ᠠᠪᠤ ᠶᠢᠨ ᠨᠤᠲᠤᠭ - ᠨᠠᠷᠠᠰᠤАавын нутаг-нарс
ᠠᠪᠤ ᠶᠢᠨ ᠨᠤᠲᠤᠭ
ᠦᠭᠡ ᠄ ᠱ ᠭᠦᠷᠦᠪᠠᠽᠠᠷ
ᠠᠶ᠎ᠠ ᠄ ᠯ ᠪᠯᡁᠬᠠᠵᠠᠪ
— ᠨᠠᠷᠠᠰᠤ ᠳᠠᠭᠤᠯᠠᠨ᠎ᠠ
ᠬᠠᠵᠠᠭᠠᠷ ᠳᠠᠷᠤᠨ ᠵᠣᠭᠰᠣᠭᠠᠳ
ᠬᠠᠷᠠᠭᠠᠳ ᠬᠠᠨᠤᠰᠢ ᠦᠭᠡᠢ ᠠᠪᠤ ᠶ᠋ᠢᠨ ᠨᠤᠲᠤᠭ
ᠮᠣᠩᠭᠣᠯ ᠶᠣᠰᠣ ᠪᠠᠷ ᠤᠭᠲᠤᠨ ᠵᠣᠯᠭᠠᠬᠤ
ᠮᠣᠯᠣᠷ ᠡᠷᠳᠡᠨᠢ ᠶ᠋ᠢᠨ ᠠᠪᠤ ᠶ᠋ᠢᠨ ᠨᠤᠲᠤᠭ
ᠠᠳᠤᠭᠤᠨ ᠰᠦᠷᠦᠭ ᠨᠢ ᠲᠠᠯ᠎ᠠ ᠪᠠᠨ ᠴᠢᠮᠡᠨ᠎ᠡ
ᠠᠷᠠᠳ ᠤᠨ ᠳᠠᠭᠤᠤ ᠬᠤᠭᠤᠷ ᠨᠢ ᠲᠦᠮᠡᠨ ᠢᠶ᠋ᠡᠨ ᠭᠤᠶᠤᠨ᠎ᠠ
ᠮᠣᠷᠢᠨ ᠬᠤᠭᠤᠷ ᠨᠢ ᠠᠶᠠᠯᠭᠤ ᠲᠠᠢ
ᠠᠪᠤ ᠶ᠋ᠢᠨ ᠮᠢᠨᠢ ᠰᠤᠷᠭᠠᠯ ᠢᠷᠦᠭᠡᠯ ᠲᠡᠢ
ᠪᠠᠭᠤᠭᠠᠳ ᠮᠣᠷᠳᠠᠬᠤ ᠠ᠋ᠴᠠ ᠠᠷᠭ᠎ᠠ ᠦᠭᠡᠢ ᠠᠪᠤ ᠶ᠋ᠢᠨ ᠮᠢᠨᠢ ᠨᠤᠲᠤᠭ
ᠪᠤᠴᠠᠭᠠᠳ ᠢᠷᠡᠬᠦ ᠶ᠋ᠢᠨ ᠲᠠᠪᠢᠯᠠᠩ ᠲᠠᠢ ᠮᠣᠩᠭᠣᠯ ᠤᠨ ᠮᠢᠨᠢ ᠨᠤᠲᠤᠭ
ᠴᠠᠶ᠋ᠢᠯᠠᠭᠠᠳ ᠦᠳᠡᠬᠦ ᠲᠦᠮᠡᠨ ᠮᠢᠨᠢ ᠲᠡᠭᠰᠢ ᠳᠥᠷᠪᠡᠨ ᠵᠢᠷᠤᠯᠭ᠎ᠠ ᠲᠠᠢ
ᠰᠠᠶ᠋ᠢᠬᠠᠨ ᠰᠡᠳᠬᠢᠯᠲᠦ ᠠᠪᠤ ᠶ᠋ᠢᠨ ᠮᠢᠨᠢ ᠰᠦᠨ ᠴᠠᠭᠠᠨ ᠪᠣᠳᠣᠯ ᠲᠠᠢ
ᠰᠠᠶ᠋ᠢᠬᠠᠨ ᠰᠡᠳᠬᠢᠯᠲᠦ ᠠᠪᠤ ᠶ᠋ᠢᠨ ᠮᠢᠨᠢ ᠰᠦᠨ ᠴᠠᠭᠠᠨ ᠪᠣᠳᠣᠯ ᠲᠠᠢ
ᠠᠯᠤᠰ ᠠ᠋ᠴᠠ ᠲᠤᠰᠬᠤ ᠵᠠᠩᠰᠢᠯ ᠲᠠᠢ
ᠠᠶᠠᠨ ᠤ ᠳᠤᠤᠭᠠᠷᠤᠭ᠎ᠠ ᠲᠠᠢ ᠠᠪᠤ ᠶ᠋ᠢᠨ ᠨᠤᠲᠤᠭ
ᠮᠣᠩᠭᠣᠯ ᠶᠣᠰᠣ ᠪᠠᠷ ᠤᠭᠲᠤᠨ ᠵᠣᠯᠭᠠᠬᠤ
ᠮᠣᠯᠣᠷ ᠡᠷᠳᠡᠨᠢ ᠶ᠋ᠢᠨ ᠠᠪᠤ ᠶ᠋ᠢᠨ ᠨᠤᠲᠤᠭ
ᠠᠳᠤᠭᠤᠨ ᠰᠦᠷᠦᠭ ᠨᠢ ᠲᠠᠯ᠎ᠠ ᠪᠠᠨ ᠴᠢᠮᠡᠨ᠎ᠡ
ᠠᠷᠠᠳ ᠤᠨ ᠳᠠᠭᠤᠤ ᠬᠤᠭᠤᠷ ᠨᠢ ᠲᠦᠮᠡᠨ ᠢᠶ᠋ᠡᠨ ᠭᠤᠶᠤᠨ᠎ᠠ
ᠮᠣᠷᠢᠨ ᠬᠤᠭᠤᠷ ᠨᠢ ᠠᠶᠠᠯᠭᠤ ᠲᠠᠢ
ᠠᠪᠤ ᠶ᠋ᠢᠨ ᠮᠢᠨᠢ ᠰᠤᠷᠭᠠᠯ ᠢᠷᠦᠭᠡᠯ ᠲᠡᠢ
ᠪᠠᠭᠤᠭᠠᠳ ᠮᠣᠷᠳᠠᠬᠤ ᠠ᠋ᠴᠠ ᠠᠷᠭ᠎ᠠ ᠦᠭᠡᠢ ᠠᠪᠤ ᠶ᠋ᠢᠨ ᠮᠢᠨᠢ ᠨᠤᠲᠤᠭ
ᠪᠤᠴᠠᠭᠠᠳ ᠢᠷᠡᠬᠦ ᠶ᠋ᠢᠨ ᠲᠠᠪᠢᠯᠠᠩ ᠲᠠᠢ ᠮᠣᠩᠭᠣᠯ ᠤᠨ ᠮᠢᠨᠢ ᠨᠤᠲᠤᠭ
ᠴᠠᠶ᠋ᠢᠯᠠᠭᠠᠳ ᠦᠳᠡᠬᠦ ᠲᠦᠮᠡᠨ ᠮᠢᠨᠢ ᠲᠡᠭᠰᠢ ᠳᠥᠷᠪᠡᠨ ᠵᠢᠷᠤᠯᠭ᠎ᠠ ᠲᠠᠢ ᠂
ᠰᠠᠷᠢᠳᠠᠭ ᠬᠠᠩᠭᠠᠢ ᠶ᠋ᠢᠨ ᠠᠭᠤᠯᠠᠰ ᠨᠢ
ᠰᠠᠨᠠᠭᠠᠨ ᠠ᠋ᠴᠠ ᠮᠢᠨᠢ ᠶᠡᠷᠦ ᠭᠠᠷᠬᠤ ᠦᠭᠡᠢ ᠶᠤᠮ
ᠰᠠᠨᠠᠨ ᠰᠠᠨᠠᠨ ᠪᠤᠴᠠᠭᠠᠳ ᠢᠷᠡᠬᠦ ᠳᠦ
ᠰᠠᠶ᠋ᠢᠬᠠᠨ ᠠᠪᠤ ᠶ᠋ᠢᠨ ᠮᠢᠨᠢ ᠨᠤᠲᠤᠭ ᠤᠭᠲᠤᠨ᠎ᠠ
ᠠᠳᠤᠭᠤᠨ ᠰᠦᠷᠦᠭ ᠨᠢ ᠲᠠᠯ᠎ᠠ ᠪᠠᠨ ᠴᠢᠮᠡᠨ᠎ᠡ
ᠠᠷᠠᠳ ᠤᠨ ᠳᠠᠭᠤᠤ ᠬᠤᠭᠤᠷ ᠨᠢ ᠲᠦᠮᠡᠨ ᠢᠶ᠋ᠡᠨ ᠭᠤᠶᠤᠨ᠎ᠠ
ᠮᠣᠷᠢᠨ ᠬᠤᠭᠤᠷ ᠨᠢ ᠠᠶᠠᠯᠭᠤ ᠲᠠᠢ
ᠠᠪᠤ ᠶ᠋ᠢᠨ ᠮᠢᠨᠢ ᠰᠤᠷᠭᠠᠯ ᠢᠷᠦᠭᠡᠯ ᠲᠡᠢ
ᠪᠠᠭᠤᠭᠠᠳ ᠮᠣᠷᠳᠠᠬᠤ ᠠ᠋ᠴᠠ ᠠᠷᠭ᠎ᠠ ᠦᠭᠡᠢ ᠠᠪᠤ ᠶ᠋ᠢᠨ ᠮᠢᠨᠢ ᠨᠤᠲᠤᠭ
ᠪᠤᠴᠠᠭᠠᠳ ᠢᠷᠡᠬᠦ ᠶ᠋ᠢᠨ ᠲᠠᠪᠢᠯᠠᠩ ᠲᠠᠢ ᠮᠣᠩᠭᠣᠯ ᠤᠨ ᠮᠢᠨᠢ ᠨᠤᠲᠤᠭ
ᠴᠠᠶ᠋ᠢᠯᠠᠭᠠᠳ ᠦᠳᠡᠬᠦ ᠲᠦᠮᠡᠨ ᠮᠢᠨᠢ ᠲᠡᠭᠰᠢ ᠳᠥᠷᠪᠡᠨ ᠵᠢᠷᠤᠯᠭ᠎ᠠ ᠲᠠᠢ
ᠰᠠᠶ᠋ᠢᠬᠠᠨ ᠰᠡᠳᠬᠢᠯᠲᠦ ᠠᠪᠤ ᠮᠢᠨᠢ ᠰᠦᠨ ᠴᠠᠭᠠᠨ ᠪᠣᠳᠣᠯ ᠲᠠᠢ
ᠰᠠᠶ᠋ᠢᠬᠠᠨ ᠰᠡᠳᠬᠢᠯᠲᠦ ᠠᠪᠤ ᠮᠢᠨᠢ ᠰᠦᠨ ᠴᠠᠭᠠᠨ ᠪᠣᠳᠣᠯ ᠲᠠᠢ
