᠠᠯᠳᠤᠵᠤ ᠪᠠᠢᠯ᠎ᠠ᠃
ᠨᠢᠭᠡᠨ ᠡᠳᠦᠷ ᠶᠠᠪᠤᠭᠰᠠᠭᠠᠷ ᠪᠠᠢᠵᠤ ᠬᠠᠷᠠᠩᠭᠤᠢ ᠪᠦᠷᠦᠩᠬᠦᠢ ᠶ᠋ᠢᠨ ᠦᠶ᠎ᠡ ᠪᠡᠷ ᠠᠷᠠᠢ ᠭᠡᠵᠦ ᠨᠢᠭᠡ ᠠᠢᠯ ᠲᠠᠭᠠᠷᠠᠵᠤ ᠬᠣᠨᠣᠭᠯᠠᠬᠤ ᠪᠣᠯᠪᠠ᠃ ᠭᠤᠷᠪᠠ ᠪᠠᠷ ᠴᠦ᠍ ᠬᠡᠦᠬᠡᠳ ᠲᠡᠢ ᠵᠠᠯᠠᠭᠤᠬᠠᠨ ᠡᠷ᠎ᠡ ᠡᠮ᠎ᠡ ᠪᠠᠢᠵᠠᠢ᠃ ᠣᠷᠣᠢ ᠤᠨᠲᠠᠬᠤ ᠦᠶ᠎ᠡ ᠳ᠋ᠦ᠍ ᠵᠤᠤᠬᠠᠨ ᠤ᠋ ᠪᠠᠷᠠᠭᠤᠨ ᠲᠠᠯ᠎ᠠ ᠪᠠᠷ ᠭᠠᠪᠢᠷ᠎ᠠ ᠳ᠋ᠤ᠌ ᠣᠷᠣ ᠵᠠᠰᠠᠵᠤ ᠢᠮᠠᠭᠠᠨ ᠠᠷᠠᠰᠤᠨ ᠬᠥᠨᠵᠢᠯᠡ ᠬᠤᠴᠢᠵᠤ ᠦᠭᠭᠦᠯ᠎ᠡ᠃ ᠭᠤᠷᠪᠠᠨ ᠬᠡᠦᠬᠡᠳ ᠢ᠋ᠶ᠋ᠡᠨ ᠬᠣᠢᠮᠣᠷ ᠲᠠᠭᠠᠨ ᠬᠣᠨᠢᠨ ᠠᠷᠠᠰᠤᠨ ᠬᠥᠨᠵᠢᠯᠡ ᠳ᠋ᠦ᠍ ᠣᠷᠣᠭᠤᠯᠤᠭᠠᠳ ᠥᠪᠡᠷᠰᠡᠳ ᠢ᠋ᠶ᠋ᠡᠨ ᠵᠡᠭᠦᠨᠲᠡᠢ ᠪᠡᠨ ᠬᠡᠪᠲᠡᠵᠡᠭᠡᠪᠡ᠃ ᠲᠣᠰᠣᠨ ᠳ᠋ᠧᠩ ᠦ᠋ᠨ ᠭᠡᠷᠡᠯ ᠪᠥᠬᠥᠮᠡᠭᠴᠡ ᠡᠬᠡᠨᠡᠷ ᠨᠥᠬᠥᠷ ᠬᠣᠶᠠᠭᠤᠯᠠ ᠪᠠᠨ ᠪᠠᠬᠠᠨ ᠰᠢᠪᠡᠨᠡᠯᠳᠦᠨ ᠶᠠᠷᠢᠯᠴᠠᠵᠤ ᠪᠠᠢᠭᠰᠠᠨ ᠢ᠋ᠶ᠋ᠠᠨ ᠭᠡᠨᠡᠳᠲᠡ ᠨᠡᠬᠡᠢ ᠬᠥᠨᠵᠢᠯᠡ ᠪᠡᠨ ᠬᠥᠪᠬᠡᠯᠵᠡᠭᠦᠯᠦᠨ《ᠲᠦᠰ᠂ ᠬᠦᠰ》 ᠨᠦᠳᠦᠯᠳᠦᠵᠦ ᠪᠦᠳᠦᠭᠦᠨ ᠪᠦᠳᠦᠭᠦᠨ ᠰᠦᠢᠯᠡᠬᠢᠯᠡᠨ ᠠᠮᠢᠰᠬᠤᠭᠠᠳᠠᠵᠤ᠂ ᠡᠬᠡᠨᠡᠷ ᠨᠢ ᠪᠦᠷ ᠴᠦ᠍ ᠤᠬᠢᠯᠠᠩᠨᠠᠨ ᠬᠢᠩᠭᠢᠨᠡᠨᠡ᠃ ᠶᠠᠭ ᠯᠠ ᠨᠢᠯᠬ᠎ᠠ ᠭᠥᠯᠥᠭᠡ ᠭᠠᠰᠠᠯᠵᠤ ᠪᠠᠢᠭ᠎ᠠ ᠶᠤᠮ ᠰᠢᠭ᠋᠃ ᠲᠡᠭᠡᠭᠡᠳ ᠱᠠᠯ ᠫᠠᠯ ᠬᠢᠲᠡᠯ᠎ᠡ ᠦᠨᠦᠰᠦᠯᠳᠦᠵᠦ ᠪᠠᠢᠭᠰᠠᠨ ᠢ᠋ᠶ᠋ᠠᠨ ᠬᠥᠨᠵᠢᠯᠡ ᠨᠥᠮᠥᠷᠭᠡ ᠪᠡᠨ ᠵᠠᠰᠠᠬᠤ ᠰᠢᠭ᠋ ᠪᠣᠯᠤᠭᠠᠳ ᠤᠳᠠᠯ ᠦᠭᠡᠢ ᠡᠷᠡᠭᠲᠡᠢ ᠨᠢ ᠬᠠᠨᠠᠨ ᠭᠡᠷ ᠢ᠋ᠶ᠋ᠡᠨ ᠡᠷᠭᠦᠵᠦ ᠬᠠᠶᠠᠮᠠᠷ ᠬᠤᠷᠬᠢᠷᠠᠪᠠ᠃
ᠭᠠᠪᠢᠷ᠎ᠠ ᠡᠬᠢᠨ ᠳ᠋ᠡᠭᠡᠨ《ᠡᠨᠡ ᠬᠣᠶᠠᠷ ᠰᠢᠪᠡᠨᠡᠯᠳᠦᠭᠡᠳ ᠪᠠᠢᠭᠰᠠᠨ ᠴᠢᠨᠢ ᠡᠪᠦᠷ ᠳᠣᠲᠣᠷ᠎ᠠ ᠪᠠᠨ ᠬᠡᠷᠡᠯᠳᠦᠵᠦ ᠪᠦᠰᠡᠭᠦᠢ ᠪᠡᠨ ᠴᠢᠮᠬᠢᠭᠡᠳ ᠴᠦ᠍ ᠶᠦ᠍ᠮ ᠤᠤ᠂ ᠶᠠᠭᠠᠬᠢᠭᠠᠳ ᠴᠤ᠌ ᠶᠤᠮ᠂ ᠡᠪᠡᠳᠬᠡᠵᠦ ᠣᠬᠢᠯᠠᠭᠤᠯᠴᠢᠬᠠᠯᠠ ᠪᠣᠯᠤᠯᠲᠠᠢ》ᠭᠡᠵᠦ ᠪᠣᠳᠣᠵᠤ ᠪᠠᠢᠭᠰᠠᠨ ᠢ᠋ᠶ᠋ᠠᠨ ᠰᠡᠭᠦᠯ ᠳ᠋ᠡᠭᠡᠨ ᠶᠠᠮᠠᠷ ᠤᠴᠢᠷ ᠪᠣᠯᠵᠤ ᠪᠠᠢᠭ᠎ᠠ ᠶ᠋ᠢ ᠮᠡᠳᠡᠵᠦ ᠪᠡᠶ᠎ᠡ ᠨᠢ ᠨᠢᠭᠡᠯᠡ ᠰᠣᠨᠢᠬᠠᠨ ᠡᠪ ᠦᠭᠡᠢᠷᠡᠵᠦ ᠵᠢᠷᠦᠬᠡ ᠨᠢ ᠪᠤᠯᠭᠢᠯᠠᠨ ᠠᠮᠠ ᠪᠠᠷ ᠨᠢ ᠭᠠᠷᠤᠮᠠᠷ ᠠᠮᠢᠰᠬᠤᠯ ᠳᠠᠪᠴᠢᠭᠤᠳᠠᠨᠠ᠃ ᠲᠡᠷᠡ ᠡᠷ᠎ᠡ ᠡᠮ᠎ᠡ ᠶ᠋ᠢᠨ ᠤᠴᠢᠷ ᠲᠠᠢ ᠠᠩᠬ᠎ᠠ ᠬᠠᠷᠭᠤᠵᠤ ᠪᠠᠢᠭ᠎ᠠ ᠠᠵᠢ᠃ ᠬᠥᠮᠦᠨ ᠡᠴᠡ ᠵᠣᠪᠠᠵᠤ ᠢᠴᠢᠬᠦ ᠪᠡᠨ ᠴᠦ᠍ ᠮᠡᠳᠡᠬᠦ ᠦᠭᠡᠢ ᠬᠠᠰᠢ ᠪᠠᠨ ᠬᠥᠮᠦᠰ ᠪᠣᠢ ᠭᠡᠮᠡᠨ ᠪᠣᠳᠣᠵᠤ ᠬᠤᠷᠳᠤᠬᠠᠨ ᠥᠷᠯᠥᠭᠡ ᠪᠣᠯᠬᠤ ᠶ᠋ᠢ ᠬᠦᠰᠡᠵᠦ ᠬᠡᠪᠲᠡᠪᠡ᠃ ᠦᠨᠡᠨᠳᠡᠭᠡᠨ ᠴᠦ᠍ ᠲᠠᠭᠠᠷᠠᠭᠠᠳ ᠤᠨᠲᠠᠵᠤ ᠣᠷᠣᠬᠤ ᠦᠭᠡᠢ ᠪᠠᠢᠯ᠎ᠠ᠃
ᠥᠷᠯᠥᠭᠡ ᠭᠡᠷ ᠦ᠋ᠨ ᠡᠵᠡᠨ ᠪᠦᠰᠡᠭᠦᠢ ᠪᠣᠰᠴᠤ ᠲᠡᠮᠦᠷ ᠵᠤᠤᠬᠠᠨ ᠳ᠋ᠠᠭᠠᠨ ᠭᠠᠯ ᠥᠷᠳᠡᠨ ᠴᠠᠢ ᠪᠠᠨ ᠴᠢᠨᠠᠭᠠᠳ ᠬᠤᠷᠤᠳ ᠲᠣᠰᠣ᠂ ᠴᠢᠨᠠᠭᠰᠠᠨ ᠮᠢᠬ᠎ᠠ᠂ ᠪᠣᠣᠪᠣ ᠬᠠᠭᠠᠷᠢᠭᠤᠯ ᠢ᠋ᠶ᠋ᠠᠨ ᠥᠷᠥᠵᠦ ᠪᠦᠭᠦᠳᠡᠭᠡᠷ ᠴᠠᠢᠯᠠᠵᠠᠭᠠᠪᠠ᠃ ᠡᠳᠡᠨ ᠦ᠌ ᠬᠢ ᠱᠤᠭᠠᠷ᠎ᠠ ᠶ᠋ᠢᠨ ᠭᠡᠳᠡᠭ ᠠᠢᠯ᠂ ᠰᠠᠨᠠᠭᠰᠠᠨ ᠠ᠋ᠴᠠ ᠭᠠᠳᠠᠭᠤᠷ ᠡᠳᠡᠨ ᠦ᠌ ᠬᠢ ᠭᠤᠷᠪᠠᠨ ᠬᠡᠦᠬᠡᠳ ᠢ᠋ᠶ᠋ᠡᠨ ᠴᠥᠮ ᠰᠤᠮᠤᠨ ᠤ᠋ ᠰᠤᠷᠭᠠᠭᠤᠯᠢ ᠳ᠋ᠤ᠌ ᠥᠭᠬᠦ ᠪᠡᠷ ᠨᠡᠷ᠎ᠡ ᠶ᠋ᠢ ᠨᠢ ᠪᠦᠷᠢᠳᠬᠡᠯᠭᠡᠪᠡ᠃
ᠭᠠᠪᠢᠷ᠎ᠠ ᠲᠡᠳᠡᠨ ᠦ᠌ ᠬᠢ ᠡᠴᠡ ᠶᠡᠬᠡᠯ᠎ᠡ ᠪᠠᠶᠠᠷᠲᠠᠢ ᠮᠣᠷᠳᠠᠵᠤ ᠶᠠᠪᠤᠪᠠ᠃
ᠲᠩᠷᠢ ᠪᠦᠷᠬᠦᠢᠵᠦ ᠤᠯᠠᠮ ᠴᠤ᠌ ᠬᠦᠢᠲᠡᠷᠡᠯᠡ᠃ ᠣᠭᠲᠠᠷᠭᠤᠢ ᠳ᠋ᠤ᠌ ᠪᠠᠷᠠᠭᠠᠨ ᠡᠭᠦᠯᠡ ᠨᠡᠲᠦᠢᠨ ᠶᠡᠬᠡ ᠴᠠᠰᠤ ᠣᠷᠣᠬᠤ ᠮᠠᠶᠢᠭ ᠲᠠᠢ᠃ ᠭᠠᠪᠢᠷ᠎ᠠ ᠬᠠᠮᠤᠭ ᠰᠡᠭᠦᠯᠴᠢ ᠶ᠋ᠢᠨ ᠨᠢᠭᠡ ᠠᠢᠯ ᠢ᠋ ᠴᠢᠭᠯᠡᠨ ᠶᠠᠪᠤᠬᠤ ᠳ᠋ᠠᠭᠠᠨ ᠪᠢᠲᠡᠭᠡᠢ ᠯᠡ ᠵᠤᠳ ᠪᠣᠯᠴᠢᠬᠠᠭᠠᠰᠠᠢ᠃《ᠬᠡᠳᠦᠬᠡᠨ ᠡᠳᠦᠷ ᠡᠴᠡ ᠰᠤᠷᠭᠠᠭᠤᠯᠢ ᠡᠬᠢᠯᠡᠴᠢᠬᠡᠨᠡ᠂ ᠵᠤᠳ ᠪᠣᠯᠪᠠᠯ ᠪᠦᠬᠦ ᠠᠵᠢᠯ ᠢᠷᠡᠬᠦ ᠵᠢᠯ ᠢ᠋ ᠯᠡ ᠬᠦᠯᠢᠶᠡᠬᠦ ᠪᠣᠯᠤᠨ᠎ᠠ ᠰᠢᠦ ᠭᠡᠵᠦ ᠪᠣᠳᠣᠨ ᠶᠠᠪᠤᠬᠤ ᠳ᠋ᠠᠭᠠᠨ ᠥᠩᠭᠡᠷᠡᠭᠴᠢ ᠰᠥᠨᠢ ᠶ᠋ᠢᠨ ᠤᠴᠢᠷ ᠪᠤᠳᠤᠭᠳᠠᠨ᠂ ᠬᠥᠮᠦᠨ ᠬᠤᠷᠢᠮ ᠬᠢᠴᠢᠬᠡᠪᠡᠯ ᠪᠦᠷ ᠢᠩᠭᠢᠳᠡᠭ ᠪᠢᠵᠡ᠃ ᠭᠡᠬᠦ ᠳ᠋ᠡᠭᠡᠨ ᠲᠡᠷᠡ ᠪᠦᠰᠡᠭᠦᠢ ᠶᠠᠭᠠᠬᠢᠬᠤᠯᠠᠷ ᠢ᠋ᠶ᠋ᠠᠨ ᠲᠡᠭᠡᠲᠡᠯ᠎ᠡ ᠪᠡᠨ ᠶᠡᠬᠡ ᠤᠬᠢᠯᠠᠩᠨᠠᠵᠤ ᠬᠢᠩᠭᠢᠨᠡᠭᠡᠳ ᠪᠠᠢᠭᠰᠠᠨ ᠶᠤᠮ ᠪᠣᠯ? ᠬᠣᠶᠠᠭᠤᠯᠠ ᠪᠠᠨ ᠪᠦᠷ ᠲᠡᠢᠮᠦ ᠮᠠᠭᠤᠬᠠᠢ ᠳᠠᠭᠤ ᠭᠠᠷᠭᠠᠭᠠᠳ ᠯᠠ᠁》ᠭᠡᠵᠦ ᠪᠣᠳᠣᠭᠠᠳ ᠬᠠᠴᠠᠷ ᠨᠢᠭᠤᠷ ᠨᠢ ᠬᠠᠯᠠᠭᠤ ᠣᠷᠬᠢᠨ ᠬᠠᠵᠠᠭᠤ ᠳ᠋ᠤᠨᠢ ᠥᠭᠡᠷ᠎ᠡ ᠬᠥᠮᠦᠨ ᠪᠠᠢᠭ᠎ᠠ ᠶᠤᠮ ᠰᠢᠭ᠋ ᠢᠴᠢᠩᠭᠦᠷᠡᠨ ᠡᠰᠢ ᠲᠠᠰᠢ ᠪᠠᠨ ᠬᠠᠷᠠᠭᠤᠯᠳᠠᠨ ᠬᠠᠷᠠᠵᠤ ᠠᠪᠤᠭᠠᠳ ᠵᠤᠤᠮᠠᠯᠵᠠᠨ ᠢᠨᠢᠶᠡᠮᠰᠦᠭᠯᠡᠪᠡ᠃
ᠭᠠᠪᠢᠷ᠎ᠠ ᠶ᠋ᠢᠨ ᠰᠡᠭᠦᠯᠴᠢ ᠶ᠋ᠢᠨ ᠣᠴᠢᠬᠤ ᠠᠢᠯ ᠪᠣᠯ ᠯᠤᠪᠰᠠᠩ ᠤ᠋ᠨ ᠬᠢ᠃ ᠲᠡᠳᠡᠨ ᠦ᠌ ᠬᠢ ᠶᠠᠭ ᠰᠢᠨ᠎ᠡ ᠨᠤᠲᠤᠭ ᠰᠢᠯᠵᠢᠨ ᠪᠠᠭᠤᠵᠤ ᠰᠠᠶᠢᠬᠠᠨ ᠲᠥᠪᠬᠢᠨᠡᠵᠦ ᠪᠠᠢᠯ᠎ᠠ᠃ ᠡᠳᠡᠨ ᠦ᠌ ᠬᠢ ᠠᠮᠠ ᠪᠦᠯᠢ ᠲᠠᠪᠤᠭᠤᠯᠠ ᠪᠠᠨ᠃ ᠶᠡᠬᠡ ᠬᠦᠦ ᠨᠢ ᠳᠥᠩᠭᠡᠵᠦ ᠬᠣᠷᠢ ᠬᠦᠷᠴᠦ ᠪᠠᠢᠭ᠎ᠠ ᠪᠣᠯᠪᠠᠴᠤ ᠨᠢᠭᠡᠨᠲᠡ ᠭᠡᠷᠯᠡᠵᠦ ᠨᠠᠰᠤ ᠪᠠᠭ᠎ᠠ ᠬᠦᠦ ᠪᠡᠷᠢ ᠨᠢ ᠪᠡᠶ᠎ᠡ ᠳᠠᠪᠬᠤᠷ ᠬᠥᠩᠭᠡᠵᠢᠬᠦ ᠣᠢᠷᠠᠲᠤᠭᠠᠳ ᠪᠠᠢᠯ᠎ᠠ᠃ ᠯᠤᠪᠰᠠᠩ ᠭᠤᠸᠠᠢ ᠶ᠋ᠢᠨ ᠬᠥᠭᠰᠢᠨ ᠨᠠᠷᠠᠰᠤᠨ ᠭᠡᠵᠦ ᠳᠥᠴᠢᠭᠡᠳ ᠨᠠᠰᠤᠨ ᠤ᠋ ᠮᠠᠷᠢᠶᠠᠯᠢᠭ ᠯᠠᠭᠱᠠᠨ ᠪᠡᠶ᠎ᠡ ᠭᠠᠯᠪᠢᠷ ᠲᠠᠢ ᠶᠡᠬᠡᠯ᠎ᠡ ᠨᠠᠮᠪᠠᠭᠠᠯᠢᠭ ᠰᠠᠢᠬᠠᠨ ᠪᠦᠰᠡᠭᠦᠢ᠃ ᠪᠠᠭ᠎ᠠ ᠬᠦᠦ ᠨᠢ ᠠᠷᠪᠠᠨ ᠳᠣᠯᠣᠭᠠᠲᠠᠢ᠃ ᠰᠤᠷᠭᠠᠭᠤᠯᠢ ᠰᠤᠷᠲᠠᠯ ᠳ᠋ᠤ᠌ ᠶᠠᠪᠤᠭ᠎ᠠ ᠦᠭᠡᠢ ᠴᠦ᠍ ᠤᠬᠠᠭᠠᠨ ᠰᠡᠷᠭᠦᠯᠡᠩ ᠬᠣᠨᠢᠨ ᠤ᠋ ᠪᠣᠷᠣ ᠬᠦᠦ ᠪᠠᠢᠯ᠎ᠠ᠃ ᠭᠡᠷ ᠦ᠋ᠨ ᠡᠵᠡᠨ ᠯᠤᠪᠰᠠᠩ ᠭᠤᠸᠠᠢ ᠲᠠᠪᠢ ᠰᠢᠬᠠᠵᠤ ᠶᠠᠪᠤᠭ᠎ᠠ ᠴᠤ᠌ ᠪᠤᠯᠴᠢᠩ ᠰᠢᠷᠪᠥᠰᠥ ᠨᠢ ᠵᠠᠩᠭᠢᠷᠠᠭᠰᠠᠨ ᠬᠦᠳᠡᠷ ᠴᠢᠬᠢᠷᠡᠭ ᠪᠡᠶ᠎ᠡ ᠲᠡᠢ ᠵᠢᠪᠬᠤᠭᠠᠯᠢᠭ ᠵᠠᠯᠠᠭᠤ ᠣᠪᠣᠷ ᠲᠠᠢ᠂ ᠰᠢᠭᠤᠳ ᠰᠢᠯᠤᠭᠤᠨ ᠮᠥᠷᠲᠡᠭᠡᠨ ᠦᠭᠡᠨᠴᠢᠷ ᠵᠣᠭᠣᠭ ᠲᠠᠢ ᠬᠥᠮᠦᠨ ᠪᠠᠢᠯ᠎ᠠ᠃
ᠭᠠᠪᠢᠷ᠎ᠠ ᠵᠣᠷᠢᠵᠤ ᠶᠠᠪᠤᠭ᠎ᠠ ᠤᠴᠢᠷ ᠢ᠋ᠶ᠋ᠠᠨ ᠲᠣᠪᠴᠢᠬᠠᠨ ᠬᠡᠳᠦᠨ ᠦᠭᠡ ᠪᠡᠷ ᠮᠡᠳᠡᠭᠳᠡᠯ᠎ᠡ᠃
ᠨᠠᠷᠠᠰᠤᠨ ᠭᠤᠸᠠᠢ ᠡᠯᠪᠡᠭ ᠲᠠᠩᠰᠤᠭ ᠢᠳᠡᠭᠡ ᠴᠠᠢ ᠪᠠᠷ ᠢᠷᠡᠭᠰᠡᠨ ᠭᠡᠢᠴᠢᠨ ᠢ᠋ᠶ᠋ᠡᠨ ᠵᠣᠴᠢᠯᠠᠬᠤ ᠵᠠᠭᠤᠷ᠎ᠠ
— ᠥᠩᠭᠡᠷᠡᠬᠦ ᠵᠤᠨ ᠮᠠᠨ ᠤ᠋ ᠪᠠᠷᠢᠭᠠᠳᠠ ᠳ᠋ᠤ᠌ ᠳᠠᠳᠤᠯᠭ᠎ᠠ ᠶ᠋ᠢᠨ ᠬᠡᠳᠦᠨ ᠪᠠᠭᠰᠢ ᠢᠷᠡᠯ᠎ᠡ ᠭᠡᠵᠦ ᠪᠠᠢᠭᠰᠠᠨ ᠶᠤᠮ᠃ ᠡᠨᠡ ᠬᠡᠦᠬᠡᠨ ᠲᠡᠭᠡᠭᠡᠳ ᠮᠠᠨ ᠤ᠋ ᠡᠨᠳᠡ ᠪᠤᠴᠠᠭᠠᠳ ᠢᠷᠡᠵᠦ ᠰᠢᠲᠠ᠃ ᠪᠢᠴᠢᠭ ᠨᠣᠮ ᠰᠤᠷᠬᠤ ᠶ᠋ᠢ ᠪᠢᠳᠡ ᠬᠣᠪᠢᠨ ᠳ᠋ᠠᠭᠠᠨ ᠳᠡᠮᠵᠢᠨ᠎ᠡ᠃ ᠥᠩᠭᠡᠷᠡᠵᠦ ᠣᠳᠤᠭᠰᠠᠨ ᠳᠡᠪᠵᠢᠶᠡᠨ ᠦ᠌ ᠤᠷᠰᠢᠭ ᠢ᠋ᠶ᠋ᠠᠷ ᠮᠠᠨ ᠤ᠋ ᠠᠪᠤ ᠡᠵᠢ ᠮᠠᠯ ᠤ᠋ᠨ ᠡᠵᠡᠨ ᠢ᠋ᠶ᠋ᠡᠷ ᠲᠣᠭᠲᠠᠭᠠᠭᠳᠠᠵᠤ᠂ ᠪᠢᠳᠡ ᠬᠣᠶᠠᠷ ᠢ᠋ ᠴᠦ᠍ ᠵᠦᠭᠡᠷ ᠪᠠᠢᠯᠭᠠᠭᠠ ᠦᠭᠡᠢ᠃ ᠲᠡᠭᠡᠭᠡᠳ ᠯᠡ ᠬᠣᠶᠠᠷ ᠬᠦᠦ ᠮᠢᠨᠢ ᠰᠤᠷᠭᠠᠭᠤᠯᠢ ᠳ᠋ᠤ᠌ ᠰᠠᠭᠤᠵᠤ ᠴᠢᠳᠠᠭ᠎ᠠ ᠦᠭᠡᠢ ᠳᠡ᠃ ᠶᠡᠬᠡ ᠨᠢ ᠠᠢᠯ ᠭᠡᠷ ᠪᠣᠯᠴᠢᠬᠠᠭᠰᠠᠨ᠂ ᠪᠠᠭ᠎ᠠ ᠬᠦᠦ ᠳ᠋ᠦ᠍ ᠴᠦ᠍ ᠪᠡᠷᠢ ᠰᠤᠷᠠᠭᠠᠳ ᠪᠠᠢᠭ᠎ᠠ᠃ ᠨᠠᠰᠤᠨ ᠳ᠋ᠤ᠌ ᠬᠦᠷᠬᠦᠯᠡᠷ ᠨᠢ ᠭᠡᠷᠯᠡᠭᠦᠯᠦᠨᠡ ᠭᠡᠵᠦ ᠶᠠᠷᠢᠨ᠎ᠠ᠃
ᠭᠠᠪᠢᠷ᠎ᠠ ᠲᠣᠮᠣ ᠯᠤᠤᠲᠤ ᠠᠶᠠᠭᠠᠨ ᠳ᠋ᠤ᠌ ᠵᠢᠭᠤᠷᠠᠵᠤ ᠥᠭᠭᠦᠭᠰᠡᠨ ᠵᠥᠭᠡᠬᠡᠢ ᠪᠤᠳᠠᠭ᠎ᠠ ᠶ᠋ᠢ ᠬᠠᠯᠪᠠᠭᠠᠳᠠᠨ ᠢᠳᠡᠬᠦ ᠵᠠᠭᠤᠷ᠎ᠠ
— ᠪᠠᠭ᠎ᠠ ᠬᠦᠦ ᠴᠢᠨᠢ ᠪᠢᠴᠢᠭ ᠰᠤᠷᠬᠤ ᠳ᠋ᠤ᠌ ᠣᠳᠣ ᠴᠤ᠌ ᠭᠡᠰᠡᠨ ᠣᠷᠣᠢᠲᠠᠭᠠ ᠦᠭᠡᠢ ᠯᠡ ᠳᠡ᠃ ᠪᠢᠳᠡ ᠤᠷᠢᠳ ᠢ᠋ᠶ᠋ᠠᠷ ᠰᠤᠮᠤᠨ ᠤ᠋ ᠪᠠᠭ᠎ᠠ ᠰᠤᠷᠭᠠᠭᠤᠯᠢ ᠪᠠᠨ ᠪᠠᠢᠭᠤᠯᠵᠤ᠂ ᠳᠠᠷᠠᠭ᠎ᠠ ᠨᠢ ᠰᠤᠮᠤᠨ ᠳ᠋ᠤ᠌《ᠤᠳᠬ᠎ᠠ ᠶ᠋ᠢᠨ ᠰᠣᠬᠣᠷ ᠠ᠋ᠴᠠ ᠲᠠᠢᠯᠬᠤ》 ᠨᠠᠰᠤᠨ ᠳ᠋ᠤ᠌ ᠬᠦᠷᠦᠭᠰᠡᠳ ᠦ᠋ᠨ ᠪᠣᠯᠪᠠᠰᠤᠷᠠᠯ ᠤ᠋ᠨ ᠠᠩᠭᠢ ᠡᠷᠬᠢᠯᠡᠬᠦ ᠪᠡᠷ ᠪᠠᠢᠭ᠎ᠠ᠃ ᠲᠡᠭᠡᠪᠡᠯ ᠣᠴᠢᠵᠤ ᠰᠤᠷᠤᠯᠴᠠᠵᠤ ᠪᠣᠯᠤᠨ᠎ᠠ ᠰᠢᠦ ᠳᠡ ᠭᠡᠰᠡᠨ ᠳ᠋ᠦ᠍᠂ ᠯᠤᠪᠰᠠᠩ ᠭᠤᠸᠠᠢ᠄
— ᠲᠡᠭᠡᠬᠦ ᠳ᠋ᠦ᠍ ᠬᠦᠷᠪᠡᠯ ᠪᠠᠭ᠎ᠠ ᠬᠦᠦ ᠪᠡᠨ ᠯᠠᠪᠲᠠᠢ ᠣᠴᠢᠭᠤᠯᠤᠨ᠎ᠠ ᠭᠡᠨ᠎ᠡ᠃
ᠣᠷᠣᠢᠲᠠᠭᠰᠠᠨ ᠪᠣᠯᠬᠣᠷ ᠭᠠᠪᠢᠷ᠎ᠠ ᠡᠳᠡᠨ ᠦ᠌ ᠳ᠋ᠦ᠍ ᠬᠣᠨᠣᠭ ᠪᠣᠯᠤᠯ᠎ᠠ᠃ ᠦᠬᠡᠷ ᠦ᠋ᠨ ᠲᠠᠷᠭᠤᠨ ᠮᠢᠬ᠎ᠠ᠂ ᠱᠥᠯᠥ ᠲᠡᠢ ᠬᠣᠭᠣᠯᠠ ᠢᠳᠡᠵᠦ ᠪᠡᠶ᠎ᠡ ᠳᠤᠯᠠᠭᠠᠴᠠᠨ ᠠᠮᠲᠠᠲᠤ ᠨᠣᠢᠷ ᠲᠠᠭᠠᠨ ᠰᠠᠢᠬᠠᠨ ᠵᠡᠭᠦᠳᠦ ᠮᠠᠨᠠᠨ ᠤᠨᠲᠠᠵᠤ ᠪᠠᠢᠭᠰᠠᠨ ᠭᠠᠪᠢᠷ᠎ᠠ ᠶ᠋ᠢ ᠨᠠᠷᠠᠰᠤᠨ ᠭᠤᠸᠠᠢ ᠳᠠᠭᠤᠳᠠᠨ ᠰᠡᠷᠡᠭᠡᠪᠡ᠃ ᠲᠡᠷᠡ ᠨᠣᠢᠷᠮᠤᠭ ᠤ᠋ᠨ ᠳᠤᠮᠳᠠ ᠨᠢᠳᠦ ᠪᠡᠨ ᠨᠤᠬᠤᠯᠠᠨ ᠬᠠᠷᠠᠪᠠᠯ ᠡᠳᠡᠨ ᠦ᠌ ᠭᠡᠷ ᠦ᠋ᠨ ᠬᠥᠮᠦᠰ ᠪᠦᠭᠦᠳᠡᠭᠡᠷ ᠬᠤᠪᠴᠠᠯᠠᠨ ᠪᠣᠰᠴᠤ ᠰᠠᠭᠤᠵᠠᠭᠠᠨ᠎ᠠ᠃ ᠬᠦᠦ ᠪᠡᠷᠢ ᠨᠢ ᠬᠥᠩᠭᠡᠵᠢᠬᠦ ᠪᠣᠯᠵᠤ ᠰᠢᠷᠦᠭᠦᠨ ᠬᠤᠴᠢᠯᠭ᠎ᠠ ᠢᠷᠡᠵᠦ ᠵᠠᠯᠠᠭᠤ ᠪᠡᠷᠢ ᠡᠪᠡᠷᠰᠢᠶᠡᠨ ᠵᠥᠭᠡᠯᠡᠨ ᠳᠠᠭᠤ ᠪᠠᠷ ᠶᠣᠣᠯᠠᠨᠠ᠃ ᠭᠤᠲᠤᠯᠠ᠋ᠴᠠ ᠪᠠᠨ ᠪᠤᠰᠤᠳ ᠢ᠋ ᠲᠠᠢᠯᠤᠭᠠᠳᠤᠢ ᠤᠨᠲᠠᠭᠰᠠᠨ ᠭᠠᠪᠢᠷ᠎ᠠ ᠦᠰᠦᠷᠦᠨ ᠪᠣᠰᠴᠤ ᠭᠤᠲᠤᠯ ᠢ᠋ᠶ᠋ᠠᠨ ᠤᠭᠯᠠᠭᠠᠳ ᠣᠷᠣ ᠪᠠᠨ ᠵᠠᠢᠯᠠᠵᠤ ᠥᠭᠪᠡ᠃ ᠨᠠᠷᠠᠰᠤᠨ ᠭᠤᠸᠠᠢ ᠠᠪᠳᠠᠷ᠎ᠠ ᠬᠣᠷᠭᠣ ᠪᠠᠨ ᠠᠭᠤᠳᠠᠯᠤᠨ ᠪᠡᠷᠢ ᠪᠡᠨ ᠬᠥᠩᠭᠡᠵᠢᠭᠦᠯᠬᠦ ᠪᠡᠯᠡᠳᠬᠡᠯ ᠬᠢᠬᠦ ᠶ᠋ᠢᠨ ᠳᠠᠭᠠᠤ ᠡᠪᠦᠭᠡᠨ ᠪᠣᠯᠤᠨ ᠬᠣᠶᠠᠷ ᠬᠦᠦ ᠳ᠋ᠡᠭᠡᠨ
— ᠲᠠᠨ ᠤ᠋ ᠭᠤᠷᠪᠠ ᠣᠳᠣ ᠭᠠᠷᠴᠤ ᠪᠠᠢ ᠭᠡᠳ ᠭᠠᠪᠢᠷ᠎ᠠ ᠳ᠋ᠤ᠌
— ᠵᠠ᠂ ᠵᠣᠴᠢᠨ ᠬᠡᠦᠬᠡᠨ ᠢ᠋ ᠲᠠᠪᠠᠲᠠᠢ ᠲᠤᠬᠠᠲᠠᠢ ᠤᠨᠲᠠᠭᠤᠯᠵᠤ ᠴᠢᠳᠠᠭᠰᠠᠨ ᠦᠭᠡᠢ ᠮᠠᠭᠤᠬᠠᠢ ᠪᠣᠯᠤᠯ᠎ᠠ᠃ ᠬᠡᠦᠬᠡᠨ ᠮᠢᠨᠢ ᠴᠢ ᠭᠠᠯ ᠢ᠋ ᠭᠠᠢᠭᠤᠢ ᠰᠠᠢᠨ ᠲᠦᠯᠡᠵᠦ ᠥᠭᠭᠦᠭᠡᠷᠡᠢ᠃ ᠲᠣᠭᠣᠭᠠᠨ ᠳ᠋ᠤ᠌ ᠳᠦᠭᠦᠷᠡᠩ ᠤᠰᠤ ᠬᠢᠭᠡᠳ ᠪᠤᠴᠠᠯᠭᠠᠵᠤ ᠪᠠᠢ ᠭᠡᠴᠢᠬᠡᠭᠡᠳ ᠪᠣᠰᠴᠤ ᠭᠠᠪᠢᠷ᠎ᠠ ᠶ᠋ᠢᠨ ᠤᠨᠲᠠᠵᠤ ᠪᠠᠢᠭᠰᠠᠨ ᠬᠤᠴᠢᠯᠭ᠎ᠠ ᠶ᠋ᠢ ᠬᠤᠮᠢᠵᠤ ᠵᠠᠢᠯᠠᠭᠤᠯᠤᠭᠠᠳ ᠭᠡᠷ ᠦ᠋ᠨ ᠪᠠᠷᠠᠭᠤᠨ ᠤᠷᠲᠤ ᠬᠠᠶᠠᠭᠠᠨ ᠤ᠋ ᠲᠣᠭᠣᠷᠢᠭᠤᠯ ᠰᠢᠷᠢᠳᠡᠭ ᠢ᠋ ᠬᠤᠢᠯᠠᠵᠤ ᠲᠠᠯᠪᠢᠭᠠᠳ ᠭᠠᠳᠠᠭᠰᠢ ᠭᠠᠷᠪᠠ᠃
ᠬᠦᠦ ᠪᠡᠷᠢ ᠨᠢ ᠤᠯᠠᠮ ᠴᠤ᠌ ᠬᠡᠴᠡᠭᠦᠦ ᠳᠠᠭᠤ ᠲᠠᠯᠪᠢᠨ ᠶᠣᠣᠯᠠᠵᠤ ᠡᠬᠢᠯᠡᠪᠡ᠃
ᠨᠠᠷᠠᠰᠤᠨ ᠭᠤᠸᠠᠢ ᠭᠠᠳᠠᠨᠠᠠ᠋ᠴᠠ ᠲᠣᠮᠣ ᠰᠢᠭᠤᠳᠠᠢ ᠲᠠᠢ ᠬᠣᠨᠢᠨ ᠤ᠋ ᠬᠠᠭᠤᠷᠠᠢ ᠬᠣᠷᠭᠣᠯ ᠲᠠᠢ ᠬᠣᠭ ᠢ᠋ ᠣᠷᠣᠭᠤᠯᠤᠨ ᠢᠷᠡᠵᠦ ᠨᠥᠭᠦᠭᠡ ᠵᠠᠢᠴᠢᠯᠠᠭᠰᠠᠨ ᠭᠠᠵᠠᠷ ᠲᠤ᠌ ᠠᠰᠠᠭᠠᠵᠤ ᠲᠡᠭᠰᠢᠯᠡᠭᠡᠳ ᠳᠡᠭᠡᠷ᠎ᠡ ᠨᠢ ᠬᠠᠭᠤᠴᠢᠨ ᠪᠥᠰ ᠳᠡᠪᠢᠰᠴᠦ ᠬᠦᠦ ᠪᠡᠷᠢ ᠪᠡᠨ ᠳᠥᠰᠢᠨ ᠰᠠᠭᠤᠯᠭᠠᠵᠤ ᠥᠮᠥᠳᠥ ᠶ᠋ᠢ ᠨᠢ ᠲᠠᠢᠯᠤᠨ ᠠᠪᠴᠤ᠂ ᠨᠠᠭᠠᠳᠤ ᠲᠠᠯ᠎ᠠ ᠳ᠋ᠤᠨᠢ ᠠᠷᠤᠭ ᠲᠦᠰᠢᠭᠦᠯᠦᠨ ᠲᠠᠯᠪᠢᠵᠤ ᠪᠡᠷᠢ ᠳ᠋ᠡᠭᠡᠨ᠂
— ᠣᠳᠣ ᠢᠩᠭᠢᠭᠡᠳ ᠬᠠᠭᠠᠰ ᠪᠣᠰᠤᠭ᠎ᠠ ᠬᠡᠯᠪᠡᠷᠢ ᠪᠡᠷ ᠠᠷᠤᠭ ᠢ᠋ ᠲᠦᠰᠢᠨ ᠰᠠᠭᠤᠵᠤ ᠴᠠᠭᠠᠳᠤ ᠭᠠᠷ ᠢ᠋ᠶ᠋ᠠᠷ ᠢ᠋ᠶ᠋ᠠᠨ ᠬᠠᠨᠠᠨ ᠤ᠋ ᠨᠢᠳᠦ ᠠᠳᠬᠤᠨ ᠰᠠᠭᠤ! ᠭᠡᠳ ᠬᠡᠦᠬᠡᠳ ᠢ᠋ ᠥᠯᠥᠭᠡᠢᠳᠡᠬᠦ ᠬᠥᠳᠥᠰᠥᠨ ᠮᠠᠨᠴᠤᠢ᠂ ᠸᠠᠳᠠᠩ ᠪᠥᠰ ᠵᠡᠷᠭᠡ ᠶ᠋ᠢ ᠪᠡᠯᠡᠳᠬᠡᠵᠦ ᠲᠠᠯᠪᠢᠭᠠᠳ᠂ ᠨᠢᠭᠡ ᠯᠣᠩᠬᠣ ᠬᠠᠷ᠎ᠠ ᠠᠷᠢᠬᠢ ᠭᠠᠷᠭᠠᠵᠤ ᠴᠡᠪᠡᠷᠬᠡᠨ ᠠᠶᠠᠭᠠᠨ ᠳ᠋ᠤ᠌ ᠬᠢᠵᠦ᠂ ᠨᠢᠭᠡᠨᠲᠡ ᠪᠡᠯᠡᠳᠬᠡᠭᠡᠳ ᠪᠠᠢᠭᠰᠠᠨ ᠪᠣᠯᠤᠯᠲᠠᠢ ᠬᠣᠶᠠᠷ ᠰᠢᠷᠬᠡᠭ ᠡᠷᠴᠢᠯᠡᠨ ᠲᠠᠮᠤᠭᠰᠠᠨ ᠤᠲᠠᠰᠤ ᠶ᠋ᠢ ᠲᠥᠷᠥᠵᠦ ᠲᠠᠯᠪᠢᠨ ᠦᠢᠯᠡ ᠣᠶᠣᠳᠠᠯ ᠤ᠋ᠨ ᠬᠤᠷᠴᠠ ᠢᠷ ᠲᠡᠢ ᠬᠠᠢᠴᠢ ᠪᠠᠨ ᠠᠷᠢᠬᠢ ᠪᠠᠷ ᠤᠬᠢᠶᠠᠨ ᠵᠦᠯᠭᠦᠭᠡᠳ ᠭᠠᠯ ᠤ᠋ᠨ ᠲᠣᠷᠭᠠᠨ ᠰᠤᠷ ᠳᠡᠭᠡᠷ᠎ᠡ ᠡᠷᠭᠢᠭᠦᠯᠦᠨ ᠤᠷᠪᠠᠭᠤᠯᠤᠨ ᠬᠠᠯᠠᠭᠠᠨ᠎ᠠ᠃ ᠢᠩᠭᠢᠵᠦ ᠪᠠᠢᠲᠠᠯ᠎ᠠ ᠪᠡᠷᠢ ᠶ᠋ᠢᠨ ᠡᠪᠡᠳᠬᠦ ᠤᠯᠠᠮ ᠢ᠋ᠶ᠋ᠠᠷ ᠰᠢᠷᠦᠭᠦᠰᠴᠦ ᠪᠠᠢᠪᠠ᠃
ᠨᠠᠷᠠᠰᠤᠨ ᠭᠤᠸᠠᠢ ᠭᠠᠷ ᠤ᠋ᠨ ᠢ᠋ᠶ᠋ᠠᠨ ᠠᠯᠠᠭᠠᠨ ᠳ᠋ᠤ᠌ ᠰᠢᠷ᠎ᠠ ᠲᠣᠰᠣ ᠲᠦᠷᠬᠢᠵᠦ ᠭᠠᠯ ᠤ᠋ᠨ ᠢᠯᠴᠢᠨ ᠳ᠋ᠦ᠍ ᠬᠠᠯᠠᠭᠠᠨ ᠪᠦᠯᠢᠶᠡᠰᠬᠡᠭᠡᠳ ᠪᠡᠷᠢ ᠶ᠋ᠢᠨ ᠢ᠋ᠶ᠋ᠡᠨ ᠭᠡᠳᠡᠰᠦ ᠶ᠋ᠢ ᠬᠡᠰᠡᠭ ᠢᠯᠢᠵᠦ ᠥᠭᠬᠦ ᠶ᠋ᠢᠨ ᠳᠠᠭᠠᠤ ᠳ᠋ᠤ᠌᠂
— ᠪᠢᠲᠡᠭᠡᠢ ᠠᠶᠤᠵᠤ ᠰᠠᠨᠳᠤᠷ ᠬᠡᠦᠬᠡᠨ ᠠ᠋᠂ ᠠᠷᠠᠢ ᠪᠣᠯᠤᠭ᠎ᠠ ᠦᠭᠡᠢ ᠪᠠᠢᠨ᠎ᠠ᠃ ᠤᠳᠠᠬᠤ ᠦᠭᠡᠢ ᠠᠮᠤᠷᠵᠢᠴᠢᠬᠠᠨᠠ᠃ ᠲᠡᠰᠪᠦᠷᠢ ᠲᠡᠢ ᠪᠠᠢᠬᠤ ᠶᠤᠮ ᠰᠢᠦ ᠭᠡᠵᠦ ᠬᠦᠦ ᠪᠡᠷᠢ ᠪᠡᠨ ᠲᠠᠢᠳᠬᠤᠷᠠᠭᠤᠯᠤᠨᠠ᠃ ᠡᠨᠡ ᠪᠦᠬᠦᠨ ᠢ᠋ ᠠᠵᠢᠭᠯᠠᠵᠤ ᠭᠠᠯ ᠥᠷᠳᠡᠵᠦ ᠰᠠᠭᠤᠭᠰᠠᠨ ᠭᠠᠪᠢᠷ᠎ᠠ ᠵᠢᠷᠦᠬᠡ ᠲᠦᠭᠰᠢᠨ ᠠᠶᠤᠵᠤ
— ᠠᠨᠢᠶ᠎ᠠ ᠠ᠋᠂ ᠡᠮᠴᠢ ᠳᠠᠭᠤᠳᠠᠬᠤ ᠦᠭᠡᠢ ᠪᠡᠷ ᠪᠣᠯᠬᠤ ᠶᠤᠮ ᠤᠤ? ᠭᠡᠪᠡᠯ᠂ ᠨᠠᠷᠠᠰᠤᠨ ᠭᠤᠸᠠᠢ ᠬᠠᠨᠴᠤᠢ ᠪᠠᠨ ᠲᠣᠬᠣᠢ ᠳ᠋ᠠᠭᠠᠨ ᠲᠤᠯᠲᠠᠯ᠎ᠠ ᠰᠢᠮᠡᠯᠡᠨ ᠭᠠᠷ ᠢ᠋ᠶ᠋ᠠᠨ ᠳᠠᠪᠤᠰᠤ ᠲᠠᠢ ᠪᠦᠯᠢᠶᠡᠨ ᠤᠰᠤ ᠪᠠᠷ ᠤᠬᠢᠶᠠᠬᠤ ᠵᠠᠭᠤᠷ᠎ᠠ
— ᠠᠮᠵᠢᠬᠤ ᠦᠭᠡᠢ ᠪᠣᠯᠤᠭᠰᠠᠨ ᠠ᠋᠂ ᠬᠡᠦᠬᠡᠨ ᠮᠢᠨᠢ! ᠪᠢ ᠵᠢᠷᠠᠭᠠᠳ ᠣᠨ ᠤ᠋ ᠦᠶᠡᠰ ᠡᠬᠡ ᠪᠠᠷᠢᠭᠴᠢ ᠶ᠋ᠢᠨ ᠪᠣᠯᠪᠠᠰᠤᠷᠠᠯ ᠳ᠋ᠤ᠌ ᠬᠡᠳᠦᠨ ᠡᠳᠦᠷ ᠰᠤᠷᠤᠯᠴᠠᠭᠰᠠᠨ ᠶᠤᠮ᠃ ᠪᠠᠴᠢᠮ ᠲᠤᠯᠭᠠᠮ ᠪᠠᠢᠳᠠᠯ ᠳᠣᠣᠷ᠎ᠠ ᠠᠷᠪᠠᠭᠠᠳ ᠬᠡᠦᠬᠡᠳ ᠢ᠋ ᠮᠡᠨᠳᠦ ᠲᠤᠰᠤᠭᠰᠠᠨ ᠶᠤᠮ᠃ ᠣᠨᠴᠠᠭᠠᠢ ᠪᠠᠢᠳᠠᠯ ᠭᠠᠷᠬᠤ ᠦᠭᠡᠢ ᠯᠡ ᠶᠦᠮ ᠪᠣᠯ ᠠᠷᠭᠠᠯᠠᠴᠢᠬᠠᠬᠤ ᠶᠤᠮ ᠭᠡᠨ᠎ᠡ᠃ ᠪᠡᠷᠢ ᠨᠢ ᠡᠪᠡᠳᠬᠦ ᠳ᠋ᠡᠭᠡᠨ ᠡᠬᠡᠷ ᠲᠡᠳᠡᠨ ᠤᠬᠢᠯᠠᠵᠤ᠄
— ᠡᠪᠡᠳᠦᠭᠡᠳ ᠦᠬᠦᠬᠦ ᠶᠦᠮ ᠪᠠᠢᠨ᠎ᠠ᠂ ᠡᠵᠢ ᠠ᠋᠂ ᠲᠡᠰᠬᠦ ᠪᠡᠨ ᠪᠠᠢᠯ᠎ᠠ᠃ ᠬᠡᠦᠬᠡᠳ ᠲᠥᠷᠥᠬᠦ ᠴᠢᠨᠢ ᠶᠠᠮᠠᠷ ᠠᠶᠤᠮᠠᠷ ᠶᠤᠮ ᠪᠣᠢ! ᠭᠡᠨ᠎ᠡ᠃ ᠬᠠᠳᠠᠮ ᠡᠵᠢ ᠨᠢ ᠪᠡᠷᠢ ᠪᠡᠨ ᠥᠷᠥᠪᠳᠦᠨ ᠵᠥᠭᠡᠯᠡᠨ ᠡᠨᠡᠷᠢᠩᠭᠦᠢ ᠬᠠᠷᠠᠴᠠ ᠪᠠᠷ ᠰᠢᠷᠲᠡᠨ᠂
— ᠣᠳᠣ ᠭᠠᠷᠤᠯ᠎ᠠ ᠠ᠋᠂ ᠮᠢᠨᠦ ᠥᠬᠢᠨ! ᠴᠠᠭᠠᠳᠤ ᠭᠠᠷ ᠢ᠋ᠶ᠋ᠠᠷ ᠢ᠋ᠶ᠋ᠠᠨ ᠬᠠᠨᠠᠨ ᠠ᠋ᠴᠠ ᠠᠳᠬᠤᠵᠤ᠂ ᠨᠠᠭᠠᠳᠤ ᠲᠣᠬᠣᠢ ᠪᠠᠷ ᠢ᠋ᠶ᠋ᠠᠨ ᠠᠷᠤᠭ ᠲᠦᠰᠢᠨ ᠥᠭᠡᠵᠡᠭ ᠢ᠋ᠶ᠋ᠡᠨ ᠡᠷᠭᠦᠰᠬᠢᠭᠡᠳ ᠭᠦᠨ ᠠᠮᠢᠰᠬᠤᠨ ᠬᠦᠴᠦᠯᠡ! ᠭᠡᠰᠡᠨ ᠳ᠋ᠦ᠍᠂ ᠬᠦᠦ ᠪᠡᠷᠢ ᠨᠢ ᠡᠵᠢ ᠶ᠋ᠢᠨ ᠢ᠋ᠶ᠋ᠡᠨ ᠬᠡᠯᠡᠭᠰᠡᠨ ᠢ᠋ᠶ᠋ᠡᠷ ᠪᠡᠶ᠎ᠡ ᠪᠡᠨ ᠴᠡᠴᠡᠷᠭᠡᠨᠡᠭᠦᠯᠦᠨ ᠲᠣᠬᠢᠷᠠᠭᠤᠯᠤᠭᠠᠳ ᠬᠦᠴᠦᠲᠡᠢᠬᠡᠨ ᠨᠢᠭᠡ ᠴᠢᠷᠠᠯᠠᠵᠤ ᠠᠪᠤᠭᠰᠠᠨ ᠳ᠋ᠤ᠌᠂《 ᠸᠠ— ᠸᠠ》 ᠭᠡᠬᠦ ᠨᠢᠯᠬ᠎ᠠ ᠬᠡᠦᠬᠡᠳ ᠦ᠋ᠨ ᠴᠠᠬᠢᠷᠠᠭ ᠲᠤᠩᠭᠠᠯᠠᠭ ᠳᠠᠭᠤᠨ ᠬᠥᠳᠡᠭᠡ ᠨᠤᠲᠤᠭ ᠤ᠋ᠨ ᠴᠡᠩᠭᠡᠭ ᠠᠭᠠᠷ ᠢ᠋ ᠵᠦᠰᠦᠨ ᠬᠠᠩᠭᠢᠨᠠᠯ᠎ᠠ᠃ ᠦᠵᠦᠮᠦᠴᠢᠨ ᠨᠤᠲᠤᠭ ᠤ᠋ᠨ ᠥᠩ ᠰᠢᠮᠡᠯᠢᠭ ᠬᠥᠷᠥᠰᠥᠨ ᠳ᠋ᠦ᠍ ᠪᠠᠰᠠ ᠨᠢᠭᠡᠨ ᠪᠠᠭᠠᠲᠤᠷ ᠡᠷ᠎ᠡ ᠨᠡᠮᠡᠭᠳᠡᠯ᠎ᠡ᠃
ᠨᠠᠷᠠᠰᠤᠨ ᠭᠤᠸᠠᠢ᠂ ᠥᠨᠥᠬᠢ ᠭᠠᠯ ᠳ᠋ᠤ᠌ ᠠᠷᠢᠭᠤᠳᠬᠠᠭᠰᠠᠨ ᠬᠠᠢᠴᠢ ᠪᠠᠷ ᠢ᠋ᠶ᠋ᠠᠨ ᠬᠡᠦᠬᠡᠳ ᠦ᠋ᠨ ᠬᠦᠢ ᠶ᠋ᠢ ᠬᠠᠢᠴᠢᠯᠠᠵᠤ᠂ ᠠᠷᠢᠬᠢᠨ ᠳ᠋ᠤ᠌ ᠳᠡᠪᠲᠦᠭᠡᠭᠰᠡᠨ ᠤᠲᠠᠰᠤ ᠪᠠᠷ ᠢ᠋ᠶ᠋ᠠᠨ ᠬᠦᠢ ᠶ᠋ᠢ ᠨᠢ ᠤᠶᠠᠵᠤ ᠨᠢᠯᠬ᠎ᠠ ᠣᠮᠪᠣᠯᠣ ᠪᠠᠨ ᠬᠥᠳᠥᠰᠥᠨ ᠮᠠᠨᠴᠤᠢ ᠳ᠋ᠤᠨᠢ ᠱᠠᠪᠬᠢᠲᠠᠯᠠ ᠥᠯᠥᠭᠡᠢᠳᠡᠵᠦ ᠲᠠᠯᠪᠢᠭᠠᠳ ᠤᠬᠢᠶᠠᠵᠤ ᠴᠡᠪᠡᠷᠯᠡᠬᠦ ᠠᠵᠢᠯ ᠢ᠋ᠶ᠋ᠠᠨ ᠮᠠᠰᠢ ᠱᠠᠯᠠᠮᠠᠭ ᠬᠤᠷᠳᠤᠨ ᠬᠥᠳᠡᠯᠦᠯ ᠢ᠋ᠶ᠋ᠡᠷ ᠭᠦᠢᠴᠡᠳᠬᠡᠵᠦ ᠪᠡᠷᠢ ᠶ᠋ᠢᠨ ᠢ᠋ᠶ᠋ᠡᠨ ᠥᠮᠥᠳᠥ ᠬᠤᠪᠴᠠᠰᠤ ᠶ᠋ᠢ ᠡᠮᠦᠰᠦᠭᠦᠯᠵᠦ ᠲᠣᠯᠣᠭᠠᠢ ᠶ᠋ᠢ ᠨᠢ ᠪᠥᠰ ᠠᠯᠴᠢᠭᠤᠷ ᠢ᠋ᠶ᠋ᠠᠷ ᠪᠢᠲᠡᠭᠦᠯᠡᠨ ᠵᠠᠩᠭᠢᠳᠴᠤ ᠥᠭᠭᠦᠭᠡᠳ ᠠᠷᠤ ᠳ᠋ᠤᠨᠢ ᠬᠥᠨᠵᠢᠯᠡ ᠢᠪᠡᠨ ᠬᠠᠭᠠᠰ ᠰᠠᠭᠤᠭ᠎ᠠ ᠪᠠᠷ ᠬᠡᠪᠲᠡᠭᠦᠯᠪᠡ᠃
ᠭᠠᠪᠢᠷ᠎ᠠ᠂ ᠡᠭᠡᠭᠡ ᠰᠠᠶᠢᠬᠠᠨ ᠠᠮᠢ ᠲᠡᠮᠡᠴᠡᠨ ᠤᠬᠢᠯᠠᠨ ᠪᠠᠷᠬᠢᠷᠠᠵᠤ ᠪᠠᠢᠭᠰᠠᠨ ᠦᠶ᠎ᠡ ᠬᠤᠷᠠᠭ ᠤ᠋ᠨ ᠵᠢᠭᠠᠬᠠᠨ ᠪᠦᠰᠡᠭᠦᠢ ᠶ᠋ᠢᠨ ᠬᠥᠯᠥᠰᠥ ᠴᠢᠬᠠᠷᠠᠭᠰᠠᠨ ᠴᠢᠭᠢᠭᠲᠡᠢ ᠮᠠᠩᠨᠠᠢ ᠶ᠋ᠢ ᠬᠥᠩᠭᠡᠨ ᠢᠯᠪᠢᠵᠦ
一 ᠣᠳᠣ ᠪᠠᠰᠠ ᠡᠪᠡᠳᠴᠦ ᠪᠠᠢᠨ᠎ᠠ ᠤᠤ? ᠭᠡᠮᠡᠨ ᠬᠠᠯᠠᠮᠵᠢᠯᠠᠨ ᠠᠰᠠᠭᠤᠪᠠ᠃ ᠪᠦᠰᠡᠭᠦᠢ᠄
一 ᠪᠦᠬᠦ ᠪᠡᠶ᠎ᠡ ᠠᠮᠠᠷᠠᠭᠠᠳ ᠯᠠ ᠶᠠᠪᠤᠴᠢᠬᠠᠯ᠎ᠠ᠃ ᠣᠳᠣ ᠤᠨᠲᠠᠶ᠎ᠠ ᠭᠡᠵᠦ ᠪᠣᠳᠣᠵᠤ ᠪᠠᠢᠨ᠎ᠠ ᠭᠡᠳ ᠲᠣᠷᠮᠣᠭᠣᠷ ᠬᠠᠷ᠎ᠠ ᠨᠢᠳᠦ ᠪᠡᠨ ᠴᠠᠪᠴᠢᠯᠠᠨ ᠢᠨᠢᠶᠡᠮᠰᠦᠭᠯᠡᠵᠦ ᠬᠥᠷᠥᠰᠥᠯᠢᠭ ᠪᠣᠷᠣ ᠬᠠᠴᠠᠷ ᠲᠤᠨᠢ ᠪᠠᠶᠠᠷ ᠵᠢᠷᠭᠠᠯ ᠤ᠋ᠨ ᠲᠤᠶᠠᠭ᠎ᠠ ᠲᠠᠲᠠᠨ᠎ᠠ᠃ ᠬᠠᠵᠠᠭᠤ ᠳ᠋ᠤᠨᠢ ᠪᠠᠢᠨ ᠪᠠᠢᠨ ᠴᠢᠭᠢᠷᠠᠭ ᠴᠢᠩᠭ᠎ᠠ ᠳᠠᠭᠤ ᠪᠠᠷ ᠤᠬᠢᠯᠠᠵᠤ ᠬᠥᠳᠥᠰᠥᠨ ᠮᠠᠨᠴᠤᠢ ᠳ᠋ᠤ᠌ ᠤᠷᠤᠭᠤᠯ ᠢ᠋ᠶ᠋ᠠᠨ ᠰᠢᠮᠡᠨ ᠬᠣᠪᠳᠣᠭᠯᠠᠬᠤ ᠨᠢᠯᠵᠠᠷᠠᠢ ᠬᠦᠦ ᠪᠡᠨ ᠬᠠᠢᠷᠠᠯᠠᠨ ᠬᠠᠷᠠᠨ᠎ᠠ᠃ ᠲᠡᠭᠦᠨ ᠦ᠌ ᠴᠡᠭᠡᠵᠢᠨ ᠳ᠋ᠦ᠍ ᠬᠣᠷᠸ᠎ᠠ ᠳ᠋ᠤ᠌ ᠠᠩᠬ᠎ᠠ ᠡᠵᠢ ᠪᠣᠯᠤᠭᠰᠠᠨ ᠡᠬᠡ ᠬᠥᠮᠦᠨ ᠦ᠌ ᠨᠠᠨᠳᠢᠨ ᠬᠠᠢᠷ᠎ᠠ ᠴᠠᠯᠭᠢᠯᠠᠨ ᠴᠢᠭᠢᠷᠠᠭ ᠬᠠᠲᠠᠭᠤ ᠪᠣᠮᠪᠣᠭᠣᠷ ᠬᠣᠶᠠᠷ ᠬᠥᠬᠥᠨ ᠳ᠋ᠦ᠍ᠨᠢ ᠤᠭᠤᠷᠠᠭ ᠴᠠᠭᠠᠨ ᠰᠦ ᠤᠨᠳᠤᠷᠤᠨ ᠢᠪᠢᠯᠬᠦ ᠶ᠋ᠢ ᠮᠡᠳᠡᠷᠡᠨ ᠪᠠᠢᠭ᠎ᠠ ᠶ᠋ᠢ ᠬᠡᠦᠬᠡᠳᠯᠢᠭ ᠴᠠᠢᠯᠭᠠᠨ ᠴᠢᠷᠠᠢᠠ᠋ᠴᠠ ᠨᠢ ᠢᠯᠡᠬᠡᠨ ᠬᠠᠷᠠᠭᠳᠠᠬᠤ ᠠᠵᠢ᠃
ᠨᠡᠯᠢᠶᠡᠳ ᠤᠳᠠᠭᠠᠳ ᠭᠠᠳᠠᠨᠠᠠ᠋ᠴᠠ ᠬᠠᠳᠠᠮ ᠠᠪᠤ᠂ ᠨᠥᠬᠥᠷ ᠳᠡᠭᠦᠦ ᠨᠠᠷ ᠨᠢ ᠣᠷᠣᠵᠤ ᠢᠷᠡᠯ᠎ᠡ᠃ ᠨᠥᠬᠥᠷ ᠨᠢ ᠡᠬᠡᠨᠡᠷ ᠦ᠋ᠨ ᠢ᠋ᠶ᠋ᠡᠨ ᠭᠠᠷ ᠢ᠋ ᠠᠳᠬᠤᠨ ᠮᠠᠩᠨᠠᠢ ᠳ᠋ᠤᠨᠢ ᠬᠠᠴᠠᠷ ᠢ᠋ᠶ᠋ᠠᠨ ᠨᠠᠭᠠᠯᠳᠤᠭᠤᠯᠤᠨ
一 ᠵᠦᠭᠡᠷ ᠪᠢᠵᠡ ᠳᠡ? ᠭᠡᠵᠦ ᠰᠢᠪᠡᠨᠡᠨ ᠠᠰᠠᠭᠤᠨ᠎ᠠ᠃ ᠯᠤᠪᠰᠠᠩ ᠭᠤᠸᠠᠢ᠂ ᠮᠠᠨᠳᠠᠭᠠᠷ ᠴᠢᠭᠢᠷᠠᠭ ᠨᠢᠯᠬ᠎ᠠ ᠣᠮᠪᠣᠯᠣ ᠪᠠᠨ ᠥᠩᠭᠡᠢᠨ ᠬᠠᠷᠠᠭᠠᠳ ᠬᠦᠷᠡᠯ ᠪᠣᠷᠣ ᠴᠢᠷᠠᠢ ᠳ᠋ᠤᠨᠢ ᠪᠠᠶᠠᠷ ᠤ᠋ᠨ ᠮᠦᠰᠢᠶᠡᠳᠦ ᠪᠢᠯᠬᠠᠷᠠᠨ᠎ᠠ᠃ ᠨᠠᠷᠠᠰᠤᠨ ᠭᠤᠸᠠᠢ ᠰᠢᠨ᠎ᠡ ᠬᠣᠨᠢᠨ ᠤ᠋ ᠱᠥᠯᠥ ᠪᠤᠴᠠᠯᠭᠠᠨ ᠬᠦᠦ ᠪᠡᠷᠢ ᠳ᠋ᠡᠭᠡᠨ ᠥᠭᠴᠦ
一 ᠵᠠ᠂ ᠬᠣᠶᠠᠷ ᠪᠡᠶ᠎ᠡ ᠮᠡᠨᠳᠦ ᠰᠠᠢᠬᠠᠨ ᠰᠠᠯᠵᠤ ᠰᠡᠳᠬᠢᠯ ᠠᠮᠠᠷᠠᠯ᠎ᠠ᠃ ᠣᠳᠣ ᠪᠦᠭᠦᠳᠡᠭᠡᠷ ᠤᠨᠲᠠᠵᠤ ᠠᠮᠠᠷᠠ᠃ ᠡᠨᠡ ᠪᠠᠭᠰᠢ ᠥᠬᠢᠨ ᠢ᠋ ᠶᠣᠰᠣᠲᠠᠢ ᠵᠦᠳᠡᠭᠡᠯᠡ᠃ ᠦᠷ ᠴᠠᠢᠬᠤ ᠴᠤ᠌ ᠣᠢᠷᠠᠲᠤᠯ᠎ᠠ᠃ ᠪᠢ ᠭᠠᠯ ᠲᠦᠯᠡᠵᠦ ᠰᠠᠭᠤᠶ᠎ᠠ ᠭᠡᠨ᠎ᠡ᠃
ᠲᠡᠭᠦᠨ ᠦ᠌ ᠴᠡᠪᠡᠷᠬᠡᠨ ᠰᠠᠷᠠᠨ ᠬᠥᠮᠥᠰᠬᠡ ᠲᠡᠢ ᠮᠣᠢᠯ ᠬᠠᠷ᠎ᠠ ᠨᠢᠳᠦᠨ ᠳ᠋ᠦ᠍ ᠪᠠᠶᠠᠷ ᠲᠠᠢᠪᠤᠰᠢᠷᠠᠯ ᠤ᠋ᠨ ᠣᠴᠢ ᠭᠢᠯᠠᠯᠵᠠᠵᠤ ᠮᠠᠷᠢᠶᠠᠯᠢᠭ ᠯᠠᠭᠱᠠᠨ ᠴᠢᠷᠠᠢ ᠨᠢ ᠭᠠᠯ ᠤ᠋ᠨ ᠭᠡᠷᠡᠯ ᠳ᠋ᠦ᠍ ᠤᠯᠠᠭ᠎ᠠ ᠪᠤᠲᠠᠷᠠᠨ ᠭᠡᠷᠡᠯᠲᠦᠨ᠎ᠡ᠃ ᠠᠷᠭ᠎ᠠ ᠦᠭᠡᠢ ᠴᠦ᠍ ᠪᠢᠵᠡ ᠳᠡ᠃ ᠡᠨᠡᠬᠦ ᠪᠣᠢᠳᠠ ᠪᠥᠭᠯᠡᠭᠦᠦ ᠬᠥᠳᠡᠭᠡ ᠨᠤᠲᠤᠭ ᠲᠤ᠌ ᠣᠲᠣᠷ ᠨᠡᠭᠦᠳᠡᠯ ᠦ᠋ᠨ ᠠᠮᠢᠳᠤᠷᠠᠯ ᠳᠤᠮᠳᠠ ᠪᠦᠰᠡᠭᠦᠢ ᠬᠥᠮᠦᠨ ᠮᠡᠨᠳᠦ ᠠᠮᠤᠷ ᠬᠥᠩᠭᠡᠵᠢᠬᠦ ᠭᠡᠳᠡᠭ ᠦᠨᠡᠬᠡᠷ ᠠᠮᠠᠷ ᠦᠭᠡᠢ᠃ ᠬᠡᠷᠪᠡ ᠬᠦᠴᠢᠷ ᠬᠥᠩᠭᠡᠵᠢᠯᠲᠡ ᠪᠤᠶᠤ ᠬᠣᠢᠲᠤᠬᠢ ᠰᠠᠭᠠᠲᠠᠬᠤ᠂ ᠬᠥᠩᠭᠡᠵᠢᠭᠰᠡᠨ ᠦ᠌ ᠳᠠᠷᠠᠭ᠎ᠠ ᠶᠡᠬᠡ ᠴᠢᠰᠤ ᠠᠯᠳᠠᠬᠤ ᠵᠡᠷᠭᠡ ᠪᠠᠢᠳᠠᠯ ᠭᠠᠷᠬᠤ ᠶᠤᠮ ᠪᠣᠯ ᠦᠷ᠎ᠡ ᠳ᠋ᠦᠩ ᠨᠢ ᠰᠡᠳᠬᠢᠭᠳᠡᠰᠢ ᠦᠭᠡᠢ ᠲᠦᠭᠰᠢᠭᠦᠷᠢ ᠲᠡᠢ᠂ ᠠᠮᠢ ᠨᠠᠰᠤᠨ ᠤ᠋ ᠠᠶᠤᠯ ᠬᠢᠲᠤᠭᠠᠨ ᠤ᠋ ᠢᠷ ᠮᠥᠷᠢ ᠳᠡᠭᠡᠷ᠎ᠡ ᠭᠡᠰᠡᠨ ᠦᠭᠡ᠃ ᠰᠠᠶᠢᠬᠠᠨ ᠤ᠋ ᠬᠥᠩᠭᠡᠵᠢᠭᠦᠯᠦᠭᠰᠡᠨ ᠶᠠᠪᠤᠴᠠ ᠪᠠᠷ ᠪᠣᠳᠣᠶ᠎ᠠ ᠳᠠ᠃ ᠪᠠᠭᠠᠵᠢ ᠬᠡᠷᠡᠭᠰᠡᠯ ᠨᠢ ᠴᠥᠮ ᠲᠤᠰᠬᠠᠢ ᠪᠠᠭᠠᠵᠢ ᠪᠢᠰᠢ᠃ ᠭᠡᠨᠡᠨ ᠪᠦᠳᠦᠭᠦᠯᠢᠭ ᠠᠷᠭ᠎ᠠ᠃ ᠭᠡᠪᠡᠴᠦ ᠪᠠᠴᠢᠮ ᠪᠠᠢᠳᠠᠯ ᠳ᠋ᠤ᠌ ᠠᠪᠤᠭᠰᠠᠨ ᠠᠷᠭ᠎ᠠ ᠬᠡᠮᠵᠢᠶ᠎ᠡ ᠨᠦ᠍ᠭᠦᠳ ᠨᠢ ᠪᠠᠰᠠ ᠴᠤ᠌ ᠰᠢᠨᠵᠢᠯᠡᠬᠦ ᠤᠬᠠᠭᠠᠨ ᠤ᠋ ᠦᠨᠳᠦᠰᠦᠯᠡᠯ ᠦᠭᠡᠢ ᠭᠡᠬᠦ ᠶ᠋ᠢᠨ ᠠᠷᠭ᠎ᠠ ᠦᠭᠡᠢ᠃ ᠵᠠᠩᠭᠢᠯᠠᠭ᠎ᠠ ᠶ᠋ᠢᠨ ᠦᠶ᠎ᠡ ᠳ᠋ᠦ᠍ ᠪᠦᠰᠡᠭᠦᠢ ᠶ᠋ᠢ ᠬᠡᠪᠲᠡᠭᠦᠯᠦᠭᠰᠡᠨ ᠠᠷᠭ᠎ᠠ ᠬᠡᠯᠪᠡᠷᠢ᠂ ᠭᠠᠯ᠂ ᠠᠷᠢᠬᠢᠨ ᠤ᠋ ᠠᠷᠢᠭᠤᠳᠬᠠᠯ᠂ ᠪᠤᠴᠠᠯᠤᠭᠰᠠᠨ ᠤᠰᠤᠨ ᠤ᠋ ᠤᠬᠢᠶᠠᠯ ᠵᠡᠷᠭᠡ ᠨᠢ ᠪᠠᠢᠭᠠᠯᠢᠯᠢᠭ ᠪᠠᠯᠠᠷᠯᠢᠭ ᠰᠢᠭ᠋ ᠪᠣᠯᠪᠠᠴᠤ ᠪᠠᠴᠢᠮ ᠲᠤᠯᠭᠠᠮ ᠦᠶ᠎ᠡ ᠳ᠋ᠦ᠍ ᠪᠣᠯ ᠪᠠᠰᠠ ᠴᠤ᠌ ᠪᠣᠯᠳᠠᠭ ᠯᠠ ᠠᠷᠭ᠎ᠠ ᠪᠠᠢᠯ᠎ᠠ᠃ ᠳᠠᠬᠢᠭᠠᠳ ᠬᠡᠯᠡᠪᠡᠯ ᠲᠡᠦᠬᠡᠨ ᠡᠴᠡ ᠪᠡᠨ ᠠᠪᠤᠭᠠᠳ ᠨᠡᠭᠦᠳᠡᠯ ᠮᠣᠩᠭᠣᠯᠴᠤᠳ ᠤ᠋ᠨ ᠦᠷ᠎ᠡ ᠬᠣᠢᠴᠢᠰ ᠲᠡᠢᠨ ᠳᠠᠵᠢᠨ ᠤ᠋ ᠳᠤᠮᠳᠠ ᠳᠥᠷᠪᠡᠨ ᠤᠯᠠᠷᠢᠯ ᠤ᠋ᠨ ᠨᠡᠭᠦᠳᠡᠯ ᠳᠤᠮᠳᠠᠭᠤᠷ ᠬᠠᠰᠠᠭ ᠲᠡᠷᠭᠡᠨ ᠳᠡᠭᠡᠷ᠎ᠡ᠂ ᠮᠣᠷᠢᠨ ᠨᠢᠷᠤᠭᠤᠨ ᠳᠡᠭᠡᠷ᠎ᠡ᠂ ᠡᠬᠡ ᠪᠠᠢᠭᠠᠯᠢ ᠶ᠋ᠢᠨ ᠢ᠋ᠶ᠋ᠡᠨ ᠵᠢᠪᠠᠷ ᠰᠠᠯᠬᠢᠨ ᠳ᠋ᠤ᠌ ᠲᠥᠷᠥᠵᠦ ᠮᠡᠨᠳᠦᠯᠡᠭᠰᠡᠨ ᠮᠣᠩᠭᠣᠯ ᠤ᠋ᠨ ᠰᠣᠳᠣᠨ ᠪᠠᠭᠠᠲᠤᠷ ᠤ᠋ᠳ ᠪᠥᠮᠪᠥᠷᠴᠡᠭ ᠢ᠋ ᠳᠣᠩᠰᠣᠯᠭᠠᠭᠰᠠᠨ ᠠᠤᠭ᠎ᠠ ᠶᠡᠬᠡ ᠲᠡᠦᠬᠡ ᠪᠡᠨ ᠪᠢᠴᠢᠭᠯᠡᠵᠦ ᠢᠷᠡᠭᠰᠡᠨ ᠪᠢᠰᠢ ᠤᠤ᠃
ᠭᠠᠪᠢᠷ᠎ᠠ ᠡᠢᠨ ᠬᠦ᠌ ᠪᠣᠳᠣᠭᠠᠳ ᠡᠨᠡᠬᠦ ᠠᠷᠭ᠎ᠠ ᠰᠠᠮᠪᠠᠭ᠎ᠠ ᠲᠠᠢ ᠬᠠᠳᠠᠮ ᠡᠬᠡ ᠶ᠋ᠢ ᠲᠤᠩ ᠴᠤ᠌ ᠪᠢᠰᠢᠷᠡᠵᠦ ᠪᠢᠯᠡ᠃
ᠲᠡᠮᠦᠷ ᠵᠤᠤᠬᠠᠨ ᠳ᠋ᠤ᠌ ᠬᠥᠷᠵᠡᠩ ᠦ᠋ᠨ ᠭᠠᠯ ᠳᠤᠯᠠᠯᠵᠠᠵᠤ᠂ ᠰᠢᠨ᠎ᠡ ᠠᠮᠠ ᠪᠦᠯᠢ ᠨᠡᠮᠡᠭᠳᠡᠭᠰᠡᠨ ᠡᠨᠡ ᠠᠢᠯ ᠳ᠋ᠤ᠌ ᠤᠷᠢᠳᠤ ᠠ᠋ᠴᠠ ᠪᠠᠨ ᠤᠯᠠᠮ ᠴᠤ᠌ ᠳᠦᠭᠦᠷᠡᠩ ᠳᠤᠯᠠᠭᠠᠬᠠᠨ ᠰᠠᠨᠠᠭᠳᠠᠨ᠎ᠠ᠃ ᠰᠠᠶᠢ ᠬᠥᠩᠭᠡᠵᠢᠭᠰᠡᠨ ᠪᠡᠷᠢ ᠨᠢᠯᠬ᠎ᠠ ᠬᠦᠦ ᠬᠣᠶᠠᠷᠠ᠋ᠴᠠ ᠪᠤᠰᠤᠳ ᠨᠢ ᠴᠥᠮ ᠤᠨᠲᠠᠭᠰᠠᠨ ᠦᠭᠡᠢ᠃ ᠨᠠᠷᠠᠰᠤᠨ ᠭᠤᠸᠠᠢ ᠰᠠᠢᠬᠠᠨ ᠤᠯᠠᠭᠠᠨ ᠴᠠᠢ ᠴᠢᠨᠠᠵᠤ ᠪᠦᠭᠦᠳᠡᠭᠡᠷ ᠬᠦᠢᠲᠡᠨ ᠮᠢᠬ᠎ᠠ ᠬᠥᠰᠬᠥᠯᠡᠨ ᠴᠠᠢ ᠤᠤᠭᠤᠵᠠᠭᠠᠪᠠ᠃ ᠯᠤᠪᠰᠠᠩ ᠭᠤᠸᠠᠢ ᠪᠦᠷ ᠴᠦ᠍ ᠬᠥᠭᠵᠢᠯᠲᠡᠢ ᠢᠨᠢᠶᠡᠵᠦ ᠬᠥᠭᠡᠷᠦᠨ
— ᠦᠬᠦᠬᠦ ᠲᠥᠷᠥᠬᠦ ᠶ᠋ᠢᠨ ᠲᠡᠷᠡ ᠭᠱᠠᠨ ᠳ᠋ᠤ᠌ ᠶᠡᠷᠦᠨᠢ ᠬᠤᠪᠢ ᠢᠷᠦᠭᠡᠯ ᠲᠡᠢ ᠨᠢᠭᠡᠨ ᠨᠢ ᠵᠠᠪᠠᠯ ᠬᠠᠷᠭᠤᠳᠠᠭ ᠭᠡᠳᠡᠭ ᠶᠦᠮ᠃ ᠡᠨᠡ ᠬᠡᠦᠬᠡᠨ ᠮᠢᠨᠦ ᠤᠤᠭᠠᠨ ᠣᠮᠪᠣᠯᠣ ᠶ᠋ᠢ ᠲᠥᠷᠥᠬᠦ ᠲᠡᠢ ᠢᠩᠭᠢᠵᠦ ᠲᠠᠭᠠᠷᠠᠨ᠎ᠠ ᠭᠡᠳᠡᠭ ᠪᠠᠰᠠ ᠴᠤ᠌ ᠰᠣᠨᠢᠨ ᠤᠴᠢᠷ᠃ ᠬᠠᠭᠤᠴᠢᠨ ᠵᠤᠷᠰᠢᠯ ᠢ᠋ ᠡᠪᠳᠡᠵᠦ ᠣᠮᠪᠣᠯᠣ ᠳ᠋ᠠᠭᠠᠨ ᠪᠠᠭᠰᠢ ᠬᠡᠦᠬᠡᠨ ᠡᠴᠡ ᠨᠡᠷ᠎ᠡ ᠭᠤᠶᠤᠪᠠᠯ ᠶᠠᠮᠠᠷ ᠪᠣᠢ? ᠭᠡᠵᠦ ᠬᠥᠭᠰᠢᠨ ᠪᠣᠯᠤᠨ ᠲᠣᠮᠣ ᠬᠦᠦ ᠡᠴᠡ ᠪᠡᠨ ᠵᠥᠪᠯᠡᠬᠦ ᠮᠠᠶᠢᠭᠲᠠᠢ ᠠᠰᠠᠭᠤᠪᠠ᠃ ᠨᠠᠷᠠᠰᠤᠨ ᠭᠤᠸᠠᠢ ᠪᠠᠶᠠᠷᠲᠠᠢ ᠨᠢ ᠠᠷᠭ᠎ᠠ ᠦᠭᠡᠢ ᠲᠠᠴᠢᠭᠢᠨᠠᠨ ᠢᠨᠢᠶᠡᠭᠡᠳ
— ᠦ᠂ ᠦᠨᠡᠬᠡᠷ ᠲᠡᠭᠡᠳᠡᠭ ᠪᠠᠢᠵᠠᠢ᠃ ᠪᠠᠭᠰᠢ ᠬᠥᠮᠦᠨ ᠢ᠋ᠶ᠋ᠡᠷ ᠤᠬᠢᠶᠠᠬᠤ ᠤᠰᠤ ᠪᠠᠨ ᠪᠤᠴᠠᠯᠭᠠᠭᠤᠯᠤᠨᠠ ᠭᠡᠳᠡᠭ ᠴᠢᠨᠢ ᠮᠢᠨᠦ ᠣᠮᠪᠣᠯᠣ ᠪᠤᠶᠠᠨ ᠲᠠᠢ ᠲᠥᠷᠥᠭᠰᠡᠨ ᠬᠦᠦ ᠪᠠᠢᠬ᠎ᠠ ᠠ᠋ ᠭᠡᠳ ᠮᠣᠳᠣᠨ ᠪᠠᠭᠪᠤᠷ ᠲᠤ᠌ ᠴᠠᠭᠠᠨ ᠢᠳᠡᠭᠡ ᠵᠠᠰᠠᠵᠤ᠂ ᠴᠡᠩᠬᠡᠷ ᠲᠣᠷᠭᠠᠨ ᠬᠠᠳᠠᠭ ᠲᠠᠢ ᠬᠣᠶᠠᠷ ᠭᠠᠷ ᠢ᠋ᠶ᠋ᠠᠷ ᠢ᠋ᠶ᠋ᠠᠨ ᠳᠡᠯᠭᠡᠨ ᠪᠠᠷᠢᠵᠤ᠂ ᠭᠠᠪᠢᠷ᠎ᠠ ᠳ᠋ᠤ᠌
— ᠵᠠ᠂ ᠪᠠᠭᠰᠢ ᠬᠡᠦᠬᠡᠨ ᠡᠴᠡ ᠤᠤᠭᠠᠨ ᠣᠮᠪᠣᠯᠣ ᠳ᠋ᠠᠭᠠᠨ ᠨᠡᠷ᠎ᠡ ᠭᠤᠶᠤᠵᠤ ᠪᠠᠢᠨ᠎ᠠ ᠠ᠋᠂ ᠰᠠᠢᠬᠠᠨ ᠨᠡᠷ᠎ᠡ ᠬᠠᠢᠷᠠᠯᠠᠭᠠᠴᠢ! ᠭᠡᠪᠡ᠃ ᠭᠠᠪᠢᠷ᠎ᠠ ᠰᠠᠨᠳᠤᠷᠤᠨ ᠪᠣᠰᠴᠤ ᠬᠠᠳᠠᠭ ᠢ᠋ ᠬᠦᠨᠳᠦᠳᠬᠡᠨ ᠲᠣᠰᠴᠤ ᠠᠪᠤᠭᠠᠳ ᠴᠠᠭᠠᠨ ᠢᠳᠡᠭᠡ ᠡᠴᠡ ᠤᠷᠢᠳ ᠢ᠋ᠶ᠋ᠠᠷ ᠲᠩᠷᠢ ᠭᠠᠵᠠᠷ ᠲᠤ᠌ ᠰᠡᠷᠵᠢᠮᠯᠡᠨ ᠡᠷᠭᠦᠭᠡᠳ ᠥᠪᠡᠷ ᠢ᠋ᠶ᠋ᠡᠨ ᠠᠮᠰᠠᠵᠤ ᠳᠠᠷᠠᠭ᠎ᠠ ᠨᠢ ᠭᠠᠯ ᠳ᠋ᠤ᠌ ᠡᠷᠭᠦᠨ᠂ ᠢᠳᠡᠭᠡᠨ ᠳᠡᠭᠡᠷᠡᠬᠢ ᠰᠢᠷ᠎ᠠ ᠲᠣᠰᠣᠨᠠ᠋ᠴᠠ ᠨᠢᠯᠬ᠎ᠠ ᠬᠦᠦ ᠶ᠋ᠢᠨ ᠮᠠᠩᠨᠠᠢ ᠳ᠋ᠤ᠌ ᠳᠦᠷᠭᠢᠭᠡᠳ
— ᠥᠯᠵᠡᠢ ᠬᠡᠢᠮᠣᠷᠢ ᠲᠠᠢ ᠥᠭᠡᠳᠡ ᠡᠰᠡᠷᠡᠭ ᠶᠠᠪᠤᠬᠤ ᠶ᠋ᠢ ᠨᠢ ᠵᠥᠩᠨᠡᠨ ᠢᠷᠦᠭᠡᠵᠦ ᠬᠥᠬᠡᠬᠡᠢᠮᠣᠷᠢ ᠭᠡᠰᠡᠨ ᠨᠡᠷ᠎ᠡ ᠥᠭᠭᠦᠶ᠎ᠡ ᠭᠡᠰᠡᠨ ᠳ᠋ᠦ᠍᠂ ᠯᠤᠪᠰᠠᠩ ᠭᠤᠸᠠᠢ ᠮᠠᠰᠢ ᠪᠠᠶᠠᠷᠯᠠᠨ ᠪᠠᠭᠰᠢ ᠬᠡᠦᠬᠡᠨ ᠦ᠌ ᠬᠥᠳᠡᠯᠦᠯ ᠪᠠᠷᠢᠯ ᠢ᠋ ᠠᠵᠢᠭᠯᠠᠵᠤ ᠰᠠᠭᠤᠭᠰᠠᠨ ᠢ᠋ᠶ᠋ᠠᠨ ᠠᠷᠭ᠎ᠠ ᠦᠭᠡᠢ ᠯᠡ ᠮᠣᠩᠭᠣᠯ ᠬᠥᠮᠦᠨ ᠦ᠌ ᠦᠷ᠎ᠡ ᠪᠠᠢᠨ᠎ᠠ ᠬᠥᠶᠢ ᠭᠡᠵᠦ ᠪᠢᠰᠢᠷᠡᠨ ᠪᠣᠳᠣᠨ᠎ᠠ᠃ ᠲᠡᠭᠡᠭᠡᠳ ᠲᠡᠷᠡ ᠭᠤᠸᠠᠢ ᠣᠮᠪᠣᠯᠣ ᠶ᠋ᠢᠨ ᠢ᠋ᠶ᠋ᠡᠨ ᠴᠣᠬᠣᠨ ᠳ᠋ᠤ᠌ ᠰᠦ ᠲᠦᠷᠬᠢᠵᠦ᠄《 ᠬᠥᠬᠡ— ᠬᠡᠢᠮᠣᠷᠢ᠂ ᠬᠥᠬᠡᠬᠡᠢᠮᠣᠷᠢ!》 ᠭᠡᠵᠦ ᠨᠡᠷ᠎ᠡ ᠶ᠋ᠢ ᠨᠢ ᠭᠤᠷᠪᠠᠨᠲᠠ ᠳᠠᠭᠤᠳᠠᠪᠠ᠃ ᠨᠠᠷᠠᠰᠤᠨ ᠭᠤᠸᠠᠢ ᠪᠡᠶᠡᠰᠦᠨ ᠢᠨᠢᠶᠡᠵᠦ
— ᠬᠥᠬᠡᠬᠡᠢᠮᠣᠷᠢ ᠶ᠋ᠢ ᠴᠢᠨᠢ ᠬᠣᠵᠢᠮ ᠴᠢᠨᠦ ᠰᠤᠷᠤᠭᠴᠢ ᠪᠣᠯᠭᠠᠨ᠎ᠠ ᠰᠢᠦ ᠭᠡᠪᠡ᠃ ᠭᠠᠪᠢᠷ᠎ᠠ ᠪᠠᠶᠠᠷᠯᠠᠨ ᠳᠣᠭᠳᠣᠯᠵᠤ᠂
— ᠲᠡᠷᠡ ᠴᠦ᠍ ᠶᠠᠷᠢᠯᠭᠠᠨ ᠶᠠᠭᠤ ᠪᠠᠢᠨ᠎ᠠ ᠪᠣᠢ! ᠪᠢ ᠣᠳᠣ ᠪᠠᠷ ᠢ᠋ᠶ᠋ᠠᠨ ᠨᠡᠷ᠎ᠡ ᠶ᠋ᠢ ᠨᠢ ᠳᠠᠩᠰᠠᠯᠠᠭᠠᠳ ᠲᠠᠯᠪᠢᠴᠢᠬᠠᠶᠠ ᠭᠡᠳ ᠰᠡᠳᠬᠢᠯ ᠡᠴᠡ ᠪᠡᠨ ᠪᠡᠶᠡᠰᠦᠨ ᠢᠨᠢᠶᠡᠪᠡ᠃ ᠶᠠᠭᠠᠬᠢᠭᠠᠳ ᠴᠤ᠌ ᠶᠤᠮ ᠪᠣᠯ ᠡᠨᠡᠬᠦ ᠰᠠᠢᠬᠠᠨ ᠤᠴᠠᠷᠠᠯ ᠲᠣᠬᠢᠶᠠᠯᠳᠤᠯ ᠲᠡᠭᠦᠨ ᠳ᠋ᠦ᠍ ᠮᠠᠰᠢ ᠪᠡᠯᠭᠡ ᠲᠠᠮᠪᠠᠷᠠᠯ ᠲᠠᠢ ᠰᠠᠢᠬᠠᠨ ᠰᠠᠨᠠᠭᠳᠠᠵᠤ ᠪᠠᠢᠯ᠎ᠠ᠃ ᠣᠯᠠᠨ ᠬᠣᠨᠣᠭ ᠤ᠋ᠨ ᠶᠠᠳᠠᠷᠠᠯ ᠴᠢᠯᠡᠭᠡᠷᠬᠡᠯ ᠢ᠋ᠶ᠋ᠡᠨ ᠣᠷᠣ ᠲᠠᠰᠤ ᠮᠠᠷᠲᠠᠵᠤ ᠲᠠᠷᠢᠬᠢ ᠲᠣᠯᠣᠭᠠᠢ ᠨᠢ ᠨᠢᠭᠡ ᠯᠡ ᠬᠠᠴᠢᠨ ᠲᠤᠩᠭᠠᠯᠠᠭ ᠰᠡᠷᠭᠦᠯᠡᠩ ᠪᠣᠯᠴᠢᠬᠠᠭᠰᠠᠨ ᠰᠠᠨᠠᠭᠳᠠᠨ᠎ᠠ᠃
ᠬᠥᠬᠡᠬᠡᠢᠮᠣᠷᠢ ᠭᠡᠳᠡᠭ ᠬᠦᠦ ᠦᠨᠡᠬᠡᠷ ᠬᠣᠵᠢᠮ ᠨᠢ ᠰᠠᠢᠰᠢᠶᠠᠯᠲᠤ ᠭᠠᠪᠢᠷ᠎ᠠ ᠬᠣᠶᠠᠷ ᠤ᠋ᠨ ᠰᠤᠷᠤᠭᠴᠢ ᠪᠣᠯᠤᠭᠰᠠᠨ ᠢ᠋ᠶ᠋ᠠᠷ ᠪᠠᠷᠠᠬᠤ ᠦᠭᠡᠢ ᠭᠤᠴᠢᠨ ᠵᠢᠯ ᠦ᠋ᠨ ᠬᠢᠨᠢ ᠳᠠᠷᠠᠭ᠎ᠠ ᠮᠡᠳᠡᠯᠭᠡ ᠤᠬᠠᠭᠠᠨ ᠬᠣᠣᠰᠯᠠᠭᠰᠠᠨ ᠠᠪᠤᠷᠭᠤ ᠪᠥᠬᠡ ᠪᠣᠯᠵᠤ ᠰᠠᠢᠬᠠᠨ ᠠᠯᠳᠠᠷ ᠢ᠋ᠶ᠋ᠠᠨ ᠳᠠᠶᠠᠩ ᠳ᠋ᠤ᠌ ᠳᠠᠭᠤᠷᠢᠰᠤᠭᠤᠯᠵᠠᠢ᠃
ᠭᠠᠪᠢᠷ᠎ᠠ ᠪᠠᠭ᠎ᠠ ᠦᠳᠡ ᠶ᠋ᠢᠨ ᠦᠶ᠎ᠡ ᠪᠡᠷ ᠮᠣᠷᠳᠠᠵᠤ ᠰᠤᠮᠤᠨ ᠲᠥᠪ ᠢ᠋ ᠴᠢᠭᠯᠡᠯ᠎ᠡ᠃ ᠲᠩᠷᠢ ᠴᠡᠯᠮᠡᠭᠰᠢᠵᠦ ᠰᠡᠳᠬᠢᠯ ᠰᠡᠷᠭᠦᠮ᠎ᠡ ᠰᠠᠢᠬᠠᠨ ᠡᠳᠦᠷ ᠪᠣᠯᠵᠠᠢ᠃ ᠡᠪᠦᠭᠡᠨ ᠪᠤᠭᠤᠷᠤᠯ ᠠᠭᠤᠯᠠᠰ ᠤ᠋ᠨ ᠨᠣᠶᠠᠨ ᠰᠠᠷᠢᠳᠠᠭ ᠤᠨᠢᠶᠠᠷᠲᠤᠵᠤ᠂ ᠥᠳᠬᠡᠨ ᠰᠠᠬᠤᠯᠢᠭ ᠡᠪᠡᠰᠦ ᠪᠡᠯᠴᠢᠭᠡᠷ ᠰᠢᠷᠭᠠᠯᠲᠤᠨ ᠮᠥᠩᠭᠥᠨ ᠴᠠᠭᠠᠨ ᠲᠠᠯ᠎ᠠ ᠬᠥᠳᠡᠭᠡ ᠪᠡᠷ ᠮᠠᠯ ᠰᠦᠷᠦᠭ ᠪᠡᠯᠴᠢᠭᠡᠷᠯᠡᠨ᠂ ᠬᠠᠷᠠᠭ᠎ᠠ ᠴᠢᠮᠡᠭᠯᠡᠭᠰᠡᠨ ᠮᠣᠳᠣᠨ ᠬᠠᠰᠠᠭ ᠤ᠋ᠨ ᠴᠥᠷᠬᠡᠯᠡᠭᠡ᠁ ᠡᠨᠡ ᠪᠦᠬᠦᠨ ᠲᠡᠭᠦᠨ ᠳ᠋ᠦ᠍ ᠬᠢᠵᠠᠭᠠᠷ ᠦᠭᠡᠢ ᠪᠠᠬᠠᠳᠤᠯ ᠲᠠᠢ ᠰᠠᠨᠠᠭᠳᠠᠨ《ᠮᠠᠩᠨᠤᠭ ᠴᠤ᠌ ᠯᠠ ᠲᠠᠯ᠎ᠠ ᠶ᠋ᠢᠨ ᠢ᠋ᠶ᠋ᠡᠨ ᠠᠭᠤᠳᠠᠮ ᠬᠥᠨᠳᠡᠢ ᠪᠡᠷ᠁》 ᠭᠡᠵᠦ ᠬᠠᠩᠭᠢᠨᠠᠭᠤᠯᠤᠨ ᠳᠠᠭᠤᠯᠠᠵᠤ ᠮᠣᠷᠢᠨ ᠳ᠋ᠠᠭᠠᠨ ᠲᠠᠰᠢᠭᠤᠷ ᠥᠭᠴᠦ ᠪᠣᠰᠤᠭ᠎ᠠ ᠳᠥᠷᠥᠭᠡ ᠪᠡᠷ ᠬᠠᠲᠠᠷᠢᠭᠤᠯᠤᠨ ᠶᠠᠪᠤᠯ᠎ᠠ᠃
ᠲᠡᠷᠡ ᠤᠷᠢᠳ ᠢ᠋ᠶ᠋ᠠᠷ ᠰᠤᠮᠤᠨ ᠤ᠋ ᠪᠠᠨ ᠨᠠᠮ ᠵᠠᠰᠠᠭ ᠤ᠋ᠨ ᠪᠠᠢᠭᠤᠯᠭ᠎ᠠ ᠳ᠋ᠤ᠌ ᠬᠦᠷᠴᠦ ᠠᠵᠢᠯ ᠤ᠋ᠨ ᠬᠠᠷᠢᠭᠤ ᠮᠡᠳᠡᠭᠦᠯᠦᠯᠲᠡ ᠪᠡᠨ ᠥᠭᠬᠦ ᠭᠡᠵᠦ ᠶᠠᠭᠠᠷᠠᠨ᠎ᠠ᠃ ᠰᠤᠮᠤᠨ ᠤ᠋ ᡀᠠᠮᠣ ᠱᠦᠵᠢ᠂ ᠰᠣᠶᠣᠯᠡᠷᠳᠡᠨᠢ᠂ ᠪᠠᠨᠳᠠᠷᠢ ᠨᠠᠷ ᠲᠠᠢ ᠠᠭᠤᠯᠵᠠᠯ᠎ᠠ᠃ ᠰᠤᠮᠤᠨ ᠳᠠᠷᠤᠭ᠎ᠠ ᠪᠠᠨᠳᠠᠷᠢ ᠭᠤᠸᠠᠢ ᠭᠠᠪᠢᠷ᠎ᠠ ᠶ᠋ᠢᠨ ᠨᠠᠷᠠ ᠰᠠᠯᠬᠢᠨ ᠳ᠋ᠤ᠌ ᠪᠣᠷᠣᠯᠠᠭᠰᠠᠨ ᠴᠢᠷᠠᠢ ᠶ᠋ᠢ ᠬᠠᠷᠠᠭᠠᠳ ᠪᠠᠶᠠᠷᠲᠠᠢᠬᠠᠨ ᠢᠨᠢᠶᠡᠮᠰᠦᠭᠯᠡᠵᠦ
— ᠬᠥᠶᠢ ᠬᠦ᠂ ᠶᠣᠰᠣᠲᠠᠢ ᠬᠥᠳᠡᠭᠡ ᠶ᠋ᠢᠨ ᠬᠥᠭᠡᠷᠦᠬᠦᠨ ᠪᠣᠷᠣ ᠥᠬᠢᠨ ᠪᠣᠯᠴᠢᠬᠠᠵᠠᠢ᠃ ᠰᠠᠢᠨ ᠶᠠᠪᠤᠵᠤ ᠢᠷᠡᠪᠡ ᠤᠤ? ᠠᠵᠢᠯ ᠠᠮᠵᠢᠯᠲᠠ ᠲᠠᠢ ᠪᠢᠵᠡ? ᠭᠡᠵᠦ ᠬᠠᠯᠠᠮᠵᠢᠯᠠᠨ ᠠᠰᠠᠭᠤᠨ᠎ᠠ᠃ ᠭᠠᠪᠢᠷ᠎ᠠ ᠪᠢᠰᠢᠭᠦᠷᠬᠡᠮᠡᠲᠡᠭᠡᠢ ᠢᠨᠢᠶᠡᠵᠦ
— ᠰᠠᠢᠨ ᠶᠠᠪᠤᠵᠤ ᠢᠷᠡᠯ᠎ᠡ᠃ ᠲᠠᠨᠠᠷ ᠰᠠᠢᠨ ᠰᠠᠭᠤᠵᠤ ᠪᠠᠢᠪᠠ ᠤᠤ? ᠭᠡᠵᠦ ᠬᠠᠷᠢᠭᠤ ᠮᠡᠨᠳᠦᠯᠡᠨ᠎ᠡ᠃ ᠰᠤᠮᠤᠨ ᠳᠠᠷᠤᠭ᠎ᠠ ᠪᠠᠨᠳᠠᠷᠢ᠄
— ᠪᠢᠯᠢᠭ ᠦ᠋ᠨ ᠶᠢᠰᠦᠨ ᠰᠠᠷ᠎ᠠ ᠶ᠋ᠢᠨ ᠨᠠᠢ᠍ᠮᠠᠨ ᠳ᠋ᠤ᠌ ᠰᠤᠷᠭᠠᠭᠤᠯᠢ ᠡᠬᠢᠯᠡᠬᠦ ᠶᠣᠰᠣᠯᠠᠯ ᠢ᠋ ᠬᠢᠬᠦ ᠪᠡᠷ ᠲᠣᠭᠲᠠᠭᠰᠠᠨ᠃ ᠣᠳᠣᠬᠠᠨ ᠬᠡᠳᠦᠢ ᠰᠤᠷᠤᠭᠴᠢ ᠢᠷᠡᠭᠰᠡᠨ ᠴᠦ᠍ ᠬᠠᠮᠢᠶ᠎ᠠ ᠦᠭᠡᠢ᠂ ᠰᠤᠷᠭᠠᠭᠤᠯᠢ ᠪᠠᠨ ᠡᠬᠢᠯᠡᠬᠦ ᠪᠡᠷ ᠢ᠋ᠶ᠋ᠡᠨ ᠡᠬᠢᠯᠡᠨ᠎ᠡ᠃ ᠰᠠᠢᠰᠢᠶᠠᠯᠲᠤ ᠴᠤ᠌ ᠥᠨᠥ ᠮᠠᠷᠭᠠᠰᠢ ᠦᠭᠡᠢ ᠢᠷᠡᠬᠦ ᠪᠣᠯᠤᠭᠰᠠᠨ᠃ ᠴᠢ ᠪᠢᠳᠡᠨ ᠲᠡᠢ ᠣᠷᠣᠢ ᠶ᠋ᠢᠨ ᠬᠣᠭᠣᠯᠠ ᠢᠳᠡᠭᠡᠳ ᠡᠷᠲᠡᠬᠡᠨ ᠪᠠᠢᠷᠢ ᠳ᠋ᠠᠭᠠᠨ ᠣᠴᠢᠵᠤ ᠠᠮᠤᠰᠬᠢ᠃ ᠮᠠᠷᠭᠠᠰᠢᠠ᠋ᠴᠠ ᠴᠢ ᠪᠢᠳᠡᠨ ᠦ᠌ ᠬᠢᠬᠦ ᠠᠵᠢᠯ ᠳᠠᠩᠴᠤ ᠣᠯᠠᠨ ᠪᠠᠢᠭ᠎ᠠ ᠭᠡᠨ᠎ᠡ᠃
ᠭᠠᠪᠢᠷ᠎ᠠ ᠰᠤᠷᠭᠠᠭᠤᠯᠢ ᠶ᠋ᠢᠨ ᠢ᠋ᠶ᠋ᠡᠨ ᠪᠠᠢᠷᠢ ᠳ᠋ᠤ᠌ ᠬᠠᠷᠢᠭᠠᠳ ᠬᠤᠪᠴᠠᠰᠤ ᠬᠤᠨᠠᠷ ᠢ᠋ᠶ᠋ᠠᠨ ᠰᠣᠯᠢᠵᠤ ᠪᠡᠶ᠎ᠡ ᠪᠡᠨ ᠤᠬᠢᠶᠠᠨ ᠭᠬᠢᠷ ᠲᠣᠭᠣᠰᠣ ᠪᠠᠨ ᠴᠡᠪᠡᠷᠯᠡᠨ ᠥᠨᠥᠬᠢ ᠰᠢᠷᠡᠭᠡ ᠪᠡᠷ ᠵᠡᠷᠭᠡᠯᠡᠵᠦ ᠬᠥᠳᠡᠯᠬᠦ ᠶ᠋ᠢᠨ ᠲᠣᠭᠠᠯᠠᠩ ᠢ᠋ᠶ᠋ᠠᠷ ᠰᠠᠯᠵᠤ ᠨᠡᠢᠯᠡᠨ ᠭᠠᠯᠭᠢᠨ ᠳᠤᠤᠭᠠᠷᠳᠠᠭ ᠣᠷᠣᠨ ᠳᠡᠭᠡᠷ᠎ᠡ ᠪᠡᠨ ᠥᠪᠡᠷ ᠦ᠋ᠨ ᠴᠡᠪᠡᠷ ᠵᠥᠭᠡᠯᠡᠨ ᠬᠥᠨᠵᠢᠯᠡ ᠳ᠋ᠦ᠍ ᠰᠢᠷᠭᠤᠨ ᠣᠷᠣᠵᠤ ᠳᠥᠷᠪᠡᠨ ᠮᠥᠴᠢ ᠪᠡᠨ ᠲᠡᠨᠢᠢᠲᠡᠯ᠎ᠡ ᠰᠤᠩᠭᠠᠵᠤ ᠬᠡᠪᠲᠡᠯ᠎ᠡ᠃ ᠡᠨᠡ ᠰᠠᠷ᠎ᠠ ᠢᠯᠡᠭᠦᠦ ᠶ᠋ᠢᠨ ᠬᠤᠭᠤᠴᠠᠭᠠᠨ ᠳ᠋ᠤ᠌ ᠪᠠᠷᠤᠭ ᠬᠤᠪᠴᠠᠰᠤ ᠪᠠᠨ ᠲᠠᠢᠴᠢᠵᠤ ᠤᠨᠲᠠᠭᠰᠠᠨ ᠦᠭᠡᠢ ᠪᠢᠯᠡ᠃ ᠶᠠᠭᠤ ᠴᠤ᠌ ᠭᠡᠰᠡᠨ ᠰᠠᠷ᠎ᠠ ᠢᠯᠡᠭᠦᠦ ᠶ᠋ᠢᠨ ᠲᠠᠪᠠᠯᠠᠭᠤᠨ ᠪᠤᠰᠤ ᠨᠣᠢᠷ ᠢ᠋ᠶ᠋ᠠᠨ ᠬᠠᠩᠭᠠᠮᠵᠢᠲᠠᠢ ᠨᠥᠬᠥᠵᠦ ᠤᠨᠲᠠᠯ᠎ᠠ᠃ ᠲᠠᠩᠬᠢᠯ ᠪᠠᠭᠠᠬᠠᠨ ᠡᠨᠡ ᠥᠬᠢᠨ ᠳ᠋ᠦ᠍ ᠠᠪᠴᠤ ᠬᠡᠯᠡᠪᠡᠯ ᠥᠩᠭᠡᠷᠡᠭᠦᠯᠵᠦ ᠶᠠᠪᠤᠭ᠎ᠠ ᠠᠮᠢᠳᠤᠷᠠᠯ ᠦᠢᠯᠡᠰ ᠦ᠋ᠨ ᠬᠢᠨᠢ ᠠᠩᠬᠠᠨ ᠤ᠋ ᠡᠬᠢᠯᠡᠯᠲᠡ ᠭᠡᠭᠴᠢ ᠳᠡᠩᠳᠡᠭᠦᠦ ᠬᠠᠲᠠᠭᠤᠬᠠᠨ ᠰᠢᠯᠭᠠᠯᠲᠠ ᠪᠠᠢᠯ᠎ᠠ᠃
ᠳᠠᠷᠠᠭ᠎ᠠ ᠥᠷᠯᠥᠭᠡ ᠨᠢ ᠡᠷᠲᠡᠯᠡᠨ ᠪᠣᠰᠴᠤ ᠲᠠᠷᠢᠶᠠᠯᠠᠩ ᠪᠠᠷᠢᠭᠠᠳᠠ ᠳ᠋ᠤ᠌ ᠣᠴᠢᠵᠤ《ᠰᠤᠷᠤᠭᠴᠢ ᠪᠠᠳᠢᠷᠯᠠᠬᠤ》 ᠠᠵᠢᠯ ᠢ᠋ᠶ᠋ᠠᠨ ᠦᠷᠭᠦᠯᠵᠢᠯᠡᠭᠦᠯᠪᠡ᠃ ᠡᠨᠡᠬᠦ ᠲᠠᠷᠢᠶᠠᠯᠠᠬᠤ ᠪᠠᠷᠢᠭᠠᠳᠠ ᠪᠣᠯ ᠲᠠᠪᠢ ᠵᠢᠷᠠᠭᠠᠳ ᠣᠨ ᠤ᠋ ᠦᠶ᠎ᠡ ᠳ᠋ᠦ᠍ ᠬᠠᠷᠠᠴᠢᠨ ᠬᠣᠷᠴᠢᠨᠠ᠋ᠴᠠ ᠭᠠᠴᠢᠭᠠ᠋ᠴᠠ ᠵᠠᠢᠯᠠᠨ ᠨᠡᠭᠦᠳᠡᠯᠯᠡᠵᠦ ᠢᠷᠡᠭᠰᠡᠨ ᠲᠠᠷᠢᠶᠠᠴᠢᠨ ᠮᠣᠩᠭᠣᠯᠴᠤᠳ ᠪᠣᠯᠬᠤ ᠶᠤᠮ᠃ ᠲᠡᠭᠡᠭᠡᠳ ᠪᠦᠭᠦᠳᠡ ᠶ᠋ᠢ ᠨᠢᠭᠡ ᠭᠠᠵᠠᠷ ᠲᠤ᠌ ᠴᠤᠭᠯᠠᠭᠤᠯᠤᠨ ᠲᠤᠰ ᠰᠤᠮᠤᠨ ᠤ᠋ ᠬᠠᠷᠢᠶᠠᠨ ᠳ᠋ᠠᠬᠢ ᠲᠠᠷᠢᠶᠠᠯᠠᠬᠤ ᠪᠠᠷᠢᠭᠠᠳᠠ ᠪᠣᠯᠭᠠᠭᠰᠠᠨ ᠠᠵᠢ᠃ ᠡᠳᠡᠭᠡᠷ ᠲᠠᠷᠢᠶᠠᠯᠠᠬᠤ ᠮᠣᠩᠭᠣᠯᠴᠤᠳ ᠡᠯᠵᠢᠭᠡ ᠭᠠᠬᠠᠢ ᠮᠠᠯᠵᠢᠵᠤ ᠡᠨᠳᠡᠬᠢ ᠠᠭᠤᠯᠠ ᠶ᠋ᠢᠨ ᠵᠢᠯᠠᠭ᠎ᠠ ᠭᠣᠣᠯ ᠤ᠋ᠨ ᠡᠷᠭᠢ ᠶ᠋ᠢᠨ ᠬᠡᠰᠡᠭᠬᠡᠨ ᠭᠠᠵᠠᠷ ᠢ᠋ ᠠᠰᠢᠭᠯᠠᠨ ᠠᠮᠤ ᠬᠦᠨᠡᠰᠦ ᠪᠡᠨ ᠥᠪᠡᠷᠲᠡᠭᠡᠨ ᠲᠠᠷᠢᠵᠤ ᠠᠮᠢᠳᠤᠷᠠᠯ ᠢ᠋ᠶ᠋ᠠᠨ ᠠᠷᠭᠠᠴᠠᠳᠠᠭ᠃ ᠡᠳᠡᠨᠥᠰ ᠪᠠᠶᠠᠨ ᠲᠠᠩᠰᠤᠭ ᠦᠵᠦᠮᠦᠴᠢᠨ ᠨᠤᠲᠤᠭ ᠲᠤ᠌ ᠠᠮᠤᠷ ᠲᠠᠪᠠᠲᠠᠢ ᠠᠮᠢᠳᠤᠷᠠᠯ ᠬᠠᠢᠵᠤ ᠢᠷᠡᠭᠰᠡᠨ ᠪᠣᠯᠪᠠᠴᠤ ᠲᠤᠬᠠᠢ ᠶ᠋ᠢᠨ ᠴᠠᠭ ᠤ᠋ᠨ ᠦᠢᠮᠡᠭᠡᠨ ᠰᠠᠮᠠᠭᠤᠨ ᠤᠯᠤᠰ ᠠᠷᠠᠳ ᠤ᠋ᠨ ᠠᠵᠤ ᠦᠢᠯᠡᠳᠪᠦᠷᠢᠯᠡᠯ ᠦ᠋ᠨ ᠪᠠᠢᠳᠠᠯ ᠨᠡᠢᠳᠡᠮ ᠳ᠋ᠡᠭᠡᠨ ᠠᠳᠠᠯᠢᠪᠲᠤᠷ ᠪᠠᠢᠭᠰᠠᠨ ᠪᠣᠯᠬᠣᠷ ᠠᠮᠢᠳᠤᠷᠠᠯ ᠨᠢ ᠨᠢᠭᠡ ᠶᠡᠬᠡ ᠳᠡᠭᠡᠭᠰᠢᠯᠡᠭᠰᠡᠨ ᠴᠦ᠍ ᠶᠠᠭᠤᠮ᠎ᠠ ᠦᠭᠡᠢ᠃ ᠮᠥᠨ ᠬᠦ᠌ ᠨᠡᠢᠲᠡ ᠶ᠋ᠢ ᠬᠠᠷᠠᠵᠤ ᠮᠠᠩᠵᠠᠨ ᠲᠣᠭᠣᠭ᠎ᠠ ᠥᠩᠭᠡᠢᠵᠦ ᠪᠠᠢᠭᠰᠠᠨ ᠴᠠᠭ ᠶᠤᠮ ᠴᠢᠨᠢ᠃
ᠭᠠᠪᠢᠷ᠎ᠠ ᠲᠠᠷᠢᠶᠠᠯᠠᠬᠤ ᠪᠠᠷᠢᠭᠠᠳᠠ ᠶ᠋ᠢᠨ ᠨᠠᠮᠬᠠᠨ ᠰᠢᠪᠠᠷ ᠬᠦᠷᠢᠶ᠎ᠡ ᠲᠡᠢ ᠠᠢᠯ ᠤ᠋ᠳ ᠢ᠋ ᠡᠭᠦᠳᠡ ᠳᠠᠷᠠᠭᠠᠯᠠᠨ ᠶᠠᠪᠤᠵᠤ ᠡᠬᠢᠯᠡᠯ᠎ᠡ᠃ ᠵᠠᠷᠢᠮ ᠤ᠋ᠳ ᠨᠢ《ᠮᠠᠨ ᠤ᠋ ᠬᠡᠦᠬᠡᠳ ᠦ᠋ᠳ ᠪᠠᠷᠢᠭᠠᠳᠠ ᠶ᠋ᠢᠨ ᠢ᠋ᠶ᠋ᠡᠨ ᠰᠤᠷᠭᠠᠭᠤᠯᠢ ᠳ᠋ᠤ᠌ ᠬᠢᠲᠠᠳ ᠢ᠋ᠶ᠋ᠠᠷ ᠰᠤᠷᠴᠤ ᠪᠠᠢᠭ᠎ᠠ ᠪᠢᠰᠢ ᠤᠤ? ᠵᠠᠪᠠᠯ ᠮᠣᠩᠭᠣᠯ ᠢ᠋ᠶ᠋ᠠᠷ ᠰᠤᠷᠬᠤ ᠶ᠋ᠢᠨ ᠬᠡᠷᠡᠭ ᠠᠯᠠᠭ᠎ᠠ》 ᠭᠡᠬᠦ ᠦᠭᠡᠢ ᠪᠣᠯ《ᠠᠮᠢᠳᠤᠷᠠᠯ ᠬᠦᠴᠢᠷᠲᠡᠢ᠂ ᠬᠥᠮᠦᠨ ᠪᠦᠯᠢ ᠴᠦ᠍ ᠬᠦᠷᠦᠯᠴᠡᠬᠦ ᠦᠭᠡᠢ᠃ ᠬᠡᠦᠬᠡᠳ ᠢ᠋ᠶ᠋ᠡᠨ ᠪᠢᠴᠢᠭ ᠦᠵᠡᠭᠦᠯᠵᠦ ᠳᠡᠢᠯᠬᠦ ᠦᠭᠡᠢ》 ᠭᠡᠬᠦ ᠨᠢᠭᠡ ᠪᠦᠯᠦᠭ ᠬᠥᠮᠦᠰ ᠪᠠᠢᠭᠰᠠᠨ ᠴᠤ᠌ ᠪᠠᠰᠠ ᠬᠡᠦᠬᠡᠳ ᠢ᠋ᠶ᠋ᠡᠨ ᠮᠣᠩᠭᠣᠯ ᠢ᠋ᠶ᠋ᠠᠷ ᠰᠤᠷᠭᠠᠬᠤ ᠳᠤᠷᠠᠲᠠᠢ ᠬᠥᠮᠦᠰ ᠨᠢ ᠬᠠᠰᠢᠯᠠ ᠣᠯᠠᠩᠬᠢ ᠲᠣᠭ᠎ᠠ ᠶ᠋ᠢ ᠡᠵᠡᠯᠡᠵᠦ ᠪᠠᠢᠯ᠎ᠠ᠃ ᠢᠩᠭᠢᠭᠡᠳ ᠭᠠᠪᠢᠷ᠎ᠠ ᠶ᠋ᠢᠨ ᠤᠷᠤᠭᠤᠯ ᠬᠡᠯᠡ ᠪᠡᠨ ᠴᠤᠴᠠᠲᠠᠯ᠎ᠠ ᠬᠡᠯᠡᠵᠦ ᠢᠳᠬᠠᠭᠰᠠᠨ ᠤ᠋ ᠳ᠋ᠦᠩ ᠳ᠋ᠦ᠍ ᠭᠤᠴᠢ ᠭᠠᠷᠤᠢ ᠰᠤᠷᠤᠭᠴᠢ ᠶ᠋ᠢ ᠨᠡᠷ᠎ᠡ ᠪᠦᠷᠢᠳᠬᠡᠵᠦ ᠠᠪᠤᠯ᠎ᠠ᠃
ᠭᠠᠪᠢᠷ᠎ᠠ ᠶ᠋ᠢ ᠢᠷᠡᠭᠰᠡᠨ ᠦ᠌ ᠭᠤᠷᠪᠠᠳᠠᠬᠢ ᠡᠳᠦᠷ ᠦ᠋ᠨ ᠦᠳᠡ ᠪᠡᠷ ᠡᠮᠦᠨ᠎ᠡ ᠭᠤᠷᠪᠠᠨ ᠮᠠᠯᠵᠢᠬᠤ ᠭᠠᠴᠠᠭ᠎ᠠ ᠪᠠᠷ ᠪᠠᠭᠤᠭᠰᠠᠨ ᠰᠠᠢᠰᠢᠶᠠᠯᠳᠤ ᠪᠤᠴᠠᠵᠤ ᠢᠷᠡᠯ᠎ᠡ᠃ ᠪᠦᠭᠦᠳᠡ ᠵᠢᠷᠠ ᠰᠢᠬᠠᠮ ᠰᠤᠷᠤᠭᠴᠢ ᠶ᠋ᠢ ᠪᠦᠷᠢᠳᠬᠡᠵᠦ ᠠᠪᠴᠢᠷᠠᠪᠠ᠃
ᠰᠠᠢᠰᠢᠶᠠᠯᠲᠤ ᠵᠦᠳᠡᠷᠡᠵᠦ ᠪᠣᠷᠣᠯᠠᠭᠠᠳ ᠤᠯᠠᠮ ᠴᠤ᠌ ᠥᠨᠳᠥᠷ ᠪᠣᠯᠴᠢᠬᠠᠭᠰᠠᠨ ᠶᠤᠮ ᠰᠢᠭ᠋ ᠰᠠᠨᠠᠭᠳᠠᠨ᠎ᠠ᠃ ᠬᠣᠶᠠᠷ ᠵᠠᠯᠠᠭᠤ ᠮᠠᠨᠢ ᠲᠤᠩ ᠴᠤ᠌ ᠬᠥᠷ ᠪᠠᠶᠠᠷ ᠪᠣᠯᠵᠤ ᠠᠭᠤᠯᠵᠠᠪᠠ᠃ ᠲᠡᠳᠡ ᠰᠤᠮᠤᠨ ᠤ᠋ ᠪᠠᠨ ᠤᠳᠤᠷᠢᠳᠤᠯᠭ᠎ᠠ ᠪᠣᠯᠤᠨ ᠦᠨᠳᠦᠰᠦᠨ ᠱᠠᠲᠤᠨ ᠤ᠋ ᠬᠠᠷᠢᠭᠤᠴᠠᠯᠭᠠᠲᠠᠳ ᠲᠠᠢ ᠬᠤᠷᠠᠯᠳᠤᠵᠤ ᠣᠯᠠᠨ ᠴᠤ᠌ ᠠᠰᠠᠭᠤᠳᠠᠯ ᠶᠠᠷᠢᠯᠴᠠᠪᠠ᠃ ᠰᠤᠮᠤᠨ ᠳ᠋ᠤ᠌ ᠰᠤᠷᠭᠠᠭᠤᠯᠢ ᠪᠠᠢᠭᠤᠯᠬᠤ ᠳ᠋ᠤ᠌ ᠭᠠᠴᠠᠭ᠎ᠠ ᠱᠠᠲᠤᠨ ᠤ᠋ ᠤᠳᠤᠷᠢᠳᠤᠯᠭ᠎ᠠ ᠣᠯᠠᠨ ᠤ᠋ ᠳᠡᠮᠵᠢᠯᠭᠡ ᠡᠴᠡ ᠰᠠᠯᠤᠰᠢ ᠦᠭᠡᠢ ᠪᠣᠯᠬᠣᠷ ᠡᠨᠡ ᠤᠳᠠᠭᠠᠨ ᠤ᠋ ᠬᠤᠷᠠᠯ ᠳ᠋ᠤ᠌ ᠡᠯ᠎ᠡ ᠭᠠᠴᠠᠭᠠᠨ ᠤ᠋ ᠳᠠᠷᠤᠭ᠎ᠠ ᠨᠠᠷ ᠢ᠋ ᠣᠷᠣᠯᠴᠠᠭᠤᠯᠪᠠ᠃ ᠰᠣᠶᠣᠯ ᠤ᠋ᠨ ᠵᠥᠪᠯᠡᠭᠴᠢ ᠰᠣᠶᠣᠯᠡᠷᠳᠡᠨᠢ ᠭᠤᠸᠠᠢ᠄
— ᠰᠤᠷᠭᠠᠭᠤᠯᠢ ᠶ᠋ᠢᠨ ᠡᠪᠦᠯ ᠦ᠋ᠨ ᠢᠳᠡᠰᠢᠨ ᠦ᠌ ᠠᠰᠠᠭᠤᠳᠠᠯ ᠢ᠋ ᠭᠠᠴᠠᠭᠠᠨ ᠳ᠋ᠤ᠌ ᠨᠠᠢᠳᠠᠬᠤ ᠪᠣᠯᠤᠨ᠎ᠠ᠃ ᠰᠤᠷᠤᠭᠴᠢ ᠶ᠋ᠢᠨ ᠪᠠᠢᠷᠢ ᠣᠷᠣᠨ ᠰᠠᠭᠤᠴᠠ ᠶ᠋ᠢ ᠲᠥᠪᠬᠢᠨᠡᠭᠦᠯᠬᠦ ᠠᠵᠢᠯ ᠢ᠋ ᠰᠠᠢᠰᠢᠶᠠᠯᠲᠤ ᠪᠠᠭᠰᠢ ᠳᠠᠭᠠᠭᠤᠯᠵᠤ ᠬᠢᠨ᠎ᠡ᠃ ᠬᠣᠰᠢᠭᠤ ᠥᠨᠳᠥᠷ ᠳᠤᠮᠳᠠᠳᠤ ᠶ᠋ᠢᠨ ᠠᠩᠭᠢ ᠲᠡᠭᠦᠰᠦᠭᠰᠡᠨ ᠬᠡᠳᠦᠨ ᠰᠤᠷᠤᠭᠴᠢᠳ ᠢ᠋ ᠮᠠᠨ ᠤ᠋ ᠡᠨᠳᠡ ᠪᠠᠭᠰᠢ ᠪᠠᠷ ᠬᠤᠪᠢᠶᠠᠭᠰᠠᠨ ᠭᠡᠵᠦ ᠪᠠᠢᠭᠰᠠᠨ᠃ ᠪᠠᠷᠤᠭ ᠡᠨᠡ ᠬᠣᠶᠠᠷ ᠡᠳᠦᠷ ᠲᠦ᠍ ᠯᠡ ᠢᠷᠡᠬᠦ ᠪᠠᠢᠬ᠎ᠠ᠃ ᠲᠡᠳᠡᠨ ᠢ᠋ ᠢᠷᠡᠭᠦᠯᠦᠭᠡᠳ ᠠᠵᠢᠯ ᠢ᠋ ᠳᠠᠬᠢᠨ ᠲᠣᠬᠢᠷᠠᠭᠤᠯᠵᠤ ᠬᠤᠪᠢᠶᠠᠨ᠎ᠠ᠃ ᠬᠣᠰᠢᠭᠤ ᠱᠠᠲᠤᠨᠠ᠋ᠴᠠ ᠪᠢᠳᠡᠨ ᠳ᠋ᠦ᠍ ᠨᠢᠭᠡ ᠪᠦᠯᠦᠭ ᠵᠠᠷᠤᠳᠠᠯ ᠮᠥᠩᠭᠥᠨ ᠦ᠌ ᠠᠰᠠᠭᠤᠳᠠᠯ ᠢ᠋ ᠰᠢᠢᠳᠪᠦᠷᠢᠯᠡᠵᠦ ᠥᠭᠭᠦᠨ᠎ᠡ ᠭᠡᠰᠡᠨ ᠶᠦᠮ᠃ ᠲᠡᠭᠡᠬᠦ ᠳ᠋ᠦ᠍ ᠬᠦᠷᠪᠡᠯ ᠤᠷᠢᠳ ᠢ᠋ᠶ᠋ᠠᠷ ᠪᠠᠭᠰᠢ ᠨᠠᠷ ᠤ᠋ᠨ ᠴᠣᠩᠬᠣ ᠡᠭᠦᠳᠡᠨ ᠦ᠌ ᠰᠢᠯ ᠢ᠋ ᠲᠠᠭᠠᠷᠠᠭᠤᠯᠵᠤ ᠬᠣᠨᠣᠬᠤ ᠣᠷᠣ ᠲᠠᠢ ᠪᠣᠯᠭᠠᠬᠤ ᠶ᠋ᠢ ᠪᠣᠳᠣᠶ᠎ᠠ ᠭᠡᠯᠡ᠃ ᠡᠯ᠎ᠡ ᠭᠠᠴᠠᠭᠠᠨ ᠤ᠋ ᠤᠳᠤᠷᠢᠳᠤᠯᠭ᠎ᠠ ᠴᠤ᠌ ᠴᠢᠳᠠᠯ ᠤ᠋ᠨ ᠬᠢᠷᠢ ᠪᠡᠷ ᠢ᠋ᠶ᠋ᠡᠨ ᠳᠡᠮᠵᠢᠨ᠎ᠡ ᠭᠡᠳᠡᠭ ᠢ᠋ᠶ᠋ᠡᠨ ᠢᠯᠡᠷᠬᠡᠢᠯᠡᠵᠦ ᠪᠠᠢᠯ᠎ᠠ᠃
ᠠᠷᠪᠠᠨ ᠨᠢᠭᠡᠨ ᠰᠠᠷ᠎ᠠ ᠶ᠋ᠢᠨ ᠰᠢᠨᠡᠳ᠂ ᠪᠢᠯᠢᠭ ᠦ᠋ᠨ ᠶᠢᠰᠦᠨ ᠰᠠᠷ᠎ᠠ ᠶ᠋ᠢᠨ ᠨᠠᠢ᠍ᠮᠠᠨ ᠤ᠋ ᠡᠳᠦᠷ ᠶᠠᠭᠤ ᠴᠤ᠌ ᠭᠡᠰᠡᠨ ᠮᠠᠰᠢ ᠣᠯᠠᠨ ᠬᠦᠴᠢᠷ ᠪᠡᠷᠬᠡ ᠶ᠋ᠢ ᠲᠤᠭᠤᠯᠵᠤ ᠪᠠᠢᠭᠠᠳ ᠬᠠᠷᠭᠠᠨᠠᠲᠠᠢ ᠪᠠᠭ᠎ᠠ ᠰᠤᠷᠭᠠᠭᠤᠯᠢ ᠡᠭᠦᠳᠡ ᠪᠡᠨ ᠨᠡᠭᠡᠭᠡᠭᠰᠡᠨ ᠥᠯᠵᠡᠢᠲᠦ ᠨᠠᠢᠷ ᠢ᠋ᠶ᠋ᠠᠨ ᠨᠢᠵᠢᠭᠢᠷ ᠡᠬᠢᠯᠡᠭᠦᠯᠦᠯ᠎ᠡ᠃ ᠶᠡᠬᠡ ᠲᠡᠷᠭᠡᠨ ᠦ᠌ ᠲᠡᠮᠦᠷ ᠲᠣᠭᠣᠭ᠎ᠠ ᠡᠯᠭᠦᠭᠰᠡᠨ ᠬᠤᠩᠬ᠎ᠠ ᠳᠥᠴᠢᠨ ᠮᠢᠨᠦ᠋ᠲ ᠠᠯᠤᠰᠯᠠᠬᠤ ᠪᠦᠷᠢ ᠨᠢᠭᠡ ᠤᠳᠠᠭ᠎ᠠ ᠬᠠᠩᠭᠢᠨᠠᠨ ᠳᠤᠤᠭᠠᠷᠴᠤ ᠦᠨᠳᠦᠰᠦᠲᠡᠨ ᠦ᠌ ᠰᠣᠶᠣᠯ ᠰᠤᠷᠭᠠᠨ ᠬᠥᠮᠦᠵᠢᠯ ᠦ᠋ᠨ ᠦᠢᠯᠡᠰ ᠦ᠋ᠨ ᠰᠢᠨ᠎ᠡ ᠨᠢᠭᠡᠨ ᠱᠠᠲᠤ ᠦᠶ᠎ᠡ ᠡᠬᠢᠯᠡᠭᠰᠡᠨ ᠢ᠋ ᠲᠤᠩᠬᠠᠭᠯᠠᠨ ᠳᠠᠭᠤᠷᠢᠰᠤᠨ᠎ᠠ᠃
