ᠮᠣᠷᠢ ᠲᠠᠢ ᠢᠷᠡᠭᠡᠳᠦᠢ -ᠭᠦᠩᠵᠦ ᠬᠠᠮᠲᠤᠯᠢᠭ Moritoi ireedüi-Günj khamtlagМорьтой ирээдүй-Гүнж хамтлаг
ᠮᠣᠷᠢ ᠲᠠᠢ ᠢᠷᠡᠭᠡᠳᠦᠢ
ᠦᠭᠡ᠄ ᠤᠷᠠᠳ· ᠲᠣᠭᠲᠠᠬᠤ
ᠠᠶ᠎ᠠ᠄ ᠳᠦᠭᠡᠷ ᠦ᠋ᠨ ᠡᠷᠬᠢᠮ
ᠳᠠᠭᠤᠴᠢᠨ᠄ ᠭᠦᠩᠵᠦ ᠬᠠᠮᠲᠤᠯᠢᠭ
ᠢᠰᠡᠭᠡᠢ ᠴᠠᠭᠠᠨ ᠭᠡᠷ ᠦ᠋ᠨ ᠢ᠋ᠶ᠋ᠡᠨ
ᠬᠠᠨ᠎ᠠ ᠶ᠋ᠢ ᠲᠦᠰᠢᠵᠦ ᠬᠥᠯ ᠳ᠋ᠦ᠍ ᠣᠷᠣᠭᠰᠠᠨ
ᠡᠬᠡᠰᠢᠭ ᠳᠣᠯᠣᠭᠠᠨ ᠦᠰᠦᠭ ᠢ᠋ᠶ᠋ᠡᠨ
ᠡᠵᠢ ᠶ᠋ᠢᠨ ᠰᠦ ᠲᠡᠢ ᠪᠡᠨ ᠬᠦᠯᠬᠦᠭᠰᠡᠨ
ᠳᠣᠯᠣᠭᠠᠨ ᠪᠤᠷᠬᠠᠨ ᠳ᠋ᠤ᠌ ᠢᠪᠡᠭᠡᠭᠳᠡᠭᠰᠡᠨ
ᠳᠡᠪᠡᠯ ᠲᠡᠢ ᠪᠤᠭᠤᠷᠤᠯ ᠤ᠋ᠨ ᠬᠣᠢᠴᠢᠰ ᠪᠢᠳᠡᠨᠡᠷ
ᠮᠣᠷᠢ ᠲᠠᠢ ᠳᠡᠭᠡᠳᠦᠰ ᠦ᠋ᠨ ᠢ᠋ᠶ᠋ᠡᠨ ᠭᠡᠷᠢᠶᠡᠰ ᠢ᠋
ᠮᠣᠩᠭᠣᠯ ᠢ᠋ᠶ᠋ᠠᠷ ᠢ᠋ᠶ᠋ᠠᠨ ᠬᠠᠶᠢᠭᠯᠠᠵᠤ ᠶᠠᠪᠤᠨ᠎ᠠ
ᠵᠤᠲᠠᠭ ᠥᠨᠳᠥᠷ ᠡᠪᠦᠭᠡᠳ ᠦ᠋ᠨ ᠢ᠋ᠶ᠋ᠡᠨ
ᠦᠯᠢᠭᠡᠷ ᠢ᠋ ᠨᠢ ᠰᠣᠨᠣᠰᠴᠤ ᠤᠬᠠᠭᠠᠵᠢᠭᠰᠠᠨ
ᠵᠤᠯᠠᠢ ᠪᠦᠲᠦᠨ ᠳᠡᠯᠡᠬᠡᠢ ᠳ᠋ᠡᠭᠡᠨ
ᠬᠦᠢ ᠬᠣᠯᠪᠣᠭ᠎ᠠ ᠲᠠᠢ ᠲᠣᠷᠨᠢᠭᠰᠠᠨ
ᠳᠣᠯᠣᠭᠠᠨ ᠪᠤᠷᠬᠠᠨ ᠳ᠋ᠤ᠌ ᠢᠪᠡᠭᠡᠭᠳᠡᠭᠰᠡᠨ
ᠳᠡᠪᠡᠯ ᠲᠡᠢ ᠪᠤᠭᠤᠷᠤᠯ ᠤ᠋ᠨ ᠬᠣᠢᠴᠢᠰ ᠪᠢᠳᠡᠨᠡᠷ
ᠮᠣᠷᠢ ᠲᠠᠢ ᠳᠡᠭᠡᠳᠦᠰ ᠦ᠋ᠨ ᠢ᠋ᠶ᠋ᠡᠨ ᠭᠡᠷᠢᠶᠡᠰ ᠢ᠋
ᠮᠣᠩᠭᠣᠯ ᠢ᠋ᠶ᠋ᠠᠷ ᠢ᠋ᠶ᠋ᠠᠨ ᠬᠠᠶᠢᠭᠯᠠᠵᠤ ᠶᠠᠪᠤᠨ᠎ᠠ
ᠮᠣᠩᠭᠣᠯ ᠢ᠋ᠶ᠋ᠠᠷ ᠢ᠋ᠶ᠋ᠠᠨ ᠬᠠᠶᠢᠭᠯᠠᠵᠤ ᠶᠠᠪᠤᠨ᠎ᠠ
ᠴᠡᠯᠮᠡᠭ ᠬᠥᠬᠡ ᠲᠩᠷᠢ ᠶ᠋ᠢᠨ ᠢ᠋ᠶ᠋ᠡᠨ
ᠨᠠᠷᠠ ᠨᠢ ᠪᠣᠯᠤᠨ ᠭᠡᠷᠡᠯᠲᠦᠭᠰᠡᠨ
ᠴᠡᠴᠡᠨ ᠢᠷᠦᠭᠡᠯᠲᠦ ᠲᠦᠮᠡᠨ ᠦ᠌ ᠪᠡᠨ
ᠬᠦᠰᠡᠯ ᠢ᠋ ᠨᠢ ᠡᠪᠦᠷᠯᠡᠵᠦ ᠵᠠᠶᠠᠭᠠᠭᠰᠠᠨ
ᠳᠣᠯᠣᠭᠠᠨ ᠪᠤᠷᠬᠠᠨ ᠳ᠋ᠤ᠌ ᠢᠪᠡᠭᠡᠭᠳᠡᠭᠰᠡᠨ
ᠳᠡᠪᠡᠯ ᠲᠡᠢ ᠪᠤᠭᠤᠷᠤᠯ ᠤ᠋ᠨ ᠬᠣᠢᠴᠢᠰ ᠪᠢᠳᠡᠨᠡᠷ
ᠮᠣᠷᠢ ᠲᠠᠢ ᠳᠡᠭᠡᠳᠦᠰ ᠦ᠋ᠨ ᠢ᠋ᠶ᠋ᠡᠨ ᠭᠡᠷᠢᠶᠡᠰ ᠢ᠋
ᠮᠣᠩᠭᠣᠯ ᠢ᠋ᠶ᠋ᠠᠷ ᠢ᠋ᠶ᠋ᠠᠨ ᠬᠠᠶᠢᠭᠯᠠᠵᠤ ᠶᠠᠪᠤᠨ᠎ᠠ
ᠳᠣᠯᠣᠭᠠᠨ ᠪᠤᠷᠬᠠᠨ ᠳ᠋ᠤ᠌ ᠢᠪᠡᠭᠡᠭᠳᠡᠭᠰᠡᠨ
ᠳᠡᠪᠡᠯ ᠲᠡᠢ ᠪᠤᠭᠤᠷᠤᠯ ᠤ᠋ᠨ ᠬᠣᠢᠴᠢᠰ ᠪᠢᠳᠡᠨᠡᠷ
ᠮᠣᠷᠢ ᠲᠠᠢ ᠳᠡᠭᠡᠳᠦᠰ ᠦ᠋ᠨ ᠢ᠋ᠶ᠋ᠡᠨ ᠭᠡᠷᠢᠶᠡᠰ ᠢ᠋
ᠮᠣᠩᠭᠣᠯ ᠢ᠋ᠶ᠋ᠠᠷ ᠢ᠋ᠶ᠋ᠠᠨ ᠬᠠᠶᠢᠭᠯᠠᠵᠤ ᠶᠠᠪᠤᠨ᠎ᠠ
ᠮᠣᠩᠭᠣᠯ ᠢ᠋ᠶ᠋ᠠᠷ ᠢ᠋ᠶ᠋ᠠᠨ ᠬᠠᠶᠢᠭᠯᠠᠵᠤ ᠶᠠᠪᠤᠨ᠎ᠠ
ᠦᠰᠦᠭ ᠠᠮᠢᠯᠠᠭᠤᠯᠤᠭᠴᠢ᠄ ᠰᠣᠨᠢᠨᠪᠠᠶᠠᠷ
ᠦᠰᠦᠭ ᠬᠠᠳᠠᠭᠴᠢ᠄ ᠪᠠᠢ᠂ ᠰᠠᠷᠠᠨ᠎ᠠ
ᠬᠢᠨᠠᠭᠴᠢ᠄ ᠰᠣᠨᠢᠨᠪᠠᠶᠠᠷ
