ᠬᠣᠨᠳᠤ ᠨᠠᠭᠤᠷ -ᠪᠠᠲᠤᠰᠦ᠋ᠬᠡХонд нуур
ᠬᠣᠨᠳᠤ ᠨᠠᠭᠤᠷХонд нуур
ᠦᠭᠡ ᠄ ᠫ ᠪᠠᠲᠤᠰᠠᠢᠬᠠᠨ
ᠠᠶ᠎ᠠ ᠄ ᠳ ᠴᠸᠩᠷᠠᠪᠳᠠᠨ
ᠳᠠᠭᠤᠴᠢᠨ ᠄ ᠪᠠᠲᠤᠰᠦ᠋ᠬᠡ
ᠠᠶᠠᠨ ᠤ᠋ ᠰᠢᠪᠠᠭᠤᠳ ᠤ᠋ᠨ ᠮᠥᠩᠭᠥᠨ ᠲᠦᠷᠦᠭᠦᠦ
ᠠᠮᠤᠭᠤᠯᠠᠩ ᠬᠤᠨ ᠵᠤᠨ ᠲᠠᠢ ᠠᠢᠰᠤᠢ
ᠠᠪᠤ ᠶ᠋ᠢᠨ ᠮᠢᠨᠢ ᠰᠡᠳᠬᠢᠯ ᠰᠢᠭ᠌ ᠳᠥᠯᠭᠡᠨ ᠨᠠᠭᠤᠷ ᠲᠠᠭᠠᠨ
ᠡᠵᠢ ᠶ᠋ᠢᠨ ᠮᠢᠨᠢ ᠰᠦ᠋ ᠰᠢᠭ᠌ ᠰᠦᠯᠡᠯᠳᠦᠨ ᠪᠠᠭᠤᠯ᠎ᠠ
ᠬᠣᠯᠠ ᠶ᠋ᠢᠨ ᠬᠣᠯᠠ ᠡᠴᠡ ᠳᠠᠯᠠᠢ ᠡᠵᠢ ᠡᠴᠡ ᠪᠡᠨ
ᠬᠤᠨ ᠤ᠋ ᠳᠠᠯᠠᠯᠭ᠎ᠠ ᠲᠠᠢ ᠨᠠᠭᠤᠷ ᠮᠢᠨᠢ
ᠢᠲᠡᠭᠡᠯ ᠳᠤᠷᠠᠯᠠᠯ ᠤ᠋ᠨ ᠬᠣᠣᠰ ᠪᠡᠯᠭᠡᠳᠡᠯ
ᠢᠵᠢᠯᠢ ᠠᠮᠠᠷᠠᠭ ᠬᠤᠨ ᠰᠢᠪᠠᠭᠤ
ᠡᠩᠬᠦᠷᠡᠢ ᠬᠥᠭᠡᠷᠦᠬᠦᠨ ᠦᠷᠡᠰ ᠢᠶ᠋ᠡᠨ ᠳᠠᠭᠠᠭᠤᠯᠤᠭᠠᠳ
ᠡᠯᠡᠰᠦᠨ ᠳᠤᠮᠳᠠᠬᠢ ᠨᠠᠭᠤᠷ ᠲᠤ᠌ ᠪᠠᠨ ᠵᠢᠷᠭᠠᠯ ᠲᠠᠢ
ᠬᠣᠯᠠ ᠶ᠋ᠢᠨ ᠬᠣᠯᠠ ᠡᠴᠡ ᠳᠠᠯᠠᠢ ᠡᠵᠢ ᠡᠴᠡ ᠪᠡᠨ
ᠬᠤᠨ ᠤ᠋ ᠳᠠᠯᠠᠯᠭ᠎ᠠ ᠲᠠᠢ ᠨᠠᠭᠤᠷ ᠮᠢᠨᠢ
ᠨᠠᠮᠤᠷ ᠨᠠᠮᠤᠷ ᠤ᠋ᠨ ᠨᠠᠯᠠᠭᠠᠷ ᠡᠳᠦᠷ ᠦ᠋ᠳ ᠲᠦ᠍
ᠨᠠᠭᠠᠳᠴᠤ ᠴᠢᠭᠤᠯᠤᠭᠰᠠᠭᠠᠷ ᠬᠤᠨ ᠤ᠋ ᠰᠦᠷᠦᠭ
ᠨᠤᠲᠤᠭ ᠤ᠋ᠨ ᠮᠢᠨᠢ ᠵᠢᠭᠠᠬᠠᠨ ᠬᠤᠨ ᠲᠠᠢ ᠨᠠᠭᠤᠷ ᠢ᠋
ᠨᠢᠭᠤᠴᠠᠬᠠᠨ ᠰᠡᠳᠬᠢᠯ ᠳ᠋ᠦ᠍ ᠪᠡᠨ ᠲᠡᠭᠡᠭᠡᠭᠡᠳ ᠪᠤᠴᠠᠬᠤ ᠶᠤᠮ
ᠬᠣᠯᠠ ᠶ᠋ᠢᠨ ᠬᠣᠯᠠ ᠡᠴᠡ ᠳᠠᠯᠠᠢ ᠡᠵᠢ ᠡᠴᠡ ᠪᠡᠨ
ᠬᠤᠨ ᠤ᠋ ᠲᠠᠯᠠᠯᠠᠭ᠎ᠠ ᠲᠠᠢ ᠨᠠᠭᠤᠷ ᠮᠢᠨᠢ
