ᠭᠣᠶᠣᠯᠠᠯ- ᠰᠢᠯᠢᠨᠪᠣᠯᠣᠷ᠂ᠬᠠᠯᠢᠨГоёлол-Шилэнбулар,Халин
ᠭᠣᠶᠣᠯᠠᠯ
ᠦᠭᠡ᠄ ᠡᠩᠬᠡᠲᠠᠢᠪᠤᠩ
ᠠᠶ᠎ᠠ᠄ ᠰᠢᠯᠢᠨᠪᠣᠯᠣᠷ
ᠳᠠᠭᠤᠴᠢᠨ᠄ ᠰᠢᠯᠢᠨᠪᠣᠯᠣᠷ᠂ ᠬᠠᠯᠢᠨ
ᠬᠥᠬᠡ ᠯᠡ ᠲᠩᠷᠢ ᠶ᠋ᠢᠨ ᠥᠩᠭᠡ ᠲᠡᠢ ᠲᠣᠷᠭ᠎ᠠ ᠪᠠᠷ ᠡᠰᠬᠡᠪᠡ
ᠬᠦᠦ ᠪᠡᠨ ᠲᠡᠪᠡᠷᠢᠬᠦ ᠶ᠋ᠢ ᠨᠢ ᠪᠣᠳᠣᠵᠤ ᠳᠠᠪᠬᠤᠷ ᠶ᠋ᠢᠠᠷ ᠨᠢ ᠡᠮᠵᠢᠪᠡ
ᠤᠬᠠᠭᠠᠨ ᠰᠠᠷᠠᠭᠤᠯ ᠊ᠢ ᠨᠢ ᠪᠡᠯᠭᠡᠳᠡᠵᠦ ᠤᠷᠳᠤ ᠪᠠᠷ ᠰᠦᠪᠡᠯᠡᠪᠡ
ᠤᠶᠠᠬᠠᠨ ᠰᠠᠢᠬᠠᠨ ᠵᠠᠩ ᠊ᠢ ᠨᠢ ᠪᠣᠳᠣᠵᠤ ᠥᠯᠵᠡᠢ ᠬᠡ ᠱᠠᠭᠯᠠᠪᠠ
ᠡᠮᠨᠢᠭ ᠬᠦᠯᠦᠭ ᠦ᠋ᠨ ᠵᠣ᠋ ᠶ᠋ᠢ ᠪᠣᠳᠣᠵᠤ ᠢᠯᠭᠢ ᠪᠡᠷ ᠳᠣᠲᠣᠷᠯᠠᠪᠠ
ᠡᠷᠡᠬᠡᠢ ᠮᠡᠷᠭᠡᠨ ᠪᠠᠢᠭ ᠭᠡᠵᠦ ᠠᠭᠠᠵᠢᠭᠤᠬᠠᠨ ᠲᠠᠯᠪᠢᠪᠠ
ᠪᠠᠭᠠᠲᠤᠷ ᠵᠣᠷᠢᠭ ᠊ᠢ ᠨᠢ ᠪᠡᠯᠭᠡᠳᠡᠵᠦ ᠪᠠᠷᠰ ᠊ᠢ ᠰᠢᠭᠢᠳᠬᠡᠪᠡ
ᠪᠠᠬᠠᠷᠬᠠᠬᠤ ᠲᠡᠦᠬᠡ ᠪᠡᠨ ᠥᠪᠯᠡᠭᠦᠯᠦᠨ ᠪᠠᠢᠵᠤ ᠳᠡᠪᠡᠯ ᠊ᠢ ᠨᠢ ᠤᠷᠠᠯᠠᠪᠠ
ᠠᠢ ᠬᠦ᠋ ᠰᠠᠢᠬᠠᠨ ᠮᠣᠩᠭᠣᠯ ᠭᠣᠶᠣᠯᠠᠯ ᠮᠢᠨᠢ
ᠠᠰᠢᠳᠠ ᠶ᠋ᠢᠨ ᠪᠡᠯᠭᠡ ᠲᠡᠢ ᠳᠡᠭᠡᠳᠦᠰ ᠦ᠋ᠨ ᠰᠣᠶᠣᠯ ᠮᠢᠨᠢ
ᠵᠠᠭᠤᠨ ᠵᠠᠭᠤᠨ ᠵᠢᠯ ᠵᠢᠯ ᠳ᠋ᠡᠭᠡᠨ ᠥᠪᠯᠡᠭᠦᠯᠦᠨ ᠦᠯᠡᠳᠡᠭᠡᠵᠦ
ᠵᠢᠷᠤᠭ ᠤᠨ ᠡᠨᠡ ᠶᠢᠷᠲᠢᠨᠴᠦ ᠶ᠋ᠢ ᠴᠢᠮᠡᠬᠦ ᠪᠣᠯᠲᠤᠭᠠᠢ
ᠵᠢᠷᠤᠭ ᠤᠨ ᠡᠨᠡ ᠶᠢᠷᠲᠢᠨᠴᠦ ᠶ᠋ᠢ ᠴᠢᠮᠡᠬᠦ ᠪᠣᠯᠲᠤᠭᠠᠢ
ᠮᠣᠩᠭᠣᠯ ᠶ᠋ᠢᠠᠷ ᠶ᠋ᠢᠠᠨ ᠭᠤᠶᠤᠭᠠᠳ ᠭᠠᠷᠬᠤ ᠳ᠋ᠤ᠌
ᠲᠩᠷᠢ ᠶ᠋ᠢᠨ ᠲᠦᠮᠡᠨ ᠣᠳᠣᠳ ᠳᠡᠪᠡᠯ ᠊ᠢ ᠮᠢᠨᠢ ᠬᠡᠯᠡᠨ᠎ᠡ
ᠮᠣᠩᠭᠣᠯ ᠶ᠋ᠢᠠᠷ ᠶ᠋ᠢᠠᠨ ᠴᠢᠮᠡᠭᠡᠳ ᠭᠠᠷᠬᠤ ᠳ᠋ᠤ᠌
ᠳᠡᠯᠡᠬᠡᠢ ᠶ᠋ᠢᠨ ᠬᠠᠷᠠᠴᠠ ᠨᠢ ᠨᠠᠳᠠ ᠳᠡᠭᠡᠷ᠎ᠡ ᠡᠷᠭᠢᠴᠡᠨ᠎ᠡ
ᠰᠠᠭᠠᠯᠢᠴᠢᠨ ᠪᠦᠰᠡᠭᠦᠢ ᠶ᠋ᠢᠨ ᠡᠩᠭᠡᠷ ᠨᠢ ᠰᠦ᠋ ᠶ᠋ᠢᠨ ᠦᠨᠦᠷ ᠲᠡᠢ
ᠰᠠᠢᠬᠠᠨ ᠪᠤᠭᠤᠷᠤᠯ ᠤᠨ ᠳᠡᠪᠡᠯ ᠨᠢ ᠪᠤᠶᠠᠨ ᠤ ᠨᠦᠮᠵᠦᠭ ᠲᠡᠢ
ᠮᠣᠷᠢᠲᠠᠨ ᠵᠠᠯᠠᠭᠤᠰ ᠤᠨ ᠬᠣᠷᠮᠣᠢ ᠳ᠋ᠤ᠌ ᠲᠩᠷᠢ ᠶ᠋ᠢᠨ ᠰᠠᠯᠬᠢ ᠲᠠᠢ
ᠮᠢᠨᠦ ᠮᠣᠩᠭᠣᠯ ᠭᠣᠶᠣᠯᠠᠯ ᠮᠢᠨᠢ ᠠᠰᠢᠳᠠ ᠶ᠋ᠢᠨ ᠤᠪᠠᠳᠢᠰ ᠲᠠᠢ
ᠡᠳ᠋ ᠨᠢ ᠬᠡᠪᠡᠷᠡᠭ ᠴᠦ᠍ ᠡᠵᠡᠨ ᠨᠢ ᠮᠥᠩᠬᠡᠷᠡᠬᠦ ᠪᠣᠯᠲᠤᠭᠠᠢ
ᠡᠷᠭᠢᠬᠦ ᠳᠡᠯᠡᠬᠡᠢ ᠶ᠋ᠢᠨ ᠬᠠᠮᠢᠭ᠎ᠠ ᠨᠢ ᠴᠦ᠍ ᠭᠡᠰᠡᠨ ᠳᠠᠭᠤᠷᠢᠰᠬᠤ ᠪᠣᠯᠲᠤᠭᠠᠢ
ᠡᠴᠢᠭᠡ ᠳᠡᠭᠡᠳᠦᠰ ᠦ᠋ᠨ ᠰᠦᠷ ᠰᠦᠯᠳᠡ ᠣᠷᠣᠰᠢᠬᠤ ᠪᠣᠯᠲᠤᠭᠠᠢ
ᠡᠨᠡ ᠯᠡ ᠮᠣᠩᠭᠣᠯ ᠭᠣᠶᠣᠯᠠᠯ ᠮᠢᠨᠢ ᠤᠯᠠᠮᠵᠢᠯᠠᠬᠤ ᠪᠣᠯᠲᠤᠭᠠᠢ
ᠠᠢ ᠬᠦ᠋ ᠰᠠᠢᠬᠠᠨ ᠮᠣᠩᠭᠣᠯ ᠭᠣᠶᠣᠯᠠᠯ ᠮᠢᠨᠢ
ᠠᠰᠢᠳᠠ ᠶ᠋ᠢᠨ ᠪᠡᠯᠭᠡ ᠲᠡᠢ ᠳᠡᠭᠡᠳᠦᠰ ᠦ᠋ᠨ ᠰᠣᠶᠣᠯ ᠮᠢᠨᠢ
ᠵᠠᠭᠤᠨ ᠵᠠᠭᠤᠨ ᠵᠢᠯ ᠵᠢᠯ ᠳ᠋ᠡᠭᠡᠨ ᠥᠪᠯᠡᠭᠦᠯᠦᠨ ᠦᠯᠡᠳᠡᠭᠡᠵᠦ
ᠵᠢᠷᠤᠭ ᠤᠨ ᠡᠨᠡ ᠶᠢᠷᠲᠢᠨᠴᠦ ᠶ᠋ᠢ ᠴᠢᠮᠡᠬᠦ ᠪᠣᠯᠲᠤᠭᠠᠢ
ᠠᠢ ᠬᠦ᠋ ᠰᠠᠢᠬᠠᠨ ᠮᠣᠩᠭᠣᠯ ᠭᠣᠶᠣᠯᠠᠯ ᠮᠢᠨᠢ
ᠠᠰᠢᠳᠠ ᠶ᠋ᠢᠨ ᠪᠡᠯᠭᠡ ᠲᠡᠢ ᠳᠡᠭᠡᠳᠦᠰ ᠦ᠋ᠨ ᠰᠣᠶᠣᠯ ᠮᠢᠨᠢ
ᠵᠠᠭᠤᠨ ᠵᠠᠭᠤᠨ ᠵᠢᠯ ᠵᠢᠯ ᠳ᠋ᠡᠭᠡᠨ ᠥᠪᠯᠡᠭᠦᠯᠦᠨ ᠦᠯᠡᠳᠡᠭᠡᠵᠦ
ᠵᠢᠷᠤᠭ ᠤᠨ ᠡᠨᠡ ᠶᠢᠷᠲᠢᠨᠴᠦ ᠶ᠋ᠢ ᠴᠢᠮᠡᠬᠦ ᠪᠣᠯᠲᠤᠭᠠᠢ
ᠵᠢᠷᠤᠭ ᠤᠨ ᠡᠨᠡ ᠶᠢᠷᠲᠢᠨᠴᠦ ᠶ᠋ᠢ ᠴᠢᠮᠡᠬᠦ ᠪᠣᠯᠲᠤᠭᠠᠢ
ᠦᠰᠦᠭ ᠠᠮᠢᠯᠠᠭᠤᠯᠤᠭᠴᠢ᠄ ᠪᠠᠢ᠂ ᠰᠠᠷᠠᠨ᠎ᠠ
ᠦᠰᠦᠭ ᠬᠠᠳᠠᠭᠴᠢ᠄ ᠪᠠᠢ᠂ ᠰᠠᠷᠠᠨ᠎ᠠ
ᠬᠢᠨᠠᠭᠴᠢ᠄ ᠰᠣᠨᠢᠨᠪᠠᠶᠠᠷ
