ᠮᠣᠩᠭᠣᠯ ᠢ᠋ᠶ᠋ᠠᠨ ᠳᠠᠭᠤᠯᠠᠨ᠎ᠠ-ᠯ ∙ ᠪᠣᠯᠣᠳᠪᠠᠭᠠᠲᠤᠷ Losol Boldbaatar - Mongoloo duulna _ Л.Болдбаатар - Монголоо дуулна ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠢ᠋ᠶ᠋ᠠᠨ ᠳᠠᠭᠤᠯᠠᠨ᠎ᠠ-ᠯ ∙ ᠪᠣᠯᠣᠳᠪᠠᠭᠠᠲᠤᠷ Losol Boldbaatar - Mongoloo duulna _ Л.Болдбаатар - Монголоо дуулна

ᠮᠣᠩᠭᠣᠯ ᠢ᠋ᠶ᠋ᠠᠨ ᠳᠠᠭᠤᠯᠠᠨ᠎ᠠ-ᠯ ∙ ᠪᠣᠯᠣᠳᠪᠠᠭᠠᠲᠤᠷ Losol Boldbaatar - Mongoloo duulna _ Л.Болдбаатар - Монголоо дуулна

ᠠᠩᠭᠢᠯᠠᠯ:ᠳᠠᠭᠤᠤ ᠬᠥᠭᠵᠢᠮ
2026-07-19

93

ᠮᠣᠩᠭᠣᠯ ᠢ᠋ᠶ᠋ᠠᠨ ᠳᠠᠭᠤᠯᠠᠨ᠎ᠠ


 ᠦᠭᠡ᠄ ᠯ· ᠲᠡᠮᠦᠷᠪᠠᠲᠤ 
 ᠠᠶ᠎ᠠ᠄ ᠪ· ᠫᠦᠷᠪᠦᠰᠥ᠋ᠷᠥᠩ 
 ᠳᠠᠭᠤᠴᠢᠨ᠄ ᠯ· ᠪᠣᠯᠣᠳᠪᠠᠭᠠᠲᠤᠷ 

ᠥᠷᠯᠥᠭᠡ ᠮᠠᠨᠳᠤᠬᠤ ᠨᠠᠷᠠᠨ ᠤ᠋ 
ᠰᠠᠴᠤᠷᠠᠭ ᠤ᠋ᠨ ᠲᠣᠭ᠎ᠠ ᠪᠠᠷ ᠮᠣᠩᠭᠣᠯ ᠢ᠋ᠶ᠋ᠠᠨ ᠳᠠᠭᠤᠯᠠᠨ᠎ᠠ 
ᠥᠯᠮᠡᠢ ᠳᠣᠣᠷ᠎ᠠ ᠵᠣᠭᠰᠣᠭᠰᠠᠨ ᠭᠠᠵᠠᠷ ᠤ᠋ᠨ ᠢ᠋ᠶ᠋ᠠᠨ 
ᠦᠨᠳᠦᠰᠦ ᠲᠣᠭᠠᠯᠠᠨ ᠮᠣᠩᠭᠣᠯ ᠢ᠋ᠶ᠋ᠠᠨ ᠳᠠᠭᠤᠯᠠᠨ᠎ᠠ 
ᠠᠢᠷᠠᠭ ᠰᠡᠩᠭᠢᠨᠡᠭᠰᠡᠨ ᠦᠨᠦᠷ ᠨᠢ 
ᠰᠠᠮᠰᠠ ᠴᠣᠷᠭᠢᠲᠠᠯ᠎ᠠ ᠮᠣᠩᠭᠣᠯ ᠢ᠋ᠶ᠋ᠠᠨ ᠳᠠᠭᠤᠯᠠᠨ᠎ᠠ 
ᠠᠷᠭᠤᠮᠠᠭ ᠤ᠋ᠨ ᠵᠣ ᠳ᠋ᠤ᠌ ᠳᠡᠷᠪᠡᠵᠦ 
ᠣᠩᠭᠣᠳ ᠤ᠋ᠨ ᠬᠡᠢᠮᠣᠷᠢ ᠲᠠᠢ ᠮᠣᠩᠭᠣᠯ ᠢ᠋ᠶ᠋ᠠᠨ ᠳᠠᠭᠤᠯᠠᠨ᠎ᠠ 
ᠠᠢ ᠳᠠ ᠠ ᠠ 
ᠳᠠᠭᠤᠨ ᠳ᠋ᠤ᠌ ᠳᠤᠷᠠᠲᠠᠢ ᠲᠦᠮᠡᠨ ᠢ᠋ ᠪᠡᠨ 
ᠵᠢᠷᠭᠠᠲᠠᠯ᠎ᠠ ᠪᠢ ᠮᠣᠩᠭᠣᠯ ᠢ᠋ᠶ᠋ᠠᠨ ᠳᠠᠭᠤᠯᠠᠨ᠎ᠠ 

ᠨᠠᠰᠤᠲᠠᠢ ᠠᠪᠤ ᠡᠵᠢ ᠶ᠋ᠢ ᠪᠡᠨ
ᠳᠠᠭᠤᠨ ᠳ᠋ᠤ᠌ ᠤᠶᠠᠷᠠᠲᠠᠯ᠎ᠠ ᠮᠣᠩᠭᠣᠯ ᠢ᠋ᠶ᠋ᠠᠨ ᠳᠠᠭᠤᠯᠠᠨ᠎ᠠ
ᠨᠠᠰᠤᠨ ᠤ᠋ ᠭᠠᠭᠴᠠᠬᠠᠨ ᠬᠠᠨᠢ ᠪᠠᠨ
ᠬᠠᠢᠷᠠᠯᠠᠨ ᠬᠠᠢᠷᠠᠯᠠᠨ ᠮᠣᠩᠭᠣᠯ ᠢ᠋ᠶ᠋ᠠᠨ ᠳᠠᠭᠤᠯᠠᠨ᠎ᠠ
ᠡᠩᠬᠦᠷᠡᠢ ᠵᠢᠭᠠᠬᠠᠨ ᠦᠷᠡᠰ ᠢ᠋ᠶ᠋ᠡᠨ
ᠳᠡᠭᠡᠢᠨ ᠳᠡᠷᠪᠡᠲᠡᠯ᠎ᠡ ᠮᠣᠩᠭᠣᠯ ᠢ᠋ᠶ᠋ᠠᠨ ᠳᠠᠭᠤᠯᠠᠨ᠎ᠠ
ᠡᠬᠡ ᠰᠠᠢᠬᠠᠨ ᠣᠷᠣᠨ ᠢ᠋ᠶ᠋ᠠᠨ
ᠮᠠᠨᠳᠤᠨ ᠪᠠᠳᠠᠷᠠᠲᠠᠯ᠎ᠠ ᠮᠣᠩᠭᠣᠯ ᠢ᠋ᠶ᠋ᠠᠨ ᠳᠠᠭᠤᠯᠠᠨ᠎ᠠ
ᠠᠢ ᠳᠠ ᠠ ᠠ
ᠳᠠᠭᠤᠨ ᠳ᠋ᠤ᠌ ᠳᠤᠷᠠᠲᠠᠢ ᠲᠦᠮᠡᠨ ᠢ᠋ ᠪᠡᠨ
ᠵᠢᠷᠭᠠᠲᠠᠯ᠎ᠠ ᠪᠢ ᠮᠣᠩᠭᠣᠯ ᠢ᠋ᠶ᠋ᠠᠨ ᠳᠠᠭᠤᠯᠠᠨ᠎ᠠ

ᠮᠥᠩᠬᠡ ᠬᠥᠬᠡ ᠲᠩᠷᠢ ᠶ᠋ᠢᠨ
ᠨᠠᠷᠠᠨ ᠳ᠋ᠤ᠌ ᠬᠦᠷᠲᠡᠯ᠎ᠡ ᠮᠣᠩᠭᠣᠯ ᠢ᠋ᠶ᠋ᠠᠨ ᠳᠠᠭᠤᠯᠠᠨ᠎ᠠ
ᠮᠥᠩᠭᠥᠨ ᠰᠠ ᠲᠠᠢ ᠰᠥᠨᠢ ᠶ᠋ᠢᠨ
ᠣᠳᠣᠳ ᠤ᠋ᠨ ᠲᠣᠭ᠎ᠠ ᠪᠠᠷ ᠮᠣᠩᠭᠣᠯ ᠢ᠋ᠶ᠋ᠠᠨ ᠳᠠᠭᠤᠯᠠᠨ᠎ᠠ
ᠰᠠᠷᠢᠳᠠᠭ ᠥᠨᠳᠥᠷ ᠠᠭᠤᠯᠠᠰ ᠤ᠋ᠨ
ᠣᠷᠭᠢᠯ ᠳ᠋ᠤ᠌ ᠬᠦᠷᠲᠡᠯ᠎ᠡ ᠮᠣᠩᠭᠣᠯ ᠢ᠋ᠶ᠋ᠠᠨ ᠳᠠᠭᠤᠯᠠᠨ᠎ᠠ
ᠰᠠᠷᠠᠭᠤᠯ ᠠᠭᠤᠳᠠᠮ ᠲᠠᠯ᠎ᠠ ᠶ᠋ᠢᠨ ᠢ᠋ᠶ᠋ᠡᠨ
ᠴᠡᠴᠡᠭᠡᠰ ᠦ᠋ᠨ ᠲᠣᠭ᠎ᠠ ᠪᠠᠷ ᠮᠣᠩᠭᠣᠯ ᠢ᠋ᠶ᠋ᠠᠨ ᠳᠠᠭᠤᠯᠠᠨ᠎ᠠ
ᠠᠢ ᠳᠠ ᠠ ᠠ
ᠳᠠᠭᠤᠨ ᠳ᠋ᠤ᠌ ᠳᠤᠷᠠᠲᠠᠢ ᠲᠦᠮᠡᠨ ᠢ᠋ ᠪᠡᠨ
ᠵᠢᠷᠭᠠᠲᠠᠯ᠎ᠠ ᠪᠢ ᠮᠣᠩᠭᠣᠯ ᠢ᠋ᠶ᠋ᠠᠨ ᠳᠠᠭᠤᠯᠠᠨ᠎ᠠ
ᠠᠢ ᠳᠠ ᠠ ᠠ
ᠳᠠᠭᠤᠨ ᠳ᠋ᠤ᠌ ᠳᠤᠷᠠᠲᠠᠢ ᠲᠦᠮᠡᠨ ᠢ᠋ ᠪᠡᠨ
ᠵᠢᠷᠭᠠᠲᠠᠯ᠎ᠠ ᠪᠢ ᠮᠣᠩᠭᠣᠯ ᠢ᠋ᠶ᠋ᠠᠨ ᠳᠠᠭᠤᠯᠠᠨ᠎ᠠ
ᠵᠢᠷᠭᠠᠲᠠᠯ᠎ᠠ ᠪᠢ ᠮᠣᠩᠭᠣᠯ ᠢ᠋ᠶ᠋ᠠᠨ ᠳᠠᠭᠤᠯᠠᠨ᠎ᠠ

ᠦᠰᠦᠭ ᠬᠠᠳᠠᠭᠴᠢ᠄ ᠬᠠᠨ ᠱᠢ ᠵᠢᠶᠦ᠋ᠨ
ᠦᠰᠦᠭ ᠠᠮᠢᠯᠠᠭᠤᠯᠤᠭᠴᠢ᠄ ᠬᠠᠨ ᠱᠢ ᠵᠢᠶᠦ᠋ᠨ
ᠬᠢᠨᠠᠭᠴᠢ᠄ ᠣᠳᠬᠠᠨᠰᠣ᠎ᠠ