ᠪᠦᠷᠭᠦᠳ ᠬᠠᠷᠢ ᠳᠤ ᠡᠭᠦᠷᠯᠡᠳᠡᠭ ᠦᠭᠡᠢ – ᠵ ᠂ ᠫᠦᠷᠪᠦ<ᠭᠤᠷᠪᠠᠳᠤᠭᠠᠷ ᠪᠦᠯᠦᠭ –4>᠂ ᠠᠮᠢᠨᠴᠢᠯᠠᠬᠤ ᠦᠭᠡ Бүргэд харьд үүрэлдэггүй – Ж᠂ Пүрэв <3-р бүлэг ~4>.аминчлах үг ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠦᠷᠭᠦᠳ ᠬᠠᠷᠢ ᠳᠤ ᠡᠭᠦᠷᠯᠡᠳᠡᠭ ᠦᠭᠡᠢ – ᠵ ᠂ ᠫᠦᠷᠪᠦ<ᠭᠤᠷᠪᠠᠳᠤᠭᠠᠷ ᠪᠦᠯᠦᠭ –4>᠂ ᠠᠮᠢᠨᠴᠢᠯᠠᠬᠤ ᠦᠭᠡ Бүргэд харьд үүрэлдэггүй – Ж᠂ Пүрэв <3-р бүлэг ~4>.аминчлах үг

ᠪᠦᠷᠭᠦᠳ ᠬᠠᠷᠢ ᠳᠤ ᠡᠭᠦᠷᠯᠡᠳᠡᠭ ᠦᠭᠡᠢ – ᠵ ᠂ ᠫᠦᠷᠪᠦ<ᠭᠤᠷᠪᠠᠳᠤᠭᠠᠷ ᠪᠦᠯᠦᠭ –4>᠂ ᠠᠮᠢᠨᠴᠢᠯᠠᠬᠤ ᠦᠭᠡ Бүргэд харьд үүрэлдэггүй – Ж᠂ Пүрэв <3-р бүлэг ~4>.аминчлах үг

ᠠᠩᠭᠢᠯᠠᠯ:ᠲᠤᠭᠤᠵᠢ ᠷᠣᠮᠠᠨ
2026-05-29

72

ᠭᠤᠷᠪᠠᠳᠤᠭᠠᠷ ᠪᠦᠯᠦᠭ – ᠴᠠᠭᠠᠨ ᠪᠡᠴᠢᠨ ᠵᠢᠯ

ᠳᠥᠷᠪᠡ᠂ ᠠᠮᠢᠨᠴᠢᠯᠠᠬᠤ ᠦᠭᠡ


       ᠪᠠᠶᠠᠨ ᠵᠠᠩᠵᠤᠨ ᠢᠷᠡᠯ᠎ᠡ ᠭᠡᠰᠡᠨ ᠴᠢᠮᠡᠭᠡ ᠰᠣᠨᠣᠰᠤᠭᠳᠠᠪᠠ᠃ ᠬᠤᠪᠢᠯᠠᠢ ᠪᠣᠳᠣᠯᠭᠠᠰᠢᠷᠠᠨ ᠰᠠᠭᠤᠭᠰᠠᠨ ᠢ᠋ᠶ᠋ᠠᠨ ᠲᠡᠷᠡ ᠦᠭᠡ ᠶ᠋ᠢ ᠰᠣᠨᠣᠰᠤᠭᠠᠳ 
       — ᠵᠠ ᠪᠠᠢᠵᠠ! ᠪᠢ ᠪᠠᠶᠠᠨ ᠲᠠᠢ ᠶᠠᠭᠠᠬᠢᠵᠤ ᠠᠭᠤᠯᠵᠠᠬᠤ ᠪᠣᠢ? ᠲᠡᠷᠡ ᠪᠡᠷ ᠲᠤᠩ ᠶᠠᠭ ᠦᠭᠡᠢ ᠬᠠᠰᠢᠷ᠂ ᠳᠣᠣᠷ᠎ᠠ ᠪᠠᠨ ᠰᠠᠭᠤᠷᠢᠲᠠᠢ᠂ ᠪᠠᠷᠤᠭᠲᠠᠢ ᠪᠣᠯ ᠠᠮᠠᠨ ᠠ᠋ᠴᠠ ᠪᠠᠨ《ᠠᠯᠲᠠ ᠭᠡᠭᠡᠨ᠎ᠡ》 ᠭᠡᠳ ᠦᠭᠡ ᠤᠨᠠᠭᠠᠳᠠᠭ ᠡᠷ᠎ᠡ ᠪᠢᠰᠢ ᠳᠡ᠃ ᠨᠢᠭᠡ ᠵᠠ ᠭᠡᠪᠡᠯ ᠶᠣᠣ ᠦᠭᠡᠢ ᠬᠥᠮᠦᠨ᠃ ᠣᠷᠣᠭ᠎ᠠ ᠮᠣᠷᠢ ᠪᠠᠷᠢᠬᠤ ᠠᠳᠠᠯᠢ ᠬᠥᠯ ᠳ᠋ᠦ᠍ ᠨᠢ ᠰᠠᠭᠤᠬᠤ ᠠ᠋ᠴᠠ ᠥᠭᠡᠷ᠎ᠡ ᠠᠷᠭ᠎ᠠ ᠪᠠᠢᠬᠤ᠃ ᠪᠠᠶᠠᠨ ᠳᠦᠯᠢᠵᠦ ᠳᠦᠯᠢᠵᠦ ᠨᠢᠭᠡ ᠦᠭᠡ ᠬᠡᠯᠡᠨ᠎ᠡ᠂ ᠲᠡᠷᠡ ᠨᠢ ᠭᠠᠷᠴᠠᠭ᠎ᠠ ᠦᠭᠡᠢ ᠶᠠᠭᠤᠮ᠎ᠠ ᠪᠠᠢᠳᠠᠭ᠃ ᠪᠢᠳᠡ ᠬᠣᠶᠠᠷ ᠪᠡᠶ᠎ᠡ ᠪᠠᠶᠠᠨ ᠤ᠋ ᠪᠠᠨ ᠵᠠᠩ ᠢ᠋ ᠮᠡᠳᠡᠨ᠎ᠡ ᠳᠠ᠃ ᠴᠡᠷᠢᠭ ᠲᠡᠢᠨ ᠦ᠌ ᠬᠤᠪᠢ ᠳ᠋ᠤ᠌ ᠪᠠᠶᠠᠨ᠂ ᠴᠠᠭᠠᠨ ᠬᠣᠶᠠᠷ ᠢ᠋ ᠭᠦᠢᠴᠡᠬᠦ ᠵᠠᠩᠵᠤᠨ ᠣᠳᠣ ᠪᠠᠷ ᠮᠠᠨ ᠤ᠋ ᠳ᠋ᠤ᠌ ᠬᠣᠪᠣᠷ ᠪᠢᠵᠡ᠃ ᠪᠠᠶᠠᠨ ᠪᠣᠯ ᠲᠣᠮᠣ ᠲᠡᠢᠨ᠂ ᠪᠦᠷ ᠬᠣᠶᠠᠷ ᠤᠯᠤᠰ ᠭᠦᠷᠦᠨ ᠦ᠌ ᠬᠣᠭᠣᠷᠣᠨᠳᠣ ᠶ᠋ᠢᠨ ᠲᠡᠢᠨ ᠦ᠌ ᠪᠣᠳᠣᠯᠭ᠎ᠠ ᠳ᠋ᠤ᠌ ᠭᠠᠷᠭᠠᠨᠭᠤᠳ ᠤᠬᠠᠭᠠᠨ ᠭᠠᠷᠭᠠᠳᠠᠭ᠃ ᠴᠠᠭᠠᠨ᠎ᠠ ᠠ᠋ᠴᠠ ᠪᠠᠨ ᠬᠦᠷᠢᠶᠡᠯᠡᠨ ᠪᠦᠰᠡᠯᠡᠵᠦ ᠳᠠᠢᠰᠤᠨ ᠢ᠋ ᠴᠣᠬᠢᠬᠤ ᠠᠷᠠᠭᠠᠨ ᠳ᠋ᠤ᠌ ᠢᠯᠡᠭᠦᠦ ᠳᠠᠳᠤᠯᠭ᠎ᠠ ᠣᠯᠤᠭᠰᠠᠨ ᠬᠥᠮᠦᠨ᠃ ᠬᠥᠮᠦᠨ ᠦ᠌ ᠠᠪᠢᠶᠠᠰ ᠭᠡᠳᠡᠭ ᠰᠣᠨᠢᠨ ᠶᠤᠮ᠃ ᠪᠠᠶᠠᠨ ᠳ᠋ᠤ᠌ ᠳᠠᠢᠰᠤᠨ ᠢ᠋ ᠲᠣᠭᠣᠷᠢᠨ ᠪᠦᠰᠡᠯᠡᠬᠦ ᠠᠷᠭ᠎ᠠ ᠭᠡᠳᠡᠭ ᠶᠠᠭᠤᠮ᠎ᠠ ᠶ᠋ᠢ ᠬᠡᠨ ᠴᠦ᠍ ᠵᠢᠭᠠᠵᠤ ᠥᠭᠭᠦᠭᠡ ᠦᠭᠡᠢ ᠠᠲᠠᠯ᠎ᠠ᠂ ᠲᠡᠢᠮᠦ ᠲᠡᠢᠨ ᠦ᠌ ᠠᠷᠠᠭᠠᠨ ᠳ᠋ᠤ᠌ ᠮᠡᠷᠭᠡᠵᠢᠨ᠎ᠡ ᠭᠡᠳᠡᠭ ᠰᠠᠨᠠᠬᠤ ᠳ᠋ᠤ᠌ ᠪᠡᠷᠬᠡᠲᠡᠢ ᠬᠡᠷᠡᠭ᠃ ᠰᠠᠷᠠᠲᠠᠢ ᠵᠠᠩᠵᠤᠨ ᠤ᠋ ᠦᠶ᠎ᠡ ᠳ᠋ᠦ᠍ ᠪᠠᠶᠠᠨ ᠶᠡᠬᠡ ᠵᠠᠯᠠᠭᠤ ᠪᠠᠢᠭᠰᠠᠨ ᠳᠠ᠃ ᠡᠨᠡ ᠪᠣᠯ ᠲᠩᠷᠢ ᠶ᠋ᠢᠨ ᠠᠪᠤᠷᠠᠯ᠂ ᠡᠪᠦᠭᠡ ᠪᠣᠭᠳᠠ ᠶ᠋ᠢᠨ ᠮᠢᠨᠢ ᠵᠠᠶᠠᠭᠠᠵᠤ ᠬᠠᠢᠷᠠᠯᠠᠭᠰᠠᠨ ᠤᠬᠠᠭᠠᠨ ᠪᠢᠵᠡ᠃ ᠵᠠ ᠡᠨᠡ ᠴᠦ᠍ ᠶᠠᠭᠠᠬᠢᠬᠤ ᠪᠣᠢ᠃ ᠪᠢ ᠪᠠᠶᠠᠨ ᠲᠠᠢ ᠶᠠᠭᠤᠨ ᠠ᠋ᠴᠠ ᠡᠬᠢᠯᠡᠨ ᠥᠪᠡᠷ ᠦ᠋ᠨ ᠰᠠᠨᠠᠭ᠎ᠠ ᠶ᠋ᠢ ᠶᠠᠭᠠᠬᠢᠵᠤ ᠣᠢᠯᠠᠭᠠᠭᠤᠯᠬᠤ ᠪᠣᠢ? ᠬᠠᠰᠢᠷ ᠡᠷ᠎ᠡ ᠮᠢᠨᠦ ᠪᠣᠳᠣᠯ ᠢ᠋ ᠠᠯᠢ ᠡᠷᠲᠡ ᠳᠠᠭᠠᠵᠤ ᠮᠡᠳᠡᠭᠡᠳ ᠶᠠᠪᠤᠵᠤ ᠪᠠᠢᠭ᠎ᠠ ᠪᠢᠵᠡ᠃ ᠲᠡᠢᠨ ᠦ᠌ ᠬᠡᠷᠡᠭ ᠢ᠋ ᠬᠡᠯᠡᠯᠴᠡᠨ᠎ᠡ ᠭᠡᠵᠦ ᠲᠡᠷᠡ ᠪᠡᠷ ᠪᠠᠰᠠ ᠪᠣᠳᠣᠵᠤ ᠪᠠᠢᠭ᠎ᠠ᠃ ᠪᠢ ᠪᠠᠶᠠᠨ᠂ ᠴᠠᠭᠠᠨ᠂ ᠵᠣᠣ ᠪᠢ᠂ ᠬᠣᠣ ᠵᠢᠩ ᠨᠠᠷ ᠦᠭᠡᠢ ᠪᠡᠷ ᠥᠪᠡᠷ ᠢ᠋ ᠪᠡᠨ ᠶᠡᠬᠡ ᠬᠠᠭᠠᠨ ᠪᠣᠯᠭᠠᠬᠤ ᠲᠤᠬᠠᠢ ᠪᠣᠳᠣᠬᠤ ᠶ᠋ᠢᠨ ᠴᠦ᠍ ᠠᠷᠭ᠎ᠠ ᠦᠭᠡᠢ᠃ ᠬᠡᠳᠦᠨ ᠬᠢᠲᠠᠳ ᠲᠦᠰᠢᠮᠡᠯ ᠨᠠᠳᠠᠳᠤ ᠠᠷᠭ᠎ᠠ ᠤᠬᠠᠭᠠᠨ ᠵᠢᠭᠠᠵᠤ ᠥᠭᠭᠦᠨ᠎ᠡ᠃ ᠲᠡᠳᠡ ᠪᠣᠯ ᠮᠠᠭᠤ ᠰᠠᠨᠠᠭᠠᠨ ᠳ᠋ᠤ᠌ ᠮᠡᠷᠭᠡᠰᠢᠭᠰᠡᠨ ᠬᠥᠮᠦᠰ᠃ ᠬᠣᠶᠠᠷ ᠮᠣᠩᠭᠣᠯ ᠵᠠᠩᠵᠤᠨ ᠮᠠᠨᠢ ᠨᠡᠷ᠎ᠡ ᠰᠦᠷ ᠢ᠋ᠶ᠋ᠡᠷ ᠢ᠋ᠶ᠋ᠡᠨ ᠪᠤᠰᠤᠳ ᠢ᠋ ᠠᠶᠤᠯᠭᠠᠨ ᠳᠠᠭᠠᠭᠤᠯᠤᠨ᠎ᠠ᠃ ᠢᠯᠳᠦ ᠳᠠᠯᠠᠢᠬᠤ ᠬᠡᠷᠡᠭ ᠭᠠᠷᠪᠠᠯ ᠡᠳᠡ ᠠᠮᠢᠨ ᠳ᠋ᠤ᠌ ᠮᠠᠨᠢ ᠣᠷᠣᠨ᠎ᠠ᠁ ᠭᠡᠰᠡᠨ ᠶᠠᠷᠢᠶ᠎ᠠ ᠶ᠋ᠢ ᠵᠠᠬᠢᠷᠤᠭᠴᠢ ᠭᠠᠭᠴᠠᠭᠠᠷ ᠢ᠋ᠶ᠋ᠠᠨ ᠪᠠᠬᠠᠨ ᠶᠠᠷᠢᠭᠠᠳ᠂ ᠪᠠᠶᠠᠨ ᠢ᠋ ᠪᠠᠷᠠᠯᠠᠬᠠᠭᠤᠯ ᠭᠡᠵᠦ ᠪᠠᠷ᠎ᠠ ᠪᠣᠯᠤᠭᠴᠢ ᠳ᠋ᠤ᠌ ᠪᠠᠨ ᠬᠡᠯᠡᠯ᠎ᠡ᠃ 
       ᠳᠤᠬᠤᠨ ᠳᠡᠭᠡᠷ᠎ᠡ ᠪᠡᠨ ᠭᠦᠨᠵᠡᠭᠡᠢ ᠰᠣᠷᠪᠢ ᠲᠠᠢ᠂ ᠰᠢᠢᠳᠮᠡᠭᠡᠢ ᠪᠠᠢᠷᠢ ᠶ᠋ᠢᠨ ᠬᠠᠷᠠᠴᠠ ᠲᠠᠢ ᠪᠠᠶᠠᠨ① ᠵᠠᠩᠵᠤᠨ ᠤᠷᠲᠤ ᠦᠷᠭᠦᠭᠡᠨ ᠳ᠋ᠦ᠍ ᠪᠢᠷᠠᠯᠬᠠᠨ ᠣᠷᠣᠵᠤ ᠢᠷᠡᠭᠡᠳ ᠪᠥᠬᠥᠢᠨ ᠶᠣᠰᠣ ᠬᠢᠵᠦ ᠮᠡᠨᠳᠦᠯᠡᠪᠡ᠃ 
       ᠬᠤᠪᠢᠯᠠᠢ ᠶ᠋ᠢᠨ ᠨᠢᠳᠦᠨ ᠳ᠋ᠦ᠍ ᠡᠨᠡ ᠡᠷ᠎ᠡ ᠨᠥᠮᠥᠷᠢ ᠨᠦᠭᠡᠯᠭᠡᠲᠠᠢ᠂ ᠬᠠᠨᠠᠭᠠᠷ  ᠬᠠᠷᠠᠭᠳᠠᠵᠤ ᠪᠠᠢᠯ᠎ᠠ᠃ ᠵᠠᠬᠢᠷᠤᠭᠴᠢ ᠠᠶ᠎ᠠ ᠲᠠᠯᠪᠢᠨ ᠲᠣᠷᠭᠠᠨ ᠣᠯᠪᠣᠭ ᠲᠤ ᠵᠢᠭᠠᠨ ᠰᠠᠭᠤᠯᠭᠠᠭᠠᠳ ᠦᠯᠡᠮᠵᠢ ᠡᠩ ᠦ᠋ᠨ ᠪᠠᠢᠳᠠᠯ ᠦᠵᠡᠭᠦᠯᠦᠨ᠂ ᠥᠪᠡᠷ ᠢ᠋ᠶ᠋ᠡᠨ ᠬᠠᠵᠠᠭᠤ ᠳ᠋ᠤ᠌ ᠨᠢ ᠢᠷᠡᠵᠦ ᠵᠡᠷᠭᠡᠴᠡᠨ ᠰᠠᠭᠤᠵᠤ ᠶᠠᠷᠢᠶ᠎ᠠ ᠡᠭᠦᠰᠬᠡᠪᠡ᠃  ᠬᠤᠪᠢᠯᠠᠢ ᠢᠩᠭᠢᠵᠦ ᠥᠪᠡᠷ ᠡᠴᠡ ᠪᠡᠨ ᠳᠣᠣᠷᠠᠲᠤ ᠠᠯᠪᠠᠨ ᠤ᠋ ᠬᠥᠮᠦᠨ ᠲᠡᠢ ᠪᠥᠭᠡᠷ᠎ᠡ ᠨᠡᠢᠯᠡᠭᠦᠯᠦᠨ ᠰᠠᠭᠤᠬᠤ ᠨᠢ ᠬᠣᠪᠣᠷ ᠦᠵᠡᠭᠳᠡᠯ ᠪᠢᠯᠡ᠃ ᠡᠨᠡ ᠪᠠᠢᠳᠠᠯ ᠠ᠋ᠴᠠ ᠨᠢ ᠪᠠᠶᠠᠨ ᠵᠠᠬᠢᠷᠤᠭᠴᠢ ᠶ᠋ᠢᠨ ᠶᠠᠷᠢᠬᠤ ᠭᠡᠵᠦ ᠪᠠᠢᠭ᠎ᠠ ᠵᠦᠢᠯ ᠢ᠋ ᠲᠠᠭᠠᠮᠠᠭᠯᠠᠨ ᠮᠡᠳᠡᠪᠡ᠃ 
       — ᠵᠠ ᠪᠢᠳᠡ ᠴᠢᠨᠢ ᠲᠩᠷᠢ ᠶ᠋ᠢᠨ ᠠᠪᠤᠷᠠᠯ ᠢ᠋ᠶ᠋ᠠᠷ ᠢᠩᠭᠢᠭᠡᠳ ᠪᠠᠢᠵᠤ ᠪᠠᠢᠨ᠎ᠠ᠃ ᠶᠡᠬᠡ ᠬᠠᠭᠠᠨ ᠠᠭᠰᠠᠨ ᠠᠬ᠎ᠠ ᠶ᠋ᠢᠨ ᠦᠢᠯᠡ ᠬᠡᠷᠡᠭ ᠢ᠋ ᠶᠠᠭᠠᠬᠢᠵᠤ ᠭᠦᠢᠴᠡᠭᠡᠬᠦ ᠪᠢᠯᠡ ᠭᠡᠬᠦ ᠡᠴᠡ ᠰᠡᠳᠬᠢᠯ ᠠᠮᠤᠷ ᠪᠠᠢᠵᠤ ᠴᠠᠭ ᠠᠯᠠᠭ᠎ᠠ ᠭᠡᠵᠦ ᠬᠤᠪᠢᠯᠠᠢ ᠤᠷᠲᠤ ᠶ᠋ᠢᠨ ᠶᠠᠷᠢᠶ᠎ᠠ ᠡᠭᠦᠰᠬᠡᠪᠡ᠃ 
       ᠪᠠᠶᠠᠨ ᠲᠠᠢᠪᠤᠩ ᠴᠢᠷᠠᠢ ᠭᠠᠷᠭᠠᠨ᠄ 
       — ᠲᠩᠷᠢ ᠥᠷᠥᠰᠢᠶᠡᠨ ᠲᠠᠭᠠᠯᠠᠵᠤ᠂ ᠰᠠᠨᠠᠭᠰᠠᠨ ᠪᠦᠬᠦᠨ ᠶᠣᠰᠣᠭᠠᠷ ᠪᠦᠲᠦᠬᠦ  ᠪᠢᠵᠡ᠃ ᠤᠬᠠᠭᠠᠨᠲᠠᠨ ᠲᠠᠨ ᠤ᠋ ᠵᠣᠪᠠᠭᠤᠷᠢ ᠶ᠋ᠢ ᠣᠢᠯᠠᠭᠠᠯ᠎ᠠ ᠭᠡᠵᠦ ᠬᠡᠯᠡᠬᠦ ᠨᠢ ᠬᠤᠪᠢᠯᠠᠢ ᠳ᠋ᠤ᠌ ᠣᠪᠣᠭᠠᠯᠠᠩ ᠠᠳᠬᠤ ᠠᠯᠲᠠ ᠥᠭᠴᠦ ᠪᠠᠢᠭ᠎ᠠ ᠠ᠋ᠴᠠ ᠢᠯᠡᠭᠦᠦ ᠦᠨᠡᠲᠡᠢ ᠮᠡᠲᠦ ᠰᠠᠨᠠᠭᠳᠠᠯ᠎ᠠ᠃ 
       ᠬᠤᠪᠢᠯᠠᠢ ᠰᠤᠯᠠᠬᠠᠨ ᠢᠨᠢᠶᠡᠵᠦ᠂ ᠰᠠᠬᠠᠯ ᠢ᠋ᠶ᠋ᠠᠨ ᠢᠮᠡᠷᠴᠦ ᠢᠯᠪᠢᠭᠰᠡᠨ ᠪᠠᠶᠠᠨ ᠢ᠋ ᠬᠠᠷᠠᠵᠤ᠄ 
       — ᠲᠠ ᠪᠦᠬᠦᠨ ᠦ᠌ ᠬᠦᠴᠦᠨ ᠴᠢᠷᠮᠠᠢᠯᠲᠠ ᠯᠠ ᠬᠠᠮᠤᠭ ᠬᠡᠷᠡᠭ ᠦᠢᠯᠡ ᠶ᠋ᠢ ᠰᠢᠢᠳᠬᠦ ᠪᠣᠯᠵᠤ ᠪᠠᠢᠭ᠎ᠠ ᠨᠢ ᠢᠯᠡᠳᠲᠡ᠂ ᠪᠣᠯᠬᠢ ᠪᠢ ᠵᠠᠩᠵᠤᠨ ᠲᠠᠨ ᠤ᠋ ᠪᠣᠯᠤᠨ ᠪᠤᠰᠤᠳ ᠣᠯᠠᠨ ᠤ᠋ ᠢᠲᠡᠭᠡᠵᠦ ᠪᠠᠢᠭ᠎ᠠ ᠢᠲᠡᠭᠡᠯ᠂ ᠬᠠᠢᠷ᠎ᠠ ᠬᠦᠨᠳᠦᠳᠬᠡᠯ ᠢ᠋ ᠭᠠᠵᠠᠷᠳᠠᠭᠤᠯᠤᠨ ᠰᠢᠷᠤᠢᠳᠠᠭᠤᠯᠬᠤ ᠦᠭᠡᠢ ᠪᠠᠢᠬᠤ ᠶ᠋ᠢ ᠯᠡ ᠡᠷᠬᠢᠮ ᠳᠡᠭᠡᠳᠦ ᠦᠢᠯᠡ ᠪᠣᠯᠭᠠᠨ ᠵᠢᠳᠬᠦᠨ᠎ᠡ ᠭᠡᠵᠦ ᠬᠤᠪᠢᠯᠠᠢ ᠲᠠᠩᠭᠠᠷᠢᠭ ᠡᠷᠭᠦᠵᠦ ᠪᠠᠢᠭ᠎ᠠ ᠮᠡᠲᠦ ᠬᠡᠯᠡᠯ᠎ᠡ᠃ 
       ᠦᠭᠡ ᠤᠳᠠᠭᠠᠨ ᠲᠠᠢ᠂ ᠠᠮᠠ ᠴᠥᠭᠡᠨ ᠲᠡᠢ ᠪᠠᠶᠠᠨ ᠡᠨᠡ ᠠᠭᠤᠯᠵᠠᠯᠲᠠ ᠳᠡᠭᠡᠷ᠎ᠡ ᠢᠯᠡ᠂ ᠪᠡᠯᠡᠨ᠂ ᠰᠡᠳᠬᠢᠯ ᠳ᠋ᠦ᠍ ᠨᠡᠢᠴᠡᠬᠦ ᠦᠭᠡ ᠨᠦ᠍ᠭᠦᠳ ᠢ᠋ ᠬᠡᠯᠡᠵᠦ ᠪᠠᠢᠬᠤ ᠨᠢ ᠵᠠᠬᠢᠷᠤᠭᠴᠢ ᠶ᠋ᠢ ᠪᠠᠶᠠᠰᠬᠠᠵᠤ ᠪᠠᠢᠪᠠ᠃ ᠬᠤᠪᠢᠯᠠᠢ ᠲᠣᠭᠰᠢᠭᠤᠷ ᠴᠣᠬᠢᠵᠤ ᠪᠠᠷ᠎ᠠ ᠪᠣᠯᠤᠭᠴᠢ ᠪᠠᠨ ᠳᠠᠭᠤᠳᠠᠭᠠᠳ᠂ 
       — ᠪᠢᠳᠡ ᠬᠣᠶᠠᠷ ᠲᠤ ᠦᠳᠡ ᠶ᠋ᠢᠨ ᠵᠣᠭᠣᠭ ᠪᠡᠯᠡᠳᠭᠡ! ᠭᠡᠵᠦ ᠲᠤᠰᠢᠶᠠᠨ᠂ ᠤᠭ ᠶᠠᠷᠢᠶ᠎ᠠ ᠪᠠᠨ ᠰᠥᠩ ᠤᠯᠤᠰ ᠢ᠋ ᠲᠦᠪᠰᠢᠳᠬᠡᠬᠦ ᠲᠤᠬᠠᠢ ᠬᠡᠷᠡᠭ ᠤᠷᠤᠭᠤ ᠰᠢᠯᠵᠢᠭᠦᠯᠬᠦ ᠳ᠋ᠦ᠍ ᠪᠡᠨ《ᠪᠢ ᠬᠠᠭᠠᠨ ᠰᠢᠷᠡᠭᠡᠨ ᠳ᠋ᠦ᠍ ᠰᠠᠭᠤᠬᠤ ᠰᠠᠨᠠᠭᠠᠲᠠᠢ᠃ ᠲᠡᠭᠦᠨ ᠢ᠋ ᠪᠠᠶᠠᠨ ᠳᠡᠮᠵᠢᠨ᠎ᠡ ᠭᠡᠳᠡᠭ ᠢ᠋ᠶ᠋ᠡᠨ ᠪᠡᠶ᠎ᠡ ᠪᠡᠶ᠎ᠡ ᠳ᠋ᠦ᠍ ᠪᠡᠨ ᠣᠢᠯᠠᠭᠠᠭᠤᠯᠵᠤ ᠴᠢᠳᠠᠬᠤ ᠰᠢᠪ》  ᠭᠡᠮᠡᠨ ᠬᠤᠪᠢᠯᠠᠢ ᠪᠣᠳᠣᠵᠤ 
       — ᠤᠭ ᠬᠡᠷᠡᠭ ᠢ᠋ ᠴᠣᠬᠣᠮ ᠶᠠᠭᠠᠬᠢᠬᠤ ᠭᠡᠳᠡᠭ ᠢ᠋ ᠰᠠᠢᠨ ᠪᠣᠳᠣᠵᠤ ᠪᠠᠢᠵᠤ ᠯᠠᠪᠰᠢᠷᠠᠭᠤᠯᠤᠶ᠎ᠠ ᠭᠡᠮᠡᠨ ᠥᠪᠡᠷ ᠲᠦ᠍ ᠪᠡᠨ ᠬᠡᠯᠡᠭᠰᠡᠨ ᠪᠢᠯᠡ᠃ ᠪᠠᠶᠠᠨ ᠴᠦ᠍ ᠵᠠᠬᠢᠷᠤᠭᠴᠢ ᠶ᠋ᠢᠨ ᠲᠡᠷᠡ ᠪᠣᠳᠣᠯ ᠢ᠋ ᠲᠡᠭᠦᠨ ᠦ᠌ ᠨᠢᠳᠦᠨ ᠦ᠌ ᠬᠠᠷᠠᠴᠠ ᠠ᠋ᠴᠠ ᠠᠵᠢᠭᠯᠠᠨ ᠮᠡᠳᠡᠵᠦ᠂《 ᠪᠢ ᠬᠠᠭᠠᠨ ᠤ᠋ ᠣᠷᠣ ᠶ᠋ᠢ ᠵᠠᠯᠭᠠᠨ᠎ᠠ ᠰᠢᠦ ᠭᠡᠵᠦ ᠲᠤᠯᠭᠠᠵᠤ ᠪᠠᠢᠭ᠎ᠠ ᠡᠢᠮᠦ ᠬᠥᠮᠦᠨ ᠢ᠋ ᠴᠢ ᠪᠣᠯᠬᠤ ᠦᠭᠡᠢ ᠭᠡᠬᠦ ᠶ᠋ᠢᠨ ᠠᠷᠭ᠎ᠠ ᠠᠯᠠᠭ᠎ᠠ᠃ ᠤᠭ ᠨᠢ ᠬᠤᠪᠢᠯᠠᠢ ᠮᠠᠨᠢ ᠪᠢᠴᠢᠭ ᠨᠣᠮ ᠨᠡᠯᠢᠶᠡᠳ ᠦᠵᠡᠭᠰᠡᠨ᠂ ᠪᠣᠯᠪᠠᠰᠤᠷᠠᠯᠲᠠᠢ᠂ ᠤᠬᠠᠭᠠᠨ ᠪᠢᠯᠢᠭ ᠢ᠋ᠶ᠋ᠡᠷ ᠰᠡᠷᠭᠦᠯᠡᠩ᠂ ᠣᠪᠰᠣᠭᠠᠲᠠᠢ᠂ ᠶᠠᠭᠤᠮ᠎ᠠ ᠶᠠᠭᠤᠮᠠᠨ ᠳ᠋ᠤ᠌ ᠭᠠᠵᠢᠲᠠᠢ ᠨᠣᠶᠠᠨ᠃ ᠳᠣᠲᠣᠷ᠎ᠠ ᠪᠠᠨ ᠴᠦ᠍ ᠬᠠᠷ᠎ᠠ ᠮᠠᠭᠤ ᠰᠠᠨᠠᠭ᠎ᠠ ᠪᠠᠷ ᠬᠢᠲᠠᠳ ᠠ᠋ᠴᠠ ᠳᠤᠲᠠᠬᠤ ᠦᠭᠡᠢ ᠪᠣᠯᠤᠭᠰᠠᠨ ᠪᠢᠵᠡ᠃ ᠣᠳᠣ ᠵᠠᠬᠢᠷᠤᠭᠴᠢ ᠶ᠋ᠢᠨ ᠠᠯᠪᠠᠨ ᠬᠡᠷᠡᠭ ᠢ᠋ ᠡᠭᠦᠨ ᠡᠴᠡ ᠢᠯᠡᠭᠦᠦ ᠶᠠᠭᠠᠬᠢᠬᠤ ᠪᠣᠢ ᠳᠠ ᠭᠡᠮᠡᠷ ᠶᠠᠪᠤᠭᠤᠯᠵᠤ ᠪᠠᠢᠨ᠎ᠠ᠃ ᠲᠡᠢᠨ ᠦ᠌ ᠪᠣᠳᠣᠯᠭ᠎ᠠ᠂ ᠲᠥᠷᠥ ᠶ᠋ᠢᠨ ᠬᠡᠷᠡᠭ ᠢ᠋ ᠲᠡᠷᠢᠭᠦᠯᠡᠨ ᠰᠢᠢᠳᠬᠦ ᠲᠠᠯ᠎ᠠ ᠪᠠᠷ ᠨᠡᠯᠢᠶᠡᠳ ᠶᠠᠭᠤᠮ᠎ᠠ ᠰᠤᠷᠴᠠᠢ᠃ ᠡᠢᠮᠦ ᠬᠥᠮᠦᠨ ᠰᠢᠷᠡᠭᠡᠨ ᠳ᠋ᠦ᠍ ᠭᠠᠷᠴᠤ ᠪᠣᠯᠬᠤ ᠦᠭᠡᠢ ᠭᠡᠬᠦ ᠶᠠᠭᠤ ᠪᠠᠢᠬᠤ ᠪᠣᠢ᠃ ᠲᠡᠭᠡᠬᠦ ᠳ᠋ᠦ᠍ ᠪᠡᠨ ᠡᠮᠡᠰ ᠥᠬᠢᠳ ᠲᠦ᠍ ᠳᠤᠷᠠᠲᠠᠢ ᠲᠠᠯ᠎ᠠ ᠪᠣᠢ᠃ ᠲᠡᠷᠡ ᠨᠢ ᠨᠢᠭᠡ ᠲᠠᠯ᠎ᠠ ᠪᠠᠷ ᠵᠠᠯᠠᠭᠤ ᠡᠷ᠎ᠡ ᠶ᠋ᠢᠨ ᠬᠦᠰᠡᠯᠡᠩ᠂ ᠨᠥᠭᠦᠭᠡ ᠲᠠᠯ᠎ᠠ ᠪᠠᠷ ᠯᠣᠯᠣᠢ ᠭᠡᠳᠡᠭ ᠡᠮ᠎ᠡ ᠤᠷᠤᠭᠤ ᠨᠢ ᠲᠠᠲᠠᠭᠠᠳ ᠡᠯᠳᠡᠪ ᠥᠩᠭᠡ ᠶ᠋ᠢᠨ ᠭᠤᠩᠬᠠᠵᠤ ᠭᠠᠩᠬᠠᠭᠰᠠᠨ ᠥᠬᠢᠳ ᠦ᠋ᠳ ᠢ᠋ ᠬᠤᠪᠢᠯᠠᠢ ᠶ᠋ᠢᠨ ᠨᠢᠳᠦᠨ ᠳ᠋ᠦ᠍ ᠦᠵᠡᠭᠦᠯᠵᠦ ᠰᠡᠳᠬᠢᠯ᠂ ᠰᠠᠷᠠᠯ ᠢ᠋ ᠨᠢ ᠬᠥᠳᠡᠯᠭᠡᠭᠡᠳ ᠪᠠᠢᠭ᠎ᠠ ᠨᠢ ᠯᠠᠪᠲᠠᠢ᠃ ᠨᠠᠮᠠᠶ᠋ᠢ ᠢᠷᠡᠬᠦ ᠳ᠋ᠦ᠍ ᠬᠦᠷᠲᠡᠯ᠎ᠡ ᠨᠢᠭᠡ ᠲᠠᠰᠤᠯᠭᠠᠨ ᠳ᠋ᠤ᠌ ᠣᠷᠣᠭᠤᠯᠤᠭᠠᠳ᠂ ᠬᠡᠳᠦ ᠬᠡᠳᠦᠨ ᠶᠠᠩᠵᠤ ᠶ᠋ᠢᠨ ᠬᠣᠪᠴᠠᠰᠤᠲᠠᠢ ᠡᠮᠡᠰ ᠢ᠋ᠶ᠋ᠡᠷ ᠴᠠᠢ ᠬᠣᠭᠣᠯᠠ ᠵᠥᠭᠡᠭᠡᠯᠭᠡᠨ ᠦᠰᠦ ᠭᠡᠵᠢᠭᠡ ᠶᠠᠩᠵᠤᠯᠠᠭᠤᠯᠵᠤ ᠪᠠᠢᠬᠤ ᠶ᠋ᠢ ᠨᠢ ᠬᠠᠷᠠ ᠳᠠ᠃ ᠬᠤᠪᠢᠯᠠᠢ ᠨᠠᠰᠤ ᠪᠠᠨ ᠠᠬᠢᠬᠤ ᠪᠠᠷ ᠡᠨᠡ ᠰᠠᠪᠰᠠᠭᠳᠠᠭᠤ ᠵᠠᠩ ᠢ᠋ᠶ᠋ᠠᠨ ᠭᠡᠭᠡᠬᠦ ᠨᠢ ᠵᠠᠢᠯᠠᠰᠢ ᠦᠭᠡᠢ᠃  ᠵᠠᠬᠢᠷᠤᠭᠴᠢ ᠮᠠᠨᠢ ᠡᠦᠲᠦ ᠬᠢᠲᠠᠳ ᠬᠥᠮᠦᠰ ᠢ᠋ ᠴᠦ᠍ ᠠᠳᠬᠤᠵᠤ ᠳᠥᠩᠭᠡᠭᠡᠳ ᠪᠠᠢᠨ᠎ᠠ᠃  ᠡᠨᠡ ᠺᠡᠢᠫᠢᠩ ᠢ᠋ ᠭᠣᠣᠯᠳᠠᠭᠤ ᠬᠢᠲᠠᠳ ᠬᠥᠮᠦᠰ ᠢ᠋ᠶ᠋ᠡᠷ ᠪᠠᠷᠢᠭᠤᠯᠤᠭᠰᠠᠨ ᠭᠡᠵᠦ ᠪᠣᠳᠣᠬᠤ ᠳ᠋ᠤ᠌ ᠲᠡᠳᠡᠨ ᠢ᠋ ᠬᠥᠳᠡᠯᠭᠡᠵᠦ ᠴᠢᠳᠠᠭᠰᠠᠨ ᠪᠠᠢᠨ᠎ᠠ ᠰᠢᠦ᠃  
       ᠬᠤᠪᠢᠯᠠᠢ ᠳ᠋ᠤ᠌ ᠴᠢᠩ ᠦᠨᠡᠨᠴᠢ ᠪᠠᠢᠳᠠᠯ ᠦᠵᠡᠭᠦᠯᠳᠡᠭ ᠬᠡᠳᠦᠨ ᠬᠢᠲᠠᠳ ᠲᠦᠰᠢᠮᠡᠯ ᠶᠡᠬᠡ ᠲᠤᠰᠠᠯᠠᠵᠤ ᠪᠠᠢᠭ᠎ᠠ ᠶᠤᠮ᠃ ᠲᠡᠳᠡᠨ ᠢ᠋ ᠰᠢᠯᠢᠵᠦ ᠣᠯᠤᠨ᠎ᠠ ᠭᠡᠳᠡᠭ ᠴᠦ᠍ ᠠᠮᠠᠷ ᠦᠭᠡᠢ᠃  ᠬᠤᠪᠢᠯᠠᠢ ᠬᠠᠭᠠᠨ ᠤ᠋ ᠣᠷᠣ ᠰᠠᠭᠤᠪᠠᠯ ᠬᠢᠲᠠᠳ ᠬᠥᠮᠦᠰ ᠢ᠋ ᠨᠡᠯᠢᠶᠡᠨ ᠴᠢᠩᠭ᠎ᠠ ᠠᠳᠬᠤᠭᠠᠳ ᠪᠠᠢᠵᠤ ᠳᠥᠩᠭᠡᠬᠦ ᠪᠣᠢ᠃ ᠬᠢᠲᠠᠳ ᠴᠦ᠍ ᠬᠠᠷᠠᠬᠤ ᠳ᠋ᠤ᠌ ᠥᠨᠳᠡᠭᠡ ᠪᠡᠨ ᠳᠠᠷᠤᠭᠰᠠᠨ ᠲᠠᠬᠢᠶ᠎ᠠ ᠰᠢᠭ᠋ ᠠᠲᠠᠯ᠎ᠠ ᠲᠤᠩ ᠠᠳᠠᠷᠠᠮ᠎ᠠ ᠲᠠᠢ ᠰᠢᠦ᠃  ᠨᠢᠭᠡ ᠮᠡᠳᠡᠬᠦ ᠳ᠋ᠦ᠍ ᠬᠤᠪᠢᠯᠠᠢ ᠶ᠋ᠢ ᠬᠢᠲᠠᠳ ᠤ᠋ᠳ ᠡᠯᠵᠢᠭᠡ ᠪᠣᠯᠭᠠᠵᠤ ᠣᠷᠬᠢᠭᠰᠠᠨ ᠪᠠᠢᠬᠤ ᠪᠢᠵᠡ》 ᠭᠡᠮᠡᠨ ᠪᠣᠳᠣᠵᠤ ᠪᠠᠢᠭᠰᠠᠨ ᠢ᠋ᠶ᠋ᠠᠨ 《ᠪᠢ ᠶᠠᠭᠠᠬᠢᠬᠤ ᠪᠣᠢ ᠬᠡᠨ ᠢ᠋ ᠳᠡᠮᠵᠢᠬᠦ ᠪᠣᠢ ? 》 ᠭᠡᠳᠡᠭ ᠠᠰᠠᠭᠤᠯᠲᠠ ᠪᠠᠶᠠᠨ ᠤ᠋ ᠰᠡᠳᠬᠢᠯ ᠳ᠋ᠦ᠍ ᠭᠡᠨᠡᠳᠲᠡ ᠬᠠᠷᠪᠤᠨ ᠣᠷᠣᠵᠤ ᠢᠷᠡᠭᠡᠳ᠂ ᠲᠡᠭᠦᠨ ᠳ᠋ᠦ᠍ ᠪᠡᠨ ᠪᠡᠯᠡᠨ ᠬᠠᠷᠢᠭᠤ ᠣᠯᠬᠤ ᠦᠭᠡᠢ ᠭᠠᠢᠬᠠᠯ᠎ᠠ᠃  《ᠲᠡᠢᠮᠦ ᠲᠡᠢᠮᠦ᠃ ᠬᠤᠪᠢᠯᠠᠢ ᠶ᠋ᠢᠨ ᠳᠡᠭᠦᠦ ᠠᠷᠢᠬᠪᠦ᠋ᠬᠡ ᠴᠡᠷᠢᠭ ᠡᠷ᠎ᠡ ᠶ᠋ᠢᠨ ᠰᠤᠷᠭᠠᠭᠤᠯᠢ ᠲᠠᠢ᠂ ᠤᠬᠠᠭᠠᠯᠢᠭ ᠭᠡᠳᠡᠭ᠃  ᠠᠬ᠎ᠠ ᠮᠥᠩᠬᠡ ᠨᠢ ᠠᠷᠢᠬᠪᠦ᠋ᠬᠡ ᠳ᠋ᠦ᠍ ᠬᠠᠷ᠎ᠠ ᠬᠣᠷᠣᠮ ᠢ᠋ ᠵᠠᠬᠢᠷᠤᠭᠤᠯᠤᠨ ᠰᠠᠭᠤᠯᠭᠠᠭᠰᠠᠨ ᠨᠢ ᠴᠠᠭᠠᠨ᠎ᠠ ᠪᠠᠨ ᠤᠴᠢᠷᠲᠠᠢ ᠦᠭᠡ ᠠ᠋᠃  ᠮᠥᠩᠬᠡ ᠬᠠᠭᠠᠨ ᠲᠥᠷᠥ ᠶ᠋ᠢᠨ ᠶᠠᠪᠤᠳᠠᠯ ᠢ᠋ ᠳᠠᠭᠠᠭᠠᠮᠠᠢ ᠮᠡᠳᠡᠳᠡᠭ᠂ ᠰᠢᠯᠤᠭᠤᠨ ᠰᠢᠳᠤᠷᠭᠤ᠂ ᠨᠣᠮ ᠡᠷᠳᠡᠮ ᠢ᠋ᠶ᠋ᠡᠷ ᠶᠠᠭ ᠦᠭᠡᠢ ᠡᠷ᠎ᠡ ᠪᠠᠢᠭᠰᠠᠨ᠃  ᠲᠡᠢᠮᠦ ᠳ᠋ᠦ᠍ ᠪᠡᠨ ᠴᠦ᠍ ᠶᠡᠬᠡ ᠭᠦᠷᠦᠨ ᠢ᠋ ᠳᠣᠷᠣᠢᠲᠠᠯ ᠠ᠋ᠴᠠ ᠠᠪᠤᠷᠠᠭᠰᠠᠨ᠃  ᠪᠠᠰᠠ ᠭᠠᠭᠴᠠ ᠱᠠᠰᠢᠨ ᠢ᠋ ᠭᠣᠣᠯᠯᠠᠨ ᠰᠢᠲᠦᠭᠡ ᠦᠭᠡᠢ᠂ ᠪᠦᠬᠦ ᠱᠠᠰᠢᠨᠲᠠᠨ ᠲᠠᠢ ᠡᠪᠰᠡᠭ᠂ ᠬᠦᠨᠳᠦᠳᠬᠡᠯᠲᠡᠢ ᠤᠴᠠᠷᠠᠨ ᠠᠭᠤᠯᠵᠠᠵᠤ ᠪᠠᠢᠭᠰᠠᠨ ᠢ᠋ᠶ᠋ᠠᠷ ᠢ᠋ᠶ᠋ᠠᠨ ᠣᠯᠠᠨ ᠤ᠋ ᠰᠠᠨᠠᠭ᠎ᠠ ᠪᠣᠳᠣᠯ ᠢ᠋ ᠥᠪᠡᠷ ᠦ᠋ᠨ ᠲᠠᠯ᠎ᠠ ᠳ᠋ᠤ᠌ ᠪᠣᠯᠭᠠᠵᠤ ᠴᠢᠳᠠᠭᠰᠠᠨ᠃  ᠲᠡᠢᠮᠦ ᠬᠥᠮᠦᠨ ᠢ᠋ ᠡᠨᠳᠡᠭᠦᠦ ᠲᠠᠰᠢᠶ᠎ᠠ ᠪᠣᠳᠣᠵᠤ ᠬᠠᠷ᠎ᠠ ᠬᠣᠷᠣᠮ ᠤ᠋ᠨ ᠵᠠᠬᠢᠷᠤᠭᠴᠢ ᠶ᠋ᠢ ᠪᠤᠷᠤᠭᠤ ᠬᠥᠮᠦᠨ ᠢ᠋ᠶ᠋ᠡᠷ ᠲᠣᠬᠣᠭᠠᠨ ᠲᠣᠮᠢᠯᠠᠭᠰᠠᠨ ᠭᠡᠬᠦ ᠠᠷᠭ᠎ᠠ ᠦᠭᠡᠢ》 ᠭᠡᠮᠡᠨ ᠪᠣᠳᠣᠵᠤ ᠪᠠᠢᠪᠠ᠃ 
       ᠬᠤᠪᠢᠯᠠᠢ ᠪᠠᠶᠠᠨ ᠤ᠋ ᠨᠢᠳᠦᠨ ᠦ᠌ ᠬᠠᠷᠠᠴᠠ ᠶ᠋ᠢ ᠠᠵᠢᠭᠯᠠᠨ ᠰᠢᠨᠵᠢᠭᠡᠳ᠂ ᠦᠭᠡ ᠨᠢ ᠠᠷᠠᠢ ᠴᠥᠭᠡᠷᠡᠵᠦ᠂ ᠬᠠᠷᠠᠴᠠᠨ ᠳ᠋ᠤ᠌ ᠨᠢ ᠪᠤᠯᠠᠩᠭᠢᠷ ᠰᠠᠭᠤᠪᠠ ᠤᠤ᠂ ᠶᠠᠭᠠᠬᠢᠪᠠ ? ᠭᠡᠵᠦ ᠪᠣᠳᠣᠭᠠᠳ 
       — ᠪᠢ ᠦᠭᠡ ᠶᠠᠷᠢᠶᠠᠨ ᠳ᠋ᠤ᠌ ᠪᠠᠨ ᠠᠯᠳᠠᠭ᠎ᠠ ᠭᠠᠷᠭᠠᠪᠠ ᠤᠤ ?  ᠡᠢᠮᠦ ᠬᠥᠮᠦᠨ ᠢ᠋ ᠪᠠᠶᠠᠨ ᠠ᠋ᠴᠠ ᠪᠠᠨ ᠬᠣᠯᠠᠳᠠᠭᠤᠯᠪᠠᠯ ᠵᠠᠰᠠᠵᠤ ᠪᠣᠯᠣᠰᠢ ᠦᠭᠡᠢ ᠲᠣᠮᠣ ᠳᠣᠭᠣᠯᠳᠠᠯ ᠪᠣᠯᠤᠨ᠎ᠠ ᠰᠢᠦ ᠭᠡᠵᠦ ᠥᠪᠡᠷ ᠲᠦ᠍ ᠪᠡᠨ ᠰᠠᠨᠠᠭᠤᠯᠤᠨ ᠬᠡᠯᠡᠵᠦ ᠰᠠᠭᠤᠯ᠎ᠠ᠃ 
       ᠵᠣᠭᠣᠭ ᠪᠡᠯᠡᠬᠡᠨ ᠪᠣᠯᠵᠤ᠂ ᠵᠠᠬᠢᠷᠤᠭᠴᠢ᠂ ᠵᠠᠩᠵᠤᠨ ᠬᠣᠶᠠᠷ ᠢ᠋ ᠥᠭᠡᠷ᠎ᠡ ᠲᠠᠰᠤᠯᠭᠠᠨ ᠳ᠋ᠤ᠌ ᠤᠷᠢᠪᠠ᠃ ᠵᠥᠭᠡᠯᠡᠬᠡᠨ ᠬᠣᠶᠠᠷ ᠰᠠᠭᠤᠳᠠᠯ ᠤ᠋ᠨ ᠳᠤᠮᠳᠠ ᠭᠠᠢᠬᠠᠯᠲᠠᠢ ᠪᠠᠶᠠᠨ ᠰᠢᠷᠡᠭᠡ ᠵᠠᠰᠠᠵᠠᠢ᠃ ᠮᠢᠬᠠᠨ ᠵᠠᠭᠤᠰᠢ᠂ ᠠᠮᠲᠠᠲᠤ ᠵᠢᠮᠢᠰ᠂ ᠲᠠᠩᠰᠤᠭ ᠦᠨᠦᠷᠲᠦ ᠰᠠᠷᠬᠤᠳ ᠲᠡᠷᠢᠭᠦᠲᠡᠨ ᠨᠢ ᠨᠢᠳᠦ  ᠪᠤᠯᠢᠶᠠᠵᠤ ᠠᠯᠠᠭᠯᠠᠭᠠᠳ ᠠᠷᠠᠭᠠᠨ ᠤ᠋ ᠰᠢᠭᠦᠰᠦ ᠠᠰᠬᠠᠷᠠᠭᠤᠯᠵᠤ ᠪᠠᠢᠪᠠ᠃ ᠭᠤᠩᠬᠠᠵᠤ ᠭᠠᠩᠬᠠᠭᠰᠠᠨ ᠳᠡᠭᠵᠢᠨ ᠪᠦᠰᠡᠭᠦᠢ ᠣᠷᠣᠵᠤ ᠢᠷᠡᠵᠦ ᠬᠠᠯᠠᠭᠤᠨ ᠴᠠᠢ  ᠪᠠᠷᠢᠨ᠂ ᠭᠠᠩᠭᠠᠷ ᠱᠠᠭᠠᠵᠠᠩ ᠬᠤᠨᠳᠠᠭᠠᠨ ᠳ᠋ᠤ᠌ ᠰᠠᠷᠬᠤᠳ ᠮᠡᠯᠲᠡᠯᠵᠡᠭᠦᠯᠦᠨ ᠬᠢᠬᠦ ᠨᠢ ᠴᠠᠭᠠᠨ᠎ᠠ ᠪᠠᠨ ᠨᠢᠭᠡ ᠠᠶᠠᠯᠠᠭ ᠪᠠᠢᠳᠠᠯᠳᠠᠢ ᠠᠵᠢ᠃ 
       ᠬᠤᠨᠳᠠᠭ᠎ᠠ ᠬᠠᠭᠤᠷᠠᠢ ᠪᠠᠢᠯᠭᠠᠬᠤ ᠦᠭᠡᠢ ᠪᠠᠢᠯ᠎ᠠ᠃ ᠢᠷᠡᠨ᠂ ᠫᠧᠷᠰ ᠦ᠋ᠨ ᠨᠤᠲᠤᠭ ᠠ᠋ᠴᠠ ᠢᠷᠡᠭᠰᠡᠨ ᠰᠠᠷᠬᠤᠳ ᠢᠯᠡᠭᠦᠦ ᠲᠠᠩᠨᠠᠢ ᠳ᠋ᠤ᠌  ᠳᠠᠭᠠᠯᠠᠯᠲᠠᠢ ᠮᠡᠲᠦ᠃  ᠬᠢᠲᠠᠳ ᠪᠢᠰᠢ᠂ ᠮᠣᠩᠭᠣᠯ ᠬᠣᠭᠣᠯᠠ ᠰᠢᠷᠡᠭᠡᠨ ᠳᠡᠭᠡᠷ᠎ᠡ ᠢᠷᠡᠵᠦ ᠪᠠᠢᠭ᠎ᠠ ᠨᠢ ᠪᠠᠶᠠᠨ ᠳ᠋ᠤ᠌ ᠲᠠᠭᠠᠰᠢᠶᠠᠭᠳᠠᠵᠤ ᠪᠠᠢᠪᠠ᠃  ᠬᠤᠪᠢᠯᠠᠢ ᠶ᠋ᠢᠨ ᠲᠣᠭᠣᠭᠠᠴᠢ ᠬᠢᠲᠠᠳ ᠬᠣᠶᠠᠷᠬᠠᠨ ᠬᠥᠮᠦᠨ ᠦ᠌ ᠰᠡᠳᠬᠢᠯ ᠳ᠋ᠦ᠍ ᠨᠡᠢᠴᠡᠬᠦ  ᠬᠣᠭᠣᠯᠠ ᠬᠢᠯᠭᠡᠵᠦ ᠲᠦᠩᠭᠡᠯ ᠦᠭᠡᠢ ᠶᠠᠭᠠᠬᠢᠬᠤ ᠪᠣᠢ᠃ ᠶᠠᠷᠢᠶ᠎ᠠ ᠦᠷᠭᠦᠯᠵᠢᠯᠡᠵᠦ ᠪᠠᠢᠯ᠎ᠠ᠃ 
       — ᠪᠢᠳᠡᠨ ᠢ᠋ ᠶᠠᠭᠤ ᠬᠢᠵᠦ ᠬᠢᠲᠠᠳ ᠲᠤ᠌ ᠰᠠᠭᠤᠵᠤ ᠪᠠᠢᠨ᠎ᠠ ᠪᠣᠢ ᠭᠡᠵᠦ ᠬᠠᠷ᠎ᠠ ᠬᠣᠷᠣᠮ ᠤ᠋ᠨ ᠬᠢᠨ ᠬᠠᠷᠠᠵᠤ ᠪᠠᠢᠭ᠎ᠠ᠃ ᠲᠡᠭᠡᠬᠦ ᠪᠡᠷ ᠰᠥᠩ ᠦ᠋ᠨ ᠬᠠᠭᠠᠨ ᠤ᠋ ᠪᠦᠬᠦ ᠴᠡᠷᠢᠭ ᠢ᠋ ᠳᠠᠯᠠᠢ ᠳ᠋ᠤ᠌ ᠨᠢ ᠳᠠᠷᠤᠢ ᠵᠢᠪᠦᠭᠦᠯᠬᠦ ᠶᠣᠰᠣᠲᠠᠢ ᠪᠣᠯᠵᠤ ᠪᠠᠢᠨ᠎ᠠ᠃ ᠲᠡᠳᠡᠨ ᠦ᠌ ᠴᠡᠷᠢᠭ ᠬᠥᠬᠡ ᠮᠥᠷᠡᠨ ᠦ᠌ ᠪᠡᠨ ᠤᠰᠤᠨ ᠠ᠋ᠴᠠ ᠡᠬᠢᠯᠡᠭᠡᠳ ᠳᠠᠯᠠᠢ ᠶ᠋ᠢᠨ ᠤᠰᠤᠨ ᠳ᠋ᠤ᠌ ᠪᠦᠷᠢᠮᠦᠰᠦᠨ ᠱᠤᠮᠪᠠᠬᠤ ᠴᠠᠭ ᠢ᠋ ᠨᠢ ᠴᠢ ᠪᠢᠳᠡ ᠨᠠᠷ ᠪᠣᠢ ᠪᠣᠯᠭᠠᠬᠤ ᠠ᠋ᠴᠠ ᠥᠭᠡᠷ᠎ᠡ ᠶᠠᠭᠠᠷᠠᠯᠲᠠᠢ ᠬᠡᠷᠡᠭ ᠠᠯᠠᠭ᠎ᠠ ᠭᠡᠵᠦ ᠨᠠᠳᠠᠳᠤ ᠪᠣᠳᠣᠭᠳᠠᠭᠠᠳ ᠪᠠᠢᠨ᠎ᠠ ᠭᠡᠵᠦ ᠬᠤᠪᠢᠯᠠᠢ ᠳᠤᠤᠭᠠᠷᠪᠠ᠃ 
       — ᠶᠡᠬᠡ ᠵᠠᠬᠢᠷᠤᠭᠴᠢ ᠲᠠ ᠵᠥᠪ ᠢ᠋ ᠪᠣᠯᠭᠣᠭᠠᠵᠤ ᠪᠠᠢᠨ᠎ᠠ᠃ ᠪᠢᠳᠡ ᠬᠥᠮᠦᠨ ᠳ᠋ᠦ᠍ ᠬᠡᠯᠡᠬᠦ ᠦᠭᠡ ᠲᠡᠢ ᠪᠠᠢᠬᠤ ᠶ᠋ᠢᠨ ᠲᠤᠯᠠᠳᠠ᠂ ᠶᠡᠷᠦ ᠨᠢ ᠤᠯᠤᠰ ᠭᠦᠷᠦᠨ ᠢ᠋᠂ ᠶᠢᠷᠲᠢᠨᠴᠦ ᠶ᠋ᠢ ᠲᠦᠪᠰᠢᠳᠬᠡᠬᠦ ᠬᠡᠷᠡᠭ ᠢ᠋ ᠭᠦᠢᠴᠡᠭᠡᠬᠦ ᠶ᠋ᠢᠨ ᠲᠤᠯᠠᠳᠠ ᠣᠳᠣ ᠰᠥᠩ ᠤᠯᠤᠰ ᠢ᠋ ᠵᠣᠷᠢᠭ ᠢ᠋ᠶ᠋ᠠᠷ ᠨᠢ ᠪᠠᠢᠯᠭᠠᠬᠤ ᠦᠭᠡᠢ ᠤᠴᠢᠷᠲᠠᠢ᠃ ᠪᠢ ᠲᠡᠭᠡᠵᠦ ᠪᠣᠳᠣᠭᠠᠳ ᠶᠠᠭᠤᠨ ᠤ᠋ ᠡᠮᠦᠨ᠎ᠡ ᠬᠥᠬᠡ ᠮᠥᠷᠡᠨ ᠢ᠋ ᠬᠡᠳᠦ ᠬᠡᠳᠦᠨ ᠭᠠᠵᠠᠷ ᠢ᠋ᠶ᠋ᠠᠷ ᠵᠡᠷᠭᠡ ᠭᠠᠲᠤᠯᠬᠤ ᠰᠠᠨᠠᠭᠠᠲᠠᠢ ᠶᠠᠭᠤᠮ᠎ᠠ ᠪᠡᠯᠡᠳᠬᠡᠵᠦ ᠪᠠᠢᠭ᠎ᠠ᠃ ᠪᠠᠵᠠᠭᠠᠬᠤ ᠶᠠᠭᠤ ᠪᠠᠢᠬᠤ ᠪᠣᠢ᠃ ᠬᠢᠲᠠᠳ ᠤ᠋ᠳ ᠢ᠋ᠶ᠋ᠠᠷ ᠲᠠᠪᠢᠨ ᠲᠣᠮᠣ ᠰᠠᠯ ᠵᠠᠩᠭᠢᠳᠤᠭᠤᠯᠤᠭᠰᠠᠨ᠃ ᠴᠥᠭᠡᠨ ᠣᠩᠭᠣᠴᠠ ᠰᠢᠪᠠᠭᠤᠯᠵᠤ ᠪᠠᠢᠨ᠎ᠠ᠃ ᠰᠥᠩ ᠦ᠋ᠨ ᠴᠡᠷᠢᠭ ᠬᠣᠲᠠ ᠬᠠᠮᠠᠭᠠᠯᠠᠯᠲᠠᠨ ᠳ᠋ᠤ᠌ ᠰᠦᠷᠡᠬᠡᠢ ᠪᠡᠯᠡᠳᠬᠡᠭᠰᠡᠨ ᠴᠢᠮᠡᠭᠡ ᠰᠣᠨᠣᠰᠤᠭᠳᠠᠵᠤ ᠪᠠᠢᠭ᠎ᠠ᠃ ᠲᠡᠭᠡᠭᠡᠳ ᠪᠢ ᠴᠢᠳᠥᠷ ᠣᠨᠢᠰᠣ᠂ ᠬᠦᠨᠳᠦ ᠬᠠᠷᠪᠤᠭᠴᠢ᠂ ᠴᠢᠯᠠᠭᠤ ᠰᠢᠳᠡᠭᠴᠢ ᠨᠤᠮᠤ ᠨᠠᠯᠢᠶᠠᠨ ᠬᠡᠳᠦ ᠶ᠋ᠢ ᠭᠠᠵᠠᠷ ᠪᠦᠷᠢ ᠳ᠋ᠦ᠍ ᠨᠡᠮᠡᠨ ᠬᠢᠯᠭᠡᠵᠦ ᠪᠠᠢᠨ᠎ᠠ᠃ ᠬᠤᠯᠤᠰᠤ ᠪᠥᠬᠡ ᠰᠠᠢᠨ ᠨᠤᠮᠤ ᠪᠣᠯᠳᠠᠭ ᠪᠣᠯᠬᠣᠷ ᠨᠢ ᠪᠦᠳᠦᠭᠦᠨ ᠬᠤᠯᠤᠰᠤ ᠣᠯᠵᠤ ᠬᠠᠷᠪᠤᠭᠴᠢ ᠬᠢᠵᠦ ᠡᠬᠢᠯᠡᠭᠰᠡᠨ ᠨᠢ ᠣᠪᠣᠭ᠎ᠠ ᠬᠡᠳᠦ ᠪᠣᠯᠤᠭᠠᠳ ᠪᠠᠢᠭ᠎ᠠ᠃ ᠮᠠᠨ ᠤ᠋ ᠴᠡᠷᠢᠭ ᠦ᠋ᠳ ᠭᠠᠵᠠᠷ ᠪᠦᠷᠢ ᠣᠯᠵᠠᠨ ᠤ᠋ ᠬᠢᠲᠠᠳ ᠤ᠋ᠳ ᠲᠠᠢ ᠨᠡᠢᠯᠡᠭᠡᠳ ᠮᠣᠳᠣ ᠴᠢᠯᠠᠭᠤ ᠲᠠᠢ ᠨᠣᠴᠣᠯᠳᠤᠨ ᠵᠦᠰᠦᠵᠦ᠂ ᠨᠠᠮᠤᠷᠵᠢᠯ᠎ᠠ᠃ ᠴᠡᠷᠢᠭ ᠪᠠᠢᠭ᠎ᠠ ᠨᠤᠲᠤᠭ ᠳᠤ ᠡᠪᠦᠯ ᠪᠣᠯᠳᠠᠭ ᠦᠭᠡᠢ ᠲᠡᠷᠡ ᠠᠵᠢᠯ ᠢ᠋ᠶ᠋ᠠᠨ ᠴᠠᠭᠠᠰᠢ ᠨᠢ ᠦᠷᠭᠦᠯᠵᠢᠭᠦᠯᠦᠨ᠎ᠡ ᠭᠡᠵᠦ ᠪᠣᠳᠣᠵᠤ ᠶᠠᠪᠤᠨ᠎ᠠ᠃ ᠡᠨᠡ ᠲᠤᠬᠠᠢ ᠪᠠᠨ ᠪᠢ ᠶᠡᠷᠦᠩᠬᠡᠢ ᠵᠠᠩᠵᠤᠨ ᠤᠷᠢᠶᠠᠩᠬᠠᠢᠳᠠᠢ ᠪᠣᠯᠤᠨ ᠴᠠᠭᠠᠨ ᠵᠠᠩᠵᠤᠨ ᠳ᠋ᠤ᠌ ᠠᠢᠯᠠᠳᠬᠠᠨ ᠶᠠᠷᠢᠭᠰᠠᠨ᠃ ᠲᠡᠭᠦᠨ ᠦ᠌ ᠴᠡᠷᠢᠭ ᠦ᠋ᠳ ᠨᠠᠳᠠ ᠠ᠋ᠴᠠ ᠳᠤᠲᠠᠭᠤ ᠦᠭᠡᠢ ᠶᠠᠭᠤᠮ᠎ᠠ ᠤᠷᠤᠯᠳᠤᠵᠤ ᠪᠠᠢᠭ᠎ᠠ ᠰᠤᠷᠠᠭ ᠲᠠᠢ ᠪᠢᠯᠡ ᠭᠡᠵᠦ ᠪᠠᠶᠠᠨ ᠲᠠᠢᠪᠤᠩ ᠴᠢᠷᠠᠢ ᠭᠠᠷᠭᠠᠨ ᠶᠠᠷᠢᠪᠠ᠃ ᠡᠨᠡ ᠡᠷ᠎ᠡ ᠲᠠᠩᠨᠠᠨ ᠲᠠᠢᠪᠤᠩ ᠪᠠᠢᠳᠠᠭ ᠵᠠᠩᠲᠠᠢ᠃ 
       — ᠪᠦᠬᠦ ᠡᠩᠨᠡᠭᠡ ᠪᠡᠷ ᠳᠣᠪᠲᠣᠯᠭᠠᠨ ᠡᠬᠢᠯᠡᠭᠦᠯ ᠭᠡᠵᠦ ᠪᠢ ᠵᠠᠷᠯᠢᠭ ᠭᠠᠷᠭᠠᠬᠤ ᠰᠠᠨᠠᠭᠠᠲᠠᠢ᠂ ᠲᠠ ᠨᠠᠷ ᠤ᠋ᠨ ᠪᠡᠯᠡᠳᠬᠡᠵᠦ ᠪᠠᠢᠭ᠎ᠠ ᠵᠦᠢᠯ ᠢ᠋ ᠰᠣᠨᠢᠷᠬᠠᠵᠤ ᠪᠠᠢᠭ᠎ᠠ ᠰᠢᠦ᠃ ᠪᠢ ᠪᠠᠰᠠ ᠤᠷᠤᠭᠰᠢ ᠪᠠᠨ ᠪᠠᠢᠯᠳᠤᠨ ᠶᠠᠪᠤᠭ᠎ᠠ ᠴᠡᠷᠢᠭ ᠦ᠋ᠳ ᠲᠡᠢ ᠠᠭᠤᠯᠵᠠᠬᠤ ᠰᠠᠨᠠᠭᠠᠲᠠᠢ᠃ ᠣᠳᠣᠬᠠᠨ ᠳ᠋ᠤ᠌ ᠪᠠᠨ ᠡᠨᠳᠡ ᠶᠠᠭᠤ ᠪᠠᠨ ᠬᠢᠵᠦ ᠰᠠᠭᠤᠬᠤ ᠪᠢᠯᠡ ᠳᠠ᠃ 
       — ᠪᠢ ᠣᠢᠯᠠᠭᠠᠯ᠎ᠠ ᠵᠠᠬᠢᠷᠤᠭᠴᠢ ᠮᠢᠨᠢ! ᠰᠥᠩ ᠦ᠋ᠨ ᠬᠠᠭᠠᠨ ᠤ᠋ ᠴᠡᠷᠢᠭ ᠭᠣᠷᠢ ᠦᠭᠡᠢ ᠰᠢᠦ᠃ ᠰᠢᠲᠠᠭᠠᠭᠰᠠᠨ ᠭᠠᠵᠠᠷ ᠤ᠋ᠨ ᠨᠤᠷᠮᠠᠨ ᠳᠣᠲᠣᠷ᠎ᠠ ᠠ᠋ᠴᠠ ᠪᠣᠰᠴᠤ ᠢᠷᠡᠭᠡᠳ ᠯᠡ ᠲᠤᠯᠤᠯᠳᠤᠭᠠᠳ ᠪᠠᠢᠳᠠᠭ᠂ ᠶᠡᠬᠡ ᠬᠥᠳᠡᠯᠭᠡᠭᠡᠨ ᠲᠡᠢ᠂ ᠪᠠᠷᠢᠭᠰᠠᠨ ᠬᠤᠯᠤᠰᠤᠨ ᠰᠤᠮᠤ ᠰᠢᠭ᠋ ᠢ᠋ᠶ᠋ᠡᠨ ᠭᠤᠯᠵᠠᠯᠵᠠᠨ ᠴᠢᠪᠬᠠᠳᠠᠭᠠᠳ ᠪᠠᠢᠨ᠎ᠠ᠃ ᠲᠡᠳᠡ ᠮᠣᠷᠢ ᠪᠠᠢᠬᠤ ᠦᠭᠡᠢ᠂ ᠶᠠᠪᠠᠭᠠᠨ ᠪᠣᠯᠤᠭᠠᠳ ᠯᠠ ᠮᠠᠨ ᠤ᠋ ᠴᠡᠷᠢᠭ ᠡᠴᠡ ᠠᠶᠤᠳᠠᠭ ᠪᠣᠯᠤᠯᠲᠠᠢ ᠳ᠋ᠠᠭ᠃ 
       — ᠶᠠᠪᠠᠭᠠᠨ ᠠᠮᠢᠲᠠᠳ ᠢ᠋ ᠪᠢᠳᠡ ᠶᠠᠭᠠᠬᠢᠵᠤ ᠡᠢᠭᠡᠳ ᠱᠠᠭᠠᠢ ᠠᠳᠠᠯᠢ ᠬᠤᠷᠢᠶᠠᠵᠤ ᠪᠥᠭᠡᠮᠨᠡᠷᠡᠭᠦᠯᠦᠭᠡᠳ ᠠᠪᠤᠨ᠎ᠠ ᠪᠢᠵᠡ ᠳᠡ? ᠲᠡᠢᠮᠦ ᠶᠡᠬᠡ ᠣᠯᠠᠨ ᠬᠥᠮᠦᠨ ᠦ᠌ ᠠᠮᠢ ᠨᠠᠰᠤ ᠶ᠋ᠢ ᠪᠦᠷᠢᠯᠭᠡᠬᠦ ᠦᠭᠡᠢ ᠪᠡᠷ ᠲᠡᠳᠡᠨ ᠢ᠋ ᠡᠪᠦᠳᠦᠭᠯᠡᠭᠡᠳ ᠠᠪᠴᠤ ᠳᠥᠩᠭᠡᠬᠦ ᠪᠣᠯᠪᠠ ᠤᠤ ᠭᠡᠵᠦ ᠪᠣᠳᠣᠵᠤ ᠪᠠᠢᠨ᠎ᠠ᠂ ᠵᠠᠩᠵᠤᠨ ᠮᠢᠨᠢ! 
       — ᠳᠥᠩᠭᠡᠬᠦ ᠨᠢ ᠴᠦ᠍ ᠳᠥᠩᠭᠡᠨ᠎ᠡ᠃ ᠲᠡᠭᠡᠬᠦ ᠳ᠋ᠦ᠍ ᠪᠡᠨ ᠤᠷᠤᠭᠰᠢᠯᠠᠬᠤ ᠳᠣᠳᠣᠮ ᠢ᠋ᠶ᠋ᠠᠨ ᠢᠯᠠᠭ᠎ᠠ᠂ ᠬᠠᠯᠠᠭᠤᠨ ᠬᠣᠶᠠᠷ ᠨᠢ ᠶᠡᠬᠡ᠂ ᠤᠰᠤᠨ ᠨᠠᠮᠤᠭ ᠡᠯᠪᠡᠭ᠂ ᠮᠣᠷᠢᠨ ᠤ᠋ ᠬᠣᠭᠣᠯᠠ ᠣᠯᠳᠠᠬᠤ ᠨᠢ ᠮᠠᠭᠤ᠂ ᠲᠡᠭᠡᠭᠡᠳ ᠰᠥᠩ ᠦ᠋ᠨ ᠬᠣᠲᠠ ᠣᠯᠠᠨ᠂ ᠲᠡᠳᠡ ᠬᠣᠲᠠ ᠪᠠᠨ ᠰᠦᠷᠡᠬᠡᠢ ᠪᠡᠬᠢᠯᠡᠵᠦ ᠪᠠᠢᠭ᠎ᠠ ᠰᠤᠷᠠᠭ ᠲᠠᠢ᠃ ᠪᠢ ᠨᠡᠯᠢᠶᠡᠨ ᠲᠣᠭ᠎ᠠ ᠲᠠᠢ ᠲᠤᠷᠰᠢᠭᠤᠯ ᠶᠠᠪᠤᠭᠤᠯᠤᠭᠰᠠᠨ᠃ ᠲᠡᠳᠡᠨ ᠦ᠌ ᠠᠮᠠ ᠨᠢᠭᠡ ᠯᠡ ᠪᠠᠢᠭ᠎ᠠ᠃ ᠰᠥᠩ ᠦ᠋ᠨ ᠳᠡᠭᠡᠳᠦ ᠨᠣᠶᠠᠳ ᠤ᠋ᠳ ᠨᠢ ᠥᠪᠡᠷᠰᠡᠳ ᠢ᠋ᠶ᠋ᠡᠨ ᠪᠢᠳᠡᠨ ᠦ᠌ ᠡᠮᠦᠨ᠎ᠡ ᠰᠥᠭᠥᠳᠬᠦ ᠦᠭᠡᠢ᠂ ᠬᠠᠷᠢᠨ ᠪᠢᠳᠡᠨ ᠢ᠋ ᠰᠥᠭᠦᠳᠦᠭᠦᠯᠦᠨ᠂ ᠪᠦᠬᠦ ᠬᠢᠲᠠᠳ ᠢ᠋ ᠡᠵᠡᠩᠨᠡᠨ ᠵᠠᠬᠢᠷᠤᠭᠴᠢ ᠪᠠᠢᠬᠤ ᠰᠠᠨᠠᠭᠠᠲᠠᠢ᠃ ᠲᠡᠭᠡᠭᠡᠳ ᠮᠠᠨ ᠤ᠋ ᠭᠠᠷ ᠠ᠋ᠴᠠ ᠬᠣᠢᠲᠤ ᠬᠢᠲᠠᠳ ᠤ᠋ᠨ ᠪᠦᠬᠦ ᠨᠤᠲᠤᠭ ᠢ᠋ ᠰᠠᠯᠠᠭᠠᠨ ᠠᠪᠤᠨ᠎ᠠ ᠭᠡᠵᠦ ᠶᠠᠷᠢᠳᠠᠭ ᠪᠠᠢᠨ᠎ᠠ᠃ ᠲᠡᠢᠮᠦ ᠤᠴᠢᠷ ᠠ᠋ᠴᠠ ᠮᠠᠨ ᠤ᠋ ᠶᠠᠪᠤᠭᠤᠯᠤᠭᠰᠠᠨ ᠡᠯᠴᠢ ᠨᠠᠷ ᠢ᠋ ᠳᠣᠣᠷ᠎ᠠ ᠨᠢ ᠪᠠᠷᠢᠵᠤ ᠠᠪᠴᠤ ᠬᠠᠷ᠎ᠠ ᠭᠡᠷ ᠲᠦ᠍ ᠲᠦᠭᠵᠢᠨ᠂ ᠲᠠᠮᠤᠯᠠᠭᠠᠳ ᠪᠠᠢᠭ᠎ᠠ ᠬᠡᠷᠡᠭ᠃ ᠪᠢᠳᠡ ᠡᠯᠴᠢ ᠨᠠᠷ ᠢ᠋ᠶ᠋ᠠᠨ ᠠᠪᠤᠨ᠎ᠠ᠃ ᠥᠪᠡᠷᠰᠡᠳ ᠢ᠋ ᠨᠢ ᠲᠡᠷᠡ ᠵᠢᠱ᠌ᠢᠶ᠎ᠡ ᠪᠡᠷ ᠪᠠᠷᠢᠵᠤ ᠠᠪᠬᠤ ᠴᠠᠭ ᠢᠷᠡᠨ᠎ᠡ ᠭᠡᠵᠦ ᠪᠣᠳᠣᠵᠤ ᠪᠠᠢᠨ᠎ᠠ᠃ 
       — ᠠ᠂ ᠲᠡᠢᠮᠦ ᠪᠣᠢ᠃ ᠵᠠᠩᠵᠤᠨ ᠮᠠᠨᠢ ᠶᠡᠬᠡ ᠶᠠᠭᠤᠮ᠎ᠠ ᠪᠣᠳᠣᠵᠤ ᠰᠢᠪ᠃ 
       — ᠵᠠᠬᠢᠷᠤᠭᠴᠢ ᠮᠢᠨᠢ! ᠪᠢᠳᠡ ᠰᠥᠩ ᠦ᠋ᠨ ᠴᠡᠷᠢᠭ ᠲᠡᠢ ᠰᠢᠭᠤᠳ ᠬᠠᠯᠵᠠ ᠲᠤᠯᠤᠯᠳᠤᠭᠠᠳ ᠡᠨᠡ ᠲᠡᠢᠨ ᠢ᠋ ᠲᠦᠷᠭᠡᠨ ᠳᠠᠭᠤᠰᠬᠠᠵᠤ ᠴᠢᠳᠠᠬᠤ ᠦᠭᠡᠢ᠃ ᠪᠢᠳᠡ ᠳᠠᠢᠳᠤᠬᠤ ᠠᠷᠭ᠎ᠠ ᠪᠠᠨ ᠥᠭᠡᠷᠡᠴᠢᠯᠡᠬᠦ ᠶᠣᠰᠣᠲᠠᠢ ᠪᠣᠯᠤᠭᠠᠳ ᠪᠠᠢᠨ᠎ᠠ᠃ ᠪᠢᠳᠡ ᠡᠨᠡ ᠤᠯᠤᠰ ᠢ᠋ ᠪᠦᠷ ᠠᠯᠤᠰ ᠢ᠋ᠶ᠋ᠠᠷ ᠨᠢ ᠲᠣᠭᠣᠷᠢᠨ ᠪᠦᠰᠡᠯᠡᠵᠦ ᠠᠪᠤᠭᠠᠳ ᠪᠠᠷᠠᠭᠤᠨ᠂ ᠵᠡᠭᠦᠨ ᠲᠠᠯ᠎ᠠ ᠠ᠋ᠴᠠ ᠨᠢ ᠬᠣᠭᠣᠯᠠ ᠬᠦᠨᠡᠰᠦ᠂ ᠪᠤᠰᠤᠳ ᠵᠦᠢᠯ ᠣᠷᠣᠬᠤ ᠠᠷᠭ᠎ᠠ ᠦᠭᠡᠢ ᠪᠣᠯᠭᠠᠵᠤ ᠭᠠᠷ ᠢ᠋ ᠨᠢ ᠮᠤᠬᠤᠷᠯᠠᠨ᠂ ᠭᠠᠭᠴᠠᠭᠠᠷᠳᠠᠭᠤᠯᠬᠤ ᠶᠣᠰᠣᠲᠠᠢ ᠪᠠᠢᠨ᠎ᠠ᠃ ᠳᠣᠲᠣᠷ᠎ᠠ ᠨᠢ ᠴᠦ᠍ ᠬᠣᠲᠠ ᠨᠤᠭᠤᠳ ᠢ᠋ ᠨᠢ ᠬᠣᠭᠣᠷᠣᠨᠳᠣ ᠪᠠᠨ ᠬᠠᠷᠢᠯᠴᠠᠬᠤ ᠬᠠᠷᠭᠤᠢ ᠦᠭᠡᠢ ᠪᠣᠯᠭᠠᠵᠤ᠂ ᠲᠤᠰ ᠪᠦᠷᠢ ᠳ᠋ᠦ᠍ ᠨᠢ ᠬᠠᠭᠠᠨ ᠲᠦᠭᠵᠢᠬᠦ ᠬᠡᠷᠡᠭᠲᠡᠢ᠃ ᠲᠡᠭᠡᠪᠡᠯ ᠲᠡᠳᠡ ᠥᠯᠥᠰᠬᠦ ᠪᠡᠷ ᠢ᠋ᠶ᠋ᠡᠨ᠂ ᠭᠠᠷ ᠨᠢ ᠮᠤᠬᠤᠷᠳᠠᠬᠤ ᠪᠠᠷ ᠢ᠋ᠶ᠋ᠠᠨ ᠠᠷᠭ᠎ᠠ ᠦᠭᠡᠢ ᠵᠡᠪᠰᠡᠭ ᠢ᠋ᠶ᠋ᠡᠨ ᠰᠢᠳᠡᠬᠦ ᠪᠢᠵᠡ᠃ ᠢᠩᠭᠢᠪᠡᠯ ᠬᠣᠶᠠᠷ ᠵᠢᠯ ᠦ᠋ᠨ ᠳᠣᠲᠣᠷ᠎ᠠ ᠰᠥᠩ ᠦ᠋ᠨ ᠬᠠᠭᠠᠳ ᠢ᠋ ᠪᠠᠷᠢᠵᠤ ᠠᠪᠴᠤ ᠳᠥᠩᠭᠡᠨ᠎ᠡ ᠪᠣᠢ ᠭᠡᠵᠦ ᠪᠠᠶᠠᠨ ᠬᠣᠭᠣᠯᠠ ᠰᠠᠪᠬᠠᠳᠠᠨ᠂ ᠰᠠᠷᠬᠤᠳ ᠰᠢᠮᠡᠨ ᠰᠠᠭᠤᠵᠤ ᠶᠠᠷᠢᠯ᠎ᠠ᠃ 
       ᠬᠤᠪᠢᠯᠠᠢ ᠲᠣᠯᠣᠭᠠᠢ ᠳᠣᠬᠢᠨ ᠵᠠᠩᠵᠤᠨ ᠤ᠋ ᠦᠭᠡ ᠶ᠋ᠢ ᠵᠥᠪᠰᠢᠶᠡᠷᠡᠨ ᠵᠥᠪᠲᠡᠭᠡᠨ᠎ᠡ᠃ ᠬᠡᠰᠡᠭ ᠵᠠᠭᠤᠷ᠎ᠠ ᠴᠢᠮᠡᠭᠡ ᠦᠭᠡᠢ ᠪᠠᠢᠪᠠ᠃ 
       — ᠲᠩᠷᠢ ᠥᠷᠥᠰᠢᠶᠡ! ᠪᠢ ᠮᠠᠷᠭᠠᠰᠢ ᠪᠤᠴᠠᠵᠤ ᠴᠡᠷᠢᠭ ᠳᠡᠭᠡᠷ᠎ᠡ ᠪᠡᠨ ᠣᠴᠢᠭᠠᠳ ᠵᠠᠬᠢᠷᠤᠭᠴᠢ ᠲᠠᠨ ᠤ᠋ ᠲᠤᠰᠢᠶᠠᠯ ᠶᠣᠰᠣᠭᠠᠷ ᠰᠢᠭᠤᠳ ᠳᠣᠪᠲᠣᠯᠬᠤ ᠬᠡᠷᠡᠭ ᠢ᠋ᠶ᠋ᠡᠨ ᠪᠠᠵᠠᠭᠠᠶ᠎ᠠ᠃ ᠬᠣᠶᠠᠷ ᠳᠣᠯᠣᠭ᠎ᠠ ᠬᠣᠨᠣᠭᠠᠳ ᠪᠦᠬᠦ ᠡᠩᠨᠡᠭᠡ ᠪᠡᠷ ᠳᠣᠪᠲᠣᠯᠭᠠᠨ ᠢ᠋ᠶ᠋ᠠᠨ ᠡᠬᠢᠯᠡᠪᠡᠯ ᠵᠦᠭᠡᠷ ᠪᠣᠯᠪᠠ ᠤᠤ᠃ ᠬᠡᠳᠦ ᠬᠣᠨᠣᠭ ᠪᠢᠳᠡ ᠨᠠᠯᠠᠢᠭᠰᠠᠨ ᠰᠢᠨᠵᠢᠲᠡᠢ᠂ ᠮᠥᠳᠳᠥ ᠲᠤᠯᠤᠯᠳᠤᠭᠠᠨ ᠬᠢᠬᠦ ᠶᠠᠩᠵᠤ ᠦᠭᠡᠢ ᠰᠢᠪ ᠭᠡᠮᠡᠷ ᠪᠠᠢᠭᠠᠳ᠂ ᠭᠡᠨᠡᠳᠲᠡ ᠫᠢᠵᠢᠭᠢᠨᠡᠭᠦᠯᠪᠡᠯ ᠬᠥᠬᠡ ᠮᠥᠷᠡᠨ ᠦ᠌ ᠡᠮᠦᠨᠡᠲᠦ ᠡᠷᠭᠢ ᠡᠴᠡ ᠰᠥᠩ ᠦ᠋ᠨ ᠴᠡᠷᠢᠭ ᠢ᠋ ᠡᠯᠳᠡᠨ ᠬᠥᠭᠡᠭᠡᠵᠦ ᠴᠢᠳᠠᠨ᠎ᠠ᠃ ᠬᠠᠭᠤᠷᠠᠢ ᠭᠠᠵᠠᠷ ᠲᠤ ᠪᠣᠯ ᠮᠣᠷᠢᠲᠠᠨ ᠬᠥᠮᠦᠨ ᠶᠠᠪᠠᠭᠠᠨ ᠢ᠋ ᠲᠠᠰᠢᠭᠤᠷᠳᠠᠨ ᠡᠯᠳᠡᠵᠦ ᠪᠣᠯᠤᠨ᠎ᠠ ᠪᠢᠵᠡ᠃ ᠡᠨᠡ ᠲᠤᠬᠠᠢ ᠵᠠᠬᠢᠷᠤᠭᠴᠢ ᠲᠠ ᠤᠷᠢᠶᠠᠩᠬᠠᠢᠳᠠᠢ ᠪᠣᠯᠤᠨ ᠴᠠᠭᠠᠨ ᠵᠠᠩᠵᠤᠨ ᠲᠠᠢ ᠬᠡᠯᠡᠯᠴᠡᠵᠦ ᠲᠣᠬᠢᠷᠠᠭᠰᠠᠨ ᠶᠤᠮ ᠪᠠᠢᠭ᠎ᠠ ᠪᠢᠵᠡ ᠳᠡ? ᠭᠡᠵᠦ ᠪᠠᠶᠠᠨ ᠥᠭᠦᠯᠡᠯ᠎ᠡ᠃ 
       — ᠳᠣᠪᠲᠣᠯᠭᠠᠨ ᠡᠬᠢᠯᠡᠬᠦ ᠡᠳᠦᠷ ᠰᠤᠳᠤᠷ ᠢ᠋ ᠪᠢ ᠤᠷᠢᠶᠠᠩᠬᠠᠢᠳᠠᠢ᠂ ᠴᠠᠭᠠᠨ ᠵᠠᠩᠵᠤᠨ ᠨᠠᠷ ᠲᠠᠢ ᠶᠠᠪ ᠴᠠᠪ ᠲᠣᠭᠲᠠᠭᠰᠠᠨ ᠶᠠᠭᠤᠮ᠎ᠠ ᠦᠭᠡᠢ᠃ ᠲᠡᠷᠡ ᠵᠠᠩᠵᠤᠨ ᠨᠤᠭᠤᠳ ᠣᠳᠣᠬᠠᠨ ᠳ᠋ᠤ᠌ ᠪᠠᠨ ᠬᠠᠭᠠᠨ ᠠᠬ᠎ᠠ ᠶ᠋ᠢᠨ ᠲᠡᠷᠢᠭᠦᠯᠡᠵᠦ ᠪᠠᠢᠭᠰᠠᠨ ᠴᠡᠷᠢᠭ ᠦ᠋ᠨ ᠲᠦᠮᠡᠲᠦ ᠨᠦ᠍ᠭᠦᠳ ᠳᠡᠭᠡᠷ᠎ᠡ ᠣᠴᠢᠨ᠎ᠠ᠃ ᠶᠠᠪᠤᠭᠠᠨ ᠳ᠋ᠤ᠌ ᠪᠠᠨ ᠮᠢᠨᠦ ᠳᠡᠷᠭᠡᠳᠡ ᠢᠷᠡᠵᠦ᠂ ᠪᠦᠬᠦ ᠲᠡᠢᠨ ᠦ᠌ ᠶᠠᠪᠤᠳᠠᠯ ᠢ᠋ ᠬᠥᠲᠥᠯᠬᠦ ᠳ᠋ᠦ᠍ ᠨᠠᠳᠠᠳᠤ ᠲᠤᠰᠠᠯᠠᠬᠤ ᠪᠣᠯᠤᠨ᠎ᠠ᠃ ᠲᠡᠭᠡᠵᠦ ᠪᠢ ᠬᠡᠯᠡᠭᠰᠡᠨ᠃ ᠴᠢᠮᠠᠶ᠋ᠢ ᠡᠨᠳᠡ ᠪᠡᠨ ᠠᠪᠬᠤ ᠶᠤᠮ ᠪᠢᠯᠡ ᠤᠤ ᠭᠡᠵᠦ ᠰᠠᠨᠠᠭᠰᠠᠨ ᠢ᠋ᠶ᠋ᠠᠨ ᠰᠥᠩ ᠦ᠋ᠨ ᠬᠣᠲᠠ ᠨᠤᠭᠤᠳ ᠢ᠋ ᠳᠠᠢᠯᠠᠷ᠎ᠠ ᠣᠴᠢᠬᠤ ᠳ᠋ᠤ᠌ ᠴᠢ ᠴᠡᠷᠢᠭ ᠲᠡᠢ ᠪᠡᠨ ᠬᠠᠮᠲᠤ ᠪᠠᠢᠭᠰᠠᠨ ᠨᠢ ᠳᠡᠭᠡᠷ᠎ᠡ ᠭᠡᠵᠦ ᠨᠠᠳᠠᠳᠤ ᠪᠣᠳᠣᠭᠳᠠᠭᠰᠠᠨ᠃ ᠣᠳᠣ ᠪᠢ ᠮᠠᠷᠭᠠᠰᠢ ᠡᠯᠴᠢ ᠮᠣᠷᠳᠠᠭᠤᠯᠤᠨ ᠳᠣᠪᠲᠣᠯᠭᠠᠨ ᠡᠬᠢᠯᠡᠬᠦ ᠡᠳᠦᠷ ᠴᠠᠭ ᠢ᠋ ᠬᠡᠯᠡᠭᠦᠯᠦᠶ᠎ᠡ ᠭᠡᠵᠦ ᠬᠤᠪᠢᠯᠠᠢ ᠬᠡᠯᠡᠭᠰᠡᠨ ᠢ᠋ᠶ᠋ᠡᠨ ᠰᠠᠷᠬᠤᠳ ᠰᠢᠮᠡᠭᠡᠳ᠂ ᠪᠠᠶᠠᠨ ᠢ᠋ ᠠᠵᠢᠭᠴᠢ ᠨᠢᠳᠦ ᠪᠡᠷ ᠢ᠋ᠶ᠋ᠡᠨ ᠬᠠᠷᠠᠬᠤ ᠨᠢ ᠵᠠᠬᠢᠷᠤᠭᠴᠢ ᠥᠭᠡᠷ᠎ᠡ ᠨᠢᠭᠡ ᠴᠤᠬᠠᠭ ᠵᠦᠢᠯ ᠪᠣᠳᠣᠭᠠᠳ ᠪᠠᠢᠭ᠎ᠠ ᠨᠢ ᠢᠯᠡᠳᠲᠡ ᠪᠠᠢᠪᠠ᠃ 
       ᠶᠡᠷᠦ ᠨᠢ ᠬᠤᠪᠢᠯᠠᠢ ᠶ᠋ᠢᠨ ᠨᠢᠳᠦᠨ ᠦ᠌ ᠬᠠᠷᠠᠴᠠ ᠲᠤᠩ ᠰᠣᠨᠢᠨ ᠪᠠᠢᠳᠠᠭ᠃ ᠶᠠᠮᠠᠷ ᠨᠢᠭᠡ ᠴᠤᠬᠠᠭ ᠵᠦᠢᠯ ᠪᠣᠳᠣᠵᠤ ᠪᠠᠢᠭ᠎ᠠ ᠨᠢ ᠲᠡᠭᠦᠨ ᠦ᠌ ᠵᠢᠭᠤᠳᠠᠭᠠᠢ ᠬᠠᠷᠠᠴᠠᠨ ᠳ᠋ᠤ᠌ ᠲᠤᠰᠬᠠᠭᠳᠠᠳᠠᠭ᠃ ᠲᠡᠷᠡ ᠪᠡᠷ ᠥᠭᠡᠷ᠎ᠡ ᠪᠤᠰᠤᠳ ᠤ᠋ᠨ ᠰᠠᠨᠠᠭ᠎ᠠ ᠪᠣᠳᠣᠯ ᠢ᠋ ᠬᠠᠷᠠᠵᠤ ᠠᠵᠢᠵᠤ ᠪᠠᠢᠭᠠᠳ ᠲᠠᠭᠠᠪᠤᠷᠢᠯᠠᠨ ᠮᠡᠳᠡᠬᠦ ᠳ᠋ᠦ᠍ ᠪᠡᠨ ᠭᠠᠷᠮᠠᠭᠠᠢ ᠪᠠᠢᠳᠠᠭ᠃《ᠬᠤᠪᠢᠯᠠᠢ ᠪᠤᠰᠤᠳ ᠢ᠋ ᠨᠢᠳᠦᠨ ᠦ᠌ ᠬᠢᠨᠢ ᠬᠠᠷᠠᠴᠠ ᠪᠠᠷ ᠰᠢᠨᠵᠢᠵᠦ ᠴᠢᠳᠠᠳᠠᠭ᠂ ᠲᠡᠭᠦᠨ ᠳ᠋ᠦ᠍ ᠪᠡᠨ ᠮᠡᠷᠭᠡᠨ》 ᠭᠡᠵᠦ ᠬᠥᠮᠥᠰ ᠦ᠋ᠨ ᠬᠡᠯᠡᠳᠡᠭ ᠨᠢ ᠣᠨᠣᠭᠠᠭᠰᠠᠨ ᠣᠨᠣᠰᠢ ᠪᠢᠯᠡ᠃ ᠵᠠᠬᠢᠷᠤᠭᠴᠢ ᠪᠠᠶᠠᠨ ᠤ᠋ ᠪᠠᠢᠳᠠᠯ ᠢ᠋ ᠲᠡᠢᠨ ᠠᠵᠢᠭᠠᠳ᠄ 
       — ᠵᠠ ᠲᠡᠢᠨ ᠦ᠌ ᠬᠡᠷᠡᠭ ᠢ᠋ ᠪᠢᠳᠡ ᠬᠣᠶᠠᠷ ᠶᠠᠷᠢᠯᠴᠠᠵᠤ ᠰᠠᠨᠠᠭ᠎ᠠ ᠨᠡᠢᠯᠡᠪᠡ ᠰᠢᠪ᠃ ᠡᠭᠦᠨ ᠳ᠋ᠦ᠍ ᠮᠢᠨᠦ ᠰᠡᠳᠬᠢᠯ ᠬᠠᠨᠤᠵᠤ ᠪᠠᠢᠨ᠎ᠠ᠃ ᠪᠢ ᠣᠳᠣ ᠤᠯᠤᠰ ᠭᠦᠷᠦᠨ ᠮᠠᠨᠢ ᠯᠠ ᠲᠡᠷᠢᠭᠦᠨ ᠦᠭᠡᠢ ᠪᠣᠯᠬᠣᠷ ᠬᠡᠷᠡᠭ ᠶᠠᠪᠤᠳᠠᠯ ᠴᠠᠯᠠᠭᠠᠢᠷᠠᠵᠤ ᠣᠷᠬᠢᠬᠤ ᠪᠣᠢ ᠭᠡᠵᠦ ᠰᠡᠳᠬᠢᠯ ᠵᠣᠪᠠᠵᠤ ᠪᠠᠢᠨ᠎ᠠ ᠭᠰᠡᠨ ᠳ᠋ᠡᠭᠡᠨ ᠲᠤᠷᠰᠢᠨ᠂ ᠦᠭᠡ ᠰᠣᠨᠣᠰᠬᠤ ᠭᠡᠰᠡᠨ ᠶᠠᠩᠵᠤ ᠪᠠᠷ ᠬᠡᠯᠡᠯ᠎ᠡ᠃ 
       ᠪᠠᠶᠠᠨ ᠪᠠᠰᠠ ᠰᠠᠷᠬᠤᠳ ᠰᠢᠮᠡᠨ ᠪᠣᠳᠣᠯᠬᠢᠯᠠᠵᠤ᠂ ᠣᠪᠣ ᠲᠣᠪᠣᠬᠠᠨ ᠴᠣᠬᠣᠷ ᠨᠢᠭᠤᠷ ᠢ᠋ᠶ᠋ᠠᠨ ᠠᠯᠠᠭ᠎ᠠ ᠪᠠᠷ ᠢ᠋ᠶ᠋ᠠᠨ ᠢᠯᠢᠭᠡᠳ᠄ 
       — ᠡᠨᠡ ᠴᠦ᠍ ᠰᠡᠳᠬᠢᠯ ᠵᠣᠪᠠᠬᠤ ᠦᠭᠡᠢ ᠪᠠᠢᠵᠤ ᠪᠣᠯᠬᠤ ᠦᠭᠡᠢ ᠵᠦᠢᠯ᠃ ᠲᠡᠭᠡᠬᠦ ᠳ᠋ᠦ᠍ ᠪᠡᠨ ᠶᠡᠬᠡ ᠬᠥᠮᠦᠨ ᠦ᠌ ᠣᠷᠣ ᠶ᠋ᠢ ᠳᠣᠣᠷ᠎ᠠ ᠨᠢ ᠵᠠᠯᠭᠠᠳᠠᠭ ᠦᠭᠡᠢ᠂ ᠭᠡᠰᠡᠨ ᠵᠠᠭᠤᠷ᠎ᠠ ᠠᠯᠭᠤᠷᠯᠠᠨ ᠪᠠᠢᠵᠤ ᠬᠣᠢᠲᠤᠬᠢ ᠶ᠋ᠢ ᠨᠢ ᠲᠣᠳᠤᠷᠭᠤᠯᠪᠠᠯ ᠥᠯᠵᠡᠢᠲᠡᠢ ᠪᠠᠢᠳᠠᠭ ᠭᠡᠵᠦ ᠮᠣᠩᠭᠣᠯᠴᠤᠳ ᠦᠵᠡᠳᠡᠭ᠃ ᠲᠡᠷᠡ ᠴᠦ᠍ ᠦᠭᠡ ᠰᠢᠦ ᠭᠡᠪᠡ᠃ 
       ᠬᠤᠪᠢᠯᠠᠢ ᠥᠪᠡᠷ ᠢ᠋ ᠨᠢ ᠬᠠᠭᠠᠨ ᠰᠠᠭᠤᠷᠢᠨ ᠳ᠋ᠤ᠌ ᠰᠠᠭᠤ ᠭᠡᠬᠦ ᠮᠠᠶᠢᠭ ᠤ᠋ᠨ ᠦᠭᠡ ᠪᠠᠶᠠᠨ ᠤ᠋ ᠠᠮᠠᠨ ᠠ᠋ᠴᠠ ᠭᠠᠷᠤᠭᠰᠠᠨ ᠦᠭᠡᠢ ᠳ᠋ᠦ᠍ ᠰᠡᠳᠬᠢᠯ ᠨᠢ ᠳᠣᠲᠣᠷ᠎ᠠ ᠪᠠᠨ ᠭᠣᠩᠰᠣᠢᠪᠠᠴᠤ ᠡᠨᠡ ᠬᠥᠮᠦᠨ ᠦ᠌ ᠳᠦᠭᠦᠷᠡᠩ ᠣᠷᠣᠯᠴᠠᠭ᠎ᠠ ᠦᠭᠡᠢ ᠪᠡᠷ ᠶᠠᠭᠤ ᠴᠦ᠍ ᠪᠦᠲᠦᠬᠦ ᠦᠭᠡᠢ ᠭᠡᠳᠡᠭ ᠢ᠋ ᠠᠩᠵᠠᠭᠠᠷᠴᠤ ᠪᠣᠳᠣᠨ᠂ ᠦᠭᠡ ᠪᠡᠨ ᠵᠥᠭᠡᠭᠡᠰᠬᠢᠭᠡᠳ᠄ 
       — ᠴᠠᠭ ᠦᠶ᠎ᠡ ᠮᠠᠨᠢ ᠲᠡᠢᠮᠦ ᠬᠤᠭᠤᠴᠠᠭ᠎ᠠ ᠶ᠋ᠢ ᠬᠦᠯᠢᠶᠡᠬᠦ ᠦᠭᠡᠢ ᠯᠡ ᠪᠣᠯᠪᠠ ᠤᠤ᠃ ᠬᠢᠲᠠᠳ ᠤ᠋ᠨ ᠪᠠᠢᠳᠠᠯ ᠵᠠᠳᠠᠭᠠᠢ ᠪᠠᠢᠳᠠᠭ᠃ ᠰᠥᠩ ᠤᠯᠤᠰ ᠢ᠋ ᠲᠣᠬᠢᠨᠠᠭᠤᠯᠵᠤ ᠶᠠᠭᠠᠬᠢᠭ᠎ᠠ ᠴᠤ᠌ ᠦᠭᠡᠢ ᠶᠠᠪᠤᠨ᠎ᠠ᠃ ᠣᠷᠣᠰ᠂ ᠢᠷᠡᠨ᠂ ᠫᠸᠷᠢᠰ ᠣᠳᠣ ᠴᠣᠬᠣᠮ ᠶᠠᠮᠠᠷ ᠪᠠᠢᠭ᠎ᠠ ᠶ᠋ᠢ ᠬᠡᠯᠡᠬᠦ ᠳ᠋ᠦ᠍ ᠪᠡᠷᠬᠡᠲᠡᠢ᠃ ᠲᠡᠳᠡ ᠶᠡᠬᠡ ᠭᠦᠷᠦᠨ ᠡᠴᠡ ᠰᠠᠯᠤᠨ ᠲᠤᠰᠠᠭᠠᠷᠯᠠᠬᠤ ᠰᠠᠨᠠᠭᠠᠲᠠᠢ ᠴᠤ᠌ ᠪᠠᠢᠵᠤ ᠮᠠᠭᠠᠳ ᠦᠭᠡᠢ᠃ ᠡᠢᠮᠦ ᠦᠶ᠎ᠡ ᠳ᠋ᠦ᠍ ᠲᠡᠷᠢᠭᠦᠨ ᠦᠭᠡᠢ ᠠᠯᠭᠤᠷᠯᠠᠵᠤ  ᠪᠠᠢᠵᠤ ᠪᠣᠯᠬᠤ ᠦᠭᠡᠢ ᠪᠠᠢᠬᠤ᠃ 
       — ᠲᠡᠢᠮᠦ ᠠ᠋᠃ ᠲᠠ ᠵᠥᠪ ᠪᠣᠯᠭᠣᠭᠠᠵᠤ ᠪᠠᠢᠨ᠎ᠠ᠃ ᠬᠠᠭᠠᠨ ᠤ᠋ ᠣᠷᠣ ᠶ᠋ᠢ ᠰᠢᠷᠡᠭᠡᠨ ᠳ᠋ᠦ᠍ ᠨᠢ ᠵᠠᠯᠠᠬᠤ ᠵᠦᠢᠲᠡᠢ᠃ ᠲᠡᠭᠡᠬᠦ ᠳ᠋ᠦ᠍ ᠲᠠᠨ ᠤ᠋ ᠳᠡᠭᠦᠦ ᠨᠠᠷ ᠶᠠᠭᠤ ᠪᠣᠯᠭᠣᠭᠠᠵᠤ ᠪᠠᠢᠨ᠎ᠠ ᠪᠣᠢ? ᠡᠵᠢ ᠲᠠᠨᠢ ᠶᠠᠮᠠᠷ ᠰᠠᠨᠠᠭᠠᠲᠠᠢ ᠪᠠᠢᠨ᠎ᠠ ᠪᠣᠢ?  ᠰᠤᠷᠬᠤᠭᠲᠠᠨᠢ ᠠᠪᠠᠭᠠᠢ ᠶ᠋ᠢᠨ ᠰᠠᠨᠠᠭ᠎ᠠ ᠶ᠋ᠢ ᠬᠠᠷᠠᠭᠠᠯᠵᠠᠬᠤ ᠶᠣᠰᠣᠲᠠᠢ᠃ ᠡᠨᠡ ᠪᠦᠭᠦᠳᠡ ᠶ᠋ᠢ ᠮᠡᠳᠡᠬᠦ ᠶ᠋ᠢᠨ ᠲᠤᠯᠠᠳᠠ ᠲᠠ ᠬᠠᠷ᠎ᠠ ᠬᠣᠷᠣᠮ ᠳ᠋ᠤ᠌ ᠬᠥᠮᠦᠨ ᠵᠠᠷᠤᠵᠤ ᠲᠡᠳᠡᠨ ᠦ᠌ ᠪᠡᠨ ᠲᠠᠭᠠᠯᠠᠯ ᠢ᠋ ᠮᠡᠳᠡᠵᠦ ᠠᠪᠤᠪᠠᠰᠤ ᠵᠦᠭᠡᠷ ᠪᠢᠵᠡ᠃ ᠪᠢ ᠢᠩᠭᠢᠵᠦ ᠲᠠᠨ ᠳ᠋ᠤ᠌ ᠠᠢᠯᠠᠳᠬᠠᠵᠤ ᠪᠠᠢᠨ᠎ᠠ᠃《ᠭᠠᠯᠠᠭᠤᠳ ᠲᠡᠷᠢᠭᠦᠨ ᠦᠭᠡᠢ ᠪᠣᠯ ᠴᠤᠪᠤᠭ᠎ᠠ ᠪᠣᠯᠬᠤ ᠦᠭᠡᠢ᠃ ᠭᠡᠭᠦᠦ ᠳ᠋ᠦ᠍ ᠠᠵᠢᠷᠭ᠎ᠠ ᠦᠭᠡᠢ ᠪᠣᠯ ᠰᠦᠷᠦᠭ ᠪᠣᠯᠬᠤ ᠦᠭᠡᠢ》 ᠭᠡᠳᠡᠭ ᠮᠡᠷᠭᠡᠨ ᠤᠬᠠᠭᠠᠨ ᠢ᠋ ᠭᠠᠷᠭᠠᠭᠰᠠᠨ ᠦᠭᠡ ᠳᠡ᠃ ᠠᠯᠲᠠᠨ ᠤᠷᠤᠭ ᠤ᠋ᠨ ᠳᠣᠲᠣᠷᠠᠬᠢ ᠡᠨᠡ ᠬᠡᠷᠡᠭ ᠢ᠋ ᠲᠠ ᠨᠠᠷ᠂ ᠢᠯᠠᠩᠭᠤᠶ᠎ᠠ ᠲᠠ ᠥᠪᠡᠷ ᠢ᠋ᠶ᠋ᠡᠨ ᠰᠢᠢᠳᠴᠦ ᠲᠠᠭᠠᠯᠠᠪᠠᠯ ᠵᠥᠪ ᠪᠣᠯᠤᠨ᠎ᠠ ᠭᠡᠵᠦ ᠪᠠᠶᠠᠨ ᠬᠡᠯᠡᠬᠦ ᠨᠢ ᠬᠤᠪᠢᠯᠠᠢ ᠶ᠋ᠢᠨ ᠴᠢᠬᠢᠨ ᠳ᠋ᠦ᠍ ᠡᠪ ᠦᠭᠡᠢ ᠰᠣᠨᠣᠰᠤᠭᠳᠠᠭᠰᠠᠨ ᠦᠭᠡᠢ᠂ ᠥᠪᠡᠷ ᠢ᠋ ᠨᠢ ᠬᠠᠭᠠᠨ ᠤ᠋ ᠣᠷᠣ ᠰᠠᠭᠤᠨ᠎ᠠ ᠭᠡᠬᠦ ᠳ᠋ᠦ᠍ ᠪᠣᠯᠬᠤ ᠦᠭᠡᠢ ᠭᠡᠬᠦ ᠶᠠᠩᠵᠤ ᠦᠭᠡᠢ ᠪᠠᠢᠳᠠᠯᠲᠠᠢ ᠨᠢ ᠢᠯᠡ ᠪᠣᠯᠤᠯ᠎ᠠ᠃ 
       ᠬᠣᠭᠣᠯᠠ ᠠᠮᠲᠠᠲᠠᠢ ᠪᠣᠯᠵᠤ᠂ ᠶᠠᠷᠢᠶ᠎ᠠ ᠲᠡᠭᠦᠰᠪᠡ᠃ ᠶᠠᠮᠠᠷ ᠴᠦ᠍ ᠪᠣᠯᠤᠭᠰᠠᠨ ᠰᠥᠩ ᠦ᠋ᠨ ᠴᠡᠷᠢᠭ ᠢ᠋ ᠣᠳᠣ ᠳᠠᠷᠤᠢ ᠳᠣᠪᠲᠣᠯᠵᠤ ᠡᠬᠢᠯᠡᠬᠦ ᠨᠢ ᠵᠥᠪ ᠭᠡᠰᠡᠨ ᠵᠦᠢᠯ ᠢ᠋ ᠲᠡᠳᠡ ᠳᠠᠬᠢᠨ ᠰᠠᠨᠠᠭ᠎ᠠ ᠨᠢᠭᠡᠲᠡᠢ ᠬᠡᠯᠡᠯᠴᠡᠨ ᠲᠣᠭᠲᠠᠯ᠎ᠠ᠃《ᠪᠠᠶᠠᠨ ᠰᠦᠷᠡᠬᠡᠢ ᠪᠠᠭᠤᠷᠢ ᠲᠠᠢ ᠡᠷ᠎ᠡ ᠰᠢᠦ᠃ ᠶᠠᠮᠠᠷ ᠴᠦ᠍ ᠭᠡᠰᠡᠨ ᠬᠠᠷ᠎ᠠ ᠬᠣᠷᠣᠮ ᠢ᠋ ᠮᠡᠳᠡ ᠭᠡᠵᠦ ᠬᠡᠯᠡᠵᠦ ᠪᠠᠢᠭ᠎ᠠ ᠨᠢ ᠤᠭ ᠨᠢ ᠵᠥᠪ ᠭᠡᠵᠦ ᠬᠤᠪᠢᠯᠠᠢ ᠪᠣᠳᠣᠨ ᠵᠠᠩᠵᠤᠨ ᠢ᠋ ᠦᠳᠡᠵᠦ ᠭᠠᠷᠭᠠᠪᠠ᠃ ᠬᠤᠪᠢᠯᠠᠢ ᠴᠤ᠌ ᠲᠡᠢᠨ ᠢ᠋ ᠡᠷᠴᠢᠲᠡᠢ ᠪᠣᠯᠭᠠᠬᠤ ᠰᠠᠨᠠᠭ᠎ᠠ ᠪᠠᠷ ᠡᠮᠦᠨ᠎ᠡ ᠵᠦᠭ ᠶᠠᠪᠤᠬᠤ ᠪᠣᠯᠪᠠ᠃ ᠲᠡᠭᠦᠨ ᠦ᠌ ᠲᠡᠢᠨ ᠬᠦ᠌ ᠠᠶᠠᠯᠠᠬᠤ ᠨᠢ ᠣᠯᠠᠨ ᠳᠠᠭᠠᠭᠤᠯ ᠪᠠᠷ᠎ᠠ ᠪᠣᠯᠤᠭᠴᠢ᠂ ᠠᠰᠠᠷ ᠮᠠᠢᠬᠠᠨ᠂ ᠬᠦᠨᠡᠰᠦ ᠵᠣᠭᠣᠭ ᠤ᠋ᠨ ᠵᠦᠢᠯᠡᠰ᠂ ᠬᠠᠮᠠᠭᠠᠯᠠᠬᠤ ᠴᠡᠷᠢᠭ ᠭᠡᠳ ᠯᠡ ᠨᠦᠰᠡᠷ ᠪᠣᠯᠳᠠᠭ᠃ ᠯᠣᠯᠣᠢ ᠠᠪᠠᠭᠠᠢ ᠬᠦᠷᠲᠡᠯ᠎ᠡ ᠬᠡᠳᠦᠨ ᠡᠮ᠎ᠡ ᠳᠠᠭᠠᠭᠤᠯᠤᠭᠠᠳ ᠶᠡᠬᠡ ᠵᠠᠬᠢᠷᠤᠭᠴᠢ ᠶ᠋ᠢ ᠪᠡᠷᠲᠡᠨ᠂ ᠶᠠᠰᠤ ᠭᠣᠷᠢᠳᠠᠭᠰᠠᠨ ᠠᠮᠢᠲᠠᠨ ᠠᠳᠠᠯᠢ ᠬᠡᠯᠲᠦᠷᠢᠬᠦ ᠬᠦᠰᠡᠯᠲᠡᠢ᠃ ᠲᠡᠷᠡ ᠰᠠᠨᠠᠭ᠎ᠠ ᠨᠢ ᠡᠨᠡ ᠤᠳᠠᠭ᠎ᠠ ᠳ᠋ᠤ᠌ ᠲᠠᠯᠠᠭᠠᠷ ᠥᠩᠭᠡᠷᠡᠪᠡ ᠪᠣᠯᠤᠯᠲᠠᠢ᠃ ᠲᠡᠭᠡᠯ᠎ᠡ ᠴᠦ᠍ ᠪᠤᠰᠤᠳ ᠪᠡᠯᠡᠳᠬᠡᠯ ᠢ᠋ ᠨᠢ ᠬᠢᠬᠦ ᠡᠴᠡ ᠥᠭᠡᠷ᠎ᠡ ᠵᠠᠮ ᠦᠭᠡᠢ ᠬᠡᠷᠡᠭ᠃ 
       ᠤᠳᠠᠯ ᠦᠭᠡᠢ ᠪᠥᠭᠡᠮ ᠶᠠᠭᠤᠮ᠎ᠠ ᠯᠠ ᠺᠡᠢᠫᠢᠩ ᠬᠣᠲᠠᠬᠠᠨ ᠠ᠋ᠴᠠ ᠡᠮᠦᠨ᠎ᠡ ᠵᠦᠭ ᠴᠢᠭᠯᠡᠨ ᠬᠦᠪᠦᠷᠡᠯᠳᠦᠵᠡᠢ᠃ ᠲᠡᠭᠡᠬᠦ ᠳ᠋ᠦ᠍ ᠪᠠᠶᠠᠨ ᠵᠠᠩᠵᠤᠨ ᠠᠯᠢ ᠬᠡᠳᠦᠢᠨ᠎ᠡ ᠬᠣᠣᠰ ᠮᠣᠷᠢ ᠤᠨᠤᠭᠠᠳ᠂ ᠬᠥᠨᠵᠢᠯᠡ ᠳᠡᠪᠢᠰᠬᠡᠷ ᠡᠴᠡ ᠪᠡᠨ ᠥᠭᠡᠷ᠎ᠡ ᠠᠴᠢᠶ᠎ᠠ ᠦᠭᠡᠢ᠂ ᠳᠥᠩᠭᠡᠵᠢ ᠪᠡᠶ᠎ᠡ ᠬᠠᠮᠠᠭᠠᠯᠠᠬᠤ ᠠᠷᠪᠠᠨ ᠴᠡᠷᠢᠭ ᠲᠡᠢ ᠶᠠᠪᠤᠭᠠᠳ ᠥᠭᠴᠡᠢ᠃ ᠲᠡᠷᠡ ᠪᠣᠯ ᠵᠢᠩᠬᠢᠨᠢ ᠴᠡᠷᠢᠭ ᠡᠷ᠎ᠡ ᠶ᠋ᠢᠨ ᠶᠣᠰᠣᠭᠠᠷ ᠶᠠᠪᠤᠨ᠎ᠠ᠃ 
       ᠴᠠᠯᠭᠢᠶ᠎ᠠ ᠭᠣᠣᠯ ᠤ᠋ᠨ ᠠᠳᠠᠭ ᠢ᠋ᠶ᠋ᠠᠷ ᠬᠥᠬᠡ ᠮᠥᠷᠡᠨ ᠦ᠌ ᠡᠷᠭᠢ ᠳ᠋ᠦ᠍ ᠬᠤᠪᠢᠯᠠᠢ ᠶ᠋ᠢ ᠬᠦᠷᠬᠦ ᠳ᠋ᠦ᠍ ᠠᠯᠢᠬᠠᠢ᠂ ᠠᠷᠠᠭ᠂ ᠠᠵᠤ᠂ ᠲᠣᠭᠣᠭᠠᠨ ᠵᠡᠷᠭᠡ ᠵᠠᠩᠵᠤᠨ ᠤᠭᠲᠤᠨ ᠤᠴᠠᠷᠠᠵᠤ᠂ ᠲᠡᠢᠨ ᠳᠣᠯᠣᠭᠠᠨ ᠤ᠋ ᠪᠠᠢᠳᠠᠯ ᠢ᠋ᠶ᠋ᠠᠨ ᠲᠠᠨᠢᠯᠴᠠᠭᠤᠯᠤᠨ ᠠᠢᠯᠠᠳᠬᠠᠵᠤ᠂ ᠬᠣᠢᠨ᠎ᠠ ᠤᠷᠲᠤ ᠨᠢ ᠪᠠᠷ᠎ᠠ ᠪᠣᠯᠤᠯ᠎ᠠ᠃
ᠬᠤᠪᠢᠯᠠᠢ ᠲᠡᠭᠦᠨ ᠳ᠋ᠦ᠍ ᠳᠤᠷ᠎ᠠ ᠦᠭᠡᠢᠴᠡᠬᠦ ᠨᠣᠶᠠᠨ ᠪᠢᠰᠢ ᠭᠡᠳᠡᠭ ᠢ᠋ ᠮᠡᠳᠡᠬᠦ ᠦᠭᠡᠢ ᠬᠡᠨ ᠪᠠᠢᠬᠤ ᠪᠣᠢ᠃ ᠵᠠᠬᠢᠷᠤᠭᠴᠢ ᠣᠯᠠᠨ ᠦᠭᠡ  ᠬᠡᠯᠡᠳᠡᠭ᠂ ᠡᠨᠡ ᠲᠡᠷᠡ ᠶ᠋ᠢ ᠰᠢᠯᠭᠠᠳᠠᠭ ᠡᠵᠡᠨ ᠪᠢᠰᠢ᠂ ᠰᠢᠭᠤᠳ ᠰᠢᠯᠤᠭᠤᠨ ᠪᠠᠢᠳᠠᠯ ᠢ᠋ᠶ᠋ᠠᠷ ᠥᠪᠡᠷ ᠦ᠋ᠨ ᠪᠣᠳᠣᠵᠤ ᠪᠣᠯᠪᠠᠰᠤᠷᠠᠭᠤᠯᠤᠭᠰᠠᠨ ᠰᠠᠨᠠᠭ᠎ᠠ ᠪᠠᠨ ᠪᠡᠶᠡᠯᠡᠭᠦᠯᠬᠦ ᠬᠡᠷᠡᠭ ᠲᠦ᠍ ᠬᠥᠮᠦᠰ ᠢ᠋ ᠳᠠᠢᠴᠢᠯᠠᠳᠠᠭ᠃ ᠲᠡᠷᠡ ᠯᠠ ᠵᠠᠩ ᠢ᠋ᠶ᠋ᠠᠷ ᠢ᠋ᠶ᠋ᠠᠨ ᠴᠡᠷᠢᠭ ᠦ᠋ᠨ ᠡᠷᠬᠡᠲᠡᠨ ᠨᠦ᠍ᠭᠦᠳ ᠢ᠋ ᠠᠰᠠᠷ ᠲᠤ ᠴᠤᠭᠯᠠᠭᠤᠯᠤᠭᠠᠳ᠄
       — ᠵᠠ ᠶᠡᠬᠡ ᠬᠠᠭᠠᠨ ᠤ᠋ ᠵᠠᠬᠢᠶᠠᠰᠤ ᠶ᠋ᠢ ᠭᠦᠢᠴᠡᠯᠳᠦᠭᠦᠯᠬᠦ ᠴᠠᠭ ᠢᠷᠡᠯ᠎ᠡ᠃ ᠣᠳᠣ ᠬᠠᠮᠤᠭ ᠬᠡᠷᠡᠭ ᠢ᠋ ᠰᠢᠢᠳᠬᠦ ᠲᠤᠯᠤᠯᠳᠤᠭᠠᠨ ᠳ᠋ᠤ᠌ ᠣᠷᠣᠨ᠎ᠠ ᠰᠢᠦ! ᠪᠠᠶᠠᠨ ᠵᠠᠩᠵᠤᠨ ᠨᠠᠳᠠᠳᠤ ᠬᠡᠯᠡᠬᠦ ᠳ᠋ᠦ᠍ ᠪᠡᠨ《ᠰᠥᠩ ᠦ᠋ᠨ ᠬᠠᠭᠠᠨ ᠤ᠋ ᠴᠡᠷᠢᠭ ᠠᠮᠠᠷ ᠳᠠᠢᠰᠤᠨ ᠪᠢᠰᠢ᠂ ᠬᠤᠯᠤᠰᠤᠨ ᠰᠤᠮᠤ ᠲᠠᠢ ᠪᠠᠨ ᠠᠳᠠᠯᠢ ᠬᠠᠮᠢᠭᠠᠭᠤᠷ ᠴᠤ᠌ ᠬᠠᠮᠢᠶ᠎ᠠ ᠦᠭᠡᠢ ᠴᠢᠪᠬᠠᠳᠠᠨ ᠣᠷᠣᠵᠤ ᠢᠷᠡᠨ᠎ᠡ》 ᠭᠡᠰᠡᠨ᠃ ᠲᠡᠭᠦᠨ ᠡᠴᠡ ᠪᠢᠳᠡ ᠨᠢᠴᠤᠬᠤ ᠶᠣᠰᠣ ᠦᠭᠡᠢ ᠭᠡᠪᠡ᠃ 
       — ᠪᠣᠭᠣᠯ ᠮᠢᠨᠦ ᠮᠤᠩᠬᠠᠭᠯᠠᠨ ᠪᠣᠳᠣᠬᠤ ᠳ᠋ᠤ᠌ ᠬᠣᠶᠠᠷ ᠤ᠋ᠨ ᠬᠣᠭᠣᠷᠣᠨᠳᠣ ᠬᠠᠯᠠᠭᠤᠨ ᠨᠠᠷᠠᠨ ᠳ᠋ᠤ᠌ ᠡᠨᠳᠡ ᠳᠦᠯᠢᠵᠦ ᠬᠡᠪᠲᠡᠬᠦ ᠪᠡᠷ ᠦᠬᠦᠬᠦ ᠰᠡᠬᠦᠬᠦ ᠪᠡᠨ ᠦᠵᠡᠭᠡᠳ ᠠᠪᠤᠭᠰᠠᠨ ᠳᠡᠭᠡᠷ᠎ᠡ᠃ ᠰᠥᠩ ᠦ᠋ᠨ ᠴᠡᠷᠢᠭ ᠬᠡᠴᠡᠭᠦᠦ ᠨᠢ ᠦᠨᠡᠨ᠃ ᠭᠡᠪᠡᠴᠦ ᠲᠡᠳᠡ ᠶᠠᠪᠠᠭᠠᠨ᠂ ᠪᠢᠳᠡ ᠮᠣᠷᠢᠲᠠᠢ᠃ ᠲᠡᠳᠡ ᠬᠤᠯᠤᠰᠤᠨ ᠰᠤᠮᠤ ᠲᠠᠢ᠂ ᠪᠢᠳᠡ ᠴᠢᠳᠥᠷ ᠣᠨᠢᠰᠣ ᠲᠠᠢ ᠪᠢᠵᠡ ᠳᠡ᠃ ᠳᠠᠢᠰᠤᠨ ᠢ᠋ ᠴᠡᠴᠡᠷᠡᠭᠦᠯᠬᠦ ᠭᠣᠣᠯ ᠠᠷᠭ᠎ᠠ ᠮᠠᠨᠢ ᠪᠦᠬᠦ ᠡᠩᠨᠡᠭᠡ ᠪᠡᠷ ᠵᠡᠷᠭᠡ ᠳᠣᠪᠲᠣᠯᠭᠠᠨ ᠵᠡᠷᠭᠡ ᠬᠢᠬᠦ ᠳ᠋ᠦ᠍ ᠲᠡᠳᠡ ᠪᠢᠳᠡᠨ ᠢ᠋ ᠲᠣᠭᠲᠠᠭᠠᠨ ᠪᠠᠷᠢᠵᠤ ᠳᠡᠢᠯᠬᠦ ᠦᠭᠡᠢ ᠪᠡᠨ ᠣᠢᠯᠠᠭᠠᠬᠤ ᠪᠢᠵᠡ ᠭᠡᠵᠦ ᠥᠨᠳᠥᠷ ᠨᠢᠷᠤᠭᠤ ᠲᠠᠢ᠂ ᠰᠢᠢᠳᠮᠡᠭᠡᠢ ᠪᠠᠢᠷᠢ ᠶ᠋ᠢᠨ ᠲᠣᠮᠣ ᠬᠠᠷ᠎ᠠ ᠨᠢᠳᠦ ᠲᠡᠢ ᠨᠢᠭᠡ ᠵᠠᠩᠵᠤᠨ ᠪᠣᠰᠴᠤ ᠬᠡᠯᠡᠪᠡ᠃ ᠡᠨᠡ ᠪᠣᠯ ᠬᠡᠨ ᠪᠦᠬᠦᠨ ᠦ᠌ ᠲᠠᠨᠢᠯ ᠪᠣᠯᠤᠭᠰᠠᠨ᠂ ᠭᠣᠴᠣ ᠮᠡᠷᠭᠡᠨ ᠬᠠᠷᠪᠤᠭᠠᠴᠢ ᠲᠣᠭᠣᠭᠠᠨ ᠵᠠᠩᠵᠤᠨ ᠪᠠᠢᠯ᠎ᠠ᠃ ᠪᠤᠰᠤᠳ ᠬᠥᠮᠦᠰ ᠲᠡᠭᠦᠨ ᠦ᠌ ᠦᠭᠡ ᠶ᠋ᠢ ᠲᠠᠭᠠᠰᠢᠶᠠᠨ ᠦᠵᠡᠵᠦ《ᠵᠥᠪ》᠂《ᠲᠡᠭᠡᠬᠦ ᠶᠣᠰᠣᠲᠠᠢ》 ᠬᠡᠯᠡᠴᠡᠨ᠎ᠡ᠃ ᠬᠤᠪᠢᠯᠠᠢ ᠥᠪᠡᠷ ᠦ᠋ᠨ ᠵᠠᠩᠵᠤᠨ ᠨᠤᠭᠤᠳ ᠤ᠋ᠨ ᠰᠠᠨᠠᠭ᠎ᠠ ᠪᠣᠳᠣᠯ ᠢ᠋ ᠮᠡᠳᠡᠭᠡᠳ᠂ ᠬᠡᠯᠡᠯᠴᠡᠨ ᠰᠢᠢᠳᠴᠦ ᠢᠷᠡᠭᠰᠡᠨ ᠲᠡᠢᠨ ᠦ᠌ ᠪᠣᠳᠣᠯᠭ᠎ᠠ ᠠ᠋ᠴᠠ ᠪᠠᠨ ᠤᠬᠤᠷᠢᠬᠤ ᠶᠣᠰᠣ ᠦᠭᠡᠢ ᠨᠢ ᠵᠥᠪ ᠭᠡᠵᠦ ᠪᠣᠳᠣᠯ᠎ᠠ᠃ 
       ᠴᠠᠭᠠᠳᠤ ᠡᠷᠭᠢ ᠨᠢ ᠨᠢᠳᠦᠨ ᠦ᠌ ᠬᠠᠷᠠᠭ᠎ᠠ ᠰᠢᠯᠭᠠᠳᠠᠭ᠃ ᠭᠦᠨ ᠴᠡᠩᠬᠡᠷ ᠮᠥᠷᠡᠨ ᠤᠷᠤᠰᠴᠤ ᠪᠣᠢ ᠡᠰᠡᠬᠦ ᠨᠢ ᠡᠰᠡ ᠮᠡᠳᠡᠭᠳᠡᠨ ᠡᠷᠭᠢᠯᠳᠦᠨ᠎ᠡ᠃ ᠡᠨᠡ ᠤᠰᠤᠨ ᠳ᠋ᠤ᠌ ᠴᠢᠯᠠᠭᠤ ᠰᠢᠲᠠᠵᠤ ᠦᠵᠡᠬᠦ ᠳ᠋ᠦ᠍ ᠢᠷᠣᠭᠠᠷ ᠲᠤ ᠪᠠᠨ ᠬᠦᠷᠴᠦ ᠪᠣᠢ ᠡᠰᠡᠬᠦ ᠨᠢ ᠶᠠᠭᠠᠬᠢᠨ ᠲᠡᠮᠲᠡᠷᠢᠭᠳᠡᠬᠦ ᠪᠢᠯᠡ᠃ ᠡᠳᠦᠢ ᠲᠡᠳᠦᠢ ᠬᠣᠨᠣᠭ ᠢᠶᠠᠷ ᠪᠡᠯᠡᠳᠬᠡᠭᠰᠡᠨ ᠴᠡᠷᠢᠭ ᠦ᠋ᠳ ᠭᠠᠭᠴᠠ ᠳᠣᠬᠢᠶᠠᠨ ᠢ᠋ᠶ᠋ᠠᠷ ᠦᠷᠭᠦᠭᠰᠡᠨ ᠰᠢᠪᠠᠭᠤᠳ ᠠᠳᠠᠯᠢ ᠲᠠᠷ ᠬᠢᠨ ᠪᠣᠰᠤᠭᠠᠳ ᠳᠣᠪᠲᠣᠯᠬᠤ ᠳ᠋ᠤ᠌ ᠪᠡᠯᠡᠬᠡᠨ ᠪᠠᠢᠯ᠎ᠠ᠂ ᠶᠡᠬᠡ ᠮᠣᠷᠢᠨ ᠢ᠋ ᠭᠠᠲᠤᠯᠬᠤ ᠪᠡᠯᠡᠳᠬᠡᠯ ᠴᠦ᠍ ᠨᠢᠭᠤᠴᠠ ᠪᠠᠷ ᠨᠢᠭᠡᠨ ᠰᠠᠷ᠎ᠠ ᠶ᠋ᠢᠨ ᠲᠤᠷᠰᠢ ᠬᠢᠵᠡᠢ᠃ ᠪᠠᠰᠠ ᠤᠷᠠᠳ ᠭᠣᠣᠯ ᠳ᠋ᠤ᠌ ᠪᠡᠶ᠎ᠡ ᠪᠡᠯᠡᠳᠬᠡᠭᠰᠡᠨ ᠂ ᠬᠣᠷᠭᠣᠳᠠᠵᠤ ᠭᠠᠷᠤᠭᠰᠠᠨ ᠨᠠᠮᠤᠷ ᠤ᠋ᠨ ᠰᠠᠷᠠ  ᠲᠩᠷᠢ ᠶ᠋ᠢᠨ ᠰᠠᠪᠰᠠᠯᠠᠭᠠᠲᠤ ᠴᠠᠭᠠᠨ ᠳ᠋ᠧᠩᠯᠦ ᠪᠡᠨ ᠠᠰᠠᠭᠠᠬᠤ ᠲᠠᠢ ᠵᠡᠷᠭᠡ ᠮᠣᠩᠭᠣᠯ ᠴᠡᠷᠢᠭ ᠦ᠋ᠳ ᠣᠩᠭᠣᠴᠠ᠂ ᠰᠠᠯ᠂ ᠵᠠᠪᠢ ᠳ᠋ᠤ᠌ ᠰᠠᠭᠤᠵᠤ᠂ ᠨᠡᠯᠢᠶᠡᠳ ᠬᠡᠰᠡᠭ ᠨᠢ ᠬᠦᠵᠦᠭᠦᠨ ᠳ᠋ᠦ᠍ ᠪᠡᠨ ᠦᠯᠢᠶᠡᠭᠰᠡᠨ ᠲᠤᠯᠤᠮ ᠢ᠋ᠶ᠋ᠠᠨ ᠤᠶᠠᠭᠠᠳ ᠮᠣᠷᠢᠨ ᠤ᠋ ᠪᠠᠨ ᠰᠡᠭᠦᠯ ᠡᠴᠡ ᠪᠠᠷᠢᠨ ᠤᠰᠤᠨ ᠳ᠋ᠤ᠌ ᠬᠥᠪᠦᠯ᠎ᠡ᠂ ᠵᠡᠯᠡᠯᠡᠨ ᠨᠢᠰᠴᠦ ᠶᠠᠪᠤᠭᠠᠳ ᠤᠰᠤᠨ ᠳ᠋ᠤ᠌ ᠰᠠᠭᠤᠭᠰᠠᠨ ᠭᠠᠯᠠᠭᠤ ᠰᠢᠪᠠᠭᠤᠳ ᠬᠥᠪᠦᠨ ᠶᠠᠪᠤᠭ᠎ᠠ ᠠᠳᠠᠯᠢ ᠬᠠᠷᠠᠭᠳᠠᠭᠴᠢ ᠶᠡᠬᠡ ᠴᠡᠷᠢᠭ ᠬᠥᠬᠡ ᠮᠣᠷᠢᠨ ᠢ᠋ ᠰᠡᠲᠡᠯᠦᠨ ᠭᠠᠷᠬᠤ ᠪᠠᠷ ᠡᠢᠨ ᠬᠦ᠌ ᠲᠢᠭᠯᠡᠨ ᠬᠥᠳᠡᠯᠬᠦ ᠳ᠋ᠦ᠍ ᠪᠡᠨ ᠵᠥᠪᠬᠡᠨ ᠤᠰᠤ ᠯᠠ ᠳᠤᠤᠭᠠᠷᠴᠤ᠂ ᠬᠠᠶᠠ ᠮᠣᠷᠢᠳ ᠢᠨᠴᠠᠭᠠᠨ᠎ᠠ᠃ ᠭᠠᠢᠬᠠᠯᠲᠠᠢ ᠨᠢ ᠡᠢᠮᠦ ᠶᠠᠪᠤᠳᠠᠯ ᠭᠠᠭᠴᠠ ᠬᠡᠰᠡᠭᠬᠡᠨ ᠵᠤᠷᠪᠤᠰ ᠳᠡᠭᠡᠷ᠎ᠡ ᠪᠣᠯᠵᠤ ᠪᠠᠢᠭ᠎ᠠ ᠪᠢᠰᠢ᠂ ᠬᠡᠳᠦᠨ ᠮᠢᠩᠭᠠᠨ ᠳᠠᠭᠤᠨ ᠤ᠋ ᠭᠠᠵᠠᠷ ᠤᠷᠤᠰᠤᠭᠰᠠᠨ ᠶᠡᠬᠡ ᠮᠥᠷᠡᠨ ᠦ᠌ ᠳᠠᠭᠠᠭᠤᠯ ᠪᠣᠯᠵᠤ ᠪᠠᠢᠭ᠎ᠠ ᠪᠠᠷ ᠢ᠋ᠶ᠋ᠠᠨ ᠣᠨᠴᠠᠯᠢᠭ ᠪᠠᠢᠪᠠ᠃ ᠬᠥᠬᠡ ᠮᠥᠷᠡᠨ ᠦ᠌ ᠡᠬᠢᠨ᠂ ᠳᠤᠮᠳᠠ᠂ ᠲᠡᠷᠡ ᠪᠠᠢᠲᠤᠭᠠᠢ ᠠᠳᠠᠭ ᠤ᠋ᠨ ᠤᠷᠤᠰᠬᠠᠯ ᠢ᠋ᠶ᠋ᠠᠷ ᠬᠦᠷᠲᠡᠯ᠎ᠡ ᠮᠣᠩᠭᠣᠯ ᠴᠡᠷᠢᠭ ᠡᠢᠨ ᠬᠦ᠌ ᠳᠣᠪᠲᠣᠯᠵᠠᠢ᠃ 
       ᠤᠳᠠᠵᠤ ᠲᠦᠳᠡᠭᠰᠡᠨ ᠴᠦ᠍ ᠦᠭᠡᠢ ᠭᠣᠣᠯ ᠤ᠋ᠨ ᠨᠥᠭᠦᠭᠡ ᠡᠷᠭᠢ ᠳ᠋ᠦ᠍ ᠬᠠᠭᠠᠯᠲᠠ ᠬᠠᠮᠠᠭᠠᠯᠠᠯᠲᠠ ᠪᠠᠷᠢᠨ ᠪᠣᠭᠰᠢᠬᠰᠡᠨ ᠰᠥᠩ ᠦ᠋ᠨ ᠴᠡᠷᠢᠭ ᠦ᠋ᠨ ᠬᠦᠷᠢᠶᠡᠨ ᠳ᠋ᠦ᠍ ᠣᠷᠢᠯᠠᠭᠠᠨ ᠱᠤᠤᠭᠢᠶᠠᠨ ᠭᠡᠨᠡᠳᠲᠡ ᠪᠣᠯᠵᠤ᠂ ᠭᠠᠵᠠᠷ ᠲᠩᠷᠢ ᠨᠡᠢᠯᠡᠬᠦ ᠳ᠋ᠦ᠍ ᠯᠡ ᠡᠢᠮᠦ ᠴᠢᠮᠡᠭᠡ ᠭᠠᠷᠳᠠᠭ ᠪᠣᠯᠪᠠ  ᠭᠡᠮᠡᠷ ᠱᠤᠤᠭᠢᠶᠠᠨ ᠳᠡᠭᠳᠡᠪᠡ᠃ ᠶᠠᠭᠤᠮ᠎ᠠ ᠳᠡᠯᠪᠡᠷᠡᠬᠦ᠂ ᠳᠡᠰ ᠨᠢᠰ ᠪᠠᠭᠤᠬᠤ᠂ ᠬᠥᠮᠦᠨ ᠠᠮᠢᠲᠠᠨ ᠬᠠᠰᠬᠢᠷᠤᠯᠳᠠᠬᠤ᠂ ᠪᠠᠭᠠᠯᠵᠠᠭᠤᠷ ᠢ᠋ᠶ᠋ᠠᠨ ᠰᠢᠬᠠᠭᠤᠯᠤᠭᠰᠠᠨ ᠮᠡᠲᠦ ᠪᠠᠷᠬᠢᠯᠳᠦᠬᠤ᠂ ᠮᠣᠷᠢ ᠮᠠᠯ ᠢᠨᠴᠠᠭᠠᠬᠤ᠂ ᠬᠤᠯᠤᠰᠤᠨ ᠰᠤᠮᠤᠨ ᠤ᠋ ᠳᠠᠭᠤᠨ ᠤ᠋ ᠢᠰᠬᠡᠷᠦᠯᠲᠡ ᠴᠢᠬᠢᠨ ᠳ᠋ᠦ᠍ ᠬᠠᠳᠠᠨ᠂ ᠣᠷᠴᠢᠯᠠᠩ ᠢ᠋ ᠰᠢᠷᠡᠭᠡᠨ ᠰᠣᠴᠢᠭᠠᠭᠰᠠᠨ ᠳᠠᠭᠤᠨ ᠪᠦᠬᠦ ᠣᠷᠴᠢᠨ ᠢ᠋ ᠳᠣᠩᠰᠣᠯᠭᠠᠯ᠎ᠠ᠃ ᠲᠤᠩ ᠰᠠᠶᠢ ᠨᠠᠮᠤᠭᠤᠬᠠᠨ ᠪᠠᠢᠭᠰᠠᠨ ᠶᠡᠷᠳᠢᠨᠴᠦ ᠶᠠᠭᠠᠬᠢᠬᠤ ᠪᠠᠷ ᠢ᠋ᠶ᠋ᠠᠨ ᠢᠩᠭᠢᠵᠦ ᠬᠢᠮᠤᠷᠠᠯᠳᠤᠨ᠎ᠠ ᠪᠣᠢ ᠭᠡᠮᠡᠷ ᠠᠵᠢ᠃ ᠮᠣᠩᠭᠣᠯ ᠴᠡᠷᠢᠭ ᠳᠣᠯᠣᠭ᠎ᠠ ᠠᠷᠪᠠ ᠬᠣᠨᠣᠭ ᠲᠤ ᠪᠦᠬᠦ ᠡᠩᠨᠡᠭᠡ ᠪᠡᠷ ᠢ᠋ᠶ᠋ᠡᠨ ᠰᠢᠬᠠᠮ ᠬᠥᠬᠡ ᠮᠣᠷᠢᠨ ᠢ᠋ ᠭᠠᠲᠤᠯᠤᠯ᠎ᠠ ᠭᠡᠰᠡᠨ ᠮᠡᠳᠡᠭᠡ  ᠬᠤᠪᠢᠯᠠᠢ ᠳ᠋ᠤ᠌ ᠢᠷᠡᠵᠦ ᠪᠠᠢᠨ᠎ᠠ᠃ ᠶᠡᠬᠡ ᠮᠣᠷᠢᠨ ᠳ᠋ᠤ᠌ ᠵᠢᠪᠵᠦ ᠦᠭᠡᠢ ᠪᠣᠯᠤᠭᠰᠠᠨ ᠴᠤ᠌ ᠪᠠᠰᠠ ᠨᠠᠯᠢᠶᠠᠨ ᠲᠣᠭ᠎ᠠ ᠲᠠᠢ ᠭᠡᠨ᠎ᠡ᠃ ᠲᠡᠭᠦᠨ ᠢ᠋ ᠠᠯᠢ ᠴᠤ᠌ ᠵᠠᠩᠵᠤᠨ ᠶᠠᠭᠤᠮᠠᠨ ᠳ᠋ᠤ᠌ ᠪᠣᠳᠣᠬᠤ ᠦᠭᠡᠢ᠃ ᠣᠷᠣᠭᠰᠢ ᠠᠬᠢᠨ ᠳᠠᠢᠰᠤᠨ ᠤ᠋  ᠭᠦᠨ ᠳ᠋ᠦ᠍ ᠨᠡᠪᠲᠡᠷᠡᠨ ᠣᠷᠣᠬᠤ ᠶ᠋ᠢ ᠡᠷᠮᠡᠯᠵᠡᠯᠡᠯ ᠪᠣᠯᠭᠠᠨ᠎ᠠ᠃  ᠬᠤᠪᠢᠯᠠᠢ ᠶ᠋ᠢᠨ ᠰᠠᠨᠠᠭ᠎ᠠ ᠪᠠᠷ ᠪᠣᠯ ᠰᠥᠩ ᠦ᠋ᠨ ᠬᠠᠭᠠᠨ ᠢ᠋ ᠥᠨᠥᠳᠥᠷ ᠮᠠᠷᠭᠠᠰᠢ ᠶ᠋ᠢᠨ ᠳᠣᠲᠣᠷ᠎ᠠ ᠪᠠᠷᠢᠵᠤ ᠠᠪᠴᠤ ᠶᠠᠯ᠎ᠠ ᠠᠰᠠᠭᠤᠬᠤ ᠪᠣᠳᠣᠯ ᠲᠠᠢ᠃ ᠭᠡᠪᠡᠴᠦ ᠳᠠᠢᠰᠤᠨ ᠪᠣᠯᠵᠤ ᠪᠠᠢᠭ᠎ᠠ ᠡᠲᠡᠭᠡᠳ ᠨᠢ ᠲᠡᠢᠮᠦ ᠴᠦ᠍ ᠠᠮᠠᠷᠬᠠᠨ ᠭᠠᠷ ᠡᠷᠭᠦᠭᠰᠡᠨ ᠦᠭᠡᠢ᠃ 
       ᠬᠥᠬᠡ ᠮᠥᠷᠡᠨ ᠦ᠌ ᠤᠷᠲᠤ ᠲᠠᠯ᠎ᠠ ᠶ᠋ᠢᠨ ᠬᠣᠲᠠ ᠨᠤᠭᠤᠳ ᠰᠠᠨᠠᠭᠠᠨ ᠳ᠋ᠤ᠌ ᠣᠷᠣᠮᠠᠷ ᠦᠭᠡᠢ ᠪᠡᠷ ᠪᠡᠬᠢᠯᠡᠯᠲᠡ ᠬᠢᠨ᠂ ᠡᠳᠦᠢ ᠲᠡᠳᠦᠢ ᠵᠤᠵᠠᠭᠠᠨ ᠬᠡᠷᠡᠮ ᠪᠣᠰᠬᠠᠵᠤ ᠬᠠᠭᠠᠯᠲᠠ ᠬᠠᠮᠠᠭᠠᠯᠠᠯᠲᠠ ᠬᠢᠭᠰᠡᠨ ᠲᠡᠢ ᠮᠣᠩᠭᠣᠯ ᠴᠡᠷᠢᠭ ᠲᠤᠯᠭᠠᠷᠠᠯ᠎ᠠ᠃ ᠪᠠᠶᠠᠨ᠂ ᠠᠯᠢᠬᠠᠢ᠂ ᠠᠷᠠᠭ᠂ ᠲᠣᠭᠣᠭᠠᠨ᠂ ᠴᠠᠭᠠᠨ ᠵᠠᠩᠵᠤᠨ ᠨᠤᠭᠤᠳ ᠲᠤᠰ ᠪᠦᠷᠢ ᠳ᠋ᠦ᠍ ᠪᠡᠨ ᠨᠢᠭᠡ ᠨᠢᠭᠡ ᠲᠣᠮᠣ ᠬᠣᠲᠠ ᠶ᠋ᠢᠨ ᠬᠡᠷᠡᠮ ᠦ᠋ᠨ ᠭᠠᠳᠠᠭ᠎ᠠ ᠴᠡᠷᠢᠭ ᠲᠡᠢ ᠪᠡᠨ ᠣᠴᠢᠵᠤ ᠵᠢᠭᠤᠷᠠᠯᠳᠤᠨ ᠪᠠᠢᠯᠳᠤᠵᠤ ᠡᠬᠢᠯᠡᠪᠡ᠃ ᠲᠡᠷᠡ ᠲᠤᠯᠤᠯᠳᠤᠭᠠᠨ ᠬᠡᠳᠦ ᠭᠤᠷᠪᠠᠨ ᠬᠣᠨᠣᠭ ᠲᠤ ᠳᠠᠭᠤᠰᠴᠤ ᠰᠠᠢᠳᠭᠡᠭᠳᠡᠬᠦ ᠪᠡᠷ ᠦᠭᠡᠢ ᠨᠢ ᠪᠦᠬᠦᠨ ᠳ᠋ᠦ᠍ ᠢᠯᠡᠷᠬᠡᠢ᠃ ᠰᠥᠩ ᠦ᠋ᠨ ᠬᠣᠲᠠ ᠨᠤᠭᠤᠳ ᠤ᠋ᠨ ᠣᠷᠣᠰᠢᠨ ᠰᠠᠭᠤᠭᠴᠢ ᠪᠦᠷ ᠭᠠᠷ ᠲᠤ ᠪᠠᠨ ᠵᠡᠪᠰᠡᠭ ᠪᠠᠷᠢᠨ ᠬᠡᠷᠡᠮ ᠳᠡᠭᠡᠷ᠎ᠡ ᠪᠡᠨ ᠢᠷᠡᠵᠦ ᠮᠣᠩᠭᠣᠯ ᠴᠡᠷᠢᠭ ᠢ᠋ ᠨᠢᠴᠤᠭᠠᠬᠤ ᠭᠡᠵᠦ ᠲᠤᠯᠤᠯᠳᠤᠨ᠎ᠠ᠃ ᠲᠠᠪᠤ ᠳᠣᠯᠣᠭᠠᠨ ᠨᠠᠰᠤᠲᠠᠢ ᠬᠡᠦᠬᠡᠳ ᠡᠴᠡ ᠪᠡᠨ ᠨᠠᠶᠠ ᠶᠡᠷᠡᠨ ᠨᠠᠰᠤ ᠬᠦᠷᠦᠭᠰᠡᠨ ᠡᠪᠦᠭᠡᠳ᠂ ᠡᠮᠡᠭᠡᠳ ᠬᠦᠷᠲᠡᠯ᠎ᠡ ᠭᠠᠷ ᠲᠤ ᠪᠠᠨ ᠬᠦᠷᠵᠡ᠂ ᠵᠡᠭᠡᠲᠦᠦ᠂ ᠰᠢᠯᠡᠭᠡᠪᠦᠷ ᠮᠤᠨ᠎ᠠ᠂ ᠬᠢᠲᠤᠭ᠎ᠠ᠂ ᠰᠢᠪᠦᠭᠡ ᠪᠠᠷᠢᠨ ᠲᠤᠯᠤᠯᠳᠤᠵᠤ ᠡᠬᠢᠯᠡᠪᠡ᠃ ᠬᠠᠮᠤᠭ ᠬᠡᠷᠡᠭ ᠦ᠋ᠨ ᠵᠠᠩᠭᠢᠯᠠᠭ᠎ᠠ ᠡᠵᠸᠦ ᠬᠣᠲᠠ ᠶ᠋ᠢᠨ ᠲᠥᠯᠥᠭᠡ ᠲᠤᠯᠤᠯᠳᠤᠭᠠᠨ ᠨᠡᠩ ᠰᠢᠷᠦᠭᠦᠨ ᠪᠣᠯᠪᠠ᠃ ᠪᠠᠶᠠᠨ ᠤ᠋ ᠬᠡᠯᠡᠭᠰᠡᠨ ᠢ᠋ᠶ᠋ᠡᠷ《 ᠰᠢᠲᠠᠭᠰᠠᠨ ᠨᠤᠷᠮᠠᠨ ᠳᠣᠲᠣᠷ᠎ᠠ ᠠ᠋ᠴᠠ ᠪᠠᠨ ᠰᠥᠩ ᠦ᠋ᠨ ᠴᠡᠷᠢᠭ᠂ ᠢᠷᠡᠭᠡᠳ ᠪᠣᠰᠴᠤ  ᠲᠤᠯᠤᠯᠳᠤᠵᠤ ᠪᠠᠢᠯ᠎ᠠ》᠃ 
       — ᠬᠥᠮᠦᠨ᠂ ᠤᠨᠠᠭᠰᠠᠨ ᠭᠠᠵᠠᠷ᠂ ᠤᠤᠭᠤᠭᠰᠠᠨ ᠤᠰᠤᠨ ᠳ᠋ᠤ᠌ ᠪᠠᠨ ᠶᠠᠮᠠᠷ ᠶᠡᠬᠡ ᠬᠠᠷᠠᠮ ᠪᠠᠢᠳᠠᠭ ᠶᠤᠮ ᠪᠣᠢ ᠭᠡᠳᠡᠭ ᠢ᠋ ᠪᠢᠳᠡ ᠡᠨᠡ ᠬᠢᠲᠠᠳ ᠤ᠋ᠳ ᠠ᠋ᠴᠠ ᠬᠠᠷᠠᠵᠤ ᠪᠣᠯᠬᠤ ᠨᠢ ᠠ᠋᠃ ᠪᠢᠳᠡ ᠡᠳᠡᠨ ᠦ᠌ ᠭᠠᠵᠠᠷ ᠢ᠋ ᠠᠪᠤᠭᠠᠳ ᠶᠠᠪᠤᠴᠢᠬᠠᠬᠤ ᠦᠭᠡᠢ᠂ ᠬᠠᠷᠢᠨ ᠲᠠᠢᠪᠤᠩ ᠪᠣᠯᠭᠠᠵᠤ ᠲᠦᠪᠰᠢᠳᠬᠡᠨ ᠥᠭᠬᠦ ᠯᠡ ᠰᠠᠨᠠᠭᠠᠲᠠᠢ ᠭᠡᠵᠦ ᠬᠤᠪᠢᠯᠠᠢ ᠰᠥᠩ ᠦ᠋ᠨ ᠢᠷᠭᠡᠳ ᠦ᠋ᠨ ᠳᠠᠢᠳᠤᠵᠤ ᠪᠠᠢᠭ᠎ᠠ ᠶ᠋ᠢ ᠰᠣᠨᠣᠰᠤᠭᠠᠳ ᠬᠡᠯᠡᠵᠡᠢ᠃ 
       ᠴᠠᠩ ᠵᠧᠦ ᠬᠣᠲᠠ ᠶ᠋ᠢᠨ ᠲᠥᠯᠥᠭᠡ ᠲᠤᠯᠤᠯᠳᠤᠭᠠᠨ ᠠᠯᠢ ᠠᠯᠢ ᠲᠠᠯ᠎ᠠ ᠳ᠋ᠤ᠌ ᠪᠠᠨ ᠶᠡᠬᠡ ᠰᠦᠢᠷᠡᠯ ᠲᠡᠢ ᠡᠬᠢᠯᠡᠪᠡ᠃ ᠭᠤᠷᠪᠠᠨ ᠳᠠᠪᠬᠤᠷ ᠵᠤᠵᠠᠭᠠᠨ ᠬᠡᠷᠡᠮ ᠪᠣᠰᠬᠠᠵᠤ᠂ ᠲᠡᠭᠦᠨ ᠳᠡᠭᠡᠷ᠎ᠡ ᠡᠴᠡ ᠪᠡᠨ ᠮᠣᠩᠭᠣᠯ ᠴᠡᠷᠢᠭ ᠦ᠋ᠨ ᠲᠣᠯᠣᠭᠠᠢ ᠤᠷᠤᠭᠤ ᠪᠤᠴᠠᠯᠮᠠᠭᠠᠢ ᠳᠠᠪᠠᠷᠬᠠᠢ᠂ ᠰᠢᠲᠠᠩᠭᠢ ᠨᠣᠷᠮ᠎ᠠ ᠠᠰᠬᠠᠵᠤ᠂ ᠵᠦᠢᠯ ᠵᠦᠢᠯ ᠦ᠋ᠨ ᠵᠡᠪᠰᠡᠭ ᠢ᠋ᠶ᠋ᠡᠷ ᠬᠥᠮᠦᠨ ᠪᠦᠷᠢ ᠨᠢ ᠵᠡᠪᠰᠡᠭᠯᠡᠨ ᠲᠤᠯᠤᠯᠳᠤᠵᠤ ᠪᠣᠢ ᠲᠡᠷᠡ ᠬᠣᠲᠠ ᠶ᠋ᠢᠨ ᠵᠠᠬ᠎ᠠ ᠳ᠋ᠤ᠌ ᠪᠠᠶᠠᠨ ᠵᠠᠩᠵᠤᠨ ᠴᠡᠷᠢᠭ ᠢ᠋ᠶ᠋ᠡᠨ ᠠᠪᠴᠤ ᠣᠴᠢᠭᠠᠳ ᠲᠡᠢᠨ ᠳ᠋ᠦ᠍ ᠣᠷᠣᠵᠠᠢ᠃ ᠬᠡᠳᠦᠨ ᠲᠦᠮᠡᠨ ᠬᠥᠮᠦᠨ ᠣᠷᠣᠰᠢᠨ ᠰᠠᠭᠤᠳᠠᠭ ᠬᠣᠲᠠ ᠪᠦᠲᠦᠨ ᠬᠣᠶᠠᠷ ᠵᠢᠯ ᠦ᠋ᠨ ᠲᠤᠷᠰᠢ ᠪᠡᠬᠢᠯᠡᠯᠲᠡ ᠪᠤᠰᠬᠠᠵᠤ ᠪᠠᠷᠢᠭᠰᠠᠨ᠂ ᠬᠦᠨᠡᠰᠦ ᠲᠡᠵᠢᠭᠡᠯ᠂ ᠵᠠᠷ ᠵᠡᠪᠰᠡᠭ ᠢ᠋ᠶ᠋ᠡᠨ ᠨᠥᠭᠡᠴᠡᠯᠡᠭᠰᠡᠨ ᠪᠣᠯᠬᠣᠷ ᠭᠠᠭᠴᠠ ᠨᠢᠭᠡ ᠳᠠᠭᠠᠷᠢᠯᠲᠠ ᠪᠠᠷ ᠲᠡᠭᠦᠨ ᠢ᠋ ᠠᠷᠴᠠ ᠬᠠᠶᠠᠵᠤ ᠡᠵᠡᠯᠡᠨ ᠠᠪᠤᠨ᠎ᠠ ᠭᠡᠵᠦ ᠰᠠᠨᠠᠬᠤ ᠶ᠋ᠢᠨ ᠴᠦ᠍ ᠠᠷᠭ᠎ᠠ ᠦᠭᠡᠢ᠃ ᠪᠠᠶᠠᠨ ᠡᠨᠡ ᠬᠣᠲᠠ ᠶ᠋ᠢᠨ ᠵᠠᠬ᠎ᠠ ᠳ᠋ᠤ᠌ ᠤᠳᠠᠭᠠᠨ ᠰᠠᠭᠤᠵᠤ ᠲᠤᠯᠤᠯᠳᠤᠬᠤ ᠶ᠋ᠢ ᠪᠡᠨ ᠮᠡᠳᠡᠵᠦ᠂ ᠬᠤᠪᠢᠯᠠᠢ ᠵᠠᠬᠢᠷᠤᠭᠴᠢ ᠳ᠋ᠤ᠌ ᠬᠠᠨᠳᠤᠨ《ᠲᠠ ᠪᠢᠳᠡᠨ ᠢ᠋ ᠬᠠᠷᠠᠵᠤ ᠡᠨᠳᠡ ᠰᠠᠭᠤᠬᠤ ᠶ᠋ᠢᠨ ᠬᠡᠷᠡᠭ ᠦᠭᠡᠢ᠂ ᠥᠭᠡᠷ᠎ᠡ ᠭᠠᠵᠠᠷ ᠢ᠋ᠶ᠋ᠠᠷ ᠶᠠᠪᠤᠵᠤ ᠪᠣᠯᠭᠣᠭᠠᠬᠤ᠂ ᠪᠤᠰᠤᠳ ᠲᠥᠷᠥ ᠶ᠋ᠢᠨ ᠶᠠᠪᠤᠳᠠᠯ ᠢ᠋ᠶ᠋ᠠᠨ ᠬᠢᠴᠢᠶᠡᠪᠡᠯ ᠳᠡᠭᠡᠷ᠎ᠡ ᠪᠢᠵᠡ᠃ ᠥᠴᠦᠬᠡᠨ ᠪᠣᠭᠣᠯ ᠪᠢ ᠡᠨᠳᠡ ᠵᠠᠷᠯᠢᠭ ᠪᠡᠶᠡᠯᠡᠭᠦᠯᠵᠦ ᠴᠢᠳᠠᠬᠤ ᠡᠰᠡᠬᠦ ᠪᠡᠨ ᠦᠵᠡᠵᠦ ᠪᠠᠢᠵᠤ ᠯᠠ ᠰᠠᠯᠤᠨ᠎ᠠ᠃ ᠲᠩᠷᠢ ᠥᠷᠥᠰᠢᠶᠡᠬᠦ ᠪᠣᠯᠲᠤᠭᠠᠢ!》 ᠭᠡᠰᠡᠨ ᠵᠤᠷᠪᠤᠰ ᠪᠢᠴᠢᠵᠦ ᠵᠠᠬᠢᠷᠤᠭᠴᠢ ᠳ᠋ᠤ᠌ ᠬᠦᠷᠭᠡᠭᠦᠯᠦᠭᠰᠡᠨ ᠪᠠᠢᠨ᠎ᠠ᠃ ᠴᠠᠩ ᠵᠧᠦ ᠬᠣᠲᠠ ᠶ᠋ᠢᠨ ᠲᠥᠯᠥᠭᠡ ᠲᠤᠯᠤᠯᠳᠤᠭᠠᠨ ᠦᠷᠭᠦᠯᠵᠢᠯᠡᠭᠰᠡᠭᠡᠷ ᠥᠷᠥᠭᠡᠰᠦᠨ ᠭᠤᠶ᠎ᠠ ᠪᠠᠨ ᠲᠠᠰᠤ ᠬᠠᠷᠪᠦᠭᠤᠯᠤᠭᠰᠠᠨ ᠮᠣᠩᠭᠣᠯ ᠴᠡᠷᠢᠭ ᠬᠠᠯᠠᠭᠤᠨ ᠨᠣᠷᠮ᠎ᠠ ᠠᠰᠬᠠᠭᠰᠠᠨ ᠭᠠᠵᠠᠷ ᠳᠡᠭᠡᠭᠦᠷ ᠮᠥᠯᠬᠥᠨ᠄ 
       — ᠮᠥᠩᠬᠡ ᠲᠩᠷᠢ ᠥᠷᠥᠰᠢᠶᠡᠲᠦᠭᠡᠢ! ᠭᠡᠳ ᠬᠠᠷᠪᠤᠯᠳᠤᠵᠤ ᠪᠠᠢᠬᠤ ᠶ᠋ᠢ ᠪᠠᠶᠠᠨ ᠬᠠᠷᠠᠵᠤ ᠪᠠᠢᠪᠠ᠃ ᠬᠤᠪᠢᠯᠠᠢ ᠵᠠᠬᠢᠷᠤᠭᠴᠢ ᠪᠠᠢᠯᠳᠤᠭᠠᠨ ᠤ᠋ ᠱᠤᠭᠤᠮ ᠳᠡᠭᠡᠷ᠎ᠡ ᠡᠴᠡ ᠺᠡᠢᠫᠢᠩ ᠦ᠋ᠨ ᠵᠦᠭ ᠪᠤᠴᠠᠬᠤ ᠳ᠋ᠤ᠌ ᠪᠠᠨ《ᠰᠠᠨᠠᠭᠰᠠᠨ ᠢ᠋ᠶ᠋ᠠᠷ ᠬᠢᠯᠪᠠᠷᠬᠠᠨ ᠳᠠᠭᠤᠰᠬᠤ ᠲᠡᠢᠨ ᠪᠢᠰᠢ ᠭᠡᠵᠦ ᠪᠠᠶᠠᠨ ᠤ᠋ ᠬᠡᠯᠡᠳᠡᠭ ᠦᠨᠡᠨ ᠦᠭᠡ ᠪᠣᠯᠤᠯᠲᠠᠢ᠃ ᠰᠥᠩ ᠦ᠋ᠨ ᠴᠡᠷᠢᠭ ᠲᠤᠩ ᠠᠮᠠᠷ ᠦᠭᠡᠢ ᠪᠠᠢᠯᠳᠤᠵᠤ ᠴᠢᠳᠠᠳᠠᠭ ᠶᠤᠮ ᠪᠠᠢᠨ᠎ᠠ᠃ ᠡᠳᠡᠨ ᠦ᠌ ᠵᠠᠩᠵᠤᠨ ᠨᠤᠭᠤᠳ ᠰᠧᠴᠤᠸᠠᠨ ᠤ᠋ ᠭᠠᠵᠠᠷ ᠢ᠋ ᠪᠢᠳᠡᠨ ᠡᠴᠡ ᠡᠷᠭᠢᠭᠦᠯᠦᠨ ᠠᠪᠬᠤ ᠪᠣᠳᠣᠯ ᠲᠠᠢ ᠲᠡᠷᠡ ᠵᠦᠭ ᠤᠷᠤᠭᠤ ᠳᠣᠪᠲᠣᠯᠭᠠᠨ ᠬᠢᠵᠦ ᠦᠵᠡᠵᠦ ᠪᠠᠢᠨ᠎ᠠ ᠭᠡᠵᠦ ᠴᠠᠭᠠᠨ ᠵᠠᠩᠵᠤᠨ ᠨᠠᠳᠠᠳᠤ ᠬᠡᠯᠡᠭᠰᠡᠨ᠃ ᠰᠧᠴᠤᠸᠠᠨ ᠢ᠋ ᠪᠢᠳᠡ ᠡᠷᠭᠢᠭᠦᠯᠦᠨ ᠠᠯᠳᠠᠪᠠᠯ ᠭᠤᠲᠤᠮᠰᠢᠭᠲᠠᠢ ᠬᠡᠷᠡᠭ ᠪᠣᠯᠤᠨ᠎ᠠ᠃ ᠪᠢ ᠲᠡᠭᠦᠨ ᠤᠷᠤᠭᠤ ᠲᠣᠭᠣᠭᠠᠨ ᠵᠠᠩᠵᠤᠨ ᠢ᠋ ᠶᠠᠪᠤᠭᠤᠯᠳᠠᠭ ᠨᠢ ᠵᠥᠪ ᠪᠢᠵᠡ᠃ ᠲᠡᠷᠡ ᠵᠠᠯᠠᠭᠤ᠂ ᠵᠣᠷᠢᠮᠠᠭ ᠡᠷ᠎ᠡ᠃ ᠤᠬᠠᠭᠠᠲᠠᠢ ᠴᠤ᠌ ᠬᠥᠮᠦᠨ》 ᠭᠡᠮᠡᠨ ᠪᠣᠳᠣᠵᠤ ᠶᠠᠪᠤᠭᠠᠳ ᠺᠡᠢᠫᠢᠩ ᠬᠣᠲᠠ ᠳ᠋ᠤ᠌ ᠢᠷᠡᠭᠰᠡᠨ ᠳᠣᠣᠷ᠎ᠠ ᠪᠠᠨ ᠥᠪᠡᠷ ᠦ᠋ᠨ ᠰᠢᠳᠠᠷ ᠪᠢᠴᠢᠭᠡᠴᠢ ᠴᠡᠷᠢᠭ ᠦ᠋ᠨ ᠪᠠᠭ᠎ᠠ ᠲᠦᠰᠢᠮᠡᠯ ᠪᠠᠷᠭᠠᠢ ᠶ᠋ᠢᠨ ᠬᠦᠯᠦᠭ ᠢ᠋ ᠳᠠᠭᠤᠳᠠᠭᠤᠯᠤᠨ ᠪᠡᠶ᠎ᠡ ᠪᠡᠷ ᠠᠭᠤᠯᠵᠠᠯ᠎ᠠ᠃ 
       ᠴᠢᠭᠢᠷᠠᠭ ᠲᠣᠮᠣ ᠪᠡᠶᠡᠲᠡᠢ᠂ ᠳᠦᠷᠯᠡᠭᠡᠷ ᠨᠢᠳᠦᠲᠡᠢ᠂ ᠵᠡᠭᠦᠨ ᠬᠠᠴᠠᠷ ᠳᠡᠭᠡᠷ᠎ᠡ ᠪᠡᠨ ᠬᠥᠨᠳᠡᠯᠡᠨ ᠰᠣᠷᠪᠢᠲᠠᠢ ᠲᠡᠷᠡ ᠡᠷ᠎ᠡ ᠵᠠᠬᠢᠷᠤᠭᠴᠢ ᠶ᠋ᠢᠨ ᠵᠠᠷᠯᠢᠭ ᠪᠢᠴᠢᠭ ᠦᠢᠯᠡ ᠳ᠋ᠦ᠍ ᠭᠡᠬᠦ ᠪᠠᠢᠬᠤ ᠪᠣᠳᠣᠨ᠂ ᠭᠠᠷ ᠲᠤ ᠪᠠᠨ ᠪᠢᠷ᠂ ᠱᠤᠪᠠᠢ ᠮᠣᠳᠣ᠂ ᠴᠠᠭᠠᠰᠤ ᠪᠠᠷᠢᠭᠰᠠᠭᠠᠷ ᠣᠷᠳᠣᠨ ᠤ᠋ ᠲᠠᠰᠤᠯᠭᠠᠨ ᠳ᠋ᠤ᠌ ᠣᠷᠣᠪᠠᠯ ᠬᠤᠪᠢᠯᠠᠢ ᠶᠠᠭᠠᠬᠢᠬᠤ ᠨᠢ ᠡᠨᠡ ᠪᠢᠯᠡ ᠭᠡᠮᠡᠷ ᠠᠶᠠᠯᠭᠤ ᠪᠠᠷ ᠤᠭᠲᠤᠵᠤ ᠠᠭᠤᠯᠵᠠᠭᠠᠳ᠄ 
       — ᠴᠢ ᠨᠠᠮᠠᠶ᠋ᠢ ᠶᠠᠭᠤᠮ᠎ᠠ ᠪᠢᠴᠢ ᠭᠡᠵᠦ ᠯᠡ ᠳᠠᠭᠤᠳᠠᠭᠤᠯᠤᠯ᠎ᠠ ᠭᠡᠵᠦ ᠪᠣᠳᠣᠭ᠎ᠠ ᠤᠤ? ᠡᠨᠡ ᠤᠳᠠᠭ᠎ᠠ ᠳ᠋ᠤ᠌ ᠴᠢᠮᠠᠶ᠋ᠢ ᠬᠣᠯᠠ ᠶ᠋ᠢᠨ ᠠᠶᠠᠨ ᠳ᠋ᠤ᠌ ᠵᠠᠷᠤᠬᠤ ᠨᠢ ᠠ᠋᠃ ᠴᠢ ᠨᠠᠳᠠᠳᠤ ᠦᠨᠡᠨ ᠭᠣᠣᠯ ᠠ᠋ᠴᠠ ᠪᠠᠨ ᠢᠲᠡᠭᠡᠯᠲᠡᠢ ᠪᠠᠢᠳᠠᠭ᠃ ᠪᠢ ᠴᠢᠮᠠᠶ᠋ᠢ ᠪᠠᠰᠠ ᠦᠨᠡᠨᠴᠢ ᠡᠷ᠎ᠡ ᠭᠡᠳᠡᠭ ᠢ᠋ ᠮᠡᠳᠡᠳᠡᠭ ᠲᠡᠭᠡᠭᠡᠳ ᠴᠦ᠍ ᠣᠳᠣ ᠶᠠᠪᠤᠭᠠᠳ ᠨᠡᠢᠰᠯᠡᠯ ᠳ᠋ᠦ᠍ ᠪᠠᠢᠭ᠎ᠠ ᠥᠪᠡᠷ ᠦ᠋ᠨ ᠳᠡᠭᠦᠦ ᠪᠢᠯᠢᠭᠦᠨ ᠲᠡᠢ ᠪᠡᠨ ᠠᠭᠤᠯᠵᠠᠭᠠᠳ ᠢᠷ᠎ᠡ! ᠭᠡᠵᠦ ᠵᠠᠷᠯᠢᠭᠯᠠᠪᠠ᠃ ᠬᠦᠯᠦᠭ ᠲᠡᠭᠦᠨ ᠢ᠋ ᠰᠣᠨᠣᠰᠤᠭᠠᠳ ᠵᠠᠬᠢᠷᠤᠭᠴᠢ ᠶ᠋ᠢᠨ ᠲᠤᠰᠢᠶᠠᠯ ᠳ᠋ᠤ᠌ ᠳᠣᠲᠣᠷ᠎ᠠ ᠠ᠋ᠴᠠ ᠪᠠᠶᠠᠷᠯᠠᠨ ᠵᠣᠭᠰᠣᠵᠤ ᠪᠠᠢᠯ᠎ᠠ᠃ ᠬᠤᠪᠢᠯᠠᠢ ᠪᠣᠳᠣᠯ ᠪᠣᠯᠤᠨ ᠳᠠᠭᠠᠭᠠᠮᠠᠯ ᠲᠦᠰᠢᠮᠡᠯ ᠢ᠋ ᠴᠢ ᠶᠠᠭᠠᠬᠢᠬᠤ ᠨᠢ ᠪᠣᠢ ᠭᠡᠰᠡᠨ ᠰᠢᠭ ᠠᠵᠢᠭᠴᠢ ᠨᠢᠳᠦ ᠪᠡᠷ ᠢ᠋ᠶ᠋ᠡᠨ ᠰᠢᠷᠳᠡᠨ ᠬᠠᠷᠠᠵᠤ ᠪᠠᠢᠭᠰᠠᠨ ᠢ᠋ᠶ᠋ᠠᠨ᠄ 
       — ᠡᠨᠡ ᠣᠯᠠᠨ ᠲᠦᠰᠢᠮᠡᠳ ᠨᠠᠷ ᠳᠣᠲᠣᠷ᠎ᠠ ᠠ᠋ᠴᠠ ᠪᠢ ᠴᠢᠮᠠᠶ᠋ᠢ ᠯᠠ ᠰᠢᠯᠢᠵᠦ ᠠᠪᠤᠯ᠎ᠠ᠃ ᠪᠢ ᠴᠢᠮᠠᠲᠤ ᠠᠷᠢᠬᠪᠥ᠋ᠬᠡ ᠶ᠋ᠢᠨ ᠠᠮᠤᠷ ᠢ᠋ ᠡᠷᠢᠵᠦ᠂ ᠡᠵᠢ ᠶ᠋ᠢᠨ ᠪᠡᠶ᠎ᠡ ᠶ᠋ᠢ ᠠᠰᠠᠭᠤᠯᠭᠠᠭᠰᠠᠨ ᠪᠢᠴᠢᠭ ᠥᠭᠭᠦᠨ᠎ᠡ᠃ ᠲᠡᠭᠦᠨ ᠢ᠋ ᠴᠢ ᠬᠦᠷᠭᠡᠬᠦ ᠪᠡᠷ ᠶᠠᠪᠤ! ᠡᠨᠡ ᠳᠡᠯᠢᠮ ᠢ᠋ᠶ᠋ᠡᠷ ᠴᠢ ᠬᠠᠷ᠎ᠠ ᠬᠣᠷᠣᠮ ᠤ᠋ᠨ ᠭᠠᠵᠠᠷ ᠶᠠᠭᠤ ᠪᠣᠯᠵᠤ ᠪᠠᠢᠨ᠎ᠠ ᠪᠣᠢ᠃ ᠮᠢᠨᠦ ᠳᠡᠭᠦᠦ ᠠᠷᠢᠬᠪᠥ᠋ᠬᠡ ᠶᠠᠭᠤ ᠬᠢᠵᠦ ᠪᠠᠢᠨ᠎ᠠ ᠪᠣᠢ? ᠬᠥᠮᠦᠨ ᠣᠯᠠᠨ ᠶᠠᠮᠠᠷ ᠰᠢᠦ ᠦᠭᠡ ᠶᠠᠷᠢᠶᠠᠨᠲᠠᠢ ᠪᠠᠢᠨ᠎ᠠ ᠪᠣᠢ᠂ ᠡᠨᠡ ᠪᠦᠭᠦᠳᠡ ᠶ᠋ᠢ ᠰᠠᠮ ᠠᠵᠢᠵᠤ ᠮᠡᠳᠡᠭᠡᠳ᠂ ᠥᠪᠡᠷ ᠦ᠋ᠨ ᠢ᠋ᠶ᠋ᠡᠨ ᠠᠬ᠎ᠠ ᠶ᠋ᠢ ᠶᠠᠭᠤ ᠮᠡᠳᠡᠵᠦ ᠪᠠᠢᠨ᠎ᠠ ᠪᠣᠢ᠂ ᠲᠡᠭᠦᠨ ᠢ᠋ ᠰᠣᠨᠣᠰᠤᠭᠠᠳ ᠳᠠᠷᠤᠢ ᠡᠷᠭᠢᠵᠦ ᠢᠷ᠎ᠡ! ᠮᠢᠨᠦ ᠲᠤᠬᠠᠢ ᠶᠠᠭᠤᠮ᠎ᠠ ᠬᠥᠮᠦᠨ ᠠᠰᠠᠭᠤᠪᠠᠯ ᠰᠥᠩ ᠦ᠋ᠨ ᠴᠡᠷᠢᠭ ᠲᠡᠢ ᠬᠥᠭᠡᠭᠡᠴᠡᠯᠳᠦᠵᠦ ᠶᠠᠪᠤᠭ᠎ᠠ ᠭᠡᠭᠡᠷᠡᠢ ᠭᠡᠵᠦ ᠠᠮᠢᠨᠴᠢᠯᠠᠬᠤ ᠪᠠᠢᠳᠠᠯ ᠢ᠋ᠶ᠋ᠠᠷ ᠵᠠᠷᠯᠢᠭᠳᠠᠪᠠ᠃ ᠬᠦᠯᠦᠭ ᠮᠡᠬᠦᠢᠨ ᠶᠣᠰᠣ ᠬᠢᠭᠡᠳ ᠣᠷᠳᠣᠨ ᠠ᠋ᠴᠠ ᠭᠠᠷᠴᠤ ᠶᠠᠪᠤᠯ᠎ᠠ᠃

 
— — — —
① ᠪᠠᠭᠠᠷᠢᠨ ᠣᠪᠣᠭ ᠤ᠋ᠨ ᠰᠡᠬᠡᠭᠦᠳᠠᠢ ᠶ᠋ᠢᠨ ᠬᠦᠦ ᠪᠠᠶᠠᠨ ᠨᠢ1236—1294 ᠣᠨ ᠳ᠋ᠤ᠌ ᠪᠠᠨ ᠡᠵᠡᠨ ᠲᠥᠷᠥ ᠳ᠋ᠦ᠍ ᠵᠢᠳᠬᠦᠭᠰᠡᠨ ᠭᠠᠷᠮᠠᠭᠠᠢ ᠵᠠᠩᠵᠤᠨ ᠪᠠᠢᠪᠠ᠃ ᠲᠡᠷᠡ ᠪᠡᠷ ᠰᠥᠩ ᠤᠯᠤᠰ ᠢ᠋ ᠮᠣᠩᠭᠣᠯ ᠤ᠋ᠨ ᠭᠠᠵᠠᠷ ᠤ᠋ᠨ ᠵᠢᠷᠤᠭ ᠲᠤ ᠣᠷᠣᠭᠤᠯᠤᠨ ᠲᠦᠪᠰᠢᠳᠬᠡᠬᠦ ᠬᠡᠷᠡᠭ ᠲᠦ᠍ ᠰᠢᠢᠳᠪᠦᠷᠢᠯᠡᠬᠦ ᠡᠭᠦᠷᠭᠡ ᠪᠡᠨ ᠭᠦᠢᠴᠡᠳᠬᠡᠭᠰᠡᠨ᠃ ᠲᠡᠷᠡ ᠴᠠᠭ ᠲᠤ ᠭᠠᠷᠤᠭᠰᠠᠨ ᠣᠯᠠᠨ ᠲᠣᠭᠠᠨ ᠤ᠋ ᠰᠢᠯᠦᠭ ᠦ᠋ᠳ ᠳᠣᠲᠣᠷ᠎ᠠ《ᠯᠢ ᠵᠠᠩ ᠲᠤ ᠶ᠋ᠢ ᠪᠠᠢᠯᠳᠤᠨ ᠠᠪᠤᠭᠰᠠᠨ ᠨᠢ》᠂《ᠵᠠᠷᠯᠢᠭ ᠢ᠋ ᠡᠷᠬᠢᠮᠯᠡᠨ ᠮᠢᠩᠭᠠᠨ ᠭᠠᠵᠠᠷ ᠢ᠋ ᠬᠤᠷᠢᠶᠠᠭᠰᠠᠨ》᠂《ᠲᠠᠰᠢᠭᠤᠷ》 ᠵᠡᠷᠭᠡ ᠠᠯᠳᠠᠷᠲᠠᠢ ᠰᠢᠯᠦᠭ ᠢ᠋ ᠵᠠᠩᠵᠤᠨ ᠪᠠᠶᠠᠨ ᠤ᠋ ᠠᠮᠢᠳᠤᠷᠠᠯ ᠢ᠋ᠶ᠋ᠠᠷ ᠢ᠋ᠶ᠋ᠠᠨ ᠪᠢᠴᠢᠭᠰᠡᠨ ᠭᠡᠳᠡᠭ ᠦᠭᠡ ᠪᠠᠢᠳᠠᠭ᠃  

         ᠦᠰᠦᠭ ᠠᠮᠢᠯᠠᠭᠤᠯᠤᠭᠰᠠᠨ ᠨᠢ᠄ ᠲᠩᠷᠢ ᠡᠵᠢ᠂  ᠪᠠᠭᠠᠲᠤᠷ᠂  ᠴᠣᠯᠮᠣᠨᠲᠤᠶᠠᠭ᠎ᠠ