ᠲᠩᠷᠢᠯᠢᠭ ᠲᠠᠪᠢᠯᠠᠩ-ᠪᠠᠲᠤᠳᠡᠯᠭᠡᠷТэнгэрлэг тавилан-батдэлгэр ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠩᠷᠢᠯᠢᠭ ᠲᠠᠪᠢᠯᠠᠩ-ᠪᠠᠲᠤᠳᠡᠯᠭᠡᠷТэнгэрлэг тавилан-батдэлгэр

ᠲᠩᠷᠢᠯᠢᠭ ᠲᠠᠪᠢᠯᠠᠩ-ᠪᠠᠲᠤᠳᠡᠯᠭᠡᠷТэнгэрлэг тавилан-батдэлгэр

ᠠᠩᠭᠢᠯᠠᠯ:ᠳᠠᠭᠤᠤ ᠬᠥᠭᠵᠢᠮ
2022-11-11

2108

ᠲᠩᠷᠢᠯᠢᠭ ᠲᠠᠪᠢᠯᠠᠩ

   ᠦᠭᠡ᠄ ᠨᠠᠰᠤᠨ᠂ ᠮᠠᠨᠰᠠᠩ

   ᠠᠶ᠎ᠠ᠄ ᠤᠷᠤᠭᠰᠢᠯᠠᠯᠲᠠ

   ᠳᠠᠭᠤᠴᠢᠨ᠄ ᠪᠠᠲᠤᠳᠡᠯᠭᠡᠷ

 

ᠵᠡᠷᠭᠡᠯᠭᠡᠨ ᠲᠤᠨᠤᠷᠠᠭᠰᠠᠨ ᠮᠣᠩᠭᠣᠯ ᠤ᠋ᠨ ᠢᠶᠠᠨ ᠡᠯᠢᠭᠡᠨ ᠳᠡᠭᠡᠷ᠎ᠡ

ᠵᠡᠭᠡᠷ᠎ᠡ ᠲᠡᠢ ᠦᠶᠡᠷᠬᠡᠭᠰᠡᠨ ᠭᠣᠪᠢ ᠶ᠋ᠢᠨ ᠲᠡᠮᠡᠭᠡᠳ ᠦ᠋ᠳ ᠮᠢᠨᠢ ᠬᠥᠭᠡᠷᠦᠬᠦᠢ

ᠭᠠᠵᠠᠷ ᠬᠣᠲᠣᠢᠮᠠᠷ ᠠᠴᠢᠶ᠎ᠠ ᠪᠠᠨ ᠲᠡᠭᠡᠭᠡᠨ᠎ᠡ ᠯᠡ ᠭᠡᠳ

ᠭᠠᠩ ᠲᠠᠢ ᠴᠠᠩ ᠲᠠᠢ ᠲᠡᠮᠡᠭᠡᠳ ᠮᠢᠨᠢ ᠰᠥᠬᠥᠷᠡᠭᠰᠡᠨ ᠶᠦᠮ

ᠠᠢ ᠠᠢ ᠠ ᠬᠠ ᠬᠥ᠋

ᠠᠢ ᠠᠢ ᠠ ᠬᠠ ᠬᠥ᠋

ᠲᠡᠮᠡᠭᠡᠨ ᠵᠠᠶᠠᠭ᠎ᠠ ᠮᠢᠨᠢ ᠮᠥᠩᠬᠡᠷᠡᠨ ᠮᠥᠩᠬᠡᠷᠡᠭᠡᠷᠡᠢ

ᠲᠩᠷᠢ ᠬᠤᠷᠮᠤᠰᠲᠠ ᠮᠢᠨᠢ ᠢᠪᠡᠭᠡᠨ ᠢᠪᠡᠭᠡᠭᠡᠷᠡᠢ

 

ᠠᠷᠪᠠᠨ ᠬᠣᠶᠠᠷ ᠵᠢᠯ ᠦ᠋ᠨ ᠰᠢᠨᠵᠢ ᠶ᠋ᠢ ᠪᠠᠭᠲᠠᠭᠠᠭᠰᠠᠨ

ᠠᠵᠠᠲᠠᠢ ᠡᠵᠡᠨ ᠦ᠌ ᠪᠡᠨ ᠵᠢᠷᠭᠠᠯ ᠤ᠋ᠨ ᠬᠠᠨᠢ ᠪᠣᠯᠤᠭᠰᠠᠨ ᠠᠢ ᠬᠥ᠋

ᠪᠤᠷᠤᠭᠤ ᠲᠠᠢ ᠵᠥᠪ ᠲᠡᠢ ᠠᠮᠢᠳᠤᠷᠠᠯ ᠢ᠋ᠶ᠋ᠠᠨ ᠡᠳ᠋ᠯᠡᠨ᠎ᠡ ᠭᠡᠳ

ᠪᠣᠢᠯᠠᠮᠠᠳᠠᠭᠠᠢ ᠤᠬᠢᠯᠠᠮᠠᠲᠠᠭᠠᠢ ᠲᠡᠮᠡᠭᠡᠳ ᠮᠢᠨᠢ ᠰᠥᠬᠥᠷᠡᠭᠰᠡᠨ ᠶᠦᠮ

ᠠᠢ ᠠᠢ ᠠ ᠬᠠ ᠬᠥ᠋

ᠠᠢ ᠠᠢ ᠠ ᠬᠠ ᠬᠥ᠋

ᠲᠡᠮᠡᠭᠡᠨ ᠵᠠᠶᠠᠭ᠎ᠠ ᠮᠢᠨᠢ ᠮᠥᠩᠬᠡᠷᠡᠨ ᠮᠥᠩᠬᠡᠷᠡᠭᠡᠷᠡᠢ

ᠲᠩᠷᠢ ᠬᠤᠷᠮᠤᠰᠲᠠ ᠮᠢᠨᠢ ᠢᠪᠡᠭᠡᠨ ᠢᠪᠡᠭᠡᠭᠡᠷᠡᠢ

 

ᠵᠠᠭ ᠲᠠᠢ ᠮᠠᠩᠬᠠᠨ ᠪᠤᠲᠠᠷᠭᠠᠨ᠎ᠠ ᠲᠠᠢ ᠬᠥᠨᠳᠡᠢ ᠳ᠋ᠡᠭᠡᠨ

ᠵᠣᠯ ᠲᠠᠢ ᠲᠡᠮᠡᠭᠡᠳ ᠲᠡᠢ ᠪᠡᠨ ᠨᠤᠲᠤᠭ ᠲᠠᠭᠠᠨ ᠠᠮᠢᠳᠤᠷᠠᠬᠤ ᠶᠤᠮᠰᠠᠨ

ᠭᠠᠯᠪᠠ ᠶ᠋ᠢᠨ ᠡᠯᠡᠰᠦᠨ ᠴᠦᠯ ᠳ᠋ᠡᠭᠡᠨ ᠠᠮᠢᠳᠤᠷᠠᠨ᠎ᠠ ᠭᠡᠳ

ᠭᠠᠯ ᠲᠠᠢ ᠴᠣᠭᠲᠠᠢᠬᠠᠨ ᠲᠡᠮᠡᠭᠡᠳ ᠢ᠋ᠶ᠋ᠡᠷ ᠢᠶᠠᠨ ᠠᠯᠬᠤᠭᠤᠯᠬᠤ ᠶᠤᠮᠰᠠᠨ

ᠠᠢ ᠠᠢ ᠠ ᠬᠠ ᠬᠥ᠋

ᠠᠢ ᠠᠢ ᠠ ᠬᠠ ᠬᠥ᠋

ᠲᠡᠮᠡᠭᠡᠨ ᠵᠠᠶᠠᠭ᠎ᠠ ᠮᠢᠨᠢ ᠮᠥᠩᠬᠡᠷᠡᠨ ᠮᠥᠩᠬᠡᠷᠡᠭᠡᠷᠡᠢ

ᠲᠩᠷᠢ ᠬᠤᠷᠮᠤᠰᠲᠠ ᠮᠢᠨᠢ ᠢᠪᠡᠭᠡᠨ ᠢᠪᠡᠭᠡᠭᠡᠷᠡᠢ

ᠠᠢ ᠠᠢ ᠠ ᠬᠠ ᠬᠥ᠋

ᠠᠢ ᠠᠢ ᠠ ᠬᠠ ᠬᠥ᠋

ᠲᠡᠮᠡᠭᠡᠨ ᠵᠠᠶᠠᠭ᠎ᠠ ᠮᠢᠨᠢ ᠮᠥᠩᠬᠡᠷᠡᠨ ᠮᠥᠩᠬᠡᠷᠡᠭᠡᠷᠡᠢ

ᠲᠩᠷᠢ ᠬᠤᠷᠮᠤᠰᠲᠠ ᠮᠢᠨᠢ ᠢᠪᠡᠭᠡᠨ ᠢᠪᠡᠭᠡᠭᠡᠷᠡᠢ

 

   ᠬᠢᠨᠠᠭᠴᠢ᠄ ᠪᠦᠷᠢᠨᠵᠢᠷᠭᠠᠯ

   ᠠᠮᠢᠯᠠᠭᠤᠯᠤᠭᠴᠢ᠄ ᠣᠳᠬᠣᠩᠬᠤᠸᠠᠷ