ᠨᠠᠮᠬᠠᠨ ᠪᠤᠭᠤᠷᠤᠯ ᠡᠵᠢ -ᠶ᠂ ᠣᠶᠤᠨᠳᠠᠯᠠᠢ Намхан буурал ээж-Ю,Оюундалай
ᠨᠠᠮᠬᠠᠨ ᠪᠤᠭᠤᠷᠤᠯ ᠡᠵᠢ
ᠦᠭᠡ᠄ ᠵ᠂ ᠲᠦᠮᠡᠨᠵᠢᠷᠭᠠᠯ
ᠠᠶ᠎ᠠ᠄ ᠪᠠᠯᠵᠢᠨᠢᠮ᠎ᠠ
ᠳᠠᠭᠤᠴᠢᠨ᠄ ᠶ᠂ ᠣᠶᠤᠨᠳᠠᠯᠠᠢ
ᠨᠠᠪᠲᠠᠭᠠᠷ ᠪᠣᠷᠣᠬᠠᠨ ᠭᠡᠷ ᠲᠸ᠋ ᠪᠡᠨ ᠢᠨᠢᠶᠡᠳᠦ ᠳᠦᠭᠦᠷᠭᠡᠭᠡᠳ
ᠨᠡᠢᠯᠡᠵᠦ ᠰᠠᠭᠤᠬᠤ ᠨᠢ ᠰᠠᠢᠬᠠᠨ ᠶᠤᠮ ᠠ᠋ ᠬᠦ᠋
ᠨᠠᠷᠭᠢᠵᠤ ᠵᠢᠷᠭᠠᠬᠤ ᠴᠠᠭ ᠲᠸ᠋ ᠪᠠᠨ ᠰᠦᠰᠦᠭᠯᠡᠬᠦ ᠰᠠᠬᠢᠭᠤᠰᠤ ᠮᠢᠨᠢ
ᠨᠠᠮᠬᠠᠨ ᠪᠤᠭᠤᠷᠤᠯ ᠡᠵᠢ ᠮᠢᠨᠢ ᠠ᠋ ᠬᠦ᠋
ᠨᠠᠷᠭᠢᠵᠤ ᠵᠢᠷᠭᠠᠬᠤ ᠴᠠᠭ ᠲᠸ᠋ ᠪᠠᠨ ᠰᠦᠰᠦᠭᠯᠡᠬᠦ ᠰᠠᠬᠢᠭᠤᠰᠤ ᠮᠢᠨᠢ
ᠨᠠᠮᠬᠠᠨ ᠪᠤᠭᠤᠷᠤᠯ ᠡᠵᠢ ᠮᠢᠨᠢ ᠠ᠋ ᠬᠦ᠋
ᠦᠢᠯᠡ ᠪᠣᠷᠣᠬᠠᠨ ᠵᠢᠷᠦᠬᠡᠨ ᠳ᠋ᠤ᠌ ᠪᠡᠨ ᠭᠤᠨᠢᠭ ᠳᠦᠭᠦᠷᠭᠡᠭᠡᠳ
ᠦᠰᠦ ᠴᠠᠢᠯᠭᠠᠬᠤ ᠨᠢ ᠬᠡᠴᠡᠭᠦᠬᠡᠨ ᠶᠤᠮ ᠠ᠋ ᠬᠦ᠋
ᠡᠨᠡᠯᠵᠦ ᠰᠢᠨᠠᠯᠬᠤ ᠴᠠᠭ ᠲᠸ᠋ ᠪᠠᠨ ᠳᠠᠭᠤᠳᠠᠬᠤ ᠠᠪᠤᠷᠠᠯ ᠮᠢᠨᠢ
ᠡᠮᠡᠭᠡᠨ ᠪᠤᠭᠤᠷᠤᠯ ᠡᠵᠢ ᠮᠢᠨᠢ ᠠ᠋ ᠬᠦ᠋
ᠡᠨᠡᠯᠵᠦ ᠰᠢᠨᠠᠯᠬᠤ ᠴᠠᠭ ᠲᠸ᠋ ᠪᠠᠨ ᠳᠠᠭᠤᠳᠠᠬᠤ ᠠᠪᠤᠷᠠᠯ ᠮᠢᠨᠢ
ᠡᠮᠡᠭᠡᠨ ᠪᠤᠭᠤᠷᠤᠯ ᠡᠵᠢ ᠮᠢᠨᠢ ᠠ᠋ ᠬᠦ᠋
ᠲᠡᠭᠡᠭ ᠳᠣᠭᠣᠩ ᠲᠠᠢ ᠠᠮᠢᠳᠤᠷᠠᠯ ᠤ᠋ᠨ ᠵᠢᠷᠭᠠᠯ ᠵᠣᠪᠠᠯᠠᠩ ᠢ᠋
ᠲᠡᠩᠴᠡᠭᠦᠯᠵᠦ ᠶᠠᠪᠤᠬᠤ ᠨᠢ ᠠᠮᠠᠷ ᠦᠭᠡᠢ ᠯᠡ ᠶᠤᠮ ᠠ᠋ ᠬᠦ᠋
ᠠᠮᠢᠳᠤ ᠯᠠ ᠶᠠᠪᠤᠭ᠎ᠠ ᠨᠠᠰᠤᠨ ᠳ᠋ᠤ᠌ ᠪᠠᠨ ᠵᠠᠯᠪᠠᠷᠢᠬᠤ ᠲᠩᠷᠢ ᠮᠢᠨᠢ
ᠠᠮᠤᠭᠤᠯᠠᠩ ᠪᠤᠭᠤᠷᠤᠯ ᠡᠵᠢ ᠮᠢᠨᠢ ᠠ᠋ ᠬᠦ᠋
ᠠᠮᠢᠳᠤ ᠯᠠ ᠶᠠᠪᠤᠭ᠎ᠠ ᠨᠠᠰᠤᠨ ᠳ᠋ᠤ᠌ ᠪᠠᠨ ᠵᠠᠯᠪᠠᠷᠢᠬᠤ ᠲᠩᠷᠢ ᠮᠢᠨᠢ
ᠠᠮᠤᠭᠤᠯᠠᠩ ᠪᠤᠭᠤᠷᠤᠯ ᠡᠵᠢ ᠮᠢᠨᠢ ᠠ᠋ ᠬᠦ᠋
ᠠᠮᠤᠭᠤᠯᠠᠩ ᠪᠤᠭᠤᠷᠤᠯ ᠡᠵᠢ ᠮᠢᠨᠢ ᠠ᠋ ᠬᠦ᠋
ᠦᠰᠦᠭ ᠬᠠᠳᠠᠭᠴᠢ᠄ ᠠᠯᠲᠠᠨᠴᠢᠮᠡᠭ
ᠦᠰᠦᠭ ᠠᠮᠢᠯᠠᠭᠤᠯᠤᠭᠴᠢ᠄ ᠠᠯᠲᠠᠨᠴᠢᠮᠡᠭ
ᠬᠢᠨᠠᠭᠴᠢ᠄ ᠭᠦᠩᠭᠠᠷ
