ᠡᠵᠡᠨ ᠪᠣᠭᠳᠠ ᠴᠢᠩᠭᠢᠰ ᠬᠠᠭᠠᠨ ᠤ ᠮᠢᠨᠢ ᠢᠷᠥᠭᠡᠯЭзэн богд Чингис хааны минь ерөөл
ᠡᠵᠡᠨ ᠪᠣᠭᠳᠠ ᠴᠢᠩᠭᠢᠰ ᠬᠠᠭᠠᠨ ᠤ ᠮᠢᠨᠢ ᠢᠷᠦᠭᠡᠯ
ᠡᠵᠡᠨ
ᠪᠣᠭᠳᠠ ᠴᠢᠩᠭᠢᠰ ᠬᠠᠭᠠᠨ ᠤ ᠮᠢᠨᠢ
ᠠᠯᠠᠭ
ᠮᠢᠬᠠᠨ ᠤ ᠲᠠᠰᠤᠷᠬᠠᠢ
ᠠᠯᠲᠠᠨ
ᠶᠠᠰᠤᠨ ᠤ ᠬᠡᠯᠲᠡᠷᠬᠡᠢ ᠪᠣᠯᠤᠭᠰᠠᠨ
ᠮᠣᠩᠭᠣᠯ
ᠲᠦᠮᠡᠨ ᠲᠠ ᠪᠦᠬᠦᠨ ᠮᠢᠨᠢ ᠄
ᠤᠨᠤᠬᠤ
ᠤᠨᠤᠭ᠎ᠠ ᠲᠠᠢ
ᠠᠭᠤᠯᠵᠠᠬᠤ
ᠨᠥᠬᠥᠳ ᠲᠡᠢ
ᠳᠠᠩᠬᠤᠨ
ᠳ᠋ᠤ᠌ ᠪᠠᠨ ᠴᠠᠢ ᠲᠠᠢ
ᠳᠠᠩᠰᠠᠨ
ᠳ᠋ᠤ᠌ ᠪᠠᠨ ᠮᠥᠩᠭᠥ ᠲᠡᠢ
ᠲᠣᠭᠣᠭᠠᠨ
ᠳ᠋ᠤ᠌ ᠪᠠᠨ ᠬᠣᠭᠣᠯᠠ ᠲᠠᠢ
ᠲᠣᠯᠣᠭᠠᠢ
ᠳ᠋ᠤ᠌ ᠪᠡᠨ ᠪᠣᠳᠣᠯ ᠲᠠᠢ
ᠰᠠᠶ᠋ᠢᠬᠠᠨ
ᠠᠮᠢᠳᠤᠷᠠᠵᠤ
ᠭᠠᠯ
ᠪᠠᠳᠮᠠᠯᠠᠭᠰᠠᠨ ᠲᠤᠯᠭ᠎ᠠ ᠪᠡᠨ
ᠠᠯᠲᠠ
ᠪᠠᠷ ᠪᠦᠷᠢᠬᠦ ᠪᠣᠯᠲᠤᠭᠠᠢ !
ᠭᠠᠭᠴᠠᠬᠠᠨ
ᠣᠯᠳᠠᠬᠤ ᠠᠮᠢᠳᠤᠷᠠᠯ ᠳᠤ ᠪᠠᠨ
ᠡᠷᠡᠭᠦᠯ
ᠡᠩᠬᠡ᠂ ᠡᠯᠢᠭᠡ ᠪᠦᠲᠦᠨ᠂ ᠡᠯᠪᠡᠭ ᠳᠡᠯᠪᠡᠭ
ᠲᠡᠭᠷᠢ
ᠰᠢᠭ᠌ ᠠᠭᠤᠵᠢᠮ ᠰᠡᠳᠬᠢᠯ ᠲᠡᠢ
ᠲᠠᠩᠭᠢᠰ
ᠰᠢᠭ᠋ ᠭᠦᠨ ᠲᠡᠪᠴᠢᠶᠡᠷᠢ ᠲᠡᠢ
ᠬᠠᠪᠤᠷ ᠤᠨ
ᠢᠷᠭᠤᠢ ᠰᠢᠭ᠋ ᠴᠡᠩᠬᠡᠷᠬᠡᠨ ᠳᠡᠯᠡᠬᠡᠢ ᠶ᠋ᠢᠨ
ᠲᠥᠪ
ᠠᠽᠢᠶ᠎ᠠ ᠶ᠋ᠢᠨ ᠴᠡᠭᠡᠵᠢᠨ ᠳ᠋ᠦ᠍ ᠣᠷᠣᠰᠢᠬᠤ
ᠮᠣᠩᠭᠣᠯ
ᠬᠡᠮᠡᠬᠦ ᠤᠯᠤᠰ ᠮᠢᠨᠢ
ᠦᠶ᠎ᠡ ᠶ᠋ᠢᠨ
ᠦᠶ᠎ᠡ ᠳ᠋ᠦ᠍ ᠂ ᠦᠷ᠎ᠡ ᠶ᠋ᠢᠨ ᠦᠷ᠎ᠡ ᠳ᠋ᠦ᠍
ᠮᠠᠨᠳᠤᠨ
ᠪᠠᠳᠠᠷᠠᠵᠤ ᠪᠠᠶ᠋ᠢᠬᠤ ᠪᠣᠯᠲᠤᠭᠠᠢ !
ᠬᠤᠷᠤᠢ ᠁
