ᠰᠠᠨᠠᠬᠤ ᠦᠭᠡᠢ ᠪᠠᠢᠵᠤ ᠴᠢᠳᠠᠬᠤ ᠦᠭᠡᠢ ᠨᠢ ᠴᠢᠮ᠎ᠠ ᠶ᠋ᠢ ᠪᠡᠨ-ᠬ ∙ ᠮᠥᠩᠬᠡᠲᠦᠪᠰᠢᠨ ᠡ᠊ ∙ ᠴᠢᠯᠠᠭᠤᠨᠴᠢᠮᠡᠭСанахгүй байж чадахгүй нь чамайгаа-Х.Мөнхтүвшин Э.Чулуунчимэг
ᠰᠠᠨᠠᠬᠤ ᠦᠭᠡᠢ ᠪᠠᠢᠵᠤ ᠴᠢᠳᠠᠬᠤ ᠦᠭᠡᠢ ᠨᠢ ᠴᠢᠮ᠎ᠠ ᠶ᠋ᠢ ᠪᠡᠨ
ᠦᠭᠡ᠄ ᠶ · ᠪᠠᠳᠮᠠᠰᠦ᠋ᠷᠦᠩ
ᠠᠶ᠎ᠠ᠄ ᠲ· ᠨᠠᠶ᠋ᠢᠳᠡᠨᠵᠠᠪ
ᠳᠠᠭᠤᠴᠢᠨ᠄ ᠴᠢᠯᠤᠭᠤᠨᠴᠢᠮᠡᠭ ᠂ ᠮᠦᠩᠬᠡᠲᠦ᠋ᠪᠰᠢᠨ
ᠰᠠᠨᠠᠬᠤ ᠦᠭᠡᠢ ᠪᠠᠢᠵᠤ ᠴᠢᠳᠠᠬᠤ ᠦᠭᠡᠢ ᠴᠢᠮ᠎ᠠ ᠶ᠋ᠢ ᠪᠡᠨ
ᠰᠠᠨᠴᠢᠭ ᠦᠰᠦᠨ ᠳ᠋ᠦ᠍ ᠴᠢᠨᠢ ᠣᠳᠣᠳ ᠨᠠᠭᠠᠳᠬᠤ ᠳ᠋ᠤ᠌
ᠰᠠᠨᠠᠭᠠᠨ ᠤ᠋ ᠦᠵᠦᠭᠦᠷ ᠲᠦ᠍ ᠰᠠᠯᠬᠢ ᠲᠠᠭᠠᠯᠠᠬᠤ ᠳ᠋ᠤ᠌
ᠰᠠᠯᠬᠤ ᠶ᠋ᠢᠨ ᠠᠷᠭ᠎ᠠ ᠦᠭᠡᠢ ᠤᠴᠠᠷᠠᠯ ᠢᠷᠡᠬᠦ ᠳ᠋ᠦ᠍
ᠰᠠᠢᠬᠠᠨ ᠰᠡᠳᠬᠢᠯᠲᠦ ᠴᠢᠮ᠎ᠠ ᠶ᠋ᠢ ᠪᠡᠨ ᠪᠣᠳᠣᠨ ᠵᠣᠭᠰᠣᠬᠤ ᠳ᠋ᠤ᠌
ᠰᠠᠨᠠᠬᠤ ᠦᠭᠡᠢ ᠪᠠᠢᠵᠤ ᠴᠢᠳᠠᠬᠤ ᠦᠭᠡᠢ ᠨᠢ ᠠ᠋ ᠴᠢᠮ᠎ᠠ ᠶ᠋ᠢ ᠪᠡᠨ
ᠰᠠᠢᠬᠠᠨ ᠰᠡᠳᠬᠢᠯᠲᠦ ᠴᠢᠮ᠎ᠠ ᠶ᠋ᠢ ᠪᠡᠨ ᠪᠣᠳᠣᠨ ᠵᠣᠭᠰᠣᠬᠤ ᠳ᠋ᠤ᠌
ᠰᠠᠨᠠᠬᠤ ᠦᠭᠡᠢ ᠪᠠᠢᠵᠤ ᠴᠢᠳᠠᠬᠤ ᠦᠭᠡᠢ ᠨᠢ ᠠ᠋ ᠴᠢᠮ᠎ᠠ ᠶ᠋ᠢ ᠪᠡᠨ
ᠡᠷᠬᠡᠯᠡᠬᠦ ᠦᠭᠡᠢ ᠪᠠᠢᠵᠤ ᠴᠢᠳᠠᠬᠤ ᠦᠭᠡᠢ ᠨᠢ ᠡ ᠴᠢᠮ᠎ᠠ ᠳ᠋ᠠᠭᠠᠨ
ᠡᠩᠭᠡᠷ ᠴᠡᠭᠡᠵᠢᠨ ᠳ᠋ᠦ᠍ ᠴᠢᠨᠢ ᠬᠠᠷᠠᠴᠠ ᠨᠢᠭᠤᠭᠳᠠᠬᠤ ᠳ᠋ᠤ᠌
ᠡᠨᠡ ᠪᠡᠶ᠎ᠡ ᠶ᠋ᠢᠨ ᠵᠢᠷᠭᠠᠯ ᠢ᠋ ᠳᠡᠩᠳᠡᠭᠦᠦ ᠮᠡᠳᠡᠷᠡᠬᠦ ᠳ᠋ᠦ᠍
ᠡᠷᠢᠶᠡᠨ ᠴᠡᠴᠡᠭ ᠲᠦ᠍ ᠡᠷᠪᠡᠬᠡᠢ ᠡᠷᠭᠢᠯᠳᠦᠨ᠎ᠡ
ᠡᠩᠬᠦᠷᠡᠢ ᠠᠯᠠᠭ ᠨᠢᠳᠦᠨ ᠡᠴᠡ ᠴᠢᠨᠢ ᠬᠠᠢᠷ᠎ᠠ ᠪᠠᠨ ᠠᠰᠠᠭᠠᠵᠤ
ᠡᠷᠬᠡᠯᠡᠬᠦ ᠦᠭᠡᠢ ᠪᠠᠢᠵᠤ ᠴᠢᠳᠠᠬᠤ ᠦᠭᠡᠢ ᠨᠢ ᠠ᠋ ᠴᠢᠮ᠎ᠠ ᠳ᠋ᠠᠭᠠᠨ
ᠡᠩᠬᠦᠷᠡᠢ ᠠᠯᠠᠭ ᠨᠢᠳᠦᠨ ᠡᠴᠡ ᠴᠢᠨᠢ ᠬᠠᠢᠷ᠎ᠠ ᠪᠠᠨ ᠠᠰᠠᠭᠠᠵᠤ
ᠡᠷᠬᠡᠯᠡᠬᠦ ᠦᠭᠡᠢ ᠪᠠᠢᠵᠤ ᠴᠢᠳᠠᠬᠤ ᠦᠭᠡᠢ ᠨᠢ ᠠ᠋ ᠴᠢᠮ᠎ᠠ ᠳ᠋ᠠᠭᠠᠨ
ᠵᠡᠭᠦᠳᠦᠯᠡᠬᠦ ᠦᠭᠡᠢ ᠪᠠᠢᠵᠤ ᠴᠢᠳᠠᠬᠤ ᠦᠭᠡᠢ ᠨᠢ ᠴᠢᠮ᠎ᠠ ᠶ᠋ᠢ ᠪᠡᠨ
ᠵᠢᠷᠦᠬᠡᠨ ᠳᠡᠭᠡᠷ᠎ᠡ ᠮᠢᠨᠢ ᠴᠢᠨᠦ ᠭᠠᠷ ᠪᠠᠢᠬᠤ ᠳ᠋ᠤ᠌
ᠵᠡᠭᠦᠷᠮᠡᠭᠯᠡᠬᠦ ᠵᠠᠭᠤᠷ᠎ᠠ ᠳ᠋ᠤ᠌ ᠵᠦᠭ ᠦᠭᠡᠢᠳᠡᠨ ᠢᠨᠢᠶᠡᠬᠦ ᠳ᠋ᠦ᠍ ᠴᠢᠨᠢ
ᠵᠦᠰᠡᠷ ᠪᠣᠷᠣᠭᠠᠨ ᠳ᠋ᠤ᠌ ᠨᠣᠷᠤᠨ ᠡᠷᠬᠡᠯᠡᠬᠦ ᠳ᠋ᠦ᠍
ᠵᠡᠭᠦᠳᠦᠨ ᠦ᠌ ᠬᠦᠰᠡᠯᠡᠩᠲᠦ ᠨᠠᠨᠳᠢᠨ ᠬᠠᠢᠷ᠎ᠠ ᠪᠠᠨ ᠳᠤᠷᠠᠰᠬᠤ ᠳ᠋ᠤ᠌
ᠵᠡᠭᠦᠳᠦᠯᠡᠬᠦ ᠦᠭᠡᠢ ᠪᠠᠢᠵᠤ ᠴᠢᠳᠠᠬᠤ ᠦᠭᠡᠢ ᠨᠢ ᠠ᠋ ᠴᠢᠮ᠎ᠠ ᠶ᠋ᠢ ᠪᠡᠨ
ᠰᠠᠢᠬᠠᠨ ᠰᠡᠳᠬᠢᠯᠲᠦ ᠴᠢᠮ᠎ᠠ ᠶ᠋ᠢ ᠪᠡᠨ ᠪᠣᠳᠣᠨ ᠵᠣᠭᠰᠣᠬᠤ ᠳ᠋ᠤ᠌
ᠰᠠᠨᠠᠬᠤ ᠦᠭᠡᠢ ᠪᠠᠢᠵᠤ ᠴᠢᠳᠠᠬᠤ ᠦᠭᠡᠢ ᠨᠢ ᠠ᠋ ᠴᠢᠮ᠎ᠠ ᠶ᠋ᠢ ᠪᠡᠨ
ᠰᠠᠢᠬᠠᠨ ᠰᠡᠳᠬᠢᠯᠲᠦ ᠴᠢᠮ᠎ᠠ ᠶ᠋ᠢ ᠪᠡᠨ ᠪᠣᠳᠣᠨ ᠵᠣᠭᠰᠣᠬᠤ ᠳ᠋ᠤ᠌
ᠰᠠᠨᠠᠬᠤ ᠦᠭᠡᠢ ᠪᠠᠢᠵᠤ ᠴᠢᠳᠠᠬᠤ ᠦᠭᠡᠢ ᠨᠢ ᠠ᠋ ᠴᠢᠮ᠎ᠠ ᠶ᠋ᠢ ᠪᠡᠨ
ᠦᠰᠦᠭ ᠠᠮᠢᠯᠠᠭᠤᠯᠤᠭᠴᠢ᠄ ᠪᠠᠢ᠂ ᠰᠠᠷᠠᠨ᠎ᠠ
ᠦᠰᠦᠭ ᠬᠠᠳᠠᠭᠴᠢ᠄ ᠪᠠᠢ᠂ ᠰᠠᠷᠠᠨ᠎ᠠ
ᠬᠢᠨᠠᠭᠴᠢ᠄ ᠣᠳᠬᠠᠨᠰᠣ᠎ᠠ
