ᠡᠯᠡᠰᠦᠨ ᠳᠦ ᠪᠤᠯᠠᠭᠳᠠᠭᠰᠠᠨ ᠰᠤᠪᠤᠳ – ᠫ᠂ ᠣᠶᠤᠨᠭᠡᠷᠡᠯ <ᠬᠣᠶᠠᠷ> Элсэнд булагдсан сувдаа – П.Оюунгэрэл <2>
ᠬᠣᠶᠠᠷ
1976 ᠣᠨ ᠤ᠋10 ᠳ᠋ᠤᠭᠠᠷ ᠰᠠᠷ᠎ᠠ ᠶ᠋ᠢᠨ ᠡᠬᠢᠨ ᠦ᠌ ᠨᠢᠭᠡᠨ ᠡᠳᠦᠷ᠃ ᠬᠥᠳᠡᠭᠡ ᠶ᠋ᠢᠨ ᠰᠢᠷᠣᠢ ᠶ᠋ᠢᠨ ᠵᠠᠮ ᠢ᠋ᠶ᠋ᠠᠷ ᠳᠦᠭᠦᠷᠡᠩ ᠠᠶᠠᠨᠴᠢᠨ ᠲᠡᠭᠡᠭᠡᠭᠰᠡᠨ ᠮᠠᠰᠢᠨ ᠡᠩᠬᠦᠯ ᠳᠤᠩᠬᠤᠯ ᠵᠠᠮ ᠢ᠋ᠶ᠋ᠠᠷ ᠲᠣᠭᠣᠰᠣ ᠪᠤᠲᠠᠷᠠᠭᠤᠯᠤᠨ ᠪᠠᠷᠠᠭᠤᠨ ᠦᠵᠦᠮᠦᠴᠢᠨ ᠦ᠌ ᠵᠡᠭᠦᠨ ᠡᠮᠦᠨᠡᠲᠦ ᠬᠢᠵᠠᠭᠠᠷ ᠢ᠋ ᠵᠣᠷᠢᠨ ᠳᠠᠪᠬᠢᠭᠤᠯᠤᠨ᠎ᠠ᠃
ᠠᠶᠠᠨᠴᠢᠨ ᠤ᠋ ᠮᠠᠰᠢᠨ ᠤ᠋ ᠡᠮᠦᠨᠡᠭᠦᠷ ᠰᠢᠭ ᠰᠠᠭᠤᠳᠠᠯ ᠳᠡᠭᠡᠷ᠎ᠡ ᠰᠠᠶᠢᠬᠠᠨ ᠠᠵᠢᠯ ᠤ᠋ᠨ ᠬᠤᠪᠢᠶᠠᠷᠢ ᠠᠪᠴᠤ ᠬᠠᠷᠭᠠᠨᠠᠲᠠᠢ ᠰᠤᠮᠤᠨ ᠳ᠋ᠤ᠌ ᠬᠤᠪᠢᠶᠠᠭᠳᠠᠭᠰᠠᠨ ᠬᠣᠶᠠᠷ ᠵᠠᠯᠠᠭᠤ ᠵᠡᠷᠭᠡᠴᠡᠨ ᠰᠠᠭᠤᠨ᠎ᠠ᠃ ᠴᠢᠬᠢᠨ ᠦ᠌ ᠪᠡᠨ ᠣᠮᠣᠭ ᠲᠠᠢ ᠰᠠᠴᠠᠭᠤ ᠲᠡᠭᠰᠢ ᠬᠢᠷᠭᠠᠭᠰᠠᠨ ᠰᠠᠭᠰᠠᠭ ᠭᠡᠵᠢᠭᠡ ᠲᠡᠢ᠂ ᠪᠤᠯᠪᠠᠷᠠᠢ ᠴᠠᠭᠠᠨ ᠥᠨᠳᠡᠭᠡᠯᠵᠢᠨ ᠴᠢᠷᠠᠢ ᠲᠠᠢ᠂ ᠵᠣᠪᠬᠢᠨ ᠳ᠋ᠤᠨᠢ ᠢᠨᠢᠶᠡᠳᠦ ᠲᠣᠭᠯᠠᠭᠰᠠᠨ ᠬᠤᠷᠴᠠ ᠰᠡᠷᠭᠦᠯᠡᠩ ᠪᠣᠷᠣ ᠨᠢᠳᠦ ᠲᠡᠢ ᠥᠬᠢᠨ ᠪᠣᠯᠤᠨ ᠥᠨᠳᠥᠷ ᠨᠠᠷᠢᠬᠠᠨ ᠪᠡᠶ᠎ᠡ᠂ ᠥᠷᠭᠡᠨ ᠮᠥᠷᠥ ᠲᠡᠢ ᠴᠠᠢᠪᠤᠷ ᠥᠩᠭᠡᠲᠡᠢ ᠵᠦᠩᠱᠠᠨ ᠬᠤᠪᠴᠠᠰᠤ ᠪᠠᠷ ᠳᠠᠷᠢ ᠲᠡᠭᠰᠢ ᠬᠤᠪᠴᠠᠯᠠᠭᠰᠠᠨ ᠴᠡᠮᠴᠡᠭᠡᠷ ᠴᠠᠭᠠᠨ ᠵᠠᠯᠠᠭᠤ ᠬᠣᠶᠠᠭᠤᠯᠠ ᠵᠣᠭᠣᠭᠳᠠᠵᠤ ᠶᠠᠪᠤᠨ᠎ᠠ᠃
ᠴᠡᠯᠮᠡᠭ ᠬᠥᠬᠡ ᠣᠭᠲᠠᠷᠭᠤᠢ ᠳ᠋ᠤ᠌ ᠭᠠᠯᠠᠭᠤᠳ ᠬᠣᠰᠢᠭᠤᠷᠠᠨ ᠵᠡᠯᠡᠯᠡᠵᠦ ᠳᠥᠷᠥᠭᠡ ᠰᠢᠭᠦᠷᠡᠮ᠎ᠡ ᠡᠪᠡᠰᠦᠨ ᠦ᠌ ᠲᠣᠯᠣᠭᠠᠢ ᠠᠯᠲᠠᠨ ᠳᠠᠪᠠᠯᠭᠠᠨ ᠦᠶᠡᠯᠵᠡᠭᠦᠯᠦᠨᠡ᠃ ᠰᠢᠷᠭᠠᠯ ᠨᠠᠷᠠᠨ ᠤ᠋ ᠬᠤᠷᠴᠠ ᠲᠤᠶᠠᠭ᠎ᠠ ᠲᠠᠢ ᠨᠠᠯᠠᠭᠠᠷ ᠲᠠᠩᠰᠤᠭ ᠨᠠᠮᠤᠷ ᠴᠠᠭ ᠤ᠋ᠨ ᠬᠥᠳᠡᠭᠡ ᠨᠤᠲᠤᠭ ᠦᠯᠢᠭᠡᠷ ᠳᠣᠮᠣᠭ ᠤ᠋ᠨ ᠶᠢᠷᠲᠢᠨᠴᠦ ᠰᠢᠭ᠃ ᠭᠠᠳᠠᠨᠠᠬᠢ ᠦᠵᠡᠮᠵᠢ ᠶ᠋ᠢ ᠪᠠᠬᠠᠳᠤᠨ ᠬᠠᠷᠠᠵᠤ ᠰᠠᠭᠤᠭᠰᠠᠨ ᠵᠠᠯᠠᠭᠤ ᠥᠬᠢᠨ ᠬᠠᠵᠠᠭᠤᠳᠠᠬᠢ ᠵᠠᠯᠠᠭᠤ ᠳ᠋ᠠᠭᠠᠨ
— ᠦᠵᠦᠮᠦᠴᠢᠨ ᠨᠤᠲᠤᠭ ᠤ᠋ᠨ ᠠᠭᠤᠯᠠ ᠤᠰᠤ ᠦᠨᠡᠬᠡᠷ ᠭᠣᠶᠣ ᠠ᠋᠃ ᠲᠡᠨᠳᠡᠬᠢ ᠮᠠᠯᠴᠢᠳ ᠪᠢᠳᠡᠨ ᠢ᠋ ᠳᠠᠳᠤᠯᠭ᠎ᠠ ᠬᠢᠬᠦ ᠦᠶᠡᠰ ᠰᠢᠭ ᠲᠡᠭᠡᠵᠦ ᠤᠭᠲᠤᠳᠠᠭ ᠪᠣᠯ ᠤᠤ? ᠳᠠᠳᠤᠯᠭ᠎ᠠ ᠪᠠᠨ ᠳᠠᠭᠤᠰᠬᠠᠵᠤ ᠪᠤᠴᠠᠬᠤ ᠦᠶ᠎ᠡ ᠳ᠋ᠦ᠍ ᠪᠢᠳᠡᠨ ᠢ᠋ ᠮᠣᠷᠢ ᠪᠠᠷ ᠭᠤᠴᠢᠨ ᠭᠠᠵᠠᠷ ᠤ᠋ᠨ ᠠᠯᠤᠰ ᠭᠠᠷᠲᠠᠯ᠎ᠠ ᠳᠠᠭᠠᠵᠤ ᠬᠦᠷᠭᠡᠭᠰᠡᠨ ᠰᠢᠦ ᠳᠡ᠃ ᠪᠢ ᠲᠡᠷᠡ ᠡᠳᠦᠷ ᠢ᠋ ᠪᠣᠳᠣᠭᠰᠠᠭᠠᠷ ᠰᠡᠳᠬᠢᠯ ᠮᠠᠰᠢ ᠳᠣᠭᠳᠣᠯᠳᠠᠭ᠃ ᠮᠠᠯᠴᠢᠳ ᠴᠥᠮ ᠰᠠᠯᠵᠤ ᠶᠠᠳᠠᠨ ᠨᠢᠯᠪᠤᠰᠤ ᠤᠨᠠᠭᠠᠵᠤ ᠪᠠᠢᠭᠰᠠᠨ ᠪᠢᠯᠡ ᠭᠡᠪᠡ᠃ ᠵᠠᠯᠠᠭᠤ᠄
— ᠪᠠᠭᠰᠢ ᠶ᠋ᠢᠨ ᠲᠤᠰᠬᠠᠢ ᠮᠡᠷᠭᠡᠵᠢᠯ ᠲᠡᠭᠦᠰᠦᠭᠰᠡᠨ ᠪᠠᠭᠰᠢ ᠭᠡᠪᠡᠯ ᠮᠠᠨ ᠤ᠋ ᠨᠤᠲᠤᠭ ᠲᠤ᠌ ᠶᠣᠰᠣᠲᠠᠢ ᠬᠣᠪᠣᠷ ᠡᠷᠳᠡᠨᠢ ᠰᠢᠦ᠂ ᠦᠯᠦ ᠤᠭᠲᠤᠯ ᠦᠭᠡᠢ ᠶᠠᠭᠠᠬᠢᠬᠤᠪ᠂ ᠴᠢ ᠶᠠᠭᠠᠬᠢᠭᠠᠳ ᠮᠠᠨ ᠤ᠋ ᠦᠵᠦᠮᠦᠴᠢᠨ ᠳ᠋ᠦ᠍ ᠣᠴᠢᠬᠤ ᠭᠡᠵᠦ ᠲᠡᠭᠡᠲᠡᠯ᠎ᠡ ᠪᠡᠨ ᠵᠢᠳᠬᠦᠭᠡᠳ ᠪᠠᠢᠭᠰᠠᠨ ᠪᠣᠢ? ᠭᠡᠵᠦ ᠠᠰᠠᠭᠤᠪᠠ᠃ ᠲᠡᠭᠡᠬᠦ ᠳ᠋ᠦ᠍ ᠭᠠᠪᠢᠷ᠎ᠠ ᠰᠠᠨᠴᠢᠭ ᠤ᠋ᠨ ᠦᠰᠦ ᠪᠡᠨ ᠢᠯᠪᠢᠭᠰᠡᠨ ᠢ᠋ᠶ᠋ᠡᠨ ᠲᠣᠯᠣᠭᠠᠢ ᠪᠠᠨ ᠭᠢᠯᠵᠢᠢᠯᠭᠡᠨ ᠢᠨᠢᠶᠡᠭᠡᠳ᠂
— ᠶᠠᠭᠠᠬᠢᠭᠠᠳ ᠭᠡᠬᠦ ᠪᠢᠯᠡ? ᠪᠢ ᠲᠡᠷᠡ ᠨᠤᠲᠤᠭ ᠤ᠋ᠨ ᠪᠠᠶᠠᠯᠢᠭ ᠰᠠᠢᠬᠠᠨ ᠠᠭᠤᠯᠠ ᠤᠰᠤ᠂ ᠴᠡᠪᠡᠷ ᠴᠠᠭᠠᠪᠤᠷ᠂ ᠭᠦᠳᠦᠰᠬᠡᠨ ᠰᠢᠯᠤᠭᠤᠨ ᠬᠥᠮᠦᠨ ᠠᠷᠠᠳ ᠢ᠋ ᠨᠢ ᠪᠢᠰᠢᠷᠡᠨ᠎ᠡ᠃ ᠰᠠᠷ᠎ᠠ ᠢᠯᠡᠭᠦᠦ ᠲᠡᠨᠳᠡ ᠳᠠᠳᠤᠯᠭ᠎ᠠ ᠬᠢᠬᠦ ᠶᠠᠪᠤᠴᠠ ᠳ᠋ᠤ᠌ ᠪᠢ ᠲᠡᠨᠳᠡᠬᠢ ᠠᠷᠠᠳ ᠲᠦᠮᠡᠨ ᠰᠣᠶᠣᠯ ᠪᠢᠴᠢᠭ ᠢ᠋ ᠬᠡᠴᠢᠨᠡᠭᠡᠨ ᠶᠡᠬᠡ ᠬᠦᠨᠳᠦᠳᠬᠡᠳᠡᠭ ᠢ᠋ ᠣᠢᠯᠠᠭᠠᠵᠤ ᠮᠡᠳᠡᠭᠰᠡᠨ᠃ ᠵᠠᠮ ᠨᠡᠪᠲᠡᠷᠡᠯᠭᠡ ᠳᠥᠭᠥᠮ ᠦᠭᠡᠢ᠂ ᠨᠥᠬᠥᠴᠡᠯ ᠪᠣᠯᠤᠮᠵᠢ ᠪᠠᠷ ᠪᠠᠷᠤᠭᠲᠠᠢ ᠴᠤ᠌ ᠪᠢ ᠲᠡᠷᠡ ᠯᠠ ᠭᠠᠵᠠᠷ ᠲᠤ᠌ ᠠᠵᠢᠯ ᠦᠢᠯᠡᠰ ᠢ᠋ᠶ᠋ᠡᠨ ᠡᠬᠢᠯᠡᠭᠦᠯᠦᠶ᠎ᠡ ᠭᠡᠵᠦ ᠪᠣᠳᠣᠭᠰᠠᠨ ᠭᠡᠪᠡ᠃ ᠵᠠᠯᠠᠭᠤ᠂ ᠵᠢᠭᠠᠯ ᠥᠬᠢᠨ ᠦ᠌ ᠬᠡᠦᠬᠡᠳᠯᠢᠭ ᠴᠣᠪᠣᠭᠣ ᠴᠢᠷᠠᠢ ᠶ᠋ᠢ ᠪᠢᠰᠢᠷᠡᠩᠭᠦᠢ ᠬᠠᠷᠠᠴᠠ ᠪᠠᠷ ᠰᠢᠷᠳᠡᠭᠰᠡᠨ ᠢ᠋ᠶ᠋ᠡᠨ
— ᠲᠡᠭᠡᠭᠡᠳ ᠥᠭᠡᠷ᠎ᠡ ᠪᠠᠰᠠ ᠲᠣᠭᠣᠭᠰᠠᠨ ᠶᠠᠭᠤᠮ᠎ᠠ ᠦᠭᠡᠢ ᠭᠡᠵᠢ ᠤᠤ? ᠭᠡᠰᠡᠨ ᠳ᠋ᠦ᠍᠂
— ᠲᠣᠭᠣᠬᠤ ᠶᠠᠭᠤᠮ᠎ᠠ ᠴᠤ᠌ ᠵᠥᠩᠳᠡᠭᠡᠨ ᠪᠣᠢ ᠪᠠᠢᠬ᠎ᠠ᠂ ᠪᠢ ᠪᠦᠷ ᠨᠠᠰᠤ ᠪᠠᠷ ᠢ᠋ᠶ᠋ᠠᠨ ᠰᠠᠭᠤᠬᠤ ᠪᠠᠷ ᠰᠢᠢᠳᠴᠢᠬᠡᠭᠰᠡᠨ ᠶᠦᠮ ᠴᠢᠨᠢ ᠭᠡᠳ ᠬᠠᠴᠠᠷ ᠤ᠋ᠨ ᠢ᠋ᠶ᠋ᠠᠨ ᠬᠤᠨᠳᠠᠭ᠎ᠠ ᠶ᠋ᠢ ᠬᠣᠩᠬᠣᠢᠯᠭᠠᠨ ᠢᠨᠢᠶᠡᠮᠰᠦᠭᠯᠡᠪᠡ᠃ ᠵᠠᠯᠠᠭᠤ ᠲᠤᠨᠤᠷᠠᠭᠰᠠᠨ ᠭᠡᠷᠡᠯᠲᠦ ᠬᠠᠷ᠎ᠠ ᠨᠢᠳᠦ ᠪᠡᠷ ᠢ᠋ᠶ᠋ᠡᠨ ᠳᠠᠷᠤᠤᠬᠠᠨ ᠢᠨᠢᠶᠡᠮᠰᠦᠭᠯᠡᠵᠦ᠂
— ᠬᠠᠷᠢᠨ ᠤᠤ? ᠵᠠ ᠲᠡᠢᠮᠦ ᠪᠣᠯ ᠦᠵᠦᠮᠦᠴᠢᠨ ᠨᠤᠲᠤᠭ ᠤ᠋ᠨ ᠮᠢᠨᠢ ᠶᠠᠭᠤ ᠪᠦᠬᠦᠨ ᠴᠢᠮ᠎ᠠ ᠳ᠋ᠤ᠌ ᠲᠠᠭᠠᠯᠠᠭᠳᠠᠬᠤ ᠪᠣᠯᠲᠤᠭᠠᠢ ᠭᠡᠳ ᠲᠡᠭᠰᠢ ᠴᠠᠭᠠᠨ ᠰᠢᠲᠦ ᠪᠡᠨ ᠢᠷᠠᠯᠵᠠᠭᠤᠯᠤᠨ ᠢᠨᠢᠶᠡᠪᠡ᠃
ᠬᠣᠶᠠᠷ ᠵᠠᠯᠠᠭᠤ ᠡᠢᠨᠬᠦ ᠶᠠᠷᠢᠯᠴᠠᠵᠤ ᠶᠠᠪᠤᠲᠠᠯ᠎ᠠ ᠠᠶᠠᠨᠴᠢᠨ ᠤ᠋ ᠮᠠᠰᠢᠨ ᠡᠳᠦᠷᠵᠢᠨ ᠳᠠᠪᠬᠢᠭᠤᠯᠤᠭᠰᠠᠭᠠᠷ ᠬᠡᠳᠦ ᠬᠡᠳᠦᠨ ᠳᠠᠪᠠᠭ᠎ᠠ ᠶ᠋ᠢ ᠥᠭᠰᠥᠵᠦ ᠤᠷᠤᠭᠤᠳᠠᠨ《ᠬᠥᠨᠳᠡᠯᠡᠨ ᠦ᠌ ᠬᠥᠭᠥᠷᠭᠡ》 ᠶ᠋ᠢ ᠭᠡᠲᠦᠯᠦᠨ ᠰᠤᠮᠤᠨ ᠤ᠋ ᠲᠥᠪ ᠲᠦ᠍ ᠳᠥᠭᠥᠵᠦ ᠢᠷᠡᠯ᠎ᠡ᠃
ᠳᠥᠷᠪᠡᠨ ᠲᠠᠯ᠎ᠠ ᠪᠠᠷ ᠢ᠋ᠶ᠋ᠠᠨ ᠠᠭᠤᠯᠠ ᠲᠤᠯᠤᠭᠠᠳ ᠢ᠋ᠶ᠋ᠠᠷ ᠬᠦᠷᠢᠶᠡᠯᠡᠭᠳᠡᠭᠰᠡᠨ ᠬᠣᠢᠨ᠎ᠠ᠎ᠠ᠋ᠴᠠ ᠤᠷᠤᠭᠰᠢ ᠰᠤᠨᠤᠭᠰᠠᠨ ᠬᠥᠨᠳᠡᠢ᠂ ᠶᠠᠭ ᠯᠠ ᠪᠣᠷᠳᠣᠭᠰᠠᠨ ᠲᠠᠷᠭᠤᠨ ᠬᠣᠳᠣᠭᠣᠳᠣ ᠰᠢᠭ᠋ ᠬᠡᠯᠪᠡᠷᠢ ᠲᠡᠢ ᠠᠭᠤᠯᠠᠨ ᠤ᠋ ᠬᠣᠲᠣᠭᠣᠷ ᠲᠤ᠌ ᠰᠤᠮᠤᠨ ᠤ᠋ ᠲᠥᠪ ᠪᠠᠢᠳᠠᠭ᠃ ᠠᠷᠤ ᠲᠠᠯ᠎ᠠ ᠪᠠᠷ ᠨᠢ ᠦᠵᠦᠮ ᠵᠢᠮᠢᠰ᠂ ᠦᠷᠢᠯ ᠮᠣᠢᠯ ᠪᠠᠭᠰᠢᠷᠠᠭᠰᠠᠨ᠂ ᠨᠠᠷᠠᠰᠤ ᠬᠤᠰᠤ ᠴᠡᠯᠭᠡᠷᠡᠭᠰᠡᠨ ᠥᠨᠳᠥᠷ ᠰᠦᠷᠯᠢᠭ ᠭᠣᠷᠣᠬᠠᠨ ᠬᠠᠨ ᠠᠭᠤᠯᠠ ᠮᠣᠩᠭᠣᠯ ᠡᠷ᠎ᠡ ᠶ᠋ᠢᠨ ᠬᠠᠨᠠᠭᠠᠷ ᠴᠡᠭᠡᠵᠢ ᠰᠢᠭ ᠰᠦᠨᠳᠡᠷᠯᠡᠨ ᠴᠡᠩᠬᠡᠷᠲᠦᠵᠦ ᠬᠠᠷᠠᠭᠳᠠᠨ᠎ᠠ᠃
ᠡᠩᠭᠡᠷ ᠬᠣᠷᠮᠣᠢ ᠳ᠋ᠠᠬᠢ ᠥᠷᠭᠡᠨ ᠲᠠᠯ᠎ᠠ ᠳ᠋ᠤ᠌ ᠪᠢᠩᠲ᠋ᠤᠸᠠᠨ ᠤ᠋ ᠪᠠᠢᠯᠳᠤᠭᠴᠢᠳ ᠤ᠋ᠨ ᠬᠠᠭᠠᠯᠪᠤᠷᠢᠯᠠᠭᠰᠠᠨ ᠮᠢᠩᠭ᠎ᠠ ᠰᠢᠬᠠᠮ ᠲᠡᠭᠰᠢ ᠳᠥᠷᠪᠡᠯᠵᠢᠨ ᠺᠢᠯᠣᠮᠧᠲ᠋ᠷ ᠲᠠᠯᠠᠪᠠᠢ ᠲᠠᠢ ᠪᠤᠭᠤᠳᠠᠢ ᠶ᠋ᠢᠨ ᠲᠠᠷᠢᠶ᠎ᠠ ᠡᠨᠡ ᠵᠢᠯ ᠡᠯᠪᠡᠭ ᠬᠤᠷᠢᠶᠠᠯᠲᠠ ᠣᠯᠤᠭᠰᠠᠨ ᠢ᠋ᠶ᠋ᠠᠨ ᠭᠠᠢᠬᠠᠭᠤᠯᠬᠤ ᠮᠡᠲᠦ ᠴᠠᠳᠬᠤᠯᠠᠩ ᠲᠠᠷᠭᠤᠨ ᠲᠦᠷᠦᠭᠦᠦ ᠪᠡᠨ ᠳᠣᠬᠢᠯᠵᠠᠭᠤᠯᠤᠨ ᠠᠯᠲᠠᠨ ᠰᠢᠷᠭᠠᠯ ᠳᠠᠪᠠᠯᠭᠠᠨ ᠦᠶᠡᠯᠵᠡᠭᠦᠯᠦᠨᠡ᠃ ᠬᠡᠪᠡᠯᠢ ᠪᠡᠨ ᠳᠠᠯᠠᠨ ᠮᠡᠯᠮᠡᠯᠵᠡᠨ ᠤᠷᠤᠰᠬᠤ ᠭᠣᠷᠣᠬᠠᠨ ᠭᠣᠣᠯ ᠠᠭᠤᠯᠠ ᠲᠤᠯᠤᠭᠠᠳ ᠢ᠋ᠶ᠋ᠠᠨ ᠭᠡᠭᠡᠯᠡᠨ᠂ ᠭᠣᠣᠯ ᠤ᠋ᠨ ᠡᠷᠭᠢ ᠶ᠋ᠢᠨ ᠥᠳᠬᠡᠨ ᠰᠠᠬᠤᠯᠢᠭ ᠪᠡᠯᠴᠢᠭᠡᠷ ᠲᠦ᠍ ᠲᠠᠪᠤᠨ ᠬᠣᠰᠢᠭᠤ ᠮᠠᠯ ᠲᠠᠪᠠᠲᠠᠢ ᠲᠡᠨᠢᠭᠡᠷ ᠪᠡᠯᠴᠢᠭᠡᠷᠯᠡᠨ᠎ᠡ᠃ ᠰᠤᠮᠤᠨ ᠤ᠋ ᠲᠥᠪ ᠡᠴᠡ ᠬᠠᠮᠤᠭ ᠤ᠋ᠨ ᠣᠢᠷᠠᠬᠠᠨ ᠪᠠᠢᠳᠠᠭ ᠪᠠᠶᠠᠩᠬᠣᠩᠭᠤᠷ ᠭᠠᠴᠠᠭᠠᠨ ᠤ᠋ ᠠᠯᠪᠠᠨ ᠭᠡᠷ ᠦ᠋ᠨ ᠬᠣᠶᠠᠷ ᠮᠥᠷ ᠰᠢᠪᠠᠷ ᠪᠠᠢᠰᠢᠩ᠂ ᠭᠠᠴᠠᠭᠠᠨ ᠤ᠋ ᠠᠯᠪᠠᠨ ᠭᠡᠷ ᠪᠣᠯᠬᠤ ᠲᠣᠮᠣ ᠮᠣᠩᠭᠣᠯ ᠭᠡᠷ ᠪᠠ ᠰᠤᠷᠭᠠᠭᠤᠯᠢ ᠶ᠋ᠢᠨ ᠬᠣᠭᠣᠯᠠᠨ ᠭᠡᠷ ᠵᠡᠷᠭᠡ ᠬᠡᠳᠦᠨ ᠮᠣᠩᠭᠣᠯ ᠭᠡᠷ ᠵᠡᠷᠭᠡᠯᠭᠡᠨ ᠳᠤᠮᠳᠠ ᠢᠷᠠᠯᠵᠠᠨ ᠬᠠᠷᠠᠭᠳᠠᠨ᠎ᠠ᠃ ᠬᠡᠦᠬᠡᠨ ᠴᠣᠩᠬᠣ ᠪᠠᠷ ᠥᠨᠳᠡᠯᠵᠡᠨ ᠬᠠᠷᠠᠭᠰᠠᠨ ᠢ᠋ᠶ᠋ᠠᠨ
— ᠲᠡᠭᠦᠨ ᠢ᠋ ᠬᠠᠷ᠎ᠠ᠂ ᠪᠠᠶᠠᠩᠬᠣᠩᠭᠣᠷ ᠭᠠᠴᠠᠭᠠᠨ ᠤ᠋ ᠠᠯᠪᠠᠨ ᠭᠡᠷ᠂ ᠰᠤᠷᠭᠠᠭᠤᠯᠢ ᠬᠠᠷᠠᠭᠳᠠᠵᠤ ᠪᠠᠢᠨ᠎ᠠ᠂ ᠰᠤᠷᠤᠭᠴᠢᠳ ᠣᠳᠣ ᠶᠠᠭ ᠬᠢᠴᠢᠶᠡᠯ ᠣᠷᠣᠵᠤ ᠪᠠᠢᠭ᠎ᠠ ᠳᠠ᠃ ᠨᠠᠮ᠎ᠠ ᠶ᠋ᠢ ᠨᠢᠭᠡ ᠰᠠᠷ᠎ᠠ ᠶ᠋ᠢᠨ ᠳᠠᠳᠤᠯᠭ᠎ᠠ ᠪᠠᠨ ᠳᠠᠭᠤᠰᠬᠠᠵᠤ ᠪᠤᠴᠠᠬᠤ ᠳ᠋ᠤ᠌ ᠰᠤᠷᠤᠭᠴᠢᠳ ᠮᠢᠨᠢ ᠪᠦᠭᠦᠳᠡᠭᠡᠷ ᠢ᠋ᠶ᠋ᠡᠨ ᠤᠬᠢᠯᠠᠭᠠᠳ ᠬᠣᠴᠣᠷᠤᠭᠰᠠᠨ ᠰᠢᠦ᠃ ᠪᠤᠴᠠᠵᠤ ᠢᠷᠡᠭᠰᠡᠨ ᠢ᠋ ᠮᠢᠨᠢ ᠮᠡᠳᠡᠪᠡᠯ ᠲᠡᠳᠡ ᠯᠠᠪ ᠶᠡᠬᠡ ᠪᠠᠶᠠᠷᠯᠠᠨ᠎ᠠ ᠪᠠᠢᠬᠤ ᠳᠠ ᠭᠡᠰᠡᠨ ᠳ᠋ᠦ᠍ ᠵᠠᠯᠠᠭᠤ ᠲᠣᠯᠣᠭᠠᠢ ᠳᠣᠬᠢᠨ ᠢᠨᠢᠶᠡᠮᠰᠦᠭᠯᠡᠵᠦ
— ᠶᠠᠷᠢᠯᠭᠠᠨ ᠶᠠᠭᠤ ᠪᠠᠢᠨ᠎ᠠ᠃ ᠪᠢᠳᠡ ᠬᠣᠶᠠᠷ ᠢ᠋ ᠪᠤᠴᠠᠭᠠᠳ ᠢᠷᠡᠨ᠎ᠡ ᠭᠡᠵᠦ ᠯᠠᠪ ᠪᠣᠳᠣᠭ᠎ᠠ ᠦᠭᠡᠢ ᠪᠠᠢᠬ᠎ᠠ᠃ ᠪᠠᠭᠰᠢ ᠶ᠋ᠢᠨ ᠰᠤᠷᠭᠠᠭᠤᠯᠢ ᠲᠡᠭᠦᠰᠦᠭᠰᠡᠨ ᠮᠠᠨ ᠤ᠋ ᠠᠷᠪᠠᠨ ᠬᠣᠶᠠᠳᠤᠭᠠᠷ ᠬᠤᠭᠤᠴᠠᠭᠠᠨ ᠤ᠋ ᠬᠣᠶᠠᠷ ᠮᠣᠩᠭᠣᠯ ᠠᠩᠭᠢ ᠶ᠋ᠢᠨ ᠰᠤᠷᠤᠭᠴᠢᠳ ᠲᠠᠪᠤ ᠲᠠᠪᠤᠭᠤᠯᠠ ᠪᠠᠨ ᠨᠢᠭᠡ ᠳᠤᠭᠤᠢᠯᠠᠩ ᠪᠣᠯᠵᠤ᠂ ᠵᠡᠭᠦᠨ ᠭᠤᠷᠪᠠᠨ ᠰᠤᠮᠤᠨ ᠤ᠋ ᠡᠯ᠎ᠡ ᠭᠠᠴᠠᠭᠠᠨ ᠳ᠋ᠤ᠌ ᠪᠠᠭᠤᠭᠰᠠᠨ᠃ ᠣᠳᠣ ᠪᠢᠳᠡ ᠬᠣᠶᠠᠭᠤᠯᠠᠬᠠᠨ ᠬᠠᠷᠭᠠᠨᠠᠲᠠᠢ ᠳ᠋ᠤ᠌ ᠢᠷᠡᠵᠦ ᠠᠵᠢᠯᠯᠠᠬᠤ ᠪᠣᠯᠤᠯ᠎ᠠ ᠭᠡᠰᠡᠨ ᠳ᠋ᠦ᠍ ᠬᠡᠦᠬᠡᠨ᠄
— ᠲᠡᠢᠮᠦ ᠠ᠋᠂ ᠪᠢᠳᠡ ᠡᠨᠡᠬᠦ ᠣᠨᠴᠠᠭᠠᠢ ᠴᠠᠭ ᠡᠷᠢᠨ ᠦ᠌ ᠰᠢᠨ᠎ᠡ ᠬᠠᠭᠤᠳᠠᠰᠤᠨ ᠳ᠋ᠤ᠌ ᠪᠠᠬᠠᠷᠬᠠᠮ᠎ᠠ ᠰᠠᠢᠬᠠᠨ ᠵᠦᠢᠯᠡᠰ ᠢ᠋ ᠪᠢᠴᠢᠭᠯᠡᠵᠦ ᠦᠯᠡᠳᠡᠭᠡᠬᠦ ᠪᠡᠷ ᠴᠢᠷᠮᠠᠢᠨ ᠠᠵᠢᠯᠯᠠᠵᠤ ᠠᠮᠢᠳᠤᠷᠠᠬᠤ ᠪᠣᠯᠤᠨ᠎ᠠ ᠭᠡᠵᠦ ᠶᠠᠷᠢᠯᠴᠠᠭᠰᠠᠭᠠᠷ ᠶᠠᠪᠤᠬᠤ ᠳ᠋ᠤ᠌ ᠤᠳᠠᠯ ᠦᠭᠡᠢ ᠰᠤᠮᠤᠨ ᠤ᠋ ᠲᠥᠪ ᠲᠦ᠍ ᠬᠦᠷᠴᠦ ᠢᠷᠡᠯ᠎ᠡ᠃
ᠲᠡᠷᠡ ᠬᠣᠶᠠᠷ ᠣᠷᠣ ᠳᠡᠪᠢᠰᠬᠡᠷ ᠢ᠋ᠶ᠋ᠡᠨ ᠳᠠᠮᠵᠢᠯᠠᠨ᠂ ᠲᠣᠣᠷ ᠲᠤ᠌ ᠬᠢᠭᠰᠡᠨ ᠲᠦᠩᠫᠦᠩ ᠰᠠᠪᠠ ᠪᠠᠨ ᠳᠡᠭᠦᠵᠢᠯᠡᠨ ᠰᠤᠮᠤᠨ ᠤ᠋ ᠠᠯᠪᠠᠨ ᠭᠡᠷ ᠢ᠋ ᠴᠢᠭᠯᠡᠨ ᠠᠯᠬᠤᠯ᠎ᠠ᠃ ᠴᠢᠬᠴᠠᠮ ᠨᠢᠭᠡ ᠡᠳᠦᠷ ᠵᠠᠮ ᠤ᠋ᠨ ᠲᠣᠭᠣᠰᠣᠨ ᠳ᠋ᠤ᠌ ᠳᠠᠷᠤᠭᠳᠠᠨ ᠬᠤᠸᠠ ᠬᠠᠯᠲᠠᠷ ᠪᠣᠯᠤᠭᠰᠠᠨ ᠴᠢᠷᠠᠢ ᠪᠠᠨ ᠬᠠᠷᠠᠯᠴᠠᠭᠠᠳ ᠢᠨᠢᠶᠡᠯᠴᠡᠵᠡᠬᠡᠪᠡ᠃
ᠰᠤᠮᠤᠨ ᠤ᠋ ᠲᠥᠪ ᠭᠡᠵᠦ ᠬᠥᠬᠡ ᠳᠡᠭᠡᠪᠦᠷ ᠲᠡᠢ ᠰᠢᠪᠡᠷ ᠬᠦᠷᠢᠶ᠎ᠡ ᠲᠡᠢ ᠬᠣᠶᠠᠷ ᠮᠥᠷ ᠬᠠᠭᠤᠴᠢᠨ ᠲᠣᠭᠣᠰᠬᠠᠨ ᠪᠠᠢᠰᠢᠩ ᠪᠣᠯ ᠡᠨᠡ ᠭᠠᠵᠠᠷ ᠤ᠋ᠨ ᠨᠠᠮ ᠵᠠᠰᠠᠭ ᠤ᠋ᠨ ᠪᠠᠢᠭᠤᠯᠭ᠎ᠠ ᠪᠣᠯᠬᠤ ᠶᠤᠮ᠃ ᠥᠴᠥᠭᠡᠳᠦᠷ ᠬᠤᠰᠢᠭᠤᠨ ᠤ᠋ ᠲᠠᠷᠢᠶᠠᠯᠠᠩ ᠤ᠋ᠨ ᠬᠠᠮᠢᠶᠠᠷᠤᠯᠲᠠ ᠶ᠋ᠢᠨ ᠲᠣᠪᠴᠢᠶᠠᠨ (《ᠪᠢᠩᠲ᠋ᠤᠸᠠᠨ ᠤ᠋ ᠵᠠᠬᠢᠷᠭᠠᠨ ᠤ᠋ ᠲᠥᠪ》 ᠢ᠋ ᠲᠡᠭᠡᠵᠦ ᠨᠡᠷᠡᠯᠡᠳᠡᠭ ᠪᠠᠢᠵᠠᠢ) ᠠ᠋ᠴᠠ ᠴᠠᠬᠢᠯᠭᠠᠨ ᠢᠷᠡᠭᠦᠯᠵᠦ᠂ ᠪᠠᠭᠰᠢ ᠶ᠋ᠢᠨ ᠲᠤᠰᠬᠠᠢ ᠮᠡᠷᠭᠡᠵᠢᠯ ᠲᠡᠭᠦᠰᠦᠭᠰᠡᠨ ᠬᠣᠶᠠᠷ ᠣᠶᠤᠲᠠᠨ ᠢ᠋ ᠲᠤᠰ ᠰᠤᠮᠤᠨ ᠳ᠋ᠤ᠌ ᠬᠤᠪᠢᠶᠠᠭᠰᠠᠨ ᠢ᠋ ᠮᠡᠳᠡᠭᠳᠡᠵᠦ᠂ ᠮᠠᠷᠭᠠᠰᠢ ᠣᠴᠢᠨ᠎ᠠ᠂ ᠠᠯᠢ ᠪᠣᠯᠬᠤ ᠪᠠᠷ ᠲᠠᠪᠠᠲᠠᠢ ᠲᠤᠬᠠᠲᠠᠢ ᠲᠣᠬᠢᠷᠠᠭᠤᠯ ᠭᠡᠵᠦ ᠱᠠᠭᠠᠷᠳᠠᠵᠠᠢ᠃ ᠲᠡᠭᠡᠭᠡᠳ ᠰᠤᠮᠤᠨ ᠤ᠋ ᠨᠠᠮ ᠤ᠋ᠨ ᠬᠣᠷᠢᠶ᠎ᠠ ᠶ᠋ᠢᠨ ᠱᠦᠵᠢ ᡀᠠᠮᠣ᠂ ᠰᠤᠮᠤᠨ ᠳᠠᠷᠤᠭ᠎ᠠ᠂ ᠡᠮᠡᠭᠲᠡᠢᠴᠦᠳ ᠦ᠋ᠨ ᠡᠷᠬᠢᠯᠡᠭᠴᠢ ᠪᠠᠨᠳᠠᠷᠢ᠂ ᠨᠠᠷᠢᠨ ᠪᠢᠴᠢᠭᠡᠴᠢ ᠳᠠᠩᠽᠢᠨ᠂ ᠰᠤᠷᠭᠠᠨ ᠬᠥᠮᠦᠵᠢᠯ ᠦ᠋ᠨ ᠡᠷᠬᠢᠯᠡᠭᠴᠢ ᠰᠣᠶᠣᠯᠡᠷᠳᠡᠨᠢ ᠨᠠᠷ ᠤᠭᠲᠤᠨ ᠠᠪᠴᠤ ᠠᠭᠤᠯᠵᠠᠯ᠎ᠠ᠃ ᡀᠠᠮᠣ ᠱᠦᠵᠢ ᠭᠡᠵᠦ ᠥᠨᠳᠥᠷ ᠲᠣᠮᠣ ᠪᠡᠶ᠎ᠡ ᠲᠡᠢ ᠬᠦᠷᠡᠯ ᠬᠠᠷ᠎ᠠ ᠴᠢᠷᠠᠢ ᠲᠠᠢ ᠡᠪᠦᠭᠡᠵᠢᠶᠡᠷ ᠮᠠᠶᠢᠭ ᠤ᠋ᠨ ᠬᠥᠮᠦᠨ᠃ ᠰᠤᠮᠤᠨ ᠳᠠᠷᠤᠭ᠎ᠠ ᠪᠠᠨᠳᠠᠷᠢ ᠭᠤᠸᠠᠢ ᠭᠡᠵᠦ ᠲᠤᠭᠤᠯ ᠤ᠋ᠨ ᠨᠢᠳᠦ ᠲᠡᠢ᠂ ᠤᠷᠲᠤ ᠰᠣᠷᠮᠤᠤᠰᠤ ᠲᠠᠢ᠂ ᠮᠠᠷᠢᠶᠠᠯᠢᠭ ᠪᠣᠯᠪᠠᠴᠤ ᠲᠡᠭᠰᠢ ᠴᠢᠭᠢᠷᠠᠭ ᠪᠡᠶ᠎ᠡ ᠲᠡᠢ᠂ ᠳᠥᠴᠢ ᠰᠢᠭᠦᠷᠡᠵᠦ ᠶᠠᠪᠤᠭ᠎ᠠ ᠵᠢᠪᠬᠤᠭ᠎ᠠ ᠲᠡᠭᠦᠯᠳᠡᠷ ᠪᠦᠰᠡᠭᠦᠢ᠃ ᠰᠣᠶᠣᠯᠡᠷᠳᠡᠨᠢ ᠭᠡᠵᠦ ᠥᠨᠳᠥᠷ ᠬᠦᠳᠡᠷᠯᠢᠭ ᠪᠡᠶ᠎ᠡ ᠲᠡᠢ᠂ ᠬᠣᠨᠢᠨ ᠬᠣᠷᠭᠣᠯ ᠰᠢᠭᠢᠳᠬᠡᠴᠢᠬᠡᠭᠰᠡᠨ ᠶᠦᠮ ᠰᠢᠭ ᠲᠣᠳᠣ ᠬᠠᠷ᠎ᠠ ᠨᠢᠳᠦ ᠲᠡᠢ᠂ ᠪᠣᠷᠣ ᠬᠦᠷᠡᠩ ᠴᠢᠷᠠᠢ ᠲᠠᠢ ᠭᠤᠴᠢ ᠭᠠᠷᠤᠢ ᠨᠠᠰᠤᠨ ᠤ᠋ ᠬᠥᠮᠦᠨ ᠪᠠᠢᠯ᠎ᠠ᠃
ᠳᠠᠩᠽᠢᠨ ᠪᠢᠴᠢᠭᠡᠴᠢ ᠭᠡᠵᠦ ᠬᠣᠷᠢᠨ ᠨᠠᠢ᠍ᠮᠠ ᠶᠢᠰᠦᠨ ᠨᠠᠰᠤᠨ ᠤ᠋ ᠱᠣᠪᠣᠯᠵᠠᠭᠰᠠᠨ ᠥᠨᠳᠥᠷ ᠬᠥᠬᠡ ᠬᠥᠮᠦᠨ ᠪᠠᠢᠵᠤ᠂ ᠲᠡᠷᠡ ᠳᠠᠯᠳᠠ ᠳᠠᠪᠬᠤᠷ᠎ᠠ ᠲᠠᠢ ᠵᠥᠭᠡᠯᠡᠨ ᠳᠥᠯᠭᠡᠬᠡᠨ ᠬᠠᠷᠠᠴᠠ ᠲᠠᠢ ᠬᠤᠷᠴᠠᠯᠢᠭ ᠬᠠᠷ᠎ᠠ ᠨᠢᠳᠦ ᠪᠡᠷ ᠬᠣᠶᠠᠷ ᠵᠠᠯᠠᠭᠤ ᠣᠶᠤᠲᠠᠨ ᠢ᠋ ᠡᠭᠡᠯᠵᠢᠯᠡᠨ ᠬᠠᠷᠠᠵᠤ᠂ ᠭᠠᠷ ᠠᠳᠬᠤᠨ ᠮᠡᠨᠳᠦᠯᠡᠭᠡᠳ᠂
— ᠠᠶᠠᠨ ᠵᠠᠮ ᠳ᠋ᠠᠭᠠᠨ ᠰᠠᠢᠨ ᠶᠠᠪᠤᠵᠤ ᠢᠷᠡᠪᠡ ᠤᠤ? ᠶᠡᠬᠡ ᠵᠦᠳᠡᠷᠡᠭᠰᠡᠨ ᠪᠢᠵᠡ ᠳᠡ ᠭᠡᠳ ᠰᠤᠮᠤᠨ ᠤ᠋ ᠪᠠᠨ ᠬᠡᠳᠦᠨ ᠤᠳᠤᠷᠢᠳᠤᠯᠭ᠎ᠠ ᠶ᠋ᠢ ᠳᠠᠷᠠᠭᠠᠯᠠᠨ ᠲᠠᠨᠢᠯᠴᠠᠭᠤᠯᠪᠠ᠃ ᠬᠣᠶᠠᠷ ᠵᠠᠯᠠᠭᠤ ᠠᠬᠠᠮᠠᠳ ᠳᠠᠷᠤᠭ᠎ᠠ ᠨᠠᠷ ᠲᠠᠢ ᠪᠠᠨ ᠮᠡᠨᠳᠦ ᠤᠰᠤ ᠪᠠᠨ ᠮᠡᠳᠡᠯᠴᠡᠨ ᠵᠣᠯᠭᠠᠵᠤ᠂ ᠥᠪᠡᠷᠰᠡᠳ ᠢ᠋ ᠪᠡᠨ ᠲᠠᠨᠢᠯᠴᠠᠭᠤᠯᠪᠠ᠃
— ᠨᠠᠮ᠎ᠠ ᠶ᠋ᠢ ᠭᠠᠪᠢᠷ᠎ᠠ ᠭᠡᠳᠡᠭ᠃
— ᠨᠠᠮ᠎ᠠ ᠶ᠋ᠢ ᠰᠠᠢᠰᠢᠶᠠᠯᠲᠤ ᠭᠡᠳᠡᠭ᠃
ᠲᠡᠳᠡ ᠬᠣᠶᠠᠭᠤᠯᠠ ᠶ᠋ᠢ ᠰᠤᠮᠤᠨ ᠤ᠋ ᠵᠣᠴᠢᠳ ᠤ᠋ᠨ ᠪᠠᠭᠤᠳᠠᠯ ᠳ᠋ᠤ᠌ ᠲᠦᠷ ᠲᠥᠪᠬᠢᠨᠡᠭᠦᠯᠵᠦ ᠲᠣᠬᠢᠷᠠᠭᠤᠯᠪᠠ᠃ ᠰᠤᠮᠤᠨ ᠣ ᠪᠠᠭᠤᠳᠠᠯ ᠭᠡᠵᠦ ᠪᠦᠭᠦᠳᠡ ᠳᠦᠷᠪᠡᠭᠡᠨ ᠥᠷᠥᠭᠡ ᠲᠡᠢ᠃ ᠨᠢᠭᠡ ᠥᠷᠥᠭᠡᠨ ᠳ᠋ᠦ᠍ᠨᠢ ᠬᠣᠶᠠᠷ ᠬᠥᠮᠦᠨ ᠦ᠌ ᠣᠷᠣ ᠲᠠᠢ᠃ ᠶᠠᠭᠠᠬᠢᠬᠤ ᠠᠷᠭ᠎ᠠ ᠦᠭᠡᠢ ᠦᠵᠢᠷᠡᠵᠦ ᠬᠠᠭᠤᠴᠢᠷᠠᠭᠰᠠᠨ ᠡᠭᠦᠳᠡ ᠴᠣᠩᠬᠣ ᠲᠠᠢ᠂ ᠵᠢᠵᠢᠭᠬᠡᠨ ᠲᠠᠰᠤᠯᠭ᠎ᠠ ᠲᠠᠢ ᠥᠨᠥᠳᠥᠷ ᠡᠳᠡᠨ ᠢ᠋ ᠢᠷᠡᠬᠦ ᠭᠡᠵᠦ ᠨᠡᠯᠢᠶᠡᠳ ᠬᠦᠴᠦ ᠣᠷᠣᠭᠤᠯᠵᠤ ᠴᠡᠪᠡᠷᠯᠡᠵᠦ ᠲᠡᠭᠰᠢᠯᠡᠭᠰᠡᠨ ᠭᠡᠳᠡᠭ ᠨᠢ ᠢᠯᠡᠬᠡᠨ᠃ ᠲᠡᠭᠡᠭᠡᠳ ᠬᠣᠶᠠᠷ ᠵᠠᠯᠠᠭᠤ ᠥᠪᠡᠷ ᠥᠪᠡᠷ ᠦ᠋ᠨ ᠥᠷᠥᠭᠡᠨ ᠳ᠋ᠡᠭᠡᠨ ᠣᠷᠣ ᠳᠡᠪᠢᠰᠬᠡᠷ ᠢ᠋ᠶ᠋ᠡᠨ ᠳᠡᠯᠭᠡᠨ ᠲᠥᠪᠬᠢᠨᠡᠭᠦᠯᠵᠦ ᠠᠶᠠᠨ ᠤ᠋ ᠲᠣᠭᠣᠰᠣ ᠰᠢᠷᠣᠢ ᠪᠠᠨ ᠤᠬᠢᠶᠠᠵᠤ ᠴᠡᠪᠡᠷᠯᠡᠨ ᠪᠠᠢᠲᠠᠯ᠎ᠠ ᠭᠠᠪᠢᠷ᠎ᠠ ᠶ᠋ᠢᠨ ᠥᠷᠥᠭᠡᠨ ᠦ᠌ ᠡᠭᠦᠳᠡ ᠶ᠋ᠢ ᠲᠣᠭᠰᠢᠬᠤ ᠳᠠᠭᠤᠨ ᠰᠣᠨᠣᠰᠳᠠᠪᠠ᠃ ᠭᠠᠪᠢᠷ᠎ᠠ ᠶᠠᠭᠠᠷᠠᠨ ᠬᠤᠪᠴᠠᠰᠤ ᠪᠠᠨ ᠡᠮᠦᠰᠦᠨ ᠣᠴᠢᠵᠤ ᠡᠭᠦᠳᠡ ᠨᠡᠭᠡᠭᠡᠪᠡᠯ᠂ ᠴᠢᠬᠢᠨ ᠦ᠌ ᠪᠡᠨ ᠣᠮᠣᠭ ᠳᠡᠭᠡᠭᠦᠷ ᠬᠢᠷᠭᠠᠭᠰᠠᠨ ᠦᠰᠦ ᠲᠡᠢ᠂ ᠳᠤᠭᠤᠷᠠᠭ ᠰᠢᠷᠠᠮᠠᠩ ᠴᠢᠷᠠᠢ ᠲᠠᠢ᠂ ᠬᠤᠪᠠᠨ ᠰᠢᠷ᠎ᠠ ᠳᠠᠪᠬᠤᠷ᠎ᠠ ᠨᠢᠳᠦ ᠲᠡᠢ ᠨᠠᠮᠬᠠᠨ ᠳᠥᠷᠪᠡᠯᠵᠢᠨ ᠪᠡᠶ᠎ᠡ ᠲᠡᠢ ᠵᠠᠯᠠᠭᠤ ᠪᠦᠰᠡᠭᠦᠢ ᠵᠣᠭᠰᠣᠵᠤ ᠪᠠᠢᠪᠠ᠃ ᠭᠠᠪᠢᠷ᠎ᠠ ᠲᠣᠯᠣᠭᠠᠢ ᠳᠣᠬᠢᠨ᠄
一 ᠰᠠᠢᠨ ᠪᠠᠢᠨ᠎ᠠ ᠤᠤ᠂ ᠲᠠ? ᠭᠡᠪᠡᠯ ᠨᠥᠭᠦᠭᠡ ᠪᠦᠰᠡᠭᠦᠢ᠄
一 ᠡᠩ! ᠭᠡᠳ
一 ᠲᠠ ᠬᠣᠶᠠᠷ ᠢ᠋ ᠨᠠᠷᠢᠨ ᠪᠢᠴᠢᠭᠡᠴᠢ ᠳᠠᠭᠤᠳᠠᠵᠤ ᠪᠠᠢᠨ᠎ᠠ ᠭᠡᠵᠦ ᠵᠢᠷᠢᠮ ᠦ᠋ᠨ ᠠᠶᠠᠯᠭᠤ ᠪᠠᠷ ᠬᠡᠯᠡᠪᠡ᠃ ᠡᠨᠡ ᠪᠦᠰᠡᠭᠦᠢ ᠪᠣᠯ ᠲᠠᠩᠽᠢᠨ ᠪᠢᠴᠢᠭᠡᠴᠢ ᠶ᠋ᠢᠨ ᠪᠦᠰᠡᠭᠦᠢ᠂ ᠰᠤᠮᠤᠨ ᠤ᠋ ᠨᠢᠭᠲᠠᠯᠠᠨ ᠪᠣᠳᠣᠭᠴᠢ ᠨᠡᠷᠡᠨ᠎ᠡ ᠠᠵᠢ᠃ ᠭᠠᠪᠢᠷ᠎ᠠ᠂ ᠰᠠᠢᠰᠢᠶᠠᠯᠲᠤ ᠬᠣᠶᠠᠷ ᠰᠤᠮᠤᠨ ᠤ᠋ ᠠᠯᠪᠠᠨ ᠭᠡᠷ ᠲᠦ᠍ ᠣᠴᠢᠵᠤ ᠳᠠᠩᠽᠢᠨ ᠪᠢᠴᠢᠭᠡᠴᠢ ᠳ᠋ᠦ᠍ ᠪᠣᠢ ᠪᠦᠬᠦᠢ ᠪᠢᠴᠢᠭ ᠲᠠᠨᠢᠯᠴᠠᠭᠤᠯᠭ᠎ᠠ ᠪᠠᠨ ᠲᠤᠰᠢᠶᠠᠵᠤ᠂ ᠡᠨᠡ ᠰᠤᠮᠤᠨ ᠳ᠋ᠤ᠌ ᠠᠩᠬᠠᠳᠠᠭᠴᠢ ᠤᠯᠤᠰ ᠤ᠋ᠨ ᠠᠯᠪᠠᠲᠠᠨ ᠢ᠋ᠶ᠋ᠠᠷ ᠠᠵᠢᠯᠯᠠᠬᠤ ᠭᠠᠷ ᠭᠦᠢᠴᠡᠳᠬᠡᠯ ᠢ᠋ᠶ᠋ᠡᠨ ᠬᠢᠯ᠎ᠡ᠃ ᠳᠠᠩᠽᠢᠨ ᠪᠢᠴᠢᠭᠡᠴᠢ ᠶᠡᠬᠡ ᠯᠡ ᠬᠢᠨᠠᠮᠠᠭᠠᠢ ᠪᠠᠷ ᠲᠡᠳᠡᠨ ᠦ᠌ ᠪᠢᠴᠢᠭ ᠪᠠᠷᠢᠮᠲᠠ ᠶ᠋ᠢ ᠦᠵᠡᠵᠦ ᠲᠡᠮᠳᠡᠭᠯᠡᠨ ᠬᠢᠲᠠᠳ ᠮᠣᠩᠭᠣᠯ ᠢ᠋ᠶ᠋ᠠᠷ ᠪᠢᠴᠢᠵᠦ ᠪᠠᠢᠯ᠎ᠠ᠃ ᠨᠢᠭᠲᠠᠯᠠᠨ ᠪᠣᠳᠣᠭᠴᠢ ᠴᠤ᠌ ᠴᠠᠯᠢᠩ᠂ ᠬᠦᠰᠦᠨᠦᠭ ᠢ᠋ ᠬᠢᠵᠦ ᠬᠣᠭᠣᠯᠠᠨ ᠤ᠋ ᠮᠥᠩᠭᠥ ᠠᠷᠪᠠᠨ ᠲᠠᠪᠤᠨ ᠲᠥᠭᠥᠷᠢᠭ᠂ ᠬᠣᠷᠢᠨ ᠵᠢᠩ ᠪᠤᠳᠠᠭᠠᠨ ᠤ᠋ ᠪᠢᠯᠧᠲ ᠢ᠋ ᠲᠤᠰᠢᠶᠠᠯᠭᠠᠵᠤ᠄
一 ᠥᠨᠥ ᠣᠷᠣᠢ ᠠ᠋ᠴᠠ ᠡᠬᠢᠯᠡᠨ ᠰᠤᠮᠤᠨ ᠤ᠋ ᠬᠣᠭᠣᠯᠠᠨ ᠭᠡᠷ ᠲᠦ᠍ ᠢᠳᠡᠬᠦ ᠪᠣᠯᠤᠨ᠎ᠠ ᠭᠡᠨ᠎ᠡ᠃ ᠤᠳᠠᠯ ᠦᠭᠡᠢ ᠲᠠᠩᠽᠢᠨ ᠪᠢᠴᠢᠭᠡᠴᠢ ᠪᠢᠴᠢᠵᠦ ᠪᠠᠢᠭ᠎ᠠ ᠶᠠᠭᠤᠮ᠎ᠠ ᠪᠠᠨ ᠳᠠᠭᠤᠰᠬᠠᠭᠠᠳ ᠬᠣᠶᠠᠷ ᠵᠠᠯᠠᠭᠤ ᠳ᠋ᠤ᠌
— ᠣᠳᠣ ᠡᠨᠳᠡ ᠥᠭᠡᠷ᠎ᠡ ᠤᠴᠢᠷ ᠦᠭᠡᠢ᠂ ᠥᠷᠥᠭᠡᠨ ᠳ᠋ᠡᠭᠡᠨ ᠬᠠᠷᠢᠵᠤ ᠠᠮᠤᠰᠬᠢ᠃ ᠶᠡᠬᠡ ᠵᠦᠳᠡᠷᠡᠭᠰᠡᠨ ᠪᠠᠢᠬ᠎ᠠ ᠠ᠋᠃ ᠮᠠᠨ ᠤ᠋ ᠡᠨᠳᠡᠬᠢ ᠨᠥᠬᠥᠴᠡᠯ ᠪᠣᠯᠤᠯᠴᠠᠭ᠎ᠠ ᠮᠥᠨ ᠡᠢᠮᠦᠷᠬᠦᠦ ᠪᠠᠢᠳᠠᠯ ᠲᠠᠢ᠃ ᠬᠣᠵᠢᠮ ᠲᠠ ᠬᠣᠶᠠᠷ ᠲᠤ᠌ ᠬᠦᠴᠢᠷ ᠲᠦᠪᠡᠭᠲᠡᠢ ᠤᠴᠢᠷ ᠵᠥᠩᠳᠡᠭᠡᠨ ᠲᠠᠭᠠᠷᠠᠬᠤ ᠪᠣᠢ᠃ ᠲᠡᠭᠡᠪᠡᠴᠦ ᠱᠠᠪ ᠭᠡᠰᠡᠨ ᠰᠠᠢᠬᠠᠨ ᠵᠠᠯᠠᠭᠤᠰ ᠪᠠᠢᠨ᠎ᠠ᠃ ᠴᠢᠷᠮᠠᠢᠬᠤ ᠪᠢᠵᠡ! ᠭᠡᠳ ᠬᠢᠷᠥᠭᠡᠨ ᠦ᠌ ᠢᠷ ᠰᠢᠭ ᠵᠢᠵᠢᠭᠬᠡᠨ ᠰᠢᠳᠦ ᠢᠷᠠᠯᠵᠠᠭᠤᠯᠤᠨ ᠬᠥᠭᠲᠡᠢ ᠢᠨᠢᠶᠡᠭᠡᠳ
— ᠥ᠂ ᠲᠡᠢᠮᠦ᠂ ᠣᠷᠣᠢ ᠰᠤᠮᠤᠨ ᠤ᠋ ᠤᠳᠤᠷᠢᠳᠤᠯᠭ᠎ᠠ ᠨᠠᠷ ᠲᠠ ᠬᠣᠶᠠᠷ ᠢ᠋ ᠤᠭᠲᠤᠵᠤ᠂ ᠰᠢᠷᠡᠭᠡ ᠵᠠᠰᠠᠵᠤ ᠴᠢᠯᠡᠭᠡ ᠲᠠᠢᠯᠬᠤ ᠨᠠᠢᠷ ᠬᠢᠨ᠎ᠡ ᠰᠢᠦ! ᠣᠳᠣ ᠶᠠᠪᠤᠵᠤ ᠠᠮᠠᠷᠠᠵᠠᠭᠠ ᠭᠡᠨ᠎ᠡ᠃ ᠨᠢᠭᠲᠠᠯᠠᠨ ᠪᠣᠳᠣᠭᠴᠢ ᠨᠡᠷᠡᠨ᠎ᠡ ᠬᠤᠪᠠᠨ ᠰᠢᠷ᠎ᠠ ᠨᠢᠳᠦ ᠪᠡᠨ ᠴᠠᠪᠴᠢᠯᠠᠨ᠂ ᠠᠲᠠᠭᠠᠷᠬᠠᠭᠰᠠᠨ ᠴᠤ᠌ ᠭᠡᠬᠦ ᠶᠦᠮ ᠤᠤ᠂ ᠰᠣᠨᠢᠭᠤᠴᠢᠯᠠᠭᠰᠠᠨ ᠴᠤ᠌ ᠭᠡᠬᠦ ᠤᠤ᠂ ᠨᠢᠭᠡ ᠯᠡ ᠬᠠᠴᠢᠨ ᠬᠠᠷᠠᠴᠠ ᠪᠠᠷ ᠭᠠᠪᠢᠷ᠎ᠠ ᠶ᠋ᠢ ᠰᠢᠷᠳᠡᠨ᠎ᠡ᠃ ᠲᠤᠬᠠᠢ ᠶ᠋ᠢᠨ ᠦᠶ᠎ᠡ ᠳ᠋ᠦ᠍ ᠬᠠᠷᠭᠠᠨᠠᠲᠠᠢ ᠰᠤᠮᠤ ᠲᠠᠪᠤᠨ ᠮᠠᠯᠵᠢᠬᠤ ᠭᠠᠴᠠᠭ᠎ᠠ᠂ ᠨᠢᠭᠡ ᠲᠠᠷᠢᠶᠠᠯᠠᠬᠤ ᠪᠠᠷᠢᠭᠠᠳᠠ ᠲᠠᠢ᠃ ᠰᠤᠮᠤᠨ ᠤ᠋ ᠲᠥᠪ ᠲᠦ᠍ ᠨᠠᠮ ᠵᠠᠰᠠᠭ ᠤ᠋ᠨ ᠪᠠᠢᠭᠤᠯᠭ᠎ᠠ᠂ ᠡᠮᠨᠡᠯᠭᠡ ᠶ᠋ᠢᠨ ᠬᠣᠷᠢᠶ᠎ᠠ᠂ ᠮᠠᠯ ᠡᠮᠨᠡᠯᠭᠡ᠂ ᠬᠣᠷᠰᠢᠶ᠎ᠠ᠂ ᠠᠮᠤ ᠪᠤᠳᠠᠭ᠎ᠠ ᠶ᠋ᠢᠨ ᠥᠷᠲᠡᠭᠡ ᠵᠡᠷᠭᠡ ᠪᠠᠢᠭᠤᠯᠭ᠎ᠠ ᠨᠢᠭᠡᠴᠡ ᠲᠡᠢ᠃ ᠲᠠᠷᠢᠶᠠᠯᠠᠬᠤ ᠪᠠᠷᠢᠭᠠᠳᠠ ᠲᠠᠢ ᠪᠠᠨ ᠨᠡᠢᠯᠡᠭᠡᠳ ᠬᠡᠳᠦᠨ ᠮᠢᠩᠭᠠᠨ ᠬᠥᠮᠦᠨ ᠠᠮᠠ ᠲᠠᠢ᠃ ᠲᠠᠷᠢᠶᠠᠯᠠᠬᠤ ᠭᠠᠴᠠᠭ᠎ᠠ ᠨᠢ ᠬᠥᠮᠦᠨ ᠪᠦᠯᠢ ᠪᠡᠷ ᠬᠠᠮᠤᠭ ᠤ᠋ᠨ ᠣᠯᠠᠨ᠃ ᠭᠣᠣᠯᠳᠠᠭᠤ ᠬᠠᠷᠠᠴᠢᠨ ᠬᠣᠷᠴᠢᠨ ᠠ᠋ᠴᠠ ᠢᠷᠡᠭᠰᠡᠨ ᠲᠠᠷᠢᠶᠠᠯᠠᠬᠤ ᠮᠣᠩᠭᠣᠯᠴᠤᠳ ᠪᠠ ᠯᠢᠨᠳᠥ᠋ᠩ ᠯᠢᠨᠰᠢ ᠶ᠋ᠢᠨ ᠬᠢᠲᠠᠳ ᠢᠷᠭᠡᠳ ᠭᠣᠣᠯᠲᠠᠢ᠃ ᠥᠪᠡᠷᠰᠡᠳ ᠢ᠋ᠶ᠋ᠡᠨ ᠲᠠᠷᠢᠶ᠎ᠠ ᠲᠠᠷᠢᠵᠤ ᠠᠮᠤ ᠬᠦᠨᠡᠰᠦ ᠪᠡᠨ ᠬᠠᠩᠭᠠᠳᠠᠭ᠃ ᠠᠷᠭ᠎ᠠ ᠦᠭᠡᠢ ᠶᠠᠳᠠᠭᠤ ᠬᠣᠴᠣᠷᠤᠩᠭᠤᠢ᠃ ᠬᠥᠮᠦᠨ ᠠᠮᠠ ᠶ᠋ᠢᠨ ᠪᠦᠲᠦᠴᠡ ᠪᠤᠳᠤᠯᠢᠶᠠᠨᠲᠠᠢ᠃ ᠪᠠᠷᠢᠭᠠᠳᠠ ᠳ᠋ᠠᠭᠠᠨ ᠠᠩᠬ᠎ᠠ ᠳᠤᠮᠳᠠᠳᠤ ᠶ᠋ᠢᠨ ᠠᠩᠭᠢ ᠪᠣᠯᠤᠨ ᠪᠠᠭ᠎ᠠ ᠰᠤᠷᠭᠠᠭᠤᠯᠢ ᠲᠠᠢ᠃ ᠴᠥᠮ ᠬᠢᠲᠠᠳ ᠢ᠋ᠶ᠋ᠠᠷ ᠬᠢᠴᠢᠶᠡᠯᠯᠡᠳᠡᠭ᠃ ᠡᠨᠳᠡᠬᠢ ᠮᠣᠩᠭᠣᠯ ᠬᠡᠦᠬᠡᠳ ᠦ᠋ᠳ ᠪᠦᠷ ᠬᠢᠲᠠᠳ ᠢ᠋ᠶ᠋ᠠᠷ ᠰᠤᠷᠴᠤ ᠪᠠᠢᠭᠰᠠᠨ᠃ ᠳᠠᠯᠠᠭᠠᠳ ᠣᠨ ᠤ᠋ ᠡᠬᠢ ᠪᠡᠷ ᠲᠤᠰ ᠬᠤᠰᠢᠭᠤᠨ ᠤ᠋ ᠪᠤᠷᠭᠠᠰᠤᠲᠠᠢ᠂ ᠬᠠᠨ ᠠᠭᠤᠯᠠ᠂ ᠪᠠᠶᠠᠩᠬᠤᠸᠠ᠂ ᠬᠠᠷᠭᠠᠨᠠᠲᠠᠢ ᠵᠡᠷᠭᠡ ᠰᠤᠮᠤ ᠶ᠋ᠢ ᠴᠥᠮ ᠪᠢᠩᠲ᠋ᠤᠸᠠᠨ ᠤ᠋ ᠵᠠᠬᠢᠷᠭ᠎ᠠ ᠡᠵᠡᠯᠡᠵᠦ ᠪᠠᠢᠭᠰᠠᠨ ᠪᠥᠭᠡᠳ ᠤᠯᠤᠰ ᠤ᠋ᠨ ᠲᠠᠷᠢᠶᠠᠯᠠᠩ ᠤ᠋ᠨ ᠬᠠᠮᠢᠶᠠᠷᠤᠯᠲᠠ ᠶ᠋ᠢᠨ ᠲᠣᠪᠴᠢᠶ᠎ᠠ ᠠ᠋ᠴᠠ ᠰᠢᠭᠤᠳ ᠬᠠᠮᠢᠶᠠᠷᠴᠤ ᠪᠠᠢᠭᠰᠠᠨ ᠪᠠᠢᠵᠠᠢ᠃ ᠬᠠᠷᠭᠠᠨᠠᠲᠠᠢ ᠪᠣᠯ 41 ᠳ᠋ᠦ᠍ᠭᠡᠷ ᠲᠤᠸᠠᠨ ᠤ᠋ ᠰᠠᠭᠤᠵᠤ ᠪᠠᠢᠭᠰᠠᠨ ᠭᠠᠵᠠᠷ᠃ ᠵᠠᠬᠢᠷᠭᠠᠨ ᠤ᠋ ᠭᠣᠣᠯ ᠲᠥᠪ(ᠵᠡᠭᠦᠨ ᠭᠤᠷᠪᠠᠨ ᠰᠤᠮᠤ ᠪᠠᠭᠲᠠᠨ᠎ᠠ) ᠨᠢ ᠬᠠᠨ ᠠᠭᠤᠯᠠ ᠳ᠋ᠤ᠌ ᠪᠠᠢᠵᠤ《42 ᠳ᠋ᠤᠭᠠᠷ ᠲᠤᠸᠠᠨ》 ᠭᠡᠳᠡᠭ ᠪᠠᠢᠵᠠᠢ᠃ ᠡᠨᠡ ᠭᠤᠷᠪᠠᠨ ᠰᠤᠮᠤᠨ ᠳ᠋ᠤ᠌ ᠲᠢᠶᠠᠨᠵᠢᠨ᠂ ᠲᠠᠩᠱᠠᠨ ᠨᠤᠲᠤᠭ ᠲᠠᠢ ᠨᠢᠭᠡ ᠪᠦᠯᠦᠭ ᠬᠥᠮᠦᠰ ᠢ᠋《ᠭᠠᠵᠠᠷ ᠬᠠᠭᠠᠯᠪᠤᠷᠢᠯᠠᠬᠤ ᠪᠢᠩᠲ᠋ᠣᠸᠠᠨ》 ᠤ᠋ ᠨᠡᠷ᠎ᠡ ᠪᠡᠷ ᠣᠷᠣᠭᠤᠯᠵᠤ ᠦᠵᠡᠰᠬᠦᠯᠡᠩ ᠰᠠᠢᠬᠠᠨ ᠥᠩ ᠰᠢᠮᠡᠯᠢᠭ ᠬᠥᠷᠥᠰᠥ ᠰᠢᠷᠣᠢ ᠲᠠᠢ᠂ ᠪᠠᠢᠭᠠᠯᠢ ᠶ᠋ᠢᠨ ᠨᠥᠬᠥᠴᠡᠯ ᠬᠠᠮᠤᠭ ᠠ᠋ᠴᠠ ᠰᠠᠢᠨ ᠪᠤᠷᠭᠠᠰᠤᠲᠠᠢ᠂ ᠬᠠᠨ ᠠᠭᠤᠯᠠ᠂ ᠬᠠᠷᠭᠠᠨᠠᠲᠠᠢ ᠭᠤᠷᠪᠠᠨ ᠰᠤᠮᠤᠨ ᠤ᠋ ᠠᠭᠤᠯᠠᠨ ᠤ᠋ ᠡᠩᠭᠡᠷ ᠬᠣᠷᠮᠣᠢ᠂ ᠬᠥᠨᠳᠡᠢ ᠵᠢᠯᠠᠭ᠎ᠠ᠂ ᠠᠲᠠᠷ ᠬᠡᠭᠡᠷ᠎ᠡ ᠶ᠋ᠢ ᠬᠠᠭᠠᠯᠪᠤᠷᠢᠯᠠᠨ ᠪᠤᠭᠤᠳᠠᠢ᠂ ᠡᠷᠳᠡᠨᠢ ᠰᠢᠰᠢ᠂ ᠨᠠᠷᠢᠮᠤ ᠶ᠋ᠢ ᠶᠡᠬᠡᠪᠡᠷ ᠲᠠᠷᠢᠵᠤ《ᠠᠮᠤ ᠪᠤᠳᠠᠭ᠎ᠠ ᠪᠠᠨ ᠥᠪᠡᠷᠲᠡᠭᠡᠨ ᠬᠠᠩᠭᠠᠬᠤ》 ᠶ᠋ᠢ ᠤᠷᠢᠶᠠᠯᠠᠵᠤ ᠪᠠᠢᠵᠠᠢ᠃ ᠵᠠᠬᠢᠷᠭᠠᠨ ᠤ᠋ ᠲᠥᠪ ᠪᠣᠯᠬᠤ ᠬᠠᠨ ᠠᠭᠤᠯᠠᠨ ᠳ᠋ᠤ᠌ ᠲᠤᠰᠬᠠᠢ ᠠᠮᠤ ᠪᠤᠳᠠᠭ᠎ᠠ ᠪᠣᠯᠪᠠᠰᠤᠷᠠᠭᠤᠯᠬᠤ ᠦᠢᠯᠡᠳᠪᠦᠷᠢ ᠲᠡᠢ ᠪᠠᠢᠭᠰᠠᠨ ᠶᠤᠮ᠃ ᠭᠡᠪᠡᠴᠦ ᠪᠦᠳᠦᠭᠦᠯᠢᠭ ᠪᠤᠳᠠᠭ᠎ᠠ ᠭᠣᠣᠯᠳᠠᠭᠤ ᠪᠣᠯᠪᠠᠰᠤᠷᠠᠭᠤᠯᠳᠠᠭ᠃ ᠠᠷᠪᠠᠨ ᠤ᠋ ᠨᠢᠭᠡ ᠬᠤᠪᠢ ᠨᠢ ᠨᠠᠷᠢᠯᠢᠭ ᠠᠮᠤ ᠪᠠᠢᠵᠤ᠂ ᠪᠤᠳᠠᠭᠠᠨ ᠤ᠋ ᠲᠡᠮᠳᠡᠭ ᠬᠡᠷᠡᠭᠯᠡᠳᠡᠭ ᠡᠴᠡ ᠲᠠᠷᠢᠶᠠᠯᠠᠬᠤ ᠠᠮᠢᠳᠤᠷᠠᠯ ᠪᠦᠬᠦᠢ ᠬᠥᠮᠦᠰ ᠲᠦ᠍ ᠠᠪᠴᠤ ᠬᠡᠯᠡᠪᠡᠯ ᠮᠠᠰᠢ ᠭᠠᠴᠢᠭ ᠴᠠᠭ ᠰᠠᠨ᠃ ᠮᠠᠯᠵᠢᠬᠤ ᠭᠠᠴᠠᠭ᠎ᠠ ᠨᠤᠭᠤᠳ ᠨᠢ ᠰᠤᠮᠤᠨ ᠲᠥᠪ ᠡᠴᠡ ᠪᠡᠨ ᠨᠡᠯᠢᠶᠡᠳ ᠠᠯᠤᠰ ᠬᠣᠯᠠ ᠪᠠᠢᠵᠤ ᠭᠠᠴᠠᠭ᠎ᠠ ᠪᠦᠬᠦᠨ ᠳ᠋ᠦ᠍ ᠠᠷᠠᠳ ᠠ᠋ᠴᠠ ᠡᠷᠬᠢᠯᠡᠭᠰᠡᠨ ᠪᠠᠭ᠎ᠠ ᠰᠤᠷᠭᠠᠭᠤᠯᠢ ᠲᠠᠢ᠃ ᠲᠠᠷᠠᠬᠠᠢ ᠪᠤᠲᠠᠷᠬᠠᠢ ᠨᠡᠭᠦᠳᠡᠯᠯᠡᠨ ᠮᠠᠯᠵᠢᠳᠠᠭ᠃
ᠣᠷᠣᠢ ᠨᠢ ᠰᠤᠮᠤᠨ ᠤ᠋ ᠬᠣᠭᠣᠯᠠᠨ ᠭᠡᠷ ᠲᠦ᠍ ᠬᠣᠶᠠᠷ ᠣᠶᠤᠲᠠᠨ ᠢ᠋ ᠤᠭᠲᠤᠬᠤ ᠳᠠᠢᠯᠠᠯᠭ᠎ᠠ ᠬᠢᠵᠡᠢ᠃ ᠤᠤᠯ ᠤ᠋ᠨ ᠳᠥᠷᠪᠡᠨ ᠬᠥᠮᠦᠨ ᠰᠠᠭᠤᠳᠠᠭ ᠳᠥᠷᠪᠡᠯᠵᠢᠨ ᠰᠢᠷᠡᠭᠡ ᠪᠡᠨ ᠵᠠᠯᠭᠠᠵᠤ ᠪᠠᠰᠠ ᠨᠢᠭᠡ ᠰᠢᠷᠡᠭᠡ ᠨᠡᠮᠡᠭᠡᠳ ᠤᠷᠲᠤ ᠮᠣᠳᠣᠨ ᠰᠠᠨᠳᠠᠯᠢ ᠳᠥᠷᠪᠡ ᠶ᠋ᠢ ᠵᠡᠷᠭᠡᠴᠡᠭᠦᠯᠦᠨ ᠲᠠᠯᠪᠢᠵᠤ ᠨᠠᠢᠷ ᠤ᠋ᠨ ᠰᠢᠷᠡᠭᠡ ᠵᠠᠰᠠᠪᠠ᠃ ᠥᠩᠭᠡ ᠪᠣᠳᠣᠭ ᠨᠢ ᠬᠣᠯᠴᠣᠷᠠᠭᠰᠠᠨ ᠬᠠᠭᠤᠴᠢᠨ ᠬᠦᠷᠡᠩ ᠰᠢᠷᠡᠭᠡᠨ ᠳᠡᠭᠡᠷ᠎ᠡ ᠡᠨᠡ ᠨᠤᠲᠤᠭ ᠤ᠋ᠨ ᠣᠨᠴᠠ ᠭᠠᠷᠤᠯᠲᠠ ᠪᠣᠯᠬᠤ ᠴᠢᠴᠠᠷᠭᠠᠨ᠎ᠠ᠂ ᠰᠢᠷ᠎ᠠ ᠴᠡᠴᠡᠭ᠂ ᠴᠠᠭᠠᠨ ᠮᠥᠭᠥ ᠬᠠᠭᠠᠷᠢᠭᠰᠠᠨ ᠥᠨᠳᠡᠭᠡ᠂ ᠳᠠᠪᠤᠰᠤᠯᠠᠭᠰᠠᠨ ᠮᠠᠨᠵᠢᠨ᠂ ᠦᠬᠡᠷ ᠦ᠋ᠨ ᠮᠢᠬ᠎ᠠ ᠲᠥᠮᠥᠰᠥ ᠲᠡᠢ᠂ ᠳᠠᠷᠤᠰᠢᠭᠤᠯᠤᠭᠰᠠᠨ ᠳᠠᠪᠤᠰᠤ ᠲᠠᠢ ᠨᠤᠭᠤᠰᠤᠨ ᠤ᠋ ᠥᠨᠳᠡᠭᠡ ᠵᠡᠷᠭᠡ ᠨᠠᠢ᠍ᠮᠠᠨ ᠨᠣᠭᠣᠭ᠎ᠠ ᠥᠷᠥᠭᠳᠡᠵᠦ᠂ ᠨᠢᠭᠡ ᠯᠣᠩᠬᠣ《ᠲᠠᠯ᠎ᠠ ᠨᠤᠲᠤᠭ ᠤ᠋ᠨ ᠬᠠᠷ᠎ᠠ》᠂ ᠠᠷᠪᠠᠭᠠᠳ ᠯᠣᠩᠬᠣ ᠫᠢᠸᠣ᠋ ᠭᠠᠷᠭᠠᠵᠤ ᠨᠠᠢᠷ ᠡᠬᠢᠯᠡᠬᠦ ᠪᠣᠯᠤᠯ᠎ᠠ᠃ ᠱᠦᠵᠢ ᡀᠠᠮᠣ᠂ ᠰᠤᠮᠤᠨ ᠳᠠᠷᠤᠭ᠎ᠠ ᠪᠠᠨᠳᠠᠷᠢ᠂ ᠰᠤᠷᠭᠠᠨ ᠬᠥᠮᠦᠵᠢᠯ ᠦ᠋ᠨ ᠡᠷᠬᠢᠯᠡᠭᠴᠢ ᠰᠣᠶᠣᠯᠠᠷᠳᠡᠨᠢ᠂ ᠨᠠᠷᠢᠨ ᠪᠢᠴᠢᠭᠡᠴᠢ ᠳᠠᠩᠽᠢᠨ᠂ ᠨᠢᠭᠲᠠᠯᠠᠨ ᠪᠣᠳᠣᠭᠴᠢ ᠨᠡᠷᠡᠨ᠎ᠡ᠂ ᠨᠢᠷᠪᠠ ᠰᠠᠨᠵᠠᠢ ᠭᠤᠸᠠᠢ᠂ ᠬᠣᠶᠠᠷ ᠣᠶᠤᠲᠠᠨ ᠲᠠᠢ ᠪᠠᠨ ᠨᠠᠢ᠍ᠮᠠᠭᠤᠯᠠ᠃ ᠡᠳᠡ ᠪᠣᠯ ᠨᠠᠮ ᠵᠠᠰᠠᠭ ᠤ᠋ᠨ ᠪᠠᠢᠭᠤᠯᠭ᠎ᠠ ᠶ᠋ᠢᠨ ᠪᠦᠬᠦ ᠳᠠᠷᠤᠭ᠎ᠠ ᠠᠵᠢᠯᠲᠠᠨ᠃ ᠡᠪᠦᠭᠡᠨ ᠱᠦᠵᠢ ᠬᠤᠨᠳᠠᠭ᠎ᠠ ᠡᠷᠭᠦᠵᠦ ᠤᠭᠲᠤᠬᠤ ᠦᠭᠡ ᠬᠡᠯᠡᠪᠡ᠃ ᠰᠤᠮᠤᠨ ᠳᠠᠷᠤᠭ᠎ᠠ ᠪᠠᠨᠳᠠᠷᠢ ᠭᠤᠸᠠᠢ᠄
— ᠲᠠ ᠬᠣᠶᠠᠷ ᠢ᠋ ᠪᠠᠶᠠᠷᠯᠠᠨ ᠤᠭᠲᠤᠵᠤ ᠪᠠᠢᠨ᠎ᠠ! ᠮᠠᠨ ᠤ᠋ ᠡᠨᠳᠡ ᠪᠠᠭᠰᠢ ᠶᠡᠬᠡ ᠳᠤᠲᠠᠭᠳᠠᠵᠤ ᠪᠠᠢᠭ᠎ᠠ᠂ ᠨᠡᠩ ᠴᠦ᠍ ᠲᠤᠰᠬᠠᠢ ᠮᠡᠷᠭᠡᠵᠢᠯ ᠲᠡᠭᠦᠰᠦᠭᠰᠡᠨ ᠪᠠᠭᠰᠢᠨᠠᠷ ᠮᠠᠰᠢ ᠬᠣᠪᠣᠷ᠃ ᠭᠠᠴᠠᠭ᠎ᠠ ᠪᠦᠬᠦᠨ ᠳ᠋ᠦ᠍ ᠨᠢᠭᠡ ᠰᠤᠷᠭᠠᠭᠤᠯᠢ ᠲᠠᠢ᠃ ᠭᠠᠭᠴᠠ ᠬᠣᠶᠠᠷᠬᠠᠨ ᠪᠠᠭᠰᠢ ᠪᠠᠢᠵᠤ ᠪᠦᠬᠦ ᠬᠢᠴᠢᠶᠡᠯ ᠢ᠋ ᠵᠢᠭᠠᠳᠠᠭ᠃ ᠰᠤᠮᠤᠨ ᠳ᠋ᠤ᠌ ᠰᠤᠷᠭᠠᠭᠤᠯᠢ ᠪᠠᠢᠬᠤ ᠦᠭᠡᠢ ᠪᠣᠯᠤᠭᠠᠳ ᠤᠳᠠᠭᠰᠠᠨ᠃ ᠣᠳᠣ ᠴᠠᠭ ᠤ᠋ᠨ ᠪᠠᠢᠳᠠᠯ ᠴᠤ᠌ ᠵᠦᠭᠰᠢᠷᠡᠵᠦ᠂ ᠠᠷᠠᠳ ᠤ᠋ᠨ ᠠᠵᠤ ᠠᠮᠢᠳᠤᠷᠠᠯ᠂ ᠰᠣᠶᠣᠯ ᠰᠤᠷᠭᠠᠨ ᠬᠥᠮᠦᠵᠢᠯ ᠦ᠋ᠨ ᠦᠢᠯᠡᠰ ᠰᠡᠷᠭᠦᠬᠦ ᠬᠠᠨᠳᠤᠰᠢ ᠲᠠᠢ ᠪᠣᠯᠵᠤ ᠪᠠᠢᠨ᠎ᠠ᠃ ᠥᠩᠭᠡᠷᠡᠭᠴᠢ ᠵᠤᠨ ᠪᠠᠭᠰᠢ ᠶ᠋ᠢᠨ ᠰᠤᠷᠭᠠᠭᠤᠯᠢ ᠶ᠋ᠢᠨ ᠰᠤᠷᠤᠭᠴᠢᠳ ᠮᠠᠨ ᠤ᠋ ᠰᠤᠮᠤᠨ ᠤ᠋ ᠡᠯ᠎ᠡ ᠭᠠᠴᠠᠭᠠᠨ ᠳ᠋ᠤ᠌ ᠳᠠᠳᠤᠯᠭ᠎ᠠ ᠬᠢᠵᠦ ᠮᠠᠯᠴᠢᠳ ᠲᠤ᠌ ᠮᠠᠰᠢ ᠰᠠᠢᠨ ᠨᠥᠯᠥᠭᠡ ᠲᠤᠰᠬᠠᠯ ᠦᠯᠡᠳᠡᠭᠡᠭᠰᠡᠨ ᠪᠥᠭᠡᠳ ᠬᠡᠦᠬᠡᠳ ᠦ᠋ᠳ ᠦ᠋ᠨ ᠰᠤᠷᠴᠤ ᠮᠡᠳᠡᠬᠦ ᠤᠷᠮᠠᠰᠢᠯ ᠢ᠋ ᠶᠡᠬᠡᠳᠡ ᠬᠥᠭᠵᠢᠭᠡᠭᠰᠡᠨ ᠪᠢᠯᠡ᠃ ᠲᠠᠨ ᠤ᠋ ᠬᠣᠶᠠᠷ ᠤ᠋ᠨ ᠪᠤᠴᠠᠭᠠᠳ ᠢᠷᠡᠭᠰᠡᠨ ᠳ᠋ᠦ᠍ ᠶᠣᠰᠣᠲᠠᠢ ᠶᠡᠬᠡ ᠪᠠᠶᠠᠷᠯᠠᠭᠰᠠᠨ ᠰᠢᠦ! ᠤᠳᠠᠯ ᠦᠭᠡᠢ ᠰᠤᠮᠤᠨ ᠳ᠋ᠤ᠌ ᠪᠠᠢᠭᠤᠯᠵᠤ ᠪᠠᠢᠭ᠎ᠠ ᠰᠤᠷᠭᠠᠭᠤᠯᠢ ᠡᠬᠢᠯᠡᠬᠦ ᠭᠡᠵᠦ ᠪᠣᠢ᠃ ᠣᠳᠣᠬᠠᠨ ᠨᠥᠬᠥᠴᠡᠯ ᠮᠠᠰᠢ ᠪᠠᠷᠤᠭᠲᠠᠢ᠃ ᠣᠯᠠᠩᠬᠢ ᠵᠦᠢᠯᠡᠰ ᠢ᠋ ᠥᠪᠡᠷᠲᠡᠭᠡᠨ ᠠᠷᠭ᠎ᠠ ᠪᠣᠳᠣᠵᠤ ᠰᠢᠢᠳᠪᠦᠷᠢᠯᠡᠬᠦ ᠬᠡᠷᠡᠭᠲᠡᠢ᠃ ᠮᠠᠯᠴᠢᠳ ᠲᠤ᠌ ᠠᠵᠢᠯ ᠬᠢᠵᠦ ᠪᠠᠢᠭᠠᠳ ᠭᠠᠴᠠᠭᠠᠨ ᠤ᠋ ᠬᠡᠦᠬᠡᠳ ᠦ᠋ᠳ ᠢ᠋ ᠰᠤᠮᠤᠨ ᠳ᠋ᠤ᠌ ᠠᠪᠴᠢᠷᠠᠨ᠎ᠠ᠃ ᠰᠢᠨ᠎ᠡ ᠰᠤᠷᠤᠭᠴᠢ ᠨᠡᠮᠡᠵᠦ ᠡᠯᠰᠡᠨ᠎ᠡ᠃ ᠲᠠ ᠬᠣᠶᠠᠷ ᠪᠣᠯ ᠡᠨᠡ ᠰᠤᠷᠭᠠᠭᠤᠯᠢ ᠶ᠋ᠢᠨ ᠭᠣᠯᠣᠮᠲᠠ ᠶ᠋ᠢᠨ ᠭᠠᠯ ᠢ᠋ ᠠᠰᠠᠭᠠᠬᠤ ᠤᠤᠭᠠᠨ ᠪᠠᠭᠰᠢ ᠨᠠᠷ ᠪᠣᠯᠤᠨ᠎ᠠ᠃ ᠲᠠ ᠬᠣᠶᠠᠷ ᠤ᠋ᠨ ᠠᠵᠢᠯ ᠴᠤ᠌ ᠠᠷᠪᠢᠨ᠂ ᠡᠭᠦᠷᠭᠡ ᠴᠦ᠍ ᠬᠦᠨᠳᠦ᠃ ᠲᠡᠭᠡᠬᠦᠯᠡᠷ ᠲᠠ ᠬᠣᠶᠠᠷ ᠢ᠋ ᠡᠷᠲᠡᠬᠡᠨ ᠰᠢᠨ᠎ᠡ ᠣᠷᠴᠢᠨ ᠳ᠋ᠠᠭᠠᠨ ᠲᠡᠰᠴᠦ᠂ ᠠᠵᠢᠯ ᠢ᠋ᠶ᠋ᠠᠨ ᠠᠮᠵᠢᠯᠲᠠ ᠳᠦᠭᠦᠷᠡᠩ ᠡᠬᠢᠯᠡᠬᠦ ᠶ᠋ᠢ ᠵᠥᠩᠨᠡᠨ ᠢᠷᠥᠭᠡᠶ᠎ᠡ! ᠭᠡᠵᠦ ᠶᠠᠷᠢᠯ᠎ᠠ᠃ ᠰᠠᠢᠰᠢᠶᠠᠯᠲᠤ ᠭᠠᠪᠢᠷ᠎ᠠ ᠬᠣᠶᠠᠷ ᠠᠷᠢᠬᠢ ᠤᠤᠭᠤᠵᠤ ᠴᠢᠳᠠᠬᠤ ᠦᠭᠡᠢ ᠪᠣᠯᠪᠠᠴᠤ ᠠᠬᠠᠮᠠᠳ ᠨᠠᠷ ᠲᠠᠭᠠᠨ ᠪᠠᠢᠨ ᠳᠠᠬᠢᠨ ᠬᠤᠨᠳᠠᠭ᠎ᠠ ᠰᠡᠷᠭᠦᠭᠡᠵᠦ᠂ ᠦᠭᠡ ᠶ᠋ᠢ ᠨᠢ ᠠᠩᠬᠠᠷᠤᠯᠲᠠᠢᠬᠠᠨ ᠰᠣᠨᠣᠰᠤᠨ ᠰᠠᠭᠤᠵᠤ᠄《ᠠᠵᠢᠯ ᠡᠭᠦᠷᠭᠡ ᠪᠡᠨ ᠠᠮᠵᠢᠯᠲᠠᠲᠠᠢ ᠪᠡᠶᠡᠯᠡᠭᠦᠯᠦᠨ᠎ᠡ》 ᠭᠡᠵᠦ ᠵᠣᠷᠢᠭ ᠬᠦᠰᠡᠯ ᠢ᠋ᠶ᠋ᠡᠨ ᠢᠯᠡᠳᠬᠡᠨ ᠪᠠᠢᠯ᠎ᠠ᠃ ᠰᠤᠷᠭᠠᠨ ᠬᠥᠮᠦᠵᠢᠯ ᠦ᠋ᠨ ᠡᠷᠬᠢᠯᠡᠭᠴᠢ ᠰᠣᠶᠣᠯᠡᠷᠳᠡᠨᠢ ᠭᠤᠸᠠᠢ᠄
— ᠰᠤᠮᠤᠨ ᠠ᠋ᠴᠠ ᠪᠠᠷᠠᠭᠤᠨ ᠬᠣᠢᠨ᠎ᠠ ᠪᠠᠢᠭ᠎ᠠ ᠲᠡᠷᠡ ᠬᠡᠳᠦᠨ ᠮᠥᠷ ᠪᠠᠢᠰᠢᠩ ᠪᠣᠯ ᠤᠭ ᠨᠢ ᠪᠢᠩᠲ᠋ᠤᠸᠠᠨ ᠤ᠋ ᠡᠮᠨᠡᠯᠭᠡ ᠶ᠋ᠢᠨ ᠬᠣᠷᠢᠶ᠎ᠠ ᠪᠠᠢᠭᠰᠠᠨ ᠶᠤᠮ᠃ ᠣᠳᠣ ᠲᠡᠭᠦᠨ ᠢ᠋ ᠰᠤᠷᠭᠠᠭᠤᠯᠢ ᠪᠣᠯᠭᠠᠬᠤ ᠭᠡᠵᠦ ᠵᠠᠰᠠᠵᠤ ᠰᠡᠯᠪᠢᠭᠡᠳ ᠦᠨᠳᠦᠰᠦᠨ ᠳ᠋ᠡᠭᠡᠨ ᠳᠠᠭᠤᠰᠬᠤ ᠭᠡᠵᠦ ᠪᠠᠢᠭ᠎ᠠ᠃ ᠮᠠᠷᠭᠠᠰᠢ ᠲᠠ ᠬᠣᠶᠠᠭᠤᠯᠠ ᠣᠴᠢᠵᠤ ᠦᠵᠡ᠃ ᠶᠠᠮᠠᠷ ᠰᠠᠨᠠᠯ ᠵᠥᠪᠯᠡᠯᠭᠡ ᠪᠠᠢᠪᠠᠯ ᠬᠡᠯᠡᠭᠡᠷᠡᠢ᠃ ᠲᠠ ᠬᠣᠶᠠᠷ ᠬᠡᠳᠦᠨ ᠡᠳᠦᠷ ᠰᠠᠢᠬᠠᠨ ᠠᠮᠠᠷᠠᠵᠤ ᠠᠪᠤᠭᠠᠳ ᠬᠥᠳᠡᠭᠡ ᠭᠠᠴᠠᠭ᠎ᠠ ᠪᠠᠷ ᠪᠠᠭᠤᠵᠤ ᠰᠤᠷᠤᠭᠴᠢ ᠡᠯᠰᠡᠬᠦ ᠶ᠋ᠢᠨ ᠳᠠᠭᠠᠤ ᠮᠠᠯᠴᠢᠳ ᠲᠤ᠌ ᠤᠳᠬ᠎ᠠ ᠶ᠋ᠢᠨ ᠰᠣᠬᠣᠷ ᠢ᠋ ᠠᠷᠢᠯᠭᠠᠬᠤ ᠲᠤᠬᠠᠢ ᠰᠤᠷᠲᠠᠯ ᠤᠬᠠᠭᠤᠯᠭ᠎ᠠ ᠶ᠋ᠢᠨ ᠠᠵᠢᠯ ᠢ᠋ ᠢᠯᠡᠭᠦᠬᠡᠨ ᠬᠢᠬᠦ ᠬᠡᠷᠡᠭᠲᠡᠢ᠃ ᠴᠠᠭ ᠤ᠋ᠨ ᠪᠠᠢᠳᠠᠯ ᠤ᠋ᠨ ᠤᠷᠪᠠᠭᠠᠨ ᠬᠥᠷᠪᠡᠭᠡᠨ ᠦᠢᠮᠡᠭᠡᠨ ᠳᠡᠪᠵᠢᠶᠡᠨ ᠡᠴᠡ ᠪᠣᠯᠤᠭᠠᠳ ᠦᠨᠳᠦᠰᠦᠲᠡᠨ ᠦ᠌ ᠰᠣᠶᠣᠯ ᠰᠤᠷᠭᠠᠨ ᠬᠥᠮᠦᠵᠢᠯ ᠦ᠋ᠨ ᠦᠢᠯᠡᠰ ᠳᠡᠩᠳᠡᠭᠦᠦ ᠶᠡᠬᠡ ᠲᠠᠯᠬᠢᠭᠳᠠᠯ ᠳ᠋ᠤ᠌ ᠤᠴᠠᠷᠠᠭᠰᠠᠨ᠃ ᠬᠥᠮᠦᠰ ᠦ᠋ᠨ ᠦᠵᠡᠯ ᠤᠬᠠᠮᠰᠠᠷᠠᠯ ᠶᠡᠬᠡᠳᠡ ᠡᠭᠡᠳᠡᠷᠡᠭᠡᠨ ᠪᠤᠳᠤᠯᠢᠶᠠᠨᠲᠠᠢ ᠪᠣᠯᠤᠭᠰᠠᠨ᠃ ᠠᠵᠤ ᠦᠢᠯᠡᠳᠪᠦᠷᠢᠯᠡᠯ ᠮᠠᠯ ᠠᠵᠤ ᠠᠬᠤᠢ ᠠᠯᠢ ᠨᠢ ᠴᠦ᠍ ᠶᠡᠬᠡ ᠬᠣᠴᠣᠷᠤᠩᠭᠤᠢ ᠪᠠᠢᠳᠠᠯ ᠳ᠋ᠤ᠌ ᠣᠷᠣᠭᠰᠠᠨ᠃ ᠲᠡᠭᠡᠬᠦᠯᠡᠷ ᠰᠤᠷᠲᠠᠯᠴᠢᠯᠠᠭ᠎ᠠ ᠤᠬᠠᠭᠤᠯᠭ᠎ᠠ ᠶ᠋ᠢᠨ ᠠᠵᠢᠯ ᠪᠣᠯ ᠶᠡᠬᠡ ᠴᠢᠬᠤᠯᠠ ᠭᠡᠵᠦ ᠶᠠᠷᠢᠪᠠ᠃ ᠡᠭᠦᠨ ᠳ᠋ᠦ᠍᠂ ᡀᠠᠮᠣ ᠱᠦᠵᠢ ᠵᠠᠯᠭᠠᠨ᠄
— ᠲᠠ ᠬᠣᠶᠠᠷ ᠮᠣᠷᠢ ᠤᠨᠤᠭᠠᠨ ᠳ᠋ᠤ᠌ ᠶᠠᠮᠠᠷ ᠪᠣᠢ? ᠬᠥᠳᠡᠭᠡ ᠪᠠᠭᠤᠬᠤ ᠳ᠋ᠤ᠌ ᠺᠠᠳ᠋ᠷ ᠤ᠋ᠳ ᠴᠥᠮ ᠮᠣᠷᠢ ᠪᠠᠷ ᠯᠠ ᠶᠠᠪᠤᠳᠠᠭ᠃ ᠤᠨᠤᠭᠠᠷᠢ ᠶ᠋ᠢ ᠪᠣᠯ ᠰᠤᠮᠤᠨᠠ᠋ᠴᠠ ᠲᠣᠬᠢᠷᠠᠭᠤᠯᠵᠤ ᠥᠭᠭᠦᠨ᠎ᠡ ᠭᠡᠪᠡ᠃ ᠰᠠᠢᠰᠢᠶᠠᠯᠳᠤ ᠳᠠᠷᠤᠤᠬᠠᠨ ᠢ᠋ᠶ᠋ᠠᠷ᠄
— ᠪᠢ ᠮᠣᠷᠢ ᠤᠨᠤᠬᠤ ᠳ᠋ᠤ᠌ ᠠᠰᠠᠭᠤᠳᠠᠯ ᠦᠭᠡᠢ᠃ ᠪᠢᠳᠡ ᠬᠡᠳᠦᠨ ᠡᠳᠦᠷ ᠢ᠋ᠶ᠋ᠡᠷ ᠠᠮᠤᠰᠬᠢᠬᠦ ᠴᠢᠬᠤᠯᠠ ᠦᠭᠡᠢ᠃ ᠳᠠᠷᠤᠢᠬᠠᠨ ᠠᠵᠢᠯ ᠢ᠋ᠶ᠋ᠠᠨ ᠭᠠᠷᠳᠠᠵᠤ ᠬᠢᠶ᠎ᠡ ᠭᠡᠰᠡᠨ ᠳ᠋ᠦ᠍ ᠭᠠᠪᠢᠷ᠎ᠠ ᠴᠤ᠌᠄
一 ᠪᠢ ᠴᠦ᠍ ᠮᠣᠷᠢ ᠤᠨᠤᠬᠤ ᠳ᠋ᠤ᠌ ᠠᠵᠢᠭ ᠦᠭᠡᠢ᠃ ᠠᠵᠢᠯ ᠢ᠋ᠶ᠋ᠠᠨ ᠲᠦᠷᠭᠡᠨ ᠰᠢᠭᠤᠳᠴᠤ ᠡᠬᠢᠯᠡᠭᠦᠯᠦᠶ᠎ᠡ ᠭᠡᠪᠡ᠃ ᠰᠤᠮᠤᠨ ᠳᠠᠷᠤᠭ᠎ᠠ ᠪᠠᠨᠳᠠᠷᠢ ᠭᠤᠸᠠᠢ᠄
一 ᠲᠡᠢᠮᠦ ᠪᠣᠯ ᠲᠤᠩ ᠰᠠᠢᠨ ᠭᠡᠳ ᠭᠠᠪᠢᠷ᠎ᠠ ᠶ᠋ᠢᠨ ᠨᠢᠮᠭᠡᠨ ᠴᠠᠭᠠᠨ ᠠᠷᠠᠰᠤ ᠲᠠᠢ ᠬᠡᠦᠬᠡᠳᠯᠢᠭ ᠨᠢᠯᠵᠠᠷᠠᠢ ᠪᠠᠢᠳᠠᠯ ᠢ᠋ ᠬᠡᠰᠡᠭ ᠪᠣᠳᠣᠯᠭᠠᠰᠢᠷᠠᠨ ᠠᠵᠢᠭᠯᠠᠭᠰᠠᠨ ᠢ᠋ᠶ᠋ᠠᠨ᠂《ᠡᠨᠡ ᠥᠬᠢᠨ ᠲᠡᠭᠡᠭᠡᠳ ᠭᠠᠭᠴᠠᠭᠠᠷ ᠮᠣᠷᠢ ᠤᠨᠤᠵᠤ ᠬᠥᠳᠡᠭᠡ ᠠᠢᠯ ᠢ᠋ᠶ᠋ᠠᠷ ᠶᠠᠪᠤᠵᠤ ᠴᠢᠳᠠᠨ᠎ᠠ ᠭᠡᠵᠢ ᠤᠤ ᠳᠠ》 ᠭᠡᠵᠦ ᠪᠣᠳᠣᠨ᠂
一 ᠭᠠᠴᠠᠭᠠᠨ ᠤ᠋ ᠠᠢᠯ ᠤ᠋ᠳ ᠲᠠᠷᠠᠬᠠᠢ ᠪᠤᠲᠠᠷᠬᠠᠢ ᠨᠤᠲᠤᠭᠯᠠᠳᠠᠭ᠃ ᠮᠠᠯᠴᠢᠳ ᠤ᠋ᠨ ᠨᠣᠬᠠᠳ ᠨᠢ ᠴᠦ᠍ ᠠᠢᠬᠤᠪᠲᠤᠷ ᠬᠡᠴᠡᠭᠦᠦ ᠪᠠᠢᠳᠠᠭ᠃ ᠬᠥᠮᠦᠨ ᠢ᠋ ᠮᠣᠷᠢᠨ ᠠ᠋ᠴᠠ ᠨᠢ ᠨᠢ ᠲᠠᠲᠠᠵᠤ ᠪᠠᠭᠤᠯᠭᠠᠳᠠᠭ ᠨᠣᠬᠠᠳ ᠵᠥᠩᠳᠡᠭᠡᠨ ᠪᠣᠢ᠃ ᠬᠡᠦᠬᠡᠨ ᠴᠢ ᠪᠣᠯᠤᠨ᠎ᠠ ᠭᠡᠵᠢ ᠤᠤ ᠳᠠ? ᠭᠡᠪᠡᠯ ᠭᠠᠪᠢᠷ᠎ᠠ᠄
一 ᠪᠢ ᠳᠣᠯᠣᠭᠠᠲᠠᠢ ᠳ᠋ᠠᠭᠠᠨ ᠤᠷᠤᠯᠳᠤᠭᠠᠨ ᠤ᠋ ᠮᠣᠷᠢ ᠤᠨᠤᠭᠠᠳ ᠲᠡᠷᠢᠭᠦᠯᠡᠵᠦ ᠪᠠᠢᠭᠰᠠᠨ᠃ ᠭᠡᠪᠡᠴᠦ ᠪᠢ᠁ ᠪᠢ ᠨᠣᠬᠠᠢᠠ᠋ᠴᠠ ᠶᠡᠬᠡ ᠠᠶᠤᠳᠠᠭ ᠶᠤᠮ᠃ ᠲᠡᠭᠡᠭᠰᠡᠨ ᠴᠦ᠍ ᠬᠥᠳᠡᠭᠡ ᠶᠠᠪᠤᠬᠤ ᠪᠠᠷ ᠢ᠋ᠶ᠋ᠠᠨ ᠶᠠᠪᠤᠨ᠎ᠠ ᠠ᠋ ᠭᠡᠰᠡᠨ ᠳ᠋ᠦ᠍ ᠣᠯᠠᠨ ᠢ᠋ᠶ᠋ᠠᠷ ᠢ᠋ᠶ᠋ᠠᠨ ᠢᠨᠢᠶᠡᠯᠴᠡᠪᠡ᠃ ᠳᠠᠷᠠᠭ᠎ᠠ ᠥᠷᠯᠥᠭᠡ ᠨᠢ ᠲᠡᠳᠡ ᠬᠣᠶᠠᠭᠤᠯᠠ ᠰᠤᠮᠤᠨ ᠤ᠋ ᠳᠠᠷᠤᠭ᠎ᠠ ᠨᠠᠷ ᠲᠠᠢ ᠪᠠᠨ ᠰᠤᠷᠭᠠᠭᠤᠯᠢ ᠪᠠᠢᠭᠤᠯᠵᠤ ᠪᠠᠢᠭ᠎ᠠ ᠭᠠᠵᠠᠷ ᠲᠤ᠌ ᠣᠴᠢᠪᠠ᠃ ᠭᠤᠷᠪᠠᠨ ᠮᠥᠷ ᠬᠥᠬᠡ ᠸᠠᠭᠠᠷ ᠤ᠋ᠨ ᠳᠡᠭᠡᠪᠦᠷ ᠲᠡᠢ᠂ ᠳᠥᠷᠪᠡᠨ ᠥᠨᠴᠥᠭ ᠢ᠋ ᠨᠢ ᠲᠣᠭᠣᠰᠠᠭᠯᠠᠭᠰᠠᠨ ᠰᠢᠪᠡᠷ ᠪᠠᠢᠰᠢᠩ ᠢ᠋ ᠵᠠᠰᠠᠵᠤ ᠰᠡᠯᠪᠢᠵᠦ ᠪᠠᠷᠠᠭᠠᠳ ᠳᠣᠲᠣᠷᠠᠬᠢ ᠶ᠋ᠢ ᠨᠢ ᠴᠣᠬᠣᠢᠳᠠᠵᠤ ᠪᠠᠢᠪᠠ᠃ ᠪᠠᠭᠰᠢ ᠶ᠋ᠢᠨ ᠰᠠᠭᠤᠬᠤ ᠪᠠᠢᠷᠢ᠂ ᠰᠤᠷᠤᠭᠴᠢ ᠶ᠋ᠢᠨ ᠪᠠᠢᠷᠢ᠂ ᠠᠯᠪᠠᠨ ᠭᠡᠷ᠂ ᠬᠣᠭᠣᠯᠠᠨ ᠭᠡᠷ᠂ ᠬᠢᠴᠢᠶᠡᠯ ᠦ᠋ᠨ ᠭᠡᠷ ᠢ᠋ ᠦᠨᠳᠦᠰᠦᠨ ᠳ᠋ᠡᠭᠡᠨ ᠲᠥᠯᠥᠪᠯᠡᠵᠦ ᠭᠠᠷᠭᠠᠭᠰᠠᠨ ᠪᠣᠯᠪᠠᠴᠤ ᠡᠭᠦᠳᠡ ᠴᠣᠩᠬᠣ ᠬᠢᠭᠡ ᠦᠭᠡᠢ ᠪᠠᠢᠯ᠎ᠠ᠃ ᠰᠣᠶᠣᠯᠠᠷᠲᠠᠨᠢ ᠭᠤᠸᠠᠢ᠄
一 ᠤᠤᠯ ᠲᠥᠯᠥᠪᠯᠡᠭᠰᠡᠨ ᠢ᠋ᠶ᠋ᠡᠷ ᠪᠣᠯ ᠡᠨᠳᠡ ᠪᠠᠭ᠎ᠠ ᠰᠤᠷᠭᠠᠭᠤᠯᠢ ᠶ᠋ᠢᠨ ᠠᠩᠭᠢ ᠬᠣᠶᠠᠷ᠂ ᠠᠩᠬ᠎ᠠ ᠳᠤᠮᠳᠠᠳᠤ ᠶ᠋ᠢᠨ ᠠᠩᠭᠢ ᠨᠢᠭᠡ ᠶ᠋ᠢ ᠡᠷᠬᠢᠯᠡᠬᠦ ᠭᠡᠰᠡᠨ ᠶᠦᠮ᠃ ᠲᠠᠷᠢᠶᠠᠯᠠᠩ ᠪᠠᠷᠢᠭᠠᠳᠠ ᠶ᠋ᠢᠨ ᠠᠩᠬ᠎ᠠ ᠳᠤᠮᠳᠠᠳᠤ ᠶ᠋ᠢᠨ ᠠᠩᠭᠢ ᠶ᠋ᠢ ᠡᠨᠳᠡ ᠰᠢᠯᠵᠢᠭᠦᠯᠵᠦ ᠠᠪᠴᠢᠷᠠᠨ᠎ᠠ᠃ ᠣᠯᠠᠩᠬᠢ ᠨᠢ ᠮᠣᠩᠭᠣᠯ(ᠬᠠᠷᠠᠴᠢᠨ᠂ ᠬᠣᠷᠴᠢᠨ ᠭᠣᠣᠯᠲᠠᠢ) ᠬᠡᠦᠬᠡᠳ ᠦ᠋ᠳ ᠪᠣᠯᠬᠣᠷ ᠲᠡᠳᠡᠨ ᠳ᠋ᠦ᠍ ᠠᠩᠬ᠎ᠠ ᠳᠤᠮᠳᠠᠳᠤ ᠶ᠋ᠢᠨ ᠨᠢᠭᠡ ᠣᠨᠠ᠋ᠴᠠ ᠨᠢ ᠮᠣᠩᠭᠣᠯ ᠬᠡᠯᠡᠨ ᠦ᠌ ᠬᠢᠴᠢᠶᠡᠯ ᠲᠣᠬᠢᠷᠠᠭᠤᠯᠬᠤ ᠪᠠᠷ ᠪᠣᠳᠣᠭᠰᠠᠨ ᠶᠤᠮ᠃ ᠣᠷᠴᠢᠮ ᠤ᠋ᠨ ᠠᠷᠪᠠᠭᠠᠳ ᠵᠢᠯ ᠳ᠋ᠦ᠍ ᠮᠣᠩᠭᠣᠯ ᠬᠡᠦᠬᠡᠳ ᠦ᠋ᠳ ᠬᠢᠲᠠᠳ ᠢ᠋ᠶ᠋ᠠᠷ ᠰᠤᠷᠬᠤ ᠪᠤᠶᠤ ᠭᠠᠴᠠᠭᠠᠨ ᠤ᠋ ᠪᠠᠭ᠎ᠠ ᠰᠤᠷᠭᠠᠭᠤᠯᠢ ᠪᠠᠨ ᠲᠡᠭᠦᠰᠴᠢᠬᠡᠪᠡᠯ ᠳᠤᠮᠳᠠᠳᠤ ᠰᠤᠷᠭᠠᠭᠤᠯᠢ ᠳ᠋ᠤ᠌ ᠶᠠᠪᠤᠬᠤ ᠬᠡᠦᠬᠡᠳ ᠲᠤᠩ ᠴᠥᠭᠡᠨ ᠪᠣᠯᠵᠠᠢ᠃ ᠪᠢᠳᠡ ᠶᠠᠭ ᠡᠨᠡ ᠪᠠᠢᠳᠠᠯ ᠢ᠋ ᠯᠡ ᠥᠭᠡᠷᠡᠴᠢᠯᠡᠬᠦ ᠭᠡᠵᠦ ᠰᠤᠮᠤᠨ ᠤ᠋ ᠲᠥᠪ ᠲᠡᠭᠡᠨ᠂ ᠬᠦᠴᠦᠯᠡᠵᠦ ᠪᠠᠢᠭᠠᠳ ᠲᠥᠪᠯᠡᠷᠡᠭᠰᠡᠨ ᠰᠤᠷᠭᠠᠭᠤᠯᠢ ᠪᠠᠢᠭᠤᠯᠬᠤ ᠭᠡᠵᠦ ᠪᠠᠢᠭ᠎ᠠ ᠮᠠᠨᠢ ᠡᠨᠡ᠃ ᠰᠤᠮᠤᠨ ᠲᠥᠪ ᠲᠡᠭᠡᠨ ᠳᠤᠮᠳᠠᠳᠤ ᠪᠠᠭ᠎ᠠ ᠰᠤᠷᠭᠠᠭᠤᠯᠢ ᠲᠠᠢ ᠪᠣᠯᠴᠢᠬᠠᠪᠠᠯ ᠮᠠᠯᠴᠢᠳ ᠲᠤ᠌ ᠶᠡᠬᠡ ᠳᠥᠭᠥᠮ ᠪᠣᠯᠤᠨ᠎ᠠ᠃ ᠬᠣᠰᠢᠭᠤ ᠰᠤᠷᠭᠠᠨ ᠬᠥᠮᠦᠵᠢᠯ ᠦ᠋ᠨ ᠲᠣᠪᠴᠢᠶᠠᠨ ᠠ᠋ᠴᠠ ᠨᠢᠭᠡ ᠪᠦᠯᠦᠭ ᠰᠠᠨᠳᠠᠯᠢ ᠰᠢᠷᠡᠭᠡ᠂ ᠰᠤᠷᠤᠯᠭ᠎ᠠ ᠶ᠋ᠢᠨ ᠬᠡᠷᠡᠭᠰᠡᠯ ᠥᠭᠭᠦᠨ᠎ᠡ ᠭᠡᠰᠡᠨ ᠶᠦᠮ᠃ ᠴᠣᠩᠬᠣ ᠡᠭᠦᠳᠡ ᠶ᠋ᠢ ᠰᠤᠮᠤᠨ ᠡᠴᠡ ᠪᠡᠨ ᠠᠷᠭᠠᠯᠠᠨ᠎ᠠ᠃ ᠭᠡᠬᠦ ᠳ᠋ᠦ᠍ ᠣᠳᠣ ᠵᠠᠷᠤᠳᠠᠯ ᠮᠥᠩᠭᠥᠨ ᠦ᠌ ᠠᠰᠠᠭᠤᠳᠠᠯ ᠲᠤᠩ ᠴᠤ᠌ ᠬᠦᠴᠢᠷᠳᠡᠯ ᠲᠡᠢ ᠪᠠᠢᠭ᠎ᠠ᠃ ᠣᠯᠠᠩᠬᠢ ᠶᠠᠭᠤᠮᠠᠰ ᠢ᠋ ᠢᠩᠭᠢᠵᠦ ᠴᠢᠩᠭᠢᠵᠦ ᠡᠪᠯᠡᠭᠦᠯᠬᠦ ᠯᠡ ᠬᠡᠷᠡᠭ ᠳᠡ᠃ ᠭᠡᠷ ᠢ᠋ ᠴᠣᠬᠣᠢᠳᠠᠵᠤ ᠪᠠᠷᠠᠪᠠᠯ ᠡᠭᠦᠳᠡ ᠴᠣᠩᠬᠣ ᠶ᠋ᠢ ᠬᠢᠭᠡᠳ ᠲᠠ ᠬᠣᠶᠠᠷ ᠡᠨᠳᠡ ᠪᠡᠨ ᠢᠷᠡᠵᠦ ᠰᠠᠭᠤᠬᠤ ᠪᠣᠯᠤᠨ᠎ᠠ᠃ ᠰᠤᠮᠤᠨ ᠤ᠋ ᠲᠡᠷᠡ ᠪᠠᠭᠤᠳᠠᠯ ᠢ᠋ ᠴᠦ᠍ ᠤᠳᠠᠯ ᠦᠭᠡᠢ ᠰᠤᠯᠠᠯᠠᠵᠤ ᠥᠭᠬᠦ ᠬᠡᠷᠡᠭᠲᠡᠢ ᠪᠣᠯᠤᠭᠠᠳ ᠪᠠᠢᠨ᠎ᠠ᠃ ᠡᠨᠳᠡᠬᠢ ᠣᠷᠴᠢᠨ ᠲᠣᠭᠣᠷᠢᠨ ᠢ᠋ ᠴᠡᠪᠡᠷᠯᠡᠵᠦ ᠲᠡᠭᠰᠢᠯᠡᠬᠦ ᠠᠵᠢᠯ ᠢ᠋ ᠴᠥᠮ ᠥᠪᠡᠷᠰᠡᠳ ᠢ᠋ᠶ᠋ᠡᠨ ᠯᠡ ᠬᠢᠬᠦ ᠬᠡᠷᠡᠭᠲᠡᠢ᠃ ᠪᠢ ᠰᠤᠮᠤᠨ ᠤ᠋ ᠭᠡᠷ ᠪᠦᠯᠢ ᠶ᠋ᠢᠨ ᠬᠢᠨ ᠡᠴᠡ ᠢᠯᠡᠭᠦᠦ ᠬᠡᠳᠦᠨ ᠬᠥᠮᠦᠨ ᠭᠠᠷᠭᠠᠵᠤ ᠬᠠᠪᠰᠤᠷᠤᠭᠤᠯᠤᠶᠠ ᠭᠡᠪᠡ᠃ ᠰᠠᠢᠰᠢᠶᠠᠯᠲᠤ ᠭᠠᠪᠢᠷ᠎ᠠ ᠬᠣᠶᠠᠷ᠄
— ᠲᠠ ᠰᠠᠨᠠᠭ᠎ᠠ ᠠᠮᠤᠷ ᠪᠠᠢᠭᠠᠷᠠᠢ᠃ ᠪᠢᠳᠡ ᠡᠳᠡᠭᠡᠷ ᠢ᠋ ᠥᠪᠡᠷᠰᠡᠳ ᠢ᠋ᠶ᠋ᠡᠨ ᠬᠢᠬᠦ ᠳ᠋ᠦ᠍ ᠠᠰᠠᠭᠤᠳᠠᠯ ᠦᠭᠡᠢ ᠭᠡᠵᠡᠭᠡᠪᠡ᠃
ᠰᠤᠷᠭᠠᠭᠤᠯᠢ ᠶ᠋ᠢᠨ ᠭᠠᠵᠠᠷ ᠤ᠋ᠨ ᠪᠠᠢᠷᠢᠰᠢᠯ ᠨᠢ ᠨᠡᠯᠢᠶᠡᠳ ᠥᠨᠳᠥᠷ ᠮᠥᠷᠲᠡᠭᠡᠨ ᠶᠠᠭ ᠰᠠᠢᠬᠠᠨ ᠪᠠᠷᠠᠭᠤᠨ ᠬᠣᠢᠨ᠎ᠠ᠎ᠠ᠋ᠴᠠ ᠪᠠᠨ ᠬᠣᠶᠠᠷ ᠠᠭᠤᠯᠠᠨ ᠤ᠋ ᠬᠥᠨᠳᠡᠢ ᠠᠮᠠ ᠲᠠᠭᠠᠷᠠᠵᠤ ᠮᠠᠰᠢ ᠲᠣᠮᠣ ᠠᠭᠤᠯᠠᠨ ᠭᠣᠣ ᠭᠠᠩᠭ᠎ᠠ ᠶ᠋ᠢ ᠠᠰᠯᠠᠵᠤ ᠪᠠᠢᠨ᠎ᠠ᠃ ᠶᠠᠭ ᠰᠠᠯᠬᠢᠨ ᠤ᠋ ᠬᠦᠴᠦ ᠭᠠᠵᠠᠷ ᠪᠣᠯᠬᠣᠷ ᠡᠪᠦᠯ ᠦ᠋ᠨ ᠬᠠᠬᠢᠷ ᠬᠦᠢᠲᠡᠨ ᠳ᠋ᠦ᠍ ᠰᠠᠯᠬᠢ ᠰᠢᠭᠤᠷᠭᠠᠨ ᠶᠡᠬᠡ ᠮᠥᠷᠲᠡᠭᠡᠨ ᠴᠠᠰᠤ ᠬᠤᠩᠭᠠᠷᠯᠠᠵᠤ ᠬᠤᠷᠠᠳᠠᠭ ᠭᠠᠵᠠᠷ ᠪᠣᠯᠤᠯᠲᠠᠢ᠃ ᠣᠳᠣ ᠬᠡᠳᠦᠢᠪᠡᠷ ᠠᠷᠪᠠᠳᠤᠭᠠᠷ ᠰᠠᠷ᠎ᠠ ᠪᠣᠯᠪᠠᠴᠤ ᠡᠨᠳᠡ ᠬᠦᠢᠲᠡᠨ ᠵᠢᠪᠠᠷ ᠲᠠᠲᠠᠵᠤ ᠰᠠᠯᠬᠢᠨ ᠤ᠋ ᠬᠦᠴᠦ ᠮᠠᠰᠢ ᠶᠡᠬᠡ᠃ ᠡᠨᠡ ᠪᠦᠬᠦᠨ ᠢ᠋ ᠠᠵᠢᠭᠯᠠᠵᠤ ᠶᠠᠪᠤᠭᠰᠠᠨ ᠭᠠᠪᠢᠷ᠎ᠠ᠄
— ᠡᠨᠡ ᠭᠠᠵᠠᠷ ᠤ᠋ᠨ ᠪᠠᠢᠷᠢᠰᠢᠯ ᠭᠣᠣ ᠭᠠᠩᠭ᠎ᠠ ᠠᠰᠯᠠᠵᠤ᠂ ᠭᠠᠵᠠᠷ ᠨᠢ ᠥᠨᠳᠥᠷ ᠰᠠᠯᠬᠢᠨ ᠤ᠋ ᠬᠦᠴᠦ ᠶᠡᠬᠡᠲᠡᠢ᠂ ᠰᠤᠷᠭᠠᠭᠤᠯᠢ ᠪᠠᠢᠭᠤᠯᠬᠤ ᠳ᠋ᠤ᠌ ᠪᠠᠬᠠᠨ ᠲᠣᠬᠢᠷᠠᠮᠵᠢ ᠪᠠᠷ ᠪᠠᠷᠤᠭᠲᠠᠢ ᠰᠢᠭ᠋ ᠭᠠᠵᠠᠷ ᠲᠠᠭᠠᠷᠠᠵᠠᠢ ᠭᠡᠰᠡᠨ ᠳ᠋ᠦ᠍᠂ ᠡᠷᠳᠡᠨᠢ ᠭᠤᠸᠠᠢ᠄
— ᠮᠠᠨ ᠤ᠋ ᠰᠤᠮᠤᠨ ᠤ᠋ ᠨᠡᠯᠢᠶᠡᠳ ᠶᠡᠬᠡᠬᠡᠨ ᠰᠢᠭ ᠲᠠᠯᠠᠪᠠᠢ ᠲᠠᠢ ᠭᠠᠵᠠᠷ ᠭᠡᠪᠡᠯ ᠮᠥᠨ ᠡᠨᠡ᠃ ᠲᠡᠭᠡᠭᠡᠳ ᠴᠦ᠍ ᠪᠢᠩᠲ᠋ᠤᠸᠠᠨ ᠤ᠋ ᠡᠨᠡ ᠬᠡᠳᠦᠨ ᠮᠥᠷ ᠪᠠᠷᠢᠯᠭ᠎ᠠ ᠶ᠋ᠢ ᠠᠰᠢᠭᠯᠠᠬᠤ ᠰᠠᠨᠠᠭᠠᠲᠠᠢ᠃ ᠣᠳᠣ ᠬᠤᠪᠢᠷᠠᠭᠤᠯᠬᠤᠠ᠋ᠴᠠ ᠥᠩᠭᠡᠷᠡᠭᠰᠡᠨ᠃ ᠬᠣᠵᠢᠮ ᠡᠳ᠋ ᠦ᠋ᠨ ᠵᠠᠰᠠᠭ ᠤ᠋ᠨ ᠣᠷᠣᠯᠭ᠎ᠠ ᠰᠠᠢᠵᠢᠷᠠᠪᠠᠯ ᠤᠤᠯ ᠤ᠋ᠨ ᠰᠤᠷᠭᠠᠭᠤᠯᠢ ᠪᠠᠢᠭᠰᠠᠨ ᠲᠡᠷᠡ ᠭᠠᠵᠠᠷ ᠶᠡᠬᠡ ᠲᠣᠬᠢᠷᠠᠮᠵᠢᠲᠠᠢ ᠭᠡᠵᠦ ᠪᠢ ᠴᠦ᠍ ᠪᠣᠳᠣᠵᠤ ᠶᠠᠪᠤᠳᠠᠭ ᠶᠤᠮ᠃ ᠣᠳᠣ ᠶ᠋ᠢᠨ ᠬᠠᠮᠤᠭ ᠤ᠋ᠨ ᠭᠣᠣᠯ ᠠᠰᠠᠭᠤᠳᠠᠯ ᠪᠣᠯ ᠡᠭᠦᠳᠡ ᠴᠣᠩᠬᠣ ᠶ᠋ᠢ ᠬᠡᠷᠬᠢᠨ ᠪᠢᠲᠡᠭᠦᠯᠡᠬᠦ ᠶᠠᠪᠤᠳᠠᠯ ᠪᠣᠯᠤᠭᠠᠳ ᠪᠠᠢᠨ᠎ᠠ ᠭᠡᠪᠡ᠃
ᠭᠤᠷᠪᠠᠳᠤᠭᠠᠷ ᠡᠳᠦᠷ ᠡᠴᠡ ᠡᠬᠢᠯᠡᠭᠡᠳ ᠰᠠᠢᠰᠢᠶᠠᠯᠳᠤ ᠭᠠᠪᠢᠷ᠎ᠠ ᠬᠣᠶᠠᠷ ᠰᠤᠷᠭᠠᠭᠤᠯᠢ ᠳ᠋ᠠᠭᠠᠨ ᠣᠴᠢᠵᠤ᠂ ᠰᠤᠮᠤᠨ ᠤ᠋ ᠬᠡᠳᠦᠨ ᠪᠦᠰᠡᠭᠦᠢᠴᠦᠦᠯ ᠲᠡᠢ ᠴᠡᠪᠡᠷᠯᠡᠵᠦ ᠲᠡᠭᠰᠢᠯᠡᠬᠦ ᠠᠵᠢᠯ ᠢ᠋ ᠭᠠᠷᠳᠠᠨ ᠬᠢᠯ᠎ᠡ᠃ ᠭᠠᠵᠠᠷ ᠳᠡᠪᠢᠰᠬᠦ᠂ ᠰᠢᠷᠣᠢ ᠲᠣᠭᠣᠰᠬ᠎ᠠ᠂ ᠬᠣᠭ ᠨᠣᠪᠰᠢ ᠴᠡᠪᠡᠷᠯᠡᠨ ᠵᠥᠭᠡᠭᠡᠬᠦ ᠵᠡᠷᠭᠡ ᠬᠦᠨᠳᠦ ᠬᠠᠲᠠᠭᠤ ᠠᠵᠢᠯ ᠤ᠋ᠳ ᠢ᠋ ᠡᠳᠦᠷ ᠰᠥᠨᠢ ᠦᠭᠡᠢ ᠶᠠᠭᠠᠷᠠᠯᠲᠠᠢ ᠬᠢᠵᠡᠭᠡᠵᠦ᠂ ᠭᠠᠪᠢᠷ᠎ᠠ ᠶ᠋ᠢᠨ ᠠᠯᠠᠭ᠎ᠠ ᠤᠰᠤᠨ ᠴᠥᠪᠥᠷᠢᠭᠦᠲᠦᠵᠦ ᠡᠪᠡᠷᠰᠢᠶᠡᠯᠡᠨ ᠡᠪᠡᠳᠴᠦ ᠪᠠᠢᠯ᠎ᠠ᠃ ᠡᠷᠳᠡᠨᠢ ᠭᠤᠸᠠᠢ ᠶ᠋ᠢᠨ ᠣᠯᠵᠤ ᠢᠷᠡᠭᠰᠡᠨ ᠰᠤᠷᠤᠭᠴᠢ ᠶ᠋ᠢᠨ ᠰᠢᠷᠡᠭᠡ ᠰᠠᠨᠳᠠᠯᠢ ᠨᠢ ᠴᠥᠮ ᠡᠪᠳᠡᠷᠡᠵᠦ ᠬᠠᠵᠠᠢᠭᠰᠠᠨ ᠶᠠᠭᠤᠮᠠᠰ᠃ ᠲᠡᠭᠡᠭᠡᠳ ᠲᠡᠭᠦᠨ ᠢ᠋ ᠵᠠᠰᠠᠵᠤ ᠰᠡᠯᠪᠢᠨ᠂ ᠴᠢᠭᠵᠢᠵᠦ ᠱᠠᠭᠠᠨᠴᠠᠭᠯᠠᠭᠰᠠᠭᠠᠷ ᠪᠠᠢᠵᠤ ᠠᠷᠠᠢ ᠭᠡᠵᠦ ᠬᠥᠮᠦᠨ ᠳᠠᠭᠠᠭᠠᠬᠤ ᠬᠡᠮᠵᠢᠶ᠎ᠡ ᠲᠡᠢ ᠶᠠᠭᠤᠮ᠎ᠠ ᠪᠣᠯᠭᠠᠨ ᠡᠪᠯᠡᠭᠦᠯᠵᠦ ᠠᠪᠤᠯ᠎ᠠ᠃ ᠪᠠᠭᠰᠢ ᠨᠠᠷ ᠲᠤ᠌ ᠠᠯᠪᠠᠨ ᠰᠢᠷᠡᠭᠡ ᠪᠠᠢᠬᠤ ᠦᠭᠡᠢ ᠪᠣᠯᠬᠣᠷ ᠰᠤᠷᠤᠭᠴᠢ ᠶ᠋ᠢᠨ ᠰᠢᠷᠡᠭᠡ ᠶ᠋ᠢ ᠬᠣᠶᠠᠷ ᠵᠡᠷᠭᠡᠴᠡᠭᠦᠯᠦᠨ ᠲᠠᠯᠪᠢᠪᠠ᠃ ᠪᠠᠭᠰᠢ ᠶ᠋ᠢᠨ ᠪᠠᠢᠷᠢ ᠳ᠋ᠤ᠌᠂ ᠠᠩᠬ᠎ᠠ ᠠᠯᠬᠤᠮ ᠵᠢᠷᠭᠤᠭᠠᠨ ᠰᠤᠷᠤᠭᠴᠢ ᠶ᠋ᠢᠨ ᠰᠢᠷᠡᠭᠡ ᠶ᠋ᠢ ᠤᠭᠰᠠᠷᠠᠭᠤᠯᠤᠨ ᠲᠠᠯᠪᠢᠵᠤ ᠬᠣᠨᠣᠬᠤ ᠣᠷᠣ ᠪᠣᠯᠭᠠᠵᠤ ᠰᠠᠢᠰᠢᠶᠠᠯᠳᠤ ᠭᠠᠪᠢᠷ᠎ᠠ ᠬᠣᠶᠠᠷ ᠡᠨᠡ ᠪᠠᠢᠷᠢ ᠳ᠋ᠠᠭᠠᠨ ᠨᠡᠭᠦᠵᠦ ᠣᠷᠣᠯ᠎ᠠ᠃ ᠠᠩᠭᠢ ᠶ᠋ᠢᠨ ᠭᠡᠷ ᠲᠦ᠍ ᠲᠠᠪᠢᠨ ᠬᠤᠪᠢ ᠰᠢᠷᠡᠭᠡ ᠰᠠᠨᠳᠠᠯᠢ ᠶ᠋ᠢ ᠬᠢᠴᠢᠶᠡᠯ ᠣᠷᠣᠬᠤ ᠮᠠᠶᠢᠭ ᠢ᠋ᠶ᠋ᠠᠷ ᠲᠣᠬᠢᠷᠠᠭᠤᠯᠤᠨ ᠲᠠᠯᠪᠢᠵᠤ᠂ ᠬᠠᠷ᠎ᠠ ᠰᠠᠮᠪᠠᠷ᠎ᠠ᠂ ᠣᠸ᠎ᠠ ᠶ᠋ᠢᠨ ᠪᠢᠷ ᠲᠦ᠍ ᠬᠦᠷᠲᠡᠯ᠎ᠡ ᠪᠡᠯᠡᠨ ᠪᠣᠯᠭᠠᠭᠰᠠᠨ ᠴᠤ᠌ ᠡᠭᠦᠳᠡ ᠴᠣᠩᠬᠣᠨ ᠳ᠋ᠤᠨᠢ ᠰᠢᠯ ᠦᠭᠡᠢ ᠲᠤᠯᠠ ᠮᠣᠣᠲᠤᠤ ᠴᠠᠭᠠᠰᠤ ᠪᠠᠷ ᠳᠣᠲᠣᠷ᠎ᠠ ᠭᠠᠳᠠᠨᠠᠠ᠋ᠴᠠ ᠨᠢ ᠨᠠᠭᠠᠵᠤ ᠪᠥᠭᠯᠡᠪᠡ᠃ ᠶᠠᠭᠤ ᠴᠤ᠌ ᠭᠡᠰᠡᠨ ᠬᠠᠮᠢᠭᠠᠠ᠋ᠴᠠ ᠨᠢ ᠬᠠᠷᠠᠭᠰᠠᠨ ᠴᠤ᠌ ᠰᠤᠷᠭᠠᠭᠤᠯᠢ ᠰᠣᠶᠣᠯ ᠤ᠋ᠨ ᠭᠠᠵᠠᠷ ᠭᠡᠬᠦ ᠪᠡᠷ ᠲᠥᠪᠬᠢᠨᠡᠭᠦᠯᠵᠦ ᠲᠠᠯᠪᠢᠯ᠎ᠠ᠃ ᠣᠳᠣ ᠡᠨᠳᠡ ᠪᠠᠭᠰᠢ ᠰᠤᠷᠤᠭᠴᠢ ᠬᠣᠶᠠᠷ ᠯᠠ ᠳᠤᠲᠠᠭᠳᠠᠵᠤ ᠪᠠᠢᠨ᠎ᠠ᠃ ᠲᠠᠷᠢᠶᠠᠯᠠᠩ ᠪᠠᠷᠢᠭᠠᠳᠠᠠ᠋ᠴᠠ ᠰᠥᠩ ᠣᠪᠣᠭᠲᠤ ᠡᠪᠦᠭᠡᠨ ᠲᠣᠭᠣᠭᠠᠴᠢ ᠢᠷᠡᠵᠦ᠂ ᠠᠮᠤ ᠪᠤᠳᠠᠭ᠎ᠠ᠂ ᠠᠮᠤ ᠬᠦᠨᠡᠰᠦ᠂ ᠠᠶᠠᠭ᠎ᠠ ᠰᠢᠨᠠᠭ᠎ᠠ ᠪᠦᠷᠢᠯᠳᠦᠭᠦᠯᠦᠨ ᠠᠩᠬ᠎ᠠ ᠠᠷᠭᠠᠯ ᠬᠥᠷᠵᠡᠩ ᠦ᠋ᠨ ᠬᠥᠬᠡ ᠤᠲᠤᠭ᠎ᠠ ᠮᠠᠨᠠᠷᠠᠭᠤᠯᠵᠤ᠂ ᠲᠣᠮᠣ ᠬᠣᠨᠢᠨ ᠲᠣᠭᠣᠭᠠᠨ ᠳ᠋ᠤ᠌ ᠰᠢᠰᠢ ᠶ᠋ᠢᠨ ᠭᠤᠯᠢᠷ ᠤ᠋ᠨ ᠮᠠᠨᠲᠠᠤ᠂ ᠤᠯᠠᠭᠠᠨ ᠰᠢᠰᠢ ᠶ᠋ᠢᠨ ᠪᠤᠳᠠᠭ᠎ᠠ ᠵᠢᠩᠨᠡᠵᠦ᠂ ᠦᠬᠡᠷ ᠬᠣᠨᠢᠨ ᠤ᠋ ᠮᠢᠬ᠎ᠠ ᠲᠠᠢ ᠴᠠᠭᠠᠨ ᠨᠣᠭᠣᠭ᠎ᠠ ᠲᠥᠮᠥᠰᠥ ᠲᠡᠢ ᠵᠠᠭᠤᠰᠢ ᠬᠢᠵᠦ ᠡᠬᠢᠯᠡᠯ᠎ᠡ᠃ ᠡᠨᠡᠬᠦ ᠰᠤᠷᠭᠠᠭᠤᠯᠢ ᠶ᠋ᠢᠨ ᠠᠩᠬᠠᠳᠠᠭᠴᠢ ᠭᠠᠯ ᠭᠣᠯᠣᠮᠲᠠ ᠶ᠋ᠢ ᠬᠥᠭᠵᠢᠭᠡᠨ ᠤᠤᠭᠠᠨ ᠪᠠᠭᠰᠢ ᠪᠣᠯᠬᠤ ᠬᠣᠶᠠᠷ ᠣᠶᠤᠲᠠᠨ ᠮᠠᠨᠢ ᠠᠵᠢᠯ ᠦᠢᠯᠡᠰ ᠢ᠋ᠶ᠋ᠡᠨ ᠠᠩᠬ᠎ᠠ ᠡᠢᠮᠦᠷᠬᠦᠦ ᠣᠷᠴᠢᠨ ᠨᠥᠬᠥᠴᠡᠯ ᠳ᠋ᠦ᠍ ᠡᠬᠢᠯᠡᠭᠦᠯᠦᠯ᠎ᠡ᠃ ᠡᠨᠡ ᠪᠣᠯ ᠲᠡᠷᠡ ᠬᠣᠶᠠᠷ ᠤ᠋ᠨ ᠬᠣᠵᠢᠮ ᠬᠣᠢᠰᠢᠳᠠ ᠥᠩᠭᠡᠷᠡᠭᠦᠯᠬᠦ ᠤᠷᠲᠤ ᠤᠳᠠᠭᠠᠨ ᠠᠮᠢᠳᠤᠷᠠᠯ ᠤ᠋ᠨ ᠶᠠᠪᠤᠴᠠ ᠳ᠋ᠤ᠌ ᠬᠡᠵᠢᠶ᠎ᠡ ᠴᠦ᠍ ᠮᠠᠷᠲᠠᠭᠳᠠᠰᠢ ᠦᠭᠡᠢ ᠲᠡᠦᠬᠡ ᠶ᠋ᠢᠨ ᠨᠢᠭᠡᠨ ᠴᠠᠭ ᠡᠷᠢᠨ ᠪᠣᠯᠬᠤ ᠶᠤᠮ᠃
ᠬᠠᠷᠠᠭᠠᠨᠠᠲᠠᠢ ᠳ᠋ᠤ᠌ ᠢᠷᠡᠭᠰᠡᠨ ᠦ᠌ ᠪᠡᠨ ᠨᠠᠢᠮᠠᠳᠠᠬᠢ ᠡᠳᠦᠷ ᠲᠦ᠍ ᠲᠡᠳᠡ ᠬᠣᠶᠠᠭᠤᠯᠠ ᠠᠷᠪᠠᠨ ᠬᠡᠳᠦᠨ ᠲᠠᠰᠤᠯᠭ᠎ᠠ ᠭᠡᠷ ᠲᠦ᠍ ᠬᠣᠶᠠᠭᠤᠯᠠᠬᠠᠨ ᠢ᠋ᠶ᠋ᠠᠨ ᠣᠷᠣᠵᠤ ᠢᠷᠡᠨ ᠰᠠᠭᠤᠵᠤ ᠥᠨᠥᠬᠢ ᠰᠢᠷᠡᠭᠡ ᠪᠡᠷ ᠵᠡᠷᠭᠡᠯᠡᠭᠰᠡᠨ ᠣᠷᠣ ᠲᠠᠢ ᠲᠤᠰ ᠲᠤᠰ ᠤ᠋ᠨ ᠢ᠋ᠶ᠋ᠠᠨ ᠪᠠᠢᠷᠢ ᠳ᠋ᠤ᠌ ᠶᠠᠭᠤᠮ᠎ᠠ ᠬᠡᠦᠮ᠎ᠡ ᠪᠡᠨ ᠲᠥᠪᠬᠢᠨᠡᠭᠦᠯᠦᠭᠰᠡᠨ ᠪᠣᠯᠪᠠᠴᠤ ᠴᠠᠬᠢᠯᠭᠠᠨ ᠦᠭᠡᠢ ᠪᠣᠯᠬᠣᠷ ᠯᠠ ᠶ᠋ᠢᠨ ᠪᠦᠳᠡᠭᠢ ᠭᠡᠷᠡᠯ ᠳ᠋ᠦ᠍ ᠨᠣᠮ ᠪᠢᠴᠢᠭ ᠱᠠᠭᠠᠢᠵᠤ ᠰᠠᠭᠤᠨ᠎ᠠ᠃ ᠭᠡᠷ ᠲᠦ᠍ ᠠᠢᠬᠤᠪᠲᠤᠷ ᠴᠢᠭᠢᠭᠲᠡᠢ ᠮᠥᠷᠲᠡᠭᠡᠨ ᠬᠦᠢᠲᠡᠨ᠂ ᠰᠥᠨᠢ ᠨᠣᠬᠠᠢ ᠶ᠋ᠢᠨ ᠪᠥᠭᠡᠰᠦ ᠬᠠᠵᠠᠵᠤ ᠲᠡᠰᠬᠦᠶ᠎ᠡ ᠪᠡᠷᠬᠡ ᠰᠢᠨᠠᠯᠭᠠᠨ᠎ᠠ᠃ ᠭᠠᠪᠢᠷ᠎ᠠ ᠶ᠋ᠢᠨ ᠲᠣᠷᠭ᠎ᠠ ᠰᠢᠭ᠋ ᠵᠥᠭᠡᠯᠡᠨ ᠠᠷᠠᠰᠤ ᠶᠠᠭᠠᠬᠢᠵᠤ ᠲᠡᠰᠬᠦ ᠪᠢᠯᠡ᠃ ᠬᠠᠪᠤᠳᠴᠤ ᠪᠡᠮᠪᠡᠢᠨ ᠤᠯᠠᠭᠠᠨ ᠡᠷᠢᠶᠡᠨ ᠭᠦᠪᠳᠦᠷᠦᠦ ᠭᠠᠷᠴᠤ ᠲᠡᠭᠦᠨ ᠢ᠋ ᠤᠨᠲᠠᠭᠤᠯᠬᠤ ᠦᠭᠡᠢ ᠵᠣᠪᠠᠭᠠᠨ᠎ᠠ᠃ ᠲᠡᠷᠡ ᠡᠳᠦᠷ ᠦ᠋ᠨ ᠲᠡᠮᠳᠡᠭᠯᠡᠯ ᠪᠢᠴᠢᠬᠦ ᠪᠤᠶᠤ ᠠᠷᠤ ᠭᠡᠷ᠂ ᠬᠠᠮᠲᠤ ᠰᠤᠷᠤᠯᠭᠠᠲᠠᠨ ᠳ᠋ᠠᠭᠠᠨ ᠵᠠᠬᠢᠳᠠᠯ ᠪᠢᠴᠢᠵᠦ ᠰᠠᠭᠤᠬᠤ ᠳ᠋ᠠᠭᠠᠨ ᠠᠪᠤ ᠡᠵᠢ ᠪᠡᠨ ᠦᠭᠡᠢᠯᠡᠨ ᠰᠠᠨᠠᠵᠤ᠂ ᠴᠢᠪᠠᠭᠠᠨ ᠤᠷᠤᠭᠤᠯ ᠢ᠋ᠶ᠋ᠠᠨ ᠥᠮᠥᠯᠵᠡᠭᠦᠯᠦᠨ ᠨᠢᠯᠪᠤᠰᠤ ᠪᠥᠮᠪᠥᠷᠢᠭᠦᠯᠦᠨᠡ᠃ ᠲᠡᠷᠡ ᠠᠢᠯ ᠤ᠋ᠨ ᠭᠠᠭᠴᠠ ᠡᠷᠭᠦᠮᠡᠯ ᠥᠬᠢᠨ᠃ ᠡᠷᠬᠡ ᠳᠤᠷ᠎ᠠ ᠪᠠᠷ ᠥᠰᠴᠦ᠂ ᠠᠵᠢᠯᠰᠠᠭ ᠨᠢᠮᠪᠠᠢ ᠵᠠᠩ ᠲᠠᠢ ᠡᠵᠢ ᠶ᠋ᠢᠨ ᠢ᠋ᠶ᠋ᠡᠨ ᠬᠠᠢᠷ᠎ᠠ ᠬᠠᠯᠠᠮᠵᠢ ᠪᠠ ᠰᠤᠷᠭᠠᠯ ᠳᠣᠳᠣᠮᠳᠠᠯᠭ᠎ᠠ ᠪᠠᠷ ᠪᠠᠭᠠᠠ᠋ᠴᠠ ᠪᠠᠨ ᠠᠵᠢᠯᠴᠢ ᠬᠥᠳᠡᠯᠮᠦᠷᠢᠴᠢ᠂ ᠠᠷᠢᠭᠤᠨ ᠴᠡᠪᠡᠷ ᠢ᠋ ᠡᠷᠬᠢᠮᠯᠡᠬᠦ ᠵᠠᠩᠰᠢᠯ ᠲᠠᠢ᠂ ᠣᠢ ᠪᠢᠯᠢᠭ ᠬᠤᠷᠴᠠ ᠥᠬᠢᠨ ᠪᠢᠯᠡ᠃ ᠲᠡᠷᠡ ᠶᠠᠮᠠᠷᠴᠤ ᠬᠠᠯᠠ ᠵᠣᠪᠠᠯᠠᠩ ᠦᠵᠡᠭᠡ ᠦᠭᠡᠢ ᠥᠰᠦᠭᠰᠡᠨ ᠬᠡᠦᠬᠡᠳ ᠪᠣᠯᠬᠣᠷ ᠣᠳᠣ ᠶ᠋ᠢᠨ ᠡᠨᠡᠬᠦ ᠣᠷᠴᠢᠨ ᠠᠬᠤᠢ ᠲᠡᠭᠦᠨ ᠳ᠋ᠦ᠍ ᠶᠠᠭᠠᠬᠢᠬᠤ ᠶ᠋ᠢᠨ ᠠᠷᠭ᠎ᠠ ᠦᠭᠡᠢ ᠬᠦᠴᠢᠷ ᠲᠦᠪᠡᠭᠲᠡᠢ ᠵᠤᠲᠠᠷᠠᠭᠤ ᠬᠣᠮᠰᠠ ᠰᠠᠨᠠᠭᠳᠠᠵᠤ ᠪᠠᠢᠯ᠎ᠠ᠃ ᠬᠠᠮᠤᠭᠠ᠋ᠴᠠ ᠡᠭᠳᠡᠭᠦᠲᠡᠢ ᠨᠢ ᠨᠣᠬᠠᠢ ᠶ᠋ᠢᠨ ᠪᠥᠭᠡᠰᠦ᠃ ᠡᠢᠮᠦᠷᠬᠦᠦ ᠬᠥᠮᠦᠨ ᠦ᠌ ᠴᠢᠰᠤ ᠰᠣᠷᠣᠳᠠᠭ ᠨᠢᠳᠦᠨ ᠳ᠋ᠦ᠍ ᠦᠯᠦ ᠦᠵᠡᠭᠳᠡᠬᠦ ᠪᠠᠯᠠᠢ ᠮᠠᠭᠤᠬᠠᠢ ᠬᠣᠷᠣᠬᠠᠢ ᠪᠠᠢᠨ᠎ᠠ ᠭᠡᠳᠡᠭ ᠢ᠋ ᠲᠡᠷᠡ ᠶᠡᠷᠦ ᠮᠡᠳᠡᠳᠡᠭ ᠦᠭᠡᠢ᠃ ᠲᠡᠭᠡᠭᠡᠳ ᠲᠡᠭᠦᠨ ᠳ᠋ᠦ᠍ᠨᠢ ᠬᠠᠵᠠᠭᠳᠠᠵᠤ ᠬᠠᠮᠤᠭ ᠪᠡᠶ᠎ᠡ ᠨᠢ ᠬᠠᠯᠠᠭᠤ ᠣᠷᠬᠢᠨ ᠨᠢᠯᠴᠢᠭᠢᠨᠡᠨ ᠵᠠᠭᠠᠲᠤᠨᠠᠭᠤᠯᠤᠨᠠ᠃
ᠬᠠᠵᠠᠭᠤ ᠶ᠋ᠢᠨ ᠥᠷᠥᠭᠡᠨ ᠳ᠋ᠦ᠍ ᠰᠠᠢᠰᠢᠶᠠᠯᠲᠤ ᠪᠦᠳᠡᠭᠢ ᠭᠡᠷᠡᠯ ᠳ᠋ᠦ᠍ ᠶᠠᠭᠤᠮ᠎ᠠ ᠪᠢᠴᠢᠵᠦ ᠰᠠᠭᠤᠨ᠎ᠠ᠃ ᠭᠡᠷ ᠦ᠋ᠨ ᠴᠢᠭᠢᠭ ᠲᠡᠭᠦᠨ ᠦ᠌ ᠨᠢᠷᠤᠭᠤ ᠪᠠᠷ ᠨᠢ ᠬᠦᠢᠲᠡᠨ ᠣᠷᠭᠢᠭᠤᠯᠤᠨ᠎ᠠ᠃ ᠨᠣᠬᠠᠢ ᠶ᠋ᠢᠨ ᠪᠥᠭᠡᠰᠦᠨ ᠳ᠋ᠦ᠍ ᠬᠠᠵᠠᠭᠳᠠᠨ ᠢᠯᠠᠭᠠᠨ ᠤ᠋ ᠠᠳᠤᠭᠤ ᠰᠢᠭ᠋ ᠲᠡᠪᠴᠢᠶᠡᠷᠢ ᠠᠯᠲᠠᠨ ᠪᠡᠶ᠎ᠡ ᠪᠡᠨ ᠮᠠᠭᠠᠵᠢᠯᠬᠢᠯᠠᠨᠠ᠃ ᠲᠡᠷᠡ ᠪᠣᠯ ᠪᠠᠷᠯᠤᠤᠰ ᠣᠪᠣᠭ ᠤ᠋ᠨ ᠬᠠᠭᠤᠴᠢᠳ ᠬᠥᠮᠦᠨ᠃ ᠠᠪᠤ ᠡᠵᠢ ᠨᠢ ᠡᠷᠲᠡ ᠥᠩᠭᠡᠷᠡᠵᠦ ᠶᠡᠬᠡ ᠠᠬ᠎ᠠ ᠪᠡᠷᠭᠡᠨ ᠦ᠌ ᠪᠡᠨ ᠭᠠᠷ ᠳᠡᠭᠡᠷ᠎ᠡ ᠥᠰᠴᠦ ᠬᠥᠮᠦᠵᠢᠨ ᠬᠥᠮᠦᠨ ᠦ᠌ ᠵᠡᠷᠭᠡ ᠳ᠋ᠦ᠍ ᠬᠦᠷᠴᠡᠢ᠃ ᠲᠥᠷᠥᠯᠬᠢ ᠳᠠᠷᠤᠤ ᠬᠢᠴᠢᠶᠡᠩᠭᠦᠢ᠂ ᠦᠭᠡ ᠳᠠᠭᠤᠨ ᠴᠥᠭᠡᠨ ᠲᠡᠢ᠃ ᠶᠡᠬᠡᠯ᠎ᠡ ᠨᠢᠭᠤᠷᠮᠠᠲᠠᠭᠠᠢ ᠵᠠᠩ ᠲᠠᠢ ᠵᠠᠯᠠᠭᠤ᠃ ᠲᠡᠷᠡ ᠣᠳᠣ ᠭᠠᠷᠳᠠᠨ ᠬᠢᠬᠦ ᠭᠡᠵᠦ ᠪᠠᠢᠭ᠎ᠠ ᠠᠵᠢᠯ ᠦᠢᠯᠡᠰ ᠦ᠋ᠨ ᠢ᠋ᠶ᠋ᠡᠨ ᠲᠤᠬᠠᠢ ᠵᠥᠩᠳᠡᠭᠡᠨ ᠣᠯᠠᠨ ᠢ᠋ ᠪᠣᠳᠣᠵᠤ ᠰᠠᠭᠤᠨ᠎ᠠ᠃ ᠭᠠᠭᠴᠠ ᠰᠤᠷᠤᠭᠴᠢ ᠴᠤ᠌ ᠦᠭᠡᠢ᠂ ᠮᠠᠷᠭᠠᠰᠢ ᠠ᠋ᠴᠠ ᠬᠥᠳᠡᠭᠡ ᠪᠠᠭᠤᠨ᠎ᠠ᠂ ᠠᠵᠢᠯ ᠶᠠᠪᠤᠳᠠᠯ ᠮᠠᠨᠢ ᠬᠢᠷᠢ ᠵᠡᠷᠭᠡ ᠣᠷᠣᠭᠰᠢ ᠲᠠᠢ ᠪᠣᠯᠬᠤ ᠪᠣᠯ ᠭᠡᠬᠦ ᠵᠡᠷᠭᠡ ᠪᠡᠷ ᠰᠠᠨᠠᠭ᠎ᠠ ᠪᠣᠯᠵᠤ ᠪᠠᠢᠭᠰᠠᠨ ᠴᠤ᠌ ᠨᠥᠭᠥᠭᠡ ᠥᠷᠥᠭᠡᠨ ᠳ᠋ᠦ᠍ ᠪᠠᠢᠭ᠎ᠠ ᠭᠠᠪᠢᠷ᠎ᠠ ᠶ᠋ᠢ ᠪᠣᠳᠣᠬᠤ ᠦᠭᠡᠢ ᠪᠠᠢᠵᠤ ᠴᠢᠳᠠᠭᠰᠠᠨ ᠦᠭᠡᠢ᠃ ᠲᠡᠷᠡ ᠰᠤᠷᠭᠠᠭᠤᠯᠢ ᠳ᠋ᠤ᠌ ᠬᠦᠷᠴᠦ ᠭᠠᠪᠢᠷ᠎ᠠ ᠶ᠋ᠢ ᠠᠩᠬ᠎ᠠ ᠬᠠᠷᠠᠮᠠᠭᠴᠠ ᠳᠣᠲᠣᠷ᠎ᠠ ᠪᠠᠨ ᠲᠣᠭᠣᠴᠢᠬᠠᠪᠠ᠃ ᠬᠡᠦᠬᠡᠳᠯᠢᠭ ᠳᠡᠭᠵᠢᠨ᠂ ᠬᠤᠷᠴᠠ ᠰᠡᠷᠭᠦᠯᠡᠩ ᠴᠢᠨᠳᠠᠭ᠎ᠠ ᠰᠢᠭ᠋ ᠴᠠᠭᠠᠨ ᠰᠢᠷᠠᠮᠠᠩ ᠥᠬᠢᠨ᠃ ᠰᠠᠭᠰᠤᠨ ᠪᠥᠮᠪᠥᠭᠡ ᠨᠠᠭᠠᠳᠬᠤ ᠳᠤᠷᠠᠲᠠᠢ᠃ ᠨᠣᠮ ᠶᠡᠬᠡ ᠤᠩᠰᠢᠳᠠᠭ᠂ ᠬᠣᠩᠰᠢᠶᠠᠷ ᠬᠤᠷᠴᠠ ᠬᠡᠯᠡᠮᠡᠭᠡᠢ ᠠᠯᠢᠶᠠᠷᠬᠠᠵᠤ ᠲᠣᠭᠯᠠᠬᠤ ᠨᠢ ᠬᠡᠦᠬᠡᠳ ᠰᠢᠭ᠂ ᠵᠢᠵᠢᠭᠬᠡᠨ ᠱᠥᠪᠥᠭᠡᠷ ᠰᠣᠶᠣᠭ᠎ᠠ ᠲᠠᠢ ᠲᠠᠨᠠᠨ ᠴᠠᠭᠠᠨ ᠰᠢᠳᠦ ᠢᠷᠠᠯᠵᠠᠭᠤᠯᠤᠨ ᠬᠠᠴᠠᠷ ᠤ᠋ᠨ ᠬᠤᠨᠳᠠᠭ᠎ᠠ ᠪᠠᠨ ᠬᠣᠲᠣᠢᠯᠭᠠᠨ ᠢᠨᠢᠶᠡᠬᠦ ᠨᠢ ᠲᠡᠭᠦᠨ ᠳ᠋ᠦ᠍ ᠲᠣᠩ ᠬᠥᠭᠡᠷᠦᠬᠦᠨ ᠬᠠᠷᠠᠭᠳᠠᠨ᠎ᠠ᠃ ᠡᠷᠡᠭᠲᠡᠢ ᠰᠤᠷᠤᠭᠴᠢᠳ ᠠᠩᠭᠢ ᠶ᠋ᠢᠨ ᠢ᠋ᠶ᠋ᠡᠨ ᠥᠬᠢᠳ ᠢ᠋ ᠶᠠᠷᠢᠯᠴᠠᠬᠤ ᠳᠤᠷᠠᠲᠠᠢ᠃ ᠭᠠᠪᠢᠷ᠎ᠠ ᠶ᠋ᠢ《ᠠᠯᠢᠶ᠎ᠠ ᠰᠢᠷ᠎ᠠ》᠂《ᠣᠮᠣᠷᠬᠠᠭ ᠰᠢᠷ᠎ᠠ》᠂《ᠳᠡᠭᠡᠷᠡᠩᠭᠦᠢ ᠵᠠᠩ ᠲᠠᠢ》 ᠭᠡᠬᠦ ᠮᠡᠲᠦᠴᠢᠯᠡᠨ ᠬᠣᠴᠢᠯᠠᠳᠠᠭ᠃ ᠭᠡᠪᠡᠴᠦ ᠰᠠᠢᠰᠢᠶᠠᠯᠲᠤ ᠳ᠋ᠤ᠌ ᠪᠣᠯ ᠭᠠᠪᠢᠷ᠎ᠠ ᠶᠣᠰᠣᠲᠠᠢ ᠲᠡᠭᠦᠰ ᠰᠠᠢᠬᠠᠨ ᠥᠬᠢᠨ ᠭᠡᠵᠦ ᠪᠣᠳᠣᠭᠳᠠᠳᠠᠭ᠃ ᠣᠳᠣ ᠬᠣᠶᠠᠭᠤᠯᠠ ᠴᠣᠭ ᠬᠤᠪᠢᠶᠠᠭᠳᠠᠵᠤ ᠭᠠᠭᠴᠠ ᠬᠡᠷᠡᠮ ᠦ᠋ᠨ ᠴᠠᠭᠠᠨ᠎ᠠ ᠨᠠᠭᠠᠨ᠎ᠠ ᠰᠠᠭᠤᠵᠤ ᠪᠠᠢᠨ᠎ᠠ ᠭᠡᠵᠦ ᠪᠣᠳᠣᠬᠤ ᠳ᠋ᠤ᠌ ᠲᠤᠩ ᠴᠤ᠌ ᠵᠢᠷᠭᠠᠯᠲᠠᠢ ᠰᠠᠨᠠᠭᠳᠠᠨ᠎ᠠ᠃ ᠲᠡᠷᠡ ᠶᠠᠭᠤ ᠬᠢᠵᠦ ᠰᠠᠭᠤᠭ᠎ᠠ ᠪᠣᠯ? ᠭᠡᠮᠡᠨ ᠪᠣᠳᠣᠵᠤ ᠭᠠᠪᠢᠷ᠎ᠠ ᠶ᠋ᠢ ᠡᠷᠢᠵᠦ ᠣᠴᠢᠮᠠᠷ ᠪᠣᠳᠣᠭᠳᠠᠨ᠎ᠠ᠃ ᠠᠷᠪᠠᠨ ᠵᠠᠩ ᠬᠠᠩᠬᠠᠢ ᠭᠡᠷ ᠲᠦ᠍ ᠬᠣᠶᠠᠭᠤᠯᠠᠬᠠᠨ ᠢ᠋ᠶ᠋ᠠᠨ ᠪᠠᠢᠵᠤ ᠪᠠᠢᠭᠰᠠᠨ ᠬᠢᠷᠢ ᠨᠢ ᠬᠡᠨ ᠠᠯᠢᠨ ᠤ᠋ ᠪᠠᠨ ᠡᠭᠦᠳᠡ ᠶ᠋ᠢ ᠲᠣᠭᠰᠢᠬᠤ ᠵᠣᠷᠢᠭ ᠬᠦᠷᠬᠦ ᠦᠭᠡᠢ ᠤᠷᠲᠤ ᠰᠥᠨᠢ ᠶ᠋ᠢᠨ ᠭᠦᠨ ᠥᠨᠥᠴᠢᠨ ᠰᠦᠮᠡᠭᠡᠷ ᠯᠡ ᠶ᠋ᠢᠨ ᠭᠡᠷᠡᠯ ᠳ᠋ᠦ᠍ ᠨᠣᠮ ᠪᠢᠴᠢᠭ ᠲᠡᠢ ᠤᠷᠤᠯᠳᠤᠨ ᠥᠩᠭᠡᠷᠡᠭᠦᠯᠦᠭᠰᠡᠨ ᠴᠠᠭ ᠮᠥᠴᠡ ᠪᠡᠨ ᠬᠣᠵᠢᠮ ᠨᠢ ᠭᠠᠪᠢᠷ᠎ᠠ ᠡᠷᠭᠢᠴᠡᠭᠦᠯᠬᠦ ᠳ᠋ᠡᠭᠡᠨ ᠭᠦᠨ ᠬᠠᠷᠠᠮᠰᠠᠳᠠᠭ ᠪᠠᠢᠵᠠᠢ᠃
