ᠲᠡᠭᠷᠢ ᠡᠴᠡ ᠵᠠᠶᠠᠭᠠᠭᠰᠠᠨ ᠨᠤᠲᠤᠭ-ᠰᠡᠴᠡᠩᠭᠤᠸ᠎ᠠ Тэграас заяасан нутаг-Сацангоо ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠡᠭᠷᠢ ᠡᠴᠡ ᠵᠠᠶᠠᠭᠠᠭᠰᠠᠨ ᠨᠤᠲᠤᠭ-ᠰᠡᠴᠡᠩᠭᠤᠸ᠎ᠠ Тэграас заяасан нутаг-Сацангоо

ᠲᠡᠭᠷᠢ ᠡᠴᠡ ᠵᠠᠶᠠᠭᠠᠭᠰᠠᠨ ᠨᠤᠲᠤᠭ-ᠰᠡᠴᠡᠩᠭᠤᠸ᠎ᠠ Тэграас заяасан нутаг-Сацангоо

ᠠᠩᠭᠢᠯᠠᠯ:ᠳᠠᠭᠤᠤ ᠬᠥᠭᠵᠢᠮ
2026-07-29

2

ᠲᠡᠭᠷᠢ ᠡᠴᠡ ᠵᠠᠶᠠᠭᠠᠭᠰᠠᠨ ᠨᠤᠲᠤᠭ


                ᠦᠭᠡ: ᠶᠣᠨᠳᠣᠨ ᠤ ᠰᠡᠴᠡᠨᠪᠠᠲᠤ
                ᠠᠶ᠎ᠠ:  ᠶᠣᠨᠳᠣᠨ ᠤ ᠰᠡᠴᠡᠨᠪᠠᠲᠤ
                ᠬᠥᠭᠵᠢᠮ᠄ ᠬᠠᠰᠪᠠᠶᠠᠷ 
                ᠳᠠᠭᠤᠴᠢᠨ᠄  ᠰᠡᠴᠡᠩᠭᠤᠸ᠎ᠠ  

ᠬᠣᠪᠳᠣᠯ ᠵᠢᠷᠦᠬᠡᠨ ᠡᠴᠡ ᠤᠶᠠᠭ᠎ᠠ ᠲᠠᠢ
ᠬᠣᠯᠪᠣᠭ᠎ᠠ ᠲᠠᠢ ᠰᠠᠢᠬᠠᠨ ᠬᠣᠶᠠᠷ ᠪᠣᠭᠳᠠ ᠮᠢᠨᠢ
ᠬᠣᠷᠮᠣᠢ ᠳ᠋ᠠᠬᠢ ᠷᠠᠰᠢᠶᠠᠨ ᠪᠤᠯᠠᠭ ᠢ᠋ᠶ᠋ᠠᠷ ᠢ᠋ᠶ᠋ᠠᠨ
ᠬᠠᠨ ᠰᠢᠭ᠋ ᠰᠠᠢᠬᠠᠨ ᠭᠠᠭᠴᠠᠮᠤᠲᠤ ᠪᠠᠨ ᠤᠮᠳᠠᠯᠠᠭᠰᠠᠨ
ᠴᠡᠩᠬᠡᠷᠲᠦᠨ ᠬᠠᠷᠠᠭᠳᠠᠬᠤ ᠤᠰᠤᠨ ᠳ᠋ᠤ᠌ ᠨᠢ
ᠴᠢᠩ ᠴᠠᠭᠠᠨ ᠭᠠᠯᠠᠭᠤᠳ ᠭᠠᠩᠭᠠᠨᠠᠭᠠᠳ
ᠴᠡᠯ ᠨᠣᠭᠣᠭᠠᠨ ᠵᠦᠯᠭᠡᠨ ᠳᠡᠭᠡᠷ᠎ᠡ ᠨᠢ
ᠴᠢᠨᠳᠠᠮᠠᠨᠢ ᠴᠠᠭᠠᠨ ᠬᠣᠨᠢᠳ ᠪᠡᠯᠴᠢᠭᠰᠡᠨ
ᠲᠡᠭᠷᠢ ᠡᠴᠡ ᠵᠠᠶᠠᠭᠠᠭᠰᠠᠨ ᠨᠤᠲᠤᠭ
ᠬᠣᠶᠠᠷ ᠪᠣᠭᠳᠠ ᠮᠢᠨᠦ ᠰᠢᠲᠦᠭᠡᠨ
ᠲᠡᠷᠲᠡᠭᠡ ᠬᠢᠯᠢ ᠪᠡᠨ ᠮᠠᠨᠠᠨ ᠰᠦᠨᠳᠡᠷᠯᠡᠭᠰᠡᠨ
ᠬᠣᠶᠠᠷ ᠪᠣᠭᠳᠠ ᠮᠢᠨᠦ ᠰᠠᠬᠢᠭᠤᠰᠤ

ᠠᠭᠤᠰᠬᠢ ᠵᠢᠷᠦᠬᠡᠨ ᠡᠴᠡ ᠬᠣᠯᠪᠣᠭ᠎ᠠ ᠲᠠᠢ
ᠤᠨᠢᠶᠠᠷᠲᠤᠨ ᠬᠠᠷᠠᠭᠳᠠᠬᠤ ᠬᠣᠶᠠᠷ ᠪᠣᠭᠳᠠ ᠮᠢᠨᠢ
ᠣᠷᠣᠨ ᠪᠦᠰᠡ ᠶ᠋ᠢᠨ ᠲᠣᠷᠭᠠᠨ ᠬᠠᠷᠭᠤᠢ ᠪᠠᠷ
ᠤᠬᠠᠭᠠᠨᠲᠤ ᠦᠷᠡᠰ ᠢ᠋ᠶ᠋ᠡᠨ ᠳᠠᠯᠠᠯᠤᠨ ᠬᠤᠷᠤᠢᠯᠠᠨ᠎ᠠ
ᠲᠡᠭᠷᠢ ᠡᠴᠡ ᠵᠠᠶᠠᠭᠠᠭᠰᠠᠨ ᠨᠤᠲᠤᠭ
ᠬᠣᠶᠠᠷ ᠪᠣᠭᠳᠠ ᠮᠢᠨᠦ ᠰᠢᠲᠦᠭᠡᠨ
ᠲᠡᠷᠲᠡᠭᠡ ᠬᠢᠯᠢ ᠪᠡᠨ ᠮᠠᠨᠠᠨ ᠰᠦᠨᠳᠡᠷᠯᠡᠭᠰᠡᠨ
ᠬᠣᠶᠠᠷ ᠪᠣᠭᠳᠠ ᠮᠢᠨᠦ ᠰᠠᠬᠢᠭᠤᠰᠤ
ᠲᠡᠭᠷᠢ ᠡᠴᠡ ᠵᠠᠶᠠᠭᠠᠭᠰᠠᠨ ᠨᠤᠲᠤᠭ
ᠬᠣᠶᠠᠷ ᠪᠣᠭᠳᠠ ᠮᠢᠨᠦ ᠰᠢᠲᠦᠭᠡᠨ
ᠲᠡᠷᠲᠡᠭᠡ ᠬᠢᠯᠢ ᠪᠡᠨ ᠮᠠᠨᠠᠨ ᠰᠦᠨᠳᠡᠷᠯᠡᠭᠰᠡᠨ
ᠬᠣᠶᠠᠷ ᠪᠣᠭᠳᠠ ᠮᠢᠨᠦ ᠰᠠᠬᠢᠭᠤᠰᠤ
ᠬᠣᠶᠠᠷ ᠪᠣᠭᠳᠠ ᠮᠢᠨᠦ ᠰᠠᠬᠢᠭᠤᠰᠤ

      ᠢᠷᠡᠯᠲᠡ᠄ ᠤᠷᠠᠳ  ᠤ᠋ᠨ ᠤᠳᠬ᠎ᠠ ᠵᠣᠬᠢᠶᠠᠯ ᠤ᠋ᠨ ᠲᠠᠪᠴᠠᠩ
      ᠦᠰᠦᠭ ᠠᠮᠢᠯᠠᠭᠤᠯᠵᠤ ᠬᠠᠲᠠᠭᠰᠠᠨ ᠨᠢ ᠄ ᠭᠠᠸᠠ
      ᠦᠰᠦᠭ ᠬᠢᠨᠠᠭᠴᠢ ᠄ ᠢᠷᠡᠭᠡᠳᠦᠢ