ᠳᠠᠢᠴᠢᠩ ᠤᠯᠤᠰ ᠤᠨ ᠦᠶ᠎ᠡ ᠶᠢᠨ ᠮᠣᠩᠭᠣᠯ ᠤᠨ ᠲᠡᠦᠬᠡ-ᠨᠠᠮᠰᠠᠷᠠᠢ <ᠭᠤᠷᠪᠠᠳᠤᠭᠠᠷ ᠪᠦᠯᠦᠭ> ᠲᠠᠪᠤ᠂ Дайчин улсын үеийн монголын түүх-Намсрай 3-5 ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠳᠠᠢᠴᠢᠩ ᠤᠯᠤᠰ ᠤᠨ ᠦᠶ᠎ᠡ ᠶᠢᠨ ᠮᠣᠩᠭᠣᠯ ᠤᠨ ᠲᠡᠦᠬᠡ-ᠨᠠᠮᠰᠠᠷᠠᠢ <ᠭᠤᠷᠪᠠᠳᠤᠭᠠᠷ ᠪᠦᠯᠦᠭ> ᠲᠠᠪᠤ᠂ Дайчин улсын үеийн монголын түүх-Намсрай 3-5

ᠳᠠᠢᠴᠢᠩ ᠤᠯᠤᠰ ᠤᠨ ᠦᠶ᠎ᠡ ᠶᠢᠨ ᠮᠣᠩᠭᠣᠯ ᠤᠨ ᠲᠡᠦᠬᠡ-ᠨᠠᠮᠰᠠᠷᠠᠢ <ᠭᠤᠷᠪᠠᠳᠤᠭᠠᠷ ᠪᠦᠯᠦᠭ> ᠲᠠᠪᠤ᠂ Дайчин улсын үеийн монголын түүх-Намсрай 3-5

ᠠᠩᠭᠢᠯᠠᠯ:ᠲᠡᠦᠬᠡ ᠰᠣᠶᠣᠯ
2026-07-29

4

ᠲᠠᠪᠤᠳᠤᠭᠠᠷ ᠬᠡᠰᠡᠭ᠂ ᠬᠣᠪᠲᠣ ᠶ᠋ᠢᠨ ᠰᠠᠭᠤᠷᠢᠨ ᠭᠠᠵᠠᠷ ᠳᠠᠬᠢ ᠪᠣᠱᠣᠭᠲᠤ ᠬᠠᠨ


               ᠨᠢᠭᠡ᠂ ᠪᠣᠱᠣᠭᠲᠤ ᠬᠠᠨ ᠤ᠋ ᠬᠦᠴᠢᠷᠳᠡᠯ

       ᠪᠣᠱᠣᠭᠲᠤ ᠬᠠᠨ ᠤᠯᠠᠭᠠᠨ ᠪᠣᠳᠣᠩ ᠠ᠋ᠴᠠ ᠤᠬᠤᠷᠢᠨ ᠭᠠᠷᠤᠭᠠᠳ ᠤᠮᠠᠷᠠᠰᠢ ᠰᠢᠷᠭ᠎ᠠ ᠶ᠋ᠢᠨ ᠭᠣᠣᠯ ᠢ᠋ ᠭᠠᠲᠤᠯᠤᠨ᠂ ᠭᠠᠩᠭ᠎ᠠ ᠨᠠᠭᠤᠷ ᠪᠣᠯᠤᠨ ᠳᠠᠯᠠᠢ ᠨᠠᠭᠤᠷ ᠢ᠋ᠶ᠋ᠠᠷ ᠥᠩᠭᠡᠷᠡᠨ ᠰᠠᠭᠤᠳᠠᠯ ᠦᠭᠡᠢ ᠶᠠᠪᠤᠵᠠᠢ᠃
       ᠬᠡᠰᠢᠭᠲᠡᠨ ᠦ᠌ ᠬᠢᠯᠢ ᠡᠴᠡ ᠭᠠᠷᠬᠤ ᠦᠶ᠎ᠡ ᠳ᠋ᠦ᠍᠂ ᠲᠤᠰ ᠬᠤᠰᠢᠭᠤᠨ ᠤ᠋ ᠭᠤᠷᠪᠠᠨ ᠰᠤᠮᠤ ᠶ᠋ᠢᠨ ᠬᠣᠶᠠᠷ ᠲᠦᠮᠡ ᠢᠯᠡᠭᠦᠦ ᠦᠬᠡᠷ ᠬᠣᠨᠢ ᠶ᠋ᠢ ᠬᠥᠭᠡᠭᠡᠵᠦ ᠴᠡᠷᠢᠭ ᠦ᠋ᠨ ᠬᠦᠨᠡᠰᠦ ᠪᠡᠨ ᠨᠥᠬᠥᠪᠥᠷᠢᠯᠡᠨ᠂ ᠪᠠᠰᠠ ᠳᠠᠢᠴᠢᠩ ᠤᠯᠤᠰ ᠤ᠋ᠨ ᠴᠡᠷᠢᠭ ᠨᠡᠬᠡᠮᠵᠢᠯᠡᠬᠦ ᠮᠠᠭᠠᠳ ᠭᠡᠮᠡᠨ ᠥᠩᠭᠡᠷᠡᠨ ᠭᠠᠷᠤᠭᠰᠠᠨ ᠤᠰᠤ ᠡᠪᠡᠰᠦ ᠲᠡᠢ ᠭᠠᠵᠠᠷ ᠤ᠋ᠳ ᠢ᠋ ᠲᠦᠢᠮᠡᠷᠳᠡᠨ ᠬᠠᠶᠠᠵᠠᠢ᠂ ᠡᠯᠪᠡᠭ ᠴᠢᠨ ᠸᠠᠩ ᠹᠦ ᠴᠢᠦᠸᠠᠨ ᠵᠢᠷᠦᠩ ᠬᠤᠲᠤᠭᠲᠤ ᠶ᠋ᠢᠨ ᠮᠡᠬᠡᠨ ᠳ᠋ᠦ᠍ ᠬᠠᠭᠤᠷᠲᠠᠭᠳᠠᠭᠰᠠᠨ ᠢ᠋ᠶ᠋ᠠᠨ ᠮᠡᠳᠡᠭᠡᠳ᠂ ᠬᠥᠩᠭᠡᠨ ᠮᠣᠷᠢᠲᠤ ᠴᠡᠷᠢᠭ ᠢᠯᠡᠬᠡᠨ ᠨᠡᠬᠡᠮᠵᠢᠯᠡᠭᠰᠡᠨ ᠪᠣᠯᠪᠠᠴᠤ ᠭᠦᠢᠴᠡᠭᠰᠡᠨ ᠦᠭᠡᠢ᠃  ᠪᠣᠱᠣᠭᠲᠤ ᠬᠠᠨ ᠲᠦᠷᠭᠡᠯᠡᠨ ᠤᠬᠤᠷᠢᠬᠤ ᠳ᠋ᠠᠭᠠᠨ ᠬᠦᠨᠳᠦ ᠨᠦᠰᠡᠷ ᠠᠴᠢᠶ᠎ᠠ ᠬᠥᠰᠬᠡ ᠪᠡᠨ ᠣᠷᠬᠢᠵᠤ᠂ ᠠᠪᠠᠬᠠᠨᠠᠷ ᠤ᠋ᠨ ᠬᠢᠯᠢ ᠪᠡᠷ ᠥᠩᠭᠡᠷᠡᠨ ᠬᠠᠯᠬ᠎ᠠ ᠶ᠋ᠢᠨ ᠬᠢᠯᠢ ᠳ᠋ᠦ᠍ ᠣᠷᠣᠪᠠ᠃  ᠲᠡᠭᠡᠭᠡᠳ ᠨᠠᠢᠴᠦᠩ ᠣᠮᠪᠣ᠂  ᠨᠣᠶᠠᠨ ᠭᠡᠯᠦᠩ ᠵᠢᠴᠢ ᠣᠯᠠᠨ ᠵᠠᠢᠰᠠᠩ ᠨᠠᠷ ᠲᠠᠢ ᠬᠣᠪᠲᠣ ᠳ᠋ᠤ᠌ ᠬᠡᠷᠬᠢᠨ ᠪᠤᠴᠠᠬᠤ ᠲᠤᠬᠠᠢ ᠵᠥᠪᠯᠡᠵᠡᠢ᠃  ᠲᠡᠳᠡᠨ ᠦ᠌ ᠦᠵᠡᠬᠦ ᠪᠡᠷ ᠤᠯᠠᠭᠠᠨ ᠪᠣᠳᠣᠩ ᠤ᠋ᠨ ᠲᠡᠢᠨ ᠳ᠋ᠦ᠍ ᠴᠡᠷᠢᠭ ᠬᠣᠬᠢᠷᠠᠭᠰᠠᠨ ᠢ᠋ᠶ᠋ᠠᠷ ᠦᠯᠦ ᠪᠠᠷᠠᠨ᠂  ᠠᠵᠤ ᠠᠬᠤᠢ ᠶ᠋ᠢᠨ ᠲᠠᠯ᠎ᠠ ᠳ᠋ᠤ᠌ ᠪᠠᠰᠠ ᠠᠰᠤᠷᠤ ᠬᠦᠴᠢᠷᠳᠡᠯ ᠲᠤᠯᠭᠠᠷᠠᠭᠰᠠᠨ ᠲᠤᠯᠠ ᠣᠳᠣ ᠶ᠋ᠢᠨ ᠪᠠᠢᠭ᠎ᠠ ᠡᠳ᠋ ᠪᠣᠳᠠᠰ ᠲᠤ᠌ ᠲᠦᠰᠢᠭᠯᠡᠨ ᠬᠣᠪᠲᠣ ᠵᠦᠭ ᠬᠣᠯᠠ ᠠᠶᠠᠯᠠᠬᠤ ᠳ᠋ᠤ᠌ ᠪᠡᠷᠬᠡ ᠲᠡᠢ ᠭᠡᠪᠡ᠃  ᠢᠩᠭᠢᠭᠡᠳ ᠤᠷᠢᠳᠠᠪᠡᠷ ᠤᠨᠤᠨ ᠮᠥᠷᠡᠨ ᠦ᠌ ᠤᠷᠤᠰᠬᠠᠯ ᠳ᠋ᠤ᠌ ᠬᠦᠷᠴᠦ᠂ ᠴᠡᠷᠢᠭ ᠮᠣᠷᠢ ᠪᠠᠨ ᠲᠡᠭᠰᠢᠯᠡᠨ᠂ ᠠᠵᠤ ᠠᠬᠤᠢ ᠪᠠᠨ ᠨᠥᠬᠥᠪᠥᠷᠢᠯᠡᠵᠦ ᠡᠪᠦᠯ ᠢ᠋ ᠠᠷᠭᠠᠴᠠᠨ ᠥᠩᠭᠡᠷᠡᠭᠡᠶ᠎ᠡ ᠭᠡᠯ᠎ᠡ᠃ 
       1690 ᠣᠨ ᠤ᠋ ᠶᠢᠰᠦᠳᠦᠭᠡᠷ ᠰᠠᠷ᠎ᠠ ᠳ᠋ᠤ᠌᠂  ᠪᠣᠱᠣᠭᠲᠤ ᠬᠠᠨ ᠵᠢᠴᠢ ᠲᠡᠭᠦᠨ ᠦ᠌ ᠴᠡᠷᠢᠭ ᠮᠣᠷᠢ ᠨᠢ ᠪᠡᠷᠬᠡ ᠬᠠᠲᠠᠭᠤᠵᠢᠯᠲᠠᠢ ᠤᠷᠲᠤ ᠠᠶᠠᠨ ᠢ᠋ ᠲᠤᠭᠤᠯᠤᠨ ᠤᠨᠤᠨ ᠮᠥᠷᠡᠨ ᠳ᠋ᠦ᠍ ᠬᠦᠷᠴᠦ ᠢᠷᠡᠵᠡᠢ᠃ ᠠᠶᠠᠨ ᠤ᠋ ᠳᠤᠮᠳᠠ ᠮᠠᠯ ᠠᠳᠤᠭᠤᠰᠤ ᠨᠢ ᠪᠠᠷᠠᠭᠳᠠᠵᠤ ᠬᠣᠭᠣᠯᠠ ᠬᠦᠨᠡᠰᠦ ᠳᠤᠲᠠᠭᠳᠠᠨ᠂  ᠶᠠᠳᠠᠵᠤ ᠵᠦᠳᠡᠷᠡᠭᠡᠳ ᠡᠪᠡᠳᠴᠢᠨ ᠡᠮᠭᠡᠭ ᠢ᠋ᠶ᠋ᠡᠷ ᠦᠬᠦᠭᠰᠡᠳ ᠲᠤᠩ ᠣᠯᠠᠨ ᠭᠠᠷᠤᠭᠰᠠᠨ ᠶᠤᠮ[86]᠃  ᠪᠣᠱᠣᠭᠲᠤ ᠬᠠᠨ ᠤ᠋ ᠬᠠᠷᠢᠶᠠᠲᠤ ᠡᠷᠬᠡᠨ ᠲᠠᠢᠵᠢ ᠵᠢᠴᠢ ᠭᠤᠷᠪᠠᠨ ᠵᠠᠭᠤᠨ ᠬᠥᠮᠦᠨ ᠥᠯᠪᠡᠷᠦᠨ ᠶᠠᠳᠠᠷᠠᠬᠤ ᠶ᠋ᠢᠨ ᠲᠤᠢᠯ ᠪᠣᠯᠵᠤ᠂ ᠦᠷᠭᠦᠯᠵᠢᠯᠡᠨ ᠠᠶᠠᠯᠠᠵᠤ ᠴᠢᠳᠠᠬᠤ ᠦᠭᠡᠢ ᠪᠣᠯᠤᠭᠠᠳ ᠲᠤᠤᠯᠠ ᠭᠣᠣᠯ ᠤ᠋ᠨ ᠤᠷᠤᠰᠬᠠᠯ ᠳ᠋ᠤ᠌ ᠦᠯᠡᠳᠡᠵᠡᠢ[87]᠃ ᠤᠨᠤᠨ ᠮᠥᠷᠡᠨ ᠳ᠋ᠦ᠍ ᠪᠠᠭᠤᠭᠰᠠᠨ ᠤ᠋ ᠳᠠᠷᠠᠭ᠎ᠠ᠂ ᠪᠦᠬᠦ ᠴᠡᠷᠢᠭ ᠮᠣᠷᠢ ᠶ᠋ᠢᠨ ᠠᠮᠤ ᠬᠦᠨᠡᠰᠦᠨ ᠦ᠌ ᠠᠰᠠᠭᠤᠳᠠᠯ ᠢ᠋ ᠰᠢᠢᠳᠪᠦᠷᠢᠯᠡᠬᠦ ᠭᠡᠮᠡᠨ ᠤᠨᠤᠨ ᠮᠥᠷᠡᠨ ᠳ᠋ᠦ᠍ ᠨᠤᠲᠤᠭᠯᠠᠵᠤ ᠪᠠᠢᠭᠰᠠᠨ ᠬᠠᠯᠬ᠎ᠠ ᠶ᠋ᠢᠨ ᠮᠡᠷᠭᠡᠨ ᠵᠢᠨᠦᠩ ᠳ᠋ᠦ᠍ ᠬᠥᠮᠦᠨ ᠲᠣᠮᠢᠯᠠᠵᠤ ᠪᠠᠭ᠎ᠠ ᠪᠤᠰᠤ ᠦᠬᠡᠷ ᠬᠣᠨᠢ ᠪᠣᠯᠤᠨ ᠡᠳ᠋ ᠪᠣᠳᠠᠰ ᠣᠯᠵᠤ ᠠᠪᠴᠢᠷᠠᠪᠠ᠃ ᠪᠠᠰᠠ ᠠᠷᠭᠠᠯᠢ ᠭᠡᠳᠡᠭ ᠭᠠᠵᠠᠷ ᠬᠥᠮᠦᠨ ᠲᠣᠮᠢᠯᠠᠭᠰᠠᠨ ᠪᠣᠯᠪᠠᠴᠤ ᠶᠠᠭᠤ ᠴᠤ᠌ ᠣᠯᠤᠭᠰᠠᠨ ᠦᠭᠡᠢ ᠪᠤᠴᠠᠵᠠᠢ᠃ ᠡᠨᠡ ᠡᠪᠦᠯ ᠨᠢ ᠤᠨᠤᠨ ᠤ᠋ ᠤᠷᠤᠰᠬᠠᠯ ᠣᠷᠣᠨ ᠳ᠋ᠤ᠌ ᠶᠡᠬᠡ ᠴᠠᠰᠤ ᠣᠷᠣᠵᠤ᠂ ᠵᠤᠳ ᠤ᠋ᠨ ᠠᠶᠤᠯ ᠪᠠ ᠡᠪᠡᠳᠴᠢᠨ ᠡᠮᠭᠡᠭ ᠶᠡᠬᠡ ᠯᠡ ᠳᠡᠯᠭᠡᠷᠡᠭᠰᠡᠨ ᠡᠴᠡ ᠪᠣᠱᠣᠭᠲᠤ ᠬᠠᠨ ᠤ᠋ ᠴᠡᠷᠢᠭ ᠦ᠋ᠨ ᠬᠣᠷᠢᠶᠠᠨ ᠳ᠋ᠤ᠌ ᠦᠬᠦᠵᠦ ᠤᠨᠠᠬᠤ ᠶᠠᠪᠤᠳᠠᠯ ᠵᠠᠯᠭᠠᠪᠠᠷ ᠭᠠᠷᠴᠤ ᠪᠠᠢᠪᠠ[88]᠃ 
       ᠤᠨᠤᠨ ᠤ᠋ ᠭᠠᠵᠠᠷ ᠪᠣᠱᠣᠭᠲᠤ ᠬᠠᠨ ᠠᠮᠤ ᠬᠦᠨᠡᠰᠦ ᠳᠤᠲᠠᠭᠳᠠᠵᠤ᠂ ᠡᠪᠡᠳᠴᠢᠨ ᠡᠮᠭᠡᠭ ᠦ᠋ᠨ ᠠᠶᠤᠯ ᠪᠣᠯᠤᠭᠰᠠᠨ ᠢ᠋ ᠡᠩᠬᠡ ᠠᠮᠤᠭᠤᠯᠠᠩ ᠬᠠᠭᠠᠨ ᠣᠯᠵᠤ ᠮᠡᠳᠡᠵᠡᠢ᠃ ᠲᠡᠭᠡᠭᠡᠳ ᠪᠣᠱᠣᠭᠲᠤ ᠬᠠᠨ ᠭᠠᠴᠢᠭᠳᠠᠬᠤ ᠶ᠋ᠢᠨ ᠲᠤᠢᠯ ᠪᠣᠯᠪᠠᠯ ᠠᠶᠠᠨᠳᠠᠭᠠᠨ ᠲᠠᠢᠴᠢᠩ ᠤᠯᠤᠰ ᠲᠤ ᠳᠠᠭᠠᠷ᠎ᠠ ᠢᠷᠡᠬᠦ ᠶᠦᠮ ᠭᠡᠵᠦ ᠪᠣᠳᠣᠪᠠ᠃ ᠲᠡᠷᠡ ᠳ᠋ᠠᠰᠯᠠᠨ ᠤᠩᠰᠢᠭᠴᠢ ᠲᠦᠰᠢᠮᠡᠯ ᠳᠠᠬᠤ ᠶ᠋ᠢ ᠴᠠᠸᠠᠩᠷᠠᠪᠳᠠᠨ ᠤ᠋ ᠵᠦᠭ ᠵᠠᠷᠤᠵᠤ᠂ ᠲᠡᠭᠦᠨ ᠢ᠋ ᠥᠳᠥᠭᠡᠵᠦ ᠬᠣᠪᠲᠣ ᠶ᠋ᠢᠨ ᠵᠦᠭ ᠤᠯᠠᠮ ᠢ᠋ᠶ᠋ᠠᠷ ᠳᠠᠷᠤᠯᠲᠠ ᠦᠵᠡᠭᠦᠯᠦᠨ᠂ ᠪᠣᠱᠣᠭᠲᠤ ᠬᠠᠨ ᠤ᠋ ᠬᠦᠴᠢᠷᠳᠡᠯ ᠢ᠋ ᠬᠦᠨᠳᠦᠷᠡᠭᠦᠯᠬᠦ ᠭᠡᠵᠡᠢ᠃ ᠪᠠᠰᠠ ᠪᠣᠱᠣᠭᠲᠤ ᠬᠠᠨ ᠢ᠋ ᠪᠠᠭᠤᠯᠭᠠᠨ ᠠᠪᠬᠤ ᠵᠣᠷᠢᠯᠭ᠎ᠠ ᠪᠠᠷ ᠤᠨᠤᠨ ᠮᠥᠷᠡᠨ ᠵᠦᠭ ᠪᠠᠵᠠᠷ ᠭᠡᠳᠡᠭ ᠡᠯᠴᠢ ᠶ᠋ᠢ ᠢᠯᠡᠭᠡᠵᠦ᠂《᠁ ᠡᠳᠦᠭᠡ ᠰᠣᠨᠣᠰᠬᠤ ᠳ᠋ᠤ᠌ ᠲᠠ ᠶᠠᠳᠠᠭᠤᠷᠠᠭᠠᠳ ᠢᠳᠡᠬᠦ ᠶᠠᠭᠤᠮ᠎ᠠ ᠦᠭᠡᠢ᠂ ᠬᠠᠭᠤᠴᠢᠨ ᠭᠠᠵᠠᠷ ᠲᠠᠭᠠᠨ ᠪᠤᠴᠠᠵᠤ ᠴᠢᠳᠠᠬᠤ ᠦᠭᠡᠢ ᠪᠣᠯᠪᠠ ᠬᠡᠮᠡᠮᠦᠢ᠃ ᠬᠡᠷᠪᠡ ᠮᠢᠨᠦ ᠬᠢᠵᠠᠭᠠᠷ ᠲᠤ ᠣᠢᠷᠠᠲᠤᠨ ᠢᠷᠠᠪᠠᠰᠤ᠂ ᠮᠡᠬᠦᠰ ᠪᠢ ᠵᠤᠵᠠᠭᠠᠨ ᠬᠡᠰᠢᠭ ᠬᠦᠷᠲᠡᠭᠡᠮᠦᠢ᠃ ᠢᠯᠠᠩᠭᠤᠶ᠎ᠠ ᠪᠠᠭᠤᠵᠤ ᠳᠠᠭᠠᠪᠠᠰᠤ ᠦᠯᠡᠮᠵᠢ ᠪᠡᠷ ᠬᠠᠷᠠᠭᠠᠯᠵᠠᠵᠤ ᠣᠷᠣᠰᠢᠨ ᠰᠠᠭᠤᠬᠤ ᠭᠠᠵᠠᠷ ᠣᠯᠭᠣᠨ᠎ᠠ》 ᠭᠡᠵᠦ ᠬᠡᠯᠡᠭᠦᠯᠪᠡ[89]᠃ ᠪᠣᠱᠣᠭᠲᠤ ᠬᠠᠨ ᠡᠷᠡᠰ ᠲᠠᠲᠠᠭᠠᠯᠵᠠᠵᠤ᠂ ᠡᠯᠴᠢ ᠶ᠋ᠢ ᠭᠡᠳᠡᠷᠭᠦ ᠪᠤᠴᠠᠭᠠᠵᠠᠢ᠃ 
       1691 ᠣᠨ ᠤ᠋ ᠪᠢᠯᠢᠭ ᠦ᠋ᠨ ᠤᠯᠠᠷᠢᠯ ᠤ᠋ᠨ ᠬᠣᠶᠠᠳᠤᠭᠠᠷ ᠰᠠᠷ᠎ᠠ ᠳ᠋ᠤ᠌᠂ ᠬᠣᠪᠲᠣ ᠶ᠋ᠢᠨ ᠰᠠᠭᠤᠷᠢᠨ ᠭᠠᠵᠠᠷ ᠠ᠋ᠴᠠ ᠬᠥᠮᠦᠨ ᠢᠷᠡᠵᠦ᠂ ᠲᠡᠨᠳᠡ ᠪᠠᠴᠢᠮ ᠬᠡᠷᠡᠭ ᠭᠠᠷᠤᠭᠰᠠᠨ ᠢ᠋ ᠮᠡᠳᠡᠭᠡᠯᠡᠪᠡ᠃ ᠪᠣᠱᠣᠭᠲᠤ ᠬᠠᠨ ᠠᠯᠢᠪᠠ ᠶ᠋ᠢ ᠦᠯᠦ ᠬᠠᠢᠬᠤᠷᠤᠨ᠂ ᠪᠦᠬᠦ ᠴᠡᠷᠢᠭ ᠦ᠋ᠨ ᠥᠷᠥᠭᠡ ᠪᠠᠭᠤᠴᠠ ᠪᠠᠨ ᠲᠡᠭᠰᠢᠯᠡᠨ ᠲᠡᠭᠡᠭᠡᠵᠦ ᠬᠣᠪᠲᠣ ᠵᠦᠭ ᠲᠦᠷᠭᠡᠯᠡᠨ ᠠᠶᠠᠯᠠᠵᠠᠢ᠃ ᠭᠤᠷᠪᠠᠳᠤᠭᠠᠷ ᠰᠠᠷ᠎ᠠ ᠶ᠋ᠢᠨ ᠳᠤᠮᠳᠠᠴᠢ ᠪᠠᠷ ᠣᠪᠰᠣ ᠨᠠᠭᠤᠷ ᠤ᠋ᠨ ᠵᠡᠭᠦᠨᠳᠡᠬᠢ ᠲᠢᠰᠠ ᠭᠣᠣᠯ ᠤ᠋ᠨ ᠤᠯᠠᠭᠠᠨ ᠪᠠᠢᠰᠢᠩ ᠳ᠋ᠤ᠌ ᠬᠦᠷᠴᠦ ᠢᠷᠡᠪᠡ᠃ ᠪᠣᠱᠣᠭᠲᠤ ᠬᠠᠨ ᠭᠤᠷᠪᠠᠳᠠᠬᠢ ᠤᠳᠠᠭ᠎ᠠ ᠬᠠᠯᠬ᠎ᠠ ᠵᠦᠭ ᠠᠶᠠᠯᠠᠬᠤ ᠳ᠋ᠤ᠌᠂ ᠴᠠᠸᠠᠩᠷᠠᠪᠳᠠᠨ ᠢ᠋ ᠰᠡᠷᠭᠡᠢᠯᠡᠬᠦ ᠭᠡᠮᠡᠨ ᠲᠡᠭᠦᠨ ᠦ᠌ ᠬᠦᠴᠦᠲᠡᠢ ᠬᠠᠪᠰᠤᠷᠤᠭᠴᠢ ᠳᠡᠨᠵᠢᠨ ᠣᠮᠪᠣ ᠪᠣᠯᠤᠨ ᠫᠣᠩᠰᠣᠭᠳᠠᠰᠢ ᠶ᠋ᠢ ᠬᠣᠪᠲᠣ ᠳ᠋ᠤ᠌ ᠦᠯᠡᠳᠡᠭᠡᠵᠡᠢ᠃1690 ᠣᠨ ᠳ᠋ᠤ᠌᠂ ᠴᠠᠸᠠᠩᠷᠠᠪᠳᠠᠨ ᠬᠠᠰᠠᠭ ᠬᠥᠮᠦᠨ ᠲᠡᠢ ᠪᠠᠢᠯᠳᠤᠵᠤ᠂ ᠪᠠᠰᠠ ᠴᠡᠷᠢᠭ ᠳᠠᠢᠴᠢᠯᠠᠨ ᠲᠥᠷᠫᠠᠨ ᠬᠣᠲᠠ ᠶ᠋ᠢ ᠳᠠᠬᠢᠨ ᠳᠣᠪᠲᠣᠯᠤᠨ ᠠᠪᠤᠭᠰᠠᠨ ᠪᠣᠯᠬᠣᠷ᠂ ᠬᠣᠪᠲᠣ ᠶ᠋ᠢ ᠠᠩᠬᠠᠷᠤᠯ ᠳ᠋ᠠᠭᠠᠨ ᠠᠪᠤᠭᠰᠠᠨ ᠦᠭᠡᠢ᠃1691 ᠣᠨ ᠤ᠋ ᠬᠣᠶᠠᠳᠤᠭᠠᠷ ᠰᠠᠷ᠎ᠠ ᠶ᠋ᠢᠨ ᠨᠢᠭᠡᠨ ᠦ᠌ ᠡᠳᠦᠷ᠂ ᠡᠩᠬᠡ ᠠᠮᠤᠭᠤᠯᠠᠩ ᠬᠠᠭᠠᠨ ᠲᠠᠢ ᠬᠥᠳᠡᠯᠭᠡᠭᠡᠨ ᠢ᠋ᠶ᠋ᠡᠨ ᠨᠢᠭᠡᠳᠬᠡᠬᠦ ᠭᠡᠮᠡᠨ ᠠᠯᠲᠠᠢ ᠶ᠋ᠢ ᠳᠠᠪᠠᠵᠤ᠂ ᠳᠡᠨᠵᠢᠨ ᠣᠮᠪᠣ ᠲᠡᠷᠢᠭᠦᠲᠡᠢ ᠬᠣᠪᠲᠣ ᠶ᠋ᠢ ᠰᠠᠬᠢᠭ᠎ᠠ ᠬᠥᠮᠦᠰ ᠵᠢᠴᠢ ᠡᠳ᠋ ᠪᠠᠷᠠᠭ᠎ᠠ ᠶ᠋ᠢ ᠨᠢ ᠬᠣᠭᠣᠰᠣᠷᠠᠲᠠᠯ᠎ᠠ ᠬᠤᠷᠢᠶᠠᠮᠵᠢᠯᠠᠵᠠᠢ[90]᠃  ᠪᠣᠱᠣᠭᠲᠤ ᠬᠠᠨ ᠬᠦᠷᠴᠦ ᠢᠷᠡᠬᠦ ᠳ᠋ᠦ᠍ ᠬᠣᠪᠲᠣ ᠶ᠋ᠢᠨ ᠰᠠᠭᠤᠷᠢᠨ ᠭᠠᠵᠠᠷ ᠨᠢ ᠬᠥᠨᠳᠡᠢᠷᠡᠭᠡᠳ ᠪᠠᠢᠪᠠ᠃ 
       ᠤᠤᠯ ᠠ᠋ᠴᠠ ᠪᠠᠭ᠎ᠠ ᠬᠦᠷᠢᠶ᠎ᠡ ᠶ᠋ᠢᠨ ᠯᠠᠮᠠ ᠨᠠᠷ ᠢ᠋ ᠦᠵᠡᠨ ᠶᠠᠳᠠᠵᠤ ᠥ ᠰᠡᠪ ᠡᠷᠢᠵᠦ ᠪᠠᠢᠭᠰᠠᠨ ᠨᠣᠶᠠᠨ ᠭᠡᠯᠦᠩ ᠪᠣᠯᠤᠨ ᠨᠠᠢᠴᠦᠩ ᠣᠮᠪᠣ ᠬᠣᠶᠠᠭᠤᠯᠠ ᠡᠨᠡ ᠤᠳᠠᠭᠠᠨ ᠤ᠋ ᠬᠡᠷᠡᠭ ᠢ᠋ ᠳᠣᠲᠣᠭᠠᠳᠤ ᠭᠠᠳᠠᠭᠠᠳᠤ ᠲᠠᠢ ᠳᠠᠯᠳᠠᠭᠤᠷ ᠬᠤᠤᠪᠢᠯᠳᠤᠭᠰᠠᠨ ᠠ᠋ᠴᠠ ᠪᠣᠯᠤᠭᠰᠠᠨ ᠮᠠᠭᠠᠳ ᠭᠡᠮᠡᠨ ᠪᠣᠱᠣᠭᠲᠤ ᠬᠠᠨ ᠳ᠋ᠤ᠌ ᠠᠢᠯᠠᠳᠬᠠᠵᠠᠢ᠃  ᠨᠣᠶᠠᠨ ᠭᠡᠯᠦᠩ ᠣᠷᠣ ᠥᠬᠡᠢ ᠭᠠᠵᠠᠷ ᠣᠪᠣᠭ᠎ᠠ ᠪᠣᠰᠬᠠᠵᠤ᠂ ᠣᠯᠠᠨ ᠶᠠᠭᠤᠮ᠎ᠠ ᠶ᠋ᠢ ᠮᠡᠳᠡᠭᠦᠯᠦᠭᠰᠡᠨ ᠳ᠋ᠦ᠍ ᠭᠠᠴᠢᠭᠳᠠᠭᠠᠳ ᠰᠡᠳᠬᠢᠯ ᠵᠣᠪᠠᠵᠤ ᠪᠠᠢᠭᠰᠠᠨ ᠪᠣᠱᠣᠭᠲᠤ ᠬᠠᠨ ᠤ᠋ ᠰᠡᠵᠢᠭᠯᠡᠯ ᠪᠠ ᠠᠭᠤᠷ ᠬᠢᠯᠢᠩ ᠢ᠋ ᠲᠥᠷᠥᠭᠦᠯᠪᠡ᠃ ᠲᠡᠭᠦᠨᠴᠡ《ᠳᠣᠲᠣᠭᠠᠳᠤ ᠶ᠋ᠢᠨ ᠬᠤᠯᠠᠭᠠᠢ》 ᠶ᠋ᠢ ᠪᠠᠢᠴᠠᠭᠠᠨ ᠭᠠᠷᠭᠠᠬᠤ ᠡᠭᠦᠷᠭᠡ ᠶ᠋ᠢ ᠨᠣᠶᠠᠨ ᠭᠡᠯᠦᠩ ᠳ᠋ᠦ᠍ ᠲᠤᠰᠢᠶᠠᠭᠰᠠᠨ ᠳ᠋ᠤ᠌ ᠲᠡᠷᠡ ᠬᠠᠷᠠᠯᠲᠠ ᠪᠠᠨ ᠮᠥᠨ ᠯᠠᠮᠠ᠂  ᠪᠠᠨᠳᠢ ᠨᠠᠷ ᠤ᠋ᠨ ᠪᠡᠶ᠎ᠡ ᠳ᠋ᠦ᠍ ᠲᠥᠪᠯᠡᠷᠡᠭᠦᠯᠵᠡᠢ᠃ 1691 ᠣᠨ ᠤ᠋ ᠳᠥᠷᠪᠡᠳᠦᠭᠡᠷ ᠰᠠᠷ᠎ᠠ ᠶ᠋ᠢᠨ ᠠᠷᠪᠠᠨ ᠭᠤᠷᠪᠠᠨ ᠤ᠋ ᠡᠳᠦᠷ᠂ᠠᠯᠠᠬᠤ ᠠᠮᠢᠳᠤᠷᠠᠭᠤᠯᠬᠤ ᠶᠡᠬᠡ ᠡᠭᠦᠷᠭᠡ ᠶ᠋ᠢ ᠠᠳᠬᠤᠭᠰᠠᠨ ᠨᠣᠶᠠᠨ ᠭᠡᠯᠦᠩ ᠪᠣᠯᠤᠨ  ᠨᠠᠢᠴᠦᠩ ᠣᠮᠪᠣ ᠨᠠᠷ ᠦᠢᠵᠡᠩ ᠨᠠᠩᠰᠦ ᠲᠡᠷᠢᠭᠦᠲᠡᠢ ᠠᠷᠪᠠᠨ ᠨᠢᠭᠡᠨ ᠯᠠᠮᠠ ᠪᠠᠨᠳᠢ ᠶ᠋ᠢ ᠲᠢᠰᠨ ᠭᠣᠣᠯ ᠤ᠋ᠨ ᠤᠯᠠᠭᠠᠨ ᠪᠠᠢᠰᠢᠩ ᠣᠷᠴᠢᠮ ᠠᠪᠠᠴᠢᠨ ᠠᠯᠠᠵᠤ᠂ ᠣᠮᠵᠢᠳ ᠭᠡᠯᠦᠩ ᠲᠡᠷᠢᠭᠦᠲᠡᠢ ᠠᠷᠪᠠᠨ ᠭᠤᠷᠪᠠᠨ ᠯᠠᠮᠠ ᠨᠠᠷ ᠢ᠋ ᠣᠪᠰᠣ ᠨᠠᠭᠤᠷ ᠤ᠋ᠨ ᠠᠷᠤ ᠳ᠋ᠠᠬᠢ ᠲᠣᠷᠬᠤᠯᠢᠭ ᠭᠣᠣᠯ ᠤ᠋ᠨ ᠡᠷᠭᠢ ᠳ᠋ᠦ᠍ ᠠᠪᠠᠴᠢᠨ ᠴᠠᠪᠴᠢᠪᠠ᠃  ᠢᠩᠭᠢᠭᠡᠳ ᠰᠡᠵᠢᠭᠯᠡᠬᠦ ᠬᠡᠪᠴᠢᠶ᠎ᠡ ᠨᠢ ᠤᠯᠠᠮ ᠢ᠋ᠶ᠋ᠠᠷ ᠥᠷᠭᠡᠳᠴᠦ᠂ ᠬᠡᠷᠡᠭ ᠲᠦ᠍ ᠬᠣᠯᠪᠣᠭᠳᠠᠭᠰᠠᠨ ᠬᠣᠶᠠᠷ ᠵᠠᠭᠤ ᠢᠯᠡᠭᠦᠦ ᠯᠠᠮᠠ ᠶ᠋ᠢ ᠣᠪᠰᠣ ᠨᠠᠭᠤᠷ ᠣᠷᠴᠢᠮ ᠠᠯᠠᠵᠠᠢ᠃《ᠳᠣᠲᠣᠭᠠᠳᠤ ᠶ᠋ᠢᠨ ᠬᠤᠯᠠᠭᠠᠢ》 ᠪᠠ《ᠤᠷᠪᠠᠭᠴᠢᠳ》 ᠢ᠋ ᠡᠰᠡᠷᠭᠦᠴᠡᠬᠦ ᠬᠥᠳᠡᠯᠭᠡᠭᠡᠨ ᠦ᠌ ᠳᠤᠮᠳᠠ᠂ ᠶᠠᠮᠠᠷ ᠴᠣ ᠭᠡᠮ ᠦᠭᠡᠢ ᠪᠡᠷ ᠨᠣᠶᠠᠨ ᠭᠡᠯᠦᠩ ᠦ᠋ᠨ ᠬᠢᠲᠤᠭᠠᠨ ᠤ᠋ ᠳᠣᠣᠷ᠎ᠠ ᠦᠬᠦᠭᠰᠡᠳ ᠨᠡᠯᠢᠶᠡᠳ ᠭᠠᠷᠪᠠ᠃ ᠭᠡᠲᠡᠯ᠎ᠡ ᠦᠨᠡᠬᠡᠷ ᠪᠣᠱᠣᠭᠲᠤ ᠬᠠᠨ ᠠ᠋ᠴᠠ ᠤᠷᠪᠠᠴᠤ᠂ ᠴᠠᠸᠠᠩᠷᠠᠪᠲᠠᠨ ᠤ᠋ ᠵᠦᠭ ᠶᠠᠪᠤᠭᠰᠠᠳ ᠨᠢ ᠲᠤᠩ ᠴᠥᠭᠡᠨ ᠪᠠᠢᠵᠤ᠂  ᠵᠣᠩᠬᠢᠯᠠᠬᠤ ᠣᠯᠠᠨ ᠲᠣᠭᠠᠨ ᠤ᠋ ᠬᠥᠮᠦᠰ ᠮᠥᠨ ᠪᠣᠱᠣᠭᠲᠤ ᠬᠠᠨ ᠢ᠋ᠶ᠋ᠠᠨ ᠢᠳᠡᠭᠡᠨ ᠪᠢᠰᠢᠷᠡᠵᠦ᠂ ᠬᠣᠪᠲᠣ ᠶ᠋ᠢᠨ ᠰᠠᠭᠤᠷᠢᠨ ᠭᠠᠵᠠᠷ ᠲᠠᠭᠠᠨ ᠦᠯᠡᠳᠡᠵᠡᠢ᠃ 
       ᠳᠡᠮᠡᠢ ᠤᠳᠠᠯ ᠦᠭᠡᠢ ᠪᠣᠱᠣᠭᠲᠤ ᠬᠠᠨ ᠳᠠᠯᠳᠠᠭᠤᠷ ᠬᠥᠮᠦᠨ ᠢᠯᠡᠭᠡᠵᠦ᠂ ᠴᠠᠸᠠᠩᠷᠠᠪᠲᠠᠨ ᠳ᠋ᠤ᠌ ᠪᠤᠯᠢᠶᠠᠭᠳᠠᠭᠰᠠᠨ ᠳᠡᠨᠵᠢᠨ ᠣᠮᠪᠣ ᠪᠣᠯᠤᠨ ᠠᠨᠤ ᠳ᠋ᠠᠷ᠎ᠠ ᠬᠠᠲᠤᠨ ᠲᠠᠢ ᠬᠣᠯᠪᠣᠭ᠎ᠠ ᠠᠪᠴᠠᠢ᠃ ᠪᠣᠱᠣᠭᠲᠤ ᠬᠠᠨ ᠲᠡᠭᠦᠨ ᠦ᠌ ᠳᠣᠲᠣᠷᠠᠬᠢ ᠰᠢᠳᠤᠷᠭᠤ ᠲᠦᠰᠢᠮᠡᠯ ᠦᠷᠵᠢᠵᠠᠪ ᠲᠤ᠌ ᠨᠢᠭᠡᠨ ᠰᠠᠯᠠᠭ᠎ᠠ ᠴᠡᠷᠢᠭ ᠥᠭᠴᠦ᠂ ᠤᠷᠢᠳᠠᠪᠡᠷ ᠪᠣᠯᠵᠣᠭᠰᠠᠨ ᠶᠣᠰᠣᠭᠠᠷ ᠳᠠᠭᠵᠢᠨ ᠣᠮᠪᠣ ᠪᠣᠯᠤᠨ ᠠᠨᠤ ᠳ᠋ᠠᠷ᠎ᠠ ᠬᠠᠲᠤᠨ ᠢ᠋ ᠲᠣᠰᠴᠤ ᠠᠪᠴᠢᠷᠠᠭᠲᠤᠨ ᠭᠡᠪᠡ᠃  ᠲᠦᠰᠢᠮᠡᠯ ᠦᠷᠵᠢᠵᠠᠪ ᠵᠡᠭᠦᠨᠭᠠᠷ ᠤ᠋ᠨ ᠬᠢᠯᠢ ᠳ᠋ᠦ᠍ ᠣᠷᠣᠭᠠᠳ ᠪᠠᠭ᠎ᠠ ᠬᠡᠪᠴᠢᠶᠡᠨ ᠦ᠌ ᠪᠠᠢᠯᠳᠤᠭᠠᠨ ᠬᠢᠵᠦ᠂ ᠳᠠᠭᠵᠢᠨ ᠣᠮᠪᠣ ᠪᠣᠯᠤᠨ ᠠᠨᠤ ᠳᠠᠷ᠎ᠠ ᠬᠠᠲᠤᠨ ᠢ᠋ ᠪᠣᠯᠵᠣᠭᠰᠠᠨ ᠠᠷᠭ᠎ᠠ ᠪᠠᠷ ᠬᠣᠪᠲᠣ ᠵᠦᠭ ᠲᠣᠰᠴᠤ ᠠᠪᠴᠢᠷᠠᠵᠠᠢ[91]᠃   

              ᠬᠣᠶᠠᠷ᠂ ᠬᠥᠬᠡᠨᠠᠭᠤᠷ ᠲᠥᠪᠡᠳ ᠡᠴᠡ ᠪᠣᠱᠣᠭᠲᠤ ᠬᠠᠨ ᠳ᠋ᠤ᠌ ᠦᠵᠡᠭᠦᠯᠦᠭᠰᠡᠨ ᠲᠤᠰᠠᠯᠠᠮᠵᠢ  

       ᠪᠣᠱᠣᠭᠲᠤ ᠬᠠᠨ ᠬᠣᠪᠲᠣ ᠳ᠋ᠤ᠌ ᠪᠤᠴᠠᠭᠰᠠᠨ ᠤ᠋ ᠳᠠᠷᠠᠭ᠎ᠠ᠂ ᠥᠯᠥᠰᠬᠦᠯᠡᠩ ᠭᠠᠴᠢᠭᠳᠠᠯ ᠠ᠋ᠴᠠ ᠠᠭᠠᠵᠢᠮ ᠢ᠋ᠶ᠋ᠠᠷ ᠮᠤᠯᠲᠤᠷᠠᠵᠠᠢ᠃  ᠲᠡᠭᠦᠨ ᠦ᠌ ᠠᠵᠤ ᠠᠬᠤᠢ ᠶ᠋ᠢᠨ ᠪᠠᠢᠳᠠᠯ ᠳ᠋ᠤ᠌ ᠡᠷᠭᠢᠯᠲᠡ ᠭᠠᠷᠤᠭᠰᠠᠨ ᠨᠢ ᠲᠥᠪᠡᠳ ᠪᠣᠯᠤᠨ ᠬᠥᠬᠡᠨᠠᠭᠤᠷ ᠤ᠋ᠨ ᠲᠤᠰᠠᠯᠠᠮᠵᠢ ᠲᠠᠢ ᠰᠠᠯᠤᠰᠢ ᠦᠭᠡᠢ ᠬᠣᠯᠪᠣᠭ᠎ᠠ ᠲᠠᠢ ᠶᠤᠮ᠃  
       ᠢᠯᠠᠩᠭᠤᠶ᠎ᠠ ᠲᠥᠪᠡᠳ ᠦ᠋ᠨ ᠳ᠋ᠢᠪᠠ ᠰᠠᠩᠵᠠᠢᠵᠠᠮᠰᠦ ᠪᠣᠱᠣᠭᠲᠤ ᠬᠠᠨ ᠢ᠋ ᠭᠠᠴᠢᠭᠳᠠᠯ ᠠ᠋ᠴᠠ ᠮᠤᠯᠲᠤᠷᠠᠭᠤᠯᠬᠤ ᠶ᠋ᠢᠨ ᠲᠥᠯᠥᠭᠡ᠂ ᠣᠯᠠᠨ ᠲᠠᠯ᠎ᠠ ᠶ᠋ᠢᠨ ᠠᠵᠢᠯᠯᠠᠭ᠎ᠠ ᠠᠪᠴᠠᠢ᠃  ᠲᠡᠭᠦᠨ ᠦ᠌ ᠡᠳᠡᠭᠡᠷ ᠬᠥᠳᠡᠯᠭᠡᠭᠡᠨ ᠨᠢ ᠡᠩᠬᠡ ᠠᠮᠤᠭᠤᠯᠠᠩ ᠬᠠᠭᠠᠨ ᠲᠠᠢ ᠳᠠᠯᠳᠠ ᠲᠡᠮᠡᠴᠡᠯ ᠬᠢᠬᠦ ᠶ᠋ᠢᠨ ᠰᠠᠴᠠᠭᠤ ᠶᠠᠪᠤᠭᠳᠠᠭᠰᠠᠨ ᠶᠤᠮ᠃ 
       ᠣᠷᠬᠣᠢ ᠭᠣᠣᠯ ᠤ᠋ᠨ ᠲᠡᠢᠨ ᠪᠣᠯᠤᠨ ᠤᠯᠠᠭᠠᠨ ᠪᠣᠳᠣᠩ ᠤ᠋ᠨ ᠲᠡᠢᠨ ᠢ᠋ᠶ᠋ᠡᠷ ᠳᠡᠮᠵᠢᠵᠦ᠂ ᠳᠠᠯᠠᠢ ᠯᠠᠮᠠ ᠶ᠋ᠢᠨ ᠠᠵᠢᠯᠯᠠᠭ᠎ᠠ ᠶ᠋ᠢ ᠡᠩᠬᠡ ᠠᠮᠤᠭᠤᠯᠠᠩ ᠬᠠᠭᠠᠨ ᠬᠡᠳᠦᠢᠨ ᠰᠡᠵᠢᠭᠯᠡᠵᠡᠢ᠃ ᠲᠡᠷᠡ ᠮᠥᠷᠲᠡᠭᠡᠨ ᠳᠠᠯᠠᠢ ᠯᠠᠮᠠ ᠶ᠋ᠢᠨ ᠢᠯᠡᠭᠡᠭᠰᠡᠨ  ᠵᠢᠷᠦᠩ ᠬᠤᠲᠤᠭᠲᠤ ᠬᠠᠯᠬ᠎ᠠ ᠣᠢᠷᠠᠳ ᠢ᠋ ᠡᠶᠡᠳᠡᠭᠦᠯᠦᠭᠰᠡᠨ ᠦᠭᠡᠢ ᠮᠥᠷᠲᠡᠭᠡᠨ ᠥᠷᠥᠭᠡᠰᠦᠨ ᠲᠠᠯ᠎ᠠ ᠪᠠᠷ ᠭᠠᠯᠳᠠᠨ ᠪᠣᠱᠣᠭᠲᠤ ᠬᠠᠨ ᠢ᠋ ᠲᠤᠰᠠᠯᠠᠨ ᠬᠠᠮᠠᠭᠠᠯᠠᠭᠰᠠᠨ ᠶᠠᠪᠤᠳᠠᠯ ᠳ᠋ᠤ᠌ ᠡᠩᠬᠡ ᠠᠮᠤᠭᠤᠯᠠᠩ ᠮᠠᠰᠢ ᠠᠭᠤᠷᠯᠠᠪᠠ᠃  ᠳ᠋ᠢᠪᠠ ᠰᠠᠩᠵᠠᠢᠵᠠᠮᠰᠦ ᠥᠪᠡᠷ ᠦ᠋ᠨ ᠠᠵᠢᠯᠯᠠᠭ᠎ᠠ ᠪᠠᠨ ᠠᠯᠢ ᠪᠣᠯᠬᠣᠷ ᠳᠠᠯᠳᠠᠯᠠᠬᠤ ᠭᠡᠮᠡᠨ ᠡᠩᠬᠡ ᠠᠮᠤᠭᠤᠯᠠᠩ ᠢ᠋ ᠡᠷᠬᠢᠮᠯᠡᠨ ᠬᠦᠨᠳᠦᠳᠬᠡᠬᠦ ᠣᠪᠣᠷ ᠳᠦᠷᠢ ᠭᠠᠷᠭᠠᠵᠠᠢ᠃ 1690 ᠣᠨ ᠤ᠋ ᠠᠷᠪᠠᠨ ᠨᠢᠭᠡᠳᠦᠭᠡᠷ ᠰᠠᠷ᠎ᠠ ᠳ᠋ᠤ᠌᠂  ᠳ᠋ᠢᠪᠠ ᠰᠠᠩᠵᠠᠢᠵᠠᠮᠰᠦ ᠶ᠋ᠢᠨ ᠲᠤᠰᠢᠶᠠᠭᠰᠠᠨ ᠶᠣᠰᠣᠭᠠᠷ ᠵᠢᠷᠦᠩ ᠬᠤᠲᠤᠭᠲᠤ ᠪᠡᠭᠡᠵᠢᠩ ᠳ᠋ᠦ᠍ ᠣᠴᠢᠪᠠ᠃ ᠲᠡᠭᠡᠭᠡᠳ ᠳᠠᠯᠠᠢ ᠯᠠᠮᠠ ᠪᠣᠯᠤᠨ ᠬᠥᠬᠡᠨᠠᠭᠤᠷ ᠤ᠋ᠨ ᠣᠯᠠᠨ ᠲᠠᠢᠵᠢ ᠨᠠᠷ ᠢ᠋ ᠲᠥᠯᠥᠭᠡᠯᠡᠵᠦ᠂ ᠡᠩᠬᠡ ᠠᠮᠤᠭᠤᠯᠠᠩ ᠬᠠᠭᠠᠨ ᠠ᠋ᠴᠠ ᠡᠷᠬᠢᠮ ᠴᠣᠯᠠ ᠬᠦᠷᠲᠡᠰᠦᠭᠡᠢ ᠭᠡᠮᠡᠨ ᠠᠢᠯᠠᠳᠬᠠᠵᠠᠢ᠃ ᠲᠡᠭᠦᠨ ᠦ᠌  ᠪᠠᠷᠠᠯᠬᠠᠬᠤ ᠶ᠋ᠢ ᠡᠩᠬᠡ ᠠᠮᠤᠭᠤᠯᠠᠩ ᠬᠠᠭᠠᠨ ᠲᠠᠲᠠᠭᠠᠯᠵᠠᠵᠤ᠂ 《ᠳᠠᠯᠠᠢ ᠯᠠᠮᠠ ᠶ᠋ᠢᠨ ᠡᠯᠴᠢ ᠬᠡᠮᠡᠭᠡᠳ ᠤᠬᠠᠭᠤᠯᠤᠨ ᠬᠣᠷᠢᠭᠯᠠᠬᠤ ᠦᠭᠡᠢ ᠃ ᠭᠠᠯᠳᠠᠨ ᠲᠠᠢ ᠴᠣᠭ ᠢ᠋ᠶ᠋ᠠᠷ ᠬᠠᠷᠠᠭᠤᠯ ᠤ᠋ᠨ ᠭᠠᠵᠠᠷ ᠲᠦᠯᠬᠢᠨ ᠣᠷᠣᠭᠠᠳ ᠬᠣᠶᠠᠷ ᠡᠲᠡᠭᠡᠳ ᠦ᠋ᠨ ᠪᠠᠢᠯᠳᠤᠬᠤ ᠶ᠋ᠢ ᠵᠣᠭᠰᠣᠨ ᠬᠠᠷᠠᠮᠤᠢ᠃ ᠶᠠᠭᠤᠨ ᠢ᠋ ᠪᠡᠯᠡᠭᠯᠡᠬᠦ  ᠭᠡᠮᠡᠨ ᠡᠷᠬᠢᠮ ᠴᠣᠯᠠ ᠬᠦᠷᠲᠡᠮᠦᠢ》[92] ᠭᠡᠵᠦ ᠪᠤᠷᠤᠭᠤᠰᠢᠶᠠᠪᠠ᠃ ᠲᠡᠭᠦᠨ ᠦ᠌ ᠡᠨᠡ ᠮᠡᠲᠦ ᠣᠪᠣᠷᠯᠠᠭᠰᠠᠨ ᠨᠢ ᠦᠨᠡᠨᠬᠦ ᠡᠷᠬᠢᠮ ᠴᠣᠯᠠ  ᠬᠥᠷᠲᠡᠶ᠎ᠡ ᠬᠡᠮᠡᠬᠦ ᠰᠠᠨᠠᠭ᠎ᠠ  ᠪᠤᠰᠤ᠂ ᠬᠠᠷᠢᠨ ᠡᠩᠬᠡ ᠠᠮᠤᠭᠤᠯᠠᠩ ᠬᠠᠭᠠᠨ ᠤ᠋ ᠣᠪᠣᠷ ᠢ᠋ ᠲᠡᠩᠰᠡᠵᠦ ᠦᠵᠡᠬᠦ ᠭᠡᠰᠡᠨ ᠶᠦ᠍ᠮ᠃ 1691 ᠣᠨ ᠤ᠋ ᠶᠢᠰᠦᠳᠦᠭᠡᠷ ᠰᠠᠷ᠎ᠠ ᠳ᠋ᠤ᠌᠂ ᠡᠪ ᠦᠭᠡᠢᠳᠡᠭᠰᠡᠨ ᠢ᠋ᠶ᠋ᠡᠨ ᠨᠥᠬᠥᠪᠥᠷᠢᠯᠡᠬᠦ  ᠭᠡᠮᠡᠨ ᠲᠡᠷᠡ ᠪᠠᠰᠠ ᠳᠠᠯᠠᠢ ᠯᠠᠮᠠ ᠶ᠋ᠢᠨ ᠡᠯᠴᠢ ᠬᠡᠮᠡᠬᠦ ᠨᠡᠷ᠎ᠡ ᠪᠡᠷ ᠳᠠᠮᠪᠠᠷ ᠨᠠᠩᠰᠦ ᠶ᠋ᠢ ᠪᠡᠭᠡᠵᠢᠩ ᠳ᠋ᠦ᠍ ᠵᠠᠷᠤᠵᠠᠢ᠃ ᠲᠡᠭᠡᠭᠡᠳ ᠡᠩᠬᠡ ᠠᠮᠤᠭᠤᠯᠠᠩ ᠬᠠᠭᠠᠨ ᠳ᠋ᠤ᠌ ᠦᠭᠭᠦᠭᠰᠡᠨ ᠪᠢᠴᠢᠭ ᠲᠡᠭᠡᠨ:《ᠭᠠᠯᠳᠠᠨ ᠰᠤᠷᠭᠠᠬᠤ ᠶ᠋ᠢ ᠦᠯᠦ  ᠬᠢᠴᠢᠶᠡᠩᠭᠦᠢᠯᠡᠭᠰᠡᠨ ᠲᠤᠯᠠ ᠡᠢᠮᠦ  ᠪᠣᠯᠭᠠᠵᠤᠬᠤᠢ᠃ ᠡᠨᠳᠡ ᠡᠴᠡ ᠢᠯᠡᠭᠡᠭᠰᠡᠨ ᠬᠥᠮᠦᠰ ᠮᠡᠳᠡᠯᠭᠡ ᠤᠬᠠᠭᠠᠨ ᠢ᠋ᠶ᠋ᠠᠷ ᠮᠡᠬᠦᠰ ᠪᠣᠯᠤᠭᠰᠠᠨ ᠢ᠋ ᠠᠭᠤᠴᠢᠯᠠᠬᠤ ᠪᠣᠯᠪᠠᠤ》 ᠭᠡᠰᠡᠨ ᠪᠥᠭᠡᠳ《ᠬᠠᠯᠬ᠎ᠠ ᠣᠢᠷᠠᠳ ᠪᠠᠢᠯᠳᠤᠬᠤ ᠶ᠋ᠢᠨ ᠤᠷᠢᠳ ᠂ ᠬᠣᠶᠠᠷ ᠡᠲᠡᠭᠡᠳ ᠴᠥᠮ ᠬᠥᠮᠦᠨ ᠵᠠᠷᠤᠵᠤ ᠬᠥᠬᠡᠨᠠᠭᠤᠷ ᠤ᠋ᠨ ᠳᠠᠯᠠᠢ ᠲᠠᠢᠵᠢ ᠠ᠋ᠴᠠ ᠴᠡᠷᠢᠭ ᠭᠤᠶᠤᠵᠠᠢ᠃ ᠮᠢᠨᠦ ᠥᠭᠦᠯᠡᠭᠰᠡᠨ ᠠᠨᠤ ᠬᠠᠯᠬ᠎ᠠ ᠣᠢᠷᠠᠳ  ᠡᠶᠡᠳᠡᠪᠡᠯ ᠪᠢ ᠪᠠᠶᠠᠷᠯᠠᠮᠤᠢ᠃ᠠᠯᠢ ᠨᠢᠭᠡᠨ ᠡᠲᠡᠭᠡᠳ ᠢ᠋ ᠬᠠᠪᠰᠤᠷᠬᠤ ᠰᠠᠨᠠᠭ᠎ᠠ ᠡᠰᠡ ᠠᠬᠢᠭᠤᠯᠵᠤᠬᠤᠢ》[93] ᠭᠡᠪᠡ᠃ ᠡᠭᠦᠨ ᠳ᠋ᠦ᠍ ᠡᠩᠬᠡ ᠠᠮᠤᠭᠤᠯᠠᠩ ᠬᠠᠷᠢᠭᠤ ᠪᠢᠴᠢᠭ ᠲᠡᠭᠡᠨ: 《ᠰᠣᠨᠣᠰᠬᠤ ᠳ᠋ᠤ᠌ ᠭᠠᠯᠳᠠᠨ ᠢᠳᠡᠬᠦ ᠶᠠᠭᠤᠮ᠎ᠠ ᠦᠭᠡᠢ ᠶᠠᠳᠠᠭᠤᠷᠠᠬᠤ ᠶ᠋ᠢᠨ ᠲᠤᠢᠯ ᠪᠣᠯᠵᠤᠬᠤᠢ ᠬᠡᠮᠡᠮᠦ᠃ ᠡᠢᠮᠦ ᠡᠴᠡ  ᠯᠠᠮᠠ ᠲᠠᠨ ᠢ᠋ ᠲᠦᠰᠢᠷ᠎ᠡ ᠣᠴᠢᠬᠤ ᠮᠠᠭᠠᠳ᠃ ᠬᠡᠷᠪᠡ ᠦᠨᠡᠬᠡᠷ ᠲᠡᠢᠮᠦ ᠪᠣᠯᠪᠠᠰᠤ ᠶᠠᠮᠠᠷ ᠠᠷᠭ᠎ᠠ ᠬᠡᠮᠵᠢᠶ᠎ᠡ ᠠᠪᠬᠤ ᠪᠠᠨ ᠯᠠᠮᠠ ᠲᠠ ᠥᠪᠡᠷ ᠢ᠋ᠶ᠋ᠡᠨ ᠪᠣᠳᠣᠯᠬᠢᠯᠠᠨ ᠲᠠᠰᠤᠯᠲᠤᠭᠠᠢ》[94] ᠭᠡᠵᠦ ᠪᠣᠱᠣᠭᠲᠤ ᠬᠠᠨ ᠢ᠋ ᠲᠤᠰᠠᠯᠠᠵᠤ ᠪᠣᠯᠬᠤ ᠦᠭᠡᠢ ᠭᠡᠰᠡᠨ ᠰᠠᠨᠠᠭ᠎ᠠ ᠪᠠᠨ ᠢᠯᠡᠳᠬᠡᠵᠡᠢ᠃  
       ᠬᠡᠳᠦᠢᠪᠡᠷ ᠡᠩᠬᠡ ᠠᠮᠤᠭᠤᠯᠠᠩ ᠬᠠᠭᠠᠨ ᠠ᠋ᠴᠠ ᠵᠠᠬᠢᠶ᠎ᠠ ᠵᠠᠷᠯᠢᠭ ᠢ᠋ ᠢᠯᠡᠭᠡᠵᠦ ᠬᠣᠷᠢᠭᠯᠠᠵᠤ  ᠪᠠᠢᠭᠰᠠᠨ ᠪᠣᠯᠪᠠᠴᠤ᠂  ᠳ᠋ᠢᠪᠠ ᠰᠠᠩᠵᠠᠢᠵᠠᠮᠰᠦ ᠠᠯᠢ ᠪᠣᠯᠬᠤ ᠪᠠᠷ ᠪᠣᠱᠣᠭᠲᠤ ᠬᠠᠨ ᠳ᠋ᠤ᠌ ᠣᠶᠤᠨ ᠰᠠᠨᠠᠭ᠎ᠠ ᠪᠠ ᠡᠳ᠋ ᠪᠣᠳᠠᠰ ᠤ᠋ᠨ ᠳᠡᠮᠵᠢᠯᠭᠡ ᠥᠭᠴᠦ ᠪᠠᠢᠪᠠ᠃ 
       ᠬᠣᠪᠲᠣ ᠶ᠋ᠢᠨ ᠠᠵᠤ ᠠᠬᠤᠢ ᠶ᠋ᠢᠨ ᠭᠠᠴᠢᠭᠳᠠᠯ ᠠ᠋ᠴᠠ ᠪᠣᠯᠵᠤ ᠴᠡᠷᠢᠭ ᠠᠷᠠᠳ ᠨᠢ ᠦᠵᠡᠯ ᠰᠠᠨᠠᠭᠠᠨ ᠤ᠋ ᠲᠠᠯ᠎ᠠ ᠳ᠋ᠤ᠌ ᠵᠥᠷᠢᠴᠡᠯ ᠲᠡᠮᠡᠴᠡᠯ ᠭᠠᠷᠬᠤ ᠮᠠᠭᠠᠳ ᠬᠡᠮᠡ  ᠨᠢᠭᠡᠨ ᠨᠡᠷ᠎ᠡ ᠲᠡᠢ ᠬᠤᠲᠤᠭᠲᠤ ᠶ᠋ᠢ ᠢᠯᠡᠭᠡᠬᠦ ᠪᠡᠷ ᠪᠣᠯᠵᠠᠢ᠃ ᠢᠩᠭᠢᠭᠡᠳ ᠲᠡᠷᠡ ᠳᠠᠯᠠᠢ ᠯᠠᠮᠠ ᠶ᠋ᠢᠨ ᠨᠡᠷ᠎ᠡ ᠪᠡᠷ ᠪᠡᠭᠡᠵᠢᠩ ᠳ᠋ᠦ᠍ ᠰᠠᠭᠤᠬᠤ ᠳ᠋ᠤ᠌ ᠢᠯᠠᠭᠤᠭᠰᠠᠨ ᠬᠤᠲᠤᠭᠲᠤ ᠳ᠋ᠤ᠌ ᠵᠢᠭᠠᠪᠤᠷᠢᠯᠠᠵᠤ᠂ ᠪᠣᠱᠣᠭᠲᠤ ᠬᠠᠨ ᠢ᠋ ᠲᠡᠳᠬᠦᠬᠦ ᠪᠡᠷ ᠣᠴᠢᠭᠲᠤᠨ ᠭᠡᠪᠡ᠃  ᠪᠡᠭᠡᠵᠢᠩ ᠦ᠋ᠨ ᠯᠠᠮᠠ ᠪᠠᠨᠳᠢ ᠶ᠋ᠢ ᠪᠦᠭᠦᠳᠡ ᠵᠠᠬᠢᠷᠤᠭᠴᠢ ᠵᠠᠰᠠᠭ ᠳᠠ ᠯᠠᠮᠠ ᠢᠯᠠᠭᠤᠭᠰᠠᠨ ᠬᠤᠲᠤᠭᠲᠤ ᠬᠡᠳᠦᠢᠨ ᠪᠣᠱᠣᠭᠲᠤ ᠬᠠᠨ ᠪᠣᠯᠤᠨ ᠳ᠋ᠢᠪᠠ ᠰᠠᠩᠵᠠᠢᠵᠠᠮᠰᠤ ᠳ᠋ᠤ᠌ ᠦᠢᠯᠡᠴᠢᠯᠡᠭᠰᠡᠭᠡᠷ ᠢᠷᠡᠵᠡᠢ᠃  ᠢᠯᠠᠭᠤᠭᠰᠠᠨ ᠬᠤᠲᠤᠭᠲᠤ ᠲᠡᠭᠦᠨ ᠦ᠌ ᠳᠥᠭᠥᠮ ᠨᠥᠬᠥᠴᠡᠯ ᠢ᠋ᠶ᠋ᠡᠨ ᠠᠰᠢᠭᠯᠠᠵᠤ ᠳᠣᠣᠷᠠᠬᠢ ᠬᠥᠮᠦᠰ ᠢ᠋ᠶ᠋ᠡᠨ ᠬᠥᠬᠡᠬᠣᠲᠠ᠂ ᠴᠢᠭᠤᠯᠤᠯᠲᠤ ᠬᠠᠭᠠᠯᠭ᠎ᠠ᠂ ᠪᠡᠭᠡᠵᠢᠩ ᠵᠡᠷᠭᠡ ᠭᠠᠵᠠᠷ ᠲᠤ᠌ ᠲᠣᠮᠢᠯᠠᠨ ᠰᠠᠭᠤᠯᠭᠠᠵᠤ ᠲᠡᠨᠳᠡᠬᠢ ᠳᠠᠢᠴᠢᠩ ᠤᠯᠤᠰ ᠤ᠋ᠨ ᠤᠯᠤᠰ ᠲᠥᠷᠥ ᠪᠣᠯᠤᠨ ᠴᠡᠷᠢᠭ ᠦ᠋ᠨ ᠶᠠᠪᠤᠳᠠᠯ ᠤ᠋ᠨ ᠴᠢᠬᠤᠯᠠ ᠮᠡᠳᠡᠭᠡ ᠶ᠋ᠢ ᠪᠣᠱᠣᠭᠲᠤ ᠬᠠᠨ ᠪᠣᠯᠤᠨ ᠳ᠋ᠢᠪᠠ ᠰᠠᠩᠵᠠᠢᠵᠠᠮᠰᠤ ᠳ᠋ᠤ᠌ ᠤᠳᠠᠭ᠎ᠠ ᠳᠠᠷᠠᠭᠠᠯᠠᠨ ᠬᠦᠷᠭᠡᠵᠦ ᠪᠠᠢᠪᠠ᠃ ᠪᠣᠱᠣᠭᠲᠤ ᠬᠠᠨ ᠬᠠᠯᠬ᠎ᠠ ᠶ᠋ᠢ ᠳᠠᠢᠯᠠᠬᠤ ᠦᠶ᠎ᠡ ᠳ᠋ᠦ᠍᠂ ᠪᠡᠭᠡᠵᠢᠩ ᠵᠢᠴᠢ ᠬᠠᠯᠠᠭᠴᠤᠳ ᠬᠡᠳᠦᠨ ᠵᠠᠮ ᠢ᠋ᠶ᠋ᠠᠷ ᠴᠡᠷᠢᠭ ᠭᠠᠷᠭᠠᠭᠰᠠᠨ᠂ ᠬᠥᠮᠦᠨ ᠮᠣᠷᠢ ᠨᠢ ᠬᠡᠳᠦᠢ ᠪᠠᠢᠭᠰᠠᠨ ᠢ᠋ ᠭᠠᠷ ᠤ᠋ᠨ ᠠᠯᠠᠭᠠᠨ ᠳᠡᠭᠡᠷᠡᠬᠢ ᠶᠠᠭᠤᠮ᠎ᠠ ᠰᠢᠭ᠋ ᠲᠣᠳᠣᠷᠬᠠᠢ ᠮᠡᠳᠡᠵᠦ ᠪᠠᠢᠵᠠᠢ᠃  ᠤᠯᠠᠭᠠᠨ ᠪᠣᠳᠣᠩ ᠤ᠋ᠨ ᠲᠡᠢᠨ ᠦ᠌ ᠳᠠᠷᠠᠭ᠎ᠠ᠂ ᠲᠡᠷᠡ ᠡᠩᠬᠡ ᠠᠮᠤᠭᠤᠯᠠᠩ ᠬᠠᠭᠠᠨ ᠳ᠋ᠤ᠌ ᠰᠡᠵᠢᠭᠯᠡᠭᠳᠡᠵᠦ᠂ ᠲᠡᠭᠦᠨ ᠦ᠌ ᠬᠥᠳᠡᠯᠭᠡᠭᠡᠨ ᠢ᠋ ᠨᠢ ᠬᠢᠵᠠᠭᠠᠷᠯᠠᠬᠤ ᠪᠣᠯᠪᠠ᠃  ᠬᠣᠪᠲᠣ ᠵᠦᠭ ᠳᠤᠲᠠᠭᠠᠨ ᠶᠠᠪᠤᠬᠤ ᠶ᠋ᠢᠨ ᠲᠥᠯᠥᠭᠡ᠂ ᠣᠷᠳᠣᠰ ᠤ᠋ᠨ ᠴᠠᠭᠠᠨ ᠲᠣᠬᠣᠢ ᠳ᠋ᠤ᠌ ᠬᠦᠷᠴᠦ ᠲᠡᠭᠦᠨ ᠦ᠌ ᠡᠴᠢᠭᠡ ᠤᠪᠠᠰᠢ ᠪᠣᠯᠤᠨ ᠱᠠᠪᠢ ᠨᠠᠷ ᠢ᠋ᠶ᠋ᠠᠨ ᠰᠤᠩᠷᠤᠪ ᠪᠡᠢᠯᠡ ᠶ᠋ᠢᠨ ᠭᠠᠵᠠᠷ ᠲᠤ᠌ ᠨᠡᠭᠦᠯᠭᠡᠰᠦᠭᠡᠢ ᠭᠡᠮᠡᠨ ᠠᠢᠯᠠᠳᠬᠠᠨ ᠭᠤᠶᠤᠵᠠᠢ᠂  ᠡᠭᠦᠨ ᠢ᠋ ᠨᠢ ᠡᠩᠬᠡ ᠠᠮᠤᠭᠤᠯᠠᠩ ᠬᠠᠭᠠᠨ ᠡᠰᠡ ᠵᠥᠪᠰᠢᠶᠡᠷᠡᠵᠦ ᠬᠥᠬᠡᠬᠣᠲᠠ ᠳ᠋ᠤ᠌ ᠨᠡᠭᠦᠯᠭᠡᠲᠦᠭᠡᠢ ᠭᠡᠪᠡ᠃  ᠳᠡᠮᠡᠢ ᠤᠳᠠᠯ ᠦᠭᠡᠢ ᠲᠡᠭᠦᠨ ᠦ᠌ ᠡᠴᠢᠭᠡ ᠤᠪᠠᠰᠢ ᠨᠠᠰᠤ ᠪᠠᠷᠠᠭᠰᠠᠨ ᠢ᠋ᠶ᠋ᠠᠷ ᠰᠢᠯᠲᠠᠭᠠᠨ ᠪᠣᠯᠭᠠᠵᠤ᠂ ᠶᠠᠭᠠᠬᠢᠭᠰᠠᠨ ᠴᠤ᠌ ᠣᠷᠳᠣᠰ ᠲᠤ᠌ ᠭᠥᠷᠥᠰᠦᠭᠡᠢ ᠭᠡᠮᠡᠨ ᠪᠠᠷᠢᠮᠲᠠᠯᠠᠭᠰᠠᠨ ᠲᠤᠯᠠ ᠡᠩᠬᠡ ᠠᠮᠤᠭᠤᠯᠠᠩ ᠬᠠᠭᠠᠨ ᠲᠡᠭᠦᠨ ᠳ᠋ᠦ᠍ ᠡᠳᠦᠷ ᠬᠤᠭᠤᠴᠠᠭ᠎ᠠ ᠲᠣᠭᠲᠠᠭᠠᠨ ᠬᠢᠵᠠᠭᠠᠷᠯᠠᠵᠤ᠂ ᠮᠣᠩᠭᠣᠯ ᠵᠤᠷᠭᠠᠨ ᠤ᠋ ᠪᠢᠴᠢᠭᠡᠴᠢ ᠴᠠᠩ ᠱᠧᠦ ᠶ᠋ᠢ ᠬᠠᠮᠲᠤ ᠢᠯᠡᠭᠡᠵᠡᠢ᠃1692 ᠣᠨ ᠤ᠋ ᠳᠣᠯᠣᠳᠤᠭᠠᠷ ᠰᠠᠷ᠎ᠠ ᠳ᠋ᠤ᠌᠂ ᠢᠯᠠᠭᠤᠭᠰᠠᠨ ᠬᠤᠲᠤᠭᠲᠤ ᠣᠷᠳᠣᠰ ᠲᠤ ᠬᠦᠷᠦᠭᠡᠳ᠂ ᠪᠢᠴᠢᠭᠡᠴᠢ ᠴᠠᠩ ᠱᠧᠦ ᠶ᠋ᠢ ᠤᠷᠢᠳᠠᠪᠡᠷ ᠬᠥᠬᠡᠬᠣᠲᠠ ᠵᠦᠭ ᠢᠯᠡᠭᠡᠵᠦ᠂ ᠥᠪᠡᠷ ᠢ᠋ᠶ᠋ᠡᠨ ᠱᠠᠪᠢ ᠨᠠᠷ ᠢ᠋ᠶ᠋ᠠᠨ ᠳᠠᠭᠠᠭᠤᠯᠤᠨ ᠬᠣᠪᠲᠣ ᠵᠦᠭ ᠳᠤᠲᠠᠭᠠᠪᠠ[95]᠃  ᠳ᠋ᠢᠪᠠ ᠰᠠᠩᠵᠠᠢᠵᠠᠮᠰᠤ ᠪᠠᠰᠠ ᠬᠠᠯᠬ᠎ᠠ ᠣᠷᠣᠨ ᠳ᠋ᠤ᠌ ᠨᠡᠯᠢᠶᠡᠳ ᠨᠥᠯᠥᠭᠡ ᠲᠡᠢ ᠵᠠᠪᠠᠯᠰᠠᠩᠪᠤ ᠬᠤᠲᠤᠭᠲᠤ ᠶ᠋ᠢ ᠮᠥᠨ ᠬᠣᠪᠲᠣ ᠵᠦᠭ ᠳᠤᠲᠠᠭᠠᠯᠭᠠᠵᠤ᠂ ᠢᠯᠠᠭᠤᠭᠰᠠᠨ ᠬᠤᠲᠤᠭᠲᠤ ᠲᠠᠢ ᠬᠠᠮᠲᠤ ᠪᠠᠷ ᠪᠣᠱᠣᠭᠲᠤ ᠬᠠᠨ ᠢ᠋ ᠲᠡᠳᠬᠦᠭᠦᠯᠵᠡᠢ᠃  ᠡᠭᠦᠨ ᠳ᠋ᠦ᠍ ᠡᠩᠬᠡ ᠠᠮᠤᠭᠤᠯᠠᠩ ᠬᠠᠭᠠᠨ ᠠ᠋ᠴᠠ ᠪᠣᠱᠣᠭᠲᠤ ᠬᠠᠨ ᠳ᠋ᠤ᠌ ᠪᠢᠴᠢᠭ ᠢᠯᠡᠭᠡᠵᠦ᠂ ᠵᠠᠮᠪᠠᠯᠰᠠᠩᠪᠤ ᠬᠤᠲᠤᠭᠲᠤ ᠶ᠋ᠢ ᠪᠤᠴᠠᠭᠠᠵᠤ ᠥᠭ[96] ᠬᠡᠮᠡᠭᠰᠡᠨ ᠳ᠋ᠦ᠍ ᠲᠡᠷᠡ ᠣᠢᠰᠢᠶᠠᠭᠰᠠᠨ ᠴᠤ᠌ ᠦᠭᠡᠢ ᠥᠩᠭᠡᠷᠡᠭᠦᠯᠪᠡ᠃ 
       ᠬᠥᠬᠡᠨᠠᠭᠤᠷ ᠬᠣᠱᠤᠳ ᠲᠠᠢᠵᠢ ᠨᠠᠷ ᠤ᠋ᠨ ᠳᠣᠲᠣᠷ᠎ᠠ ᠪᠣᠱᠣᠭᠲᠤ ᠵᠢᠨᠦᠩ ᠮᠠᠰᠢ ᠢᠲᠡᠭᠡᠯ ᠨᠥᠯᠥᠭᠡ ᠲᠡᠢ ᠪᠥᠭᠡᠳ ᠠᠷᠪᠠᠨ ᠵᠢᠯ ᠦ᠋ᠨ ᠡᠮᠦᠨ᠎ᠡ ᠪᠣᠱᠣᠭᠲᠤ ᠬᠠᠨ ᠲᠠᠢ ᠤᠷᠤᠭ ᠰᠣᠯᠢᠶ᠎ᠠ ᠲᠣᠭᠲᠠᠵᠠᠢ᠃ ᠳ᠋ᠢᠪᠠ ᠰᠩᠵᠠᠢᠵᠠᠮᠰᠤ ᠠ᠋ᠴᠠ ᠳᠠᠯᠠᠢ ᠯᠠᠮᠠ ᠶ᠋ᠢᠨ ᠨᠡᠷ᠎ᠡ ᠪᠡᠷ ᠪᠣᠱᠣᠭᠲᠤ ᠵᠢᠨᠦᠩ ᠲᠡᠷᠢᠭᠦᠲᠡᠢ ᠲᠠᠢᠵᠢ ᠨᠠᠷ ᠲᠤ ᠵᠠᠷᠯᠢᠭ ᠪᠠᠭᠤᠯᠭᠠᠨ᠂ ᠪᠣᠱᠣᠭᠲᠤ ᠬᠠᠨ ᠳ᠋ᠤ᠌ ᠡᠳ᠋ ᠪᠣᠳᠠᠰ ᠤ᠋ᠨ ᠳᠡᠮᠵᠢᠯᠭᠡ ᠦᠵᠡᠭᠦᠯᠪᠡ᠃ ᠲᠡᠭᠡᠬᠦ ᠳ᠋ᠡᠭᠡᠨ ᠠᠯᠠᠱᠠᠨ ᠤ᠋ ᠪᠠᠭᠠᠲᠤᠷ ᠡᠷᠬᠡ ᠵᠢᠨᠦᠩ ᠬᠣᠷᠯᠣᠢ ᠪᠠᠷ ᠳᠠᠮᠵᠢᠭᠤᠯᠵᠤ ᠶᠡᠬᠡ ᠬᠡᠮᠵᠢᠶᠡᠨ ᠦ᠌ ᠠᠮᠤ ᠪᠤᠳᠠᠭ᠎ᠠ᠂ ᠮᠠᠯ ᠤᠨᠤᠭ᠎ᠠ᠂ ᠡᠳ᠋ ᠪᠣᠳᠠᠰ ᠢ᠋ ᠬᠣᠪᠲᠣ ᠵᠦᠭ ᠵᠥᠭᠡᠭᠡᠪᠦᠷᠢᠯᠡᠵᠦ ᠪᠠᠢᠵᠠᠢ᠃ ᠲᠡᠳᠡᠨ ᠦ᠌ ᠠᠵᠢᠯᠯᠠᠭ᠎ᠠ ᠶ᠋ᠢ ᠡᠩᠬᠡ ᠠᠮᠤᠭᠤᠯᠠᠩ ᠬᠠᠭᠠᠨ ᠮᠡᠳᠡᠭᠡᠳ ᠬᠢᠵᠠᠭᠠᠷ ᠢ᠋ ᠰᠠᠬᠢᠭᠰᠠᠨ ᠨᠣᠶᠠᠳ ᠢ᠋ ᠪᠤᠷᠤᠭᠤᠰᠢᠶᠠᠵᠤ᠄《ᠪᠡᠢᠰᠡ ᠴᠠᠭᠠᠨᠪᠠᠷᠰ ᠤ᠋ᠨ ᠳᠡᠭᠦᠦ ᠪᠠᠨᠲᠠᠢ ᠬᠥᠬᠡᠨᠠᠭᠤᠷ ᠠ᠋ᠴᠠ ᠬᠡᠷᠡᠮ ᠦ᠋ᠨ ᠳᠣᠲᠣᠷ᠎ᠠ ᠨᠡᠰᠢ ᠴᠠᠰᠢ ᠶᠠᠪᠤᠮᠤᠢ᠃ ᠢᠯᠠᠭᠤᠭᠰᠠᠨ ᠬᠤᠲᠤᠭᠲᠤ ᠪᠠᠰᠠ ᠬᠡᠷᠡᠮ ᠦ᠋ᠨ ᠳᠣᠲᠣᠷ᠎ᠠ ᠠ᠋ᠴᠠ ᠭᠠᠳᠠᠭᠰᠢ ᠶᠠᠪᠤᠵᠤᠬᠤᠢ᠃ ᠡᠢᠨᠬᠦ ᠳᠠᠯᠳᠠᠭᠤᠷ ᠶᠠᠪᠤᠯᠴᠠᠬᠤ ᠶ᠋ᠢ ᠬᠢᠵᠠᠭᠠᠷ ᠤ᠋ᠨ ᠰᠠᠢᠳ ᠤ᠋ᠳ ᠶᠠᠭᠤᠨ ᠳ᠋ᠤ᠌ ᠪᠠᠢᠴᠠᠭᠠᠬᠤ ᠦᠭᠡᠢ ᠪᠣᠢ》[97] ᠭᠡᠪᠡ᠃ ᠠᠯᠠᠱᠠᠨ ᠤ᠋ ᠪᠠᠭᠠᠲᠤᠷ ᠡᠷᠬᠡ ᠵᠢᠨᠦᠩ ᠬᠣᠷᠯᠣᠢ ᠵᠡᠭᠦᠨᠭᠠᠷ ᠤ᠋ᠨ ᠦᠢᠮᠡᠭᠡᠨ ᠡᠴᠡ ᠵᠠᠢᠯᠠᠵᠤ᠂ ᠬᠣᠢᠨ᠎ᠠ ᠳ᠋ᠢᠪᠠ ᠰᠠᠩᠵᠠᠢᠵᠠᠮᠰᠤ ᠶ᠋ᠢᠨ ᠴᠢᠷᠮᠠᠢᠭᠰᠠᠨ ᠤ᠋ ᠦᠷ᠎ᠡ ᠪᠡᠷ ᠥᠰᠢᠶ᠎ᠡ ᠪᠡᠨ ᠲᠡᠪᠴᠢᠨ ᠪᠣᠱᠣᠭᠲᠤ ᠬᠠᠨ ᠲᠠᠢ ᠨᠥᠬᠥᠷᠯᠡᠵᠦ᠂ ᠬᠥᠬᠡᠨᠠᠭᠤᠷ ᠤ᠋ᠨ ᠡᠳ᠋ ᠪᠣᠳᠠᠰ ᠠᠯᠠᠱᠠᠨ ᠢ᠋ᠶ᠋ᠠᠷ ᠥᠩᠭᠡᠷᠡᠬᠦ ᠳ᠋ᠦ᠍ ᠲᠡᠷᠡ ᠥᠷᠲᠡᠭᠡ ᠤᠯᠠᠭ᠎ᠠ᠂ ᠬᠥᠮᠦᠨ ᠮᠣᠷᠢ ᠭᠠᠷᠭᠠᠵᠤ ᠬᠥᠭᠥᠷᠭᠡ ᠶ᠋ᠢᠨ ᠦᠢᠯᠡᠳᠦᠯ ᠢ᠋ ᠦᠵᠡᠭᠦᠯᠵᠦ ᠪᠠᠢᠵᠠᠢ᠃ ᠲᠡᠭᠦᠨ ᠦ᠌ ᠠᠵᠢᠯᠯᠠᠭ᠎ᠠ ᠶ᠋ᠢ ᠬᠢᠵᠠᠭᠠᠷ ᠢ᠋ ᠰᠠᠬᠢᠭᠰᠠᠨ ᠰᠠᠢᠳ ᠰᠡᠷᠡᠵᠦ ᠮᠡᠳᠡᠭᠡᠳ ᠡᠩᠬᠡ ᠠᠮᠤᠭᠤᠯᠠᠩ ᠬᠠᠭᠠᠨ ᠳ᠋ᠤ᠌ ᠮᠡᠳᠡᠭᠦᠯᠦᠭᠰᠡᠨ ᠳ᠋ᠦ᠍ ᠲᠡᠷᠡ ᠪᠠᠭᠠᠲᠤᠷ ᠡᠷᠬᠡ ᠵᠢᠨᠦᠩ ᠬᠣᠷᠯᠣᠢ ᠶ᠋ᠢ《ᠠᠩᠬᠠᠨ ᠠ᠋ᠴᠠ ᠠᠶᠤᠯᠲᠤ ᠰᠡᠳᠬᠢᠯ ᠡᠪᠦᠷᠯᠡᠵᠦ》᠂《ᠬᠠᠯᠬ᠎ᠠ ᠳ᠋ᠤ᠌ ᠬᠠᠪᠰᠤᠷᠴᠤ ᠣᠢᠷᠠᠳ ᠢ᠋ ᠳᠠᠢᠯᠠᠭᠲᠤᠨ ᠬᠡᠮᠡᠭᠰᠡᠨ ᠳ᠋ᠦ᠍ ᠬᠦᠴᠦᠨ ᠵᠢᠳᠬᠦᠭᠰᠡᠨ ᠦᠭᠡᠢ ᠮᠥᠷᠲᠡᠭᠡᠨ ᠬᠠᠯᠬ᠎ᠠ ᠶ᠋ᠢ ᠤᠤᠯᠭᠠᠯᠠᠭᠰᠠᠨ ᠶᠠᠪᠤᠳᠠᠯ ᠣᠯᠠᠨᠲᠠ ᠦᠢᠯᠡᠳᠴᠡᠢ》[98] ᠭᠡᠵᠦ ᠪᠤᠷᠤᠭᠤᠰᠢᠶᠠᠪᠠ᠃ ᠲᠡᠭᠡᠭᠡᠳ ᠡᠭᠦᠨ ᠢ᠋ᠶ᠋ᠡᠷ ᠰᠢᠯᠲᠠᠭ ᠪᠣᠯᠭᠠᠵᠤ ᠠᠯᠠᠱᠠᠨ ᠤ᠋ ᠭᠠᠵᠠᠷ ᠠ᠋ᠴᠠ ᠨᠢ ᠰᠠᠯᠭᠠᠵᠤ᠂ ᠴᠠᠬᠠᠷ ᠵᠦᠭ ᠠᠯᠪᠠᠲᠠᠨ ᠨᠡᠭᠦᠯᠭᠡᠬᠦ ᠪᠡᠷ ᠲᠣᠭᠲᠠᠵᠤ᠂ ᠰᠢ ᠠᠨ ᠤ᠋ ᠵᠠᠩᠵᠤᠨ ᠨᠢᠶᠠᠬᠠᠨ ᠢ᠋ᠶ᠋ᠠᠷ ᠳᠥᠷᠪᠡᠨ ᠮᠢᠩᠭᠠᠨ ᠴᠡᠷᠢᠭ ᠳᠠᠢᠴᠢᠯᠠᠭᠤᠯᠤᠨ ᠨᠡᠭᠦᠯᠭᠡᠬᠦ ᠪᠡᠷ ᠣᠷᠣᠯᠳᠣᠭᠰᠠᠨ ᠳ᠋ᠤ᠌᠂ ᠪᠠᠭᠠᠲᠤᠷ ᠡᠷᠬᠡ ᠵᠢᠨᠦᠩ ᠬᠣᠷᠯᠣᠢ ᠬᠠᠷᠢᠶᠠᠲᠤ ᠪᠠᠨ ᠠᠪᠤᠨ ᠬᠣᠯᠠ ᠵᠢᠭᠤᠲᠠᠬᠤ ᠶ᠋ᠢᠨ ᠬᠠᠮᠲᠤ ᠳᠡᠭᠦᠦ ᠪᠣᠵᠢ ᠶ᠋ᠢ ᠬᠥᠬᠡᠨᠠᠭᠤᠷ ᠵᠦᠭ ᠢᠯᠡᠭᠡᠵᠦ᠂ ᠬᠣᠱᠤᠳ ᠲᠠᠢᠵᠢ ᠨᠠᠷ ᠠ᠋ᠴᠠ ᠴᠡᠷᠢᠭ ᠦ᠋ᠨ ᠲᠤᠰᠠᠯᠠᠮᠵᠢ ᠭᠤᠶᠤᠵᠠᠢ[99]᠃ ᠡᠨᠡ ᠮᠡᠳᠡᠭᠡ ᠶ᠋ᠢ ᠳ᠋ᠢᠪᠠ ᠰᠠᠩᠵᠠᠢᠵᠠᠮᠰᠤ ᠰᠣᠨᠣᠰᠤᠭᠠᠳ ᠳᠠᠯᠠᠢ ᠯᠠᠮᠠ ᠪᠠᠷ ᠡᠩᠬᠡ ᠠᠮᠤᠭᠤᠯᠠᠩ ᠬᠠᠭᠠᠨ ᠳ᠋ᠤ᠌ ᠠᠢᠯᠠᠳᠬᠠᠵᠤ᠂ ᠪᠠᠭᠠᠲᠤᠷ ᠡᠷᠬᠡ ᠵᠢᠨᠦᠩ ᠬᠣᠷᠯᠣᠢ ᠶ᠋ᠢ ᠬᠥᠬᠡᠨᠠᠭᠤᠷ ᠤ᠋ᠨ ᠭᠠᠵᠠᠷ ᠲᠣᠬᠢᠷᠠᠭᠤᠯᠰᠤᠭᠠᠢ ᠭᠡᠮᠡᠨ ᠭᠤᠶᠤᠭᠰᠠᠨ ᠪᠣᠯᠪᠠᠴᠤ ᠡᠨᠡᠬᠦ ᠭᠤᠶᠤᠳᠠᠯ ᠢ᠋ ᠡᠰᠡ ᠵᠥᠪᠰᠢᠶᠡᠷᠡᠪᠡ᠃ ᠭᠡᠲᠡᠯ᠎ᠡ ᠠᠯᠠᠱᠠ ᠶ᠋ᠢᠨ ᠡᠯᠡᠰᠦ ᠪᠡᠷ ᠡᠷᠦᠢ ᠬᠤᠷᠤᠢ ᠦᠭᠡᠢ ᠳᠤᠲᠠᠭᠠᠬᠤ ᠬᠣᠷᠯᠣᠢ ᠶ᠋ᠢ ᠶᠠᠭᠠᠬᠢᠬᠤ ᠶ᠋ᠢᠨ ᠠᠷᠭ᠎ᠠ ᠦᠭᠡᠢ ᠲᠤᠯᠠ ᠴᠠᠬᠠᠷ ᠵᠦᠭ ᠨᠡᠭᠦᠯᠭᠡᠬᠦ ᠶ᠋ᠢ ᠪᠣᠯᠢᠵᠠᠢ᠃ 
       ᠳ᠋ᠢ᠍ᠪᠠ ᠰᠠᠩᠵᠠᠢᠵᠠᠮᠰᠤ ᠪᠠᠰᠠ ᠳᠠᠯᠠᠢ ᠯᠠᠮᠠ ᠶ᠋ᠢᠨ ᠨᠡᠷ᠎ᠡ ᠪᠡᠷ ᠵᠡᠭᠦᠨᠭᠠᠷ ᠤ᠋ᠨ ᠴᠠᠸᠠᠩᠷᠠᠪᠲᠠᠨ ᠳ᠋ᠤ᠌ ᠣᠯᠠᠨᠲᠠ ᠡᠯᠴᠢ ᠢᠯᠡᠭᠡᠵᠦ ᠠᠪᠠᠭ᠎ᠠ ᠬᠥᠪᠡᠭᠦᠨ ᠬᠣᠶᠠᠭᠤᠯᠠ ᠶ᠋ᠢ ᠡᠶᠡᠳᠡᠭᠦᠯᠬᠦ ᠪᠡᠷ ᠣᠷᠣᠯᠳᠣᠪᠠ᠃ ᠲᠡᠭᠦᠨ ᠦ᠌ ᠡᠨᠡᠬᠦ ᠴᠢᠷᠮᠠᠢᠯᠭ᠎ᠠ ᠨᠢ ᠡᠴᠦᠰ ᠲᠡᠭᠡᠨ ᠦᠢᠯᠡᠳᠦᠯ ᠭᠠᠷᠴᠤ᠂ ᠥᠪᠡᠷ ᠥᠪᠡᠷᠰᠡᠳ ᠦ᠋ᠨ ᠣᠷᠣᠰᠢᠭᠰᠠᠨ ᠭᠠᠵᠠᠷ ᠢ᠋ᠶ᠋ᠠᠨ ᠰᠠᠬᠢᠵᠤ ᠬᠠᠷᠢᠯᠴᠠᠨ ᠶᠠᠷᠰᠢᠭ ᠲᠠᠲᠠᠬᠤ ᠦᠭᠡᠢ ᠪᠣᠯᠵᠠᠢ᠃  ᠬᠢᠵᠠᠭᠠᠷ ᠢ᠋ ᠰᠠᠬᠢᠭᠰᠠᠨ ᠰᠠᠢᠳ ᠤ᠋ᠳ ᠡᠨᠡᠬᠦ ᠪᠠᠢᠳᠠᠯ ᠢ᠋ ᠲᠠᠩᠨᠠᠨ ᠮᠡᠳᠡᠭᠡᠳ᠄《ᠳᠠᠯᠠᠢ ᠯᠠᠮᠠ ᠶ᠋ᠢᠨ ᠡᠯᠴᠢ ᠲᠠᠰᠤᠷᠠᠯ ᠦᠭᠡᠢ ᠶᠠᠪᠤᠯᠴᠠᠵᠤ ᠠᠪᠠᠭ᠎ᠠ ᠬᠥᠪᠡᠭᠦᠨ ᠬᠣᠶᠠᠷ ᠢ᠋ ᠡᠶᠡᠳᠡᠭᠦᠯᠬᠦ ᠬᠡᠮᠡᠮᠦᠢ᠃  ᠴᠠᠸᠠᠩᠷᠠᠪᠲᠠᠨ ᠳᠤᠷ᠎ᠠ ᠦᠭᠡᠢ ᠪᠣᠯᠪᠠᠴᠤ᠂ ᠳᠣᠲᠣᠷᠠᠬᠢ ᠬᠥᠮᠦᠰ ᠨᠢ ᠡᠶᠡᠳᠡᠬᠦ ᠭᠡᠮᠡᠨ ᠬᠦᠴᠦᠯᠡᠬᠦ ᠲᠤᠯᠠ ᠴᠠᠸᠠᠩᠷᠠᠪᠲᠠᠨ ᠭᠠᠭᠴᠠᠭᠠᠷ ᠶᠠᠮᠠᠷ ᠠᠷᠭ᠎ᠠ ᠪᠠᠢᠬᠤ ᠪᠣᠢ》[100] ᠭᠡᠮᠡᠨ ᠳᠡᠭᠡᠭᠰᠢ ᠠᠢᠯᠠᠳᠬᠠᠪᠠ᠃  ᠠᠪᠠᠭ᠎ᠠ ᠬᠥᠪᠡᠭᠦᠨ ᠬᠣᠶᠠᠭᠤᠯᠠ ᠡᠶᠡᠳᠡᠪᠡᠯ ᠴᠢᠩ ᠤᠯᠤᠰ ᠲᠤ᠌ ᠨᠡᠩ ᠴᠤ᠌ ᠳᠠᠢᠰᠤᠨ ᠪᠣᠯᠬᠤ ᠭᠡᠮᠡᠨ ᠪᠣᠯᠭᠣᠮᠵᠢᠯᠠᠵᠤ᠂ ᠵᠡᠭᠦᠨᠭᠠᠷ ᠵᠦᠭ ᠳᠠᠢᠴᠢᠩ ᠤᠯᠤᠰ ᠤ᠋ᠨ ᠡᠯᠴᠢ ᠪᠠᠰᠠ ᠤᠳᠠᠭ᠎ᠠ ᠳᠠᠷᠠᠭ᠎ᠠ ᠣᠴᠢᠵᠤ ᠪᠠᠢᠵᠠᠢ᠃  ᠡᠭᠦᠨ ᠳ᠋ᠦ᠍ ᠳ᠋ᠢ᠍ᠪᠠ ᠰᠠᠩᠵᠠᠢᠵᠠᠮᠰᠤ ᠠ᠋ᠴᠠ ᠬᠥᠬᠡᠨᠠᠭᠤᠷ ᠤ᠋ᠨ ᠲᠠᠢᠵᠢ ᠨᠠᠷ ᠲᠤ᠌ ᠵᠠᠷᠯᠢᠭ ᠪᠠᠭᠤᠯᠭᠠᠨ᠂ ᠳᠠᠢᠴᠢᠩ ᠤᠯᠤᠰ ᠤ᠋ᠨ ᠡᠯᠴᠢ ᠨᠠᠷ ᠲᠤ᠌ ᠴᠣᠬᠢᠯᠲᠠ ᠥᠭ ᠬᠡᠮᠡᠪᠡ᠃  ᠡᠨᠡᠬᠦ ᠦᠭᠡ ᠪᠡᠷ ᠬᠥᠬᠡᠨᠠᠭᠤᠷ ᠤ᠋ᠨ ᠲᠠᠢᠵᠢ ᠠᠴᠢᠯᠣᠪᠰᠠᠩ ᠵᠡᠷᠭᠡ ᠬᠥᠮᠦᠰ ᠵᠢᠶᠠ ᠢᠦᠢ ᠭᠤᠸᠠᠨ ᠣᠷᠴᠢᠮ ᠡᠯᠴᠢ ᠳᠠᠬᠤ ᠶ᠋ᠢᠨ ᠤᠨᠤᠭ᠎ᠠ ᠬᠦᠯᠦᠭ᠂  ᠡᠳ᠋ ᠪᠠᠷᠠᠭ᠎ᠠ ᠶ᠋ᠢ ᠨᠢ ᠪᠤᠯᠢᠶᠠᠵᠤ᠂ ᠠᠯᠠᠱᠠᠨ ᠤ᠋ ᠯᠤᠪᠰᠠᠩᠷᠢᠨᠴᠢᠨ ᠨᠠᠷ ᠬᠠᠮᠢ ᠣᠷᠴᠢᠮ ᠮᠠᠳᠢ ᠲᠡᠷᠢᠭᠦᠲᠡᠢ ᠡᠯᠴᠢ ᠶ᠋ᠢᠨ ᠬᠥᠮᠦᠰ ᠢ᠋ ᠠᠯᠠᠵᠠᠢ᠃