ᠰᠢᠯᠤᠭᠤᠨ ᠬᠥᠬᠡ -ᠴᠡᠴᠡᠭᠮ᠎ᠠShuluun khökh-tsetsegma Шулуун хөх-цэцэгма
ᠰᠢᠯᠤᠭᠤᠨ ᠬᠥᠬᠡ
ᠦᠭᠡ᠄ ᠪᠠ᠊· ᠣᠶᠤᠨᠳᠠᠯᠠᠢ
ᠠᠶ᠎ᠠ᠄ ᠷᠢ᠊· ᠰᠡᠴᠡᠨᠪᠠᠭᠠᠲᠤᠷ
ᠳᠠᠭᠤᠴᠢᠨ᠄ ᠴᠡᠴᠡᠭᠮ᠎ᠠ
ᠬᠤᠷᠠᠬᠤ ᠶ᠋ᠢᠨ ᠠᠭᠤᠯᠠᠨ ᠤ᠋ ᠪᠤᠭᠤᠷᠤᠯ
ᠰᠠᠷᠢᠳᠠᠭ ᠮᠢᠨᠢ
ᠬᠤᠪᠢᠯᠠᠢ ᠶ᠋ᠢᠨ ᠵᠤᠰᠠᠯᠠᠩ ᠤ᠋ᠨ ᠰᠢᠷ᠎ᠠ ᠲᠠᠯ᠎ᠠ ᠮᠢᠨᠢ
ᠭᠠᠯᠪᠠ ᠶ᠋ᠢᠨ ᠡᠬᠢᠨ ᠡᠴᠡ ᠳᠣᠮᠣᠭ ᠤ᠋ᠨ ᠴᠥᠷᠬᠦᠯᠡᠭᠡ ᠲᠡᠢ
ᠭᠠᠯ ᠢ᠋ᠶ᠋ᠠᠨ ᠮᠠᠨᠠᠭᠰᠠᠨ ᠲᠡᠦᠬᠡ ᠶ᠋ᠢᠨ ᠨᠡᠭᠦᠳᠡᠯ ᠮᠢᠨᠢ
ᠠᠢ ᠬᠦ ᠰᠢᠯᠤᠭᠤᠨ ᠬᠥᠬᠡ ᠮᠢᠨᠢ
ᠭᠠᠯ ᠢ᠋ᠶ᠋ᠠᠨ ᠮᠠᠨᠠᠭᠰᠠᠨ ᠲᠡᠦᠬᠡ ᠶ᠋ᠢᠨ ᠨᠡᠭᠦᠳᠡᠯ ᠮᠢᠨᠢ
ᠰᠤᠳᠤᠷ ᠪᠢᠴᠢᠭ ᠦ᠋ᠨ ᠠᠯᠲᠠᠨ ᠰᠢᠷᠡᠭᠡᠲᠦ ᠮᠢᠨᠢ
ᠰᠣᠷᠭᠣᠭ ᠭᠢᠷᠠᠬᠠᠢ ᠴᠤᠩᠵᠢᠳᠤ ᠬᠠᠢᠷᠬᠠᠳ ᠮᠢᠨᠢ
ᠡᠷᠳᠡᠮ ᠢ᠋ᠶ᠋ᠡᠷ ᠥᠪᠯᠡᠭᠰᠡᠨ ᠦᠢᠯᠡᠰ ᠦ᠋ᠨ ᠭᠣᠯᠣᠮᠲᠠ ᠲᠠᠢ
ᠡᠷᠡᠮᠡᠬᠡᠢ ᠰᠡᠴᠡᠨ ᠠᠷᠠᠳ ᠲᠦᠮᠡᠨ ᠮᠢᠨᠢ
ᠠᠢ ᠬᠦ ᠰᠢᠯᠤᠭᠤᠨ ᠬᠥᠬᠡ ᠮᠢᠨᠢ
ᠡᠷᠡᠮᠡᠬᠡᠢ ᠰᠡᠴᠡᠨ ᠠᠷᠠᠳ ᠲᠦᠮᠡᠨ ᠮᠢᠨᠢ
ᠬᠤᠯᠠᠨ ᠰᠢᠷᠭ᠎ᠠ ᠳᠠᠭ᠎ᠠ ᠶ᠋ᠢᠨ ᠡᠯᠡᠰᠦ ᠮᠢᠨᠢ
ᠬᠤᠪᠢᠯᠭᠠᠨ ᠬᠦᠯᠦᠭ ᠱᠠᠩᠳᠤ ᠬᠣᠲᠠ ᠮᠢᠨᠢ
ᠬᠣᠣᠰᠯᠠᠨ ᠵᠢᠷᠭᠠᠬᠤ ᠬᠠᠨᠢ ᠶ᠋ᠢᠨ ᠲᠠᠪᠢᠯᠠᠩ ᠲᠠᠢ
ᠬᠣᠷᠸ᠎ᠠ ᠳ᠋ᠤ᠌ ᠭᠠᠭᠴᠠᠬᠠᠨ ᠰᠢᠯᠤᠭᠤᠨ ᠬᠥᠬᠡ ᠮᠢᠨᠢ
ᠠᠢ ᠬᠦ ᠰᠢᠯᠤᠭᠤᠨ ᠬᠥᠬᠡ ᠮᠢᠨᠢ
ᠬᠣᠷᠸ᠎ᠠ ᠳ᠋ᠤ᠌ ᠭᠠᠭᠴᠠᠬᠠᠨ ᠰᠢᠯᠤᠭᠤᠨ ᠬᠥᠬᠡ ᠮᠢᠨᠢ
ᠠᠢ ᠬᠦ᠂ ᠰᠢᠯᠤᠭᠤᠨ ᠬᠥᠬᠡ ᠮᠢᠨᠢ
ᠬᠣᠷᠸ᠎ᠠ ᠳ᠋ᠤ᠌ ᠭᠠᠭᠴᠠᠬᠠᠨ ᠰᠢᠯᠤᠭᠤᠨ ᠬᠥᠬᠡ ᠮᠢᠨᠢ
ᠬᠣᠷᠸ᠎ᠠ ᠳ᠋ᠤ᠌ ᠭᠠᠭᠴᠠᠬᠠᠨ ᠰᠢᠯᠤᠭᠤᠨ ᠬᠥᠬᠡ ᠮᠢᠨᠢ
ᠦᠰᠦᠭ ᠠᠮᠢᠯᠠᠭᠤᠯᠤᠭᠴᠢ᠄ ᠰᠣᠨᠢᠨᠪᠠᠶᠠᠷ
ᠦᠰᠦᠭ ᠬᠠᠳᠠᠭᠴᠢ᠄ ᠪᠠᠢ᠂ ᠰᠠᠷᠠᠨ᠎ᠠ
ᠬᠢᠨᠠᠭᠴᠢ᠄ ᠰᠣᠨᠢᠨᠪᠠᠶᠠᠷ
