ᠦᠭᠡ ᠦᠭᠡᠢ ᠬᠠᠢᠷ᠎ᠠ- ᠭᠡᠷᠡᠯᠴᠢᠯᠠᠭᠤᠨUggui hair-GerelchuluunҮггүй хайр-Гэрэлчулуун
ᠦᠭᠡ ᠦᠭᠡᠢ ᠬᠠᠢᠷ᠎ᠠ
ᠦᠭᠡ᠄ ᠦ᠊· ᠬᠦᠷᠡᠯᠪᠠᠭᠠᠲᠤᠷ
ᠠᠶ᠎ᠠ᠄ ᠴ · ᠠᠮᠤᠷᠵᠢᠷᠭᠠᠯ
ᠳᠠᠭᠤᠴᠢᠨ᠄ ᠶ · ᠭᠡᠷᠡᠯᠴᠢᠯᠠᠭᠤᠨ
ᠬᠡᠯᠡᠶ᠎ᠡ ᠭᠡᠪᠡᠴᠦ ᠬᠡᠯᠡᠵᠦ ᠪᠣᠯᠳᠠᠭ ᠦᠭᠡᠢ
ᠬᠡᠨᠵᠡᠬᠡᠨ ᠬᠠᠢᠷ᠎ᠠ ᠭᠡᠵᠦ ᠪᠠᠢᠬᠤ ᠶᠤᠮ ᠠ᠋
ᠬᠡᠨ ᠦ᠌ ᠬᠢ ᠴᠦ᠍ ᠪᠢᠰᠢ ᠮᠢᠨᠦᠬᠢ ᠶᠦᠮ ᠰᠢᠭ
ᠬᠦᠰᠡᠯ ᠦ᠋ᠨ ᠳᠠᠭᠢᠨᠢ ᠴᠢ ᠮᠢᠨᠢ ᠠ᠋
ᠣᠢᠷᠠᠳᠬᠤ ᠲᠤᠰᠤᠮ ᠢ᠋ᠶ᠋ᠠᠨ ᠬᠣᠯᠠᠳᠠᠳᠠᠭ ᠣᠷᠴᠢᠯᠠᠩ
ᠣᠷᠣᠢᠲᠠᠬᠤ ᠲᠤᠰᠤᠮ ᠢ᠋ᠶ᠋ᠠᠨ ᠨᠢᠯᠬᠠᠷᠠᠳᠠᠭ ᠬᠠᠢᠷ᠎ᠠ ᠠ᠋
ᠥᠭᠭᠦᠶ᠎ᠡ ᠭᠡᠪᠡᠴᠦ ᠥᠭᠴᠦ ᠪᠣᠯᠳᠠᠭ ᠦᠭᠡᠢ
ᠦᠭᠡ ᠦᠭᠡᠢ ᠬᠠᠢᠷ᠎ᠠ ᠭᠡᠵᠦ ᠪᠠᠢᠬᠤ ᠶᠤᠮ ᠠ᠋
ᠥᠷᠥᠭᠡᠯ ᠦ᠋ᠨ ᠬᠢ ᠪᠢᠰᠢ ᠥᠪᠡᠷ ᠦ᠋ᠨ ᠬᠢ ᠶᠦᠮ ᠰᠢᠭ
ᠡᠷᠭᠦᠯ ᠦ᠋ᠨ ᠳᠠᠭᠤᠤ ᠴᠢ ᠮᠢᠨᠢ ᠠ᠋
ᠣᠢᠷᠠᠳᠬᠤ ᠲᠤᠰᠤᠮ ᠢ᠋ᠶ᠋ᠠᠨ ᠬᠣᠯᠠᠳᠠᠳᠠᠭ ᠣᠷᠴᠢᠯᠠᠩ
ᠣᠷᠣᠢᠲᠠᠬᠤ ᠲᠤᠰᠤᠮ ᠢ᠋ᠶ᠋ᠠᠨ ᠨᠢᠯᠬᠠᠷᠠᠳᠠᠭ ᠬᠠᠢᠷ᠎ᠠ ᠠ᠋
ᠠᠪᠤᠶ᠎ᠠ ᠭᠡᠪᠡᠴᠦ ᠠᠪᠴᠤ ᠪᠣᠯᠳᠠᠭ ᠦᠭᠡᠢ
ᠠᠩᠭᠢᠷ ᠬᠠᠢᠷ᠎ᠠ ᠭᠡᠵᠦ ᠪᠠᠢᠬᠤ ᠶᠤᠮ ᠠ᠋
ᠠᠷᠭᠠᠳᠠᠨ ᠮᠡᠯᠮᠡᠷᠡᠬᠦ ᠨᠢᠯᠪᠤᠰᠤ ᠰᠢᠭ᠋
ᠠᠯᠠᠭ ᠨᠢᠳᠦᠨ ᠴᠢ ᠮᠢᠨᠢ ᠠ᠋
ᠣᠢᠷᠠᠳᠬᠤ ᠲᠤᠰᠤᠮ ᠢ᠋ᠶ᠋ᠠᠨ ᠬᠣᠯᠠᠳᠠᠳᠠᠭ ᠣᠷᠴᠢᠯᠠᠩ
ᠣᠷᠣᠢᠲᠠᠬᠤ ᠲᠤᠰᠤᠮ ᠢ᠋ᠶ᠋ᠠᠨ ᠨᠢᠯᠬᠠᠷᠠᠳᠠᠭ ᠬᠠᠢᠷ᠎ᠠ ᠠ᠋
ᠦᠭᠡ ᠦᠭᠡᠢ ᠭᠡᠪᠡᠴᠦ ᠦᠭᠡᠢᠰᠬᠡᠵᠦ ᠪᠣᠯᠳᠠᠭ ᠦᠭᠡᠢ
ᠦᠢᠯᠡ ᠶ᠋ᠢᠨ ᠦᠷ᠎ᠡ ᠭᠡᠵᠦ ᠪᠠᠢᠬᠤ ᠶᠤᠮ ᠠ᠋
ᠦᠯᠢᠭᠡᠷ ᠪᠢᠰᠢ ᠦᠨᠡᠨ ᠶᠦᠮ ᠰᠢᠭ
ᠦᠵᠡᠰᠬᠦᠯᠡᠩ ᠭᠤᠸ᠎ᠠ ᠴᠢ ᠮᠢᠨᠢ ᠠ᠋
ᠣᠢᠷᠠᠳᠬᠤ ᠲᠤᠰᠤᠮ ᠢ᠋ᠶ᠋ᠠᠨ ᠬᠣᠯᠠᠳᠠᠳᠠᠭ ᠣᠷᠴᠢᠯᠠᠩ
ᠣᠷᠣᠢᠲᠠᠬᠤ ᠲᠤᠰᠤᠮ ᠢ᠋ᠶ᠋ᠠᠨ ᠨᠢᠯᠬᠠᠷᠠᠳᠠᠭ ᠬᠠᠢᠷ᠎ᠠ ᠠ᠋
ᠦᠰᠦᠭ ᠠᠮᠢᠯᠠᠭᠤᠯᠤᠭᠴᠢ᠄ ᠪᠠᠢ᠂ ᠰᠠᠷᠠᠨ᠎ᠠ
ᠦᠰᠦᠭ ᠬᠠᠳᠠᠭᠴᠢ᠄ ᠪᠠᠢ᠂ ᠰᠠᠷᠠᠨ᠎ᠠ
ᠬᠢᠨᠠᠭᠴᠢ᠄ ᠰᠣᠨᠢᠨᠪᠠᠶᠠᠷ
