ᠡᠯᠡᠰᠦᠨ ᠳᠦ ᠪᠤᠯᠠᠭᠳᠠᠭᠰᠠᠨ ᠰᠤᠪᠤᠳ – ᠫ᠂ ᠣᠶᠤᠨᠭᠡᠷᠡᠯ <ᠣᠷᠣᠰᠢᠯ- ᠯᠢᠭᠳᠡᠨ> Элсэнд булагдсан сувдаа – П.Оюунгэрэл <оршил- лигдэн>
ᠣᠷᠣᠰᠢᠯ
ᠦᠵᠦᠮᠦᠴᠢᠨ ᠨᠤᠲᠤᠭ ᠤ᠋ᠨ ᠦᠨᠡᠨ ᠠᠮᠢᠳᠤᠷᠠᠯ ᠤ᠋ᠨ ᠨᠣᠮᠣᠬᠠᠨ ᠴᠠᠭᠠᠨ ᠲᠡᠦᠬᠡ
ᠵᠣᠬᠢᠶᠠᠯᠴᠢ ᠫ· ᠣᠶᠤᠨᠭᠡᠷᠡᠯ ᠦ᠋ᠨ ᠲᠤᠭᠤᠵᠢᠰ᠂ ᠨᠠᠢᠷᠠᠭᠤᠯᠤᠯ ᠤ᠋ᠨ ᠡᠨᠡ ᠬᠦ᠌ ᠲᠡᠭᠦᠪᠦᠷᠢ ᠨᠡᠢᠭᠡᠮ ᠠᠮᠢᠳᠤᠷᠠᠯ ᠤ᠋ᠨ ᠥᠷᠭᠡᠨ ᠠᠭᠤᠳᠠᠮ ᠬᠦᠷᠢᠶ᠎ᠡ ᠬᠡᠪᠴᠢᠶ᠎ᠡ ᠶ᠋ᠢ ᠬᠠᠮᠤᠷᠤᠭᠰᠠᠨ ᠰᠡᠳᠬᠢᠯ ᠰᠡᠷᠭᠦᠮ᠎ᠡ ᠦᠯᠢᠭᠡᠷ᠂ ᠰᠡᠳᠬᠢᠮᠵᠢ ᠤᠷᠠᠯᠠᠯ ᠤ᠋ᠨ ᠭᠦᠨ ᠨᠠᠷᠢᠪᠴᠢᠯᠠᠯ ᠲᠠᠢ ᠪᠠᠶᠠᠨ ᠲᠠᠩᠰᠤᠭ ᠠᠭᠤᠯᠭ᠎ᠠ ᠶ᠋ᠢᠨ ᠠᠯᠲᠠ ᠲᠠᠢ ᠴᠣᠭᠴᠠ ᠪᠣᠯᠵᠠᠢ᠃ ᠲᠡᠭᠦᠪᠦᠷᠢ ᠳ᠋ᠦ᠍ ᠠᠪᠤ ᠡᠵᠢ ᠨᠠᠭᠠᠴᠤ ᠡᠮᠡᠭᠡ ᠪᠡᠨ ᠮᠥᠷᠥᠭᠡᠳᠴᠦ ᠲᠥᠷᠥᠯ ᠰᠠᠳᠤᠨ ᠡᠭᠡᠴᠢ ᠳᠡᠭᠦᠦ ᠨᠠᠷ ᠢ᠋ᠶ᠋ᠠᠨ ᠳᠤᠷᠠᠰᠤᠮᠵᠢᠯᠠᠭᠰᠠᠨ ᠵᠡᠷᠭᠡ ᠶ᠋ᠢᠨ ᠬᠥᠮᠦᠨ ᠦ᠌ ᠨᠡᠢᠭᠡᠮ ᠦ᠋ᠨ ᠠᠬᠤᠢ ᠠᠮᠢᠳᠤᠷᠠᠯ ᠤ᠋ᠨ ᠬᠥᠳᠡᠯᠭᠡᠭᠡᠨᠲᠦ ᠵᠢᠷᠤᠭ᠂ ᠰᠢᠨᠵᠢᠯᠡᠬᠦ ᠤᠬᠠᠭᠠᠨ ᠲᠡᠮᠲᠡᠷᠢᠵᠦ ᠲᠣᠳᠣᠳᠬᠠᠨ ᠠᠢᠯᠠᠳᠤᠭ᠎ᠠ ᠦᠭᠡᠢ ᠪᠠᠢᠭᠠᠯᠢ ᠶᠢᠷᠲᠢᠨᠴᠦ ᠶ᠋ᠢᠨ ᠵᠠᠷᠢᠮ ᠦᠵᠡᠭᠳᠡᠯ ᠢ᠋ ᠴᠦ᠍ ᠳᠦᠷᠰᠦᠯᠡᠨ ᠲᠡᠮᠳᠡᠭᠯᠡᠭᠡᠳ ᠡᠪᠲᠡᠢᠬᠡᠨ ᠬᠦᠦᠷᠨᠢᠵᠡᠢ᠃ ᠲᠤᠬᠠᠢᠯᠠᠪᠠᠯ ᠬᠥᠮᠦᠨ᠂ ᠨᠤᠲᠤᠭ᠂ ᠨᠡᠢᠭᠡᠮ ᠦ᠋ᠨ ᠭᠤᠷᠪᠠᠯᠵᠢᠨ ᠬᠣᠯᠪᠣᠭᠠᠨ ᠤ᠋ ᠶᠣᠰᠣ ᠤᠴᠢᠷ ᠲᠤ᠌ ᠬᠠᠪᠤᠲᠠᠢᠬᠠᠨ ᠭᠦᠨ ᠨᠠᠷᠢᠨ ᠲᠤᠩᠭᠠᠯᠲᠠ ᠬᠢᠭᠰᠡᠨ ᠦ᠌ ᠤᠯᠠᠮ ᠠ᠋ᠴᠠ ᠳᠦᠷᠢ ᠲᠥᠷᠬᠦ᠂ ᠦᠢᠯᠡ ᠶᠠᠪᠤᠳᠠᠯ᠂ ᠦᠭᠡ ᠶᠠᠷᠢᠶ᠎ᠠ᠂ ᠣᠶᠤᠨᠯᠢᠭ ᠤᠬᠠᠮᠰᠠᠷ ᠤ᠋ᠨ ᠥᠭᠦᠯᠡᠮᠵᠢ ᠵᠡᠷᠭᠡ ᠨᠢ ᠠᠮᠢᠯᠠᠨ ᠲᠣᠳᠣᠷᠠᠵᠠᠢ᠃ ᠪᠣᠷᠣᠭᠵᠢᠭᠤᠨ ᠣᠨᠣᠪᠴᠢᠯᠢᠭ᠋ ᠴᠡᠪᠡᠷ ᠴᠠᠭᠠᠨ ᠬᠡᠯᠡᠯᠭᠡ ᠲᠡᠢ ᠡᠨᠡ ᠨᠣᠮᠠ᠋ᠴᠠ ᠮᠣᠩᠭᠣᠯ ᠣᠷᠣᠨ ᠤ᠋ ᠠᠮᠢᠳᠤᠷᠠᠯ ᠤ᠋ᠨ ᠠᠮᠢᠳᠤ ᠵᠢᠷᠤᠭ ᠤ᠋ᠳ ᠮᠢᠷᠠᠯᠵᠠᠨ ᠬᠥᠳᠡᠯᠦᠨ᠎ᠡ᠂ ᠠᠷᠠᠳ ᠤ᠋ᠨ ᠭᠦᠨ ᠤᠬᠠᠭᠠᠨ ᠤ᠋ ᠭᠡᠷᠡᠯ ᠰᠠᠴᠤᠷᠠᠨ ᠭᠢᠯᠠᠰᠤᠨᠠ᠂ ᠠᠮᠢᠳᠤᠷᠠᠯ ᠬᠠᠢᠷ᠎ᠠ ᠶ᠋ᠢᠨ ᠭᠠᠯ ᠢᠯᠴᠢ ᠨᠢᠯᠴᠢᠭᠢᠨᠡᠨ ᠨᠥᠯᠥᠭᠡᠯᠡᠨ᠎ᠡ᠃ ᠡᠨᠡᠷᠢᠯ ᠡᠯᠪᠡᠷᠢᠯ ᠪᠠᠶᠠᠷ ᠭᠤᠨᠢᠭ ᠡᠷᠢᠶᠡᠯᠵᠡᠨ ᠠᠯᠠᠭᠯᠠᠭᠰᠠᠨ ᠵᠢᠷᠭᠠᠯ ᠵᠣᠪᠠᠯᠠᠩᠲᠤ ᠬᠥᠮᠦᠨ ᠦ᠌ ᠶᠢᠷᠲᠢᠨᠴᠦ ᠶ᠋ᠢᠨ ᠣᠷᠣᠰᠢᠯ ᠦᠷᠭᠦᠯᠵᠢᠯᠡᠯ ᠢ᠋ ᠰᠠᠢᠨ ᠮᠠᠭᠤ᠂ ᠰᠠᠢᠬᠠᠨ ᠮᠠᠭᠤᠬᠠᠢ ᠶ᠋ᠢᠨ ᠬᠢᠨᠢ ᠲᠡᠩᠴᠡᠳᠬᠡᠯ ᠢ᠋ᠶ᠋ᠡᠷ ᠦᠵᠡᠭᠦᠯᠦᠭᠰᠡᠨ ᠨᠢ ᠤᠳᠬ᠎ᠠ ᠪᠠᠨ ᠤᠯᠠᠮ ᠭᠦᠨᠵᠡᠭᠡᠢᠷᠡᠭᠦᠯᠵᠡᠢ᠃ ᠲᠤᠰ ᠲᠡᠭᠦᠪᠦᠷᠢ ᠳ᠋ᠦ᠍ ᠣᠷᠣᠭᠰᠠᠨ ᠤᠷᠲᠤ ᠲᠣᠭᠣᠵᠢ᠂ ᠪᠣᠭᠣᠨᠢ ᠨᠠᠢᠷᠠᠭᠤᠯᠤᠯ᠂ ᠴᠢᠯᠥᠭᠡᠲᠦ ᠪᠢᠴᠢᠯᠭᠡ ᠵᠡᠷᠭᠡ ᠵᠣᠬᠢᠶᠠᠯ ᠳ᠋ᠤ᠌ ᠣᠯᠠᠩᠬᠢ ᠨᠢ ᠪᠦᠷ ᠵᠣᠬᠢᠶᠠᠭᠴᠢ ᠶ᠋ᠢᠨ ᠪᠠᠭ᠎ᠠ ᠨᠠᠰᠤᠨ ᠤ᠋ ᠠᠮᠢᠳᠤᠷᠠᠯ ᠤ᠋ᠨ ᠳᠤᠷᠠᠰᠤᠮᠵᠢ ᠪᠤᠶᠤ ᠲᠡᠭᠦᠨ ᠡᠴᠡ ᠦᠨᠳᠦᠰᠦᠯᠡᠨ ᠥᠷᠨᠢᠵᠦ ᠦᠷᠭᠦᠯᠵᠢᠯᠡᠭᠰᠡᠨ ᠮᠣᠩᠭᠣᠯ ᠠᠮᠢᠳᠤᠷᠠᠯ ᠤ᠋ᠨ ᠦᠯᠢᠭᠡᠷ᠂ ᠦᠢᠯᠡ ᠶᠠᠪᠤᠳᠠᠯ᠂ ᠪᠣᠳᠣᠯ ᠲᠥᠷᠥᠭᠳᠡᠯ᠂ ᠤᠬᠠᠭᠠᠷᠠᠯ ᠰᠡᠬᠡᠭᠡᠷᠡᠯ᠂ ᠤᠶᠠᠩᠭᠠᠯᠠᠯ ᠴᠠᠭᠠᠳᠬᠠᠯ ᠶᠤᠮ᠃ ᠤᠶᠣᠨᠬᠡᠷᠡᠯ ᠦ᠋ᠨ ᠵᠣᠬᠢᠶᠠᠯ ᠤ᠋ᠨ ᠢᠯᠡᠷᠡᠭᠦᠯᠦᠯ ᠳ᠋ᠦ᠍ ᠣᠯᠠᠨ ᠠ᠋ᠴᠠ ᠣᠨᠴᠠᠯᠠᠭᠳᠠᠬᠤ ᠨᠢᠭᠡᠨ ᠢᠯᠡ ᠲᠣᠳᠣ ᠢᠮ ᠲᠡᠮᠳᠡᠭ ᠨᠢ ᠥᠪᠡᠷ ᠦ᠋ᠨ ᠤᠷᠲᠤ ᠤᠳᠠᠭᠠᠨ ᠠᠮᠢᠳᠤᠷᠠᠯ ᠠᠶᠠᠯᠠᠯ ᠤ᠋ᠨ ᠪᠠᠶᠠᠷ ᠵᠢᠷᠭᠠᠯ᠂ ᠵᠣᠪᠠᠯᠠᠩ ᠵᠦᠳᠡᠭᠦᠷᠢ ᠵᠢᠴᠢ ᠲᠡᠭᠦᠨ ᠢ᠋ᠶ᠋ᠡᠨ ᠬᠤᠷᠢᠶᠠᠩᠭᠤᠢᠯᠠᠨ ᠲᠤᠩᠭᠠᠵᠤ ᠤᠬᠠᠮᠰᠠᠷᠯᠠᠭᠰᠠᠨ ᠮᠠᠰᠢ ᠭᠦᠨ ᠤᠬᠠᠭᠠᠨ ᠪᠣᠳᠣᠯ ᠤ᠋ᠨ ᠤᠷᠠᠨ ᠬᠡᠯᠪᠡᠷᠢ᠂ ᠣᠯᠠᠨ ᠬᠠᠷᠠᠭᠠᠰᠤ ᠶ᠋ᠢᠨ ᠦᠵᠡᠭᠦᠯᠦᠯ ᠳ᠋ᠡᠭᠡᠨ ᠪᠣᠢ᠃ ᠡᠨᠡ ᠨᠢ ᠤᠩᠰᠢᠭᠴᠢ ᠶ᠋ᠢᠨ ᠤᠭᠲᠤᠵᠤ ᠠᠪᠬᠤ ᠮᠡᠳᠡᠷᠡᠮᠵᠢ ᠶ᠋ᠢᠨ ᠳᠣᠯᠭᠢᠶᠠᠨ ᠬᠤᠷᠢᠶᠠᠭᠴᠢ ᠲᠠᠢ ᠠᠭᠤᠯᠵᠠᠵᠤ ᠪᠠᠢᠭᠠᠠ᠋ᠴᠠ ᠰᠠᠭᠤᠭᠳᠠᠯ ᠰᠠᠢᠲᠠᠢ ᠪᠠᠢᠨ᠎ᠠ᠃ ᠲᠡᠭᠦᠪᠦᠷᠢ ᠳ᠋ᠡᠭᠡᠨ ᠪᠠᠭ᠎ᠠ ᠪᠠᠯᠴᠢᠷ ᠨᠠᠰᠤᠨ ᠠ᠋ᠴᠠ ᠪᠠᠨ ᠠᠪᠤᠭᠠᠳ ᠣᠳᠣ ᠬᠦᠷᠲᠡᠯᠡᠬᠢ ᠪᠦᠬᠦ ᠶᠠᠪᠤᠴᠠ ᠶ᠋ᠢ ᠪᠠᠭᠲᠠᠭᠠᠭᠰᠠᠨ᠂ ᠦᠵᠡᠭᠳᠡᠬᠦ ᠪᠠ ᠦᠯᠦ ᠦᠵᠡᠭᠳᠡᠬᠦ ᠳᠠᠯᠳᠠ ᠶᠢᠷᠲᠢᠨᠴᠦ ᠶ᠋ᠢᠨ ᠨᠠᠨᠳᠢᠨ ᠨᠢᠭᠤᠴᠠ《ᠥᠪᠡᠷ ᠪᠢ》 ᠶ᠋ᠢᠨ ᠬᠡᠯᠪᠡᠷᠢ ᠲᠡᠢ ᠪᠡᠨ ᠨᠢᠭᠲᠠ ᠤᠶᠠᠯᠳᠤᠭᠤᠯᠤᠨ ᠢᠯᠡᠳᠬᠡᠭᠰᠡᠨ ᠪᠠᠢᠨ᠎ᠠ᠃ ᠡᠨᠡ ᠨᠢ ᠤᠩᠰᠢᠭᠴᠢ ᠳ᠋ᠤ᠌ ᠭᠤᠸ᠎ᠠ ᠰᠠᠢᠬᠠᠨ ᠬᠠᠨᠳᠢᠪᠯᠠᠵᠤ ᠤᠬᠠᠮᠰᠠᠷᠯᠠᠯ ᠤ᠋ᠨ ᠳᠡᠮᠵᠢᠯᠭᠡ ᠦᠵᠡᠭᠦᠯᠵᠦ ᠪᠠᠢᠬᠤᠠ᠋ᠴᠠ ᠭᠠᠳᠠᠨ᠎ᠠ ᠵᠣᠬᠢᠶᠠᠭᠴᠢ ᠪᠠ ᠵᠣᠬᠢᠶᠠᠯ ᠭᠡᠳᠡᠭ ᠠᠮᠢᠳᠤᠷᠠᠯ ᠤ᠋ᠨ ᠳᠠᠬᠢᠨ ᠢᠯᠡᠷᠡᠭᠦᠯᠦᠯᠲᠡ ᠪᠡᠷ《ᠬᠥᠮᠦᠨ ᠰᠤᠳᠤᠯᠤᠯ》 ᠳ᠋ᠤ᠌ ᠨᠡᠯᠢᠶᠡᠳ ᠦᠨ᠎ᠡ ᠥᠷᠲᠡᠭ ᠲᠡᠢ ᠵᠦᠢᠯ ᠢ᠋ ᠬᠠᠩᠭᠠᠵᠠᠢ᠃ ᠡᠨᠡ ᠨᠢ ᠲᠡᠭᠦᠨ ᠦ᠌ ᠨᠠᠢᠷᠠᠭᠤᠯᠤᠯ ᠳ᠋ᠤ᠌ ᠲᠡᠳᠦᠢ ᠦᠭᠡᠢ᠂ ᠥᠭᠦᠯᠡᠯᠭᠡ ᠳ᠋ᠦ᠍ᠨᠢ ᠬᠦᠷᠲᠡᠯ᠎ᠡ ᠪᠦᠷ ᠨᠢᠭᠡᠳᠦᠭᠡᠷ ᠪᠡᠶ᠎ᠡ ᠪᠡᠷ᠂ ᠴᠢᠨᠠᠭᠰᠢᠯᠠᠪᠠᠯ ᠪᠦᠷ《ᠣ ᠪᠠᠭᠰᠢ》 ᠭᠡᠬᠦ ᠮᠡᠲᠦ ᠪᠡᠷ ᠳᠤᠷᠠᠰᠤᠮᠵᠢᠯᠠᠭᠰᠠᠨ ᠪᠤᠶᠤ ᠪᠠᠷᠢᠮᠲᠠᠲᠤ ᠮᠠᠶᠢᠭ ᠤ᠋ᠨ ᠵᠦᠢᠯ ᠦ᠋ᠳ ᠢ᠋ᠶ᠋ᠡᠷ ᠢᠯᠡᠳᠬᠡᠵᠦ ᠪᠠᠢᠭ᠎ᠠ ᠨᠢ ᠵᠣᠬᠢᠶᠠᠯ ᠤ᠋ᠨ ᠢᠲᠡᠭᠡᠭᠦᠯᠵᠦ ᠨᠥᠯᠥᠭᠡᠯᠡᠬᠦ ᠬᠦᠴᠦᠨ ᠢ᠋ ᠤᠯᠠᠮ ᠨᠡᠮᠡᠭᠳᠡᠭᠦᠯᠵᠡᠢ᠃ ᠨᠣᠮ ᠤ᠋ᠨ ᠷᠣᠮᠠᠨ ᠥᠭᠦᠯᠡᠯᠭᠡ ᠶ᠋ᠢ ᠶᠡᠷᠦᠩᠬᠡᠢ ᠳ᠋ᠦ᠍ᠨᠢ ᠰᠢᠨᠵᠢᠬᠦ ᠳ᠋ᠦ᠍᠂ ᠨᠢᠭᠡ ᠭᠠᠵᠠᠷ ᠣᠷᠣᠨ ᠤ᠋ ᠬᠡᠪᠴᠢᠶᠡᠨ ᠦ᠌ ᠨᠢᠭᠡ ᠠᠮᠢᠳᠤᠷᠠᠯ ᠤ᠋ᠨ ᠲᠣᠭᠣᠷᠢᠭ ᠲᠤ᠌ ᠪᠣᠯᠤᠭᠰᠠᠨ ᠭᠣᠣᠯᠯᠠᠭᠴᠢ ᠨᠢᠭᠡ ᠬᠥᠮᠦᠨ ᠦ᠌ ᠵᠣᠬᠢᠶᠠᠮᠠᠯ ᠪᠤᠰᠤ ᠠᠮᠢᠳᠤᠷᠠᠯ ᠠᠵᠢᠯᠯᠠᠭ᠎ᠠ ᠶ᠋ᠢᠨ ᠦᠵᠡᠭᠳᠡᠯ ᠦ᠋ᠳ ᠭᠡᠮᠡᠷ ᠪᠠᠢᠨ᠎ᠠ᠃ ᠬᠡᠳᠦᠢᠪᠡᠷ ᠵᠣᠬᠢᠶᠠᠯ ᠤ᠋ᠨ ᠪᠠᠭᠠᠲᠤᠷ ᠤ᠋ᠨ ᠨᠡᠷ᠎ᠡ ᠣᠨᠳᠣᠣ᠂ ᠦᠢᠯᠡ ᠠᠵᠢᠯᠯᠠᠭ᠎ᠠ ᠠᠰᠲᠠᠭᠠᠨ᠂ ᠵᠠᠷᠢᠮ ᠭᠠᠳᠠᠭᠠᠳᠤ ᠳᠦᠷᠢ ᠪᠠᠯᠠᠷᠬᠠᠢ ᠪᠣᠯᠪᠠᠴᠤ ᠥᠭᠦᠯᠡᠯᠭᠡ ᠶ᠋ᠢᠨ ᠵᠣᠬᠢᠶᠠᠯ ᠤ᠋ᠳ ᠨᠢ ᠨᠥᠭᠦᠭᠡ ᠷᠣᠮᠠᠨ ᠲᠠᠢ ᠪᠠᠨ ᠮᠢᠬ᠎ᠠ ᠴᠢᠰᠤᠨ ᠤ᠋ ᠠᠮᠢᠨ ᠬᠣᠯᠪᠣᠭ᠎ᠠ ᠲᠠᠢ ᠪᠠᠢᠭ᠎ᠠ ᠨᠢ ᠮᠡᠳᠡᠷᠡᠭᠳᠡᠨ᠎ᠡ᠃ ᠡᠭᠦᠨ ᠡᠴᠡ ᠭᠠᠳᠠᠨ᠎ᠠ ᠪᠠᠢᠭᠠᠯᠢ ᠶ᠋ᠢᠨ ᠰᠣᠨᠢᠨ ᠬᠠᠴᠢᠨ ᠦᠵᠡᠭᠳᠡᠯ᠂ ᠵᠡᠭᠦᠳᠦ ᠵᠦᠩ ᠢ᠋ ᠴᠦ᠍ ᠳᠣᠪᠣᠢᠯᠭᠠᠨ ᠲᠤᠰᠬᠠᠵᠤ᠂ ᠲᠡᠭᠦᠨ ᠳ᠋ᠡᠭᠡᠨ ᠨᠠᠷᠢᠪᠴᠢᠯᠠᠯ ᠪᠠ ᠪᠦᠳᠦᠭᠦᠪᠴᠢᠯᠡᠯ ᠬᠢᠭᠰᠡᠨ ᠨᠢ ᠰᠣᠨᠢᠷᠬᠠᠮᠵᠢ ᠶ᠋ᠢᠨ ᠦᠨ᠎ᠡ ᠴᠠᠨ᠎ᠠ ᠲᠠᠢ ᠪᠠᠷ ᠪᠠᠷᠠᠬᠤ ᠦᠭᠡᠢ᠂ ᠴᠢᠨᠠᠳᠤ ᠶ᠋ᠢᠨ ᠤᠬᠠᠭᠠᠨ ᠤ᠋ ᠰᠢᠨᠵᠢᠲᠡᠢ ᠪᠠᠢᠨ᠎ᠠ᠃ ᠢᠯᠠᠩᠭᠤᠶ᠎ᠠ《ᠰᠦᠨᠡᠰᠦᠨ ᠦ᠌ ᠨᠢᠳᠦ》 ᠭᠡᠬᠦ ᠮᠡᠲᠦ ᠵᠣᠬᠢᠶᠠᠯ ᠤ᠋ᠳ ᠤ᠋ᠨ ᠬᠥᠮᠦᠨ ᠳ᠋ᠦ᠍ ᠶᠡᠷᠦ ᠪᠤᠰᠤ ᠶ᠋ᠢᠨ ᠲᠥᠷᠥᠭᠳᠡᠯ ᠥᠭᠴᠦ ᠪᠠᠢᠬᠤ ᠪᠠᠷ ᠢ᠋ᠶ᠋ᠠᠨ᠂ ᠶᠧᠯᠸᠢᠴᠢ ᠠᠬᠤᠢᠴᠢ ᠦᠵᠡᠯ ᠦ᠋ᠨ ᠪᠢᠴᠢᠯᠭᠡ ᠶ᠋ᠢᠨ ᠠᠷᠭ᠎ᠠ ᠪᠠᠷ ᠪᠢᠴᠢᠭᠰᠡᠨ ᠴᠦ᠍ ᠶᠦᠮ ᠤᠤ ᠭᠡᠮᠡᠷ ᠪᠠᠢᠨ᠎ᠠ᠃ ᠤᠯᠠᠮᠵᠢᠯᠠᠯᠲᠤ ᠮᠣᠩᠭᠣᠯ ᠠᠮᠢᠳᠤᠷᠠᠯ ᠢ᠋ ᠥᠩᠭᠡ ᠳᠦᠷᠰᠦ ᠬᠣᠪᠢᠷᠠᠭᠤᠯᠤᠯ ᠦᠭᠡᠢ᠂ ᠦᠨᠦᠷ ᠠᠮᠲᠠ ᠠᠯᠳᠠᠭᠤᠯᠤᠯ ᠦᠭᠡᠢ᠂ ᠦᠨ᠎ᠡ ᠬᠠᠩᠰᠢ ᠪᠠᠭᠤᠷᠠᠭᠤᠯᠤᠯ ᠦᠭᠡᠢ᠂ ᠴᠣᠯ ᠴᠡᠪᠡᠷ ᠮᠣᠩᠭᠣᠯ ᠦᠭᠡ ᠪᠡᠷ ᠦᠵᠡᠭᠦᠯᠵᠦ ᠴᠢᠳᠠᠭᠰᠠᠨ ᠳ᠋ᠠᠭᠠᠨ ᠡᠨᠡ ᠨᠣᠮ ᠰᠠᠢᠬᠠᠨ ᠪᠠᠢᠨ᠎ᠠ᠃ ᠥᠴᠦᠬᠡᠨ ᠥᠨᠴᠥᠭ ᠢ᠋ ᠨᠢ ᠴᠤᠬᠤᠢᠯᠭᠠᠭᠰᠠᠨ ᠴᠤ᠌ ᠪᠣᠯᠪᠠ᠂ ᠦᠵᠦᠮᠦᠴᠢᠨ ᠲᠠᠮᠠᠭ᠎ᠠ ᠲᠠᠢ ᠦᠨᠡᠨ ᠠᠮᠢᠳᠤᠷᠠᠯ ᠤ᠋ᠨ ᠥᠭᠡᠳᠡᠰᠦ ᠲᠡᠮᠳᠡᠭᠯᠡᠯ ᠪᠣᠯᠬᠣᠷ ᠬᠣᠵᠢᠮ ᠤ᠋ᠨ ᠬᠥᠮᠦᠰ ᠡᠭᠦᠨ ᠢ᠋ᠶ᠋ᠡᠷ《ᠲᠡᠷᠡ ᠦᠶ᠎ᠡ ᠳ᠋ᠦ᠍ ᠦᠨᠡᠬᠡᠷ ᠶᠠᠭ ᠯᠠ ᠲᠡᠢᠮᠦ ᠪᠠᠢᠭᠰᠠᠨ ᠶᠤᠮ ᠭᠡᠨ᠎ᠡ ᠪᠢᠯᠡ》 ᠭᠡᠰᠡᠨ ᠰᠢᠭ ᠵᠥᠪ ᠲᠥᠪ ᠰᠤᠷᠠᠭ ᠵᠠᠩᠭᠢ ᠶ᠋ᠢᠨ ᠰᠤᠷᠪᠤᠯᠵᠢ ᠪᠣᠯᠭᠠᠵᠤ ᠪᠣᠯᠤᠨ᠎ᠠ᠃
ᠨᠣᠮᠲᠤ ᠬᠠᠨ᠎ᠠ ᠶ᠋ᠢᠨ ᠡᠩᠭᠡᠷ ᠲᠦ᠍
2014᠂12᠂26
ᠦᠰᠦᠭ ᠠᠮᠢᠯᠠᠭᠤᠯᠤᠭᠴᠢ᠄ ᠤᠷᠠᠨᠴᠢᠮᠡᠭ᠂ ᠮᠥᠩᠭᠥᠨ᠂ ᠡᠷᠳᠡᠨᠢᠭᠤᠸ᠎ᠠ᠂ ᠡᠭᠦᠯᠡᠩᠬᠤᠸᠠᠷ᠂
ᠪᠠᠶᠠᠨᠴᠡᠴᠡᠭ ᠨᠠᠷᠠᠨᠲᠤᠶᠠᠭ᠎ᠠ᠂ ᠠᠯᠲᠠᠨᠴᠡᠴᠡᠭ᠂ ᠤᠯᠠᠭᠠᠨᠴᠡᠴᠡᠭ
ᠬᠢᠨᠠᠭᠴᠢ ᠪᠠᠭᠰᠢ᠄ ᠣᠳᠬᠠᠨᠰᠣ᠎ᠠ᠂ ᠭᠠᠷᠮ᠎ᠠ᠂ ᠤᠷᠠᠨᠴᠢᠮᠡᠭ᠂ ᠪᠠᠯ᠂ ᠰᠡᠬᠡᠭᠡᠷᠡᠯ
