ᠤᠴᠠᠷᠠᠯ ᠪᠦᠬᠦᠨ ᠳ᠋ᠦ᠍ ᠪᠡᠨ ᠲᠠᠯᠠᠷᠬᠠᠶ᠎ᠠ -ᠪᠥᠬᠡ Учрал бүхэндээ талархъя-Бөх
ᠤᠴᠠᠷᠠᠯ ᠪᠦᠬᠦᠨ ᠳ᠋ᠦ᠍ ᠪᠡᠨ ᠲᠠᠯᠠᠷᠬᠠᠶ᠎ᠠ
ᠦᠭᠡ ᠄ ᠠ᠂ ᠣᠳᠬᠣᠨᠪᠠᠶᠠᠷ
ᠠᠶ᠎ᠠ ᠄ ᠪᠠᠳᠠᠷᠠ
ᠳᠠᠭᠤᠴᠢᠨ ᠄ ᠪᠥᠬᠡ
ᠲᠠᠯ᠎ᠠ ᠶ᠋ᠢ ᠰᠦᠯᠡᠭᠰᠡᠨ ᠥᠷᠯᠥᠭᠡᠨ ᠦ᠌ ᠨᠠᠷᠠᠨ
ᠰᠡᠷᠡᠭᠡᠷᠡᠢ ᠰᠡᠷᠡᠭᠡᠷᠡᠢ ᠭᠡᠵᠦ ᠳᠠᠭᠤᠳᠠᠭᠰᠠᠨ
ᠲᠡᠭᠷᠢ ᠪᠠᠭᠠᠨᠠᠳᠠᠭᠰᠠᠨ ᠥᠨᠳᠥᠷ ᠠᠭᠤᠯᠠᠰ
ᠥᠨᠳᠡᠢᠭᠡᠷᠡᠢ ᠥᠨᠳᠡᠢᠭᠡᠷᠡᠢ ᠭᠡᠵᠦ ᠳᠠᠯᠠᠯᠤᠭᠰᠠᠨ
ᠤᠴᠠᠷᠠᠯ ᠪᠦᠬᠦᠨ ᠳ᠋ᠦ᠍ ᠴᠢᠩ ᠦᠨᠡᠨᠴᠢ ᠪᠡᠷ ᠲᠠᠯᠠᠷᠬᠠᠶ᠎ᠠ
ᠣᠯᠵᠤ ᠠᠯᠳᠠᠭᠰᠠᠨ ᠴᠤ᠌ ᠠᠬᠢᠬᠤ ᠲᠡᠩᠬᠡᠭᠡ ᠰᠠᠯᠪᠢᠶᠠ
ᠤᠷᠤᠭᠰᠢ ᠪᠠᠨ ᠪᠠᠷᠲᠠᠭ᠎ᠠ ᠂ ᠬᠠᠷᠭᠤᠢ ᠠᠯᠢ ᠨᠢ ᠴᠦ᠍ ᠪᠠᠢᠨ᠎ᠠ
ᠥᠭᠡᠳᠡ ᠥᠩᠭᠡ ᠲᠡᠢ ᠵᠣᠷᠢᠭ ᠢᠲᠡᠭᠡᠯ ᠢ᠋ᠶ᠋ᠡᠷ ᠲᠡᠭᠰᠢᠯᠡᠶᠡ
ᠠᠪᠤ ᠶ᠋ᠢᠨ ᠮᠢᠨᠢ ᠬᠡᠷᠰᠡᠦ ᠤᠬᠠᠭᠠᠨ
ᠠᠬᠢᠭᠠᠷᠠᠢ ᠠᠭᠢᠭᠠᠷᠠᠢ ᠭᠡᠵᠦ ᠲᠠᠰᠢᠭᠤᠷᠳᠠᠭᠰᠠᠨ
ᠠᠮᠠᠷᠠᠭ ᠤ᠋ᠨ ᠮᠢᠨᠢ ᠬᠠᠢᠷ᠎ᠠ ᠬᠠᠷᠠᠴᠠ
ᠠᠮᠵᠢᠭᠠᠷᠠᠢ ᠠᠮᠵᠢᠭᠠᠷᠠᠢ ᠭᠡᠵᠦ ᠰᠢᠪᠡᠨᠡᠭᠰᠡᠨ
ᠤᠴᠠᠷᠠᠯ ᠪᠦᠬᠦᠨ ᠳ᠋ᠦ᠍ ᠴᠢᠩ ᠦᠨᠡᠨᠴᠢ ᠪᠡᠷ ᠲᠠᠯᠠᠷᠬᠠᠶ᠎ᠠ
ᠣᠯᠵᠤ ᠠᠯᠳᠠᠭᠰᠠᠨ ᠴᠤ᠌ ᠠᠬᠢᠬᠤ ᠲᠡᠩᠬᠡᠭᠡ ᠰᠠᠯᠪᠢᠶᠠ
ᠤᠷᠤᠭᠰᠢ ᠪᠠᠨ ᠪᠠᠷᠲᠠᠭ᠎ᠠ ᠂ ᠬᠠᠷᠭᠤᠢ ᠠᠯᠢ ᠨᠢ ᠴᠦ᠍ ᠪᠠᠢᠨ᠎ᠠ
ᠥᠭᠡᠳᠡ ᠥᠩᠭᠡ ᠲᠡᠢ ᠵᠣᠷᠢᠭ ᠢᠲᠡᠭᠡᠯ ᠢ᠋ᠶ᠋ᠡᠷ ᠲᠡᠭᠰᠢᠯᠡᠶᠡ
ᠡᠵᠢ ᠶᠢᠨ ᠮᠢᠨᠢ ᠰᠠᠢᠬᠠᠨ ᠤ᠋ ᠵᠥᠩᠨᠡᠯ
ᠳᠠᠪᠰᠢᠭᠠᠷᠠᠢ ᠲᠠᠪᠰᠢᠭᠠᠷᠠᠢ ᠭᠡᠵᠦ ᠢᠷᠦᠭᠡᠭᠰᠡᠨ
ᠦᠷ᠎ᠡ ᠶ᠋ᠢᠨ ᠮᠢᠨᠢ ᠬᠣᠩᠭᠣᠷ ᠳᠠᠭᠤ
ᠲᠣᠮᠣᠭᠠᠵᠢᠭᠠᠷᠠᠢ ᠲᠣᠮᠣᠭᠠᠵᠢᠭᠠᠷᠠᠢ ᠭᠡᠵᠦ ᠱᠠᠯᠠᠪᠳᠠᠭᠰᠠᠨ
ᠤᠴᠠᠷᠠᠯ ᠪᠦᠬᠦᠨ ᠳ᠋ᠦ᠍ ᠴᠢᠩ ᠦᠨᠡᠨᠴᠢ ᠪᠡᠷ ᠲᠠᠯᠠᠷᠬᠠᠶ᠎ᠠ
ᠣᠯᠵᠤ ᠠᠯᠳᠠᠭᠰᠠᠨ ᠴᠤ᠌ ᠠᠬᠢᠬᠤ ᠲᠡᠩᠬᠡᠭᠡ ᠰᠠᠯᠪᠢᠶᠠ
ᠤᠷᠤᠭᠰᠢ ᠪᠠᠨ ᠪᠠᠷᠲᠠᠭ᠎ᠠ ᠂ ᠬᠠᠷᠭᠤᠢ ᠠᠯᠢ ᠨᠢ ᠴᠦ᠍ ᠪᠠᠢᠨ᠎ᠠ
ᠥᠭᠡᠳᠡ ᠥᠩᠭᠡ ᠲᠡᠢ ᠵᠣᠷᠢᠭ ᠢᠲᠡᠭᠡᠯ ᠢ᠋ᠶ᠋ᠡᠷ ᠲᠡᠭᠰᠢᠯᠡᠶᠡ ᠂ ᠲᠡᠭᠰᠢᠯᠡᠶᠡ
ᠦᠰᠦᠭ ᠠᠮᠢᠯᠠᠭᠤᠯᠤᠨ ᠬᠠᠲᠠᠭᠰᠠᠨ ᠨᠢ ᠄ ᠭᠠᠸᠠ
ᠬᠢᠨᠠᠭᠴᠢ ᠄ ᠢᠷᠡᠭᠡᠳᠦᠢ
