ᠪᠦᠷᠭᠦᠳ ᠬᠠᠷᠢ ᠳᠤ ᠡᠭᠦᠷᠯᠡᠳᠡᠭ ᠦᠭᠡᠢ – ᠵ ᠂ ᠫᠦᠷᠪᠦ< ᠲᠠᠪᠤᠳᠤᠭᠠᠷ ᠪᠦᠯᠦᠭ -2>᠂ᠭᠣᠯᠣᠮᠲᠠ ᠰᠠᠬᠢᠭᠰᠠᠨ ᠡᠵᠡᠨ ᠦ᠌ ᠳ᠋ᠦ᠍ Бүргэд харьд үүрэлдэггүй – Ж᠂ Пүрэв <5-р бүлэг ~2>.голомт сахисан эзнийд
<ᠲᠠᠪᠤᠳᠤᠭᠠᠷ ᠪᠦᠯᠦᠭ - ᠬᠣᠶᠠᠷ> ᠭᠣᠯᠣᠮᠲᠠ ᠰᠠᠬᠢᠭᠰᠠᠨ ᠡᠵᠡᠨ ᠦ᠌ ᠳ᠋ᠦ᠍
— ᠫᠦᠬᠦ᠂ ᠶᠠᠭᠤ ᠪᠣᠢ? ᠠᠬ᠎ᠠ ᠨᠠᠳᠠᠳᠤ ᠡᠢᠮᠦ ᠮᠠᠭᠤᠬᠠᠢ ᠦᠭᠡ ᠠᠷᠠᠢ ᠬᠡᠯᠡᠮᠡᠷ ᠦᠭᠡᠢ ᠪᠠᠢᠮᠠᠷ᠃ ᠡᠨᠡ ᠪᠢᠴᠢᠭ ᠢ᠋ ᠥᠭᠡᠷ᠎ᠡ ᠬᠥᠮᠦᠨ ᠵᠠᠮ ᠠ᠋ᠴᠠ ᠪᠢᠴᠢᠭᠡᠳ ᠠᠬ᠎ᠠ ᠳᠡᠭᠦᠦ ᠪᠢᠳᠡᠨ ᠢ᠋ ᠦᠢᠮᠡᠭᠦᠯᠵᠦ ᠪᠠᠢᠭ᠎ᠠ ᠬᠡᠷᠡᠭ ᠠᠷᠠᠢ ᠪᠢᠰᠢ ᠪᠠᠢᠭ᠎ᠠ ᠳᠠ? ᠭᠡᠮᠡᠨ ᠠᠷᠢᠬᠪᠦᠢ᠍ᠬᠡ ᠭᠠᠭᠴᠠᠭᠠᠷ ᠢ᠋ᠶ᠋ᠠᠨ ᠶᠠᠷᠢᠭᠠᠳ᠂ ᠤᠭ ᠪᠢᠴᠢᠭ ᠢ᠋ ᠳᠠᠬᠢᠨ ᠳᠠᠬᠢᠨ ᠤᠩᠰᠢᠵᠤ ᠦᠵᠡᠭᠰᠡᠨ ᠢ᠋ᠶ᠋ᠡᠨ ᠪᠣᠰᠤᠨ ᠬᠠᠷᠠᠢᠵᠤ᠂ ᠨᠢᠳᠦ ᠪᠡᠨ ᠲᠣᠮᠣ ᠪᠣᠯᠭᠠᠨ ᠬᠠᠷᠠᠭᠰᠠᠨ ᠢ᠋ᠶ᠋ᠠᠨ᠄
— ᠡᠨᠡ ᠴᠦ᠍ ᠭᠠᠷᠴᠠᠭ᠎ᠠ ᠦᠭᠡᠢ ᠬᠤᠪᠢᠯᠠᠢ ᠶ᠋ᠢᠨ ᠬᠡᠯᠡᠭᠰᠡᠨ ᠦᠭᠡ ᠮᠥᠨ ᠪᠠᠢᠨ᠎ᠠ᠃ ᠶᠠᠭᠠᠬᠢᠭᠰᠠᠨ ᠭᠤᠳᠢᠭ ᠦᠭᠡᠢ ᠪᠢᠯᠡ᠃ ᠪᠢ ᠡᠭᠦᠨ ᠢ᠋ ᠶᠠᠭᠠᠬᠢᠵᠤ ᠡᠵᠢ ᠳ᠋ᠦ᠍ ᠦᠵᠡᠭᠦᠯᠬᠦ ᠪᠢᠯᠡ᠃ ᠡᠵᠢ ᠡᠨᠡ ᠪᠢᠴᠢᠭ ᠢ᠋ ᠦᠵᠡᠭᠡᠳ ᠵᠢᠷᠦᠬᠡ ᠰᠡᠳᠬᠢᠯ ᠨᠢ ᠬᠠᠴᠢᠨ ᠡᠪ ᠦᠭᠡᠢ ᠪᠣᠯᠵᠤ᠂ ᠪᠡᠶ᠎ᠡ ᠨᠢ ᠤᠯᠠᠮ ᠮᠠᠭᠤᠳᠠᠬᠤ ᠪᠠᠢᠬᠤ ᠳᠠ᠃ ᠶᠠᠭᠠᠬᠢᠵᠤ ᠴᠦ᠍ ᠡᠭᠦᠨ ᠢ᠋ ᠨᠢᠭᠤᠬᠤ ᠪᠣᠢ᠃ ᠵᠣᠷᠢᠭ ᠭᠠᠷᠭᠠᠨ ᠰᠢᠭᠤᠳ ᠬᠡᠯᠡᠬᠦ ᠡᠴᠡ ᠪᠢᠰᠢ ᠭᠡᠰᠡᠨ ᠡᠴᠡ ᠳᠠᠭᠤ ᠨᠢ ᠴᠢᠩᠭᠠᠷᠠᠨ ᠴᠢᠷᠠᠢ ᠵᠢᠪᠡᠬᠡᠢᠷᠡᠵᠦ
— ᠠᠬ᠎ᠠ ᠪᠢᠳᠡ ᠬᠣᠶᠠᠷ ᠤ᠋ᠨ ᠬᠠᠷᠢᠯᠴᠠᠭ᠎ᠠ ᠡᠢᠮᠦ ᠳ᠋ᠦ᠍ ᠬᠦᠷᠴᠦ ᠪᠠᠢᠭ᠎ᠠ ᠪᠣᠯ ᠪᠢ ᠪᠠᠯᠮᠠᠭᠳᠠᠨ ᠬᠤᠯᠴᠢᠢᠵᠤ ᠰᠠᠭᠤᠭᠠᠳ ᠶᠠᠭᠠᠬᠢᠬᠤ ᠪᠣᠢ᠃ ᠨᠠᠳᠠᠳᠤ ᠪᠠᠰᠠ ᠢᠯᠳᠦ ᠪᠣᠢ᠃ ᠵᠠᠷ ᠵᠡᠪᠰᠡᠭ᠂ ᠴᠡᠷᠢᠭ ᠮᠣᠷᠢᠳ ᠪᠣᠢ᠃ ᠪᠢ ᠬᠥᠮᠦᠨ ᠰᠢᠭ ᠯᠡ ᠬᠥᠮᠦᠨ᠃ ᠪᠤᠰᠤᠳ ᠠ᠋ᠴᠠ ᠠᠶᠤᠵᠤ ᠬᠤᠯᠴᠢᠬᠢᠨᠠᠭᠠᠳ ᠬᠠᠭᠠᠨ ᠤ᠋ ᠣᠷᠣ ᠶ᠋ᠢ ᠬᠤᠪᠢᠯᠠᠢ ᠳ᠋ᠤ᠌ ᠥᠭᠬᠦ ᠦᠭᠡᠢ ᠰᠢᠦ᠃ ᠪᠠᠰᠠ ᠨᠡᠢᠰᠯᠡᠯ ᠢ᠋ ᠱᠠᠩᠳᠤ ᠳ᠋ᠤ᠌ ᠰᠢᠯᠵᠢᠭᠦᠯᠦᠯ᠎ᠡ ᠭᠡᠵᠦ ᠮᠡᠳᠡᠭᠳᠡᠭᠰᠡᠨ ᠪᠠᠢᠭ᠎ᠠ᠃ ᠶᠠᠭᠤᠮ᠎ᠠ ᠪᠦᠬᠦᠨ ᠢ᠋ ᠳᠤᠷ᠎ᠠ ᠵᠣᠷᠢᠭ ᠢ᠋ᠶ᠋ᠠᠷ ᠢ᠋ᠶ᠋ᠠᠨ ᠥᠪᠡᠷ ᠤᠷᠤᠭᠤ ᠪᠠᠨ ᠵᠥᠭᠡᠭᠡᠬᠦ ᠨᠢ ᠰᠢᠪ ᠳᠡ᠂ ᠲᠡᠷᠡ ᠬᠥᠮᠦᠨ᠃ ᠢᠩᠭᠢᠵᠦ ᠲᠣᠩᠭᠣᠴᠢᠬᠤ ᠶ᠋ᠢ ᠪᠢ ᠵᠥᠪᠰᠢᠶᠡᠷᠡᠵᠦ ᠪᠣᠯᠬᠤ ᠤᠤ? ᠮᠥᠩᠬᠡ ᠲᠩᠷᠢ ᠲᠡᠭᠦᠨ ᠢ᠋ ᠲᠠᠭᠠᠯᠠᠬᠤ ᠤᠤ? ᠳᠤᠷ᠎ᠠ ᠪᠠᠷ ᠢ᠋ᠶ᠋ᠠᠨ ᠳᠣᠷᠭᠢᠵᠤ ᠶᠠᠪᠤᠭ᠎ᠠ ᠠᠮᠢᠲᠠᠨ ᠢ᠋ ᠬᠠᠵᠠᠭᠠᠷᠯᠠᠳᠠᠭ ᠶᠣᠰᠣ ᠪᠣᠢ᠃ ᠡᠮᠨᠢᠭ ᠮᠣᠷᠢ ᠶ᠋ᠢ ᠬᠥᠮᠦᠨ ᠪᠠᠷᠢᠵᠤ ᠠᠪᠤᠭᠠᠳ ᠨᠣᠮᠣᠬᠠᠳᠬᠠᠨ ᠰᠤᠷᠭᠠᠳᠠᠭ ᠪᠢᠵᠡ ᠳᠡ᠃ ᠲᠡᠢᠮᠦ ᠯᠡ ᠬᠡᠷᠡᠭ ᠪᠣᠯᠬᠤ ᠨᠢ ᠴᠦ᠍ ᠭᠡᠵᠦ ᠠᠷᠢᠬᠪᠦᠢ᠍ᠬᠡ ᠪᠣᠳᠣᠵᠤ ᠰᠠᠭᠤᠭᠰᠠᠨ ᠢ᠋ᠶ᠋ᠠᠨ ᠲᠣᠪᠰᠢᠭᠤᠷ ᠮᠣᠳᠣ ᠴᠣᠬᠢᠨ ᠪᠠᠷ᠎ᠠ ᠪᠣᠯᠤᠭᠴᠢ ᠶ᠋ᠢ ᠳᠠᠭᠤᠳᠠᠨ ᠢᠷᠡᠭᠦᠯᠦᠭᠡᠳ ᠠᠯᠨᠨᠳᠠᠢ᠂ ᠲᠡᠮᠦᠷ ᠲᠣᠯᠣᠭᠠᠢ᠂ ᠰᠦᠢᠲᠦ᠂ ᠪᠢᠯᠢᠭᠦᠨ ᠨᠠᠷ ᠤ᠋ᠨ ᠨᠣᠶᠠᠳ ᠢ᠋ ᠶᠠᠭᠠᠷᠠᠯᠲᠠᠢ ᠡᠨᠳᠡ ᠢᠷᠡᠭᠦᠯ! ᠭᠡᠵᠦ ᠲᠤᠰᠢᠶᠠᠪᠠ᠃ ᠤᠳᠠᠭᠰᠠᠨ ᠴᠦ᠍ ᠦᠭᠡᠢ ᠨᠡᠷ᠎ᠡ ᠪᠦᠬᠦᠢ ᠠᠷᠪᠠᠭᠠᠳ ᠨᠣᠶᠠᠨ ᠬᠠᠭᠠᠨ ᠤ᠋ ᠣᠷᠳᠣᠨ ᠳ᠋ᠤ᠌ ᠬᠤᠷᠠᠨ ᠴᠤᠭᠯᠠᠷᠠᠯ᠎ᠠ᠃
ᠠᠷᠢᠬᠪᠦᠢ᠍ᠬᠡ ᠬᠠᠭᠠᠨ ᠠᠭᠤᠷᠲᠠᠢ ᠲᠣᠭᠰᠢᠨ ᠴᠦ᠍ ᠶᠤᠮ ᠰᠢᠭ᠋᠂ ᠠᠭᠠᠰᠢ ᠵᠠᠩ ᠨᠢ ᠢᠮᠠᠭᠲᠠ ᠲᠠᠢᠪᠤᠩ ᠪᠠᠢᠳᠠᠭ ᠪᠠᠢᠳᠠᠯ ᠢ᠋ᠶ᠋ᠠᠨ ᠥᠭᠡᠷᠡᠴᠢᠯᠡᠨ ᠪᠠᠢᠪᠠ᠃ ᠬᠥᠮᠦᠰ ᠶᠡᠷᠦ ᠪᠤᠰᠤ ᠶ᠋ᠢᠨ ᠨᠢᠭᠡ ᠶᠠᠪᠤᠳᠠᠯ ᠲᠡᠭᠦᠨ ᠢ᠋ ᠵᠣᠪᠠᠭᠠᠵᠤ ᠪᠠᠢᠭ᠎ᠠ ᠶ᠋ᠢ ᠭᠠᠳᠠᠷᠯᠠᠨ ᠵᠠᠷᠯᠢᠭ ᠬᠦᠯᠢᠶᠡᠵᠦ ᠵᠣᠭᠰᠣᠯ᠎ᠠ᠃ ᠬᠠᠭᠠᠨ ᠬᠠᠭᠤᠴᠢᠨ ᠵᠠᠩᠰᠢᠯ ᠢ᠋ᠶ᠋ᠠᠷ ᠢ᠋ᠶ᠋ᠠᠨ ᠰᠢᠳᠠᠷ ᠬᠥᠮᠦᠰ ᠢ᠋ᠶ᠋ᠡᠨ ᠨᠢᠭᠡ ᠪᠦᠷᠢ ᠪᠡᠷ ᠠᠵᠢᠭᠯᠠᠨ ᠬᠠᠷᠠᠭᠰᠠᠨ ᠢ᠋ᠶ᠋ᠠᠨ᠄
— ᠰᠠᠭᠤᠵᠤ ᠳᠠᠭᠠᠯᠠᠭᠠᠴᠢ! ᠮᠣᠳᠣᠨ ᠥᠮᠥᠳᠥ ᠡᠮᠦᠰᠦᠭᠰᠡᠨ ᠪᠢᠰᠢ ᠳᠡ ᠭᠡᠵᠦ ᠵᠣᠴᠢᠯᠠᠪᠠ᠃ ᠨᠣᠶᠠᠳ ᠤ᠋ᠳ ᠪᠡᠯᠡᠨ ᠵᠠᠰᠠᠭᠠᠰᠤᠲᠠᠢ ᠵᠠᠪᠳᠤᠩ ᠳ᠋ᠤ᠌ ᠴᠢᠮᠡᠭᠡ ᠦᠭᠡᠢ ᠰᠠᠭᠤᠯ᠎ᠠ᠃ ᠬᠠᠭᠠᠨ ᠬᠤᠪᠢᠯᠠᠢ ᠠ᠋ᠴᠠ ᠢᠷᠡᠭᠦᠯᠦᠭᠰᠡᠨ ᠪᠢᠴᠢᠭ ᠢ᠋ ᠰᠠᠶᠢᠬᠠᠨ ᠰᠢᠳᠠᠷ ᠪᠣᠯᠤᠭᠰᠠᠨ ᠪᠢᠯᠢᠭᠦᠨ ᠳ᠋ᠦ᠍ ᠥᠭᠴᠦ
— ᠡᠭᠦᠨ ᠢ᠋ ᠤᠩᠰᠢᠨ ᠰᠣᠨᠣᠰᠬ᠎ᠠ! ᠭᠡᠵᠦ ᠵᠠᠷᠯᠢᠭᠯᠠᠪᠠ᠃ ᠰᠦᠢᠲᠦ ᠨᠣᠶᠠᠨ ᠳ᠋ᠤ᠌ ᠪᠠᠷ᠎ᠠ ᠪᠣᠯᠤᠨ ᠲᠠᠮᠠᠭ᠎ᠠ ᠲᠦᠰᠢᠵᠦ᠂ ᠳᠤᠮᠳᠠᠳᠤ ᠣᠷᠣᠨ ᠨᠤᠭᠤᠳ ᠢ᠋ᠶ᠋ᠠᠷ ᠶᠠᠪᠤᠭᠠᠳ ᠢᠷᠡᠭᠰᠡᠨ ᠦ᠌ ᠪᠡᠨ ᠳᠠᠷᠠᠭᠠᠬᠠᠨ ᠪᠢᠯᠢᠭᠦᠨ ᠶᠡᠬᠡ ᠬᠠᠭᠠᠨ ᠤ᠋ ᠳᠣᠲᠣᠭᠠᠳᠤ ᠪᠢᠴᠢᠭ ᠦ᠋ᠨ ᠨᠣᠶᠠᠨ ᠪᠣᠯᠵᠤ ᠡᠷᠭᠦᠭᠳᠡᠭᠰᠡᠨ ᠤᠴᠢᠷ ᠬᠠᠮᠤᠭ ᠨᠠᠷᠢᠨ ᠰᠠᠢᠨ ᠵᠦᠢᠯ ᠲᠡᠭᠦᠨ ᠦ᠌ ᠭᠠᠷ ᠢ᠋ᠶ᠋ᠠᠷ ᠳᠠᠮᠵᠢᠳᠠᠭ ᠪᠣᠯᠤᠭᠰᠠᠨ ᠨᠢ ᠥᠨᠳᠥᠷ ᠢᠲᠡᠭᠡᠯ ᠬᠦᠯᠢᠶᠡᠯᠭᠡᠭᠰᠡᠨ ᠬᠡᠷᠡᠭ ᠪᠠᠢᠯ᠎ᠠ᠃ ᠠᠬᠠᠨ ᠳᠡᠭᠦᠦ ᠬᠦᠯᠦᠭ᠂ ᠪᠢᠯᠢᠭᠦᠨ ᠬᠣᠶᠠᠷ ᠠᠯᠢ ᠠᠯᠢ ᠨᠢ ᠳᠡᠭᠡᠳᠦ ᠡᠵᠡᠳ ᠦ᠋ᠨ ᠪᠢᠴᠢᠭ ᠬᠡᠷᠡᠭ ᠦ᠋ᠨ ᠨᠠᠷᠢᠨ ᠠᠷᠭᠠᠨ ᠳ᠋ᠤ᠌ ᠢᠲᠡᠭᠡᠳᠡᠭ ᠪᠣᠯᠤᠭᠰᠠᠨ ᠨᠢ ᠲᠡᠭᠦᠨ ᠢ᠋ ᠡᠴᠢᠭᠡ ᠪᠠᠷᠭᠠᠢ ᠶ᠋ᠢᠨ ᠠᠴᠢ ᠭᠠᠪᠢᠶ᠎ᠠ ᠭᠡᠬᠦ ᠤᠤ᠂ ᠲᠡᠷᠡ ᠪᠢᠴᠢᠭ ᠦ᠋ᠨ ᠬᠥᠮᠦᠨ ᠦᠷ᠎ᠡ ᠬᠡᠦᠬᠡᠳ ᠦ᠋ᠳ ᠲᠦ᠍ ᠪᠡᠨ ᠥᠪᠡᠷ ᠦ᠋ᠨ ᠡᠷᠳᠡᠮ ᠢ᠋ ᠤᠯᠠᠮᠵᠢᠯᠠᠭᠤᠯᠤᠨ ᠰᠤᠷᠭᠠᠭᠰᠠᠨ ᠤ᠋ ᠪᠤᠶᠠᠨ ᠪᠢᠯᠡ᠃ ᠪᠢᠯᠢᠭᠦᠨ ᠥᠪᠡᠷ ᠢ᠋ᠶ᠋ᠡᠨ ᠬᠤᠪᠢᠯᠠᠢ ᠵᠠᠬᠢᠷᠤᠭᠴᠢ ᠶ᠋ᠢᠨ ᠣᠢᠷᠠᠯᠴᠠᠭ᠎ᠠ ᠠᠯᠪᠠ ᠬᠠᠰᠢᠵᠤ ᠪᠠᠢᠭᠰᠠᠨ᠂ ᠲᠡᠭᠦᠨ ᠦ᠌ ᠵᠠᠷᠤᠭᠠᠯ ᠢ᠋ᠶ᠋ᠠᠷ ᠨᠡᠢᠰᠯᠡᠯ ᠳ᠋ᠦ᠍ ᠢᠷᠡᠭᠰᠡᠨ ᠵᠡᠷᠭᠡ ᠪᠡᠨ ᠨᠢᠭᠡᠳ ᠨᠢᠭᠡᠨ ᠦᠭᠡᠢ ᠠᠷᠢᠬᠪᠦᠢ᠍ᠬᠡ ᠳ᠋ᠦ᠍ ᠠᠢᠯᠠᠳᠬᠠᠵᠤ ᠠᠮᠵᠢᠭᠰᠠᠨ ᠤᠴᠢᠷ ᠭᠠᠳᠠᠭᠠᠳᠤ ᠬᠡᠷᠡᠭ ᠦ᠋ᠨ ᠠᠯᠪᠠᠨ ᠳ᠋ᠤ᠌ ᠤᠳᠠᠭᠠᠨ ᠪᠠᠢᠯ ᠦᠭᠡᠢ᠂ ᠬᠠᠭᠠᠨ ᠤ᠋ ᠳᠡᠷᠭᠡᠳᠡ ᠰᠢᠳᠠᠷᠯᠠᠬᠤ ᠪᠣᠯᠵᠠᠢ᠃ ᠡᠢᠮᠦ ᠨᠢᠭᠡᠨ ᠲᠦᠰᠢᠮᠡᠯ ᠵᠠᠷᠯᠢᠭ ᠶᠣᠰᠣᠭᠠᠷ ᠪᠣᠰᠴᠤ ᠵᠣᠭᠰᠣᠭᠠᠳ ᠬᠤᠪᠢᠯᠠᠢ ᠠᠬ᠎ᠠ ᠠ᠋ᠴᠠ ᠨᠢ ᠳᠡᠭᠦᠦ ᠳ᠋ᠦ᠍ ᠪᠡᠨ ᠢᠷᠡᠭᠦᠯᠦᠭᠰᠡᠨ ᠪᠢᠴᠢᠭ ᠢ᠋ ᠨᠢ ᠨᠣᠶᠠᠳ ᠲᠤ ᠤᠩᠰᠢᠵᠤ ᠰᠣᠨᠣᠰᠬᠠᠯᠠ᠃ ᠪᠢᠯᠢᠭᠦᠨ ᠪᠢᠴᠢᠭ ᠳᠠᠭᠤᠳᠠᠬᠤ ᠳ᠋ᠤ᠌ ᠪᠠᠨ ᠬᠥᠮᠦᠰ ᠦ᠋ᠨ ᠴᠢᠬᠢᠨ ᠳ᠋ᠦ᠍ ᠴᠢᠳᠬᠤᠨ ᠬᠢᠵᠦ ᠪᠠᠢᠭ᠎ᠠ ᠠᠳᠠᠯᠢ ᠠᠶᠠᠯᠭᠤ ᠲᠣᠳᠣᠬᠠᠨ᠂ ᠤᠳᠬ᠎ᠠ ᠲᠡᠭᠦᠯᠳᠡᠷ ᠬᠡᠯᠡᠳᠡᠭ ᠨᠢ ᠪᠠᠬᠠᠷᠬᠠᠮᠠᠷ ᠪᠠᠢᠳᠠᠭ ᠪᠢᠯᠡ᠃
ᠨᠣᠶᠠᠳ ᠤ᠋ᠳ ᠤᠭ ᠪᠢᠴᠢᠭ ᠢ᠋ ᠰᠣᠨᠣᠰᠤᠭᠠᠳ ᠳᠣᠣᠷ᠎ᠠ ᠪᠦᠷᠢᠨ᠎ᠡ ᠴᠢᠷᠠᠢ ᠪᠠᠨ ᠬᠤᠪᠢᠷᠠᠭᠠᠨ ᠪᠣᠳᠣᠯ ᠳ᠋ᠤ᠌ ᠠᠪᠲᠠᠵᠤ ᠬᠡᠰᠡᠭ ᠵᠠᠭᠤᠷ᠎ᠠ ᠴᠢᠮᠡᠭᠡ ᠦᠭᠡᠢ ᠰᠠᠭᠤᠭᠰᠠᠨ ᠢ᠋ᠶ᠋ᠠᠨ ᠵᠠᠷᠢᠮ ᠨᠢ ᠬᠢᠯᠢᠩᠨᠡᠪᠡ ᠪᠣᠯᠤᠯᠲᠠᠢ ᠭᠠᠷ ᠵᠠᠩᠭᠢᠳᠤᠨ ᠪᠣᠰᠴᠤ ᠢᠷᠡᠪᠡ᠃ ᠬᠠᠮᠤᠭ ᠤ᠋ᠨ ᠲᠦᠷᠦᠭᠦᠨ ᠳ᠋ᠦ᠍ ᠠᠯᠠᠨᠳᠠᠷ ᠨᠣᠶᠠᠨ ᠰᠦᠷᠯᠢᠭ ᠲᠣᠮᠣ ᠴᠡᠭᠡᠵᠢ ᠪᠡᠨ ᠬᠥᠳᠡᠯᠭᠡᠨ᠂ ᠴᠢᠷᠠᠢ ᠪᠠᠨ ᠪᠠᠷᠤᠢᠯᠭᠠᠵᠤ᠂ ᠵᠠᠩᠭᠢᠷᠣᠭᠰᠨ ᠰᠥᠭᠡᠩᠳᠡᠭᠦᠦ ᠬᠣᠭᠣᠯᠠᠢ ᠪᠠᠷ᠄
— ᠬᠤᠪᠢᠯᠠᠢ ᠶᠠᠭᠤ ᠭᠡᠯᠡ ᠭᠡᠨ᠎ᠡ ᠪᠣᠢ?《ᠭᠠᠩ ᠢᠯᠳᠦ ᠶ᠋ᠢᠨ ᠦᠵᠦᠭᠦᠷ ᠢ᠋ᠶ᠋ᠡᠷ ᠪᠢᠴᠢᠭᠰᠡᠨ ᠪᠢᠴᠢᠭ ᠢᠷᠡᠭᠦᠯᠦᠨ᠎ᠡ》 ᠭᠡᠪᠡ ᠤᠤ? ᠡᠨᠡ ᠴᠢᠨᠢ ᠶᠠᠭᠤ ᠭᠡᠰᠡᠨ ᠦᠭᠡ ᠪᠣᠢ? ᠶᠠᠮᠠᠷ ᠮᠠᠭᠤᠬᠠᠢ ᠦᠭᠡ ᠪᠣᠢ? ᠰᠢᠭᠤᠳ ᠪᠠᠢᠯᠳᠤᠶ᠎ᠠ ᠭᠡᠵᠦ ᠪᠢᠳᠡᠨ ᠢ᠋ ᠲᠡᠢᠨ ᠳ᠋ᠦ᠍ ᠳᠠᠭᠤᠳᠠᠭ᠎ᠠ ᠰᠢᠪ᠃ ᠲᠡᠭᠡᠪᠡᠯ ᠪᠢᠳᠡᠨ ᠳ᠋ᠦ᠍ ᠴᠦ᠍ ᠪᠠᠰᠠ ᠭᠠᠩ ᠢ᠋ᠶ᠋ᠠᠷ ᠬᠢᠭᠰᠡᠨ ᠢᠯᠳᠦ ᠪᠠᠢᠭ᠎ᠠ ᠰᠢᠦ ᠳᠡ᠃ ᠠᠬ᠎ᠠ ᠨᠢ ᠳᠡᠭᠦᠦ ᠳ᠋ᠦ᠍ ᠪᠡᠨ ᠢᠩᠭᠢᠵᠦ ᠬᠡᠯᠡᠵᠦ ᠪᠣᠯᠳᠠᠭ ᠶᠤᠮ ᠪᠠᠢᠬᠤ ᠳᠠ? ᠪᠢ ᠮᠤᠩᠬᠠᠭᠯᠠᠨ ᠰᠠᠨᠠᠪᠠᠯ ᠬᠤᠪᠢᠯᠠᠢ ᠵᠠᠬᠢᠷᠤᠭᠴᠢ ᠶ᠋ᠢᠨ ᠡᠨᠡ ᠪᠢᠴᠢᠭ ᠪᠣᠯ ᠪᠦᠬᠦᠨ ᠢ᠋ ᠦᠢᠮᠡᠭᠡᠨ ᠳ᠋ᠦ᠍ ᠤᠷᠢᠶᠠᠯᠠᠨ ᠳᠠᠭᠤᠳᠠᠭᠰᠠᠨ ᠭᠤᠲᠤᠮᠰᠢᠭᠲᠤ ᠳᠠᠭᠤᠳᠠᠯᠭ᠎ᠠ ᠭᠡᠵᠦ ᠪᠣᠳᠣᠵᠤ ᠪᠠᠢᠨ᠎ᠠ᠃ ᠲᠡᠭᠡᠭᠡᠳ ᠦᠵᠡᠯᠴᠡᠪᠡᠯ ᠦᠵᠡᠯᠴᠡᠬᠦ ᠯᠡ ᠪᠣᠯᠵᠤ ᠪᠠᠢᠨ᠎ᠠ ᠭᠡᠮᠡᠨ ᠥᠭᠦᠯᠡᠯ᠎ᠡ᠃ ᠨᠡᠢᠰᠯᠡᠯ ᠢ᠋ ᠬᠠᠮᠠᠭᠠᠯᠠᠨ ᠬᠠᠷᠠᠵᠤ ᠪᠠᠢᠳᠠᠭ ᠲᠦᠮᠡᠲᠦ ᠶ᠋ᠢᠨ ᠵᠠᠬᠢᠷᠤᠭᠴᠢ ᠡᠨᠡ ᠨᠣᠶᠠᠨ ᠤ᠋ ᠦᠭᠡ ᠪᠤᠰᠤᠳ ᠤ᠋ᠨ ᠬᠢ ᠡᠴᠡ ᠴᠡᠷᠢᠭ ᠦ᠋ᠨ ᠪᠠᠯ ᠢ᠋ᠶ᠋ᠠᠷ ᠢᠯᠡᠭᠦᠦ ᠵᠢᠩ ᠲᠡᠢ ᠪᠠᠢᠬᠤ ᠤᠴᠢᠷᠲᠠᠢ ᠨᠢ ᠬᠡᠨ ᠪᠦᠬᠦᠨ ᠦ᠌ ᠮᠡᠳᠡᠭᠡᠵᠢ᠃
ᠲᠡᠮᠦᠷ ᠲᠣᠯᠣᠭᠠᠢ ᠨᠣᠶᠠᠨ ᠳᠠᠷᠠᠭ᠎ᠠ ᠨᠢ ᠥᠨᠳᠡᠢᠵᠦ ᠢᠷᠡᠭᠡᠳ ᠬᠦᠷᠡᠩ ᠴᠣᠬᠣᠷ ᠴᠢᠷᠠᠢ ᠳ᠋ᠤ᠌ ᠪᠠᠨ ᠬᠢᠯᠢᠩ ᠪᠠᠳᠠᠷᠠᠭᠤᠯᠤᠭᠰᠠᠨ ᠶᠠᠩᠵᠤ ᠪᠠᠷ ᠨᠢᠳᠦ ᠪᠡᠨ ᠴᠠᠪᠴᠢᠯᠠᠨ ᠪᠠᠢᠵᠤ ᠤᠳᠠᠭᠠᠨ ᠦᠭᠡ ᠬᠡᠯᠡᠪᠡ᠃ ᠡᠨᠡ ᠨᠣᠶᠠᠨ ᠮᠥᠩᠬᠡ ᠬᠠᠭᠠᠨ ᠤ᠋ ᠳᠡᠷᠭᠡᠳᠡ᠂ ᠲᠡᠭᠦᠨ ᠦ᠌ ᠲᠠᠮᠠᠭ᠎ᠠ ᠶ᠋ᠢ ᠲᠦᠰᠢᠵᠦ ᠶᠠᠪᠤᠭᠰᠠᠨ ᠪᠣᠯᠬᠣᠷ ᠲᠥᠷᠥ ᠤᠯᠤᠰ ᠤ᠋ᠨ ᠬᠠᠮᠤᠭ ᠨᠠᠷᠢᠨ ᠰᠢᠷᠢᠨ ᠶᠠᠪᠤᠳᠠᠯ ᠢ᠋ ᠰᠠᠢᠨ ᠮᠡᠳᠡᠳᠡᠭ ᠲᠡᠳᠦᠢ ᠦᠭᠡᠢ᠂ ᠬᠠᠭᠠᠨ ᠥᠪᠡᠷ ᠦ᠋ᠨ ᠳᠣᠲᠣᠭᠠᠳᠤ ᠪᠣᠳᠣᠯ ᠰᠠᠨᠠᠭ᠎ᠠ ᠪᠠᠨ ᠬᠡᠯᠡᠳᠡᠭ᠂ ᠦᠭᠡ ᠶ᠋ᠢ ᠨᠢ ᠰᠣᠨᠣᠰᠳᠠᠭ᠂ ᠨᠢᠭᠡ ᠶᠣᠰᠣᠨ ᠳ᠋ᠤ᠌ ᠪᠠᠨ ᠵᠥᠪᠯᠡᠭᠴᠢ ᠨᠢ ᠪᠠᠢᠭᠰᠠᠨ ᠭᠡᠬᠦ ᠳ᠋ᠦ᠍ ᠬᠡᠳᠦ ᠡᠷᠭᠦᠮᠵᠢᠯᠡᠯ ᠪᠣᠯᠬᠤ ᠦᠭᠡᠢ ᠪᠢᠵᠡ ᠠ᠋᠃
— ᠪᠢᠳᠡ ᠬᠤᠪᠢᠯᠠᠢ ᠪᠠᠨ ᠮᠠᠲᠠᠯ ᠦᠭᠡᠢ ᠶᠠᠭᠠᠬᠢᠬᠤ ᠪᠣᠢ᠃ ᠡᠨᠡ ᠢᠷᠡᠭᠦᠯᠦᠭᠰᠡᠨ ᠪᠢᠴᠢᠭ ᠲᠦ᠍ ᠶᠠᠭ ᠯᠠ ᠬᠤᠪᠢᠯᠠᠢ ᠶ᠋ᠢᠨ ᠪᠣᠳᠣᠯ ᠰᠠᠨᠠᠭ᠎ᠠ ᠶ᠋ᠢ ᠢᠯᠡᠷᠬᠡᠢᠯᠡᠭᠰᠡᠨ ᠪᠠᠢᠨ᠎ᠠ᠃ ᠨᠢᠭᠤᠯ ᠦᠭᠡᠢ ᠬᠡᠯᠡᠬᠦ ᠳ᠋ᠦ᠍ ᠬᠤᠪᠢᠯᠠᠢ ᠠᠬ᠎ᠠ ᠬᠠᠭᠠᠨ ᠢ᠋ ᠪᠡᠨ ᠲᠠᠭᠠᠯᠠᠯ ᠲᠡᠭᠦᠰᠬᠦ ᠳ᠋ᠦ᠍ ᠭᠤᠲᠤᠷᠠᠵᠤ ᠭᠤᠨᠢᠭᠠ ᠦᠭᠡᠢ᠂ ᠬᠠᠷᠢᠨ ᠪᠠᠶᠠᠷᠯᠠᠭᠰᠠᠨ ᠬᠥᠮᠦᠨ᠃ ᠶᠠᠭᠠᠬᠢᠵᠤ ᠴᠢ ᠡᠭᠦᠨ ᠢ᠋ ᠮᠡᠳᠡᠭᠰᠡᠨ ᠪᠣᠢ ᠭᠡᠪᠡᠯ ᠶᠡᠬᠡ ᠬᠠᠭᠠᠨ ᠮᠥᠩᠬᠡ ᠪᠤᠰᠤ ᠶ᠋ᠢ ᠦᠵᠡᠭᠦᠯᠬᠦ ᠳ᠋ᠦ᠍ ᠬᠠᠮᠤᠭ ᠠᠬ᠎ᠠ ᠳᠡᠭᠦᠦ ᠨᠠᠷ ᠨᠢ ᠶᠠᠭᠠᠷᠠᠨ ᠬᠦᠷᠴᠦ ᠣᠴᠢᠭᠰᠠᠨ ᠪᠠᠢᠬᠤ ᠳ᠋ᠤ᠌ ᠬᠤᠪᠢᠯᠠᠢ ᠰᠠᠷ᠎ᠠ ᠰᠢᠬᠠᠮ ᠪᠣᠯᠤᠭᠰᠠᠨ ᠬᠣᠢᠨ᠎ᠠ ᠳᠥᠩᠭᠡᠵᠦ ᠱᠠᠷᠢᠯ ᠢ᠋ ᠨᠢ ᠬᠡᠭᠡᠷ᠎ᠡ ᠶ᠋ᠢᠨ ᠬᠣᠢᠮᠣᠷ ᠳᠤ ᠵᠠᠯᠠᠬᠤ ᠭᠡᠵᠦ ᠪᠠᠢᠬᠤ ᠳ᠋ᠤ᠌ ᠢᠷᠡᠭᠦᠴᠡᠬᠡᠨ ᠪᠣᠯᠤᠭᠰᠠᠨ᠃ ᠶᠡᠷᠦ ᠨᠢ ᠬᠤᠪᠢᠯᠠᠢ ᠠᠬ᠎ᠠ ᠶ᠋ᠢ ᠪᠡᠨ ᠪᠤᠰᠢᠭᠤ ᠨᠠᠰᠤ ᠪᠠᠷᠠᠭᠠᠰᠠᠢ ᠭᠡᠵᠦ ᠪᠣᠳᠣᠨ ᠲᠡᠭᠦᠨ ᠦ᠌ ᠠᠮᠢᠳᠤ ᠠᠬᠤᠢ ᠳ᠋ᠤ᠌ ᠨᠢ ᠥᠪᠡᠷ ᠢ᠋ᠶ᠋ᠡᠨ ᠬᠠᠭᠠᠨ ᠪᠣᠯᠬᠤ ᠭᠡᠵᠦ ᠡᠷᠡᠮᠡᠯᠵᠡᠨ ᠪᠠᠢᠭᠰᠠᠨ ᠢ᠋ ᠪᠠᠲᠤᠯᠠᠬᠤ ᠨᠢᠭᠡ ᠵᠦᠢᠯ ᠪᠣᠯ《ᠪᠣᠭᠳᠠ ᠡᠵᠡᠨ ᠬᠤᠪᠢᠯᠠᠢ ᠶ᠋ᠢ ᠬᠠᠭᠠᠨ ᠪᠠᠢᠪᠠᠯ ᠵᠣᠬᠢᠬᠤ ᠬᠥᠮᠦᠨ》 ᠭᠡᠵᠦ ᠰᠡᠷᠡᠭᠦᠨ ᠲᠤᠩᠭᠠᠯᠠᠭ ᠪᠠᠢᠬᠤ ᠳ᠋ᠤ᠌ ᠪᠠᠨ ᠵᠠᠷᠯᠢᠭᠯᠠᠵᠤ ᠪᠠᠢᠭᠰᠠᠨ ᠭᠡᠳᠡᠭ ᠨᠢ ᠲᠠᠭᠠᠷᠠᠭᠰᠠᠨ᠃ ᠡᠨᠡ ᠦᠭᠡ ᠶ᠋ᠢ ᠬᠤᠪᠢᠯᠠᠢ ᠯᠠ ᠵᠣᠬᠢᠶᠠᠨ ᠪᠣᠳᠣᠵᠤ ᠠᠮᠢᠲᠠᠨ ᠣᠯᠠᠨ ᠳ᠋ᠤ᠌ ᠰᠡᠮᠬᠡᠨ ᠬᠡᠯᠡᠭᠰᠡᠨ ᠬᠡᠷᠡᠭ ᠭᠡᠵᠦ ᠶᠠᠷᠢᠭᠠᠳ᠂ ᠰᠢᠪᠡᠭᠴᠢᠨ ᠢ᠋ᠶ᠋ᠡᠷ ᠠᠢᠷᠠᠭ ᠠᠶᠠᠭᠠᠯᠠᠭᠤᠯᠤᠨ ᠠᠪᠴᠤ ᠬᠡᠳᠦ ᠲᠣᠮᠣ ᠪᠠᠯᠭᠤᠭᠠᠳ ᠦᠭᠡ ᠪᠡᠨ ᠦᠷᠭᠦᠯᠵᠢᠯᠡᠭᠦᠯᠪᠡ᠃ ᠲᠡᠮᠦᠷ ᠲᠣᠯᠣᠭᠠᠢ ᠨᠣᠶᠠᠨ ᠨᠢᠭᠡ ᠭᠠᠷ ᠢ᠋ᠶ᠋ᠡᠷ ᠢ᠋ᠶ᠋ᠡᠨ ᠨᠥᠭᠦᠭᠡ ᠪᠡᠨ ᠠᠳᠬᠤᠭᠠᠳ ᠬᠡᠯᠡᠬᠦ ᠳ᠋ᠦ᠍ ᠪᠡᠨ᠄
— ᠪᠢ ᠮᠡᠳᠡᠨ᠎ᠡ᠃ ᠬᠤᠪᠢᠯᠠᠢ ᠳ᠋ᠤ᠌ ᠬᠢᠲᠠᠳ ᠢ᠋ ᠵᠠᠬᠢᠷᠤᠭᠤᠯᠬᠤ ᠪᠣᠯᠤᠭᠰᠠᠨ ᠬᠡᠷᠡᠭ《ᠲᠣᠮᠣᠳᠠᠵᠤ》 ᠪᠠᠢᠪᠠ᠃ ᠲᠡᠷᠡ ᠪᠡᠷ ᠪᠡᠶ᠎ᠡ ᠪᠡᠨ ᠶᠡᠬᠡ ᠳ᠋ᠦ᠍ ᠪᠣᠳᠣᠨ ᠳᠤᠷ᠎ᠠ ᠵᠣᠷᠢᠭ ᠢ᠋ᠶ᠋ᠠᠷ ᠢ᠋ᠶ᠋ᠠᠨ ᠠᠪᠤᠷᠢᠯᠠᠵᠤ᠂ ᠶᠡᠬᠡ ᠬᠠᠭᠠᠨ ᠤ᠋ ᠵᠠᠷᠯᠢᠭ ᠢ᠋ ᠴᠦ᠍ ᠲᠣᠭᠣᠵᠤ ᠦᠵᠡᠬᠦ ᠦᠭᠡᠢ ᠪᠣᠯᠤᠭᠰᠠᠨ᠃ ᠡᠢᠮᠦ ᠬᠥᠮᠦᠨ ᠢ᠋ᠶ᠋ᠡᠷ ᠲᠠ ᠥᠪᠡᠷ ᠦ᠋ᠨ ᠣᠷᠣ ᠶ᠋ᠢ ᠰᠠᠭᠤᠯᠭᠠᠨ᠎ᠠ ᠭᠡᠵᠦ ᠲᠠᠭᠠᠯᠠᠵᠤ ᠪᠣᠯᠬᠤ ᠦᠭᠡᠢ ᠰᠢᠦ ᠭᠡᠰᠡᠨ ᠵᠠᠷᠢᠮ ᠨᠣᠶᠠᠨ ᠮᠥᠩᠬᠡ ᠬᠠᠭᠠᠨ ᠳ᠋ᠤ᠌ ᠨᠢᠭᠡ ᠪᠤᠰᠤ ᠤᠳᠠᠭ᠎ᠠ ᠠᠢᠯᠠᠳᠴᠤ ᠪᠠᠢᠭᠰᠠᠨ᠃ ᠪᠢ ᠲᠡᠭᠦᠨ ᠢ᠋ ᠨᠢ ᠮᠡᠳᠡᠨ᠎ᠡ᠃ ᠥᠭᠡᠳᠡ ᠪᠣᠯᠤᠭᠴᠢ ᠬᠠᠭᠠᠨᠲᠠᠨ ᠳᠡᠭᠦᠦ ᠪᠡᠨ ᠬᠠᠢᠷᠠᠯᠠᠵᠤ ᠪᠠᠢᠭᠰᠠᠨ᠃ ᠲᠡᠭᠡᠯ᠎ᠡ ᠴᠦ᠍ ᠬᠡᠳᠦ ᠬᠡᠳᠦᠨ ᠤᠳᠠᠭ᠎ᠠ ᠬᠢᠲᠠᠳ ᠣᠷᠣᠨ ᠳ᠋ᠤ᠌ ᠶᠠᠪᠤᠭᠤᠯᠬᠤ ᠪᠣᠳᠣᠯᠭ᠎ᠠ ᠶ᠋ᠢᠨ ᠲᠠᠯ᠎ᠠ ᠪᠠᠷ ᠬᠠᠭᠠᠨ ᠤ᠋ ᠵᠠᠷᠯᠢᠭ ᠢ᠋ ᠵᠥᠷᠢᠴᠡᠬᠦ ᠪᠣᠯᠤᠭᠰᠠᠨ ᠤᠴᠢᠷ ᠠᠷᠭ᠎ᠠ ᠪᠤᠰᠤ ᠬᠤᠪᠢᠯᠠᠢ ᠶ᠋ᠢ ᠳᠠᠭᠤᠳᠠᠭᠤᠯᠤᠨ ᠠᠭᠤᠯᠵᠠᠵᠤ ᠬᠣᠭᠣᠷᠣᠨᠳᠣ ᠪᠠᠨ ᠬᠠᠲᠠᠭᠤᠬᠠᠨ ᠶᠠᠷᠢᠶ᠎ᠠ ᠪᠣᠯᠤᠭᠰᠠᠨ᠃ ᠶᠠᠭ ᠲᠡᠷᠡ ᠶᠠᠷᠢᠶᠠᠨ ᠳ᠋ᠤ᠌ ᠪᠢ ᠳᠡᠷᠭᠡᠳᠡ ᠨᠢ ᠪᠠᠢᠭ᠎ᠠ ᠦᠭᠡᠢ᠃ ᠭᠡᠯᠡ ᠴᠦ᠍ ᠬᠣᠵᠢᠮ ᠨᠢ ᠬᠠᠭᠠᠨ ᠤ᠋ ᠠᠮᠠᠨ ᠠ᠋ᠴᠠ ᠪᠠᠰᠠ ᠰᠢᠷ᠎ᠠ ᠶᠡᠬᠡᠡᠤᠯᠵᠠ ᠲᠦᠰᠢᠮᠡᠯ ᠡᠴᠡ ᠰᠣᠨᠣᠰᠴᠤ ᠮᠡᠳᠡᠭᠰᠡᠨ᠃ ᠲᠡᠷᠡ ᠤᠯᠠᠮ ᠠ᠋ᠴᠠ ᠰᠡᠭᠦᠯ ᠦ᠋ᠨ ᠦᠶ᠎ᠡ ᠳ᠋ᠦ᠍ ᠬᠤᠪᠢᠯᠠᠢ ᠠᠬ᠎ᠠ ᠬᠠᠭᠠᠨ ᠲᠠᠢ ᠪᠠᠨ ᠡᠪ ᠡᠶ᠎ᠡ ᠪᠡᠷ ᠲᠠᠭᠠᠷᠠᠤᠬᠠᠨ ᠪᠣᠯᠤᠭᠰᠠᠨ᠃ ᠡᠨᠡ ᠨᠢ ᠬᠤᠪᠢᠯᠠᠢ ᠬᠡᠳᠦ ᠶᠡᠬᠡ ᠶ᠋ᠢ ᠪᠣᠳᠣᠭᠰᠠᠨ ᠬᠢᠲᠠᠳ ᠢ᠋ ᠳᠡᠩᠳᠡᠭᠦᠦ ᠬᠠᠮᠠᠭᠠᠯᠠᠳᠠᠭ ᠪᠣᠯᠤᠭᠰᠠᠨ᠃ ᠲᠡᠷᠡ ᠵᠠᠬᠢᠷᠤᠭᠴᠢ ᠥᠪᠡᠷ ᠢ᠋ ᠨᠢ ᠵᠠᠬᠢᠷᠤᠭᠰᠠᠨ ᠭᠠᠵᠠᠷ ᠲᠤ ᠶᠡᠬᠡ ᠬᠠᠭᠠᠨ ᠤ᠋ ᠵᠠᠷᠯᠢᠭ ᠬᠠᠮᠢᠶ᠎ᠠ ᠦᠭᠡᠢ ᠮᠡᠲᠦ ᠪᠠᠢᠯᠭᠠᠬᠤ ᠭᠡᠵᠦ ᠪᠣᠳᠣᠳᠠᠭ ᠵᠡᠷᠭᠡ ᠡᠴᠡ ᠤᠭ ᠶᠠᠪᠤᠳᠠᠯ ᠡᠭᠦᠳᠦᠭᠳᠡᠭᠰᠡᠨ᠃ ᠲᠡᠭᠡᠭᠡᠳ ᠬᠠᠭᠠᠨ ᠤ᠋ ᠵᠠᠷᠯᠢᠭ ᠶᠣᠰᠣ ᠪᠠᠷ ᠰᠥᠩ ᠦ᠋ᠨ ᠵᠦᠭ ᠲᠠᠪᠰᠢᠯᠲᠠ ᠶ᠋ᠢ ᠬᠤᠪᠢᠯᠠᠢ ᠰᠠᠭᠠᠷᠠᠭᠤᠯᠤᠭᠰᠠᠨ᠃ ᠶᠡᠬᠡ ᠬᠠᠭᠠᠨᠲᠠᠨ ᠳᠠᠬᠢᠵᠤ ᠬᠤᠪᠢᠯᠠᠢ ᠲᠠᠢ ᠠᠭᠤᠯᠵᠠᠨ ᠰᠢᠢᠳᠪᠦᠷᠢᠲᠡᠢ ᠶᠠᠷᠢᠯᠴᠠᠬᠤ᠂ ᠦᠭᠡ ᠡᠰᠡ ᠠᠪᠤᠪᠠᠯ ᠬᠢᠲᠠᠳ ᠤ᠋ᠨ ᠵᠠᠬᠢᠷᠤᠭᠴᠢ ᠠ᠋ᠴᠠ ᠪᠣᠯᠢᠭᠤᠯᠬᠤ ᠭᠡᠵᠦ ᠪᠡᠯᠡᠳᠬᠡᠵᠦ ᠪᠠᠢᠭᠠᠳ ᠠᠮᠵᠢᠯ ᠦᠭᠡᠢ ᠪᠡᠶ᠎ᠡ ᠪᠠᠷᠠᠭᠰᠠᠨ ᠭᠡᠮᠡᠨ ᠶᠠᠷᠢᠭᠠᠳ᠂ ᠡᠴᠦᠰ ᠲᠦ᠍ ᠨᠢ
— ᠬᠤᠪᠢᠯᠠᠢ ᠲᠠᠢ ᠪᠢᠳᠡ ᠵᠠᠷ ᠵᠡᠪᠰᠡᠭ ᠦ᠋ᠨ ᠬᠦᠴᠦ ᠪᠡᠷ ᠯᠡ ᠡᠶ᠎ᠡ ᠡᠪ ᠢ᠋ᠶ᠋ᠡᠨ ᠣᠯᠬᠤ ᠬᠡᠷᠡᠭ ᠲᠤᠯᠭᠠᠷᠠᠯ᠎ᠠ ᠭᠡᠵᠦ ᠲᠡᠮᠦᠷ ᠲᠣᠯᠣᠭᠠᠢ ᠨᠣᠶᠠᠨ ᠬᠡᠯᠡᠪᠡ᠃ ᠨᠣᠶᠠᠨ ᠤ᠋ ᠡᠨᠡ ᠦᠭᠡ ᠶ᠋ᠢ ᠬᠤᠷᠠᠭᠰᠠᠨ ᠪᠦᠭᠦᠳᠡ ᠳᠠᠮᠵᠢᠯᠠ᠃ ᠬᠠᠭᠠᠨ ᠤ᠋ ᠣᠷᠳᠣᠨ ᠳ᠋ᠤ᠌ ᠤᠷᠢᠳᠠᠬᠢ ᠶᠡᠬᠡ ᠬᠠᠭᠠᠨ ᠳ᠋ᠤ᠌ ᠰᠢᠳᠠᠷᠯᠠᠵᠤ ᠪᠠᠢᠭᠰᠠᠨ᠂ ᠲᠡᠭᠦᠨ ᠦ᠌ ᠣᠢᠷ᠎ᠠ ᠳᠣᠲᠣᠨᠣ ᠶ᠋ᠢᠨ ᠬᠥᠮᠦᠰ ᠵᠣᠩᠬᠢᠯᠠᠵᠤ ᠪᠠᠢᠭ᠎ᠠ ᠤᠴᠢᠷ ᠲᠡᠳᠡ ᠦᠨᠡᠨ ᠬᠦ᠌ ᠰᠡᠳᠬᠢᠯ ᠡᠴᠡ ᠪᠡᠨ ᠬᠤᠪᠢᠯᠠᠢ ᠳ᠋ᠤ᠌ ᠳᠤᠷ᠎ᠠ ᠦᠭᠡᠢ᠂ ᠲᠡᠭᠦᠨ ᠦ᠌ ᠢᠷᠡᠭᠦᠯᠦᠭᠰᠡᠨ ᠪᠢᠴᠢᠭ ᠢ᠋ ᠰᠦᠢᠲᠦ ᠨᠣᠶᠠᠨ ᠪᠣᠰᠴᠤ ᠠᠢᠯᠠᠳᠬᠠᠯ ᠬᠢᠬᠦ ᠵᠥᠪᠰᠢᠶᠡᠷᠡᠯ ᠭᠤᠶᠤᠨ ᠪᠥᠬᠥᠢᠵᠦ ᠶᠣᠰᠣ ᠬᠢᠭᠡᠳ᠄
— ᠥᠷᠥᠰᠢᠶᠡᠵᠦ ᠪᠣᠯᠭᠣᠭ᠎ᠠ ᠬᠠᠭᠠᠨᠲᠠᠨ ᠮᠢᠨᠢ! ᠲᠠᠨ ᠤ᠋ ᠠᠬ᠎ᠠ ᠬᠤᠪᠢᠯᠠᠢ ᠵᠠᠬᠢᠷᠤᠭᠴᠢ ᠪᠣᠯ ᠲᠦᠮᠡᠨ ᠳ᠋ᠦ᠍ ᠨᠢᠭᠤᠷ ᠮᠠᠭᠤᠲᠠᠢ ᠨᠣᠶᠠᠨ᠃ ᠨᠠᠮᠠᠶ᠋ᠢ ᠰᠠᠶᠢ ᠳᠤᠮᠳᠠᠳᠤ ᠪᠠ ᠪᠠᠷᠠᠭᠤᠨ ᠭᠠᠵᠠᠷ᠂ ᠣᠷᠣᠰ ᠨᠤᠲᠤᠭ ᠢ᠋ᠶ᠋ᠠᠷ ᠶᠠᠪᠤᠵᠤ ᠪᠠᠢᠬᠤ ᠳ᠋ᠤ᠌ ᠬᠤᠪᠢᠯᠠᠢ ᠳ᠋ᠤ᠌ ᠲᠠᠯ᠎ᠠ ᠥᠭᠴᠦ ᠪᠠᠢᠭ᠎ᠠ᠂ ᠲᠡᠭᠦᠨ ᠢ᠋ ᠢᠳᠡᠭᠡᠨ ᠲᠠᠯᠠᠷᠬᠠᠵᠤ ᠪᠠᠢᠭ᠎ᠠ ᠨᠣᠶᠠᠨ ᠨᠢᠭᠡ ᠴᠦ᠍ ᠪᠠᠢᠭ᠎ᠠ ᠦᠭᠡᠢ᠃ ᠭᠠᠭᠴᠠᠬᠠᠨ ᠫᠧᠷᠰ ᠦ᠋ᠨ ᠬᠠᠭᠠᠨ ᠤ᠋ ᠣᠷᠳᠣᠨ ᠳ᠋ᠤ᠌ ᠪᠠᠢᠭ᠎ᠠ ᠵᠠᠷᠢᠮ ᠮᠣᠩᠭᠣᠯ ᠨᠣᠶᠠᠨ《ᠠᠬ᠎ᠠ ᠳᠡᠭᠦᠦ ᠬᠥᠮᠦᠰ ᠦ᠋ᠨ ᠬᠣᠭᠣᠷᠣᠨᠳᠣ ᠶ᠋ᠢᠨ ᠶᠠᠪᠤᠳᠠᠯ ᠳ᠋ᠤ᠌ ᠣᠷᠣᠯᠴᠠᠬᠤ ᠳ᠋ᠤ᠌ ᠬᠡᠴᠡᠭᠦᠦ ᠪᠠᠢᠨ᠎ᠠ᠃ ᠲᠡᠳᠡ ᠥᠪᠡᠷᠰᠡᠳ ᠢ᠋ᠶ᠋ᠡᠨ ᠤᠴᠢᠷ ᠢ᠋ᠶ᠋ᠠᠨ ᠣᠯᠤᠭᠠᠳ ᠨᠢᠭᠡ ᠶ᠋ᠢ ᠪᠡᠨ ᠣᠷᠣ ᠰᠠᠭᠤᠯᠭᠠᠬᠤ ᠪᠠᠷ ᠡᠷᠭᠦᠮᠵᠢᠯᠡᠪᠡᠯ ᠰᠠᠢᠬᠠᠨ ᠪᠣᠯᠬᠤ ᠪᠢᠯᠡ ᠭᠡᠵᠦ ᠪᠢᠳᠡ ᠵᠠᠯᠪᠠᠷᠢᠨ᠎ᠠ᠃ ᠤᠭ ᠬᠡᠷᠡᠭ ᠳᠠᠭᠠᠭᠠᠮᠵᠢᠷᠠᠪᠠᠯ ᠮᠠᠨ ᠤ᠋ ᠮᠣᠩᠭᠣᠯ ᠤ᠋ᠨ ᠳᠡᠭᠡᠳᠦ ᠠᠯᠲᠠᠨ ᠤᠷᠤᠭ ᠤ᠋ᠨ ᠳᠣᠲᠣᠷ᠎ᠠ ᠦᠢᠮᠡᠭᠡᠨ ᠪᠣᠯᠤᠨ᠎ᠠ ᠪᠠᠢᠬᠤ ᠰᠢᠦ᠃ ᠲᠡᠭᠡᠪᠡᠯ ᠤᠯᠤᠰ ᠭᠦᠷᠦᠨ ᠰᠠᠷᠨᠢᠵᠤ ᠰᠤᠯᠠᠷᠠᠬᠤ ᠳ᠋ᠤ᠌ ᠬᠦᠷᠦᠨ᠎ᠡ》 ᠭᠡᠵᠦ ᠬᠡᠯᠡᠵᠦ ᠪᠠᠢᠭᠰᠠᠨ᠃ ᠲᠡᠷᠡ ᠪᠣᠯ ᠣᠷᠣ ᠲᠠᠢ ᠦᠭᠡ᠃ ᠬᠤᠪᠢᠯᠠᠢ ᠶᠠᠭᠠᠬᠢᠭᠠᠳ ᠲᠡᠢᠨ ᠬᠦ᠌ ᠣᠯᠠᠨ ᠳ᠋ᠤ᠌ ᠨᠢᠭᠤᠷ ᠮᠠᠭᠤᠲᠠᠢ ᠪᠣᠯᠤᠭᠰᠠᠨ ᠬᠡᠷᠡᠭ ᠪᠣᠢ? ᠭᠡᠪᠡᠯ᠂ ᠲᠡᠭᠦᠨ ᠦ᠌ ᠥᠪᠡᠷ ᠢ᠋ ᠪᠡᠨ ᠶᠡᠬᠡᠳᠡ ᠲᠥᠪᠥᠢᠯᠭᠡᠨ ᠪᠣᠳᠣᠭᠰᠠᠨ᠂ ᠬᠢᠲᠠᠳ ᠦᠵᠡᠯ ᠢ᠋ ᠬᠡᠳᠦ ᠪᠠᠷᠢᠮᠲᠠᠯᠠᠬᠤ ᠪᠣᠯᠤᠭᠰᠠᠨ ᠲᠠᠢ ᠬᠣᠯᠪᠣᠭ᠎ᠠ ᠲᠠᠢ ᠪᠣᠯᠪᠠ ᠤᠤ᠃ ᠪᠣᠭᠣᠯ ᠨᠢ ᠢᠩᠭᠢᠵᠦ ᠮᠤᠩᠬᠠᠭᠯᠠᠵᠤ ᠪᠠᠢᠨ᠎ᠠ᠃ ᠲᠦᠮᠡᠨ ᠣᠯᠠᠨ ᠴᠤ᠌ ᠬᠥᠮᠦᠨ ᠢ᠋ ᠲᠠᠨᠢᠵᠤ ᠮᠡᠳᠡᠬᠦ ᠳ᠋ᠦ᠍ ᠪᠡᠨ ᠭᠠᠷᠭᠠᠭᠤᠳ ᠪᠠᠢᠳᠠᠭ᠁ ᠭᠡᠵᠦ ᠬᠡᠯᠡᠯ᠎ᠡ᠃ ᠬᠠᠭᠠᠨ ᠤ᠋ ᠳᠡᠷᠭᠡᠳᠡ ᠪᠣᠯᠤᠭᠰᠠᠨ ᠠᠭᠤᠯᠵᠠᠯᠲᠠ ᠡᠭᠦᠨ ᠢ᠋ᠶ᠋ᠡᠷ ᠳᠠᠭᠤᠰᠤᠭᠰᠠᠨ ᠦᠭᠡᠢ᠂ ᠪᠦᠬᠦ ᠬᠥᠮᠦᠨ ᠬᠤᠪᠢᠯᠠᠢ ᠶ᠋ᠢᠨ ᠪᠢᠴᠢᠭ ᠢ᠋ ᠪᠤᠷᠤᠭᠤᠰᠢᠶᠠᠨ᠂《ᠲᠡᠭᠦᠨ ᠦ᠌ ᠵᠣᠷᠢᠵᠤ ᠪᠠᠢᠭ᠎ᠠ ᠶᠣᠰᠣᠭᠠᠷ ᠬᠡᠷᠡᠭ ᠶᠠᠪᠤᠳᠠᠯ〈ᠭᠠᠩ ᠢᠯᠳᠦᠨ ᠦ᠌ ᠦᠵᠦᠭᠦᠷ ᠢ᠋ᠶ᠋ᠡᠷ ᠰᠢᠢᠳᠦᠭᠳᠡᠬᠦ ᠨᠢ〉 ᠭᠡᠮᠡᠨ ᠦᠵᠡᠭᠡᠳ᠂ ᠬᠤᠪᠢᠯᠠᠢ ᠶ᠋ᠢ ᠶᠡᠬᠡ ᠬᠠᠭᠠᠨ ᠭᠡᠵᠦ ᠬᠡᠷᠬᠢᠪᠡᠴᠦ ᠦᠵᠡᠬᠦ ᠦᠭᠡᠢ᠂ ᠲᠡᠷᠡ ᠪᠡᠷ ᠥᠪᠡᠷ ᠢ᠋ ᠪᠡᠨ〈ᠬᠠᠭᠠᠨ〉 ᠭᠡᠵᠦ ᠮᠢᠩᠭ᠎ᠠ ᠲᠦᠮᠡ ᠬᠠᠰᠬᠢᠷᠤᠯ᠎ᠠ ᠴᠤ᠌ ᠭᠡᠰᠡᠨ ᠦᠨᠡᠨ ᠳ᠋ᠦ᠍ ᠬᠦᠷᠬᠦ ᠦᠭᠡᠢ᠃ ᠪᠢᠳᠡ ᠣᠳᠣ ᠶᠠᠭᠠᠷᠠᠯᠲᠠᠢ ᠪᠠᠷ ᠴᠡᠷᠢᠭ ᠢ᠋ᠶ᠋ᠡᠨ ᠵᠢᠱ᠌ᠢᠬᠦ ᠶᠣᠰᠣ ᠲᠠᠢ ᠪᠣᠯᠵᠠᠢ》 ᠭᠡᠮᠡᠨ ᠶᠠᠷᠢᠯᠴᠠᠭᠰᠠᠨ ᠠᠵᠢ᠃
ᠡᠨᠡ ᠦᠶ᠎ᠡ ᠳ᠋ᠦ᠍ ᠱᠠᠩᠳᠤ ᠬᠣᠲᠠ ᠠ᠋ᠴᠠ ᠪᠠᠰᠠ ᠨᠢᠭᠡ ᠴᠢᠮᠡᠭᠡ ᠬᠠᠷ᠎ᠠ ᠬᠣᠷᠣᠮ ᠳ᠋ᠤ᠌ ᠢᠷᠡᠵᠡᠢ᠃ ᠬᠣᠮᠢᠨᠢ ᠬᠦᠯᠦᠭ ᠦ᠋ᠨ ᠠᠪᠠᠯᠢ ᠭᠡᠷᠭᠡᠢ ᠬᠤᠰᠢᠮᠤᠭᠲᠥ ᠶ᠋ᠢ ᠳᠣᠯᠣᠭᠠᠨ ᠨᠠᠰᠤᠲᠠᠢ ᠬᠦᠦ ᠶ᠋ᠢᠨ ᠬᠢᠨᠢ ᠬᠠᠮᠲᠤ ᠬᠠᠷᠠᠬᠣᠷᠣᠮ ᠳ᠋ᠤ᠌ ᠶᠠᠪᠤᠭᠤᠯᠵᠠᠢ᠃ ᠫᠧᠷᠰ ᠬᠤᠳᠠᠯᠳᠤᠭᠠᠴᠢᠨ ᠬᠣᠶᠠᠷ ᠰᠠᠢᠬᠠᠨ ᠲᠡᠮᠡᠭᠡ᠂ ᠨᠢᠭᠡ ᠮᠣᠷᠢ ᠬᠤᠳᠠᠯᠳᠤᠨ ᠠᠪᠤᠭᠠᠳ ᠬᠣᠰᠢᠮᠤᠭᠳᠤ ᠬᠦᠦ ᠬᠣᠶᠠᠷ ᠢ᠋ ᠵᠢᠵᠢᠭ ᠭᠡᠷ ᠢ᠋ ᠨᠢ ᠬᠠᠮᠲᠤ ᠠᠴᠢᠭᠤᠯᠤᠨ᠂ ᠮᠣᠷᠢᠨ ᠳ᠋ᠤ᠌ ᠰᠤᠨᠳᠠᠯᠠᠭᠤᠯᠤᠭᠠᠳ ᠶᠡᠬᠡ ᠵᠠᠮ ᠤ᠋ᠨ ᠬᠠᠵᠠᠭᠤ ᠪᠠᠷ ᠨᠤᠲᠤᠭ ᠰᠠᠯᠵᠤ ᠶᠠᠪᠤᠭ᠎ᠠ ᠠᠢᠯ ᠤ᠋ᠨ ᠮᠠᠶᠢᠭᠲᠠᠢ ᠪᠠᠷ ᠶᠠᠪᠤᠭᠤᠯᠤᠭᠰᠠᠨ ᠳ᠋ᠤ᠌᠂ ᠲᠡᠷᠡ ᠬᠣᠶᠠᠷ ᠵᠤᠨ ᠤ᠋ ᠳᠤᠯᠠᠭᠠᠨ ᠴᠠᠭ ᠪᠣᠯᠬᠣᠷ ᠬᠡᠭᠡᠷ᠎ᠡ ᠪᠡᠷ ᠭᠡᠷ ᠬᠢᠵᠦ ᠠᠷᠪᠠ ᠭᠠᠷᠤᠢ ᠬᠣᠨᠣᠭ ᠰᠠᠵᠢᠯᠠᠭᠰᠠᠭᠠᠷ ᠬᠠᠷ᠎ᠠ ᠬᠣᠷᠣᠮ ᠳ᠋ᠤ᠌ ᠢᠷᠡᠵᠦ ᠴᠢᠳᠠᠭᠰᠠᠨ ᠪᠠᠢᠨ᠎ᠠ᠃ ᠬᠤᠰᠢᠮᠤᠭᠲᠤ ᠡᠷᠡᠳᠡᠭᠦᠦ ᠪᠠᠢᠳᠠᠯᠲᠠᠢ᠂ ᠰᠡᠷᠭᠦᠯᠡᠩ ᠬᠡᠦᠬᠡᠨ ᠪᠣᠯᠬᠣᠷ ᠢ᠋ᠶ᠋ᠠᠨ《ᠲᠠᠮᠤ ᠶ᠋ᠢᠨ ᠣᠷᠣᠨ》 ᠠ᠋ᠴᠠ ᠭᠠᠭᠴᠠ ᠬᠦᠦ ᠪᠡᠨ ᠵᠠᠢᠯᠠᠭᠤᠯᠵᠤ ᠠᠮᠵᠢᠭᠰᠠᠨ ᠨᠢ ᠡᠨᠡ ᠪᠢᠯᠡ᠃
ᠬᠦᠯᠦᠭ ᠱᠠᠩᠳᠤ ᠳ᠋ᠤ᠌ ᠡᠯᠵᠢᠭᠡ ᠬᠠᠷᠢᠭᠤᠯᠬᠤ ᠢᠯᠳᠠᠮ ᠳ᠋ᠤ᠌ ᠪᠠᠨ ᠬᠣᠲᠠ ᠶ᠋ᠢᠨ ᠪᠠᠢᠳᠠᠯ᠂ ᠬᠥᠮᠦᠨ ᠣᠯᠠᠨ ᠤ᠋ ᠬᠥᠳᠡᠯᠭᠡᠭᠡᠨ᠂ ᠬᠤᠪᠢᠯᠠᠢ ᠶ᠋ᠢᠨ ᠣᠷᠳᠣᠨ ᠬᠠᠪᠢ ᠪᠠᠷ ᠪᠣᠯᠵᠤ ᠪᠣᠢ ᠶᠠᠪᠤᠳᠠᠯ ᠤ᠋ᠳ ᠢ᠋ ᠲᠠᠰᠤᠷᠠᠯᠲᠠ ᠦᠭᠡᠢ ᠠᠵᠢᠭᠯᠠᠨ ᠪᠠᠢᠭᠠᠳ᠂ ᠲᠡᠷᠡ ᠦᠵᠡᠭᠰᠡᠨ ᠬᠠᠷᠠᠭᠰᠠᠨ ᠪᠦᠬᠦᠨ ᠢ᠋ᠶ᠋ᠡᠨ ᠨᠢᠮᠭᠡᠨ ᠮᠣᠣᠲᠤᠤ ᠴᠠᠭᠠᠰᠤᠨ ᠳᠡᠭᠡᠷ᠎ᠡ ᠪᠢᠴᠢᠭᠡᠳ᠂ ᠤᠷᠠᠩᠬᠠᠢ ᠭᠤᠲᠤᠯ ᠤ᠋ᠨ ᠣᠯᠠᠨ ᠤ᠋ ᠵᠠᠪᠰᠠᠷ ᠬᠢᠵᠦ ᠠᠴᠢᠶᠠᠨ ᠳ᠋ᠤ᠌ ᠣᠷᠣᠭᠤᠯᠤᠨ ᠶᠠᠪᠤᠭᠤᠯᠤᠭᠰᠠᠨ ᠪᠠᠢᠵᠠᠢ᠃ ᠬᠣᠰᠢᠮᠤᠭᠲᠤ ᠬᠡᠦᠬᠡᠨ ᠴᠦ᠍ ᠲᠡᠷᠡ ᠪᠢᠴᠢᠭ ᠢ᠋ ᠯᠠᠪᠲᠠᠢ ᠬᠦᠷᠭᠡᠵᠦ ᠴᠢᠳᠠᠨ᠎ᠠ ᠭᠡᠵᠦ ᠵᠣᠷᠢᠭᠯᠠᠨ ᠠᠪᠴᠤ ᠶᠠᠪᠤᠭᠰᠠᠨ ᠲᠡᠳᠦᠢ ᠦᠭᠡᠢ ᠲᠡᠭᠦᠨ ᠳ᠋ᠦ᠍ ᠪᠢᠴᠢᠭᠳᠡᠭᠰᠡᠨ ᠵᠦᠢᠯ ᠢ᠋ ᠴᠡᠭᠡᠵᠢ ᠪᠡᠷ ᠮᠡᠳᠡᠵᠦ ᠪᠠᠢᠯ᠎ᠠ᠃
ᠥᠭᠦᠯᠡᠭᠰᠡᠨ ᠨᠢ᠄ ᠁ ᠰᠡᠭᠦᠯ ᠦ᠋ᠨ ᠡᠳᠦᠷ ᠦ᠋ᠳ ᠲᠦ᠍ ᠱᠠᠩᠳᠤ ᠬᠠᠪᠢ ᠪᠠᠷ ᠬᠥᠯ ᠬᠥᠰᠬᠡ ᠶᠡᠬᠡ ᠪᠣᠯᠤᠯ᠎ᠠ᠃ ᠪᠢ ᠲᠡᠷᠡ ᠪᠦᠬᠦᠨ ᠢ᠋ ᠠᠵᠢᠵᠤ ᠪᠠᠢᠨ᠎ᠠ᠃ ᠶᠠᠯ᠎ᠠ ᠡᠳ᠋ᠯᠡᠭᠰᠡᠨ ᠪᠣᠭᠣᠯ ᠨᠠᠮᠠᠶ᠋ᠢ ᠡᠯᠵᠢᠭᠡ ᠬᠠᠷᠢᠭᠤᠯᠤᠭᠠᠳ ᠰᠠᠯᠮᠠᠷᠠᠨ ᠶᠠᠪᠤᠬᠤ ᠳ᠋ᠤ᠌ ᠬᠡᠨ ᠲᠣᠭᠣᠵᠤ ᠦᠵᠡᠬᠦ ᠪᠣᠢ᠃ ᠭᠡᠮ ᠨᠢ ᠶᠡᠬᠡᠰ ᠨᠣᠶᠠᠳ ᠲᠤ ᠣᠢᠷᠠᠳᠬᠤ ᠠᠷᠭ᠎ᠠ ᠦᠭᠡᠢ ᠪᠠᠢᠨ᠎ᠠ᠃ ᠪᠣᠭᠣᠯ ᠤ᠋ᠨ ᠦᠵᠡᠭᠰᠡᠨ ᠵᠦᠢᠯ ᠭᠡᠪᠡᠯ ᠤᠷᠢᠶᠠᠩᠬᠠᠢᠳᠠᠢ᠂ ᠴᠠᠭᠠᠨ᠂ ᠬᠠᠳᠠᠨ᠂ ᠲᠣᠭᠣᠭᠠᠨ ᠵᠠᠩᠵᠤᠨ ᠨᠠᠷ ᠴᠡᠷᠢᠭ ᠡᠷ᠎ᠡ ᠶ᠋ᠢᠨ ᠬᠤᠪᠴᠠᠰᠤ ᠲᠠᠢ᠂ ᠪᠠᠷᠳᠠᠮ ᠪᠠᠢᠳᠠᠯᠲᠠᠢ᠂ ᠣᠷᠳᠣᠨ ᠳ᠋ᠤ᠌ ᠣᠷᠣᠨ ᠭᠠᠷᠤᠨ ᠶᠠᠪᠤᠳᠠᠭ ᠪᠣᠯᠤᠭᠰᠠᠨ᠃ ᠲᠡᠳᠡ ᠭᠠᠵᠠᠷ ᠪᠦᠷᠢ ᠳ᠋ᠦ᠍ ᠬᠣᠰᠢᠭᠤ ᠬᠣᠯᠪᠣᠨ ᠶᠠᠷᠢᠯᠴᠠᠵᠤ ᠪᠣᠢ ᠶᠠᠩᠵᠤᠲᠠᠢ ᠬᠠᠷᠠᠭᠳᠠᠳᠠᠭ ᠪᠢᠯᠡ᠃ ᠪᠣᠭᠣᠯ ᠤ᠋ᠨ ᠨᠢᠳᠦᠨ ᠳ᠋ᠦ᠍ ᠪᠠᠶᠠᠨ ᠵᠠᠩᠵᠤᠨ ᠦᠵᠡᠭᠳᠡᠬᠦ ᠦᠭᠡᠢ ᠪᠠᠢᠨ᠎ᠠ᠃ ᠪᠣᠳᠣᠪᠠᠯ ᠲᠡᠷᠡ ᠬᠥᠮᠦᠨ ᠱᠠᠩᠳᠤ ᠳ᠋ᠤ᠌ ᠪᠠᠢᠬᠤ ᠦᠭᠡᠢ ᠪᠣᠯᠤᠯᠲᠠᠢ᠃ ᠬᠤᠪᠢᠯᠠᠢ ᠬᠡᠵᠢᠶᠡᠨ ᠦ᠌ ᠪᠠᠶᠠᠨ ᠠ᠋ᠴᠠ ᠳᠠᠯᠳᠢᠷᠠᠳᠠᠭ ᠪᠣᠯᠬᠣᠷ ᠢ᠋ᠶ᠋ᠠᠨ ᠲᠡᠭᠦᠨ ᠡᠴᠡ ᠬᠣᠯᠠᠬᠠᠨ ᠪᠠᠢᠶ᠎ᠠ ᠭᠡᠵᠦ ᠪᠣᠳᠣᠭᠰᠠᠨ ᠪᠠᠢᠵᠤ ᠮᠠᠭᠠᠳ ᠦᠭᠡᠢ ᠪᠢᠵᠡ᠃ ᠬᠣᠲᠠ ᠶ᠋ᠢᠨ ᠣᠢᠷᠠᠯᠴᠠᠭ᠎ᠠ ᠪᠠᠷ ᠡᠴᠡᠨᠭᠡᠢᠳᠡᠬᠦᠦ ᠤᠨᠤᠭ᠎ᠠ ᠤᠨᠤᠭᠰᠠᠨ ᠴᠡᠷᠢᠭ ᠣᠯᠠᠨ ᠦᠵᠡᠭᠳᠡᠬᠦ ᠪᠣᠯᠤᠯ᠎ᠠ᠃ ᠡᠨᠡ ᠨᠢ ᠡᠮᠦᠨ᠎ᠡ ᠵᠦᠭ ᠰᠥᠩ ᠦ᠋ᠨ ᠬᠠᠭᠠᠨ ᠲᠠᠢ ᠪᠠᠢᠯᠳᠤᠵᠤ ᠶᠠᠪᠤᠭ᠎ᠠ ᠴᠡᠷᠢᠭ ᠦ᠋ᠳ ᠪᠢᠵᠡ᠃ ᠬᠤᠪᠢᠯᠠᠢ ᠰᠥᠩ ᠦ᠋ᠨ ᠴᠡᠷᠢᠭ ᠲᠡᠢ ᠪᠠᠢᠯᠳᠤᠵᠤ ᠶᠠᠪᠤᠭ᠎ᠠ ᠴᠡᠷᠢᠭ ᠢ᠋ᠶ᠋ᠡᠨ ᠬᠦᠷᠲᠡᠯ᠎ᠡ ᠨᠠᠭᠠᠰᠢ ᠨᠢ ᠲᠠᠲᠠᠵᠤ ᠪᠠᠢᠭ᠎ᠠ ᠶ᠋ᠢ ᠪᠣᠳᠣᠪᠠᠯ ᠡᠨᠳᠡ ᠬᠦᠴᠦ ᠪᠥᠭᠡᠮᠨᠡᠷᠡᠭᠦᠯᠵᠦ ᠪᠣᠢ ᠨᠢ ᠢᠯᠡ ᠪᠣᠯᠵᠤ ᠪᠠᠢᠨ᠎ᠠ᠃ ᠶᠡᠷᠦ ᠨᠢ ᠱᠠᠩᠳᠤ ᠳ᠋ᠤ᠌ ᠪᠠᠢᠳᠠᠭ ᠴᠡᠷᠢᠭ ᠦ᠋ᠨ ᠲᠣᠭ᠎ᠠ ᠣᠢᠷ᠎ᠠ ᠠ᠋ᠴᠠ ᠦᠯᠡᠮᠵᠢ ᠨᠡᠮᠡᠭᠳᠡᠭᠰᠡᠨ ᠶᠠᠩᠵᠤᠲᠠᠢ ᠬᠠᠷᠠᠭᠳᠠᠳᠠᠭ᠃ ᠮᠣᠩᠭᠣᠯ ᠴᠡᠷᠢᠭ ᠦ᠋ᠨ ᠶᠡᠬᠡ ᠪᠠᠭ᠎ᠠ ᠳᠠᠭᠠᠭᠠᠮᠠᠯ ᠣᠯᠠᠨ ᠦᠵᠡᠭᠳᠡᠬᠦ ᠪᠣᠯᠤᠭᠰᠠᠨ᠃ ᠡᠮᠦᠨ᠎ᠡ ᠵᠦᠭ ᠡᠴᠡ ᠬᠤᠯᠤᠰᠤᠨ ᠨᠤᠮᠤ ᠰᠤᠮᠤ ᠣᠪᠣᠭᠠᠯᠠᠨ ᠠᠴᠢᠭᠰᠠᠨ ᠲᠡᠷᠭᠡ ᠨᠦ᠍ᠭᠦᠳ ᠴᠦ᠍ ᠱᠠᠩᠳᠤ ᠳ᠋ᠤ᠌ ᠢᠷᠡᠵᠦ ᠪᠠᠢᠨ᠎ᠠ᠃ ᠴᠡᠷᠢᠭ ᠦ᠋ᠨ ᠬᠣᠭᠣᠯᠠ ᠬᠦᠨᠡᠰᠦᠨ ᠳ᠋ᠦ᠍ ᠵᠣᠷᠢᠭᠤᠯᠤᠭᠰᠠᠨ ᠪᠣᠯᠤᠯᠲᠠᠢ ᠦᠬᠡᠷ᠂ ᠬᠣᠨᠢ ᠰᠦᠷᠦᠭ ᠰᠦᠷᠦᠭ ᠢ᠋ᠶ᠋ᠡᠷ ᠢ᠋ᠶ᠋ᠡᠨ ᠬᠣᠲᠠ ᠬᠠᠪᠢ ᠶ᠋ᠢᠨ ᠪᠡᠯᠴᠢᠭᠡᠷ ᠲᠦ᠍ ᠲᠠᠭᠤᠭᠳᠠᠨ ᠢᠷᠡᠵᠦ᠂ ᠲᠠᠷᠭᠤ ᠳᠡᠪᠡᠭᠡᠷ ᠠᠪᠬᠠᠭᠤᠯᠬᠤ ᠭᠡᠰᠡᠨ ᠶᠠᠩᠵᠤ ᠪᠠᠷ ᠪᠠᠢᠬᠤ ᠪᠣᠯᠤᠯ᠎ᠠ᠃ ᠪᠠᠢᠳᠠᠯ ᠢ᠋ ᠠᠵᠢᠭᠯᠠᠬᠤ ᠳ᠋ᠤ᠌ ᠮᠠᠨ ᠤ᠋ ᠮᠣᠩᠭᠣᠯ ᠴᠡᠷᠢᠭ ᠵᠥᠪᠬᠡᠨ ᠡᠮᠦᠨ᠎ᠡ ᠵᠦᠭ ᠲᠦ᠍ ᠪᠢᠰᠢ᠂ ᠪᠠᠰᠠ ᠬᠣᠢᠰᠢ ᠪᠠᠨ ᠶᠠᠪᠤᠵᠤ ᠪᠠᠢᠯᠳᠤᠬᠤ ᠭᠡᠳ ᠪᠠᠢᠭ᠎ᠠ ᠰᠢᠨᠵᠢ ᠪᠦᠷᠢᠨ ᠢᠯᠡᠷᠬᠡᠢ ᠪᠣᠯᠪᠠ᠃ ᠭᠠᠭᠴᠠ ᠮᠣᠩᠭᠣᠯ ᠪᠢᠰᠢ᠂ ᠬᠢᠲᠠᠳ ᠴᠡᠷᠢᠭ ᠲᠡᠷᠡ ᠲᠡᠢᠨ ᠳ᠋ᠦ᠍ ᠣᠷᠣᠯᠴᠠᠬᠤ ᠶᠠᠩᠵᠤ ᠠᠵᠢᠭᠯᠠᠭᠳᠠᠵᠤ ᠪᠠᠢᠨ᠎ᠠ᠃ ᠲᠡᠳᠡ ᠡᠮᠦᠨ᠎ᠡ ᠣᠷᠣᠨ ᠳ᠋ᠤ᠌ ᠰᠥᠩ ᠦ᠋ᠨ ᠴᠡᠷᠢᠭ ᠲᠡᠢ ᠳᠣᠯᠣᠭᠠᠨ ᠬᠢᠵᠦ ᠶᠠᠪᠤᠭᠰᠠᠨ ᠴᠡᠷᠢᠭ ᠪᠠᠢᠬᠤ ᠠ᠋ᠴᠠ ᠵᠠᠢᠯᠠᠯᠠ ᠭᠡᠵᠢ ᠤᠤ ᠭᠡᠵᠡᠢ᠃
ᠬᠡᠳᠦ ᠬᠣᠨᠣᠭ ᠤ᠋ᠨ ᠡᠮᠦᠨ᠎ᠡ ᠬᠤᠪᠢᠯᠠᠢ ᠪᠠᠶᠠᠨ ᠢ᠋ ᠳᠠᠭᠤᠳᠠᠨ ᠠᠪᠴᠢᠷᠠᠵᠤ ᠠᠷᠭᠠᠳᠠᠩᠭᠤᠢ ᠪᠠᠷ ᠤᠭᠲᠤᠨ ᠠᠪᠴᠤ ᠠᠭᠤᠯᠵᠠᠭᠠᠳ ᠥᠪᠡᠷ ᠦ᠋ᠨ ᠢ᠋ᠶ᠋ᠡᠨ ᠪᠣᠳᠣᠯ ᠰᠠᠨᠠᠭ᠎ᠠ ᠶ᠋ᠢ ᠬᠡᠯᠡᠬᠦ ᠳ᠋ᠦ᠍ ᠨᠢ ᠲᠡᠷᠡ ᠵᠠᠩᠵᠤᠨ᠄《᠁ ᠪᠢ ᠠᠬᠠᠨ ᠳᠡᠭᠦᠦᠰ ᠶᠡᠬᠡ ᠳᠡᠭᠡᠳᠦᠰ ᠦ᠋ᠳ ᠦ᠋ᠨ ᠬᠣᠭᠣᠷᠣᠨᠳᠣ ᠶ᠋ᠢᠨ ᠬᠡᠷᠡᠭ ᠲᠦ᠍ ᠭᠠᠷ ᠳᠥᠷᠦᠯᠴᠡᠨ ᠶᠠᠪᠤᠬᠤ ᠪᠣᠳᠣᠯ ᠦᠭᠡᠢ ᠶᠠᠪᠤᠳᠠᠭ ᠰᠢᠦ》 ᠭᠡᠮᠡᠨ ᠰᠢᠭᠤᠳᠬᠠᠨ ᠬᠡᠯᠡᠭᠰᠡᠨ ᠳ᠋ᠦ᠍ ᠬᠤᠪᠢᠯᠠᠢ ᠲᠡᠭᠦᠨ ᠦ᠌ ᠦᠭᠡ ᠶ᠋ᠢ ᠬᠡᠳᠦ ᠳᠠᠬᠢᠨ ᠡᠷᠭᠢᠴᠡᠭᠦᠯᠦᠨ ᠪᠣᠳᠣᠵᠤ ᠲᠤᠩᠭᠠᠭᠠᠳ《ᠴᠢᠮᠠᠶ᠋ᠢ ᠪᠢ ᠡᠮᠦᠨᠡᠲᠦ ᠬᠢᠲᠠᠳ ᠤ᠋ᠨ ᠲᠤᠯᠤᠯᠳᠤᠭᠠᠨ ᠤ᠋ ᠲᠠᠯᠠᠪᠤᠷ ᠲᠤ ᠬᠠᠳᠠᠨ᠂ ᠬᠠᠯᠠᠭᠤᠨ ᠨᠠᠷᠠᠨ ᠳ᠋ᠤ᠌ ᠳᠤᠯᠠᠭᠠᠴᠠᠭᠤᠯᠵᠤ ᠳᠥᠩᠭᠡᠬᠦ ᠰᠢᠦ ᠪᠢᠵᠡ᠃ ᠮᠣᠩᠭᠣᠯ ᠠᠢᠷᠠᠭ ᠵᠠᠯᠭᠢᠯᠠᠬᠤ ᠳᠤᠷ᠎ᠠ ᠦᠭᠡᠢ ᠪᠠᠢᠭ᠎ᠠ ᠪᠣᠯ ᠲᠡᠨᠳᠡ ᠣᠴᠢᠭᠠᠳ ᠳᠠᠯᠠᠢ ᠶ᠋ᠢᠨ ᠮᠥᠭᠥ ᠢᠳᠡᠭᠡᠳ ᠰᠠᠭᠤᠵᠤ ᠪᠠᠢ》 ᠭᠡᠮᠡᠨ ᠪᠣᠳᠣᠭᠠᠳ
— ᠴᠢ ᠲᠤᠩ ᠳᠠᠷᠤᠢ ᠬᠥᠬᠡ ᠮᠥᠷᠡᠨ ᠦ᠌ ᠳᠤᠮᠳᠠ ᠤᠷᠤᠰᠬᠠᠯ ᠤᠷᠤᠭᠤ ᠶᠠᠪᠤ ᠳᠠ᠃ ᠮᠣᠩᠭᠣᠯ ᠤ᠋ᠨ ᠬᠣᠶᠠᠷ ᠵᠠᠭᠤᠲᠤ᠂ ᠨᠢᠭᠡ ᠮᠢᠩᠭᠠᠲᠤ ᠬᠢᠲᠠᠳ ᠴᠡᠷᠢᠭ ᠦ᠋ᠨ ᠬᠦᠴᠦ ᠪᠡᠷ ᠬᠠᠮᠤᠭ ᠶᠠᠭᠤᠮᠠᠨ ᠤ᠋ ᠡᠭᠦᠳᠡ ᠬᠠᠭᠠᠯᠭ᠎ᠠ ᠪᠣᠯᠵᠤ ᠪᠣᠢ ᠡᠵᠸᠦ ᠬᠣᠲᠠ ᠶ᠋ᠢ ᠡᠵᠡᠯᠡᠵᠦ ᠠᠪ! ᠬᠣᠶᠠᠷ ᠰᠠᠷ᠎ᠠ ᠶ᠋ᠢᠨ ᠳᠣᠲᠣᠷ᠎ᠠ ᠰᠢᠦ᠃ ᠡᠰᠡᠷᠭᠦᠴᠡᠭᠡᠳ ᠪᠣᠯᠬᠤ ᠦᠭᠡᠢ ᠪᠣᠯ ᠲᠡᠷᠡ ᠬᠣᠲᠠ ᠶ᠋ᠢ ᠭᠠᠵᠠᠷ ᠲᠠᠢ ᠨᠢ ᠲᠡᠭᠰᠢᠯᠡᠵᠦ ᠣᠷᠬᠢᠬᠤ ᠪᠢᠵᠡ! ᠭᠡᠮᠡᠨ ᠲᠤᠰᠢᠶᠠᠨ ᠶᠠᠪᠤᠭᠤᠯᠤᠭᠰᠠᠨ ᠠᠵᠢ᠃ ᠡᠭᠦᠨ ᠢ᠋ ᠬᠦᠯᠦᠭ ᠶᠠᠭᠠᠬᠢᠨ ᠮᠡᠳᠡᠬᠦ ᠪᠢᠯᠡ᠃
ᠤᠭ ᠵᠠᠬᠢᠶ᠎ᠠ ᠪᠢᠴᠢᠭ ᠢ᠋ ᠬᠣᠰᠢᠮᠤᠭᠲᠤ ᠠ᠋ᠴᠠ ᠪᠢᠯᠢᠭᠦᠨ ᠠᠪᠤᠭᠠᠳ ᠶᠠᠭᠠᠬᠢᠵᠤ ᠠᠷᠢᠬᠪᠥ᠋ᠬᠡ ᠶ᠋ᠢᠨ ᠭᠠᠷ ᠲᠤ ᠠᠳᠬᠤᠭᠤᠯᠬᠤ ᠪᠣᠢ ᠭᠡᠮᠡᠨ ᠪᠣᠳᠣᠨ ᠣᠷᠳᠣᠨ ᠬᠠᠪᠢ ᠪᠠᠷ ᠡᠷᠭᠢᠯᠳᠦᠵᠦ ᠪᠠᠢᠲᠠᠯ᠎ᠠ ᠰᠢᠩᠬᠤ ᠠᠭᠤᠯᠠᠨ ᠳ᠋ᠤ᠌ ᠣᠴᠢᠵᠤ ᠴᠡᠷᠢᠭ ᠦ᠋ᠨ ᠰᠤᠷᠭᠠᠭᠤᠯᠢ ᠡᠷᠭᠢᠭᠡᠳ ᠢᠷᠡᠭᠰᠡᠨ ᠬᠠᠭᠠᠨ ᠣᠯᠠᠨ ᠳᠠᠭᠠᠭᠤᠯ ᠤ᠋ᠨ ᠬᠠᠮᠲᠤ ᠳᠠᠪᠬᠢᠭᠠᠳ ᠢᠷᠡᠵᠡᠢ᠂ ᠪᠢᠯᠢᠭᠦᠨ ᠠᠷᠢᠬᠪᠥ᠋ᠬᠡ ᠲᠡᠢ ᠤᠴᠠᠷᠠᠨ ᠠᠮᠤᠭᠤᠯᠠᠩ ᠢ᠋ ᠡᠷᠢᠭᠰᠡᠨ ᠳᠠᠷᠤᠢ ᠳ᠋ᠤ᠌ ᠨᠢᠭᠡ ᠵᠠᠬᠢᠶ᠎ᠠ ᠱᠠᠩᠳᠤ ᠠ᠋ᠴᠠ ᠠᠪᠴᠢᠷᠠᠭᠰᠠᠨ ᠢ᠋ᠶ᠋ᠠᠨ ᠠᠢᠯᠠᠳᠬᠠᠪᠠ᠃ ᠬᠠᠭᠠᠨ ᠠᠢᠯᠠᠳᠬᠠᠯ ᠢ᠋ ᠠᠩᠬᠠᠷᠴᠤ ᠰᠣᠨᠣᠰᠤᠭᠠᠳ ᠪᠣᠳᠣᠯᠬᠢᠯᠠᠭᠰᠠᠨ ᠢ᠋ᠶ᠋ᠠᠨ ᠪᠢᠯᠢᠭᠦᠨ ᠳ᠋ᠦ᠍ ᠬᠠᠨᠳᠤᠨ᠄
— ᠲᠡᠷᠡ ᠵᠠᠬᠢᠶ᠎ᠠ ᠶ᠋ᠢ ᠤᠩᠰᠢᠵᠤ ᠦᠵᠡᠭᠰᠡᠨ ᠤᠤ? ᠭᠡᠵᠦ ᠠᠰᠠᠭᠤᠯ᠎ᠠ᠃
— ᠥᠷᠥᠰᠢᠶᠡᠵᠦ ᠪᠣᠯᠭᠣᠭ᠎ᠠ ᠬᠠᠭᠠᠨᠲᠠᠨ ᠮᠢᠨᠢ! ᠣᠨᠴᠠᠭᠠᠢ ᠴᠢᠬᠤᠯᠠ ᠭᠡᠬᠦ ᠤᠤ᠂ ᠬᠤᠪᠢᠯᠠᠢ ᠵᠠᠬᠢᠷᠤᠭᠴᠢ ᠶ᠋ᠢᠨ ᠣᠳᠣ ᠶ᠋ᠢᠨ ᠪᠠᠢᠳᠠᠯ ᠢ᠋ ᠲᠡᠭᠦᠨ ᠳ᠋ᠦ᠍ ᠪᠢᠴᠢᠭᠰᠡᠨ ᠪᠠᠢᠨ᠎ᠠ᠃ ᠤᠭ ᠵᠠᠬᠢᠳᠠᠯ ᠵᠠᠳᠠᠭᠠᠢ ᠢᠷᠡᠬᠦ ᠶ᠋ᠢᠨ ᠤᠴᠢᠷ ᠠᠬ᠎ᠠ ᠨᠢ ᠳᠡᠭᠦᠦ ᠳ᠋ᠦ᠍ ᠪᠡᠨ ᠰᠤᠷᠭᠠᠮᠵᠢ ᠪᠢᠴᠢᠭᠰᠡᠨ ᠪᠠᠢᠬᠤ ᠭᠡᠵᠦ ᠪᠣᠳᠣᠭᠠᠳ ᠪᠣᠭᠣᠯ ᠨᠢ ᠲᠡᠭᠦᠨ ᠢ᠋ ᠤᠩᠰᠢᠵᠤ ᠦᠵᠡᠭᠰᠡᠨ᠃ ᠮᠠᠨ ᠤ᠋ ᠠᠬ᠎ᠠ ᠬᠡᠷᠡᠭ ᠲᠦ᠍ ᠰᠡᠵᠢᠭᠯᠡᠭᠳᠡᠨ ᠪᠠᠷᠢᠭᠳᠠᠭᠠᠳ ᠱᠠᠩᠳᠤ ᠳ᠋ᠤ᠌ ᠶᠠᠯᠠᠲᠠᠨ ᠪᠣᠭᠣᠯ ᠤ᠋ᠨ ᠠᠵᠢᠯ ᠬᠢᠵᠦ ᠪᠠᠢᠨ᠎ᠠ ᠭᠡᠵᠦ ᠪᠢᠯᠢᠭᠦᠨ ᠠᠢᠯᠠᠳᠬᠠᠪᠠ᠃ ᠬᠠᠭᠠᠨ ᠳᠡᠷᠭᠡᠳᠡ ᠪᠡᠨ ᠪᠠᠢᠭ᠎ᠠ ᠨᠢᠭᠡ ᠪᠠᠷ᠎ᠠ ᠪᠣᠯᠤᠭᠴᠢ ᠳ᠋ᠤ᠌ ᠪᠠᠨ ᠬᠠᠨᠳᠤᠵᠤ᠄
— ᠴᠢ ᠮᠣᠷᠢ ᠪᠠᠨ ᠡᠨᠡ ᠲᠦᠰᠢᠮᠡᠯ ᠳ᠋ᠦ᠍ ᠥᠭ! ᠪᠢᠯᠢᠭᠦᠨ ᠴᠢ ᠨᠠᠳᠠᠲᠠᠢ ᠬᠠᠮᠲᠤ ᠬᠡᠭᠡᠷ᠎ᠡ ᠭᠠᠷᠴᠤ ᠲᠡᠷᠡ ᠪᠢᠴᠢᠭ ᠢ᠋ᠶ᠋ᠡᠨ ᠦᠵᠡᠭᠦᠯ ᠭᠡᠵᠦ ᠬᠡᠯᠡᠭᠡᠳ ᠮᠣᠷᠢᠨ ᠳ᠋ᠤ᠌ ᠪᠠᠨ ᠦᠰᠦᠷᠦᠨ ᠮᠣᠷᠳᠠᠯ᠎ᠠ᠃ ᠪᠢᠯᠢᠭᠦᠨ ᠴᠦ᠍ ᠪᠠᠷ᠎ᠠ ᠪᠣᠯᠤᠭᠴᠢ ᠶ᠋ᠢᠨ ᠤᠨᠤᠵᠤ ᠶᠠᠪᠤᠭᠰᠠᠨ ᠮᠣᠷᠢ ᠶ᠋ᠢ ᠠᠪᠴᠤ᠂ ᠬᠠᠭᠠᠨ ᠤ᠋ ᠠᠷᠤ ᠠ᠋ᠴᠠ ᠳᠠᠭᠠᠪᠠ᠃ ᠲᠡᠳᠡᠨ ᠦ᠌ ᠬᠣᠢᠨ᠎ᠠ ᠠ᠋ᠴᠠ ᠬᠡᠪᠲᠡᠭᠦᠯ ᠠᠷᠪᠠ ᠭᠠᠷᠤᠢ ᠮᠣᠳᠤᠢ ᠴᠡᠷᠢᠭ(ᠪᠡᠶ᠎ᠡ ᠬᠠᠮᠠᠭᠠᠯᠠᠭᠴᠢ) ᠳᠠᠭᠠᠯᠳᠤᠨ ᠳᠠᠪᠬᠢᠯ᠎ᠠ᠃
ᠨᠣᠭᠣᠭᠠᠨ ᠤ᠋ ᠠᠩᠬᠢᠯᠤᠮ᠎ᠠ ᠦᠨᠦᠷ ᠬᠠᠩᠬᠤᠯᠤᠭᠰᠠᠨ ᠶᠡᠬᠡ ᠬᠥᠨᠳᠡᠢ ᠳᠤᠮᠳᠠᠭᠤᠷ ᠣᠷᠬᠣᠨ ᠭᠣᠣᠯ ᠢ᠋ ᠤᠷᠤᠭᠤᠳᠠᠭᠠᠳ ᠨᠢᠳᠦᠨ ᠦ᠌ ᠬᠠᠷᠠᠭ᠎ᠠ ᠰᠢᠯᠭᠠᠬᠤ ᠠᠭᠤᠳᠠᠮ ᠬᠥᠨᠳᠡᠢ ᠳᠤᠮᠳᠠᠭᠤᠷ ᠲᠠᠷᠭᠤᠨ ᠬᠡᠭᠡᠷ ᠮᠣᠷᠢᠨ ᠤ᠋ ᠨᠢᠷᠤᠭᠤᠨ ᠳᠡᠭᠡᠷ᠎ᠡ ᠬᠥᠨᠳᠡᠯᠢᠳᠦᠨ ᠰᠠᠭᠤᠵᠤ ᠶᠠᠪᠤᠭ᠎ᠠ ᠠᠷᠢᠬᠪᠥ᠋ᠬᠡ ᠬᠠᠭᠠᠨ ᠢ᠋ ᠬᠠᠷᠠᠬᠤ ᠳ᠋ᠤ᠌ ᠤᠯᠤᠰ ᠤ᠋ᠨ ᠵᠢᠩᠬᠢᠨᠢ ᠡᠵᠡᠨ ᠡᠢᠮᠦ ᠪᠠᠢᠯ ᠦᠭᠡᠢ ᠶᠠᠭᠠᠬᠢᠬᠤ ᠪᠣᠢ ᠭᠡᠮᠡᠷ ᠰᠦᠷᠯᠢᠭ ᠠᠭᠠᠳ ᠵᠣᠯᠪᠣᠭᠠᠯᠢᠭ ᠪᠠᠢᠪᠠ᠃ ᠬᠠᠳᠠᠭ ᠤ᠋ᠨ ᠴᠡᠩᠬᠡᠷ ᠳᠣᠯᠭᠢᠶ᠎ᠠ ᠭᠡᠭᠡᠳᠡᠭᠦᠯᠦᠨ ᠤᠷᠤᠰᠤᠭᠴᠢ ᠶᠡᠬᠡ ᠭᠣᠣᠯ ᠤ᠋ᠨ ᠬᠥᠪᠡᠭᠡᠨ ᠦ᠌ ᠲᠠᠩᠰᠤᠭ ᠠᠭᠠᠷ ᠳᠤᠮᠳᠠᠭᠤᠷ ᠮᠣᠷᠢᠲᠠᠨ ᠨᠤᠭᠤᠳ ᠰᠢᠭᠤᠳᠬᠠᠨ ᠳᠠᠪᠬᠢᠭᠰᠠᠭᠠᠷ ᠴᠡᠭᠡᠯ ᠦ᠋ᠨ ᠴᠡᠩᠬᠡᠷ ᠡᠷᠭᠢ ᠳᠡᠭᠡᠷ᠎ᠡ ᠢᠷᠡᠵᠦ ᠬᠦᠯᠦᠭ ᠦ᠋ᠨ ᠵᠢᠯᠣᠭᠣ ᠶ᠋ᠢ ᠲᠠᠲᠠᠯ᠎ᠠ᠃ ᠬᠠᠭᠠᠨᠲᠠᠨ ᠮᠣᠷᠢᠨ ᠠ᠋ᠴᠠ ᠪᠠᠨ ᠦᠰᠦᠷᠦᠨ ᠪᠠᠭᠤᠵᠤ ᠲᠠᠰᠢᠶᠠᠨ ᠳ᠋ᠠᠬᠢ ᠲᠠᠬᠢᠷ ᠢᠯᠳᠦᠨ ᠦ᠌ ᠪᠡᠨ ᠡᠰᠢᠨ ᠡᠴᠡ ᠪᠠᠷᠢᠨ ᠵᠣᠭᠰᠣᠵᠤ᠂ ᠣᠷᠴᠢᠨ ᠲᠣᠭᠣᠷᠢᠨ ᠳ᠋ᠤ᠌ ᠪᠠᠨ ᠪᠢᠲᠡᠭᠦᠦ ᠳᠡᠯᠭᠡᠷᠡᠭᠰᠡᠨ ᠥᠩᠭᠡ ᠶ᠋ᠢᠨ ᠴᠡᠴᠡᠭ ᠢ᠋ ᠬᠠᠷᠠᠨ ᠰᠠᠭᠠᠲᠠᠵᠤ ᠪᠠᠢᠭᠰᠠᠨ ᠢ᠋ᠶ᠋ᠠᠨ ᠪᠢᠯᠢᠭᠦᠨ ᠢ᠋ ᠳᠡᠷᠭᠡᠳᠡ ᠪᠡᠨ ᠢᠷᠡᠭᠦᠯᠦᠭᠡᠳ᠄
— ᠬᠠᠶᠠ ᠢᠩᠭᠢᠵᠦ ᠳᠠᠪᠬᠢᠬᠤ ᠰᠠᠢᠬᠠᠨ ᠰᠢᠦ᠃ ᠪᠡᠶ᠎ᠡ ᠰᠡᠳᠬᠢᠯ ᠰᠡᠷᠡᠭᠡᠳᠡᠭ ᠭᠡᠰᠡᠨ ᠢ᠋ᠶ᠋ᠡᠨ ᠴᠢ ᠶᠠᠭᠤ ᠶᠠᠭᠤ ᠭᠡᠯᠡ ᠭᠡᠨ᠎ᠡ? ᠭᠡᠮᠡᠨ ᠠᠰᠠᠭᠤᠯ᠎ᠠ᠃ ᠲᠦᠰᠢᠮᠡᠯ ᠬᠦᠯᠦᠭ ᠠᠬ᠎ᠠ ᠠ᠋ᠴᠠ ᠪᠠᠨ ᠢᠷᠡᠭᠦᠯᠦᠭᠰᠡᠨ ᠵᠠᠬᠢᠳᠠᠯ ᠢ᠋ ᠳᠡᠯᠭᠡᠵᠦ ᠪᠠᠷᠢᠪᠠᠯ ᠬᠠᠭᠠᠨ ᠲᠡᠭᠦᠨ ᠢ᠋ ᠬᠠᠷᠠᠵᠤ᠄
— ᠴᠢ ᠲᠦᠷᠭᠡᠨ ᠳᠠᠭᠤᠳᠠᠭᠠᠳ ᠣᠷᠭᠢ! ᠭᠡᠯᠡ᠃ ᠲᠡᠷᠡ ᠬᠠᠭᠠᠨ ᠤ᠋ ᠬᠠᠵᠠᠭᠤ ᠳ᠋ᠤ᠌ ᠵᠣᠭᠰᠣᠨ ᠲᠠᠢᠪᠤᠩ ᠪᠠᠢᠳᠠᠯ ᠢ᠋ᠶ᠋ᠠᠷ ᠤᠭ ᠪᠢᠴᠢᠭ ᠢ᠋ ᠡᠬᠢᠨ ᠡᠴᠡ ᠨᠢ ᠤᠩᠰᠢᠨ ᠰᠣᠨᠣᠰᠬᠠᠯᠠ᠃ ᠠᠷᠢᠬᠪᠥ᠋ᠬᠡ ᠪᠣᠳᠣᠯ ᠳ᠋ᠤ᠌ ᠠᠪᠲᠠᠨ᠂ ᠳᠣᠣᠷ᠎ᠠ ᠪᠠᠨ ᠬᠡᠳᠦ ᠠᠯᠬᠤᠭᠰᠠᠨ ᠢ᠋ᠶ᠋ᠠᠨ ᠤᠭ ᠪᠢᠴᠢᠭ ᠢ᠋ ᠭᠠᠷ ᠲᠤ ᠪᠠᠨ ᠠᠪᠴᠤ ᠦᠵᠡᠭᠡᠳ᠄
— ᠴᠢᠨᠦ ᠠᠬ᠎ᠠ ᠡᠢᠮᠦ ᠬᠥᠮᠦᠨ ᠶᠦᠮ ᠪᠣᠢ᠃ ᠬᠤᠪᠢᠯᠠᠢ ᠳ᠋ᠤ᠌ ᠪᠠᠷᠢᠭᠳᠠᠭᠠᠳ᠂ ᠲᠡᠭᠦᠨ ᠳ᠋ᠦ᠍ ᠥᠰᠢᠭᠰᠡᠨ ᠳ᠋ᠦ᠍ ᠪᠡᠨ ᠪᠢᠰᠢ᠂ ᠶᠡᠷᠦ ᠨᠢ ᠨᠠᠳᠠᠳᠤ ᠬᠡᠯᠡᠶ᠎ᠡ ᠭᠡᠰᠡᠨ ᠢ᠋ᠶ᠋ᠡᠨ ᠯᠡ ᠪᠢᠴᠢᠭᠰᠡᠨ ᠪᠣᠯᠤᠯᠲᠠᠢ᠃ ᠪᠢ ᠣᠳᠣᠬᠠᠨ ᠲᠡᠷᠡ ᠬᠥᠮᠦᠨ ᠢ᠋ ᠪᠤᠰᠤᠳ ᠤ᠋ᠨ ᠭᠠᠷ ᠠ᠋ᠴᠠ ᠭᠠᠷᠭᠠᠨ ᠠᠪᠬᠤ ᠤᠴᠢᠷᠲᠠᠢ ᠰᠢᠪ ᠭᠡᠯᠡ᠃ ᠪᠢᠯᠢᠭᠦᠨ ᠪᠥᠬᠥᠢᠵᠦ᠄
— ᠬᠠᠭᠠᠨᠲᠠᠨ ᠮᠢᠨᠢ! ᠬᠦᠯᠦᠭ ᠠᠬ᠎ᠠ ᠡᠬᠡᠨᠡᠷ ᠲᠦ᠍ ᠪᠡᠨ ᠬᠡᠯᠡᠬᠦ ᠳ᠋ᠦ᠍ ᠪᠡᠨ᠄《ᠪᠢ ᠥᠪᠡᠷ ᠢ᠋ᠶ᠋ᠡᠨ ᠬᠤᠳᠠᠯᠳᠤᠭᠠᠴᠢᠨ ᠬᠣᠮᠢᠨᠢ ᠶ᠋ᠢᠨ ᠠᠪᠤᠷᠠᠯ ᠢ᠋ᠶ᠋ᠠᠷ ᠬᠠᠷ᠎ᠠ ᠬᠣᠷᠣᠮ ᠳ᠋ᠤ᠌ ᠣᠴᠢᠵᠤ ᠳᠥᠩᠭᠡᠬᠦ ᠪᠢᠵᠡ ᠠ᠋᠃ ᠡᠨᠡ ᠪᠢᠴᠢᠭ ᠢ᠋ ᠶᠡᠬᠡ ᠬᠠᠭᠠᠨ ᠤ᠋ ᠰᠣᠨᠣᠷ ᠲᠤ ᠬᠦᠷᠭᠡᠬᠦ ᠶ᠋ᠢ ᠬᠢᠴᠢᠶᠡᠵᠦ ᠦᠵᠡᠭᠡᠷᠡᠢ ᠭᠡᠵᠦ ᠬᠡᠯᠡᠭᠰᠡᠨ ᠪᠠᠢᠨ᠎ᠠ ᠪᠢᠯᠡ᠁》 ᠭᠡᠵᠦ ᠠᠢᠯᠠᠳᠬᠠᠪᠠᠯ ᠬᠠᠭᠠᠨ ᠬᠣᠶᠠᠷ ᠴᠢᠬᠢᠨ ᠦ᠌ ᠪᠡᠨ ᠠᠷᠤ ᠪᠠᠷ ᠣᠷᠢᠶᠠᠵᠤ ᠰᠦᠯᠵᠢᠭᠰᠡᠨ ᠭᠡᠵᠢᠭᠡ ᠪᠡᠨ ᠢᠯᠢᠵᠦ᠄
— ᠠᠳᠠᠯᠢᠬᠠᠨ ᠯᠠ ᠡᠷ᠎ᠡ ᠡᠮ᠎ᠡ ᠪᠡᠨ ᠦᠵᠡᠯᠴᠡᠬᠦ ᠭᠡᠳᠡᠭ ᠪᠣᠯᠵᠤ ᠳᠠ᠃ ᠥᠭᠡᠷ᠎ᠡ ᠪᠡᠷ ᠶᠠᠭᠠᠬᠢᠨ᠎ᠠ ᠭᠡᠬᠦ ᠪᠣᠢ ᠭᠡᠵᠦ ᠬᠡᠯᠡᠬᠦ ᠨᠢ《ᠶᠠᠭᠤ ᠴᠦ᠍ ᠭᠡᠰᠡᠨ ᠪᠢ ᠵᠦᠭᠡᠷ ᠪᠠᠭᠤᠵᠤ ᠥᠭᠬᠦ ᠦᠭᠡᠢ》 ᠭᠡᠰᠡᠨ ᠰᠠᠨᠠᠭ᠎ᠠ ᠪᠠᠨ ᠢᠯᠡᠷᠬᠡᠢᠯᠡᠪᠡ᠃
ᠠᠷᠢᠬᠪᠥ᠋ᠬᠡ ᠬᠦᠯᠦᠭ ᠦ᠋ᠨ ᠪᠢᠴᠢᠭ ᠢ᠋ ᠳᠠᠬᠢᠨ ᠠᠪᠴᠤ ᠦᠵᠡᠭᠡᠳ ᠡᠷᠭᠢᠭᠦᠯᠵᠦ ᠲᠣᠭᠣᠷᠢᠭᠤᠯᠵᠤ ᠬᠠᠷᠠᠵᠤ ᠪᠠᠢᠭᠰᠠᠨ ᠢ᠋ᠶ᠋ᠠᠨ᠄《ᠴᠠᠭᠠᠨ᠂ ᠬᠠᠳᠠᠨ᠂ ᠲᠣᠭᠣᠭᠠᠨ ᠵᠠᠩᠵᠤᠨ ᠨᠠᠷ ᠬᠠᠭᠠᠨ ᠤ᠋ ᠣᠷᠳᠣᠨ ᠳ᠋ᠤ᠌ ᠶᠡᠬᠡᠮᠰᠦᠭ ᠪᠠᠢᠳᠠᠯ ᠢ᠋ᠶ᠋ᠠᠷ ᠶᠠᠪᠤᠵᠤ ᠪᠠᠢᠳᠠᠭ》 ᠭᠡᠯᠡ ᠭᠡᠨ᠎ᠡ ᠲᠡᠢᠮᠦ ᠪᠠᠢᠵᠠᠢ᠃《ᠬᠤᠪᠢᠯᠠᠢ ᠪᠠᠶᠠᠨ ᠠ᠋ᠴᠠ ᠳᠠᠯᠳᠢᠷᠠᠳᠠᠭ》 ᠭᠡᠳᠡᠭ ᠴᠦ᠍ ᠦᠨᠡᠨ᠃ ᠪᠠᠶᠠᠨ ᠪᠢᠳᠡᠨ ᠦ᠌ ᠬᠡᠷᠡᠭ ᠲᠦ᠍ ᠣᠷᠣᠯᠴᠠᠬᠤ ᠦᠭᠡᠢ ᠭᠡᠵᠦ ᠪᠠᠢᠭ᠎ᠠ ᠨᠢ ᠯᠠᠪᠲᠠᠢ᠃ ᠲᠡᠷᠡ ᠪᠣᠯ ᠠᠷᠢᠭᠤᠬᠠᠨ ᠰᠡᠳᠬᠢᠯ ᠲᠡᠢ ᠵᠠᠩᠵᠤᠨ᠃ ᠵᠠ ᠪᠠᠢᠵᠠ! ᠬᠢᠲᠠᠳ ᠴᠡᠷᠢᠭ ᠦᠯᠡᠮᠵᠢ ᠣᠯᠠᠨ ᠪᠣᠯᠤᠭᠰᠠᠨ᠃《ᠲᠡᠳᠡ ᠶᠡᠬᠡ ᠳᠤᠭᠤᠯᠭᠠᠪᠤᠷᠢᠲᠠᠢ ᠪᠠᠢᠳᠠᠯᠲᠠᠢ》 ᠭᠡᠯᠡ ᠭᠡᠨ᠎ᠡ? ᠬᠢᠲᠠᠳ ᠤ᠋ᠳ ᠪᠢᠳᠡᠨ ᠦ᠌ ᠬᠣᠭᠣᠷᠣᠨᠳᠣ ᠰᠢᠭᠤᠳ ᠣᠷᠣᠯᠴᠠᠮᠠ ᠦᠭᠡᠢ ᠪᠠᠢᠯᠲᠠᠢ᠃ ᠬᠤᠪᠢᠯᠠᠢ ᠶ᠋ᠢ ᠣᠷᠣᠯᠴᠠ ᠭᠡᠬᠦ ᠪᠡᠷ ᠲᠡᠭᠦᠨ ᠦ᠌ ᠡᠷᠬᠡᠨ ᠳ᠋ᠦ᠍ ᠪᠠᠢᠭ᠎ᠠ ᠠᠮᠢᠲᠠᠳ ᠵᠠ ᠯᠠ ᠭᠡᠬᠦ ᠡᠴᠡ ᠥᠭᠡᠷ᠎ᠡ ᠶᠠᠭᠤ ᠭᠡᠬᠦ ᠪᠢᠯᠡ ᠳᠠ᠃《ᠴᠡᠷᠢᠭ ᠶᠡᠬᠡ ᠣᠯᠠᠨ》 ᠭᠡᠳᠡᠭ ᠨᠣᠬᠠᠢ ᠦᠭᠡ᠃ ᠲᠡᠭᠦᠨ ᠦ᠌ ᠴᠡᠷᠢᠭ ᠬᠣᠨᠣᠭ ᠥᠩᠭᠡᠷᠡᠬᠦ ᠲᠣᠰᠤᠮ ᠤᠯᠠᠮ ᠪᠣᠯᠬᠤ ᠨᠢ ᠰᠢᠪ᠃ ᠪᠢ ᠶᠠᠭᠠᠬᠢᠬᠤ ᠶᠣᠰᠣᠲᠠᠢ ᠪᠣᠢ? ᠠᠯᠲᠠᠨ ᠣᠷᠳᠣᠨ ᠠ᠋ᠴᠠ ᠴᠡᠷᠢᠭ ᠭᠤᠶᠤᠭᠠᠳ ᠮᠥᠳᠳᠥ ᠢᠷᠡᠬᠦ ᠦᠭᠡᠢ᠂ ᠪᠠᠷᠤᠭ ᠬᠠᠭᠠᠰ ᠵᠢᠯ ᠪᠣᠯᠵᠤ ᠪᠠᠢᠵᠤ ᠲᠦᠷᠦᠭᠦᠴᠢ ᠨᠢ ᠦᠵᠡᠭᠳᠡᠬᠦ ᠪᠠᠢᠬᠤ᠃ ᠲᠡᠭᠡᠭᠡᠳ? ᠵᠦᠭᠡᠷ ᠰᠠᠭᠤᠭᠠᠳ ᠴᠢ ᠳᠤᠷ᠎ᠠ ᠪᠠᠷ ᠢ᠋ᠶ᠋ᠠᠨ ᠪᠣᠯ ᠪᠢ ᠬᠤᠪᠢᠯᠠᠢ ᠳ᠋ᠤ᠌ ᠬᠡᠯᠡᠵᠦ ᠴᠢᠳᠠᠬᠤ ᠦᠭᠡᠢ᠃ ᠲᠡᠭᠡᠪᠡᠯ ᠡᠷ᠎ᠡ ᠶ᠋ᠢᠨ ᠭᠤᠲᠤᠮᠰᠢᠭ ᠪᠣᠯᠤᠨ᠎ᠠ ᠭᠡᠰᠡᠨ ᠦᠭᠡ ᠭᠡᠮᠡᠨ ᠡᠮᠦᠨᠡᠭᠦᠷ ᠢ᠋ᠶ᠋ᠡᠨ ᠡᠷᠭᠢᠯᠳᠦᠨ ᠬᠥᠳᠡᠯᠵᠦ ᠶᠠᠳᠠᠬᠤ ᠴᠡᠭᠡᠯ ᠦ᠋ᠨ ᠤᠰᠤ ᠶ᠋ᠢ ᠬᠠᠷᠠᠵᠤ ᠪᠣᠳᠣᠯᠭᠠᠰᠢᠷᠠᠨ ᠠᠮᠠᠨ ᠳᠣᠲᠣᠷ᠎ᠠ ᠪᠠᠨ ᠬᠡᠯᠡᠯ᠎ᠡ᠃ ᠨᠠᠮᠤᠭᠤᠬᠠᠨ ᠦᠯᠢᠶᠡᠬᠦ ᠰᠠᠯᠬᠢᠨ ᠤ᠋ ᠠᠶᠠᠰ ᠢ᠋ᠶ᠋ᠠᠷ ᠭᠣᠣᠯ ᠤ᠋ᠨ ᠵᠠᠬ᠎ᠠ ᠪᠠᠷ ᠤᠷᠭᠤᠭᠰᠠᠨ ᠪᠤᠷᠭᠠᠰᠤ ᠮᠣᠳᠣᠳ ᠤ᠋ᠨ ᠨᠠᠪᠴᠢᠰ ᠭᠠᠩᠬᠤᠨ ᠬᠥᠳᠡᠯᠵᠦ ᠳᠡᠯᠪᠢ ᠪᠡᠨ ᠨᠠᠷᠠᠨ ᠳ᠋ᠤ᠌ ᠳᠡᠯᠭᠡᠭᠰᠡᠨ ᠬᠥᠬᠡ᠂ ᠤᠯᠠᠭᠠᠨ᠂ ᠴᠠᠭᠠᠨ ᠥᠩᠭᠡ ᠶ᠋ᠢᠨ ᠴᠡᠴᠡᠭ ᠦ᠋ᠳ ᠥᠪᠡᠷ ᠢ᠋ ᠪᠡᠨ ᠬᠠᠷᠠᠭᠠᠴᠢ ᠭᠡᠰᠡᠨ ᠶᠠᠩᠵᠤ ᠪᠠᠷ ᠨᠢᠳᠦ ᠪᠤᠯᠢᠶᠠᠵᠤ ᠬᠠᠷᠠᠭᠳᠠᠨ᠎ᠠ᠃ ᠭᠣᠣᠯ ᠤ᠋ᠨ ᠣᠰᠤᠨ᠎ᠠ ᠰᠦᠷᠦᠭ ᠭᠠᠯᠠᠭᠤ ᠰᠠᠭᠤᠨ ᠬᠥᠩᠭᠡᠨ ᠵᠥᠭᠡᠯᠡᠨ ᠶᠠᠩᠵᠤ ᠪᠠᠷ ᠬᠦᠪᠦᠬᠦ ᠨᠢ《ᠪᠢᠳᠡ ᠡᠩᠬᠡ ᠲᠤᠩᠬ᠎ᠠ ᠪᠠᠷ ᠵᠢᠷᠭᠠᠯ ᠢ᠋ᠶ᠋ᠠᠨ ᠡᠳ᠋ᠯᠡᠵᠦ ᠶᠠᠪᠤᠨ᠎ᠠ》 ᠭᠡᠰᠡᠨ ᠪᠠᠢᠳᠠᠯᠲᠠᠢ ᠠᠵᠢ᠃
ᠡᠯᠳᠡᠪ ᠬᠡᠷᠡᠭ ᠲᠦ᠍ ᠠᠯᠵᠢᠶᠠᠵᠤ ᠶᠠᠳᠠᠷᠠᠭᠰᠠᠨ ᠲᠡᠷᠢᠭᠦᠨ ᠢ᠋ᠶ᠋ᠡᠨ ᠬᠡᠭᠡᠷ᠎ᠡ ᠶ᠋ᠢᠨ ᠠᠭᠠᠷ ᠢ᠋ᠶ᠋ᠠᠷ ᠴᠡᠩᠭᠡᠭᠦᠯᠵᠦ ᠠᠮᠠᠷᠠᠭᠠᠬᠤ ᠬᠠᠭᠠᠨ ᠢ᠋ ᠬᠦᠯᠦᠭ ᠦ᠋ᠨ ᠪᠢᠴᠢᠭ ᠤᠯᠠᠮ ᠴᠦ᠍ ᠬᠦᠨᠳᠦ ᠪᠣᠳᠣᠯ ᠳ᠋ᠤ᠌ ᠣᠷᠣᠭᠤᠯᠪᠠ᠃ ᠠᠷᠢᠬᠪᠥ᠋ᠬᠡ ᠬᠠᠭᠠᠨ ᠭᠣᠣᠯ ᠤ᠋ᠨ ᠡᠷᠭᠢ ᠳᠠᠭᠠᠨ ᠵᠢᠭᠠᠬᠠᠨ ᠰᠠᠭᠠᠲᠠᠵᠤ ᠪᠠᠢᠭᠰᠠᠨ ᠢ᠋ᠶ᠋ᠠᠨ ᠮᠣᠷᠢᠨ ᠳ᠋ᠤ᠌ ᠪᠠᠨ ᠦᠰᠦᠷᠦᠨ ᠮᠥᠷᠳᠡᠵᠦ ᠳᠠᠭᠠᠭᠤᠯ ᠤ᠋ᠳ ᠤ᠋ᠨ ᠢ᠋ᠶ᠋ᠠᠨ ᠬᠠᠮᠲᠤ ᠪᠠᠷ ᠬᠠᠷ᠎ᠠ ᠬᠣᠷᠣᠮ ᠬᠣᠲᠠ ᠶ᠋ᠢᠨ ᠬᠣᠢᠲᠤ ᠬᠥᠨᠳᠡᠢ ᠳ᠋ᠦ᠍ ᠪᠠᠢᠭ᠎ᠠ《ᠣᠷᠬᠣᠨ ᠲᠦᠮᠡᠲᠦ》 ᠴᠡᠷᠢᠭ ᠦ᠋ᠨ ᠠᠩᠭᠢ ᠤᠷᠤᠭᠤ ᠵᠢᠯᠣᠭᠣ ᠵᠠᠯᠠᠯ᠎ᠠ᠃
ᠦᠰᠦᠭ ᠬᠠᠭᠤᠯᠤᠨ ᠠᠮᠢᠯᠠᠭᠤᠯᠤᠭᠴᠢ᠄ ᠲᠩᠷᠢ ᠡᠵᠢ᠂ ᠪᠠᠭᠠᠲᠤᠷ
