ᠳᠠᠢᠴᠢᠩ ᠤᠯᠤᠰ ᠤᠨ ᠦᠶ᠎ᠡ ᠶᠢᠨ ᠮᠣᠩᠭᠣᠯ ᠤᠨ ᠲᠡᠦᠬᠡ-ᠨᠠᠮᠰᠠᠷᠠᠢ <ᠬᠣᠶᠠᠳᠤᠭᠠᠷ ᠪᠦᠯᠦᠭ> ᠨᠢᠭᠡ᠂ Дайчин улсын үеийн монголын түүх-Намсрай 2-1
ᠬᠣᠶᠠᠳᠤᠭᠠᠷ ᠪᠦᠯᠦᠭ ᠂ ᠪᠠᠷᠠᠭᠤᠨ ᠮᠣᠩᠭᠣᠯ(ᠣᠢᠷᠠᠳ) ᠪᠣᠯᠤᠨ ᠲᠡᠭᠦᠨ ᠦ᠌ ᠲᠡᠦᠬᠡᠲᠦ ᠬᠥᠳᠡᠯᠭᠡᠭᠡᠨ
ᠨᠢᠭᠡᠳᠦᠭᠡᠷ ᠬᠡᠰᠡᠭ - ᠣᠢᠷᠠᠳ ᠤ᠋ᠨ ᠴᠤᠭᠯᠠᠭᠠᠨ ᠵᠢᠴᠢ ᠲᠡᠭᠦᠨ ᠦ᠌ ᠪᠦᠷᠢᠯᠳᠦᠬᠦᠨ ᠳ᠋ᠡᠬᠢ ᠣᠯᠠᠨ ᠠᠢᠮᠠᠭ
12 ᠳ᠋ᠤᠭᠠᠷ ᠵᠠᠭᠤᠨ ᠤ᠋ ᠡᠴᠦᠰ ᠢ᠋ᠶ᠋ᠡᠷ ᠮᠣᠩᠭᠣᠯ ᠤ᠋ᠨ ᠥᠨᠳᠥᠷᠯᠢᠭ ᠦ᠋ᠨ ᠪᠠᠢᠭᠠᠯ᠂ ᠬᠥᠪᠰᠥᠭᠥᠯ᠂ ᠶᠧᠨᠢᠰᠡᠢ ᠭᠣᠣᠯ ᠤ᠋ᠨ ᠳᠡᠭᠡᠳᠦ ᠤᠷᠤᠰᠬᠠᠯ ᠪᠣᠯᠤᠨ ᠨᠠᠢ᠍ᠮᠠᠨ ᠭᠣᠣᠯ ᠤ᠋ᠨ ᠤᠷᠤᠰᠬᠠᠯ ᠳᠠᠭᠤ ᠣᠷᠣᠨ ᠳ᠋ᠤ᠌ ᠪᠠᠷᠭᠤ᠂ ᠪᠤᠷᠢᠶᠠᠳ᠂ ᠣᠢᠷᠠᠳ᠂ ᠬᠣᠷᠢ᠂ ᠲᠦᠮᠡᠳ ᠮᠡᠲᠦ ᠶ᠋ᠢᠨ ᠴᠢᠰᠤᠨ ᠲᠥᠷᠥᠯ ᠦ᠋ᠨ ᠬᠣᠯᠪᠣᠭ᠎ᠠ ᠲᠠᠢ ᠮᠣᠩᠭᠣᠯ ᠠᠢᠮᠠᠭ ᠤ᠋ᠳ ᠳᠠᠷᠬᠠᠨ ᠣᠷᠣᠰᠢᠵᠤ ᠪᠠᠢᠵᠠᠢ᠃ ᠡᠳᠡᠭᠡᠷ ᠠᠢᠮᠠᠭ ᠤ᠋ᠳ ᠣᠢ ᠰᠢᠭᠤᠢ ᠶ᠋ᠢ ᠲᠦᠰᠢᠭᠯᠡᠨ ᠤᠰᠤ ᠮᠥᠷᠡᠨ ᠢ᠋ ᠬᠠᠪᠢᠳᠠᠵᠤ᠂ ᠠᠩ ᠬᠦᠷᠦᠭᠡ ᠬᠢᠵᠦ ᠵᠢᠭᠠᠰᠤ ᠵᠢᠷᠠᠭᠠᠬᠠᠢ ᠱᠦᠭᠦᠵᠦ ᠠᠮᠢᠳᠤᠷᠠᠵᠤ ᠪᠠᠢᠭᠰᠠᠨ ᠪᠣᠯᠬᠣᠷ ᠲᠡᠳᠡᠨᠦᠰ ᠢ᠋《ᠣᠢ ᠰᠢᠭᠤᠢ ᠶ᠋ᠢᠨ ᠢᠷᠭᠡᠳ》 ᠭᠡᠮᠡᠨ ᠨᠡᠷᠡᠯᠡᠵᠦ ᠪᠠᠢᠭᠰᠠᠨ᠃
12 ᠳ᠋ᠤᠭᠠᠷ ᠵᠠᠭᠤᠨ ᠤ᠋ ᠰᠡᠭᠦᠯᠴᠢ ᠪᠡᠷ ᠭᠠᠷᠤᠭᠰᠠᠨ ᠮᠣᠩᠭᠣᠯ ᠤ᠋ᠨ ᠨᠡᠢᠭᠡᠮ ᠦ᠋ᠨ ᠶᠡᠬᠡ ᠬᠤᠪᠢᠷᠠᠯᠲᠠ ᠨᠢ ᠮᠣᠩᠭᠣᠯ ᠤ᠋ᠨ ᠡᠯ᠎ᠡ ᠠᠢᠮᠠᠭ ᠢ᠋ ᠬᠠᠮᠤᠷᠴᠠᠢ᠃ 《ᠣᠢ ᠶ᠋ᠢᠨ ᠢᠷᠭᠡᠳ》 ᠦ᠋ᠨ ᠳᠣᠲᠣᠷᠠᠬᠢ ᠬᠦᠴᠦᠷᠬᠡᠭ ᠠᠢᠮᠠᠭ ᠪᠣᠯᠤᠭᠰᠠᠨ ᠣᠢᠷᠠᠳ ᠪᠠᠰᠠ ᠲᠡᠭᠦᠨ ᠦ᠌ ᠳᠠᠷᠤᠭ᠎ᠠ ᠬᠣᠲᠣᠭᠠ ᠪᠡᠬᠢ ᠶ᠋ᠢᠨ ᠳᠠᠢᠴᠢᠯᠠᠯ ᠳᠣᠣᠷ᠎ᠠ᠂ ᠵᠠᠮᠤᠬ᠎ᠠ ᠶ᠋ᠢᠨ ᠴᠡᠷᠢᠭ ᠦ᠋ᠨ ᠬᠣᠯᠪᠣᠭᠠᠨ ᠳ᠋ᠤ᠌ ᠣᠷᠣᠯᠴᠠᠪᠠ᠃ ᠲᠡᠭᠡᠭᠡᠳ ᠵᠠᠮᠤᠬ᠎ᠠ ᠶ᠋ᠢ ᠳᠠᠭᠠᠯᠳᠤᠨ ᠨᠠᠢ᠍ᠮᠠᠨ ᠠᠢᠮᠠᠭ ᠲᠠᠢ ᠬᠣᠯᠪᠣᠭ᠎ᠠ ᠪᠠᠢᠭᠤᠯᠤᠨ ᠴᠢᠩᠭᠢᠰ ᠬᠠᠭᠠᠨ ᠲᠠᠢ ᠳᠠᠢᠰᠤᠩᠨᠠᠭᠰᠠᠨ ᠪᠣᠯᠪᠠᠴᠤ᠂ ᠬᠡᠳᠦᠨᠲᠡ ᠢᠯᠠᠭᠳᠠᠭᠠᠳ ᠨᠠᠢ᠍ᠮᠠᠨ ᠭᠣᠣᠯ ᠤ᠋ᠨ ᠤᠷᠤᠰᠬᠠᠯ ᠳ᠋ᠠᠬᠢ ᠰᠢᠭᠰᠢᠳ ᠭᠣᠣᠯ ᠵᠦᠭ ᠳᠤᠲᠠᠭᠠᠨ ᠶᠠᠪᠤᠵᠠᠢ᠃1207 ᠣᠨ ᠳ᠋ᠤ᠌᠂ ᠴᠢᠩᠭᠢᠰ ᠬᠠᠭᠠᠨ ᠲᠡᠭᠦᠨ ᠦ᠌ ᠠᠬᠠᠮᠠᠳ ᠬᠥᠪᠡᠭᠦᠨ ᠵᠥᠴᠢ ᠶ᠋ᠢ ᠲᠣᠮᠢᠯᠠᠵᠤ᠂《ᠣᠢ ᠶ᠋ᠢᠨ ᠢᠷᠭᠡᠳ》 ᠦ᠋ᠳ ᠢ᠋ ᠳᠠᠢᠯᠠᠨ ᠳᠠᠭᠠᠭᠤᠯᠬᠤ ᠪᠠᠷ ᠢᠯᠡᠭᠡᠪᠡ᠃ ᠣᠢᠷᠠᠳ ᠤ᠋ᠨ ᠳᠠᠷᠤᠭ᠎ᠠ ᠬᠣᠲᠣᠭᠠ ᠪᠡᠬᠢ ᠴᠠᠭ ᠤ᠋ᠨ ᠪᠠᠢᠳᠠᠯ ᠢ᠋ ᠲᠠᠨᠢᠵᠤ᠂ ᠶᠠᠭᠤᠨ ᠤ᠋ ᠤᠷᠢᠳ ᠵᠥᠴᠢ ᠳ᠋ᠦ᠍ ᠢᠷᠡᠵᠦ ᠳᠠᠭᠠᠪᠠ᠃ ᠲᠡᠭᠦᠨ ᠦ᠌ ᠬᠦᠴᠦᠲᠡᠢ ᠬᠠᠪᠰᠤᠷᠤᠯᠭ᠎ᠠ ᠳᠣᠣᠷ᠎ᠠ᠂ ᠵᠥᠴᠢ ᠴᠢᠨᠠᠭᠰᠢ ᠠᠶᠠᠯᠠᠨ ᠳᠠᠢᠯᠠᠵᠤ ᠣᠢ ᠶ᠋ᠢᠨ ᠢᠷᠭᠡᠳ ᠦ᠋ᠨ ᠣᠯᠠᠨ ᠠᠢᠮᠠᠭ ᠲᠥᠷᠥᠯ ᠳ᠋ᠦ᠍ ᠬᠡᠰᠢᠭ ᠬᠦᠷᠲᠡᠭᠡᠵᠦ ᠬᠡᠷᠬᠡᠮ ᠡᠷᠭᠦᠮᠵᠢᠯᠡᠨ᠂ ᠤᠷᠤᠭ ᠰᠠᠳᠤᠨ ᠤ᠋ ᠨᠢᠭᠲᠠ ᠬᠠᠷᠢᠴᠠᠭ᠎ᠠ ᠲᠠᠢ ᠪᠣᠯᠪᠠ᠃ ᠴᠢᠩᠭᠢᠰ ᠬᠠᠭᠠᠨ ᠥᠬᠢᠨ ᠴᠡᠴᠡᠭᠡᠢᠬᠡᠨ ᠢ᠋ᠶ᠋ᠡᠨ ᠬᠣᠲᠣᠭᠠ ᠪᠡᠬᠢ ᠶ᠋ᠢᠨ ᠬᠥᠪᠡᠭᠦᠨ ᠳᠥᠷᠥᠯᠵᠢ ᠳ᠋ᠦ᠍ ᠤᠷᠤᠭᠯᠠᠭᠤᠯᠵᠤ ᠬᠦᠷᠭᠡᠨ ᠪᠣᠯᠭᠠᠪᠠ᠃ ᠴᠡᠴᠡᠭᠡᠢᠬᠡᠨ ᠡᠴᠡ ᠬᠣᠶᠠᠷ ᠥᠬᠢᠨ ᠲᠡᠢ᠃ ᠶᠡᠬᠡ ᠥᠬᠢᠨ ᠢ᠋ᠶ᠋ᠡᠨ ᠲᠤᠯᠤᠢ ᠶ᠋ᠢᠨ ᠬᠥᠪᠡᠭᠦᠨ ᠠᠷᠢᠬᠪᠦ᠋ᠬᠡ ᠲᠡᠢ ᠤᠷᠤᠭᠯᠠᠭᠤᠯᠵᠠᠢ᠂ ᠬᠣᠶᠠᠳᠤᠭᠠᠷ ᠥᠬᠢᠨ ᠣᠯᠣᠬᠤᠨᠠᠢ ᠶ᠋ᠢ ᠴᠠᠭᠠᠲᠠᠢ ᠶ᠋ᠢᠨ ᠣᠮᠪᠣᠯᠣ ᠬᠥᠪᠡᠭᠦᠨ ᠬᠠᠷ᠎ᠠ ᠬᠤᠯᠤᠭᠤ ᠳ᠋ᠤ᠌ ᠬᠠᠲᠤᠨ ᠪᠣᠯᠭᠠᠵᠠᠢ᠃ ᠬᠣᠲᠣᠭᠠ ᠪᠡᠬᠢ ᠶ᠋ᠢᠨ ᠥᠬᠢᠨ ᠦᠭᠡᠯᠢ ᠬᠠᠮᠢᠰᠢ ᠶ᠋ᠢ ᠲᠤᠯᠤᠢ ᠶ᠋ᠢᠨ ᠠᠬᠠᠮᠠᠳ ᠬᠥᠪᠡᠭᠦᠨ ᠮᠥᠩᠬᠡ ᠳ᠋ᠦ᠍ ᠵᠠᠯᠠᠵᠤ ᠬᠠᠲᠤᠨ ᠪᠣᠯᠭᠠᠪᠠ[1]᠃ ᠲᠡᠭᠦᠨᠴᠡ ᠣᠢᠷᠠᠳ ᠠᠢᠮᠠᠭ ᠨᠢ ᠴᠢᠩᠭᠢᠰ ᠦ᠋ᠨ《ᠠᠯᠲᠠᠨ ᠤᠷᠤᠭᠲᠠᠨ》 ᠤ᠋ ᠬᠢᠨ ᠲᠡᠢ ᠦᠶ᠎ᠡ ᠤᠯᠠᠷᠢᠨ ᠤᠷᠤᠭ ᠰᠣᠯᠢᠶ᠎ᠠ ᠪᠣᠯᠤᠭᠰᠠᠨ ᠢ᠋ᠶ᠋ᠠᠷ ᠦᠯᠦ ᠪᠠᠷᠠᠨ ᠴᠡᠷᠢᠭ ᠦ᠋ᠨ ᠭᠣᠣᠯ ᠬᠦᠴᠦᠨ ᠨᠢ ᠪᠣᠯᠵᠤ ᠥᠭᠴᠡᠢ᠃ ᠴᠢᠩᠭᠢᠰ ᠬᠠᠭᠠᠨ ᠤ᠋ ᠤᠮᠠᠷᠠᠰᠢ ᠳᠠᠢᠯᠠᠵᠤ ᠡᠮᠦᠨᠡᠰᠢ ᠠᠶᠠᠯᠠᠭᠰᠠᠨ ᠴᠡᠷᠢᠭ ᠠᠩᠭᠢ ᠳ᠋ᠤ᠌ ᠣᠢᠷᠠᠳᠴᠤᠳ ᠣᠷᠣᠯᠴᠠᠭᠰᠠᠨ ᠢ᠋ᠶ᠋ᠠᠷ ᠦᠯᠦ ᠪᠠᠷᠠᠨ ᠬᠣᠵᠢᠮ ᠤ᠋ᠨ ᠬᠤᠪᠢᠯᠠᠢ ᠬᠠᠭᠠᠨ ᠪᠣᠯᠤᠨ ᠬᠤᠯᠤᠭᠤ ᠬᠠᠭᠠᠨ ᠤ᠋ ᠳᠠᠢᠯᠠᠭᠰᠠᠨ ᠴᠡᠷᠢᠭ ᠠᠩᠭᠢ ᠳ᠋ᠤ᠌ ᠴᠥᠮ ᠶᠡᠬᠡᠬᠡᠨ ᠲᠣᠭᠠᠨ ᠤ᠋ ᠣᠢᠷᠠᠳ ᠬᠥᠮᠦᠨ ᠪᠠᠢᠭᠰᠠᠨ᠃ ᠣᠢᠷᠠᠳ ᠬᠥᠮᠦᠨ ᠪᠠᠰᠠ ᠬᠤᠯᠤᠭᠤ ᠬᠠᠭᠠᠨ ᠤ᠋ ᠨᠣᠶᠠᠷᠬᠠᠯ ᠳ᠋ᠠᠬᠢ ᠠᠷᠠᠪ ᠣᠷᠣᠨ ᠤ᠋ ᠵᠠᠰᠠᠭ ᠵᠠᠬᠢᠷᠭᠠᠨ ᠤ᠋ ᠨᠣᠶᠠᠨ ᠤ᠋ ᠲᠤᠰᠢᠶᠠᠯ ᠳ᠋ᠤ᠌ ᠰᠠᠭᠤᠵᠤ ᠪᠠᠢᠵᠠᠢ᠃ ᠠᠷᠢᠬᠪᠥ᠋ᠬᠡ ᠬᠤᠪᠢᠯᠠᠢ ᠲᠠᠢ ᠲᠥᠷᠥ ᠪᠤᠯᠢᠶᠠᠯᠳᠤᠭᠰᠠᠨ ᠲᠡᠮᠡᠴᠡᠭᠡᠨ ᠳ᠋ᠦ᠍᠂ ᠠᠷᠢᠬᠪᠥ᠋ᠬᠡ ᠶ᠋ᠢᠨ ᠲᠦᠰᠢᠭᠯᠡᠭᠰᠡᠨ ᠭᠣᠣᠯ ᠴᠡᠷᠢᠭ ᠦ᠋ᠨ ᠬᠦᠴᠦ ᠨᠢ ᠲᠡᠭᠦᠨ ᠲᠡᠢ ᠤᠷᠤᠭ ᠰᠠᠳᠤᠨ ᠤ᠋ ᠨᠢᠭᠲᠠ ᠬᠠᠷᠢᠴᠠᠭ᠎ᠠ ᠲᠠᠢ ᠣᠢᠷᠠᠳᠴᠤᠳ ᠪᠠᠢᠭᠰᠠᠨ᠃ ᠠᠷᠢᠬᠪᠦ᠋ᠬᠡ ᠥᠪᠡᠷ ᠦ᠋ᠨ ᠣᠢᠷᠠᠳ ᠬᠠᠲᠤᠨ ᠤ᠋ ᠳᠡᠮᠵᠢᠯᠭᠡ ᠶ᠋ᠢ ᠣᠯᠤᠭᠰᠠᠨ ᠢ᠋ᠶ᠋ᠠᠷ ᠦᠯᠦ ᠪᠠᠷᠠᠨ᠂ ᠮᠥᠩᠬᠡ ᠬᠠᠭᠠᠨ ᠤ᠋ ᠣᠢᠷᠠᠳ ᠬᠠᠲᠤᠨ ᠥᠭᠡᠯᠡᠢ ᠬᠠᠮᠢᠰᠢ᠂ ᠬᠠᠷ᠎ᠠ ᠬᠤᠯᠤᠭᠤ ᠶ᠋ᠢᠨ ᠣᠢᠷᠠᠳ ᠬᠠᠲᠤᠨ ᠣᠯᠣᠬᠤᠨᠠᠢ ᠶ᠋ᠢᠨ ᠬᠦᠴᠦᠲᠡᠢ ᠳᠡᠮᠵᠢᠯᠭᠡ ᠶ᠋ᠢ ᠬᠦᠷᠲᠡᠭᠰᠡᠨ ᠶᠦᠮ[2]᠃《ᠰᠤᠳᠤᠷ ᠤ᠋ᠨ ᠴᠢᠭᠤᠯᠭᠠᠨ》 ᠳ᠋ᠤ᠌ ᠬᠤᠪᠢᠯᠠᠢ ᠪᠣᠯᠤᠨ ᠠᠷᠢᠬᠪᠦ᠋ᠬᠡ ᠨᠠᠷ ᠬᠠᠯᠬ᠎ᠠ ᠭᠣᠣᠯ ᠤ᠋ᠨ ᠳᠡᠭᠡᠳᠦ ᠤᠷᠤᠰᠬᠠᠯ ᠳ᠋ᠠᠬᠢ ᠰᠢᠮᠣᠭᠣᠯ ᠲᠠᠢ ᠨᠠᠭᠤᠷ ᠣᠷᠴᠢᠮ ᠲᠤᠯᠤᠯᠳᠤᠭᠰᠠᠨ ᠳ᠋ᠤ᠌ ᠠᠷᠢᠬᠪᠥ᠋ᠬᠡ ᠶ᠋ᠢᠨ ᠴᠡᠷᠢᠭ ᠡᠴᠡ ᠭᠤᠷᠪᠠᠨ ᠮᠢᠩᠭᠠᠨ ᠣᠢᠷᠠᠳ ᠬᠥᠮᠦᠨ ᠠᠯᠠᠭᠳᠠᠯ᠎ᠠ [3] ᠭᠡᠮᠡᠨ ᠲᠡᠮᠳᠡᠭᠯᠡᠵᠡᠢ᠃ ᠠᠷᠢᠨᠨᠪᠥ᠋ᠬᠡ ᠪᠠᠭᠤᠵᠤ ᠥᠭᠭᠦᠭᠰᠡᠨ ᠦ᠌ ᠳᠠᠷᠠᠭ᠎ᠠ᠂ ᠥᠭᠡᠳᠡᠢ ᠶ᠋ᠢᠨ ᠣᠮᠪᠣᠯᠣ ᠬᠠᠢᠳᠣ ᠪᠣᠯᠤᠨ ᠴᠠᠭᠠᠲᠠᠢ ᠶ᠋ᠢᠨ ᠣᠮᠪᠣᠯᠣ ᠬᠣᠯᠪᠣᠭ᠎ᠠ ᠪᠠᠢᠭᠤᠯᠤᠨ᠂ ᠪᠠᠷᠠᠭᠤᠨ ᠬᠣᠢᠲᠤ ᠳ᠋ᠤ᠌ ᠬᠦᠴᠦᠷᠬᠡᠭᠵᠢᠨ ᠪᠣᠰᠤᠭᠠᠳ ᠬᠤᠪᠢᠯᠠᠢ ᠬᠠᠭᠠᠨ ᠲᠠᠢ ᠤᠳᠠᠭᠠᠨ ᠵᠢᠯ ᠳᠠᠢᠯᠠᠯᠳᠤᠭᠰᠠᠨ ᠶᠤᠮ᠃ ᠠᠷᠢᠨᠨᠪᠥ᠋ᠬᠡ ᠶ᠋ᠢᠨ ᠬᠥᠪᠡᠭᠦᠨ ᠢᠪᠤᠭᠴᠢ ᠪᠠᠰᠠ ᠦᠢᠮᠡᠭᠡᠨ ᠳ᠋ᠦ᠍ ᠣᠷᠣᠯᠴᠠᠭᠠᠳ ᠬᠠᠢᠳᠣ ᠶ᠋ᠢ ᠤᠳᠠᠭᠠᠨ ᠣᠨ ᠳᠠᠭᠠᠭᠰᠠᠨ ᠶᠤᠮ᠃
ᠣᠢᠷᠠᠳ ᠤ᠋ᠳ ᠠᠷᠢᠨᠨᠪᠥ᠋ᠬᠡ ᠶ᠋ᠢᠨ ᠭᠡᠷ ᠲᠥᠷᠥᠯ ᠢ᠋ ᠳᠡᠮᠵᠢᠬᠦ ᠳ᠋ᠡᠭᠡᠨ ᠵᠥᠪᠬᠡᠨ ᠥᠪᠡᠷᠰᠡᠳ ᠦ᠋ᠨ ᠢ᠋ᠶ᠋ᠡᠨ ᠬᠦᠴᠦ ᠶ᠋ᠢ ᠯᠡ ᠲᠦᠰᠢᠭᠯᠡᠭᠰᠡᠨ ᠪᠢᠰᠢ᠃ ᠯᠠᠪᠲᠠᠢ ᠠᠷᠢᠨᠨᠪᠥ᠋ᠬᠡ ᠶ᠋ᠢᠨ ᠭᠡᠷ ᠲᠥᠷᠥᠯ ᠦ᠋ᠨ ᠣᠨᠴᠠ ᠬᠠᠷᠢᠴᠠᠭ᠎ᠠ ᠪᠣᠯᠤᠨ ᠪᠠᠢᠷᠢ ᠰᠠᠭᠤᠷᠢ ᠪᠠᠨ ᠠᠰᠢᠭᠯᠠᠵᠤ᠂ ᠲᠡᠭᠦᠨ ᠲᠡᠢ ᠴᠢᠰᠤᠨ ᠲᠥᠷᠥᠯ ᠦ᠋ᠨ ᠬᠣᠯᠪᠣᠭ᠎ᠠ ᠲᠠᠢ ᠪᠠᠷᠭᠤ᠂ ᠬᠣᠷᠢ᠂ ᠲᠦᠮᠡᠳ ᠵᠡᠷᠭᠡ ᠠᠢᠮᠠᠭ ᠢ᠋ ᠤᠷᠢᠶᠠᠯᠠᠨ ᠵᠣᠬᠢᠶᠠᠨ ᠪᠠᠢᠭᠤᠯᠤᠭᠠᠳ ᠬᠠᠮᠤᠭ ᠠᠩᠬᠠᠨ ᠤ᠋ ᠨᠡᠯᠢᠶᠡᠳ ᠬᠦᠴᠦᠷᠬᠡᠭ ᠣᠢᠷᠠᠳ ᠤ᠋ᠨ ᠴᠢᠭᠤᠯᠭᠠᠨ ᠢ᠋ ᠡᠭᠦᠳᠴᠡᠢ᠃《ᠳᠥᠷᠪᠡᠨ ᠣᠢᠷᠠᠳ ᠤ᠋ᠨ ᠲᠡᠦᠬᠡ》 ᠳ᠋ᠦ᠍᠂ ᠳᠥᠷᠪᠡᠨ ᠣᠢᠷᠠᠳ ᠲᠤ ᠠᠯᠳᠠᠷᠰᠢᠭᠰᠠᠨ ᠬᠠᠮᠤᠭ ᠠᠩᠬᠠᠨ ᠤ᠋ ᠬᠠᠨ ᠨᠢ ᠶᠠᠪᠤᠭᠠᠨ ᠮᠡᠷᠭᠡᠨ[4]ᠭᠡᠮᠡᠨ ᠲᠡᠮᠳᠡᠭᠯᠡᠵᠡᠢ᠃ ᠶᠠᠪᠤᠭᠠᠨ ᠮᠡᠷᠭᠡᠨ ᠢ᠋ ᠪᠠᠰᠠ ᠪᠥᠬᠡ ᠬᠠᠨ ᠭᠡᠳᠡᠭ ᠪᠥᠭᠡᠳ ᠣᠢᠷᠠᠳ ᠤ᠋ᠨ ᠴᠢᠭᠤᠯᠭᠠᠨ ᠢ᠋ ᠡᠭᠦᠳᠦᠭᠴᠢ ᠪᠢᠯᠡ᠃ ᠶᠠᠪᠤᠭᠠᠨ ᠮᠡᠷᠭᠡᠨ ᠭᠡᠳᠡᠭ ᠬᠥᠮᠦᠨ ᠨᠢ ᠮᠣᠩᠭᠣᠯ ᠤ᠋ᠨ ᠠᠷᠢᠨᠨᠪᠥ᠋ᠬᠡ ᠪᠣᠯᠤᠨ ᠬᠠᠢᠳᠣ ᠶ᠋ᠢᠨ ᠦᠢᠮᠡᠭᠡᠨ(1260—1300) ᠤ᠋ ᠦᠶ᠎ᠡ ᠳ᠋ᠦ᠍ ᠲᠡᠦᠬᠡᠲᠦ ᠬᠥᠮᠦᠨ ᠮᠠᠭᠠᠳ᠃ ᠣᠢᠷᠠᠳ ᠤ᠋ᠨ ᠤᠯᠠᠮᠵᠢᠯᠠᠯ ᠶᠠᠷᠢᠶ᠎ᠠ ᠳ᠋ᠤ᠌᠂ ᠶᠠᠪᠤᠭᠠᠨ ᠮᠡᠷᠭᠡᠨ ᠦ᠌ ᠲᠠᠪᠤᠳᠤᠭᠠᠷ ᠦᠶ᠎ᠡ ᠶ᠋ᠢᠨ ᠠᠴᠢ ᠥᠷᠯᠥᠭ ᠬᠣᠰᠢᠭᠤᠴᠢ ᠠ᠋ᠴᠠ ᠪᠣᠭᠳᠠ ᠠᠭᠤᠯᠠ ᠶ᠋ᠢᠨ ᠣᠷᠭᠢᠯ ᠳ᠋ᠤ᠌ ᠦᠪᠡᠳᠡᠭᠰᠢ ᠶᠡᠬᠡ ᠲᠠᠬᠢᠯᠭ᠎ᠠ ᠶ᠋ᠢ ᠦᠢᠯᠡᠳᠦᠭᠰᠡᠨ ᠭᠡᠵᠦ ᠬᠡᠯᠡᠯᠴᠡᠳᠡᠭ᠃《ᠪᠠᠷᠠᠭᠤᠨ ᠬᠢᠵᠠᠭᠠᠷ ᠤ᠋ᠨ ᠲᠡᠮᠳᠡᠭᠯᠡᠯ》 ᠳ᠋ᠦ᠍ ᠬᠤᠤᠬᠠᠢ ᠳᠠᠶᠤ ᠶ᠋ᠢᠨ ᠬᠥᠪᠡᠭᠦᠨ ᠨᠢ ᠥᠷᠯᠥᠭ᠂ ᠥᠷᠯᠥᠭ ᠦ᠋ᠨ ᠬᠥᠪᠡᠭᠦᠨ ᠨᠢ ᠪᠠᠲᠤᠯᠠ ᠴᠢᠩᠰᠠᠩ ᠭᠡᠮᠡᠨ ᠲᠡᠮᠳᠡᠭᠯᠡᠵᠡᠢ[5]᠃ ᠡᠨᠳᠡ ᠲᠡᠳᠡᠨᠦᠰ ᠦ᠋ᠨ ᠦᠶ᠎ᠡ ᠳᠠᠷᠠᠭᠠᠯᠠᠯ ᠢ᠋ ᠡᠨᠳᠡᠭᠦᠷᠡᠭᠰᠡᠨ ᠪᠠᠢᠨ᠎ᠠ᠃ ᠵᠦᠢ ᠢᠨᠦ ᠪᠠᠲᠤᠯᠠ ᠴᠢᠩᠰᠠᠩ ᠤ᠋ᠨ ᠡᠴᠢᠭᠡ ᠨᠢ ᠬᠣᠳᠬᠠᠢ ᠳᠠᠶᠤ᠂ ᠬᠤᠤᠬᠠᠢ ᠳᠠᠶᠤ ᠶ᠋ᠢᠨ ᠡᠴᠢᠭᠡ ᠨᠢ ᠥᠷᠯᠥᠭ ᠬᠣᠰᠢᠭᠤᠴᠢ ᠭᠡᠮᠡᠨ ᠵᠢᠭᠰᠠᠭᠠᠪᠠᠯ ᠵᠦᠢᠲᠡᠢ ᠪᠢᠯᠡ᠃ ᠫᠠᠯᠠᠰ ᠤ᠋ᠨ《ᠮᠣᠩᠭᠣᠯ ᠦᠨᠳᠦᠰᠦᠲᠡᠨ ᠦ᠌ ᠲᠡᠦᠬᠡᠨ ᠮᠠᠲ᠋ᠧᠷᠢᠶᠠᠯ ᠤ᠋ᠨ ᠴᠢᠭᠤᠯᠭᠠᠨ》 ᠳ᠋ᠤ᠌ ᠲᠡᠮᠳᠡᠭᠯᠡᠭᠰᠡᠨ ᠢ᠋ᠶ᠋ᠡᠷ ᠨᠢᠭᠡᠨ ᠵᠡᠭᠦᠨᠭᠠᠷ ᠯᠠᠮᠠ ᠥᠪᠡᠷ ᠦ᠋ᠨ ᠬᠠᠳᠠᠭᠠᠯᠠᠵᠤ ᠪᠠᠢᠭᠰᠠᠨ ᠲᠡᠦᠬᠡ ᠶ᠋ᠢᠨ ᠬᠦᠰᠦᠨᠦᠭ ᠢ᠋ᠶ᠋ᠡᠨ ᠫᠠᠯᠠᠰ ᠲᠤ ᠥᠭᠴᠡᠢ᠃ ᠲᠡᠷᠡᠬᠦ ᠬᠦᠰᠦᠨᠦᠭ ᠲᠦ᠍ ᠶᠠᠪᠤᠭᠠᠨ ᠮᠡᠷᠭᠡᠨ ᠦ᠌ ᠬᠥᠪᠡᠭᠦᠨ ᠨᠢ ᠦᠢᠯᠢᠩᠲᠡᠢ ᠪᠤᠲᠠᠨ᠂ ᠲᠡᠭᠦᠨ ᠦ᠌ ᠬᠥᠪᠡᠭᠦᠨ ᠨᠢ ᠴᠠᠯᠠᠮᠠᠨ ᠲᠠᠢᠵᠢ᠂ ᠲᠡᠭᠦᠨ ᠦ᠌ ᠬᠥᠪᠡᠭᠦᠨ ᠨᠢ ᠴᠣᠷᠯᠣᠩ ᠪᠥᠬᠡ᠂ ᠲᠡᠭᠦᠨ ᠦ᠌ ᠬᠥᠪᠡᠭᠦᠨ ᠨᠢ ᠪᠥᠬᠡ ᠴᠢᠯᠡᠳᠦ᠂ ᠪᠥᠬᠡ ᠴᠢᠯᠡᠳᠦ ᠶ᠋ᠢᠨ ᠬᠥᠪᠡᠭᠦᠨ ᠨᠢ ᠬᠤᠤᠬᠠᠢ ᠳᠠᠶᠤ ᠪᠣᠯᠤᠨ᠎ᠠ᠃ ᠡᠨᠡᠬᠦ ᠪᠥᠬᠡ ᠴᠢᠯᠡᠳᠦ ᠶ᠋ᠢᠨ ᠴᠣᠯᠠ ᠨᠢ ᠳᠠᠷᠤᠢ ᠥᠷᠯᠥᠭ ᠬᠣᠰᠢᠭᠤᠴᠢ ᠪᠣᠯᠤᠨ᠎ᠠ᠃ ᠮᠣᠩᠭᠣᠯ ᠤ᠋ᠨ ᠡᠯᠪᠡᠭ ᠬᠠᠭᠠᠨ ᠤ᠋ ᠦᠶ᠎ᠡ ᠶ᠋ᠢᠨ ᠬᠤᠤᠬᠠᠢ ᠳᠠᠶᠤ ᠪᠣᠯ14 ᠳ᠋ᠦ᠍ᠭᠡᠷ ᠵᠠᠭᠤᠨ ᠤ᠋ ᠶᠡᠷᠡᠭᠡᠳ ᠣᠨ ᠤ᠋ ᠦᠶ᠎ᠡ ᠳ᠋ᠦ᠍ ᠦᠬᠦᠭᠰᠡᠨ ᠪᠢᠯᠡ᠃ ᠬᠤᠤᠬᠠᠢ ᠳᠠᠶᠤ ᠪᠣᠯᠤᠨ ᠶᠠᠪᠤᠭᠠᠨ ᠮᠡᠷᠭᠡᠨ(ᠪᠥᠬᠡ ᠬᠠᠨ) ᠤ᠋ ᠬᠣᠭᠣᠷᠣᠨᠳᠣ ᠳᠥᠷᠪᠡᠨ ᠦᠶ᠎ᠡ ᠬᠥᠮᠦᠨ ᠠᠯᠤᠰᠯᠠᠵᠤ ᠪᠣᠢ᠃ ᠡᠭᠦᠨ ᠢ᠋ᠶ᠋ᠡᠷ ᠦᠵᠡᠬᠦ ᠳ᠋ᠦ᠍᠂ ᠶᠠᠪᠤᠭᠠᠨ ᠮᠡᠷᠭᠡᠨ ᠨᠢ 13 ᠳ᠋ᠤᠭᠠᠷ ᠵᠠᠭᠤᠨ ᠤ᠋ ᠡᠴᠦᠰ ᠢ᠋ᠶ᠋ᠡᠷ᠂ ᠳᠠᠷᠤᠢ ᠠᠷᠢᠬᠪᠦ᠋ᠬᠡ ᠪᠣᠯᠤᠨ ᠬᠠᠢᠳᠣ ᠶ᠋ᠢᠨ ᠦᠢᠮᠡᠭᠡᠨ ᠦ᠌ ᠦᠶ᠎ᠡ ᠳ᠋ᠦ᠍ ᠠᠮᠢᠳᠤᠷᠠᠵᠤ ᠪᠠᠢᠭᠰᠠᠨ ᠲᠡᠦᠬᠡᠲᠦ ᠬᠥᠮᠦᠨ ᠪᠢᠯᠡ᠃ ᠠᠷᠢᠬᠪᠦ᠋ᠬᠡ ᠪᠣᠯᠤᠨ ᠬᠠᠢᠳᠣ ᠶ᠋ᠢᠨ ᠦᠢᠮᠡᠭᠡᠨ ᠢ᠋ ᠲᠦᠪᠰᠢᠳᠬᠡᠬᠦ ᠶ᠋ᠢᠨ ᠳᠠᠭᠠᠤ᠂ ᠶᠠᠪᠤᠭᠠᠨ ᠮᠡᠷᠭᠡᠨ ᠦ᠌ ᠵᠣᠬᠢᠶᠠᠨ ᠪᠠᠢᠭᠤᠯᠤᠭᠰᠠᠨ ᠬᠠᠮᠤᠭ ᠠᠩᠬᠠᠨ ᠤ᠋ ᠣᠢᠷᠠᠳ ᠤ᠋ᠨ ᠴᠢᠭᠤᠯᠭᠠᠨ ᠨᠢ ᠪᠠᠰᠠ ᠨᠤᠷᠠᠵᠠᠢ᠃ ᠡᠢᠨᠬᠦ ᠦᠢᠮᠡᠭᠡᠨ ᠳᠠᠵᠢᠨ ᠲᠠᠢ ᠣᠨ ᠵᠢᠯ ᠦ᠋ᠳ ᠲᠦ᠍᠂ ᠣᠢᠷᠠᠳ ᠤ᠋ᠨ ᠣᠷᠴᠢᠨ ᠲᠣᠭᠣᠷᠢᠨ ᠪᠣᠯᠤᠨ ᠠᠮᠢᠳᠤᠷᠠᠯ ᠤ᠋ᠨ ᠠᠷᠭ᠎ᠠ ᠮᠠᠶᠢᠭ ᠨᠢ ᠪᠠᠰᠠ ᠶᠡᠬᠡᠬᠡᠨ ᠥᠭᠡᠷᠡᠴᠢᠯᠡᠭᠳᠡᠭᠰᠡᠨ ᠪᠠᠢᠨ᠎ᠠ᠃ ᠲᠡᠳᠡ ᠵᠡᠭᠦᠨ ᠡᠲᠡᠭᠡᠳ ᠦ᠋ᠨ ᠨᠠᠢ᠍ᠮᠠᠨ ᠭᠣᠣᠯ ᠤ᠋ᠨ ᠤᠷᠤᠰᠬᠠᠯ ᠣᠷᠣᠨ ᠠ᠋ᠴᠠ ᠪᠠᠨ ᠪᠠᠷᠠᠭᠤᠨ ᠡᠮᠦᠨᠡᠰᠢ ᠰᠢᠯᠵᠢᠵᠦ᠂ ᠬᠠᠩᠭᠠᠢ ᠠᠭᠤᠯᠠ ᠶ᠋ᠢᠨ ᠪᠠᠷᠠᠭᠤᠨ᠂ ᠲᠠᠩᠨᠤ ᠠᠭᠤᠯᠠ ᠶ᠋ᠢᠨ ᠡᠮᠦᠨ᠎ᠡ ᠢᠷᠡᠵᠦ᠂ ᠬᠥᠩᠬᠥᠢ ᠵᠠᠪᠬᠠᠨ ᠵᠡᠷᠭᠡ ᠭᠠᠵᠠᠷ ᠤ᠋ᠳ ᠲᠤ᠌ ᠮᠠᠯᠵᠢᠬᠤ ᠪᠣᠯᠵᠠᠢ᠃ ᠲᠡᠭᠦᠨᠴᠡ ᠣᠢ ᠶ᠋ᠢ ᠲᠦᠰᠢᠭᠯᠡᠨ ᠠᠩ ᠬᠦᠷᠦᠭᠡ ᠬᠢᠵᠦ ᠠᠮᠢᠳᠤᠷᠠᠭ᠎ᠠ《ᠣᠢ ᠶ᠋ᠢᠨ ᠢᠷᠭᠡᠳ》 ᠬᠡᠮᠡᠭᠳᠡᠬᠦ ᠣᠢᠷᠠᠳ ᠤ᠋ᠳ ᠨᠡᠭᠦᠳᠡᠯᠯᠡᠨ ᠮᠠᠯᠵᠢᠬᠤ ᠲᠠᠯ᠎ᠠ ᠨᠤᠲᠤᠭ ᠤ᠋ᠨ ᠮᠠᠯᠴᠢᠳ ᠪᠣᠯᠵᠠᠢ᠃ ᠡᠨᠡ ᠨᠢ ᠣᠢᠷᠠᠳ ᠤ᠋ᠨ ᠨᠡᠢᠭᠡᠮ ᠦ᠋ᠨ ᠨᠢᠭᠡᠨ ᠶᠡᠬᠡ ᠬᠤᠪᠢᠷᠠᠯᠲᠠ ᠪᠢᠯᠡ᠃
1368 ᠣᠨ ᠳ᠋ᠤ᠌ ᠮᠢᠩ ᠤᠯᠤᠰ ᠪᠠᠢᠭᠤᠯᠤᠭᠳᠠᠭᠰᠠᠨ ᠳ᠋ᠤ᠌᠂ ᠶᠤᠸᠠᠨ ᠤᠯᠤᠰ ᠤ᠋ᠨ ᠲᠣᠭᠤᠨᠲᠡᠮᠤᠷ ᠬᠠᠭᠠᠨ ᠮᠣᠩᠭᠣᠯ ᠤ᠋ᠨ ᠲᠠᠯ᠎ᠠ ᠨᠤᠲᠤᠭ ᠵᠦᠭ ᠤᠬᠤᠷᠢᠨ ᠢᠷᠡᠪᠡ᠃ ᠮᠣᠩᠭᠣᠯ ᠤ᠋ᠨ ᠹᠧᠣᠳᠠᠯ ᠡᠵᠡᠳ ᠦ᠋ᠨ ᠡᠷᠬᠡ ᠰᠠᠭᠤᠷᠢᠨ ᠪᠤᠯᠢᠶᠠᠯᠳᠤᠭᠰᠠᠨ ᠳᠣᠲᠣᠭᠠᠳᠤ ᠶ᠋ᠢᠨ ᠵᠥᠷᠢᠴᠡᠯ ᠲᠡᠮᠡᠴᠡᠯ ᠪᠣᠯᠤᠨ ᠮᠢᠩ ᠤᠯᠤᠰ ᠤ᠋ᠨ ᠴᠢᠷᠡᠭ ᠲᠦ᠍ ᠬᠡᠳᠦᠨᠲᠡ ᠴᠣᠬᠢᠭᠳᠠᠭᠰᠠᠨ ᠨᠢ ᠵᠡᠭᠦᠨ ᠮᠣᠩᠭᠣᠯ ᠤ᠋ᠨ ᠹᠧᠣᠳᠠᠯ ᠡᠵᠡᠳ ᠦ᠋ᠨ ᠬᠦᠴᠦ ᠶ᠋ᠢ ᠶᠡᠬᠡᠬᠡᠨ ᠰᠤᠯᠠᠷᠠᠭᠤᠯᠵᠠᠢ ᠃ ᠲᠡᠳᠡ ᠮᠣᠩᠭᠣᠯ ᠤ᠋ᠨ ᠡᠯ᠎ᠡ ᠠᠢᠮᠠᠭ ᠢ᠋ ᠭᠦᠢᠴᠡᠳ ᠡᠵᠡᠮᠰᠢᠵᠦ ᠴᠢᠳᠠᠬᠤ ᠬᠦᠴᠦᠨ ᠦᠭᠡᠢ ᠪᠣᠯᠭᠠᠭᠰᠠᠨ ᠢ᠋ᠶ᠋ᠠᠷ ᠦᠯᠦ ᠪᠠᠷᠠᠨ ᠪᠠᠷᠠᠭᠤᠨ ᠮᠣᠩᠭᠣᠯ (ᠣᠢᠷᠠᠳ) ᠤ᠋ᠨ ᠬᠡᠷᠡᠭ ᠶᠠᠪᠤᠳᠠᠯ ᠢ᠋ ᠴᠦ᠍ ᠠᠩᠬᠠᠷᠬᠤ ᠢᠳᠡ ᠴᠢᠳᠠᠯ ᠦᠭᠡᠢ ᠪᠣᠯᠪᠠ᠃
ᠡᠨᠡᠬᠦ ᠲᠣᠬᠢᠶᠠᠯ ᠢ᠋ ᠠᠰᠢᠭᠯᠠᠵᠤ ᠶᠤᠸᠠᠨ ᠤᠯᠤᠰ ᠤ᠋ᠨ ᠬᠦᠴᠦᠷᠬᠡᠭ ᠰᠠᠢᠳ ᠮᠥᠩᠬᠡᠲᠡᠮᠦᠷ ᠬᠣᠢᠳ ᠠᠢᠮᠠᠭ ᠢ᠋ᠶ᠋ᠠᠷ ᠭᠣᠣᠯ ᠪᠣᠯᠭᠠᠵᠤ ᠪᠠᠷᠭᠤ᠂ ᠪᠤᠷᠢᠶᠠᠳ᠂ ᠬᠣᠷᠢ ᠪᠠᠭᠳᠣᠳ᠂ ᠴᠣᠷᠣᠰ ᠵᠡᠷᠭᠡ ᠠᠢᠮᠠᠭ ᠲᠠᠢ ᠬᠣᠯᠪᠣᠭᠠᠯᠠᠨ ᠡᠷᠲᠡ ᠡᠳᠦᠷ ᠦ᠋ᠨ ᠣᠢᠷᠠᠳ ᠤ᠋ᠨ ᠴᠢᠭᠤᠯᠭᠠᠨ ᠢ᠋ ᠳᠠᠬᠢᠨ ᠰᠡᠷᠭᠦᠭᠡᠵᠡᠢ᠃ ᠡᠨᠡ ᠨᠢ ᠳᠠᠷᠤᠢ ᠬᠣᠶᠠᠳᠤᠭᠠᠷ ᠤᠳᠠᠭᠠᠨ ᠤ᠋ ᠣᠢᠷᠠᠳ ᠤ᠋ᠨ ᠴᠢᠭᠤᠯᠭᠠᠨ ᠪᠣᠯᠤᠨ᠎ᠠ᠃ ᠡᠨᠡᠬᠦ ᠴᠢᠭᠤᠯᠭᠠᠨ ᠪᠦᠷᠢᠯᠳᠦᠬᠦ ᠦᠶ᠎ᠡ ᠳ᠋ᠦ᠍᠂ ᠠᠩᠬᠠᠨ ᠤ᠋ ᠲᠤᠰᠠᠭᠠᠷ ᠨᠢᠭᠡᠨ ᠠᠢᠮᠠᠭ ᠪᠠᠢᠭᠰᠠᠨ ᠣᠢᠷᠠᠳ ᠨᠢ ᠲᠡᠦᠬᠡ ᠶ᠋ᠢᠨ ᠲᠠᠪᠴᠠᠩ ᠠ᠋ᠴᠠ ᠮᠥᠷ ᠰᠤᠷᠠᠭ ᠦᠭᠡᠢ ᠠᠷᠢᠯᠤᠭᠰᠠᠨ ᠪᠢᠰᠢ᠂ ᠬᠠᠷᠢᠨ ᠠᠳᠠᠯᠢ ᠪᠤᠰᠤ ᠲᠡᠦᠬᠡ ᠶ᠋ᠢᠨ ᠨᠥᠬᠥᠴᠡᠯ ᠳᠣᠣᠷ᠎ᠠ ᠨᠡᠷ᠎ᠡ ᠪᠡᠨ ᠬᠣᠢᠳ ᠭᠡᠮᠡᠨ ᠥᠭᠡᠷᠡᠴᠢᠯᠡᠨ ᠳᠠᠭᠤᠳᠠᠭᠰᠠᠨ ᠲᠡᠳᠦᠢ ᠶᠦᠮ᠃《ᠶᠡᠬᠡ ᠰᠢᠷ᠎ᠠ ᠲᠣᠭᠣᠵᠢ》 ᠳ᠋ᠤ᠌᠂ ᠬᠣᠢᠳ ᠤ᠋ᠨ ᠡᠪᠦᠭᠡ ᠨᠢ ᠶᠠᠪᠤᠭᠠᠨ ᠮᠡᠷᠭᠡᠨ᠂ ᠬᠣᠢᠳ ᠤ᠋ᠨ ᠬᠤᠲᠤᠭ ᠪᠡᠬᠢ ᠶ᠋ᠢᠨ ᠬᠥᠪᠡᠭᠦᠨ ᠢᠨᠠᠯᠴᠢ ᠭᠡᠮᠡᠨ ᠵᠤᠷᠠᠢᠲᠠᠯᠠ ᠲᠡᠮᠳᠡᠭᠯᠡᠵᠡᠢ[6]᠃ ᠡᠭᠦᠨ ᠡᠴᠡ ᠪᠢᠳᠡ ᠣᠢᠷᠠᠳ ᠪᠣᠯᠤᠨ ᠬᠣᠢᠳ ᠤ᠋ᠨ ᠨᠢᠭᠡᠨ ᠠᠢᠮᠠᠭ ᠤ᠋ᠨ ᠠᠳᠠᠯᠢ ᠪᠤᠰᠤ ᠨᠡᠷᠡᠢᠳᠦᠯ ᠭᠡᠰᠡᠨ ᠢ᠋ ᠨᠤᠲᠠᠯᠠᠨ ᠮᠡᠳᠡᠵᠦ ᠪᠣᠯᠬᠤ ᠪᠥᠭᠡᠳ ᠬᠣᠢᠳ ᠬᠡᠮᠡᠬᠦ ᠳᠠᠭᠤᠳᠠᠯᠭ᠎ᠠ ᠨᠢ ᠶᠠᠪᠤᠭᠠᠨ ᠮᠡᠷᠭᠡᠨ ᠦ᠌ ᠦᠶ᠎ᠡ ᠡᠴᠡ ᠡᠬᠢᠯᠡᠵᠡᠢ ᠭᠡᠵᠦ ᠮᠠᠭᠠᠳᠯᠠᠵᠤ ᠪᠣᠯᠤᠨ᠎ᠠ᠃ ᠮᠣᠩᠭᠣᠯᠴᠢ ᠡᠷᠳᠡᠮᠲᠡᠨ ᠨᠠᠷ ᠤ᠋ᠨ ᠦᠵᠡᠬᠦ ᠪᠡᠷ ᠶᠤᠸᠠᠨ ᠤᠯᠤᠰ ᠤ᠋ᠨ ᠬᠦᠴᠦᠷᠬᠡᠭ ᠰᠠᠢᠳ ᠮᠥᠩᠬᠡᠲᠡᠮᠦᠷ ᠨᠢ ᠳᠠᠷᠤᠢ ᠯᠡᠪᠡᠭ ᠬᠠᠭᠠᠨ ᠤ᠋ ᠦᠶ᠎ᠡ ᠶ᠋ᠢᠨ ᠥᠭᠡᠴᠢ ᠬᠠᠰᠢᠬ᠎ᠠ ᠪᠢᠯᠡ᠃14 ᠳ᠋ᠦ᠍ᠭᠡᠷ ᠵᠠᠭᠤᠨ ᠤ᠋ ᠰᠡᠭᠦᠯᠴᠢ ᠪᠡᠷ ᠬᠡᠷᠡᠭᠦᠳ ᠣᠪᠣᠭ ᠤ᠋ᠨ ᠥᠭᠡᠴᠢ ᠬᠠᠰᠢᠬ᠎ᠠ[7] ᠣᠢᠷᠠᠳ ᠤ᠋ᠨ ᠴᠢᠭᠤᠯᠭᠠᠨ ᠤ᠋ ᠣᠯᠠᠨ ᠠᠢᠮᠠᠭ ᠢ᠋ ᠨᠣᠶᠠᠷᠬᠠᠭᠰᠠᠨ ᠢ᠋ᠶ᠋ᠠᠷ ᠦᠯᠦ ᠪᠠᠷᠠᠨ᠂ ᠵᠡᠭᠦᠨ ᠮᠣᠩᠭᠣᠯ ᠤ᠋ᠨ ᠶᠡᠬᠡᠩᠬᠢ ᠬᠡᠰᠡᠭ ᠢ᠋ ᠡᠷᠬᠡᠰᠢᠶᠡᠯ ᠳ᠋ᠡᠭᠡᠨ ᠣᠷᠣᠭᠤᠯᠵᠠᠢ᠃ ᠲᠡᠭᠦᠨ ᠦ᠌ ᠬᠥᠪᠡᠭᠦᠨ ᠡᠰᠡᠬᠦ ᠬᠠᠭᠠᠨ(1415 – 425) ᠪᠦᠬᠦ ᠮᠣᠩᠭᠣᠯ ᠢ᠋ ᠠᠷᠪᠠ ᠰᠢᠬᠠᠮ ᠵᠢᠯ ᠨᠣᠶᠠᠷᠬᠠᠭᠰᠠᠨ ᠶᠤᠮ᠃《ᠠᠯᠲᠠᠨ ᠬᠠᠭᠠᠨ ᠤ᠋ ᠨᠠᠮᠲᠠᠷ》 ᠲᠤ᠂16 ᠵᠠᠭᠤᠨ ᠤ᠋ ᠭᠤᠴᠢᠭᠠᠳ ᠣᠨ ᠠ᠋ᠴᠠ ᠡᠬᠢᠯᠡᠵᠦ᠂ ᠲᠦᠮᠡᠳ ᠦ᠋ᠨ ᠠᠯᠲᠠᠨ ᠬᠠᠭᠠᠨ ᠴᠡᠷᠢᠭ ᠳᠠᠢᠴᠢᠯᠠᠨ ᠬᠣᠢᠳ ᠠᠢᠮᠠᠭ ᠢ᠋ ᠬᠡᠳᠦᠨᠲᠡ ᠳᠠᠢᠯᠠᠵᠠᠢ ᠭᠡᠪᠡ᠃ ᠭᠡᠲᠡᠯ᠎ᠡ ᠲᠤᠰ 《ᠨᠠᠮᠲᠠᠷ》 ᠲᠤ ᠬᠣᠢᠳ ᠬᠡᠮᠡᠬᠦ ᠨᠡᠷ᠎ᠡ ᠶ᠋ᠢ ᠶᠡᠷᠦ ᠳᠤᠷᠠᠳᠤᠭᠰᠠᠨ ᠦᠭᠡᠢ᠂ ᠬᠠᠷᠢᠨ ᠬᠡᠷᠡᠭᠦᠳ ᠭᠡᠳᠡᠭ ᠨᠡᠷ᠎ᠡ ᠪᠡᠷ ᠬᠣᠢᠳ ᠠᠢᠮᠠᠭ ᠢ᠋ ᠣᠷᠣᠯᠠᠵᠤ ᠪᠠᠢᠭᠰᠠᠨ᠃ ᠡᠭᠦᠨ ᠡᠴᠡ ᠦᠵᠡᠬᠦ ᠳ᠋ᠦ᠍ ᠬᠡᠷᠡᠭᠦᠳ ᠨᠢ ᠬᠣᠢᠳ ᠠᠢᠮᠠᠭ ᠤ᠋ᠨ ᠬᠢᠨ ᠦ᠌ ᠭᠣᠣᠯ ᠣᠪᠣᠭ ᠪᠣᠯᠵᠤ ᠪᠠᠢᠪᠠ᠃ ᠬᠡᠷᠡᠭᠦᠳ ᠣᠪᠣᠭ ᠤ᠋ᠨ ᠥᠭᠡᠴᠢ ᠬᠠᠰᠢᠬ᠎ᠠ ᠨᠢ ᠲᠠᠰᠢᠶ᠎ᠠ ᠦᠭᠡᠢ ᠬᠣᠢᠳ ᠠᠢᠮᠠᠭ ᠤ᠋ᠨ ᠬᠥᠮᠦᠨ ᠠᠵᠢ᠃ ᠡᠰᠡ ᠲᠡᠢᠮᠦ ᠪᠣᠯ ᠨᠢᠭᠡᠨ ᠭᠡᠨᠡᠳᠲᠡ ᠪᠡᠷ ᠪᠣᠢ ᠪᠣᠯᠤᠭᠰᠠᠨ ᠪᠠᠭ᠎ᠠ ᠠᠢᠮᠠᠭ ᠤ᠋ᠨ ᠲᠦᠷᠦᠭᠦᠦ ᠣᠬᠣᠷᠬᠠᠨ ᠴᠠᠭ ᠤ᠋ᠨ ᠳᠣᠲᠣᠷ᠎ᠠ ᠲᠡᠷᠡ ᠮᠡᠲᠦ ᠬᠦᠴᠦᠨ ᠴᠢᠳᠠᠯ ᠢ᠋ᠶ᠋ᠠᠷ ᠬᠠᠭᠠᠰ ᠮᠣᠩᠭᠣᠯ ᠢ᠋ ᠡᠷᠬᠡᠰᠢᠶᠡᠯ ᠳ᠋ᠡᠭᠡᠨ ᠣᠷᠣᠭᠤᠯᠬᠤ ᠭᠡᠳᠡᠭ ᠰᠡᠳᠬᠢᠭᠳᠡᠰᠢ ᠦᠭᠡᠢ ᠬᠡᠷᠡᠭ ᠶᠦᠮ᠃ ᠥᠭᠡᠴᠢ ᠬᠠᠰᠢᠬ᠎ᠠ ᠪᠣᠯᠤᠨ ᠲᠡᠭᠦᠨ ᠦ᠌ ᠬᠥᠪᠡᠭᠦᠨ ᠡᠰᠡᠬᠦ ᠨᠠᠰᠤ ᠪᠠᠷᠠᠭᠰᠠᠨ ᠤ᠋ ᠳᠠᠷᠠᠭ᠎ᠠ᠂ ᠣᠢᠷᠠᠳ ᠴᠢᠭᠤᠯᠭᠠᠨ ᠤ᠋ ᠬᠦᠴᠦ ᠨᠢ ᠠᠷᠠᠢ ᠰᠤᠯᠠᠷᠠᠭᠰᠠᠨ ᠦᠭᠡᠢ ᠶᠦᠮ᠃ ᠬᠠᠷᠢᠨ ᠬᠣᠢᠳ ᠠᠢᠮᠠᠭ ᠠ᠋ᠴᠠ ᠲᠥᠷᠥᠵᠦ ᠭᠠᠷᠤᠭᠰᠠᠨ ᠴᠣᠷᠣᠰ ᠣᠪᠣᠭᠲᠤ ᠮᠠᠭᠮᠤ(ᠪᠠᠲᠤᠯᠠ ᠴᠢᠩᠰᠠᠩ) ᠪᠣᠯᠤᠨ ᠲᠠᠢᠫᠢᠩ᠂ ᠪᠠᠲᠤᠪᠣᠯᠣᠳ ᠨᠠᠷ ᠲᠠᠢ ᠬᠠᠮᠰᠠᠵᠤ ᠣᠢᠷᠠᠳ ᠤ᠋ᠨ ᠴᠢᠭᠤᠯᠭᠠᠨ ᠢ᠋ ᠦᠷᠭᠦᠯᠵᠢᠯᠡᠨ ᠵᠢᠯᠣᠭᠣᠳᠴᠤ᠂ ᠵᠡᠭᠦᠨ ᠮᠣᠩᠭᠣᠯ ᠤ᠋ᠨ ᠹᠧᠣᠳᠠᠯ ᠤ᠋ᠨ ᠡᠵᠡᠳ ᠲᠡᠢ ᠲᠠᠰᠤᠷᠠᠯ ᠦᠭᠡᠢ ᠲᠡᠮᠡᠴᠡᠵᠦ ᠪᠠᠢᠭᠰᠠᠨ᠃ ᠬᠣᠵᠢᠮ ᠨᠢ ᠮᠠᠭᠮᠤ ᠶ᠋ᠢᠨ ᠬᠥᠪᠡᠭᠦᠨ ᠲᠣᠭᠣᠨ ᠣᠢᠷᠠᠳ ᠢ᠋ ᠨᠣᠶᠠᠷᠬᠠᠭᠠᠳ᠂ ᠬᠦᠴᠦ ᠪᠡᠨ ᠵᠣᠬᠢᠶᠠᠨ ᠪᠠᠢᠭᠤᠯᠵᠤ᠂ ᠵᠡᠭᠦᠨ ᠮᠣᠩᠭᠣᠯ ᠤ᠋ᠨ ᠠᠷᠤᠭᠲᠠᠢ ᠶ᠋ᠢᠨ ᠲᠦᠰᠢᠵᠦ ᠪᠣᠰᠬᠠᠭᠰᠠᠨ ᠠᠲᠠᠷ ᠬᠠᠭᠠᠨ ᠢ᠋ ᠠᠯᠠᠭᠠᠳ ᠪᠦᠬᠦ ᠮᠣᠩᠭᠣᠯ ᠢ᠋ ᠡᠷᠬᠡᠰᠢᠶᠡᠯ ᠳ᠋ᠡᠭᠡᠨ ᠣᠷᠣᠭᠤᠯᠵᠠᠢ᠃ ᠲᠡᠭᠦᠨᠴᠡ ᠲᠣᠭᠲᠠᠪᠤᠬ᠎ᠠ ᠪᠠᠷ ᠬᠠᠭᠠᠨ ᠪᠣᠯᠭᠠᠵᠤ᠂ ᠥᠪᠡᠷ ᠢ᠋ᠶ᠋ᠡᠨ ᠲᠠᠢᠱ᠌ᠢ ᠪᠣᠯᠪᠠ᠃ ᠲᠣᠭᠣᠨ ᠲᠠᠢᠱ᠌ᠢ ᠲᠥᠷᠥ ᠶ᠋ᠢᠨ ᠵᠢᠩᠬᠢᠨᠢ ᠡᠷᠬᠡ ᠶ᠋ᠢ ᠪᠠᠷᠢᠵᠤ᠂ ᠬᠣᠷᠴᠢᠨ ᠠᠢᠮᠠᠭ ᠤ᠋ᠨ ᠠᠭᠰᠠᠭᠠᠯᠲᠠᠢ ᠨᠣᠶᠠᠨ ᠤ᠋ ᠬᠥᠪᠡᠭᠦᠨ ᠦᠷᠦᠭ ᠲᠡᠮᠦᠷ ᠵᠢᠴᠢ ᠬᠠᠷᠢᠶᠠᠲᠤ ᠶ᠋ᠢ ᠨᠢ ᠬᠥᠯᠥᠨ ᠪᠤᠢᠷ ᠠ᠋ᠴᠠ ᠣᠢᠷᠠᠳ ᠲᠤ ᠨᠡᠭᠦᠯᠭᠡᠵᠦ ᠬᠣᠱᠤᠳ ᠭᠡᠮᠡᠨ ᠨᠡᠷ᠎ᠡ ᠣᠯᠭᠤᠵᠠᠢ[8]᠃ ᠲᠣᠷᠭᠤᠳ ᠭᠡᠢᠸᠠᠩ ᠪᠠᠰᠠ ᠬᠠᠷᠢᠶᠠᠲᠤ ᠠᠢᠮᠠᠭ ᠢ᠋ᠶ᠋ᠠᠨ ᠳᠠᠭᠠᠭᠤᠯᠵᠤ ᠲᠣᠭᠣᠨ ᠲᠠᠢᠱ᠌ᠢ ᠶ᠋ᠢ ᠲᠦᠰᠢᠷ᠎ᠡ ᠢᠷᠡᠵᠦ[9] ᠣᠢᠷᠠᠳ ᠤ᠋ᠨ ᠴᠢᠭᠤᠯᠭᠠᠨ ᠤ᠋ ᠪᠦᠷᠢᠯᠳᠦᠬᠦᠨ ᠳ᠋ᠦ᠍ ᠣᠷᠣᠪᠠ᠃ ᠲᠣᠭᠣᠨ ᠲᠠᠢᠱ᠌ᠢ ᠦᠬᠦᠭᠰᠡᠨ ᠦ᠌ ᠳᠠᠷᠠᠭ᠎ᠠ᠂ ᠲᠡᠭᠦᠨ ᠦ᠌ ᠬᠥᠪᠡᠭᠦᠨ ᠡᠰᠡᠨ ᠲᠠᠢᠱ᠌ᠢ ᠬᠡᠷᠬᠡᠮ ᠢ᠋ ᠵᠠᠯᠭᠠᠮᠵᠢᠯᠠᠵᠤ᠂1453 ᠣᠨ ᠳ᠋ᠤ᠌ ᠥᠪᠡᠷ ᠦ᠋ᠨ ᠪᠡᠶ᠎ᠡ ᠪᠡᠨ ᠪᠦᠬᠦ ᠮᠣᠩᠭᠣᠯ ᠤ᠋ᠨ ᠬᠠᠭᠠᠨ ᠡᠷᠭᠦᠮᠵᠢᠯᠡᠪᠡ᠃1455 ᠣᠨ ᠳ᠋ᠤ᠌ ᠠᠯᠠᠭ ᠴᠢᠩᠰᠠᠩ ᠤ᠋ᠨ ᠭᠠᠷᠭᠠᠭᠰᠠᠨ ᠲᠥᠷᠥ ᠶ᠋ᠢᠨ ᠬᠤᠪᠢᠰᠤᠯ ᠳ᠋ᠤ᠌ ᠡᠰᠡᠨ ᠬᠠᠭᠠᠨ ᠬᠣᠣᠷᠯᠠᠭᠳᠠᠵᠤ᠂ ᠪᠦᠬᠦ ᠮᠣᠩᠭᠣᠯ ᠢ᠋ ᠦᠢᠮᠡᠭᠡᠨ ᠰᠠᠮᠠᠭᠤᠨ ᠳ᠋ᠤ᠌ ᠣᠷᠣᠭᠤᠯᠵᠠᠢ᠃ ᠨᠢᠭᠡᠨ ᠦᠶ᠎ᠡ ᠶᠡᠬᠡᠯ᠎ᠡ ᠬᠦᠴᠦᠷᠬᠡᠭᠵᠢᠭᠰᠡᠨ ᠬᠣᠶᠠᠳᠠᠬᠢ ᠤᠳᠠᠭᠠᠨ ᠤ᠋ ᠣᠢᠷᠠᠳ ᠤ᠋ᠨ ᠴᠢᠭᠤᠯᠭᠠᠨ ᠪᠠᠰᠠ ᠰᠦᠢᠷᠡᠨ ᠨᠤᠷᠠᠪᠠ᠃ ᠳᠣᠲᠣᠭᠠᠳᠤ ᠶ᠋ᠢᠨ ᠰᠠᠮᠠᠭᠤᠨ ᠠ᠋ᠴᠠ ᠵᠠᠢᠯᠠᠬᠤ ᠶ᠋ᠢᠨ ᠲᠤᠯᠠᠳᠠ ᠣᠢᠷᠠᠳ ᠤ᠋ᠨ ᠪᠦᠷᠢᠯᠳᠦᠬᠦᠨ ᠳ᠋ᠡᠬᠢ ᠠᠢᠮᠠᠭ ᠤ᠋ᠳ ᠤ᠋ᠨ ᠵᠠᠷᠢᠮ ᠨᠢ ᠪᠠᠷᠰ ᠬᠥᠯ᠂ ᠬᠠᠮᠢ᠂ ᠭᠣᠣᠯ ᠤ᠋ᠨ ᠲᠣᠬᠣᠢ᠂ ᠬᠥᠬᠡᠨᠠᠭᠤᠷ ᠵᠦᠭ ᠰᠢᠯᠵᠢᠵᠦ᠂ ᠵᠠᠷᠢᠮ ᠨᠢ ᠪᠠᠷᠠᠭᠤᠨᠰᠢ ᠠᠯᠲᠠᠢ ᠶ᠋ᠢ ᠳᠠᠪᠠᠵᠤ ᠡᠷᠴᠢᠰ ᠮᠥᠷᠡᠨ ᠦ᠌ ᠳᠡᠭᠡᠳᠦ ᠤᠷᠤᠰᠬᠠᠯ ᠳ᠋ᠤ᠌ ᠨᠡᠭᠦᠵᠡᠢ᠃ ᠭᠡᠲᠡᠯ᠎ᠡ ᠣᠢᠷᠠᠳ ᠤ᠋ᠨ ᠭᠣᠣᠯ ᠴᠣᠭᠴᠠ ᠨᠢ ᠪᠠᠰᠠ ᠴᠤ᠌ ᠬᠥᠩᠬᠥᠢ ᠵᠠᠪᠬᠠᠨ ᠳ᠋ᠠᠭᠠᠨ ᠬᠣᠴᠣᠷᠴᠠᠢ᠃ ᠡᠰᠡᠨ ᠬᠠᠭᠠᠨ ᠦᠬᠦᠭᠰᠡᠨ ᠦ᠌ ᠳᠠᠷᠠᠭᠠᠬᠢ ᠵᠠᠭᠤᠨ ᠵᠢᠯ ᠦ᠋ᠨ ᠲᠤᠷᠰᠢ᠂ ᠲᠡᠦᠬᠡᠨ ᠮᠠᠲ᠋ᠧᠷᠢᠶᠠᠯ ᠳ᠋ᠤ᠌ ᠣᠢᠷᠠᠳ ᠤ᠋ᠨ ᠴᠢᠭᠤᠯᠭᠠᠨ ᠰᠡᠷᠭᠦᠭᠰᠡᠨ ᠢ᠋ ᠬᠠᠷᠠᠭᠤᠯᠤᠭᠰᠠᠨ ᠦᠭᠡᠢ᠃ ᠭᠡᠲᠡᠯ᠎ᠡ ᠣᠢᠷᠠᠳ ᠤ᠋ᠳ ᠴᠢᠮᠡᠭᠡ ᠰᠤᠷᠠᠭ ᠢ᠋ᠶ᠋ᠠᠨ ᠨᠢᠭᠤᠵᠤ ᠰᠠᠭᠤᠭᠰᠠᠨ ᠪᠢᠰᠢ᠂ ᠲᠡᠳᠡ ᠮᠥᠨ ᠯᠡ ᠨᠡᠯᠢᠶᠡᠳ ᠢᠳᠡ ᠬᠦᠴᠦᠨ ᠲᠡᠢ ᠪᠠᠢᠵᠤ ᠪᠠᠷᠰ ᠬᠥᠯ᠂ ᠬᠠᠮᠢ ᠣᠷᠴᠢᠮ ᠰᠦᠷ ᠪᠠᠳᠠᠷᠠᠭᠤᠯᠵᠤ ᠪᠠᠢᠭᠰᠠᠨ ᠪᠤᠶᠤ ᠵᠡᠭᠦᠨ ᠮᠣᠩᠭᠣᠯ ᠤ᠋ᠨ ᠤᠯᠤᠰ ᠲᠥᠷᠥ ᠶ᠋ᠢᠨ ᠬᠥᠳᠡᠯᠭᠡᠭᠡᠨ ᠳ᠋ᠦ᠍ ᠣᠷᠣᠯᠴᠠᠭᠰᠠᠨ ᠪᠠ ᠡᠰᠡᠬᠦᠯ᠎ᠡ ᠳᠦᠷᠫᠡᠨ ᠦ᠌ ᠴᠠᠭᠠᠲᠠᠢ ᠶ᠋ᠢᠨ ᠦᠷᠡᠰ ᠲᠡᠢ ᠪᠠᠢᠨ ᠪᠠᠢᠨ ᠳᠠᠢᠯᠠᠯᠳᠤᠵᠤ ᠪᠠᠢᠭᠰᠠᠨ ᠶᠤᠮ᠃
ᠡᠰᠡᠨ ᠦ᠌ ᠳᠠᠷᠠᠭ᠎ᠠ ᠣᠢᠷᠠᠳ ᠤ᠋ᠨ ᠴᠢᠭᠤᠯᠭᠠᠨ ᠰᠡᠷᠭᠦᠭᠡᠭᠳᠡᠵᠦ ᠴᠢᠳᠠᠬᠤ ᠦᠭᠡᠢ ᠪᠠᠢᠭᠰᠠᠨ ᠰᠢᠯᠲᠠᠭᠠᠨ ᠨᠢ ᠳᠠᠷᠤᠢ ᠵᠡᠭᠦᠨ ᠮᠣᠩᠭᠣᠯ ᠤ᠋ᠨ ᠹᠧᠣᠳᠠᠯ ᠤ᠋ᠨ ᠡᠵᠡᠨ ᠥᠨᠳᠡᠢᠨ ᠪᠣᠰᠤᠭᠠᠳ ᠣᠢᠷᠠᠳ ᠢ᠋ ᠤᠳᠠᠭ᠎ᠠ ᠳᠠᠷᠠᠭ᠎ᠠ ᠪᠠᠷ ᠢᠯᠠᠭᠳᠠᠭᠤᠯᠵᠤ ᠪᠠᠢᠭᠰᠠᠨ᠃ ᠢᠯᠠᠩᠭᠤᠶ᠎ᠠ ᠳᠠᠶᠠᠨ ᠬᠠᠭᠠᠨ ᠮᠣᠩᠭᠣᠯ ᠢ᠋ ᠨᠢᠭᠡᠳᠬᠡᠨ ᠣᠢᠷᠠᠳ ᠢ᠋ ᠡᠷᠬᠡᠰᠢᠶᠡᠯ ᠳ᠋ᠡᠭᠡᠨ ᠣᠷᠣᠭᠤᠯᠵᠠᠢ᠃ 16 ᠳ᠋ᠤᠭᠠᠷ ᠵᠠᠭᠤᠨ ᠤ᠋ ᠭᠤᠴᠢᠭᠠᠳ ᠣᠨᠠ᠋ᠴᠠ ᠡᠬᠢᠯᠡᠵᠦ ᠳᠠᠶᠠᠨ ᠬᠠᠭᠠᠨ ᠤ᠋ ᠣᠮᠪᠣᠯᠣ ᠲᠦᠮᠡᠳ ᠦ᠋ᠨ ᠠᠯᠲᠠᠨ ᠬᠠᠭᠠᠨ ᠬᠦᠴᠦᠷᠬᠡᠭᠵᠢᠵᠦ᠂ ᠣᠢᠷᠠᠳ ᠢ᠋ ᠠᠬᠢᠨ ᠳᠠᠬᠢᠨ ᠳᠠᠢᠯᠠᠵᠤ ᠡᠷᠬᠡᠰᠢᠶᠡᠯ ᠳ᠋ᠡᠭᠡᠨ ᠣᠷᠣᠭᠤᠯᠬᠤ ᠭᠡᠰᠡᠨ ᠪᠣᠯᠪᠠᠴᠤ᠂ ᠣᠢᠷᠠᠳᠴᠤᠳ ᠵᠠᠷᠢᠮ ᠳ᠋ᠠᠭᠠᠨ ᠳᠠᠭᠠᠵᠤ᠂ ᠵᠠᠷᠢᠮ ᠳ᠋ᠠᠭᠠᠨ ᠤᠷᠪᠠᠵᠤ ᠪᠠᠢᠪᠠ᠃ 16 ᠳ᠋ᠤᠭᠠᠷ ᠵᠠᠭᠤᠨ ᠤ᠋ ᠲᠠᠪᠢᠭᠠᠳ ᠣᠨ ᠤ᠋ ᠦᠶ᠎ᠡ ᠳ᠋ᠦ᠍᠂ ᠴᠠᠬᠠᠷᠴᠤᠳ ᠠᠯᠲᠠᠨ ᠬᠠᠭᠠᠨ ᠤ᠋ ᠬᠦᠴᠦᠨ ᠳ᠋ᠦ᠍ ᠰᠢᠬᠠᠭᠳᠠᠵᠤ ᠯᠢᠶᠣᠣ ᠳ᠋ᠦᠩ ᠵᠦᠭ ᠨᠡᠭᠦᠵᠡᠢ᠃ ᠣᠢᠷᠠᠳ ᠤ᠋ᠳ ᠡᠨᠡᠬᠦ ᠲᠣᠬᠢᠶᠠᠯ ᠢ᠋ ᠳᠠᠯᠢᠮᠳᠠᠭᠤᠯᠤᠨ ᠲᠠᠷᠠᠬᠠᠢ ᠪᠠᠢᠳᠠᠯ ᠢ᠋ᠶ᠋ᠠᠨ ᠬᠤᠪᠢᠷᠠᠭᠤᠯᠵᠤ᠂ ᠬᠣᠱᠤᠳ᠂ ᠴᠣᠷᠣᠰ᠂ ᠲᠥᠪᠡᠳ᠂ ᠬᠣᠢᠳ᠂ ᠲᠣᠷᠭᠤᠳ᠂ ᠪᠠᠷᠭᠤ᠂ ᠪᠠᠭᠳᠤᠳ ᠵᠡᠷᠭᠡ ᠠᠢᠮᠠᠭ ᠢ᠋ᠶ᠋ᠠᠨ ᠴᠤᠭᠯᠠᠭᠤᠯᠵᠤ᠂ ᠪᠣᠷᠵᠢᠭᠢᠨ ᠣᠪᠣᠭᠲᠤ ᠬᠣᠱᠤᠳ ᠠᠢᠮᠠᠭ ᠤ᠋ᠨ ᠪᠤᠪᠠᠢ ᠮᠢᠷᠵᠨ ᠢ᠋ ᠡᠷᠭᠦᠵᠦ ᠬᠠᠨ ᠪᠣᠯᠭᠠᠭᠠᠳ ᠭᠤᠷᠪᠠᠳᠠᠬᠢ ᠤᠳᠠᠭ᠎ᠠ ᠣᠢᠷᠠᠳ ᠤ᠋ᠨ ᠴᠢᠭᠤᠯᠭᠠᠨ ᠪᠠᠢᠭᠤᠯᠪᠠ᠃《ᠬᠠᠭᠠᠨ ᠤ᠋ ᠲᠥᠷᠥ ᠶ᠋ᠢᠨ ᠭᠠᠳᠠᠭᠠᠳᠤ ᠶ᠋ᠢᠨ ᠴᠢᠬᠤᠯᠠ ᠲᠣᠪᠴᠢ》 ᠳ᠋ᠤ᠌᠂ ᠪᠤᠪᠠᠢ ᠮᠢᠷᠵᠡ ᠡᠴᠡ ᠡᠬᠢᠯᠡᠵᠦ ᠣᠢᠷᠠᠳ ᠤ᠋ᠨ ᠬᠠᠨ ᠭᠡᠮᠡᠨ ᠨᠡᠷᠡᠢᠳᠪᠡ ᠭᠡᠵᠦ ᠲᠡᠮᠳᠡᠭᠯᠡᠵᠡᠢ [10] ᠃ 16 ᠳ᠋ᠤᠭᠠᠷ ᠵᠠᠭᠤᠨ ᠤ᠋ ᠳᠠᠯᠠᠭᠠᠳ ᠣᠨ ᠳ᠋ᠤ᠌᠂ ᠪᠤᠪᠠᠢ ᠮᠢᠷᠵᠠ ᠨᠠᠰᠤ ᠪᠠᠷᠠᠭᠰᠠᠨ ᠳ᠋ᠤ᠌ ᠲᠡᠭᠦᠨ ᠦ᠌ ᠬᠥᠪᠡᠭᠦᠨ ᠬᠠᠨᠠᠢ ᠬᠣᠩᠭᠣᠷ ᠵᠠᠯᠭᠠᠮᠵᠢᠯᠠᠵᠤ ᠣᠢᠷᠠᠳ ᠤ᠋ᠨ ᠬᠠᠨ ᠪᠣᠯᠪᠠ [11]᠃
16 ᠳ᠋ᠤᠭᠠᠷ ᠵᠠᠭᠤᠨ ᠤ᠋ ᠳᠠᠯᠠᠭᠠᠳ ᠣᠨ ᠳ᠋ᠤ᠌᠂ ᠲᠦᠮᠡᠳ ᠦ᠋ᠨ ᠠᠯᠲᠠᠨ ᠬᠠᠭᠠᠨ ᠰᠢᠷ᠎ᠠ ᠶ᠋ᠢᠨ ᠱᠠᠰᠢᠨ ᠢ᠋ ᠰᠢᠲᠦᠭᠰᠡᠨ ᠨᠢ ᠮᠣᠩᠭᠣᠯ ᠤ᠋ᠨ ᠡᠯ᠎ᠡ ᠠᠢᠮᠠᠭ ᠲᠤ᠌ ᠶᠡᠬᠡᠬᠡᠨ ᠨᠥᠯᠥᠭᠡ ᠪᠣᠯᠵᠠᠢ᠃ ᠭᠤᠷᠪᠠᠳᠤᠭᠠᠷ ᠳᠦᠷᠢ ᠶ᠋ᠢᠨ ᠳᠠᠯᠠᠢ ᠯᠠᠮᠠ ᠭᠠᠯ ᠭᠠᠬᠠᠢ ᠵᠢᠯ ᠲᠦᠮᠡᠳ ᠲᠦ᠍ ᠢᠷᠡᠭᠰᠡᠨ ᠳ᠋ᠦ᠍ ᠬᠠᠯᠬ᠎ᠠ ᠶ᠋ᠢᠨ ᠬᠡᠷᠡᠰᠡᠨᠵᠡ ᠵᠠᠯᠢᠢᠷ ᠬᠣᠩ ᠲᠠᠢᠵᠢ ᠶ᠋ᠢᠨ ᠣᠮᠪᠣᠯᠣ ᠠᠪᠠᠲᠠᠢ ᠭᠠᠯᠵᠠᠭᠤ ᠲᠠᠢᠵᠢ ᠪᠠᠰᠠ ᠬᠥᠬᠡᠬᠣᠲᠠ ᠳ᠋ᠤ᠌ ᠥᠭᠡᠳᠡ ᠪᠣᠯᠪᠠ᠃ ᠲᠡᠷᠡ ᠳᠠᠯᠠᠢ ᠯᠠᠮᠠ ᠳ᠋ᠤ᠌ ᠪᠠᠷᠠᠭᠠᠳᠠᠭᠰᠠᠨ ᠳ᠋ᠤ᠌ ᠲᠡᠭᠦᠨ ᠳ᠋ᠦ᠍ ᠸᠴᠢᠷ ᠰᠠᠢᠨ ᠬᠠᠨ [13] ᠬᠡᠮᠡᠬᠦ ᠴᠣᠯᠠ ᠣᠯᠭᠣᠪᠠ᠃ ᠠᠪᠠᠲᠠᠢ ᠰᠠᠢᠨ ᠬᠠᠨ ᠴᠣᠯᠠ ᠣᠯᠤᠭᠰᠠᠨ ᠳ᠋ᠠᠭᠠᠨ ᠪᠠᠶᠠᠷᠯᠠᠵᠤ᠂ ᠰᠦᠷ ᠢ᠋ᠶ᠋ᠡᠨ ᠮᠠᠨᠳᠤᠭᠤᠯᠵᠤ ᠨᠥᠯᠥᠭᠡ ᠪᠡᠨ ᠥᠷᠭᠡᠳᠬᠡᠬᠦ ᠭᠡᠮᠡᠨ ᠮᠥᠨ ᠵᠢᠯ(1587) ᠳ᠋ᠤ᠌ ᠣᠢᠷᠠᠳ ᠢ᠋ ᠳᠠᠢᠯᠠᠪᠠ᠃ ᠬᠣᠶᠠᠷ ᠡᠲᠡᠭᠡᠳ ᠬᠥᠩᠬᠥᠢ ᠵᠠᠪᠠᠬᠠᠨ ᠤ᠋ ᠪᠠᠷᠠᠭᠤᠨᠳᠠᠬᠢ ᠲᠠᠷᠪᠢ ᠠᠭᠤᠯᠠ ᠣᠷᠴᠢᠮ ᠤ᠋ᠨ ᠬᠦᠪᠦᠬᠡᠷ ᠲᠦ᠍ ᠲᠤᠯᠤᠯᠳᠤᠵᠠᠢ᠃《ᠶᠡᠬᠡ ᠰᠢᠷ᠎ᠠ ᠲᠣᠭᠣᠵᠢ》 ᠳ᠋ᠤ᠌ ᠬᠦᠪᠦᠬᠡᠷ ᠦ᠋ᠨ ᠲᠡᠢᠨ ᠳ᠋ᠦ᠍ ᠬᠠᠨᠠᠢ ᠬᠣᠩᠭᠣᠷ ᠢ᠋ ᠰᠠᠢᠨ ᠬᠠᠨ ᠠᠯᠠᠪᠠ ᠭᠡᠵᠦ ᠲᠡᠮᠳᠡᠭᠯᠡᠵᠡᠢ[14]᠃ ᠠᠪᠠᠲᠠᠢ ᠰᠠᠢᠨ ᠬᠠᠨ ᠣᠢᠷᠠᠳ ᠢ᠋ ᠢᠯᠠᠵᠤ ᠥᠪᠡᠷ ᠦ᠋ᠨ ᠬᠥᠪᠡᠭᠦᠨ ᠰᠢᠪᠤᠭᠤᠲᠠᠢ ᠪᠠᠷ ᠣᠢᠷᠠᠳ ᠢ᠋ ᠵᠠᠬᠢᠷᠤᠭᠤᠯᠵᠠᠢ᠃ ᠰᠢᠷ᠎ᠠ ᠬᠤᠯᠤᠭᠠᠨ᠎ᠠ(1588) ᠵᠢᠯ ᠳ᠋ᠦ᠍ ᠠᠪᠠᠲᠠᠢ ᠨᠠᠰᠤ ᠪᠠᠷᠠᠭᠰᠠᠨ ᠳ᠋ᠤ᠌ ᠣᠢᠷᠠᠳ ᠤᠷᠪᠠᠵᠤ ᠰᠢᠪᠤᠭᠤᠲᠠᠢ ᠶ᠋ᠢ ᠠᠯᠠᠪᠠ᠃ ᠬᠠᠯᠬ᠎ᠠ ᠶ᠋ᠢᠨ ᠥᠰᠢᠶ᠎ᠡ ᠠᠪᠬᠤ ᠠ᠋ᠴᠠ ᠬᠢᠴᠢᠶᠡᠭᠰᠡᠨ ᠣᠢᠷᠠᠳ ᠤ᠋ᠳ ᠬᠥᠩᠬᠥᠢ ᠵᠠᠪᠠᠬᠠᠨ ᠳ᠋ᠤ᠌ ᠰᠠᠭᠤᠬᠤ ᠪᠠᠨ ᠪᠣᠯᠢᠵᠤ᠂ ᠶᠡᠷᠡᠭᠡᠳ ᠣᠨ ᠤ᠋ ᠡᠬᠢ ᠪᠡᠷ ᠠᠯᠲᠠᠢ ᠪᠣᠯᠤᠨ ᠲᠠᠩᠨᠤ ᠠᠭᠤᠯᠠ ᠶ᠋ᠢ ᠳᠠᠪᠠᠵᠤ᠂ ᠢᠷᠴᠢᠰ ᠮᠥᠷᠡᠨ ᠪᠣᠯᠤᠨ ᠣᠪᠢ ᠮᠥᠷᠡᠨ ᠦ᠌ ᠳᠡᠭᠡᠳᠦ ᠤᠷᠤᠰᠬᠠᠯ ᠳ᠋ᠤ᠌ ᠮᠠᠯᠵᠢᠬᠤ ᠪᠣᠯᠵᠠᠢ᠃ ᠲᠡᠷᠡ ᠬᠢᠷᠢ ᠳ᠋ᠦ᠍ ᠬᠠᠯᠬ᠎ᠠ ᠶ᠋ᠢᠨ ᠪᠠᠷᠠᠭᠤᠨ ᠭᠠᠷᠤᠨ ᠯᠠᠢᠬᠤᠷ ᠬᠠᠨ ᠠ᠋ᠴᠠ ᠰᠢᠪᠤᠭᠤᠲᠠᠢ ᠶ᠋ᠢᠨ ᠥᠰᠢᠶ᠎ᠡ ᠶ᠋ᠢ ᠠᠪᠬᠤ ᠭᠡᠮᠡᠨ ᠮᠣᠷᠳᠠᠭᠠᠳ ᠡᠮᠢᠯ ᠦ᠋ᠨ ᠠᠳᠠᠭ ᠤ᠋ᠨ ᠰᠢᠷ᠎ᠠ ᠬᠤᠯᠤᠰᠤᠨ ᠳ᠋ᠤ᠌ ᠳᠠᠢᠯᠠᠯᠳᠤᠭᠠᠳ᠂ ᠡᠪᠯᠡᠵᠦ ᠬᠡᠯᠡᠯᠴᠡᠭᠡᠳ ᠡᠶᠡᠳᠡᠪᠡ᠃ ᠳᠠᠷᠠᠭ᠎ᠠ ᠳ᠋ᠤᠨᠢ ᠯᠠᠢᠬᠤᠷ ᠬᠠᠨ ᠤ᠋ ᠦᠶᠡᠯᠢᠳ ᠳᠡᠭᠦᠦ ᠱᠣᠯᠣᠢ ᠤᠪᠠᠰᠢ ᠬᠣᠩ ᠲᠠᠢᠵᠢ ᠬᠦᠴᠦᠷᠬᠡᠭᠵᠢᠪᠡ᠃ 1604 ᠣᠨ ᠳ᠋ᠤ᠌᠂ ᠣᠢᠷᠠᠳ ᠢ᠋ ᠳᠠᠢᠯᠠᠭᠰᠠᠨ ᠪᠣᠯᠪᠠᠴᠤ ᠢᠯᠠᠭᠳᠠᠪᠠ᠃
ᠬᠣᠶᠠᠷ᠂17 ᠳ᠋ᠤᠭᠠᠷ ᠵᠠᠭᠤᠨ ᠤ᠋ ᠡᠬᠢ ᠪᠡᠷ ᠬᠢ ᠣᠢᠷᠠᠳ ᠤ᠋ᠨ ᠬᠥᠳᠡᠯᠭᠡᠭᠡᠨ
17 ᠳ᠋ᠤᠭᠠᠷ ᠵᠠᠭᠤᠨ ᠤ᠋ ᠡᠬᠢᠨ ᠳ᠋ᠦ᠍ ᠣᠢᠷᠠᠳ ᠤ᠋ᠨ ᠡᠯ᠎ᠡ ᠠᠢᠮᠠᠭ ᠤ᠋ᠨ ᠬᠠᠯᠬ᠎ᠠ ᠶ᠋ᠢᠨ ᠯᠠᠢᠬᠤᠷ ᠬᠠᠨ ᠪᠣᠯᠤᠨ ᠱᠣᠯᠣᠢ ᠤᠪᠠᠰᠢ ᠬᠣᠩ ᠲᠠᠢᠵᠢ ᠶ᠋ᠢᠨ ᠳᠠᠷᠤᠯᠲᠠ ᠳᠣᠣᠷ᠎ᠠ᠂ ᠠᠷᠭ᠎ᠠ ᠪᠤᠰᠤ ᠢᠷᠴᠢᠰ ᠮᠥᠷᠡᠨ ᠪᠣᠯᠤᠨ ᠣᠪᠢ ᠮᠥᠷᠡᠨ ᠢ᠋ ᠳᠠᠭᠠᠵᠤ ᠠᠭᠠᠵᠢᠮ ᠢ᠋ᠶ᠋ᠠᠷ ᠪᠠᠷᠠᠭᠤᠨ ᠬᠣᠢᠲᠤ ᠵᠦᠭ ᠨᠡᠭᠦᠳᠡᠯᠯᠡᠵᠡᠢ᠃
ᠲᠡᠷᠡ ᠬᠢᠷᠢ ᠳ᠋ᠦ᠍ ᠲᠣᠷᠭᠤᠳ ᠠᠢᠮᠠᠭ ᠤ᠋ᠨ ᠬᠣ ᠥᠷᠯᠥᠭ ᠵᠠᠢᠰᠠᠩ ᠨᠠᠭᠤᠷ ᠤ᠋ᠨ ᠠᠷᠤ ᠳ᠋ᠠᠬᠢ ᠢᠷᠴᠢᠰ ᠦ᠋ᠨ ᠳᠤᠮᠳᠠ ᠤᠷᠤᠰᠬᠠᠯ ᠪᠣᠯᠤᠨ ᠢᠰᠢᠮ ᠭᠣᠣᠯ ᠤ᠋ᠨ ᠬᠣᠭᠣᠷᠣᠨᠳᠣ ᠮᠠᠯᠵᠢᠵᠤ ᠪᠠᠢᠪᠠ᠃ ᠳᠥᠷᠪᠡᠳ ᠠᠢᠮᠠᠭ ᠤ᠋ᠨ ᠳᠠᠯᠠᠢ ᠲᠠᠢᠵᠢ ᠬᠠᠷᠢᠶᠠᠲᠤ ᠪᠠᠨ ᠳᠠᠭᠠᠭᠤᠯᠤᠨ ᠢᠷᠴᠢᠰ ᠦ᠋ᠨ ᠳᠡᠭᠡᠳᠦ ᠤᠷᠤᠰᠬᠠᠯ ᠤ᠋ᠨ ᠵᠡᠭᠦᠨ ᠡᠷᠭᠢ ᠠ᠋ᠴᠠ ᠶᠠᠮᠤᠰᠢ ᠨᠠᠭᠤᠷ ᠣᠷᠴᠢᠮ ᠮᠠᠯᠵᠢᠵᠤ ᠪᠠᠢᠭᠰᠠᠨ᠃ ᠬᠣᠱᠤᠳ ᠤ᠋ᠨ ᠠᠪᠠᠢ ᠬᠠᠲᠤᠨ ᠬᠡᠦᠬᠡᠳ ᠲᠡᠢ ᠪᠡᠨ ᠳᠥᠷᠪᠡᠳ ᠦ᠋ᠨ ᠪᠠᠷᠠᠭᠤᠨ ᠲᠠᠯ᠎ᠠ᠂ ᠳᠠᠷᠤᠢ ᠢᠷᠴᠢᠰ ᠮᠥᠷᠡᠨ ᠦ᠌ ᠳᠡᠭᠡᠳᠦ ᠤᠷᠤᠰᠬᠠᠯ ᠤ᠋ᠨ ᠪᠠᠷᠠᠭᠤᠨ ᠲᠠᠯ᠎ᠠ ᠳ᠋ᠤ᠌ ᠮᠠᠯᠵᠢᠵᠤ ᠪᠠᠢᠪᠠ᠃ ᠴᠣᠷᠣᠰ ᠤ᠋ᠨ ᠬᠠᠷ᠎ᠠ ᠬᠣᠯᠠ ᠪᠣᠯᠤᠨ ᠬᠣᠢᠳ ᠠᠢᠮᠠᠭ ᠳᠡᠭᠡᠷᠡᠬᠢ ᠭᠤᠷᠪᠠᠨ ᠠᠢᠮᠠᠭ ᠤ᠋ᠨ ᠵᠡᠭᠦᠨ ᠲᠠᠯ᠎ᠠ᠂ ᠳᠠᠷᠤᠢ ᠣᠪᠢ ᠭᠣᠣᠯ ᠤ᠋ᠨ ᠳᠡᠭᠡᠳᠦ ᠤᠷᠤᠰᠬᠠᠯ ᠤ᠋ᠨ ᠪᠠᠷᠠᠭᠤᠨ ᠲᠠᠯ᠎ᠠ ᠳ᠋ᠤ᠌ ᠮᠠᠯᠵᠢᠳᠠᠭ ᠪᠣᠯᠵᠠᠢ᠃
ᠤᠢᠷᠠᠳᠴᠤᠳ ᠰᠢᠪᠡᠷᠢ ᠶ᠋ᠢᠨ ᠡᠮᠦᠨᠡᠲᠦ ᠬᠡᠰᠡᠭ ᠦ᠋ᠨ ᠲᠠᠯ᠎ᠠ ᠨᠤᠲᠤᠭ ᠲᠤ ᠢᠷᠡᠭᠰᠡᠨ ᠦ᠌ ᠳᠠᠷᠠᠭ᠎ᠠ ᠬᠢᠷᠭᠢᠰ᠂ ᠲᠠᠲ᠋ᠠᠷ᠂ ᠪᠠᠯᠠᠪᠢᠨ᠂ ᠮᠠᠳ ᠵᠡᠷᠭᠡ ᠲᠦᠷᠺ ᠬᠡᠯᠡᠲᠡᠨ ᠦ᠌ ᠣᠯᠠᠨ ᠠᠢᠮᠠᠭ ᠤ᠋ᠳ ᠲᠠᠢ ᠶᠠᠪᠤᠯᠴᠠᠳᠠᠭ ᠪᠣᠯᠪᠠᠴᠤ ᠬᠥᠮᠦᠨ ᠦ᠌ ᠲᠣᠭ᠎ᠠ ᠴᠥᠭᠡᠨ ᠪᠥᠭᠡᠳ ᠬᠦᠴᠦ ᠪᠡᠷ ᠪᠠᠭᠤᠷᠢ ᠡᠳᠡᠭᠡᠷ ᠠᠢᠮᠠᠭ ᠦᠨᠳᠦᠰᠦᠲᠡᠨ ᠨᠢ ᠤᠢᠷᠠᠴᠤᠳ ᠲᠤ ᠰᠦᠷᠳᠡᠭᠦᠯᠦᠯ ᠪᠣᠯᠵᠤ ᠠᠷᠠᠢ ᠴᠢᠳᠠᠬᠤ ᠦᠭᠡᠢ ᠪᠠᠢᠪᠠ᠃ ᠤᠢᠷᠠᠳᠴᠤᠳ ᠰᠢᠪᠢᠷᠢ ᠶ᠋ᠢᠨ ᠡᠮᠦᠨᠡᠲᠦ ᠬᠡᠰᠡᠭ ᠦ᠋ᠨ ᠲᠠᠯ᠎ᠠ ᠨᠤᠲᠤᠭ ᠲᠤ ᠠᠮᠤᠷ ᠲᠦᠪᠰᠢᠨ ᠠᠵᠤ ᠲᠥᠷᠥᠬᠦ ᠶ᠋ᠢ ᠬᠦᠰᠡᠵᠦ ᠪᠠᠢᠭᠰᠠᠨ ᠴᠤ᠌ ᠣᠢᠷ᠎ᠠ ᠵᠡᠷᠭᠡᠯᠡᠳᠡᠭᠡ ᠣᠷᠣᠰᠢᠬᠤ ᠬᠠᠰᠠᠭ ᠪᠣᠯᠤᠨ ᠣᠷᠣᠰᠴᠤᠳ ᠨᠢ ᠲᠡᠳᠡᠨ ᠢ᠋ ᠶᠡᠷᠦ ᠠᠮᠤᠷ ᠪᠠᠢᠯᠭᠠᠬᠤ ᠦᠭᠡᠢ ᠪᠠᠢᠪᠠ᠃ ᠥᠪᠡᠷ ᠦ᠋ᠨ ᠢ᠋ᠶ᠋ᠡᠨ ᠠᠮᠤᠷ ᠲᠦᠪᠰᠢᠨ ᠢ᠋ ᠪᠠᠲᠤᠯᠠᠬᠤ ᠶ᠋ᠢᠨ ᠲᠤᠯᠠᠳᠠ ᠣᠪᠢ ᠭᠣᠣᠯ ᠤ᠋ᠨ ᠳᠡᠭᠡᠳᠦ ᠤᠷᠤᠰᠬᠠᠯ ᠳ᠋ᠠᠬᠢ ᠴᠣᠷᠣᠰ ᠤ᠋ᠨ ᠬᠡᠷᠡᠭ ᠲᠦ᠍ ᠳᠤᠷᠠᠲᠠᠢ ᠬᠠᠷ᠎ᠠ ᠬᠣᠯᠠ ᠨᠣᠶᠠᠨ ᠪᠠᠯᠠᠪᠢᠨ ᠪᠣᠯᠤᠨ ᠲᠠᠲ᠋ᠠᠷ ᠬᠥᠮᠦᠨ ᠬᠣᠯᠪᠣᠭᠠᠯᠠᠨ ᠣᠷᠣᠰ ᠢ᠋ ᠳᠣᠪᠲᠣᠯᠤᠨ ᠴᠣᠬᠢᠵᠠᠢ᠃ ᠭᠡᠲᠡᠯ᠎ᠡ ᠣᠷᠣᠰ ᠲᠠᠢ ᠮᠥᠷᠭᠥᠯᠳᠦᠭᠡᠨ ᠭᠠᠷᠬᠤ ᠠ᠋ᠴᠠ ᠮᠠᠰᠢ ᠬᠢᠴᠢᠶᠡᠭᠰᠡᠨ ᠲᠣᠷᠭᠤᠳ ᠤ᠋ᠨ ᠬᠣ ᠥᠷᠯᠥᠭ ᠪᠣᠯᠤᠨ ᠳᠥᠷᠪᠡᠳ ᠦ᠋ᠨ ᠳᠠᠯᠠᠢ ᠲᠠᠢᠱ᠌ᠢ ᠨᠠᠷ ᠵᠠᠯᠭᠠᠪᠠᠷ ᠬᠥᠮᠦᠨ ᠲᠣᠮᠢᠯᠠᠨ ᠣᠷᠣᠰᠴᠤᠳ ᠲᠠᠢ ᠬᠠᠷᠢᠯᠴᠠᠨ ᠬᠡᠯᠡᠯᠴᠡᠭᠡᠷ ᠬᠢᠵᠦ ᠪᠠᠢᠪᠠ᠃ ᠣᠷᠣᠰ ᠬᠥᠮᠦᠨ ᠡᠨᠡᠬᠦ ᠲᠠᠰᠢᠷᠠᠮ ᠢ᠋ ᠳᠠᠯᠢᠮᠳᠠᠭᠤᠯᠤᠨ᠂ ᠰᠢᠨᠡᠬᠡᠨ ᠨᠡᠭᠦᠵᠦ ᠢᠷᠡᠭᠰᠡᠨ ᠣᠢᠷᠠᠳ ᠢ᠋ ᠲᠡᠳᠡᠨ ᠠᠪᠬᠤ ᠪᠤᠶᠤ ᠡᠷᠬᠡᠰᠢᠶᠡᠯ ᠳ᠋ᠡᠭᠡᠨ ᠣᠷᠣᠭᠤᠯᠬᠤ ᠪᠠᠷ ᠠᠷᠭ᠎ᠠ ᠪᠦᠬᠦᠨ ᠢ᠋ ᠰᠦᠪᠡᠭᠴᠢᠯᠡᠳᠡᠭ ᠪᠠᠢᠵᠠᠢ᠃
ᠡᠨᠡᠬᠦ ᠬᠤᠭᠤᠴᠠᠭᠠᠨ ᠳ᠋ᠤ᠌ ᠣᠢᠷᠠᠳ ᠤ᠋ᠨ ᠪᠦᠷᠢᠯᠳᠦᠬᠦᠨ ᠦ᠌ ᠣᠯᠠᠨ ᠠᠢᠮᠠᠭ ᠤ᠋ᠨ ᠳᠣᠲᠣᠭᠠᠳᠤ ᠳ᠋ᠠᠭᠠᠨ ᠬᠡᠳᠦᠢᠪᠡᠷ ᠮᠠᠷᠭᠤᠭᠠᠨ ᠵᠥᠷᠢᠴᠡᠯ ᠬᠠᠶᠠ ᠭᠠᠷᠴᠤ ᠪᠠᠢᠭᠰᠠᠨ ᠪᠣᠯᠪᠠᠴᠤ᠂ ᠡᠯ᠎ᠡ ᠠᠢᠮᠠᠭ ᠤ᠋ᠨ ᠬᠢᠨ ᠬᠣᠭᠣᠷᠣᠨᠳᠣ ᠪᠠᠨ ᠦᠨᠳᠦᠰᠦᠨ ᠳ᠋ᠡᠭᠡᠨ ᠪᠦᠯᠬᠦᠮᠳᠡᠯ ᠲᠡᠢ ᠪᠠᠢᠪᠠ᠃ ᠶᠠᠭ ᠡᠢᠮᠦ ᠡᠴᠡ1608 ᠣᠨ ᠳ᠋ᠤ᠌ ᠬᠠᠰᠠᠭ ᠪᠣᠯᠤᠨ ᠱᠣᠯᠣᠢ ᠤᠪᠠᠰᠢ ᠬᠣᠩ ᠲᠠᠢᠵᠢ ᠶ᠋ᠢᠨ ᠵᠦᠭ ᠣᠢᠷᠠᠳ ᠤ᠋ᠳ ᠠᠮᠵᠢᠯᠲᠠ ᠲᠠᠢ ᠪᠠᠷ ᠳᠠᠢᠯᠠᠵᠤ ᠥᠩᠭᠡᠷᠡᠭᠰᠡᠨ ᠪᠥᠭᠡᠳ ᠣᠮᠠᠷᠬᠠᠭ ᠱᠣᠯᠣᠢ ᠤᠪᠠᠰᠢ ᠬᠣᠩ ᠲᠠᠢᠵᠢ ᠶ᠋ᠢ ᠡᠪᠦᠯᠵᠢᠶᠡᠨ ᠦ᠌ ᠭᠠᠵᠠᠷ ᠠ᠋ᠴᠠ ᠨᠢ ᠬᠥᠭᠡᠭᠡᠵᠦ ᠶᠠᠪᠤᠭᠤᠯᠵᠤ ᠪᠠᠢᠭᠰᠠᠨ ᠶᠤᠮ᠃
1609 ᠣᠨ ᠤ᠋ ᠭᠤᠷᠪᠠᠳᠤᠭᠠᠷ ᠰᠠᠷ᠎ᠠ ᠳ᠋ᠤ᠌᠂ ᠰᠢᠪᠡᠷᠢ ᠶ᠋ᠢᠨ ᠲᠠᠯ᠎ᠠ ᠬᠣᠲᠠ ᠳ᠋ᠤ᠌ ᠰᠠᠭᠤᠬᠤ ᠣᠷᠣᠰ ᠤ᠋ᠨ ᠵᠠᠩᠵᠤᠨ ᠤ᠋ ᠲᠣᠮᠢᠯᠠᠭᠰᠠᠨ ᠡᠯᠴᠢ ᠬᠡᠯᠦᠫᠢᠩ ᠣᠢᠷᠠᠳ ᠲᠤ᠌ ᠢᠷᠡᠵᠡᠢ᠃ ᠲᠡᠷᠡ ᠣᠢᠷᠠᠳ ᠤ᠋ᠨ ᠲᠠᠢᠵᠢ ᠨᠠᠷ ᠢ᠋ ᠣᠷᠣᠰ ᠤ᠋ᠨ ᠬᠠᠷᠢᠶᠠᠲᠤ ᠪᠣᠯᠵᠤ᠂ ᠠᠯᠪᠠ ᠭᠠᠢᠯᠢ ᠲᠤᠰᠢᠶᠠᠭᠲᠤᠨ ᠭᠡᠵᠦ ᠱᠠᠭᠠᠷᠳᠠᠭᠰᠠᠨ ᠪᠥᠭᠡᠳ ᠬᠠᠷᠢᠶᠠᠲᠤ ᠦᠯᠦ ᠪᠣᠯᠪᠠᠰᠤ ᠡᠨᠳᠡ ᠰᠠᠭᠤᠯᠭᠠᠬᠤ ᠦᠭᠡᠢ ᠭᠡᠪᠡ ᠃ ᠬᠣᠱᠤᠳ ᠠᠢᠮᠠᠭ ᠢ᠋ ᠠᠪᠠᠢ ᠬᠠᠲᠤᠨ ᠣᠢᠷᠠᠳ ᠤ᠋ᠨ ᠣᠯᠠᠨ ᠲᠠᠢᠵᠢ ᠨᠠᠷ ᠢ᠋ ᠲᠥᠯᠥᠭᠡᠯᠡᠵᠦ᠄《ᠪᠢᠳᠡ ᠪᠣᠯ ᠮᠠᠯᠵᠢᠬᠤ ᠦᠨᠳᠦᠰᠦᠲᠡᠨ᠂ ᠲᠣᠭᠲᠠᠭᠰᠠᠨ ᠰᠠᠭᠤᠷᠢ ᠦᠭᠡᠢ᠂ ᠬᠠᠮᠢᠭ᠎ᠠ ᠮᠠᠯᠵᠢᠶ᠎ᠠ ᠭᠡᠪᠡᠯ ᠲᠡᠨᠳᠡ ᠮᠠᠯᠵᠢᠨ᠎ᠠ》 [15] ᠭᠡᠵᠦ ᠢᠯᠡᠷᠬᠡᠢᠯᠡᠵᠡᠢ᠃ ᠲᠤᠬᠠᠢ ᠶ᠋ᠢᠨ ᠴᠠᠭ ᠲᠤ᠌ ᠣᠢᠷᠠᠳ ᠤ᠋ᠨ ᠣᠯᠠᠨ ᠲᠠᠢᠵᠢ ᠨᠠᠷ ᠶᠠᠭ ᠰᠠᠢᠬᠠᠨ ᠴᠢᠭᠤᠯᠭᠠᠨ ᠬᠤᠷᠠᠯ ᠬᠢᠵᠦ ᠪᠠᠢᠭᠰᠠᠨ ᠶᠤᠮ ᠃ ᠡᠨᠡᠬᠦ ᠴᠢᠭᠤᠯᠭᠠᠨ ᠢ᠋ᠶ᠋ᠠᠷ ᠣᠢᠷᠠᠳ ᠤ᠋ᠨ ᠳᠣᠲᠣᠭᠠᠳᠤ ᠶ᠋ᠢᠨ ᠬᠡᠷᠡᠭ ᠶᠠᠪᠤᠳᠠᠯ ᠪᠣᠯᠤᠨ ᠭᠠᠳᠠᠭᠠᠳᠤ ᠶ᠋ᠢᠨ ᠳᠠᠷᠤᠯᠲᠠ ᠶ᠋ᠢ ᠬᠡᠷᠬᠢᠬᠦ ᠲᠤᠬᠠᠢ ᠶᠠᠷᠢᠯᠴᠠᠵᠤ ᠪᠠᠢᠪᠠ᠃ ᠴᠢᠭᠤᠯᠭᠠᠨ ᠢ᠋ ᠡᠷᠬᠢᠯᠡᠬᠦ ᠪᠠ ᠲᠣᠯᠣᠭᠠᠢ ᠮᠡᠳᠡᠵᠦ ᠪᠠᠢᠭᠰᠠᠨ ᠨᠢ ᠨᠢᠭᠡᠨᠲᠡ ᠢᠯᠠᠭᠳᠠᠭᠰᠠᠨ ᠬᠠᠨᠠᠢ ᠬᠣᠩᠭᠣᠷ (ᠪᠠᠢᠪᠠᠭᠠᠰ ᠤ᠋ᠨ ᠡᠴᠢᠭᠡ) ᠶ᠋ᠢᠨ ᠪᠡᠯᠪᠡᠰᠦᠨ ᠡᠬᠡᠨᠡᠷ ᠠᠪᠠᠢ ᠬᠠᠲᠤᠨ ᠪᠠᠢᠯ᠎ᠠ᠃ ᠬᠠᠨᠠᠢ ᠬᠦᠪᠦᠬᠡᠷ ᠦ᠋ᠨ ᠪᠠᠢᠷᠢ ᠳ᠋ᠤ᠌ ᠠᠯᠠᠭᠳᠠᠬᠤ ᠦᠶ᠎ᠡ ᠳ᠋ᠦ᠍ ᠪᠠᠢᠪᠠᠭᠠᠰ ᠬᠠᠷᠠᠬᠠᠨ ᠨᠠᠰᠤ ᠪᠠᠭ᠎ᠠ ᠤᠴᠢᠷ ᠴᠢᠭᠤᠯᠭᠠᠨ ᠬᠠᠨ ᠤ᠋ ᠲᠤᠰᠢᠶᠠᠯ ᠳ᠋ᠤ᠌ ᠰᠠᠭᠤᠭᠠᠳᠤᠢ ᠪᠠᠢᠪᠠ᠃ ᠨᠥᠯᠥᠭᠡ ᠶᠡᠬᠡ ᠲᠡᠢ ᠠᠪᠠᠢ ᠬᠠᠲᠤᠨ ᠣᠯᠠᠨ ᠲᠠᠢᠵᠢ ᠨᠠᠷ ᠤ᠋ᠨ ᠬᠦᠷᠢᠶᠡᠯᠡᠯ ᠢ᠋ᠶ᠋ᠡᠷ ᠨᠡᠯᠢᠶᠡᠳ ᠤᠷᠲᠤ ᠬᠤᠭᠤᠴᠠᠭᠠᠨ ᠳ᠋ᠤ᠌ ᠣᠢᠷᠠᠳ ᠤ᠋ᠨ ᠴᠢᠭᠤᠯᠭᠠᠨ ᠢ᠋ ᠡᠷᠬᠢᠯᠡᠵᠦ ᠪᠠᠢᠵᠠᠢ᠃ 《ᠽᠠᠶ᠎ᠠ ᠪᠠᠭᠳᠢᠳᠠ ᠶ᠋ᠢᠨ ᠨᠠᠮᠲᠠᠷ》 ᠲᠤ᠌᠂ ᠬᠣᠱᠤᠳ ᠤ᠋ᠨ ᠸᠴᠢᠷᠲᠦ ᠰᠡᠴᠡᠨ ᠬᠠᠨ ᠪᠣᠯᠤᠨ ᠽᠠᠶ᠎ᠠ ᠪᠠᠭᠳᠢᠲᠠ ᠬᠣᠶᠠᠭᠤᠯᠠ ᠡᠨᠡᠬᠦ ᠨᠡᠷ᠎ᠡ ᠠᠯᠳᠠᠷ ᠲᠠᠢ ᠠᠪᠠᠢ ᠬᠠᠲᠤᠨ ᠢ᠋ ᠬᠦᠨᠳᠦᠳᠬᠡᠨ ᠮᠥᠷᠥᠭᠡᠳᠬᠦ ᠰᠡᠳᠬᠢᠯ ᠢ᠋ᠶ᠋ᠡᠨ ᠢᠯᠡᠳᠬᠡᠵᠦ ᠪᠠᠢᠭᠰᠠᠨ ᠶᠤᠮ᠃
1608 ᠣᠨ ᠳ᠋ᠤ᠌᠂ ᠣᠢᠷᠠᠳ ᠤ᠋ᠳ ᠤᠪᠠᠰᠢ ᠬᠣᠩ ᠲᠠᠢᠵᠢ ᠶ᠋ᠢ ᠢᠯᠠᠭᠰᠠᠨ ᠤ᠋ ᠳᠠᠷᠠᠭ᠎ᠠ᠂ ᠣᠷᠣᠰ ᠤ᠋ᠨ ᠡᠲᠡᠭᠡᠳ ᠲᠦ᠍ ᠬᠠᠨᠳᠤᠬᠤ ᠣᠪᠣᠷ ᠨᠢ ᠪᠠᠰᠠ ᠬᠠᠲᠠᠭᠤᠷᠠᠵᠠᠢ᠃ 1609 ᠣᠨ ᠳ᠋ᠤ᠌᠂ ᠴᠢᠭᠤᠯᠭᠠᠨ ᠤ᠋ ᠡᠵᠡᠨ ᠠᠪᠠᠢ ᠬᠠᠲᠤᠨ ᠣᠷᠣᠰ ᠤ᠋ᠨ ᠡᠯᠴᠢ ᠳ᠋ᠦ᠍《ᠪᠢᠳᠡ ᠤᠤᠯ ᠠ᠋ᠴᠠ ᠶᠠᠮᠠᠷ ᠴᠤ᠌ ᠬᠥᠮᠦᠨ ᠳ᠋ᠦ᠍ ᠠᠯᠪᠠ ᠲᠤᠰᠢᠶᠠᠭ᠎ᠠ ᠦᠭᠡᠢ᠂ ᠬᠠᠷᠢᠨ ᠴᠠᠭᠠᠨ ᠬᠠᠯᠢᠮᠠᠭ ᠠ᠋ᠴᠠ ᠠᠯᠪᠠ ᠠᠪᠳᠠᠭ᠃ ᠡᠭᠦᠨ ᠡᠴᠡ ᠬᠣᠢᠰᠢ ᠬᠡᠨ ᠳ᠋ᠦ᠍ ᠴᠦ᠍ ᠠᠯᠪᠠ ᠲᠤᠰᠢᠶᠠᠬᠤ ᠦᠭᠡᠢ》 [16] ᠭᠡᠮᠡᠨ ᠢᠯᠡᠳᠬᠡᠵᠦ ᠪᠠᠢᠪᠠ᠃ ᠤᠪᠠᠰᠢ ᠬᠣᠩ ᠲᠠᠢᠵᠢ ᠶ᠋ᠢ ᠢᠯᠠᠭᠰᠠᠨ ᠲᠦᠷ ᠴᠠᠭ ᠤ᠋ᠨ ᠢᠯᠠᠯᠲᠠ ᠨᠢ ᠣᠢᠷᠠᠳ ᠤ᠋ᠨ ᠠᠮᠤᠷ ᠲᠦᠪᠰᠢᠨ ᠢ᠋ ᠡᠭᠦᠷᠢᠳᠡ ᠪᠠᠲᠤᠯᠠᠭᠰᠠᠨ ᠪᠢᠰᠢ᠂ ᠬᠦᠴᠦᠷᠬᠡᠭ ᠮᠥᠷᠲᠡᠭᠡᠨ ᠣᠮᠣᠷᠬᠠᠭ ᠤᠪᠠᠰᠢ ᠬᠣᠩ ᠲᠠᠢᠵᠢ ᠲᠦᠷ ᠴᠠᠭ ᠤ᠋ᠨ ᠢᠯᠠᠭᠳᠠᠯ ᠳ᠋ᠠᠭᠠᠨ ᠶᠠᠭᠠᠬᠢᠭᠰᠠᠨ ᠴᠤ᠌ ᠵᠣᠷᠢᠭ ᠮᠣᠬᠣᠬᠤ ᠦᠭᠡᠢ ᠶᠦ᠍ᠮ᠃
1610 ᠣᠨ ᠠ᠋ᠴᠠ1615 ᠣᠨ ᠤ᠋ ᠬᠣᠭᠣᠷᠣᠨᠳᠣ ᠲᠡᠷᠡ ᠣᠢᠷᠠᠳ ᠤ᠋ᠨ ᠵᠦᠭ ᠳᠠᠭᠠᠷᠢᠯᠲᠠ ᠬᠢᠭᠰᠡᠨ ᠨᠢ ᠯᠠᠪᠲᠠᠢ᠃ ᠤᠴᠢᠷ ᠨᠢ ᠡᠳᠡᠭᠡᠷ ᠣᠨ ᠨᠤᠭᠤᠳ ᠲᠤ᠌ ᠣᠷᠣᠰ ᠮᠣᠩᠭᠣᠯ ᠤ᠋ᠨ ᠡᠯᠴᠢ ᠶ᠋ᠢᠨ ᠬᠠᠷᠢᠴᠠᠭ᠎ᠠ ᠲᠠᠰᠤᠷᠠᠭᠰᠠᠨ ᠪᠣᠯᠬᠣᠷ᠂ ᠡᠨᠡᠬᠦ ᠬᠤᠭᠤᠴᠠᠭᠠᠨ ᠳ᠋ᠤ᠌ ᠭᠠᠷᠤᠭᠰᠠᠨ ᠬᠡᠷᠡᠭ ᠶᠠᠪᠤᠳᠠᠯ ᠤ᠋ᠳ ᠢ᠋ ᠰᠢᠪᠡᠷᠢ ᠶ᠋ᠢᠨ ᠳᠠᠩᠰᠠ ᠮᠠᠲ᠋ᠧᠷᠢᠶᠠᠯ ᠳ᠋ᠤ᠌ ᠬᠠᠷᠠᠭᠤᠯᠤᠭᠰᠠᠨ ᠦᠭᠡᠢ᠃ ᠲᠡᠷᠡ ᠬᠢᠷᠢ ᠳ᠋ᠦ᠍ ᠣᠢᠷᠠᠳᠴᠤᠳ ᠠᠮᠤᠷ ᠲᠦᠪᠰᠢᠨ ᠮᠠᠯᠵᠢᠬᠤ ᠪᠠᠷ ᠪᠣᠳᠣᠯᠬᠢᠯᠠᠵᠤ᠂ ᠠᠷᠭ᠎ᠠ ᠪᠤᠰᠤ ᠤᠪᠠᠰᠢ ᠬᠣᠩ ᠲᠠᠢᠵᠢ ᠲᠠᠢ ᠡᠶᠡᠳᠡᠵᠦ ᠶᠣᠰᠣᠨ ᠤ᠋ ᠲᠡᠳᠦᠢ ᠠᠯᠪᠠ ᠭᠠᠢᠯᠢ ᠲᠤᠰᠢᠶᠠᠬᠤ ᠪᠣᠯᠵᠠᠢ᠃ 1616 ᠣᠨ ᠳ᠋ᠤ᠌᠂ ᠲᠦᠪᠸᠷᠰᠺᠸᠡ ᠬᠣᠲᠠ ᠶ᠋ᠢᠨ ᠪᠦᠭᠦᠳᠡ ᠶ᠋ᠢ ᠵᠠᠬᠢᠷᠤᠭᠴᠢ ᠶ᠋ᠢᠨ ᠲᠣᠮᠢᠯᠠᠭᠰᠠᠨ ᠡᠯᠴᠢ ᠲᠣᠮᠢᠷᠺᠸᠡ ᠪᠸᠲ᠋ᠷᠤᠪ ᠤ᠋ᠨ ᠮᠡᠳᠡᠭᠦᠯᠦᠯᠲᠡ ᠨᠢ ᠡᠨᠡ ᠶᠠᠪᠤᠳᠠᠯ ᠢ᠋ ᠨᠤᠲᠠᠯᠠᠪᠠ᠃ ᠳᠥᠷᠪᠡᠳ ᠦ᠋ᠨ ᠳᠠᠯᠠᠢ ᠲᠠᠢᠱ᠌ᠢ ᠶ᠋ᠢᠨ ᠲᠡᠨᠳᠡ ᠤᠪᠠᠰᠢ ᠬᠣᠩ ᠲᠠᠢᠵᠢ ᠶ᠋ᠢᠨ ᠢᠷᠡᠭᠦᠯᠦᠭᠰᠡᠨ ᠠᠯᠪᠠ ᠬᠤᠷᠢᠶᠠᠬᠤ ᠬᠥᠮᠦᠨ ᠢ᠋ ᠲᠡᠷᠡ ᠣᠯᠵᠤ ᠦᠵᠡᠪᠡ᠃ ᠲᠣᠭᠲᠠᠭᠠᠯ ᠢ᠋ᠶ᠋ᠠᠷ ᠣᠢᠷᠠᠳ ᠤ᠋ᠨ ᠶᠡᠬᠡ ᠲᠠᠢᠵᠢ ᠨᠠᠷ ᠤᠪᠠᠰᠢ ᠬᠣᠩ ᠲᠠᠢᠵᠢ ᠳ᠋ᠤ᠌ ᠵᠢᠯ ᠪᠦᠷᠢ ᠬᠣᠶᠠᠷ ᠵᠠᠭᠤᠨ ᠲᠡᠮᠡᠭᠡ᠂ ᠮᠣᠷᠢ ᠬᠣᠨᠢ ᠮᠢᠩᠭᠠᠨ ᠲᠣᠯᠣᠭᠠᠢ ᠶ᠋ᠢ ᠠᠯᠪᠠ ᠪᠣᠯᠭᠠᠨ ᠲᠤᠰᠢᠶᠠᠳᠠᠭ ᠪᠠᠢᠪᠠ [17] ᠃
ᠣᠢᠷᠠᠳᠴᠤᠳ ᠤᠪᠠᠰᠢ ᠬᠣᠩ ᠲᠠᠢᠵᠢ ᠳ᠋ᠤ᠌ ᠠᠯᠪᠠ ᠲᠤᠰᠢᠶᠠᠵᠤ ᠪᠠᠢᠬᠤ ᠦᠶ᠎ᠡ ᠳ᠋ᠦ᠍ ᠂ ᠬᠣᠱᠤᠳ ᠤ᠋ᠨ ᠪᠠᠢᠪᠠᠭᠠᠰ (ᠬᠠᠨᠠᠢ ᠬᠣᠩᠭᠣᠷ ᠤ᠋ᠨ ᠬᠥᠪᠡᠭᠦᠨ) ᠡᠷᠭᠦᠭᠳᠡᠵᠦ ᠣᠢᠷᠠᠳ ᠤ᠋ᠨ ᠴᠢᠭᠤᠯᠭᠠᠨ ᠬᠠᠨ ᠪᠣᠯᠪᠠ᠃ 1616 ᠣᠨ ᠳ᠋ᠤ᠌᠂ ᠲᠡᠷᠡ ᠴᠢᠭᠤᠯᠭᠠᠨ ᠬᠠᠨ ᠤ᠋ ᠬᠤᠪᠢ ᠪᠠᠷ ᠣᠢᠷᠠᠳ ᠤ᠋ᠨ ᠴᠢᠭᠤᠯᠭᠠᠨ ᠬᠤᠷᠠᠯ ᠢ᠋ ᠬᠢᠵᠦ ᠪᠠᠢᠭᠰᠠᠨ᠃ ᠲᠤᠬᠠᠢ ᠶ᠋ᠢᠨ ᠦᠶ᠎ᠡ ᠳ᠋ᠦ᠍ ᠲᠣᠷᠭᠤᠳ ᠤ᠋ᠨ ᠮᠡᠷᠭᠡᠨ ᠲᠠᠮᠠᠨᠠ ᠶ᠋ᠢᠨ ᠲᠠᠨᠢᠯᠴᠠᠭᠤᠯᠭ᠎ᠠ ᠪᠠᠷ ᠬᠠᠯᠬ᠎ᠠ ᠣᠷᠣᠨ ᠳ᠋ᠤ᠌ ᠰᠢᠷ᠎ᠠ ᠶ᠋ᠢᠨ ᠱᠠᠰᠢᠨ ᠤ᠋ ᠬᠥᠳᠡᠯᠭᠡᠭᠡᠨ ᠬᠢᠵᠦ ᠪᠠᠢᠭᠰᠠᠨ ᠮᠠᠢᠳᠠᠷᠢ ᠬᠤᠲᠤᠭᠲᠤ ᠴᠠᠭᠠᠨ ᠨᠣᠮ ᠤ᠋ᠨ ᠬᠠᠨ ᠬᠡᠳᠦᠢᠨ ᠣᠢᠷᠠᠳ ᠲᠤ᠌ ᠢᠷᠡᠵᠦ ᠬᠥᠳᠡᠯᠭᠡᠭᠡᠨ ᠬᠢᠪᠡ᠃ ᠴᠠᠭᠠᠨ ᠨᠣᠮ ᠤ᠋ᠨ ᠬᠠᠨ ᠤ᠋ ᠬᠡᠲᠦᠢᠳᠦᠭᠰᠡᠨ ᠡᠷᠳᠡᠮ ᠴᠢᠳᠠᠪᠤᠷᠢ ᠨᠢ ᠣᠯᠠᠨ ᠲᠠᠢᠵᠢ ᠨᠠᠷ ᠤ᠋ᠨ ᠠᠩᠬᠠᠷᠤᠯ ᠢ᠋ ᠮᠠᠰᠢ ᠲᠠᠲᠠᠵᠤ᠂ ᠣᠢᠷᠠᠳ ᠤ᠋ᠨ ᠣᠯᠠᠨ ᠲᠠᠢᠵᠢ ᠨᠠᠷ ᠢ᠋ ᠰᠢᠷ᠎ᠠ ᠶ᠋ᠢᠨ ᠱᠠᠰᠢᠨ ᠢ᠋ ᠰᠢᠲᠦᠬᠦ ᠪᠣᠯᠭᠠᠵᠠᠢ᠃ ᠰᠠᠶᠢ ᠴᠢᠭᠤᠯᠭᠠᠨ ᠬᠠᠨ ᠪᠣᠯᠤᠭᠰᠠᠨ ᠪᠠᠢᠪᠠᠭᠠᠰ ᠨᠣᠶᠠᠨ ᠴᠠᠭᠠᠨ ᠨᠣᠮ ᠤ᠋ᠨ ᠬᠠᠨ ᠤ᠋ ᠨᠣᠮᠯᠠᠯ ᠳ᠋ᠤ᠌ ᠰᠡᠳᠬᠢᠯ ᠬᠥᠳᠡᠯᠵᠦ᠂ ᠤᠯᠠᠭᠠᠨ ᠲᠣᠭᠣᠰᠣᠨ ᠠ᠋ᠴᠠ ᠵᠠᠢᠯᠠᠵᠤ ᠬᠣᠭᠣᠰᠣᠨ ᠤ᠋ ᠡᠭᠦᠳᠡᠨ ᠳ᠋ᠦ᠍ ᠣᠷᠣᠵᠤ ᠯᠠᠮᠠ ᠪᠣᠯᠬᠤ ᠶ᠋ᠢ ᠬᠦᠰᠡᠪᠡ᠃ ᠣᠯᠠᠨ ᠲᠠᠢᠵᠢ ᠨᠠᠷ ᠬᠦᠴᠦᠯᠡᠨ ᠬᠣᠷᠢᠭᠯᠠᠭᠰᠠᠨ ᠪᠣᠯᠬᠣᠷ ᠪᠠᠢᠪᠠᠭᠠᠰ ᠰᠠᠶᠢ ᠯᠠᠮᠠ ᠪᠣᠯᠬᠤ ᠪᠠᠨ ᠪᠣᠯᠢᠵᠠᠢ᠃ ᠪᠠᠢᠪᠠᠭᠠᠰ ᠲᠤ᠌ ᠠᠪᠠᠢ ᠬᠠᠲᠤᠨ ᠤ᠋ ᠮᠡᠲᠦ ᠴᠢᠳᠠᠪᠤᠷᠢ ᠪᠣᠯᠤᠨ ᠵᠣᠷᠢᠭ ᠵᠢᠷᠦᠬᠡ ᠦᠭᠡᠢ᠂ ᠲᠡᠢᠮᠦ ᠡᠴᠡ ᠣᠢᠷᠠᠳ ᠤ᠋ᠨ ᠲᠡᠦᠬᠡᠨ ᠳ᠋ᠦ᠍ ᠪᠠᠢᠪᠠᠭᠠᠰ ᠤ᠋ᠨ ᠲᠣᠪᠤᠢᠬᠰᠨ ᠦᠢᠯᠡᠳᠦᠯ ᠳᠡᠮᠡᠢ ᠬᠠᠷᠠᠭᠳᠠᠬᠤ ᠦᠭᠡᠢ ᠶᠦᠮ᠃
ᠴᠢᠭᠤᠯᠭᠠᠨ ᠬᠠᠭᠠᠨ ᠪᠠᠢᠪᠠᠭᠠᠰ ᠣᠢᠷᠠᠳ ᠤ᠋ᠨ ᠣᠯᠠᠨ ᠠᠢᠮᠠᠭ ᠢ᠋ ᠰᠠᠢᠲᠤᠷ ᠳᠠᠢᠴᠢᠯᠠᠵᠤ ᠴᠢᠳᠠᠬᠤ ᠦᠭᠡᠢ ᠮᠥᠷᠲᠡᠭᠡᠨ ᠳᠣᠲᠣᠭᠠᠳᠤ ᠶ᠋ᠢᠨ ᠵᠥᠷᠢᠴᠡᠯ ᠢ᠋ ᠲᠣᠬᠢᠷᠠᠮᠵᠢᠲᠠᠢ ᠡᠪᠰᠡᠭᠦᠯᠵᠦ᠂ ᠬᠠᠷᠢ ᠶ᠋ᠢᠨ ᠳᠠᠷᠤᠯᠲᠠ ᠶ᠋ᠢ ᠠᠷᠭᠠᠴᠠᠬᠤ ᠠᠷᠭ᠎ᠠ ᠴᠤ᠌ ᠬᠠᠷᠠᠬᠠᠨ ᠳᠤᠲᠠᠭᠳᠠᠵᠤ ᠪᠠᠢᠭᠰᠠᠨ᠃ ᠲᠡᠢᠮᠦ ᠡᠴᠡ ᠬᠠᠰᠠᠭ ᠪᠣᠯᠤᠨ ᠤᠪᠠᠰᠢ ᠬᠣᠩ ᠲᠠᠢᠵᠢ ᠶ᠋ᠢᠨ ᠳᠣᠪᠲᠣᠯᠤᠯ ᠤ᠋ᠨ ᠡᠰᠡᠷᠭᠦ ᠠᠷᠭ᠎ᠠ ᠮᠤᠬᠤᠷᠳᠠᠵᠤ᠂ ᠤᠳᠠᠭ᠎ᠠ ᠳᠠᠷᠠᠭ᠎ᠠ ᠪᠠᠷ ᠢᠯᠠᠭᠳᠠᠯ ᠳ᠋ᠤ᠌ ᠤᠴᠠᠷᠠᠬᠤ ᠪᠣᠯᠪᠠ᠃ ᠡᠨᠡᠬᠦ ᠪᠠᠢᠳᠠᠯ ᠨᠢ ᠣᠢᠷᠠᠳ ᠤ᠋ᠨ ᠳᠣᠲᠣᠭᠠᠳᠤ ᠶ᠋ᠢᠨ ᠦᠢᠮᠡᠭᠡᠨ ᠢ᠋ ᠲᠡᠰᠬᠡᠯ ᠦᠭᠡᠢ ᠡᠭᠦᠰᠬᠡᠵᠡᠢ᠃1619 ᠣᠨ ᠠ᠋ᠴᠠ1629 ᠣᠨ ᠤ᠋ ᠬᠣᠭᠣᠷᠣᠨᠳᠣᠬᠢ ᠣᠢᠷᠠᠳ ᠤ᠋ᠨ ᠨᠡᠢᠭᠡᠮ ᠨᠢ ᠶᠠᠭ ᠡᠢᠨᠬᠦ ᠪᠠᠢᠳᠠᠯ ᠳ᠋ᠤ᠌ ᠣᠷᠣᠪᠠ᠃
ᠴᠢᠭᠤᠯᠭᠠᠨ ᠳᠠᠷᠤᠭ᠎ᠠ ᠪᠠᠢᠪᠠᠭᠠᠰ ᠤ᠋ᠨ ᠡᠰᠡᠷᠭᠦ ᠪᠡᠷ ᠴᠣᠷᠣᠰ ᠤ᠋ᠨ ᠬᠠᠷ᠎ᠠ ᠬᠣᠯᠠ ᠨᠣᠶᠠᠨ ᠪᠣᠯ ᠲᠡᠮᠡᠴᠡᠭᠡᠨ ᠵᠣᠳᠣᠭᠠᠨ ᠳ᠋ᠤ᠌ ᠳᠤᠷ᠎ᠠ ᠲᠠᠢ ᠬᠥᠮᠦᠨ ᠶᠦᠮ᠃ ᠲᠡᠷᠡ ᠣᠪᠢ ᠮᠥᠷᠡᠨ ᠦ᠌ ᠳᠡᠭᠡᠳᠦ ᠤᠷᠤᠰᠬᠠᠯ ᠳᠠᠭᠠᠤ ᠮᠠᠯᠵᠢᠵᠤ ᠪᠠᠢᠭᠰᠠᠨ ᠤᠴᠢᠷ ᠤᠪᠠᠰᠢ ᠬᠣᠩ ᠲᠠᠢᠵᠢ᠂ ᠬᠢᠷᠭᠢᠰ᠂ ᠣᠷᠣᠰ ᠲᠠᠢ ᠬᠠᠪᠢᠳᠠᠨ ᠣᠷᠣᠰᠢᠵᠤ᠂ ᠲᠡᠳᠡᠨ ᠲᠡᠢ ᠦᠷᠭᠦᠯᠵᠢ ᠬᠡᠷᠡᠭᠦᠯ ᠮᠠᠷᠭᠤᠭᠠᠨ ᠬᠢᠵᠦ ᠪᠠᠢᠵᠠᠢ᠃ ᠡᠢᠮᠦ ᠡᠴᠡ ᠲᠡᠭᠦᠨ ᠦ᠌ ᠲᠡᠦᠬᠡᠨ ᠬᠥᠳᠡᠯᠭᠡᠭᠡᠨ ᠨᠢ ᠣᠷᠣᠰ ᠤ᠋ᠨ ᠮᠠᠲ᠋ᠧᠷᠢᠶᠠᠯ ᠳ᠋ᠤ᠌ ᠬᠠᠷᠠᠭᠳᠠᠬᠤ ᠨᠢ ᠣᠯᠠᠨ ᠪᠣᠯᠤᠭᠰᠠᠨ᠃ ᠭᠤᠷᠪᠠᠨ ᠬᠦᠴᠦᠷᠬᠡᠭ ᠦ᠋ᠨ ᠳᠤᠮᠳᠠ ᠣᠷᠣᠰᠢᠬᠤ ᠲᠤᠯᠠ ᠣᠢᠷᠠᠳ ᠤ᠋ᠨ ᠡᠯ᠎ᠡ ᠠᠢᠮᠠᠭ ᠤ᠋ᠨ ᠠᠯᠢᠪᠠ ᠬᠥᠳᠡᠯᠭᠡᠭᠡᠨ ᠨᠢ ᠪᠣᠯᠭᠣᠮᠵᠢᠲᠠᠢ ᠮᠥᠷᠲᠡᠭᠡᠨ ᠬᠠᠷᠢᠯᠴᠠᠨ ᠬᠠᠮᠵᠢᠯᠴᠠᠬᠤ ᠴᠢᠬᠤᠯᠠ ᠲᠠᠢ ᠪᠠᠢᠵᠠᠢ᠃ ᠭᠡᠲᠡᠯ᠎ᠡ ᠬᠠᠷ᠎ᠠ ᠬᠣᠯᠠ ᠲᠠᠢᠵᠢ ᠶ᠋ᠢᠨ ᠵᠠᠷᠢᠮ ᠬᠥᠳᠡᠯᠭᠡᠭᠡᠨ ᠨᠢ ᠰᠣᠬᠣᠷ ᠪᠠᠯᠠᠢ ᠪᠠᠢᠵᠤ᠂ ᠣᠢᠷᠠᠳ ᠤ᠋ᠨ ᠴᠢᠭᠤᠯᠭᠠᠨ ᠲᠠᠢ ᠵᠥᠪᠳᠡᠬᠦ ᠦᠭᠡᠢ ᠪᠡᠷ ᠳᠤᠷ᠎ᠠ ᠪᠠᠷ ᠢ᠋ᠶ᠋ᠠᠨ ᠬᠡᠷᠡᠭ ᠡᠳᠦᠬᠦ ᠨᠢ ᠵᠠᠷᠢᠮ ᠳ᠋ᠠᠭᠠᠨ ᠪᠦᠬᠦ ᠣᠢᠷᠠᠳ ᠢ᠋ ᠠᠷᠭ᠎ᠠ ᠪᠤᠰᠤ ᠲᠡᠢᠨ ᠳᠠᠵᠢᠨ ᠳ᠋ᠤ᠌ ᠲᠡᠳᠡᠨ ᠣᠷᠣᠭᠤᠯᠳᠠᠭ ᠪᠠᠢᠪᠠ᠃1616 ᠣᠨ ᠠ᠋ᠴᠠ1619 ᠣᠨ ᠤ᠋ ᠬᠣᠭᠣᠷᠣᠨᠳᠣ ᠬᠠᠷ᠎ᠠ ᠬᠣᠯᠠ ᠨᠣᠶᠠᠨ ᠪᠣᠯᠤᠨ ᠲᠡᠭᠦᠨ ᠦ᠌ ᠬᠠᠷᠢᠶᠠᠲᠤ ᠨᠢ ᠣᠷᠣᠰ ᠬᠢᠭᠡᠳ ᠮᠣᠩᠭᠣᠯ ᠤ᠋ᠨ ᠠᠷᠠᠯᠵᠢᠶᠠᠴᠢᠳ ᠢ᠋ ᠬᠠᠭᠠᠰ ᠵᠠᠮ ᠠ᠋ᠴᠠ ᠨᠢ ᠳᠡᠭᠡᠷᠡᠮᠳᠡᠬᠦ ᠪᠤᠶᠤ ᠠᠯᠠᠬᠤ ᠶᠠᠪᠤᠳᠠᠯ ᠪᠠᠢᠨ ᠪᠠᠢᠨ ᠭᠠᠷᠴᠤ ᠪᠠᠢᠭᠰᠠᠨ᠃1619 ᠣᠨ ᠳ᠋ᠤ᠌ ᠂ ᠤᠪᠠᠰᠢ ᠬᠣᠩ ᠲᠠᠢᠵᠢ ᠠ᠋ᠴᠠ ᠣᠷᠣᠰ ᠤ᠋ᠨ ᠡᠲᠡᠭᠡᠳ ᠲᠦ᠍ ᠰᠠᠨᠠᠭᠤᠯᠭ᠎ᠠ ᠭᠠᠷᠭᠠᠵᠤ᠄ ᠪᠢᠳᠡ ᠬᠠᠮᠲᠤ ᠪᠠᠷ ᠬᠠᠷ᠎ᠠ ᠬᠣᠯᠠ ᠪᠣᠯᠤᠨ ᠲᠡᠭᠦᠨ ᠦ᠌ ᠳᠡᠭᠡᠷᠡᠮ ᠪᠦᠯᠦᠭᠲᠡᠨ ᠢ᠋ ᠴᠣᠬᠢᠰᠤᠭᠠᠢ᠂ ᠲᠠᠨ ᠤ᠋ ᠮᠠᠨ ᠤ᠋ ᠴᠡᠷᠢᠭ ᠬᠣᠶᠠᠷ ᠲᠠᠯ᠎ᠠ ᠠ᠋ᠴᠠ ᠲᠡᠭᠦᠨ ᠢ᠋ ᠬᠠᠪᠴᠢᠨ ᠴᠣᠬᠢᠭᠠᠳ᠂ ᠠᠷᠠᠯᠵᠢᠶᠠᠨ ᠤ᠋ ᠵᠠᠮ ᠢ᠋ ᠰᠠᠭᠠᠳ ᠬᠠᠷᠰᠢ ᠦᠭᠡᠢ ᠪᠣᠯᠭᠠᠶ᠎ᠠ[18] ᠭᠡᠵᠦ ᠪᠠᠢᠭᠰᠠᠨ᠃ ᠭᠡᠲᠡᠯ᠎ᠡ ᠣᠷᠣᠰᠴᠤᠳ ᠳᠠᠭᠤ ᠦᠭᠡᠢ ᠰᠠᠭᠤᠵᠠᠢ᠃ ᠣᠢᠷᠠᠳ ᠤ᠋ᠨ ᠣᠯᠠᠨ ᠲᠠᠢᠵᠢ ᠨᠠᠷ ᠤ᠋ᠨ ᠬᠢᠴᠢᠶᠡᠬᠦ ᠨᠢ ᠣᠷᠣᠰ ᠪᠢᠰᠢ᠂ ᠬᠠᠷᠢᠨ ᠬᠠᠰᠠᠭ ᠪᠣᠯᠤᠨ ᠤᠪᠠᠰᠢ ᠬᠣᠩ ᠲᠠᠢᠵᠢ ᠪᠣᠯᠤᠨ᠎ᠠ᠃ 1620 ᠣᠨ ᠳ᠋ᠤ᠌᠂ ᠴᠣᠷᠣᠰ ᠤ᠋ᠨ ᠬᠠᠷ᠎ᠠ ᠬᠣᠯᠠ ᠨᠣᠶᠠᠨ ᠣᠢᠷᠠᠳ ᠲᠠᠢᠵᠢ ᠨᠠᠷ ᠤ᠋ᠨ ᠰᠠᠨᠠᠯ ᠢ᠋ ᠦᠯᠦ ᠬᠠᠢᠬᠤᠷᠤᠨ᠂ ᠴᠢᠭᠤᠯᠭᠠᠨ ᠲᠠᠢ ᠵᠥᠪᠯᠡᠭᠰᠡᠨ ᠦᠭᠡᠢ ᠪᠡᠷ ᠳᠥᠷᠪᠡᠨ ᠮᠢᠩᠭᠠᠨ ᠴᠡᠷᠢᠭ ᠳᠠᠢᠴᠢᠯᠠᠨ ᠭᠠᠷᠴᠠᠢ᠃ ᠲᠡᠷᠡ ᠬᠠᠯᠬ᠎ᠠ ᠶ᠋ᠢᠨ ᠬᠣᠲᠣᠭᠣᠢᠳ ᠣᠷᠣᠨ ᠳ᠋ᠤ᠌ ᠲᠥᠷᠥᠨ ᠣᠷᠣᠭᠠᠳ᠂ ᠪᠡᠯᠡᠳᠬᠡᠯ ᠦᠭᠡᠢ ᠪᠠᠢᠭᠰᠠᠨ ᠤᠪᠠᠰᠢ ᠬᠣᠩ ᠲᠠᠢᠵᠢ ᠶ᠋ᠢᠨ ᠬᠠᠷᠢᠶᠠᠲᠤ ᠶ᠋ᠢ ᠳᠠᠭᠠᠷᠢᠨ ᠨᠡᠯᠢᠶᠡᠳ ᠬᠥᠮᠦᠨ ᠢ᠋ ᠣᠯᠵᠠᠯᠠᠪᠠ᠃ ᠡᠭᠦᠨ ᠳ᠋ᠦ᠍ ᠤᠪᠠᠰᠢ ᠬᠣᠩ ᠲᠠᠢᠵᠢ ᠬᠢᠯᠢᠩᠨᠡᠨ ᠳᠣᠯᠣᠭᠠᠨ ᠮᠢᠩᠭᠠᠨ ᠴᠡᠷᠢᠭ ᠬᠥᠳᠡᠯᠭᠡᠵᠦ᠂ ᠳᠥᠷᠪᠡᠨ ᠮᠢᠩᠭ᠎ᠠ ᠪᠠᠷ ᠬᠠᠷ᠎ᠠ ᠬᠣᠯᠠ ᠶ᠋ᠢᠨ ᠤᠬᠤᠷᠢᠬᠤ ᠵᠠᠮ ᠢ᠋ ᠲᠠᠰᠤᠯᠵᠤ᠂ ᠭᠤᠷᠪᠠᠨ ᠮᠢᠩᠭ᠎ᠠ ᠪᠠᠷ ᠬᠠᠷ᠎ᠠ ᠬᠣᠯᠠ ᠶ᠋ᠢ ᠬᠥᠭᠡᠭᠡᠨ ᠴᠣᠬᠢᠵᠠᠢ᠃ ᠭᠡᠨᠡᠳᠲᠡ ᠶ᠋ᠢᠨ ᠭᠡᠳᠡᠷᠭᠦ ᠳᠠᠭᠠᠷᠢᠯᠲᠠ ᠳ᠋ᠤ᠌ ᠬᠠᠷ᠎ᠠ ᠬᠣᠯᠠ ᠮᠠᠰᠢ ᠬᠣᠬᠢᠷᠠᠯ ᠠᠮᠰᠠᠵᠤ ᠬᠡᠳᠦᠨ ᠬᠡᠦᠬᠡᠳ ᠢ᠋ᠶ᠋ᠡᠨ ᠳᠠᠭᠠᠭᠤᠯᠤᠨ ᠣᠪᠢ ᠭᠣᠣᠯ ᠤ᠋ᠨ ᠰᠠᠯᠪᠤᠷᠢ ᠴᠦᠮᠢᠰᠢ ᠭᠣᠣᠯ ᠣᠷᠴᠢᠮ ᠠᠷᠠᠢ ᠭᠡᠮᠡᠨ ᠳᠤᠲᠠᠭᠠᠨ ᠢᠷᠡᠵᠡᠢ᠃ ᠽᠯᠠᠲ᠋ᠺᠢᠨ ᠤ᠋《ᠵᠡᠭᠦᠨᠭᠠᠷ ᠬᠠᠭᠠᠨᠲᠤ ᠤᠯᠤᠰ ᠤ᠋ᠨ ᠲᠡᠦᠬᠡ》 ᠳ᠋ᠦ᠍᠂ ᠬᠠᠷ᠎ᠠ ᠬᠣᠯᠠ ᠪᠣᠯᠤᠨ ᠲᠣᠷᠭᠤᠳ ᠤ᠋ᠨ ᠮᠡᠷᠭᠡᠨ ᠲᠠᠮᠠᠨᠠ ᠨᠠᠷ ᠠᠯᠲᠠᠢ ᠬᠠᠨ ᠢ᠋ ᠤᠷᠢᠳᠠᠪᠡᠷ ᠴᠣᠬᠢᠵᠤ᠂ ᠬᠣᠢᠨ᠎ᠠ ᠨᠢ ᠠᠯᠲᠠᠢ ᠬᠠᠨ ᠲᠡᠳᠡᠨ ᠢ᠋ ᠴᠣᠬᠢᠨ ᠢᠯᠠᠵᠠᠢ[19] ᠭᠡᠮᠡᠨ ᠲᠡᠮᠳᠡᠭᠯᠡᠵᠡᠢ᠃ 1620 ᠣᠨ ᠳ᠋ᠤ᠌᠂ ᠤᠪᠠᠰᠢ ᠬᠣᠩ ᠲᠠᠢᠵᠢ ᠴᠣᠷᠣᠰ ᠤ᠋ᠨ ᠬᠠᠷ᠎ᠠ ᠬᠣᠯᠠ ᠶ᠋ᠢ ᠢᠯᠠᠭᠠᠳ ᠬᠠᠨᠤᠭᠰᠠᠨ ᠦᠭᠡᠢ᠂ ᠨᠡᠩ ᠬᠦᠴᠦᠲᠡᠢ ᠴᠣᠬᠢᠯᠲᠠ ᠥᠭᠬᠦ ᠪᠡᠷ ᠪᠡᠯᠡᠳᠬᠡᠯ ᠬᠢᠪᠡ᠃1621 ᠣᠨ ᠳ᠋ᠤ᠌᠂ ᠤᠪᠠᠰᠢ ᠬᠣᠩ ᠲᠠᠢᠵᠢ ᠠ᠋ᠴᠠ ᠶᠡᠬᠡ ᠬᠡᠮᠵᠢᠶᠡᠨ ᠦ᠌ ᠴᠡᠷᠢᠭ ᠲᠡᠢᠨ ᠦ᠌ ᠠᠵᠢᠯᠯᠠᠭ᠎ᠠ ᠬᠢᠵᠡᠢ᠃ ᠪᠣᠳᠣᠬᠤ ᠳ᠋ᠤ᠌ ᠬᠠᠯᠬ᠎ᠠ ᠶ᠋ᠢᠨ ᠵᠠᠰᠠᠭᠲᠤ ᠬᠠᠨ ᠠᠢᠮᠠᠭ ᠤ᠋ᠨ ᠵᠠᠷᠢᠮ ᠲᠠᠢᠵᠢ ᠨᠠᠷ ᠪᠠᠰᠠ ᠣᠷᠣᠯᠴᠠᠵᠠᠢ᠃ ᠲᠡᠷᠡ ᠣᠪᠢ ᠮᠥᠷᠡᠨ ᠦ᠌ ᠳᠡᠭᠡᠳᠦ ᠤᠷᠤᠰᠬᠠᠯ ᠢ᠋ᠶ᠋ᠠᠷ ᠣᠢᠷᠠᠳ ᠲᠤ ᠴᠥᠮᠥᠷᠡᠨ ᠣᠷᠣᠪᠠ᠃ ᠡᠨᠡᠬᠦ ᠵᠠᠩᠭᠢᠯᠠᠭ᠎ᠠ ᠶ᠋ᠢᠨ ᠴᠠᠭ ᠮᠥᠴᠡ ᠳ᠋ᠦ᠍᠂ ᠴᠢᠭᠤᠯᠭᠠᠨ ᠡᠵᠡᠨ ᠪᠠᠢᠪᠠᠭᠠᠰ ᠨᠣᠶᠠᠨ ᠣᠯᠠᠨ ᠠᠢᠮᠠᠭ ᠢ᠋ ᠰᠠᠢᠲᠤᠷ ᠵᠣᠬᠢᠶᠠᠨ ᠪᠠᠢᠭᠤᠯᠵᠤ᠂ ᠬᠦᠴᠦᠲᠡᠢ ᠠᠷᠭ᠎ᠠ ᠬᠡᠮᠵᠢᠶ᠎ᠡ ᠠᠪᠴᠤ ᠴᠢᠳᠠᠭᠰᠠᠨ ᠦᠭᠡᠢ᠃ ᠤᠪᠠᠰᠢ ᠬᠣᠩ ᠲᠠᠢᠵᠢ ᠶ᠋ᠢᠨ ᠬᠦᠴᠦᠲᠡᠢ ᠴᠣᠬᠢᠯᠲᠠ ᠳᠣᠣᠷ᠎ᠠ᠂ ᠣᠢᠷᠳᠴᠤᠳ ᠪᠤᠲᠠᠷᠠᠬᠤ ᠨᠢ ᠪᠤᠲᠠᠷᠠᠵᠤ᠂ ᠠᠯᠠᠭᠳᠠᠬᠤ ᠨᠢ ᠠᠯᠠᠭᠳᠠᠪᠠ᠃ ᠢᠯᠠᠭᠳᠠᠭᠰᠠᠨ ᠣᠢᠷᠠᠳ ᠤ᠋ᠳ ᠳᠥᠷᠪᠡᠨ ᠵᠦᠭ ᠳᠤᠲᠠᠭᠠᠵᠤ᠂ ᠵᠠᠷᠢᠮ ᠨᠢ ᠣᠪᠢ ᠮᠥᠷᠡᠨ ᠦ᠌ ᠳᠡᠭᠡᠳᠦ ᠤᠷᠤᠰᠬᠠᠯ ᠤ᠋ᠨ ᠺᠦᠽᠠᠨᠢᠰᠺᠸᠨ ᠵᠦᠭ ᠶᠠᠪᠤᠵᠤ᠂ ᠵᠠᠷᠢᠮ ᠨᠢ ᠡᠷᠴᠢᠰ ᠦ᠋ᠨ ᠳᠤᠮᠳᠠ ᠤᠷᠤᠰᠬᠠᠯ ᠤ᠋ᠨ ᠣᠮ᠂ ᠲᠠᠯ᠎ᠠ᠂ ᠢᠰᠢᠮ᠂ ᠲᠦᠪᠸᠷ ᠣᠷᠴᠢᠮ ᠳᠤᠲᠠᠭᠠᠨ ᠣᠴᠢᠵᠠᠢ᠃ ᠬᠠᠷ᠎ᠠ ᠬᠣᠯᠠ ᠨᠣᠶᠠᠨ ᠲᠡᠭᠦᠨ ᠦ᠌ ᠬᠡᠰᠡᠭ ᠬᠠᠷᠢᠶᠠᠲᠤ ᠪᠠᠨ ᠳᠠᠭᠠᠭᠤᠯᠤᠨ ᠣᠮ ᠭᠣᠣᠯ ᠪᠣᠯᠤᠨ ᠲᠠᠯ᠎ᠠ ᠬᠣᠲᠠ ᠳ᠋ᠤ᠌ ᠳᠤᠲᠠᠭᠠᠨ ᠬᠦᠷᠴᠦ ᠂ᠬᠥᠮᠦᠰ ᠢ᠋ᠶ᠋ᠡᠨ ᠵᠣᠬᠢᠶᠠᠨ ᠪᠠᠢᠭᠤᠯᠤᠨ ᠣᠷᠣᠰ ᠤ᠋ᠨ ᠲᠦᠮᠦᠰᠺᠸᠨ ᠪᠣᠯᠤᠨ ᠺᠦᠽᠡᠨᠢᠰᠺᠸᠨ ᠢ᠋ ᠰᠦᠷᠳᠡᠭᠦᠯᠦᠨ[20]᠂ ᠲᠠᠯ᠎ᠠ ᠬᠣᠲᠠ ᠶ᠋ᠢ ᠳᠠᠭᠠᠷᠢᠨ ᠳᠣᠪᠲᠣᠯᠪᠠ[21]᠃ ᠣᠷᠣᠰ ᠤ᠋ᠨ ᠲᠦᠪᠸᠷᠰᠺᠸᠨ ᠦ᠌ ᠵᠠᠩᠵᠤᠨ ᠠ᠋ᠴᠠ ᠳᠥᠷᠪᠡᠳ ᠦ᠋ᠨ ᠳᠠᠯᠠᠢ ᠲᠠᠢᠱ᠌ᠢ ᠳ᠋ᠤ᠌ ᠬᠥᠮᠦᠨ ᠵᠠᠷᠤᠵᠤ ᠬᠠᠷ᠎ᠠ ᠬᠣᠯᠠ ᠶ᠋ᠢᠨ ᠵᠦᠭ ᠴᠢᠩᠭ᠎ᠠ ᠡᠰᠡᠷᠭᠦᠴᠡᠯ ᠭᠠᠷᠭᠠᠵᠠᠢ᠃ ᠬᠢᠯᠢᠩᠨᠡᠨ ᠠᠭᠤᠷᠯᠠᠭᠰᠠᠨ ᠣᠢᠷᠠᠳ ᠤ᠋ᠨ ᠲᠠᠢᠵᠢ ᠨᠠᠷ ᠬᠡᠷᠡᠭ ᠲᠦ᠍ ᠳᠤᠷᠠᠲᠠᠢ ᠬᠠᠷ᠎ᠠ ᠬᠣᠯᠠ ᠶ᠋ᠢ ᠪᠠᠷᠢᠵᠤ ᠴᠠᠭᠠᠵᠠ ᠪᠠᠷ ᠠᠪᠠᠴᠢᠬᠤ ᠬᠡᠮᠡᠪᠡ[22]᠃ ᠭᠡᠪᠡᠴᠦ ᠳᠥᠷᠪᠡᠳ ᠦ᠋ᠨ ᠳᠠᠯᠠᠢ ᠲᠠᠢᠱ᠌ᠢ ᠬᠦᠴᠦᠯᠡᠨ ᠬᠣᠷᠢᠭᠯᠠᠭᠰᠠᠨ ᠢ᠋ᠶ᠋ᠠᠷ ᠡᠨᠡᠬᠦ ᠦᠢᠮᠡᠭᠡᠨ ᠨᠢ ᠲᠦᠷ ᠨᠠᠮᠳᠠᠭᠰᠠᠨ ᠪᠠᠢᠨ᠎ᠠ᠃
ᠳᠡᠭᠡᠷᠡᠬᠢ ᠲᠡᠢᠨ ᠨᠢ ᠣᠢᠷᠠᠳ ᠤ᠋ᠨ ᠤᠤᠯ ᠤ᠋ᠨ ᠮᠠᠯᠵᠢᠵᠤ ᠪᠠᠢᠭᠰᠠᠨ ᠣᠷᠣᠨ ᠪᠠᠢᠷᠢ ᠪᠣᠯᠤᠨ ᠬᠢᠯᠢ ᠵᠠᠭᠠᠭ ᠢ᠋ ᠬᠤᠪᠢᠷᠠᠭᠤᠯᠵᠤ᠂ ᠵᠦᠭ ᠪᠦᠷᠢ ᠳᠤᠲᠠᠭᠠᠭᠰᠠᠨ ᠶᠡᠬᠡ ᠪᠠᠭ᠎ᠠ ᠲᠠᠢᠵᠢ ᠨᠠᠷ ᠨᠢ ᠬᠠᠷᠢᠯᠴᠠᠨ ᠬᠣᠯᠢᠯᠳᠤᠨ ᠣᠷᠣᠰᠢᠵᠤ᠂ ᠬᠣᠭᠣᠷᠣᠨᠳᠣ ᠪᠠᠨ ᠬᠠᠷᠢᠶᠠᠲᠤ ᠠᠯᠪᠠᠲᠤ ᠮᠠᠯ ᠰᠦᠷᠦᠭ ᠪᠤᠯᠢᠶᠠᠯᠳᠤᠨ ᠬᠡᠷᠡᠭᠦᠯ ᠮᠠᠷᠭᠤᠭᠠᠨ ᠬᠢᠵᠦ ᠡᠬᠢᠯᠡᠪᠡ᠃1625 ᠣᠨ ᠳ᠋ᠤ᠌ ᠭᠠᠷᠤᠭᠰᠠᠨ ᠣᠢᠷᠠᠳ ᠤ᠋ᠨ ᠳᠣᠲᠣᠭᠠᠳᠤ ᠶ᠋ᠢᠨ ᠰᠠᠮᠠᠭᠤᠨ ᠨᠢ ᠢᠩᠭᠢᠵᠦ ᠡᠭᠦᠰᠴᠡᠢ᠃
ᠡᠨᠡᠬᠦ ᠰᠠᠮᠠᠭᠤᠨ ᠨᠢ ᠬᠣᠱᠤᠳ ᠠᠢᠮᠠᠭ ᠪᠣᠯᠤᠨ ᠲᠣᠷᠭᠤᠳ ᠤ᠋ᠨ ᠬᠣᠭᠣᠷᠣᠨᠳᠣ ᠠ᠋ᠴᠠ ᠡᠭᠦᠰᠪᠡ᠃ ᠣᠢᠷᠠᠳ ᠢ᠋ ᠤᠪᠠᠰᠢ ᠬᠣᠩ ᠲᠠᠢᠵᠢ ᠳᠠᠭᠠᠷᠢᠬᠤ ᠦᠶ᠎ᠡ ᠳ᠋ᠦ᠍᠂ ᠢᠷᠴᠢᠰ ᠮᠥᠷᠡᠨ ᠦ᠌ ᠳᠡᠭᠡᠳᠦ ᠤᠷᠤᠰᠬᠠᠯ ᠤ᠋ᠨ ᠪᠠᠷᠠᠭᠤᠨ ᠲᠠᠯ᠎ᠠ ᠳ᠋ᠤ᠌ ᠮᠠᠯᠵᠢᠵᠤ ᠪᠠᠢᠭᠰᠠᠨ ᠬᠣᠱᠤᠳ ᠲᠠᠢᠵᠢ ᠨᠠᠷ ᠢᠷᠴᠢᠰ ᠮᠥᠷᠡᠨ ᠢ᠋ ᠤᠷᠤᠭᠤᠳᠠᠨ ᠳᠤᠲᠠᠭᠠᠵᠤ᠂ ᠲᠣᠷᠭᠤᠳ ᠤ᠋ᠨ ᠮᠠᠯᠵᠢᠬᠤ ᠭᠠᠵᠠᠷ ᠲᠤ ᠬᠦᠷᠴᠦ ᠬᠣᠯᠢᠯᠳᠤᠨ ᠰᠠᠭᠤᠵᠠᠢ᠃ ᠲᠡᠢᠨ ᠵᠣᠭᠰᠣᠭᠰᠠᠨ ᠤ᠋ ᠳᠠᠷᠠᠭ᠎ᠠ᠂ ᠬᠣᠱᠤᠳ ᠤ᠋ᠨ ᠪᠠᠢᠪᠠᠭᠠᠰ ᠬᠠᠨ ᠲᠣᠷᠭᠤᠳ ᠤ᠋ᠨ ᠱᠦᠭᠦᠢ ᠳᠠᠢᠴᠢᠩ(ᠬᠣ ᠥᠷᠯᠥᠭ ᠦ᠋ᠨ ᠬᠥᠪᠡᠭᠦᠨ) ᠡᠴᠡ ᠲᠡᠭᠦᠨ ᠳ᠋ᠦ᠍ ᠰᠢᠷᠭᠤᠭᠰᠠᠨ ᠮᠢᠩᠭᠠᠨ ᠡᠷᠦᠬᠡ ᠠᠯᠪᠠᠲᠤ ᠪᠠᠨ ᠪᠤᠴᠠᠭᠠᠨ ᠠᠪᠬᠤ ᠭᠡᠪᠡ᠃ ᠱᠦᠭᠦᠢ ᠳᠠᠢᠴᠢᠩ ᠪᠤᠴᠠᠭᠠᠬᠤ ᠦᠭᠡᠢ ᠲᠤᠯᠠ ᠪᠠᠢᠪᠠᠭᠠᠰ ᠠᠭᠤᠷᠯᠠᠵᠤ ᠰᠦᠷ ᠦᠵᠡᠭᠦᠯᠵᠡᠢ᠃ ᠱᠦᠭᠦᠢ ᠳᠠᠢᠴᠢᠩ ᠲᠡᠭᠦᠨ ᠦ᠌ ᠲᠥᠷᠥᠯ ᠦ᠋ᠨ ᠮᠡᠷᠭᠡᠨ ᠲᠡᠮᠡᠨᠡ ᠲᠡᠢ ᠬᠠᠮᠲᠤ ᠪᠠᠷ ᠢᠷᠴᠢᠰ ᠦ᠋ᠨ ᠶᠠᠮᠤᠰᠢ ᠨᠠᠭᠤᠷ ᠣᠷᠴᠢᠮ ᠪᠠᠢᠪᠠᠭᠠᠰ ᠢ᠋ ᠳᠠᠭᠠᠷᠢᠨ ᠴᠣᠬᠢᠵᠠᠢ᠃ ᠪᠠᠢᠪᠠᠭᠠᠰ ᠦᠯᠦ ᠲᠡᠰᠪᠦᠷᠢᠯᠡᠨ ᠢᠷᠴᠢᠰ ᠦ᠋ᠨ ᠵᠡᠭᠦᠨ ᠡᠷᠭᠢ ᠳ᠋ᠦ᠍ ᠤᠬᠤᠷᠢᠨ ᠭᠠᠷᠤᠭᠰᠠᠨ ᠪᠣᠯᠪᠠᠴᠤ ᠱᠦᠭᠦᠢ ᠳᠠᠢᠴᠢᠩ ᠤ᠋ᠨ ᠴᠡᠷᠢᠭ ᠨᠡᠬᠡᠮᠵᠢᠯᠡᠨ ᠬᠥᠭᠡᠭᠡᠵᠦ ᠪᠦᠰᠡᠯᠡᠨ ᠠᠪᠤᠪᠠ᠃ ᠲᠡᠷᠡ ᠬᠢᠷᠢ ᠳ᠋ᠦ᠍ ᠳᠥᠷᠪᠡᠳ ᠦ᠋ᠨ ᠳᠠᠯᠠᠢ ᠲᠠᠢᠱ᠌ᠢ᠂ ᠬᠣᠱᠤᠳ ᠤ᠋ᠨ ᠲᠥᠷᠥᠪᠠᠢᠬᠤ᠂ ᠴᠣᠷᠣᠰ ᠤ᠋ᠨ ᠬᠠᠷ᠎ᠠ ᠬᠣᠯᠠ ᠨᠠᠷ ᠬᠦᠷᠦᠯᠴᠡᠨ ᠢᠷᠡᠵᠦ ᠡᠪᠰᠡᠭᠦᠯᠬᠦ ᠭᠡᠵᠦ ᠪᠠᠢᠭᠠᠳ ᠭᠡᠳᠡᠷᠭᠦ ᠬᠠᠷᠢᠨ ᠬᠡᠷᠡᠭ ᠡᠳᠦᠵᠡᠢ᠃ ᠲᠥᠪᠡᠳ ᠦ᠋ᠨ ᠳᠠᠯᠠᠢ ᠲᠠᠢᠱ᠌ᠢ ᠬᠣᠱᠤᠳ ᠢ᠋ ᠬᠠᠪᠰᠤᠷᠤᠨ᠂ ᠴᠣᠷᠣᠰ ᠤ᠋ᠨ ᠬᠠᠷ᠎ᠠ ᠬᠣᠯᠠ ᠨᠣᠶᠠᠨ ᠲᠣᠷᠭᠤᠳ ᠢ᠋ ᠬᠠᠪᠰᠤᠷᠵᠤ ᠪᠠᠢᠷᠢ ᠪᠣᠯᠪᠠ᠃ ᠡᠨᠡᠬᠦ ᠰᠠᠮᠠᠭᠤᠨ ᠤ᠋ ᠳᠤᠮᠳᠠ ᠴᠢᠭᠤᠯᠭᠠᠨ ᠬᠠᠨ ᠪᠠᠢᠪᠠᠭᠠᠰ ᠡᠨᠳᠡᠭᠦᠷᠡᠨ ᠠᠯᠠᠭᠳᠠᠵᠤ᠂ ᠳᠠᠯᠠᠢ ᠲᠠᠢᠱ᠌ᠢ ᠶ᠋ᠢᠨ ᠬᠥᠪᠡᠭᠦᠨ ᠲᠠᠢᠴᠢᠩ ᠬᠣᠰᠢᠭᠤᠴᠢ ᠨᠠᠷ ᠨᠢ ᠲᠣᠷᠭᠤᠳ ᠤ᠋ᠨ ᠢᠯᠠᠳᠡᠩ ᠳ᠋ᠦ᠍ ᠠᠯᠠᠭᠳᠠᠵᠠᠢ᠃[23]
ᠦᠢᠮᠡᠭᠡᠨ ᠠᠷᠠᠢ ᠭᠡᠮᠡᠨ ᠨᠠᠮᠬᠠᠷᠠᠭᠰᠠᠨ ᠪᠣᠯᠪᠠᠴᠤ ᠳᠥᠷᠪᠡᠳ ᠪᠣᠯᠤᠨ ᠲᠣᠷᠭᠤᠳ ᠤ᠋ᠨ ᠬᠣᠭᠣᠷᠣᠨᠳᠣᠬᠢ ᠨᠥᠬᠥᠷᠯᠡᠯ ᠰᠤᠯᠠᠷᠠᠪᠠ᠃ ᠡᠭᠦᠨ ᠡᠴᠡ ᠪᠣᠯᠵᠤ ᠬᠠᠷ᠎ᠠ ᠬᠣᠯᠠ ᠶ᠋ᠢᠨ ᠬᠥᠪᠡᠭᠦᠨ ᠪᠠᠭᠠᠲᠤᠷ ᠬᠣᠩ ᠲᠠᠢᠵᠢ ᠳᠥᠷᠪᠡᠳ ᠦ᠋ᠨ ᠳᠠᠯᠠᠢ ᠲᠠᠢᠱ᠌ᠢ ᠶ᠋ᠢᠨ ᠬᠥᠪᠡᠭᠦᠨ ᠲᠡᠢ ᠮᠠᠭᠤᠳᠠᠵᠠᠢ᠃ ᠳᠥᠷᠪᠡᠳ ᠦ᠋ᠨ ᠳᠠᠯᠠᠢ ᠲᠠᠢᠱ᠌ᠢ ᠶ᠋ᠢᠨ ᠬᠡᠦᠬᠡᠳ ᠨᠢ ᠬᠣᠱᠤᠳ ᠤ᠋ᠨ ᠬᠥᠨᠳᠡᠯᠡᠨ ᠤᠪᠠᠰᠢ ᠪᠣᠯᠤᠨ ᠠᠪᠠᠯᠢ ᠨᠠᠷ ᠲᠠᠢ ᠭᠦᠨ ᠨᠠᠢᠷ ᠲᠠᠢ ᠪᠣᠯᠵᠤ ᠣᠢᠷᠠᠳ ᠤ᠋ᠨ ᠨᠢᠭᠡ ᠪᠦᠯᠦᠭ ᠢ᠋ ᠡᠭᠦᠰᠬᠡᠪᠡ᠃ ᠲᠣᠷᠭᠤᠳ ᠤ᠋ᠨ ᠳᠠᠷᠤᠭ᠎ᠠ ᠬᠣ ᠥᠷᠯᠥᠭ ᠳᠣᠲᠣᠭᠠᠳᠤ ᠶ᠋ᠢᠨ ᠦᠢᠮᠡᠭᠡᠨ ᠳ᠋ᠦ᠍ ᠳᠤᠷ᠎ᠠ ᠦᠭᠡᠢᠴᠡᠵᠦ᠂ ᠬᠣᠯᠠ ᠨᠡᠭᠦᠬᠦ ᠪᠡᠷ ᠪᠣᠯᠵᠠᠢ᠂᠂1628 ᠣᠨ ᠳ᠋ᠤ᠌᠂ ᠲᠡᠷᠡ ᠣᠢᠷᠠᠳ ᠤ᠋ᠨ ᠴᠢᠭᠤᠯᠭᠠᠨ ᠳ᠋ᠤ᠌ ᠨᠡᠭᠦᠬᠦ ᠰᠢᠯᠲᠠᠭᠠᠨ ᠢ᠋ᠶ᠋ᠠᠨ ᠥᠭᠦᠯᠡᠵᠦ᠂ ᠬᠠᠷᠢᠶᠠᠲᠤ ᠲᠠᠪᠤᠨ ᠲᠦᠮᠡᠨ ᠡᠷᠦᠬᠡ ᠪᠡᠨ ᠳᠠᠭᠠᠯᠠᠭᠤᠯᠤᠨ ᠣᠷᠣᠰ ᠤ᠋ᠨ ᠢᠵᠢᠯ ᠮᠥᠷᠡᠨ ᠵᠦᠭ ᠲᠠᠪᠰᠢᠪᠠ᠃
