ᠴᠡᠴᠡᠭ ᠲᠦ᠍ ᠲᠥᠭᠡᠷᠢᠭᠰᠡᠨ ᠡᠷᠪᠡᠬᠡᠢ- ᠯ· ᠴᠢᠯᠠᠭᠤᠨᠪᠠᠭᠠᠲᠤᠷЦэцэгт төөрсөн эрвээхий-Л·Чулуунбаатар
ᠴᠡᠴᠡᠭ ᠲᠦ᠍ ᠲᠥᠭᠡᠷᠢᠭᠰᠡᠨ ᠡᠷᠪᠡᠬᠡᠢ
ᠦᠭᠡ᠄ ᠨ· ᠫᠦᠷᠪᠦ
ᠠᠶ᠎ᠠ᠄ ᠯ· ᠭᠠᠯᠮᠠᠨᠳᠤᠬᠤ
ᠳᠠᠭᠤᠴᠢᠨ᠄ ᠯ· ᠴᠢᠯᠠᠭᠤᠨᠪᠠᠭᠠᠲᠤᠷ
ᠡᠮᠨᠢᠭ ᠵᠠᠯᠠᠭᠤ ᠨᠠᠰᠤᠨ ᠳ᠋ᠤ᠌ ᠮᠢᠨᠢ
ᠡᠭᠡᠰᠢᠭ ᠪᠣᠯᠤᠨ ᠤᠴᠠᠷᠠᠴᠢᠬᠠᠭᠠᠳ
ᠡᠮᠵᠢᠭ ᠠᠷᠢᠭᠤᠨ ᠰᠡᠳᠬᠢᠯ ᠢ᠋ ᠮᠢᠨᠢ
ᠡᠷᠬᠡᠯᠡᠭᠦᠯᠵᠦ ᠨᠢᠯᠬᠠᠷᠠᠭᠤᠯᠵᠤ ᠤᠶᠠᠷᠠᠭᠤᠯᠴᠢᠬᠠᠭᠠᠳ
ᠴᠡᠴᠡᠭ ᠲᠦ᠍ ᠲᠥᠭᠡᠷᠢᠭᠰᠡᠨ ᠡᠷᠪᠡᠬᠡᠢ ᠰᠢᠭ
ᠴᠢ ᠮᠢᠨᠢ ᠬᠠᠮᠢᠭᠠᠰᠢ ᠪᠠᠨ ᠣᠳᠪᠠ ᠳᠠ
ᠴᠡᠴᠡᠭ ᠲᠦ᠍ ᠲᠥᠭᠡᠷᠢᠭᠰᠡᠨ ᠡᠷᠪᠡᠬᠡᠢ ᠰᠢᠭ
ᠴᠢ ᠮᠢᠨᠢ ᠬᠠᠮᠢᠭᠠᠰᠢ ᠪᠠᠨ ᠣᠳᠪᠠ ᠳᠠ
ᠲᠡᠷᠡ ᠯᠠ ᠨᠠᠮᠤᠷ ᠢ᠋ ᠡᠷᠭᠢᠨ ᠳᠤᠷᠠᠰᠬᠤ ᠳ᠋ᠤ᠌
ᠲᠡᠷᠭᠡᠯ ᠰᠠᠷ᠎ᠠ ᠰᠢᠭ ᠳᠤᠷᠠᠰᠤᠮᠵᠢ ᠭᠡᠢᠭᠡᠳ
ᠲᠩᠷᠢ ᠶ᠋ᠢᠨ ᠣᠳᠣ ᠰᠢᠭ᠋ ᠭᠡᠷᠡᠯᠲᠦ ᠭᠱᠠᠨ
ᠲᠦᠳᠡᠭ ᠦ᠋ᠨ ᠣᠴᠢ ᠰᠢᠭ᠋ ᠪᠣᠳᠣᠯ ᠡᠭᠡᠭᠡᠭᠡᠳ
ᠵᠡᠷᠭᠡᠯᠭᠡᠨ ᠳ᠋ᠦ᠍ ᠲᠥᠭᠡᠷᠢᠭᠰᠡᠨ ᠢᠨᠵᠠᠭ᠎ᠠ ᠰᠢᠭ᠋
ᠴᠢ ᠮᠢᠨᠢ ᠶᠠᠭᠤᠨ ᠳ᠋ᠤ᠌ ᠪᠠᠨ ᠴᠠᠬᠢᠯᠪᠠ ᠳᠠ
ᠵᠡᠷᠭᠡᠯᠭᠡᠨ ᠳ᠋ᠦ᠍ ᠲᠥᠭᠡᠷᠢᠭᠰᠡᠨ ᠢᠨᠵᠠᠭ᠎ᠠ ᠰᠢᠭ᠋
ᠴᠢ ᠮᠢᠨᠢ ᠶᠠᠭᠤᠨ ᠳ᠋ᠤ᠌ ᠪᠠᠨ ᠴᠠᠬᠢᠯᠪᠠ ᠳᠠ
ᠮᠠᠷᠲᠠᠶ᠎ᠠ ᠭᠡᠳ ᠪᠣᠳᠣᠯ᠎ᠠ ᠴᠢᠭ
ᠮᠠᠷᠠᠯ ᠵᠡᠭᠦᠳᠦᠨ ᠳ᠋ᠦ᠍ ᠲᠣᠷᠮᠣᠯᠵᠠᠨᠠ
ᠮᠠᠨᠠᠨᠲᠤ ᠬᠠᠭᠠᠴᠠᠯ ᠳ᠋ᠤ᠌ ᠲᠡᠰᠦᠯ᠎ᠡ ᠴᠢᠭ
ᠮᠡᠴᠢᠳ ᠬᠦᠰᠡᠯ ᠡᠷᠡᠮᠡᠯᠵᠡᠨ᠎ᠡ
ᠵᠣᠪᠠᠯᠠᠩ ᠳ᠋ᠤ᠌ ᠲᠥᠭᠡᠷᠢᠭᠰᠡᠨ ᠵᠢᠷᠭᠠᠯ ᠰᠢᠭ᠋
ᠴᠢ ᠮᠢᠨᠢ ᠶᠠᠭᠠᠬᠢᠭᠠᠳ ᠬᠤᠯᠵᠢᠪᠠ ᠳᠠ
ᠵᠣᠪᠠᠯᠠᠩ ᠳ᠋ᠤ᠌ ᠲᠥᠭᠡᠷᠢᠭᠰᠡᠨ ᠵᠢᠷᠭᠠᠯ ᠰᠢᠭ᠋
ᠴᠢ ᠮᠢᠨᠢ ᠶᠠᠭᠠᠬᠢᠭᠠᠳ ᠬᠤᠯᠵᠢᠪᠠ ᠳᠠ
ᠵᠣᠪᠠᠯᠠᠩ ᠳ᠋ᠤ᠌ ᠲᠥᠭᠡᠷᠢᠭᠰᠡᠨ ᠵᠢᠷᠭᠠᠯ ᠰᠢᠭ᠋
ᠴᠢ ᠮᠢᠨᠢ ᠶᠠᠭᠠᠬᠢᠭᠠᠳ ᠬᠤᠯᠵᠢᠪᠠ ᠳᠠ
ᠴᠢ ᠮᠢᠨᠢ ᠶᠠᠭᠠᠬᠢᠭᠠᠳ ᠬᠤᠯᠵᠢᠪᠠ ᠳᠠ
ᠦᠰᠦᠭ ᠠᠮᠢᠯᠠᠭᠤᠯᠤᠭᠴᠢ᠄ ᠬᠠᠨ ᠱᠢ ᠵᠢᠶᠦ᠋ᠨ
ᠦᠰᠦᠭ ᠬᠠᠲᠠᠭᠴᠢ᠄ ᠬᠠᠨ ᠱᠢ ᠵᠢᠶᠦ᠋ᠨ
ᠬᠢᠨᠠᠭᠴᠢ᠄ ᠣᠳᠬᠠᠨᠰᠣ᠎ᠠ
