ᠪᠦᠷᠭᠦᠳ ᠬᠠᠷᠢ ᠳᠤ ᠡᠭᠦᠷᠯᠡᠳᠡᠭ ᠦᠭᠡᠢ – ᠵ ᠂ ᠫᠦᠷᠪᠦ<ᠭᠤᠷᠪᠠᠳᠤᠭᠠᠷ ᠪᠦᠯᠦᠭ –3>᠂ ᠡᠳᠦᠷ ᠦᠨ ᠪᠣᠳᠣᠯ ᠰᠥᠨᠢ ᠶᠢᠨ ᠵᠡᠭᠦᠳᠦ Бүргэд харьд үүрэлдэггүй – Ж᠂ Пүрэв <3-р бүлэг ~3>. өдрийн бодол шөнийн зүүд
ᠭᠤᠷᠪᠠᠳᠤᠭᠠᠷ ᠪᠦᠯᠦᠭ – ᠴᠠᠭᠠᠨ ᠪᠡᠴᠢᠨ ᠵᠢᠯ
ᠭᠤᠷᠪᠠ᠂ᠡᠳᠦᠷ ᠦᠨ ᠪᠣᠳᠣᠯ ᠰᠥᠨᠢ ᠶᠢᠨ ᠵᠡᠭᠦᠳᠦ
ᠲᠡᠭᠡᠭᠡᠳ ᠪᠡᠶ᠎ᠡ ᠪᠡᠨ ᠶᠠᠭᠠᠬᠢᠵᠤ ᠵᠢᠭᠠᠬᠠᠨ ᠲᠠᠢᠳᠬᠤᠷᠠᠭᠤᠯᠤᠨ᠂ ᠲᠠᠷᠢᠬᠢ ᠪᠠᠨ ᠠᠮᠠᠷᠠᠭᠠᠶ᠎ᠠ ᠳᠠ ᠭᠡᠵᠦ ᠪᠣᠳᠣᠵᠤ ᠪᠠᠢᠲᠠᠯ᠎ᠠ ᠨᠢ ᠠᠰᠢᠭᠦᠢ ᠴᠠᠯᠭᠢᠶ᠎ᠠ ᠭᠣᠣᠯ ᠳ᠋ᠤ᠌ ᠪᠠᠢᠭᠤᠯᠤᠭᠰᠠᠨ ᠲᠦᠷ ᠵᠤᠰᠠᠯᠠᠩ ᠠ᠋ᠴᠠ《ᠭᠦᠢᠳᠠᠩ ᠠᠪᠤᠭᠠᠢ》 ᠬᠡᠳᠦᠨ ᠬᠠᠲᠤᠨ ᠢ᠋ ᠨᠢ ᠵᠥᠭᠡᠯᠡᠨ ᠪᠥᠬᠡᠭᠡᠭᠲᠦ ᠲᠡᠷᠭᠡᠨ ᠳ᠋ᠦ᠍ ᠰᠠᠭᠤᠯᠭᠠᠭᠠᠳ ᠺᠠᠢᠫᠢᠩ(ᠱᠠᠩᠳᠤ) ᠳ᠋ᠤ᠌ ᠠᠪᠴᠢᠷᠠᠵᠠᠢ᠃ ᠁
ᠡᠨᠡ ᠴᠦ᠍ ᠵᠤᠭᠠᠲᠠᠢ ᠬᠡᠷᠡᠭ᠃ ᠵᠠᠬᠢᠷᠤᠭᠴᠢ ᠬᠡᠳᠦᠢ ᠮᠣᠩᠭᠣᠯ ᠨᠤᠲᠤᠭ ᠠ᠋ᠴᠠ ᠪᠠᠨ ᠥᠪᠡᠷ ᠦ᠋ᠨ ᠨᠢᠳᠦ ᠪᠡᠷ ᠰᠢᠯᠢᠵᠦ ᠪᠠᠢᠭᠠᠳ《ᠬᠤᠪᠴᠠᠰᠤ ᠣᠷᠣᠭᠤᠯᠤᠨ᠎ᠠ》᠂《ᠴᠠᠢ ᠵᠥᠭᠡᠭᠡᠯᠭᠡᠨᠡ》᠂《ᠰᠢᠳᠠᠷ ᠪᠠᠷ᠎ᠠ ᠪᠣᠯᠤᠭᠴᠢ ᠪᠣᠯᠭᠠᠨ᠎ᠠ》᠂《ᠬᠠᠲᠤᠨ ᠠᠪᠠᠬᠠᠢ ᠨᠠᠷ ᠤ᠋ᠨ ᠬᠤᠨᠳᠠᠭᠠᠴᠢᠨ ᠪᠣᠯᠭᠠᠨ᠎ᠠ》 ᠭᠡᠳᠡᠭ ᠨᠡᠷ᠎ᠡ ᠪᠡᠷ ᠵᠢᠷᠭᠤᠭᠠᠨ ᠴᠢᠷᠠᠢᠯᠢᠭ ᠪᠦᠰᠡᠭᠦᠢ ᠶ᠋ᠢ ᠳᠠᠭᠠᠭᠤᠯᠤᠨ ᠠᠪᠴᠤ ᠢᠷᠡᠭᠰᠡᠨ ᠪᠣᠯᠪᠠᠴᠤ ᠲᠡᠳᠡᠨ ᠦ᠌ ᠬᠢᠨᠢ ᠪᠠᠢᠳᠠᠯ ᠰᠡᠳᠬᠢᠯ ᠳ᠋ᠦ᠍ ᠨᠢ ᠲᠡᠳᠦᠢ ᠯᠡ ᠲᠠᠭᠠᠰᠢᠶᠠᠭᠳᠠᠬᠤ ᠦᠭᠡᠢ᠂ ᠨᠠᠭᠠᠳᠤ ᠵᠠᠬ᠎ᠠ ᠨᠢ ᠯᠣᠯᠣᠢ ᠠᠳᠠᠯᠢ ᠲᠡᠷᠡ ᠪᠦᠰᠡᠭᠦᠢᠴᠦᠳ ᠢ᠋ ᠣᠷᠣᠢ ᠳ᠋ᠤ᠌ ᠤᠰᠤᠨ ᠳ᠋ᠤ᠌ ᠣᠷᠣᠭᠤᠯᠤᠭᠠᠳ《ᠰᠠᠢᠬᠠᠨ》 ᠪᠡᠯᠡᠳᠬᠡᠭᠦᠯᠴᠢᠬᠡᠬᠦ ᠬᠥᠮᠦᠨ ᠦᠭᠡᠢ ᠪᠣᠯᠬᠣᠷ ᠵᠠᠷᠢᠮ ᠵᠦᠢᠯ ᠨᠢ ᠳᠤᠲᠠᠭᠳᠠᠭᠠᠳ ᠪᠠᠢᠯ᠎ᠠ᠃
ᠲᠡᠭᠡᠭᠡᠳ ᠲᠡᠷᠡ ᠬᠣᠲᠠ ᠭᠠᠵᠠᠷ ᠤ᠋ᠨ ᠪᠦᠰᠡᠭᠦᠢᠴᠦᠳ ᠲᠡᠢ ᠪᠡᠨ ᠰᠡᠳᠬᠢᠯ ᠢ᠋ᠶ᠋ᠡᠨ ᠴᠡᠩᠭᠡᠭᠦᠯᠬᠦ ᠪᠡᠷ ᠵᠤᠭᠠᠴᠠᠵᠤ ᠴᠢᠳᠠᠬᠤ ᠦᠭᠡᠢ ᠪᠠᠢᠭᠰᠠᠨ ᠤᠴᠢᠷ ᠯᠣᠯᠣᠢ ᠶ᠋ᠢ ᠳᠠᠭᠤᠳᠠᠭᠤᠯᠤᠭᠰᠠᠨ ᠪᠠᠢᠵᠠᠢ᠃
ᠭᠤᠷᠪᠠᠯᠵᠢᠨ ᠨᠢᠳᠦ ᠲᠡᠢ᠂ ᠭᠤᠩᠬᠠᠭᠰᠠᠨ ᠲᠡᠷᠡ ᠠᠪᠠᠭᠠᠢ ᠬᠣᠯᠠ ᠶ᠋ᠢᠨ ᠵᠠᠮ ᠲᠤᠭᠤᠯᠵᠤ ᠢᠷᠡᠭᠰᠡᠨ ᠳᠣᠣᠷ᠎ᠠ ᠪᠠᠨ ᠯᠠ ᠬᠣᠢᠲᠤ ᠭᠠᠵᠠᠷ ᠠ᠋ᠴᠠ ᠢᠷᠡᠭᠰᠡᠨ ᠬᠡᠦᠬᠡᠨ ᠨᠦ᠍ᠭᠦᠳ ᠦ᠋ᠨ ᠰᠠᠭᠤᠵᠤ ᠪᠠᠢᠭ᠎ᠠ ᠣᠷᠣᠨ ᠭᠡᠷ ᠢ᠋ᠶ᠋ᠡᠷ ᠭᠦᠶᠦᠵᠦ ᠣᠷᠣᠭᠠᠳ᠂ ᠪᠡᠶ᠎ᠡ ᠶ᠋ᠢ ᠦᠵᠡᠵᠦ ᠰᠢᠭᠤᠳ ᠰᠢᠯᠤᠭᠤᠬᠠᠨ ᠪᠠᠢᠳᠠᠯ ᠢ᠋ᠶ᠋ᠠᠷ ᠡᠷᠡᠭᠡ ᠪᠠᠷᠠᠭ᠎ᠠ ᠴᠦ᠍ ᠦᠭᠡᠢ ᠲᠡᠭᠡ᠂᠂ ᠢᠩᠭᠢ ᠭᠡᠵᠦ ᠵᠢᠭᠠᠨ
— ᠲᠠ ᠨᠠᠷ ᠴᠢᠨᠢ ᠡᠮᠡᠰ ᠦ᠋ᠳ ᠪᠠᠢᠨ᠎ᠠ ᠳᠠ᠃ ᠨᠠᠳᠠ ᠠ᠋ᠴᠠ ᠪᠤᠤ ᠵᠣᠪᠠ᠃ ᠶᠡᠬᠡ ᠵᠠᠬᠢᠷᠤᠭᠴᠢ ᠢᠷᠡᠵᠦ ᠰᠢᠳᠠᠷᠯᠠ ᠭᠡᠪᠡᠯ ᠶᠠᠭᠠᠬᠢᠬᠤ ᠭᠡᠵᠦ ᠪᠣᠳᠣᠵᠤ ᠪᠠᠢᠨ᠎ᠠ ᠪᠣᠢ? ᠣᠳᠣᠬᠠᠨ ᠤᠰᠤᠨ ᠳ᠋ᠤ᠌ ᠣᠷᠣᠵᠤ ᠪᠡᠶ᠎ᠡ ᠪᠡᠨ ᠤᠬᠢᠶᠠ᠃ ᠬᠠᠪᠴᠢᠭ ᠰᠠᠪᠠᠨ ᠳ᠋ᠤ᠌ ᠬᠢᠭᠡᠳ ᠪᠡᠯᠡᠳᠬᠡᠴᠢᠬᠡᠭᠰᠡᠨ ᠪᠦᠯᠢᠶᠡᠨ ᠤᠰᠤᠨ ᠳ᠋ᠤ᠌ ᠬᠠᠷᠠᠢᠵᠤ ᠣᠷᠣᠭᠠᠳ ᠬᠠᠮᠤᠭ ᠪᠡᠶ᠎ᠡ ᠪᠡᠨ ᠵᠠᠳᠠ ᠤᠬᠢᠶᠠᠨ ᠬᠭᠢᠷ ᠪᠤᠷᠲᠠᠭ ᠠ᠋ᠴᠠ ᠪᠠᠨ ᠰᠠᠯ! ᠬᠭᠢᠷ ᠦᠭᠡᠢ ᠬᠤᠪᠴᠠᠰᠤ ᠡᠮᠦᠰ! ᠪᠡᠶ᠎ᠡ ᠳ᠋ᠦ᠍ ᠪᠡᠨ ᠭᠦᠷᠭᠦᠮ᠂ ᠬᠥᠬᠥᠯ ᠦ᠋ᠨ ᠲᠥᠷᠥᠯ ᠲᠠᠭᠠᠯᠠᠮᠵᠢᠲᠠᠢ ᠦᠨᠦᠷᠲᠦ ᠶᠠᠭᠤᠮ᠎ᠠ ᠰᠢᠩᠭᠡᠭᠡᠵᠦ ᠦᠵᠡ ᠭᠡᠵᠦ ᠵᠢᠭᠠᠵᠤ ᠵᠢᠷᠤᠭᠠᠳ᠂ ᠪᠤᠵᠢᠭᠢᠨᠠᠭᠤᠯᠵᠤ ᠭᠠᠷᠪᠠ᠃ ᠢᠩᠭᠢᠬᠦ ᠪᠠᠢᠳᠠᠯ ᠳᠤᠲᠠᠵᠤ ᠪᠠᠢᠭ᠎ᠠ ᠶ᠋ᠢ ᠮᠡᠳᠡᠭᠰᠡᠨ ᠲᠡᠷᠡ ᠠᠪᠠᠭᠠᠢ ᠬᠤᠪᠢᠯᠠᠢ ᠳ᠋ᠤ᠌ ᠶᠠᠮᠠᠷ ᠬᠡᠦᠬᠡᠨ ᠲᠠᠭᠠᠯᠠᠭᠳᠠᠳᠠᠭ ᠢ᠋ ᠶᠣᠰᠣᠲᠠᠢ ᠯᠠ ᠲᠠᠪᠤᠨ ᠬᠤᠷᠤᠭᠤ ᠰᠢᠭ᠋ ᠢ᠋ᠶ᠋ᠡᠨ ᠠᠨᠳᠠᠬᠤ ᠦᠭᠡᠢ᠃ ᠯᠣᠯᠣᠢ ᠡᠢᠮᠦ ᠶᠠᠭᠤᠮ᠎ᠠ ᠬᠢᠵᠦ ᠣᠷᠬᠢᠭᠠᠳ ᠬᠤᠪᠢᠯᠠᠢ ᠶ᠋ᠢᠨ ᠲᠠᠰᠤᠯᠭᠠᠨ ᠳ᠋ᠤ᠌ ᠬᠡᠨ ᠡᠴᠡ ᠴᠦ᠍ ᠵᠥᠪᠰᠢᠶᠡᠷᠡᠯ ᠠᠪᠤᠯ ᠦᠭᠡᠢ ᠳᠠᠪᠬᠢᠨ ᠣᠴᠢᠵᠤ᠂ ᠰᠠᠢᠬᠠᠨ ᠪᠡᠶ᠎ᠡ ᠪᠡᠨ ᠭᠤᠩᠬᠠᠭᠤᠯᠤᠨ ᠳᠡᠷᠭᠡᠳᠡ ᠨᠢ ᠣᠴᠢᠭᠠᠳ᠄
— ᠶᠡᠬᠡ ᠡᠵᠡᠨᠲᠡᠨ ᠮᠢᠨᠢ! ᠠᠮᠤᠭᠤᠯᠠᠩ ᠮᠣᠷᠢᠯᠠᠵᠤ ᠶᠠᠪᠤᠨ᠎ᠠ ᠤᠤ? ᠪᠣᠳᠣᠪᠠᠯ ᠪᠢ ᠲᠠᠨ ᠳ᠋ᠤ᠌ ᠳᠤᠲᠠᠭᠳᠠᠵᠤ ᠪᠠᠢᠭ᠎ᠠ ᠪᠢᠵᠡ ᠳᠡ? ᠲᠠ ᠨᠠᠳᠠ ᠦᠭᠡᠢ ᠪᠡᠷ《ᠪᠠᠯ ᠪᠤᠷᠠᠮ》 ᠠᠮᠲᠠᠯᠠᠵᠤ ᠴᠢᠳᠠᠬᠤ ᠦᠭᠡᠢ ᠪᠠᠢᠭ᠎ᠠ ᠨᠢ ᠯᠠᠪᠲᠠᠢ ᠭᠡᠮᠡᠨ ᠰᠢᠳᠠᠷᠯᠠᠨ ᠠᠭᠤᠯᠵᠠᠪᠠ᠃
ᠶᠠᠷᠢᠶᠠᠨ ᠤ᠋ ᠳᠡᠯᠢᠮ ᠢ᠋ᠶ᠋ᠡᠷ ᠥᠪᠡᠷ ᠦ᠋ᠨ ᠬᠢᠨᠢ ᠬᠠᠷᠢᠶᠠᠨ ᠳ᠋ᠤ᠌ ᠪᠠᠢᠭᠰᠠᠨ ᠬᠤᠪᠢᠯᠠᠢ ᠶ᠋ᠢᠨ ᠠᠯᠪᠠᠨ ᠶᠣᠰᠣᠨ ᠤ᠋ ᠴᠢᠮᠪᠠᠢ ᠮᠡᠲᠦ ᠬᠠᠲᠤᠳ ᠤ᠋ᠳ ᠨᠢ ᠮᠡᠨᠳᠦ ᠰᠠᠢᠨ ᠪᠠᠢᠭ᠎ᠠ᠂ ᠪᠣᠭᠣᠯ ᠨᠢ ᠲᠡᠳᠡᠨ ᠢ᠋ ᠬᠡᠨ ᠳ᠋ᠦ᠍ ᠴᠦ᠍ ᠬᠠᠪᠢᠳᠠᠭᠤᠯᠬᠤ ᠦᠭᠡᠢ ᠴᠠᠭᠳᠠᠭᠤᠯᠵᠤ ᠪᠠᠢᠭ᠎ᠠ ᠪᠠᠢᠳᠠᠯ ᠢ᠋ᠶ᠋ᠠᠨ ᠰᠠᠢᠬᠢ ᠠᠪᠠᠭᠠᠢ ᠬᠡᠯᠡᠵᠦ ᠠᠮᠵᠢᠯ᠎ᠠ᠃
ᠡᠵᠡᠨ ᠵᠠᠬᠢᠷᠤᠭᠴᠢ ᠡᠢᠮᠦ ᠢᠲᠡᠭᠡᠯᠲᠦ ᠬᠥᠮᠦᠨ ᠡᠴᠡ ᠦᠭᠡ ᠰᠣᠨᠣᠰᠬᠤ ᠶ᠋ᠢ ᠲᠠᠭᠠᠯᠠᠯ ᠦᠭᠡᠢ ᠶᠠᠭᠠᠬᠢᠬᠤ ᠪᠣᠢ᠃
— ᠵᠠ ᠶᠠᠭᠠᠬᠢᠬᠤ ᠪᠣᠢ ᠳᠠ᠃ ᠴᠠᠯᠭᠢᠶ᠎ᠠ ᠭᠣᠣᠯ ᠤ᠋ᠨ ᠵᠤᠰᠠᠯᠠᠩ ᠢ᠋ᠶ᠋ᠠᠷ ᠰᠣᠨᠢᠨ ᠭᠣᠢᠳᠠ ᠶᠠᠭᠤᠮ᠎ᠠ ᠦᠭᠡᠢ᠃ ᠪᠣᠭᠣᠯ ᠰᠢᠪᠡᠭᠴᠢᠨ ᠨᠦ᠍ᠭᠦᠳ ᠡᠴᠡ ᠡᠬᠢᠯᠡᠭᠡᠳ᠂ ᠨᠣᠶᠠᠳ ᠲᠦᠰᠢᠮᠡᠳ ᠨᠠᠷ ᠵᠠᠬᠢᠷᠤᠭᠴᠢ ᠲᠠᠨ ᠢ᠋ ᠪᠡᠨ ᠦᠭᠡᠢᠯᠡᠵᠦ ᠤᠢᠳᠬᠠᠷᠲᠠᠢᠬᠠᠨ ᠪᠠᠢᠭ᠎ᠠ ᠶᠠᠩᠵᠤᠲᠠᠢ᠃ ᠲᠠᠨ ᠤ᠋ ᠬᠡᠳᠦᠨ ᠬᠠᠲᠤᠳ ᠴᠢᠨᠢ ᠴᠦ᠍ ᠡᠵᠡᠨ ᠢ᠋ᠶ᠋ᠡᠨ ᠮᠥᠷᠥᠭᠡᠳᠴᠦ᠂ ᠵᠠᠷᠢᠮ ᠵᠠᠯᠠᠭᠤ ᠨᠢ ᠰᠢᠯᠢᠷᠡᠵᠦ ᠭᠦᠶᠦᠬᠦ ᠰᠢᠬᠠᠭᠠᠳ ᠯᠠ ᠪᠠᠢᠵᠤ ᠰᠠᠭᠤᠵᠤ ᠶᠠᠳᠠᠨ ᠪᠠᠢᠭ᠎ᠠ᠃ ᠮᠠᠨ ᠤ᠋ ᠵᠠᠷᠢᠮ ᠬᠥᠮᠦᠨ ᠵᠠᠬᠢᠷᠤᠭᠴᠢ ᠲᠠᠨ ᠢ᠋ ᠡᠵᠡᠨ ᠰᠢᠷᠡᠭᠡᠨ ᠳ᠋ᠦ᠍ ᠰᠠᠭᠤᠵᠤ ᠪᠠᠢᠭ᠎ᠠ ᠭᠡᠵᠦ ᠶᠠᠷᠢᠳᠠᠭ ᠪᠣᠯᠵᠠᠢ᠃ ᠡᠨᠡ ᠴᠦ᠍ ᠵᠦᠢ ᠪᠢᠵᠡ ᠳᠡ ᠭᠡᠮᠡᠨ《ᠰᠢᠷ᠎ᠠ ᠣᠯᠪᠢᠩ》 ᠪᠠᠰᠠ ᠶᠠᠷᠢᠵᠤ ᠡᠬᠢᠯᠡᠪᠡ᠃ ᠬᠤᠪᠢᠯᠠᠢ ᠳᠣᠣᠷᠠᠲᠤ ᠣᠯᠠᠨ ᠤ᠋ ᠳᠣᠲᠣᠷ᠎ᠠ ᠶᠠᠪᠤᠳᠠᠭ ᠬᠥᠮᠦᠨ ᠦ᠌ ᠦᠭᠡ ᠶ᠋ᠢ ᠰᠣᠨᠣᠰᠬᠤ ᠳᠤᠷᠠᠲᠠᠢ ᠪᠢᠯᠡ᠃ ᠲᠡᠷᠡ ᠠᠶᠠᠰ ᠢ᠋ ᠴᠦ᠍ ᠵᠠᠯᠢᠲᠤ ᠡᠮ᠎ᠡ ᠯᠣᠯᠣᠢ ᠲᠠᠭᠠᠷᠠᠭᠤᠯᠬᠤ ᠳ᠋ᠤ᠌ ᠪᠠᠨ ᠴᠢᠳᠠᠮᠠᠭ ᠢ᠋ ᠬᠡᠯᠡᠬᠦ ᠶᠠᠭᠤᠨ᠃
ᠬᠤᠪᠢᠯᠠᠢ ᠲᠠᠢᠪᠤᠩ ᠰᠠᠭᠤᠵᠤ
— ᠴᠢ ᠮᠢᠨᠦ ᠡᠨᠡ ᠰᠢᠨ᠎ᠡ ᠬᠣᠲᠠ ᠪᠠᠷ ᠶᠠᠪᠤᠵᠤ ᠦᠵᠡᠭᠰᠡᠨ ᠤᠤ? ᠠᠶᠠᠲᠠᠢᠬᠠᠨ ᠪᠠᠢᠭ᠎ᠠ ᠪᠢᠵᠡ? ᠭᠡᠵᠦ ᠠᠰᠠᠭᠤᠭᠠᠳ᠂ ᠠᠩᠬᠠᠯᠠᠨ ᠬᠠᠭᠠᠨ ᠠᠬ᠎ᠠ ᠶ᠋ᠢᠨ ᠢ᠋ᠶ᠋ᠡᠨ ᠵᠥᠪᠰᠢᠶᠡᠷᠡᠵᠦ ᠪᠠᠷᠢᠭᠤᠯᠤᠭᠰᠠᠨ ᠡᠨᠡ ᠬᠥᠭᠡᠷᠦᠬᠦᠨ ᠬᠣᠲᠠ ᠪᠠᠷ ᠥᠪᠡᠷ ᠦ᠋ᠨ ᠢ᠋ᠶ᠋ᠡᠨ ᠲᠥᠪ ᠢ᠋ ᠪᠣᠯᠭᠠᠬᠤ ᠰᠠᠨᠠᠭᠠᠲᠠᠢ ᠪᠠᠨ ᠶᠠᠷᠢᠵᠤ᠂ ᠮᠣᠩᠭᠣᠯ᠂ ᠬᠢᠲᠠᠳ ᠬᠥᠮᠦᠰ ᠴᠦ᠍ ᠡᠢᠮᠦ ᠰᠠᠨᠠᠭᠠᠲᠠᠢ ᠪᠠᠢᠭ᠎ᠠ ᠶ᠋ᠢ ᠥᠭᠦᠯᠡᠨ ᠪᠠᠢᠪᠠ᠃
ᠯᠣᠯᠣᠢ ᠠᠶ᠎ᠠ ᠲᠠᠯᠪᠢᠨ᠄
— ᠪᠢ ᠭᠠᠳᠠᠭᠤᠷ ᠶᠠᠪᠤᠵᠤ ᠠᠮᠵᠢᠭ᠎ᠠ ᠦᠭᠡᠢ᠂ ᠤᠷᠢᠳ ᠢ᠋ᠶ᠋ᠠᠷ ᠲᠠᠨ ᠢ᠋ ᠵᠢᠭᠠᠬᠠᠨ ᠵᠤᠭᠠᠴᠠᠭᠤᠯᠵᠤ ᠠᠮᠠᠷᠠᠭᠠᠬᠤ ᠰᠠᠨᠠᠭᠠᠲᠠᠢ ᠬᠣᠢᠲᠤ ᠭᠠᠵᠠᠷ ᠠ᠋ᠴᠠ ᠢᠷᠡᠭᠰᠡᠨ ᠪᠦᠰᠡᠭᠦᠢᠴᠦᠳ ᠢ᠋ ᠴᠡᠪᠡᠷᠯᠡᠵᠦ ᠶᠠᠩᠵᠤᠯᠠᠭᠠᠳ ᠰᠠᠶᠢ ᠯᠠ ᠵᠢᠭᠠᠬᠠᠨ ᠵᠠᠪ ᠭᠠᠷᠴᠤ ᠮᠠᠭᠠᠳ ᠦᠭᠡᠢ ᠪᠣᠯᠬᠣᠷ ᠨᠢ ᠲᠠᠨ ᠳ᠋ᠤ᠌ ᠰᠢᠳᠠᠷᠯᠠᠨ ᠣᠷᠣᠵᠤ ᠢᠷᠡᠯ᠎ᠡ᠃ ᠡᠬᠢᠯᠡᠭᠡᠳ ᠬᠠᠷᠠᠬᠤ ᠳ᠋ᠤ᠌ ᠲᠤᠩ ᠰᠠᠢᠬᠠᠨ ᠬᠣᠲᠠ ᠪᠣᠰᠴᠤ ᠪᠠᠢᠭ᠎ᠠ ᠰᠢᠪ᠃ ᠭᠠᠳᠠᠭᠤᠷ ᠭᠤᠳᠤᠮᠵᠢᠨ ᠳ᠋ᠤ᠌ ᠬᠢᠲᠠᠳ ᠬᠥᠮᠦᠰ ᠵᠣᠭᠰᠣᠭ᠎ᠠ ᠵᠠᠢ ᠦᠭᠡᠢ ᠬᠦᠷᠵᠡ ᠬᠠᠩᠭᠢᠨᠠᠭᠤᠯᠤᠨ ᠠᠵᠢᠯ ᠬᠢᠭᠡᠳ᠂ ᠮᠣᠩᠭᠣᠯ ᠴᠡᠷᠢᠭ ᠦ᠋ᠨ ᠳᠠᠭᠤ ᠬᠠᠳᠠᠭᠰᠠᠭᠠᠷ ᠪᠠᠢᠨ᠎ᠠ᠃ ᠶᠡᠬᠡ ᠴᠦ᠍ ᠬᠥᠯ ᠭᠦᠯᠳᠡᠢ ᠪᠠᠢᠬᠤ ᠰᠢᠪ᠃ ᠪᠢ ᠰᠡᠭᠦᠵᠢ ᠪᠡᠨ ᠠᠮᠠᠷᠠᠭᠠᠬᠤ ᠨᠢᠭᠡ ᠭᠠᠵᠠᠷ ᠣᠯᠵᠤ ᠠᠪᠤᠭᠠᠳ᠂ ᠭᠠᠳᠠᠭᠤᠷ ᠶᠠᠪᠤᠵᠤ ᠬᠣᠲᠠᠬᠠᠨ ᠤ᠋ ᠪᠠᠢᠳᠠᠯᠲᠠᠢ ᠲᠠᠨᠢᠯᠴᠠᠨ᠎ᠠ ᠭᠡᠪᠡᠯ ᠬᠤᠪᠢᠯᠠᠢ ᠳᠠᠭᠠᠯᠠᠭᠰᠠᠨ ᠴᠢᠷᠠᠢ ᠪᠠᠷ ᠬᠠᠷᠠᠵᠤ᠄
— ᠪᠢ ᠴᠢᠮᠠᠲᠤ ᠲᠤᠰᠬᠠᠢ ᠪᠠᠢᠷᠢ ᠪᠡᠯᠡᠳᠬᠡᠵᠦ ᠥᠭᠭᠦᠭᠡᠷᠡᠢ ᠭᠡᠰᠡᠨ᠃ ᠲᠡᠭᠦᠨ ᠳ᠋ᠦ᠍ ᠰᠡᠳᠬᠢᠯ ᠵᠣᠪᠠᠬᠤ ᠶᠠᠭᠤᠮ᠎ᠠ ᠦᠭᠡᠢ᠃ ᠴᠠᠭᠠᠰᠢ ᠳ᠋ᠤ᠌ ᠪᠠᠨ ᠴᠦ᠍ ᠴᠢᠮᠠᠲᠤ ᠪᠢ ᠬᠡᠳᠦᠨ ᠡᠷᠦᠬᠡ ᠠᠢᠯ ᠨᠤᠲᠤᠭ ᠮᠠᠶᠢᠭ ᠤ᠋ᠨ ᠶᠠᠭᠤᠮ᠎ᠠ ᠪᠣᠯᠭᠠᠨ ᠲᠠᠰᠤᠯᠵᠤ ᠥᠭᠭᠦᠨ᠎ᠡ᠃ ᠲᠡᠭᠡᠪᠡᠯ ᠴᠢ ᠠᠷᠤ ᠲᠠᠯ᠎ᠠ ᠤᠷᠤᠭᠤ ᠪᠠᠨ ᠰᠠᠨᠠᠭ᠎ᠠ ᠵᠣᠪᠠᠯᠲᠠ ᠦᠭᠡᠢ ᠪᠡᠷ ᠨᠠᠳᠠᠳᠤ ᠬᠠᠨᠳᠤᠵᠤ ᠪᠠᠢᠬᠤ ᠪᠢᠵᠡ ᠭᠡᠰᠡᠨ ᠶᠠᠷᠢᠶ᠎ᠠ ᠪᠣᠯᠬᠤ ᠳ᠋ᠤ᠌ ᠯᠣᠯᠣᠢ ᠵᠠᠯᠪᠠᠷᠢᠬᠤ ᠰᠢᠬᠠᠨ ᠪᠥᠬᠥᠢᠵᠦ ᠪᠠᠶᠠᠷᠯᠠᠨ ᠪᠠᠢᠭ᠎ᠠ ᠪᠠᠨ ᠢᠯᠡᠷᠬᠡᠢᠯᠡᠭᠡᠳ᠂ ᠭᠠᠭᠴᠠ ᠨᠢᠭᠡ ᠨᠣᠶᠠᠨ ᠤ᠋ ᠲᠠᠯ᠎ᠠ ᠪᠠᠷ ᠰᠡᠳᠬᠢᠯ ᠳᠠᠭ᠎ᠠ ᠦᠭᠡᠢ ᠪᠠᠢᠳᠠᠯᠲᠠᠢ ᠪᠠᠢᠭ᠎ᠠ ᠶ᠋ᠢ ᠬᠣᠪ ᠪᠣᠯᠭᠠᠨ ᠥᠭᠦᠯᠡᠵᠦ ᠭᠠᠷᠪᠠ᠃ ᠡᠨᠡ ᠴᠦ᠍ ᠭᠡᠮ ᠪᠢᠰᠢ ᠵᠠᠩ᠃ ᠵᠠᠬᠢᠷᠤᠭᠴᠢ ᠪᠤᠰᠤᠳ ᠠ᠋ᠴᠠ ᠬᠣᠪ ᠵᠢᠪ ᠦ᠋ᠨ ᠴᠢᠨᠠᠷᠲᠠᠢ ᠦᠭᠡ ᠰᠣᠨᠣᠰᠬᠤ ᠳᠤᠷ᠎ᠠ ᠦᠭᠡᠢ ᠪᠠᠢᠳᠠᠭ ᠠᠲᠠᠯ᠎ᠠ ᠪᠠᠨ ᠯᠣᠯᠣᠢ ᠶ᠋ᠢ ᠯᠡ ᠬᠡᠨ ᠡᠴᠡ ᠴᠦ᠍ ᠢᠯᠡᠭᠦᠦ ᠢᠳᠡᠭᠡᠨ᠂ ᠲᠡᠭᠦᠨ ᠦ᠌ ᠶᠠᠷᠢᠶ᠎ᠠ ᠶ᠋ᠢ ᠰᠣᠨᠣᠰᠬᠤ ᠲᠠᠭᠠᠯᠠᠯᠲᠠᠢ ᠪᠠᠢᠳᠠᠭ᠃ ᠠᠷᠭ᠎ᠠ ᠴᠦ᠍ ᠦᠭᠡᠢ ᠪᠣᠯᠪᠠ ᠤᠤ᠃ ᠡᠨᠡ ᠠᠪᠠᠭᠠᠢ ᠬᠤᠪᠢᠯᠠᠢ ᠶ᠋ᠢᠨ ᠰᠥᠨᠢ ᠶ᠋ᠢᠨ ᠵᠤᠭ᠎ᠠ ᠶ᠋ᠢ ᠭᠠᠷᠭᠠᠬᠤ ᠬᠠᠮᠤᠭ《ᠲᠡᠵᠢᠭᠡᠯ》 ᠢ᠋ ᠨᠢ ᠪᠡᠯᠡᠳᠬᠡᠨ ᠲᠣᠷᠳᠠᠵᠤ᠂ ᠬᠠᠮᠢᠭᠠᠬᠢ ᠶ᠋ᠢᠨ ᠶᠠᠮᠠᠷ ᠰᠢᠦ ᠡᠮᠡᠭᠲᠡᠢ ᠶᠠᠭᠠᠬᠢᠵᠤ ᠨᠠᠷᠭᠢᠪᠠᠯ ᠲᠠᠭᠠᠷᠠᠬᠤ ᠶ᠋ᠢ ᠨᠢ ᠵᠢᠭᠠᠵᠤ ᠪᠠᠢᠳᠠᠭ ᠪᠣᠯᠬᠣᠷ ᠲᠡᠭᠦᠨ ᠳ᠋ᠦ᠍ ᠢᠲᠡᠭᠡᠬᠦ ᠡᠴᠡ ᠥᠭᠡᠷ᠎ᠡ ᠠᠷᠭ᠎ᠠ ᠦᠭᠡᠢ ᠮᠡᠲᠦ ᠪᠢᠯᠡ᠃ ᠶᠡᠷᠦ ᠨᠢ ᠬᠤᠪᠢᠯᠠᠢ ᠬᠡᠨ ᠬᠥᠮᠦᠨ ᠲᠡᠢ ᠬᠤᠪᠢ ᠶ᠋ᠢᠨ ᠲᠠᠯ᠎ᠠ ᠪᠠᠷ ᠳᠣᠲᠣᠨᠣᠴᠢᠯᠠᠳᠠᠭ ᠦᠭᠡᠢ᠂ ᠥᠪᠡᠷ ᠦ᠋ᠨ ᠢ᠋ᠶ᠋ᠡᠨ ᠠᠵᠤ ᠪᠠᠢᠳᠠᠯ ᠢ᠋ ᠪᠤᠰᠤᠳ ᠳᠤ ᠬᠡᠯᠡᠬᠦ ᠳᠤᠷ᠎ᠠ ᠦᠭᠡᠢ᠂ ᠲᠣᠭᠯᠠᠭᠠᠮ ᠨᠠᠷᠭᠢᠶᠠᠨ ᠳ᠋ᠤ᠌ ᠴᠦ᠍ ᠴᠠᠭ ᠵᠠᠷᠤᠬᠤ ᠳᠤᠷ᠎ᠠ ᠦᠭᠡᠢ᠂ ᠶᠠᠷᠢᠶ᠎ᠠ ᠬᠦᠷᠦᠭᠡ ᠴᠥᠭᠡᠨᠲᠡᠢ᠂ ᠭᠠᠭᠴᠠᠭᠠᠷᠳᠠᠮᠠᠯ ᠮᠡᠲᠦ ᠪᠠᠢᠳᠠᠭ᠃ ᠡᠢᠮᠦ ᠪᠣᠯᠬᠣᠷ ᠲᠡᠭᠦᠨ ᠦ᠌ ᠵᠤᠭ᠎ᠠ ᠶ᠋ᠢ ᠭᠠᠷᠭᠠᠬᠤ ᠭᠠᠭᠴᠠ ᠵᠦᠢᠯ ᠨᠢ ᠪᠣᠯᠬᠤ ᠴᠢᠷᠠᠢᠯᠢᠭ ᠡᠮᠡᠰ ᠢ᠋ ᠡᠭᠡᠯᠵᠢ ᠳᠠᠷᠠᠭ᠎ᠠ ᠲᠠᠢ ᠪᠡᠯᠡᠳᠬᠡᠵᠦ ᠲᠣᠭᠠᠯᠠᠭᠤᠯᠳᠠᠭ ᠬᠥᠮᠦᠨ ᠨᠢ ᠯᠤᠤᠯᠢ ᠰᠢᠦ ᠳᠡ①᠃ ᠨᠢᠭᠡ ᠦᠭᠡ ᠪᠡᠷ ᠬᠡᠯᠡᠪᠡᠯ ᠯᠣᠯᠣᠢ ᠬᠤᠪᠢᠯᠠᠢ ᠶ᠋ᠢᠨ《ᠬᠣᠭᠣᠯᠠ ᠲᠡᠵᠢᠭᠡᠯ》 ᠦ᠋ᠨ ᠨᠢᠭᠡ ᠴᠤᠬᠠᠭ ᠬᠡᠰᠡᠭ ᠢ᠋ ᠨᠢ ᠭᠠᠷ ᠳᠤ ᠪᠠᠨ ᠠᠳᠬᠤᠨ ᠶᠠᠪᠤᠭ᠎ᠠ ᠬᠥᠮᠦᠨ ᠨᠢ ᠪᠣᠯᠬᠣᠷ ᠡᠵᠡᠨ ᠦ᠌ ᠡᠷᠬᠢᠮ ᠨᠢ ᠪᠠᠢᠯ ᠦᠭᠡᠢ ᠶᠠᠭᠠᠬᠢᠬᠤ ᠪᠣᠢ᠃
ᠯᠣᠯᠣᠢ ᠴᠦ᠍ ᠴᠢᠩᠭᠢᠵᠦ ᠶᠠᠪᠤᠬᠤ ᠶ᠋ᠢ ᠪᠡᠨ《ᠡᠷᠬᠢᠮ ᠳᠡᠭᠡᠳᠦ ᠦᠢᠯᠡ》 ᠭᠡᠵᠦ ᠪᠣᠳᠣᠵᠤ᠂ ᠲᠡᠭᠦᠨ ᠳ᠋ᠦ᠍ ᠪᠡᠨ ᠳᠤᠷᠠᠯᠠᠨ᠂ ᠬᠠᠮᠤᠭ ᠠᠩᠬᠠᠷᠤᠯ ᠢ᠋ᠶ᠋ᠠᠨ ᠲᠠᠯᠪᠢᠵᠤ ᠭᠦᠶᠦᠳᠡᠭ ᠪᠢᠯᠡ᠃
— ᠵᠠ ᠮᠠᠨ ᠤ᠋ ᠬᠢᠨ ᠲᠡᠢᠮᠦ ᠪᠠᠢᠭ᠎ᠠ ᠪᠠᠢᠵᠠᠢ᠃ ᠴᠠᠭᠠᠨ ᠵᠠᠩᠵᠤᠨ᠂ ᠪᠠᠶᠠᠨ ᠵᠠᠩᠵᠤᠨ ᠨᠠᠷ ᠶᠠᠮᠠᠷ ᠰᠢᠦ ᠶᠠᠮᠠᠷ ᠠᠶ᠎ᠠ ᠵᠠᠩᠲᠠᠢ ᠪᠠᠢᠨ᠎ᠠ ᠪᠣᠢ? ᠴᠢ ᠶᠠᠭᠤ ᠠᠵᠢᠭᠯᠠᠪᠠ ᠳᠠ! ᠭᠡᠵᠦ ᠬᠤᠪᠢᠯᠠᠢ ᠰᠠᠨᠠᠭᠠᠨ ᠳ᠋ᠤ᠌ ᠣᠷᠣᠮ᠎ᠠ ᠦᠭᠡᠢ ᠥᠭᠡᠷ᠎ᠡ ᠵᠦᠢᠯ ᠠᠰᠠᠭᠤᠯ᠎ᠠ᠃
ᠯᠣᠯᠣᠢ ᠲᠥᠯᠥᠪ ᠴᠢᠷᠠᠢ ᠪᠠᠷ᠄
— ᠪᠢ ᠨᠠᠷᠢᠨ ᠰᠢᠷᠢᠨ ᠶᠠᠭᠤᠮ᠎ᠠ ᠶ᠋ᠢ ᠨᠢ ᠶᠠᠭᠠᠬᠢᠵᠤ ᠮᠡᠳᠡᠬᠦ ᠪᠣᠢ᠃ ᠴᠠᠭᠠᠨ ᠭᠤᠸᠠᠢ ᠲᠠᠨ ᠲᠠᠢ ᠬᠠᠮᠲᠤ ᠬᠣᠢᠲᠤ ᠵᠦᠭ ᠶᠠᠪᠤᠭᠰᠠᠨ ᠪᠣᠯᠬᠣᠷ ᠲᠠ ᠥᠪᠡᠷ ᠢ᠋ᠶ᠋ᠡᠨ ᠰᠠᠢᠨ ᠮᠡᠳᠡᠵᠦ ᠪᠠᠢᠭ᠎ᠠ ᠪᠢᠵᠡ᠃ ᠪᠠᠶᠠᠨ ᠵᠠᠩᠵᠤᠨ ᠲᠠᠢ ᠪᠢ ᠣᠯᠠᠨ ᠠᠭᠤᠯᠵᠠᠬᠤ ᠪᠢᠰᠢ᠃ ᠲᠡᠷᠡ ᠬᠥᠮᠦᠨ ᠭᠣᠣᠯᠳᠠᠭᠤ ᠴᠡᠷᠢᠭ ᠳᠡᠭᠡᠷ᠎ᠡ ᠪᠡᠨ ᠪᠠᠢᠳᠠᠭ᠃ ᠰᠠᠭᠤᠷᠢᠨ ᠳᠡᠭᠡᠷ᠎ᠡ ᠪᠠᠷᠤᠭ ᠢᠷᠡᠳᠡᠭ ᠦᠭᠡᠢ ᠪᠣᠯᠬᠣᠷ ᠨᠠᠳᠠᠳᠤ ᠮᠡᠳᠡᠭᠰᠡᠨ ᠶᠠᠭᠤᠮ᠎ᠠ ᠠᠯᠠᠭ᠎ᠠ᠂ ᠶᠡᠷᠦ ᠨᠢ ᠪᠠᠶᠠᠨ ᠭᠤᠸᠠᠢ ᠳᠡᠭᠡᠳᠦ ᠶ᠋ᠢᠨ ᠵᠠᠷᠯᠢᠭ ᠶᠠᠭᠤ ᠪᠠᠢᠨ᠎ᠠ ᠪᠣᠢ ᠭᠡᠬᠦ ᠡᠴᠡ ᠥᠭᠡᠷ᠎ᠡ ᠶᠠᠭᠤᠮ᠎ᠠ ᠪᠣᠳᠣᠳᠠᠭ ᠦᠭᠡᠢ᠂ ᠵᠠᠪ ᠯᠠ ᠭᠠᠷᠪᠠᠯ ᠴᠡᠷᠢᠭ ᠢ᠋ᠶ᠋ᠡᠨ ᠪᠣᠳᠣᠵᠤ ᠶᠠᠪᠤᠳᠠᠭ ᠡᠷ᠎ᠡ ᠴᠡᠷᠢᠭ ᠦ᠋ᠨ ᠶᠡᠬᠡ ᠴᠢᠳᠠᠪᠤᠷᠢᠲᠠᠢ᠂ ᠨᠡᠷ᠎ᠡ ᠳ᠋ᠦ᠍ ᠭᠠᠷᠤᠭᠰᠠᠨ ᠵᠠᠩᠵᠤᠨ ᠳ᠋ᠤ᠌ ᠳᠣᠣᠷᠠᠲᠤ ᠡᠮ᠎ᠡ ᠪᠢ ᠰᠢᠳᠠᠷᠯᠠᠬᠤ ᠴᠤ᠌ ᠭᠡᠵᠦ ᠬᠦᠰᠡᠳᠡᠭ ᠦᠭᠡᠢ᠃ ᠪᠠᠶᠠᠨ ᠭᠤᠸᠠᠢ ᠳ᠋ᠤ᠌ ᠢᠯᠡᠭᠦᠦ ᠳᠤᠲᠠᠭᠤ ᠦᠭᠡ ᠶᠠᠷᠢᠶ᠎ᠠ ᠪᠠᠢᠬᠤ ᠪᠢᠰᠢ ᠳᠡ ᠭᠡᠵᠦ ᠯᠣᠯᠣᠢ ᠲᠡᠷᠡ ᠵᠠᠩᠵᠤᠨ ᠳ᠋ᠤ᠌ ᠥᠪᠡᠷ ᠢ᠋ᠶ᠋ᠡᠨ ᠳᠠᠭᠠᠯᠠᠯᠲᠠᠢ ᠪᠠᠢᠳᠠᠯ ᠢ᠋ᠶ᠋ᠠᠷ ᠬᠡᠯᠡᠯ᠎ᠡ᠃ ᠲᠡᠷᠡ ᠪᠡᠷ ᠡᠵᠡᠨ ᠢ᠋ᠶ᠋ᠡᠨ ᠪᠠᠶᠠᠨ ᠵᠠᠩᠵᠤᠨ ᠳ᠋ᠤ᠌ ᠶᠠᠭᠠᠬᠢᠭᠠᠳ ᠠᠩᠬᠠᠷᠤᠯ ᠲᠠᠯᠪᠢᠭᠠᠳ ᠪᠠᠢᠭ᠎ᠠ ᠶ᠋ᠢ ᠡᠰᠡ ᠠᠩᠵᠠᠭᠠᠷᠠᠪᠠ᠃
ᠬᠤᠪᠢᠯᠠᠢ ᠪᠠᠢᠨ ᠪᠠᠢᠨ ᠳᠡᠷᠭᠡᠳᠡᠬᠢ ᠬᠥᠮᠦᠰ ᠢ᠋ᠶ᠋ᠡᠨ᠂ ᠢᠯᠠᠩᠭᠤᠶ᠎ᠠ ᠬᠢᠲᠠᠳ ᠨᠣᠶᠠᠳ ᠤ᠋ᠨ ᠪᠠᠢᠳᠠᠯ ᠢ᠋ ᠠᠰᠠᠭᠤᠨ《ᠴᠢ ᠴᠠᠭ ᠦᠷᠭᠦᠯᠵᠢᠳᠡ ᠠᠵᠢᠨ ᠮᠡᠳᠡᠵᠦ᠂ ᠶᠠᠭᠤ ᠪᠣᠯᠵᠤ ᠪᠠᠢᠭ᠎ᠠ ᠶ᠋ᠢ ᠥᠪᠡᠷ ᠲᠦ᠍ ᠪᠡᠨ ᠬᠡᠯᠡᠵᠦ ᠪᠠᠢ》 ᠭᠡᠮᠡᠨ ᠯᠣᠯᠣᠢ ᠠᠪᠠᠭᠠᠢ ᠳ᠋ᠤ᠌ ᠵᠠᠬᠢᠳᠠᠭ᠂ ᠲᠡᠷᠡ ᠶᠣᠰᠣᠭᠠᠷ ᠢ᠋ᠶ᠋ᠠᠨ ᠯᠠ ᠪᠠᠶᠠᠨ ᠢ᠋ ᠠᠰᠠᠭᠤᠵᠤ ᠪᠠᠢᠨ᠎ᠠ ᠭᠡᠵᠦ ᠰᠠᠢᠬᠢ ᠠᠪᠠᠭᠠᠢ ᠪᠣᠳᠣᠪᠠ᠃
ᠭᠡᠲᠡᠯ᠎ᠡ ᠬᠤᠪᠢᠯᠠᠢ ᠳ᠋ᠤ᠌ ᠤᠷᠢᠶᠠᠩᠬᠠᠢᠳᠠᠢ᠂ ᠪᠠᠶᠠᠨ᠂ ᠴᠠᠭᠠᠨ ᠨᠠᠷ ᠠ᠋ᠴᠠ ᠪᠣᠯᠭᠣᠮᠵᠢᠯᠠᠬᠤ᠂ ᠪᠣᠯᠵᠤ ᠥᠭᠪᠡᠯ ᠲᠡᠳᠡᠨ ᠢ᠋ ᠪᠦᠷᠢᠨ᠎ᠡ ᠭᠠᠷ ᠲᠤ ᠪᠠᠨ ᠣᠷᠣᠭᠤᠯᠤᠨ᠂ ᠳᠡᠭᠡᠳᠦ ᠬᠡᠮᠵᠢᠶ᠎ᠡ ᠪᠡᠷ ᠠᠰᠢᠭᠯᠠᠬᠤ ᠨᠡᠩ ᠴᠤᠬᠠᠭ ᠬᠡᠷᠡᠭ ᠲᠤᠯᠭᠠᠷᠠᠵᠤ ᠪᠠᠢᠭ᠎ᠠ ᠶ᠋ᠢ《ᠨᠣᠭᠣᠭᠠᠨ ᠲᠠᠢᠷᠠᠩ》 ᠶᠠᠭᠠᠬᠢᠨ ᠮᠡᠳᠡᠬᠦ ᠪᠢᠯᠡ᠃
— ᠲᠠᠨ ᠤ᠋ ᠥᠷᠭᠥᠭᠡ ᠲᠤᠩ ᠴᠤ᠌ ᠲᠣᠬᠢᠯᠢᠭ᠂ ᠭᠣᠶᠣ ᠰᠠᠢᠬᠠᠨ ᠪᠠᠢᠨ᠎ᠠ᠃ ᠡᠢᠮᠦ ᠣᠷᠳᠣᠨ ᠳ᠋ᠤ᠌ ᠡᠵᠡᠨ ᠬᠥᠮᠦᠨ ᠳᠤᠷ᠎ᠠ ᠪᠠᠷ ᠢ᠋ᠶ᠋ᠠᠨ ᠵᠤᠭᠠᠴᠠᠵᠤ ᠪᠠᠢᠬᠤ ᠦᠭᠡᠢ ᠪᠣᠯ ᠡᠷ᠎ᠡ ᠶ᠋ᠢᠨ ᠠᠵᠠ ᠵᠠᠶᠠᠭᠠᠨ ᠳ᠋ᠤ᠌ ᠮᠠᠭᠤ ᠪᠢᠵᠡ᠃ ᠪᠣᠭᠣᠯ ᠨᠢ ᠣᠷᠣᠢ ᠭᠠᠵᠠᠷ ᠠ᠋ᠴᠠ ᠢᠷᠡᠭᠰᠡᠨ ᠵᠢᠷᠤᠭ ᠤ᠋ᠨ ᠶᠤᠮ ᠰᠢᠭ᠋ ᠬᠣᠶᠠᠷ ᠭᠤᠸ᠎ᠠ ᠪᠦᠰᠡᠭᠦᠢ ᠣᠷᠣᠭᠤᠯᠵᠤ ᠢᠷᠡᠨ᠎ᠡ᠃ ᠲᠠ ᠲᠠᠭᠠᠯᠠᠵᠤ ᠪᠤᠯᠭᠤᠭᠠᠷᠠᠢ! ᠴᠡᠭᠡᠷᠯᠡᠬᠦ ᠶᠠᠭᠤ ᠪᠠᠢᠬᠤ ᠪᠣᠢ᠃ ᠡᠷ᠎ᠡ ᠬᠥᠮᠦᠨ ᠦ᠌ ᠶᠠᠪᠤᠳᠠᠯ᠃ ᠲᠡᠭᠡᠭᠡᠳ《ᠪᠠᠯ ᠪᠤᠷᠠᠮ》 ᠵᠣᠭᠣᠭᠯᠠᠬᠤ ᠪᠢᠵᠡ᠃ ᠪᠢ ᠪᠠᠰᠠ ᠲᠡᠷᠡ ᠴᠠᠭ ᠲᠤ ᠬᠡᠷᠡᠭᠯᠡᠬᠦ ᠵᠣᠭᠣᠭ ᠤ᠋ᠨ ᠵᠦᠢᠯ ᠢ᠋ ᠲᠠᠨ ᠤ᠋ ᠤᠨᠲᠠᠯᠭ᠎ᠠ ᠶ᠋ᠢᠨ ᠥᠷᠥᠭᠡᠨ ᠳ᠋ᠦ᠍ ᠪᠡᠯᠡᠳᠬᠡᠭᠦᠯᠦᠨᠡ ᠭᠡᠵᠦ《ᠭᠦᠢᠲᠡᠩ ᠠᠪᠠᠭᠠᠢ》 ᠬᠡᠯᠡᠭᠡᠳ ᠦᠷᠭᠦᠭᠡᠨ ᠡᠴᠡ ᠭᠠᠷᠤᠯ᠎ᠠ᠃ ᠯᠣᠯᠣᠢ ᠶ᠋ᠢ ᠢᠩᠭᠢᠵᠦ ᠰᠢᠳᠠᠷ ᠤ᠋ᠳ ᠨᠡᠷᠡᠯᠡᠳᠡᠭ᠃ ᠲᠡᠷᠡ ᠨᠢ ᠴᠣᠬᠣᠮ ᠶᠠᠭᠤ ᠭᠡᠰᠡᠨ ᠦᠭᠡ ᠪᠣᠢ᠂ ᠮᠡᠳᠡᠬᠦ ᠦᠭᠡᠢ᠃《 ᠭᠦᠶᠦᠳᠡᠭ》 ᠴᠦ᠍ ᠭᠡᠵᠦ ᠪᠠᠢᠭ᠎ᠠ ᠶᠤᠮ ᠤᠤ᠂ ᠬᠡᠨ ᠮᠡᠳᠡᠬᠦ ᠪᠢᠯᠡ᠃
ᠨᠠᠷᠠᠨ ᠰᠢᠩᠭᠡᠬᠦ ᠦᠶ᠎ᠡ ᠪᠡᠷ ᠨᠠᠮᠤᠭᠤᠬᠠᠨ ᠣᠷᠣᠢ ᠢᠷᠡᠯ᠎ᠡ᠃ ᠠᠭᠠᠷ ᠲᠩᠷᠢ ᠶᠠᠭᠤᠲᠠᠢ ᠲᠠᠭᠠᠯᠠᠮᠵᠢᠲᠠᠢ ᠪᠣᠢ᠃
ᠡᠵᠡᠨ ᠵᠠᠬᠢᠷᠤᠭᠴᠢ ᠬᠢᠲᠠᠳ ᠬᠢᠴᠡᠨ ᠦ᠌ ᠬᠡᠯᠬᠡᠭᠡᠷ ᠲᠣᠮᠣ ᠲᠣᠷᠭᠠᠨ ᠨᠥᠮᠥᠷᠭᠡ ᠡᠩᠭᠡᠷ ᠵᠠᠳᠠᠭᠠᠢ ᠨᠥᠮᠥᠷᠦᠭᠡᠳ ᠣᠷᠳᠣᠨ ᠤ᠋ ᠪᠠᠨ ᠥᠷᠭᠡᠨ ᠲᠠᠭᠲᠤ ᠳᠡᠭᠡᠷ᠎ᠡ ᠭᠠᠷᠤᠨ ᠵᠣᠭᠰᠣᠵᠤ ᠣᠷᠴᠢᠨ ᠢ᠋ ᠠᠵᠢᠭᠯᠠᠨ᠎ᠠ᠃
ᠬᠣᠲᠠ ᠶ᠋ᠢᠨ ᠪᠠᠢᠳᠠᠯ ᠪᠦᠬᠦᠯᠢ ᠳ᠋ᠦ᠍ ᠪᠡᠨ ᠰᠠᠢᠬᠠᠨ ᠬᠠᠷᠠᠭᠳᠠᠪᠠ᠃ ᠨᠠᠷᠢᠪᠲᠤᠷ ᠪᠣᠯᠪᠠᠴᠤ ᠴᠢᠬᠡ ᠰᠢᠯᠤᠭᠤᠨ ᠭᠤᠳᠤᠮᠵᠢ ᠭᠠᠷᠭᠠᠨ ᠪᠠᠷᠢᠭᠰᠠᠨ ᠡᠨᠡ ᠰᠠᠭᠤᠷᠢᠨ ᠴᠠᠭᠠᠨ᠎ᠠ ᠪᠠᠨ ᠯᠠ ᠨᠢᠭᠡ ᠲᠣᠬᠢᠲᠠᠢ᠂ ᠴᠡᠪᠡᠷ ᠭᠣᠶᠣᠮᠰᠣᠭ ᠨᠢ ᠨᠢᠳᠦ ᠪᠤᠯᠢᠶᠠᠬᠤ ᠦᠭᠡᠢ ᠪᠠᠢᠬᠤ ᠠᠷᠭ᠎ᠠ ᠦᠭᠡᠢ᠃ ᠬᠥᠬᠡ ᠸᠠᠭᠠᠷ ᠤ᠋ᠨ ᠳᠡᠭᠡᠪᠦᠷ ᠲᠡᠢ ᠬᠣᠶᠠᠷ ᠭᠤᠷᠪᠠᠨ ᠳᠠᠪᠬᠤᠷ ᠪᠠᠢᠰᠢᠩ ᠢ᠋ᠶ᠋ᠠᠷ ᠣᠷᠴᠢᠨ ᠢ᠋ ᠨᠢ ᠬᠦᠷᠢᠶᠡᠯᠡᠭᠦᠯᠵᠦ᠂ ᠬᠠᠷ᠎ᠠ ᠬᠣᠷᠣᠮ ᠢ᠋ ᠳᠠᠭᠤᠷᠢᠶᠠᠯᠭᠠᠭᠰᠠᠨ ᠶᠤᠮ ᠰᠢᠭ᠋ ᠪᠠᠷᠠᠭᠤᠨ ᠬᠣᠢᠲᠤ ᠬᠡᠰᠡᠭ ᠲᠦ᠍ ᠨᠢ ᠡᠵᠡᠨ ᠵᠠᠬᠢᠷᠤᠭᠴᠢ ᠶ᠋ᠢᠨ ᠣᠷᠳᠣᠨ ᠢ᠋ ᠪᠠᠢᠭᠤᠯᠵᠠᠢ᠃ ᠡᠨᠡ ᠣᠷᠳᠣᠨ ᠨᠢᠭᠡ ᠲᠠᠯ᠎ᠠ ᠠ᠋ᠴᠠ ᠪᠠᠨ ᠬᠣᠶᠠᠷ᠂ ᠨᠥᠭᠦᠭᠡ ᠲᠠᠯ᠎ᠠ ᠠ᠋ᠴᠠ ᠪᠠᠨ ᠭᠤᠷᠪᠠᠨ ᠳᠠᠪᠬᠤᠷ᠂ ᠮᠠᠢᠬᠠᠨ ᠣᠷᠣᠢ ᠲᠠᠢ ᠪᠠᠢᠰᠢᠩ ᠪᠢᠯᠡ᠃ ᠣᠷᠳᠣᠨ ᠢ᠋ ᠲᠣᠭᠣᠷᠢᠭᠤᠯᠤᠭᠠᠳ ᠮᠣᠳᠣ ᠴᠡᠴᠡᠭ ᠲᠠᠷᠢᠵᠤ ᠤᠷᠭᠤᠭᠤᠯᠤᠭᠰᠠᠨ᠂ ᠤᠰᠤᠨ ᠣᠷᠭᠢᠭᠤᠯᠤᠭᠤᠷ ᠬᠣᠶᠠᠷ ᠢ᠋ ᠪᠠᠢᠭᠤᠯᠤᠭᠰᠠᠨ ᠨᠢ ᠠᠭᠠᠷ ᠢ᠋ ᠴᠢᠭᠢᠭᠯᠢᠭ᠂ ᠲᠠᠭᠠᠯᠠᠮᠵᠢᠲᠠᠢ ᠪᠣᠯᠭᠠᠭᠰᠠᠨ ᠪᠠᠢᠨ᠎ᠠ᠃ ᠶᠡᠷᠦ ᠨᠢ ᠶᠠᠭᠠᠬᠢᠵᠤ ᠬᠡᠳᠦᠬᠡᠨ ᠵᠢᠯ ᠦ᠋ᠨ ᠳᠣᠲᠣᠷ᠎ᠠ ᠡᠢᠮᠦ ᠭᠣᠶᠣᠮᠰᠣᠭ ᠣᠷᠳᠣᠨ᠂ ᠪᠦᠬᠦᠯᠢ ᠪᠦᠲᠦᠨ ᠬᠣᠲᠠᠬᠠᠨ ᠢ᠋ ᠢᠩᠭᠢᠵᠦ ᠭᠣᠶᠣ ᠴᠡᠮᠴᠡᠭᠡᠷ ᠢ᠋ᠶ᠋ᠡᠷ ᠪᠠᠷᠢᠪᠠ ᠠ᠋ ᠭᠡᠮᠡᠷ ᠠᠵᠢ᠃ ᠲᠡᠷᠡ ᠪᠦᠬᠦᠨ ᠢ᠋ ᠲᠠᠭᠠᠯᠠᠨ ᠬᠠᠷᠠᠵᠤ ᠪᠠᠢᠭ᠎ᠠ ᠬᠤᠪᠢᠯᠠᠢ ᠨᠢᠳᠦ ᠪᠡᠨ ᠣᠨᠢᠢᠯᠭᠠᠨ
— ᠬᠢᠲᠠᠳ ᠬᠥᠮᠦᠨ ᠴᠦ᠍ ᠬᠡᠯᠡᠵᠦ ᠪᠠᠷᠠᠬᠤ ᠶ᠋ᠢᠨ ᠠᠷᠭ᠎ᠠ ᠦᠭᠡᠢ ᠶᠡᠬᠡ ᠠᠵᠢᠯᠴᠢ ᠶᠤᠮ᠃ ᠴᠡᠷᠢᠭ ᠦ᠋ᠳ ᠴᠦ᠍ ᠰᠦᠷᠡᠬᠡᠢ ᠴᠠᠭᠳᠠᠨ᠂ ᠵᠣᠭᠰᠣᠭ᠎ᠠ ᠵᠠᠢ ᠦᠭᠡᠢ ᠱᠠᠭᠠᠷᠳᠠᠵᠤ ᠬᠥᠳᠡᠯᠭᠡᠳᠡᠭ ᠡᠴᠡ ᠡᠰᠡ ᠵᠠᠢᠯᠠᠪᠠ ᠭᠡᠵᠢ᠃ ᠡᠢᠮᠦ ᠲᠣᠬᠢᠲᠠᠢ ᠭᠠᠵᠠᠷ ᠬᠥᠮᠦᠨ ᠰᠠᠭᠤᠷᠢᠰᠢᠭᠠᠳ ᠬᠡᠷᠡᠭ ᠶᠠᠪᠤᠭᠤᠯᠵᠤ ᠪᠠᠢᠬᠤ ᠳ᠋ᠤ᠌ ᠲᠠᠭᠠᠲᠠᠢ ᠪᠠᠢᠯ ᠦᠭᠡᠢ ᠶᠠᠭᠠᠬᠢᠬᠤ ᠪᠣᠢ ᠭᠡᠮᠡᠨ ᠠᠮᠠᠨ ᠳᠣᠲᠣᠷ᠎ᠠ ᠪᠠᠨ ᠶᠠᠷᠢᠵᠤ ᠪᠠᠢᠬᠤ ᠳ᠋ᠤ᠌ ᠪᠠᠨ ᠪᠦᠬᠦ ᠬᠣᠲᠠ ᠶ᠋ᠢᠨ ᠵᠢᠷᠤᠭ ᠲᠥᠰᠦᠯ ᠢ᠋ ᠪᠦᠲᠦᠭᠡᠭᠰᠡᠨ ᠬᠢᠲᠠᠳ ᠡᠷᠳᠡᠮᠲᠡᠨ ᠯᠢᠦ ᠪᠢᠩ ᠵᠦᠩ ᠦ᠋ᠨ ᠤᠷ᠎ᠠ ᠤᠬᠠᠭᠠᠨ ᠬᠣᠶᠠᠷ ᠢ᠋ ᠪᠠᠬᠠᠳᠤᠨ᠂《ᠮᠥᠨ ᠴᠦ᠍ ᠰᠦᠷᠡᠬᠡᠢ ᠬᠥᠮᠦᠨ ᠪᠢᠳᠡᠨ ᠳ᠋ᠦ᠍ ᠲᠠᠭᠠᠷᠠᠯᠳᠤᠵᠠᠢ᠃ ᠵᠣᠣ ᠪᠢ〈ᠪᠠᠭᠰᠢ〉 ᠮᠢᠨᠢ ᠯᠡ ᠠᠩᠬᠠᠨ ᠯᠢᠦ ᠪᠢᠩ ᠵᠦᠩ ᠢ᠋ ᠲᠠᠨᠢᠨ ᠮᠡᠳᠡᠵᠦ ᠣᠯᠵᠤ ᠥᠭᠭᠦᠭᠰᠡᠨ᠃ ᠡᠢᠮᠦ ᠬᠥᠮᠦᠰ ᠢ᠋ ᠲᠠ ᠨᠠᠷ ᠳᠡᠭᠡᠷ᠎ᠡ ᠢᠷᠡᠭᠦᠯᠦᠨ᠎ᠡ ᠤᠤ ᠭᠡᠰᠡᠨ ᠲᠩᠷᠢ ᠶ᠋ᠢᠨ ᠥᠷᠥᠰᠢᠶᠡᠯ᠃ ᠲᠡᠭᠦᠨ ᠢ᠋ᠶ᠋ᠡᠷ ᠪᠦᠲᠦᠭᠰᠡᠨ ᠬᠡᠷᠡᠭ》 ᠭᠡᠮᠡᠨ ᠪᠣᠳᠣᠵᠤ
— ᠤᠷ᠎ᠠ ᠤᠬᠠᠭᠠᠨ ᠬᠣᠶᠠᠷ ᠢ᠋ ᠬᠣᠣᠰᠯᠠᠭᠤᠯᠤᠭᠰᠠᠨ ᠬᠥᠮᠦᠨ ᠦ᠌ ᠭᠡᠵᠦ ᠨᠠᠳᠠᠳᠤ ᠲᠡᠷᠡ ᠤᠷᠠᠨ ᠴᠢᠳᠠᠪᠤᠷᠢᠲᠠᠨ ᠬᠡᠯᠡᠭᠡᠳ ᠪᠠᠢᠭ᠎ᠠ ᠨᠢ ᠪᠠᠰᠠ ᠤᠴᠢᠷᠲᠠᠢ ᠪᠢᠵᠡ᠃ ᠶᠡᠷᠦ ᠨᠢ ᠬᠢᠲᠠᠳ ᠢ᠋ ᠲᠡᠷᠢᠭᠦᠯᠡᠨ ᠰᠠᠭᠤᠵᠤ ᠬᠥᠲᠥᠯᠦᠨ᠎ᠡ ᠭᠡᠳᠡᠭ ᠦ᠋ᠨ ᠬᠡᠷᠡᠭ ᠢ᠋ ᠪᠦᠷ ᠲᠠᠷᠢᠬᠢᠨ ᠳᠡᠭᠡᠷ᠎ᠡ ᠨᠢ ᠰᠠᠭᠤᠵᠤ ᠯᠠ ᠪᠠᠢᠵᠤ ᠬᠢᠬᠦ ᠡᠴᠡ ᠥᠭᠡᠷ᠎ᠡ ᠠᠷᠭ᠎ᠠ ᠦᠭᠡᠢ ᠪᠠᠢᠬᠤ ᠠ᠋᠃ ᠲᠡᠭᠦᠨ ᠢ᠋ ᠲᠡᠷᠡ ᠡᠷᠳᠡᠮᠲᠡᠨ ᠤᠬᠠᠭᠠᠲᠠᠢ ᠪᠣᠳᠣᠭᠠᠳ ᠨᠠᠮᠠᠶ᠋ᠢ ᠡᠨᠳᠡ ᠰᠠᠭᠤᠵᠤ ᠪᠠᠢ ᠭᠡᠵᠦ ᠪᠠᠢᠭ᠎ᠠ ᠪᠢᠵᠡ ᠭᠡᠮᠡᠨ ᠭᠠᠭᠴᠠᠭᠠᠷ ᠢ᠋ᠶ᠋ᠠᠨ ᠪᠠᠬᠠᠨ ᠶᠠᠷᠢᠯ᠎ᠠ᠃
ᠬᠣᠲᠠ ᠶ᠋ᠢᠨ ᠭᠤᠳᠤᠮᠵᠢᠨ ᠳ᠋ᠤ᠌ ᠬᠥᠮᠦᠰ ᠠᠵᠢᠯᠯᠠᠭᠰᠠᠭᠠᠷ᠂ ᠣᠯᠠᠨ ᠬᠦᠷᠵᠡ ᠵᠡᠭᠡᠲᠦᠦ ᠶ᠋ᠢᠨ ᠳᠠᠭᠤ ᠲᠠᠰᠤᠷᠠᠯᠲᠠ ᠦᠭᠡᠢ ᠰᠣᠨᠣᠰᠤᠭᠳᠠᠭᠰᠠᠭᠠᠷ ᠠᠵᠢ᠃
ᠡᠳᠡ ᠢᠩᠭᠢᠭᠡᠳ ᠣᠷᠣᠢᠵᠢᠨ᠂ ᠰᠥᠨᠢᠵᠢᠨ ᠠᠵᠢᠯᠯᠠᠵᠤ ᠪᠠᠢᠳᠠᠭ ᠶᠤᠮ ᠪᠢᠵᠡ ᠳᠡ? ᠢᠩᠭᠢᠬᠦ ᠦᠭᠡᠢ ᠪᠡᠷ ᠪᠦᠬᠦᠯᠢ ᠪᠦᠲᠦᠨ ᠬᠣᠲᠠ ᠶ᠋ᠢ ᠶᠠᠭᠠᠬᠢᠵᠤ ᠴᠦ᠍ ᠪᠠᠷᠢᠵᠤ ᠳᠠᠭᠤᠰᠬᠠᠬᠤ ᠪᠢᠯᠡ᠃ ᠡᠨᠡ ᠬᠢᠲᠠᠳ ᠤ᠋ᠳ ᠨᠠᠳᠠᠳᠤ ᠰᠠᠢᠨ ᠪᠠᠢᠭ᠎ᠠ ᠪᠣᠯᠤᠭᠠᠳ ᠯᠠ ᠺᠡᠢᠫᠢᠩ ᠢ᠋ ᠭᠣᠶᠣ᠂ ᠬᠤᠷᠳᠤᠨ ᠪᠠᠷᠢᠵᠤ ᠪᠤᠰᠬᠠᠭᠰᠠᠨ ᠬᠡᠷᠡᠭ ᠤᠤ? ᠬᠢᠲᠠᠳ ᠬᠥᠮᠦᠰ ᠦᠨᠡᠬᠡᠷ ᠨᠠᠳᠠᠳᠤ ᠰᠠᠢᠨ ᠰᠡᠳᠬᠢᠯ ᠲᠡᠢ ᠪᠠᠢᠭ᠎ᠠ ᠭᠡᠵᠢ ᠤᠤ? ᠲᠡᠭᠡᠵᠦ ᠣᠢᠯᠠᠭᠠᠪᠠᠯ ᠪᠢ ᠠᠯᠳᠠᠨ᠎ᠠ᠃ ᠡᠨᠡ ᠪᠣᠯ ᠪᠦᠬᠦ ᠨᠡᠢᠲᠡ ᠶ᠋ᠢᠨ ᠰᠠᠨᠠᠭ᠎ᠠ ᠴᠤ᠌ ᠪᠢᠰᠢ ᠵᠣᠣ ᠪᠢ ᠪᠠᠭᠰᠢ᠂ ᠯᠢᠦ ᠪᠢᠩ ᠵᠦᠩ᠂ ᠶᠣᠣ ᠱᠤ᠌ ᠨᠠᠷ ᠤ᠋ᠨ ᠠᠴᠢ᠃ ᠲᠡᠳᠡ ᠶᠠᠭᠠᠬᠢᠭᠠᠳ ᠨᠠᠮᠠᠶ᠋ᠢ ᠢᠩᠭᠢᠵᠦ ᠠᠴᠢᠯᠠᠬᠤ ᠪᠣᠯᠪᠠ ᠠ᠋? ᠲᠡᠳᠡ ᠴᠢᠨᠢ ᠡᠬᠢᠯᠡᠭᠡᠳ ᠮᠢᠨᠦ ᠳᠠᠢᠰᠤᠨ ᠪᠠᠢᠭᠰᠠᠨ ᠪᠢᠰᠢ ᠤᠤ? ᠬᠥᠮᠦᠨ ᠦ᠌ ᠰᠠᠨᠠᠭ᠎ᠠ ᠬᠦᠴᠦᠨ ᠳ᠋ᠦ᠍ ᠠᠪᠲᠠᠬᠤ ᠪᠠᠷ ᠢ᠋ᠶ᠋ᠠᠨ ᠡᠢᠮᠦ ᠠᠮᠠᠷᠬᠠᠨ ᠡᠷᠭᠢᠳᠡᠭ ᠭᠡᠵᠢ ᠤᠤ? ᠦᠭᠡᠢ ᠯᠡ ᠪᠠᠢᠯᠲᠠᠢ᠃ ᠸᠠᠩ ᠦ ᠡᠪᠦᠭᠡᠨ ᠴᠠᠭ ᠢᠷᠡᠬᠦ ᠪᠡᠷ ᠬᠥᠮᠦᠨ ᠦ᠌ ᠰᠡᠳᠬᠢᠯ ᠠᠮᠠᠷᠬᠠᠨ ᠬᠤᠪᠢᠰᠳᠠᠭ ᠵᠢᠮ᠎ᠡ ᠲᠡᠢ ᠭᠡᠵᠦ ᠺᠦᠩᠽᠢ ᠶ᠋ᠢᠨ ᠰᠤᠷᠭᠠᠯ ᠳ᠋ᠤ᠌ ᠪᠣᠢ ᠭᠡᠮᠡᠨ ᠨᠠᠳᠠᠳᠤ ᠶᠠᠷᠢᠭᠰᠠᠨ᠃ ᠲᠡᠷᠡ ᠨᠢ ᠦᠨᠡᠨ ᠶᠠᠭᠤᠮ᠎ᠠ ᠪᠠᠢᠯ ᠦᠭᠡᠢ ᠭᠡᠮᠡᠨ ᠬᠤᠪᠢᠯᠠᠢ ᠪᠣᠳᠣᠨ᠂ ᠲᠣᠷᠭᠠᠨ ᠨᠥᠮᠥᠷᠭᠡ ᠳᠣᠲᠣᠷ᠎ᠠ ᠪᠠᠨ ᠪᠡᠶ᠎ᠡ ᠪᠡᠨ ᠱᠦᠷᠭᠦᠭᠡᠨ ᠲᠠᠭᠲᠤ ᠳᠡᠭᠡᠷ᠎ᠡ ᠪᠡᠨ ᠪᠠᠬᠠᠨ ᠵᠣᠭᠰᠣᠵᠠᠢ᠃
ᠡᠨᠡ ᠦᠶ᠎ᠡ ᠳ᠋ᠦ᠍ ᠲᠡᠭᠦᠨ ᠦ᠌ ᠤᠨᠲᠠᠯᠭ᠎ᠠ ᠶ᠋ᠢᠨ ᠲᠠᠰᠤᠯᠭᠠᠨ ᠳ᠋ᠤ᠌ ᠽᠠᠨᠳᠠᠨ ᠰᠢᠷᠡᠭᠡᠨ ᠳᠡᠭᠡᠷ᠎ᠡ ᠭᠠᠩᠭᠠᠩ ᠱᠠᠭᠠᠵᠠᠩ ᠥᠷᠥᠵᠦ᠂ ᠠᠷᠰᠯᠠᠨ ᠲᠢᠪ ᠦ᠋ᠨ ᠵᠢᠮᠢᠰ ᠲᠠᠪᠠᠭ ᠲᠤ᠂ ᠥᠭᠡᠷ᠎ᠡ ᠬᠡᠳᠦᠨ ᠣᠷᠣᠨ ᠤ᠋ ᠲᠠᠩᠰᠤᠭ ᠦᠨᠦᠷᠲᠦ ᠳᠠᠷᠠᠰᠤ ᠪᠠᠰᠠ ᠪᠤᠰᠤ ᠠᠮᠲᠠᠲᠠᠨ᠂ ᠬᠣᠭᠣᠯᠠ ᠵᠡᠷᠭᠡ ᠶ᠋ᠢ ᠵᠡᠬᠡᠨ ᠲᠠᠯᠪᠢᠵᠤ᠂ ᠦᠰᠦ ᠭᠡᠵᠢᠭᠡ ᠶ᠋ᠢ ᠨᠢ ᠵᠠᠰᠠᠵᠤ ᠭᠣᠣᠳᠠᠭᠰᠠᠨ᠂ ᠭᠤᠸ᠎ᠠ ᠪᠠᠶᠠᠨ ᠳ᠋ᠤ᠌ ᠪᠠᠨ ᠵᠥᠭᠡᠯᠡᠬᠡᠨ ᠨᠥᠮᠥᠷᠭᠡ ᠳᠡᠪᠡᠯ ᠵᠠᠳᠠᠭᠠᠢ ᠨᠥᠮᠥᠷᠢᠭᠦᠯᠦᠭᠰᠡᠨ ᠬᠣᠶᠠᠷ ᠪᠦᠰᠡᠭᠦᠢ ᠶ᠋ᠢ ᠵᠡᠷᠭᠡᠯᠡᠳᠡᠭᠡ ᠲᠠᠰᠤᠯᠭᠠᠨ ᠳ᠋ᠤ᠌ ᠨᠢ ᠯᠣᠯᠣᠢ ᠳᠠᠭᠠᠭᠤᠯᠤᠨ ᠢᠷᠡᠵᠦ ᠰᠠᠭᠤᠯᠭᠠᠭᠠᠳ ᠬᠡᠷᠡᠭᠯᠡᠬᠦ ᠡᠵᠡᠨ ᠢ᠋ ᠨᠢ ᠬᠦᠯᠢᠶᠡᠯᠭᠡᠵᠦ ᠪᠠᠢᠯ᠎ᠠ᠃ ᠲᠡᠭᠡᠬᠦ ᠳ᠋ᠦ᠍ ᠪᠡᠨ ᠲᠡᠷᠡ ᠬᠣᠶᠠᠷ ᠪᠦᠰᠡᠭᠦᠢ ᠳ᠋ᠦ᠍ ᠰᠠᠢᠬᠢ ᠠᠪᠠᠭᠠᠢ ᠢᠳᠬᠠᠵᠤ ᠬᠡᠯᠡᠬᠦ ᠳ᠋ᠦ᠍ ᠪᠡᠨ
— ᠲᠩᠷᠢ ᠤᠭᠰᠠᠭᠠᠨ ᠤ᠋ ᠳᠡᠭᠡᠳᠦ ᠡᠵᠡᠨ ᠲᠡᠢ ᠤᠴᠠᠷᠠᠨ᠎ᠠ ᠭᠡᠳᠡᠭ ᠪᠤᠷᠬᠠᠨ ᠤ᠋ ᠥᠷᠥᠰᠢᠶᠡᠭᠰᠡᠨ ᠠᠪᠤᠷᠠᠯ᠃ ᠠᠶᠤᠬᠤ ᠡᠮᠢᠶᠡᠬᠦ ᠪᠣᠯ ᠴᠢᠪᠠᠯᠲᠠᠢ ᠬᠡᠷᠡᠭ ᠪᠣᠯᠤᠨ᠎ᠠ᠃ ᠪᠦᠰᠡᠭᠦᠢ ᠪᠢᠳᠡᠨ ᠳ᠋ᠦ᠍ ᠨᠢᠭᠡᠨᠲᠡ ᠲᠩᠷᠢ ᠡᠴᠡ ᠵᠠᠶᠠᠭᠠᠭᠰᠠᠨ ᠦᠢᠯᠡ ᠶ᠋ᠢ ᠴᠠᠭᠠᠰᠢ ᠨᠢ ᠲᠦᠯᠬᠢᠵᠦ᠂ ᠲᠡᠭᠦᠨ ᠡᠴᠡ ᠵᠢᠭᠤᠲᠠᠭᠠᠬᠤ ᠠᠷᠭ᠎ᠠ ᠦᠭᠡᠢ᠁ ᠭᠡᠮᠡᠨ ᠰᠡᠩᠬᠡᠷᠡᠭᠦᠯᠦᠭᠰᠡᠨ ᠪᠠᠢᠯ᠎ᠠ᠃ ᠣᠳᠣᠳ ᠲᠦᠭᠡᠭᠰᠡᠨ ᠰᠥᠨᠢ ᠣᠯᠠᠨ ᠥᠩᠭᠡ ᠶ᠋ᠢᠨ ᠳ᠋ᠧᠩᠯᠦ ᠠᠰᠠᠭᠠᠭᠰᠠᠨ ᠰᠠᠷᠠᠭᠤᠯ ᠲᠠᠰᠤᠯᠭᠠᠨ ᠳ᠋ᠤ᠌ ᠬᠤᠪᠢᠯᠠᠢ ᠦᠵᠡᠰᠬᠦᠯᠡᠩ ᠭᠤᠸ᠎ᠠ ᠮᠣᠩᠭᠣᠯ ᠥᠬᠢᠳ ᠲᠡᠢ ᠶᠠᠭᠠᠬᠢᠨ ᠵᠤᠭᠠᠴᠠᠵᠤ᠂ ᠶᠠᠭᠤ ᠵᠣᠭᠣᠭᠯᠠᠨ ᠰᠡᠳᠬᠢᠯ ᠢ᠋ᠶ᠋ᠡᠨ ᠬᠠᠩᠭᠠᠭᠰᠠᠨ ᠢ᠋ ᠲᠣᠭᠠᠴᠢᠨ ᠪᠠᠷᠠᠬᠤ ᠠᠷᠭ᠎ᠠ ᠠᠯᠠᠭ᠎ᠠ᠃ ᠲᠠᠰᠤᠯᠭᠠᠨ ᠳ᠋ᠠᠬᠢ ᠳ᠋ᠧᠩᠯᠦ ᠠᠰᠠᠵᠤ ᠤᠨᠲᠠᠷᠴᠦ ᠪᠠᠢᠯ᠎ᠠ᠁ ᠭᠡᠯᠡ ᠴᠦ᠍ ᠬᠤᠪᠢᠯᠠᠢ ᠶ᠋ᠢᠨ ᠰᠡᠳᠬᠢᠯ ᠢ᠋ ᠶᠠᠮᠠᠷ ᠴᠦ᠍ ᠵᠤᠭ᠎ᠠ ᠴᠡᠩᠭᠡᠯ ᠰᠠᠭᠠᠲᠠᠭᠤᠯᠵᠤ ᠴᠢᠳᠠᠬᠤ ᠦᠭᠡᠢ᠂ ᠱᠠᠯ ᠥᠭᠡᠷ᠎ᠡ ᠨᠢᠭᠡᠨ ᠵᠦᠢᠯ ᠤᠷᠤᠭᠤ ᠲᠡᠮᠡᠦᠯᠦᠭᠰᠡᠭᠡᠷ ᠪᠠᠢᠭ᠎ᠠ ᠶ᠋ᠢ ᠲᠡᠭᠦᠨ ᠦ᠌ ᠳᠡᠷᠭᠡᠳᠡᠬᠢ ᠡᠮᠡᠰ ᠥᠬᠢᠳ᠂ ᠰᠠᠢᠬᠢ ᠯᠣᠯᠣᠢ ᠲᠠᠭᠠᠮᠠᠭᠯᠠᠨ ᠮᠡᠳᠡᠬᠦ ᠦᠭᠡᠢ ᠪᠠᠢᠪᠠ᠃
ᠵᠠᠬᠢᠷᠤᠭᠴᠢ ᠡᠷ᠎ᠡ ᠪᠠᠢᠨ ᠪᠠᠢᠨ ᠤᠷᠲᠤ ᠪᠠᠷ ᠠᠮᠢᠰᠬᠤᠭᠠᠯᠠᠨ
— ᠪᠢ ᠶᠠᠭᠠᠬᠢᠬᠤ ᠶᠣᠰᠣᠲᠠᠢ ᠪᠣᠯᠵᠤ ᠪᠠᠢᠨ᠎ᠠ ᠪᠣᠢ? ᠵᠠ ᠪᠠᠢᠵᠠ! ᠬᠡᠨ ᠲᠡᠢ ᠶᠠᠭᠤ ᠭᠡᠵᠦ ᠶᠠᠷᠢᠬᠤ ᠪᠣᠢ? ᠭᠡᠮᠡᠨ ᠠᠮᠠᠨ ᠳᠣᠲᠣᠷ᠎ᠠ ᠪᠠᠨ ᠦᠭᠡᠯᠡᠭᠰᠡᠭᠡᠷ᠂ ᠲᠡᠷᠡ ᠲᠡᠮᠡᠦᠯᠦᠨ ᠪᠣᠳᠣᠵᠤ ᠪᠠᠢᠭ᠎ᠠ ᠬᠡᠷᠡᠭ ᠨᠢ ᠥᠪᠡᠷ ᠲᠦ᠍ ᠨᠢ ᠰᠢᠨᠠᠯᠭᠠᠲᠠᠢ ᠴᠤ᠌ ᠭᠡᠯᠡ ᠬᠡᠴᠢᠨᠡᠨ ᠬᠠᠬᠢᠷ ᠬᠠᠲᠠᠭᠤ ᠴᠤ᠌ ᠭᠡᠰᠡᠨ ᠵᠠᠪᠠᠯ ᠬᠢᠬᠦ ᠶᠣᠰᠣᠲᠠᠢ ᠵᠦᠢᠯ ᠪᠣᠯᠤᠨ ᠬᠠᠮᠤᠭ ᠣᠶᠤᠨ ᠪᠣᠳᠣᠯ ᠢ᠋ ᠨᠢ ᠡᠵᠡᠮᠳᠡᠵᠦ ᠪᠠᠢᠪᠠ᠃
— ᠪᠢ ᠬᠠᠭᠠᠨ ᠪᠣᠯᠤᠨ᠎ᠠ ᠮᠠᠨᠢ ᠵᠥᠪ ᠤᠤ? ᠶᠠᠮᠠᠷ ᠴᠦ᠍ ᠡᠷᠡᠭᠡᠯᠵᠡᠭᠡ ᠠᠯᠠᠭ᠎ᠠ᠃ ᠪᠢ ᠣᠷᠣ ᠰᠠᠭᠤᠭᠠᠳ ᠶᠠᠭᠤ ᠬᠢᠵᠦ ᠴᠢᠳᠠᠬᠤ ᠪᠢᠯᠡ? ᠡᠨᠡ ᠲᠣᠮᠣ ᠭᠦᠷᠦᠨ ᠢ᠋ ᠵᠠᠬᠢᠷᠴᠤ ᠴᠢᠳᠠᠬᠤ ᠤᠤ? ᠪᠣᠯᠬᠤ ᠪᠢᠵᠡ᠃ ᠪᠢ ᠶᠠᠮᠠᠷ ᠭᠠᠭᠴᠠᠭᠠᠷ ᠢ᠋ᠶ᠋ᠠᠨ ᠬᠢᠬᠦ ᠬᠡᠷᠡᠭ ᠪᠢᠰᠢ ᠳᠡ᠁ ᠭᠡᠵᠦ ᠬᠤᠪᠢᠯᠠᠢ ᠠᠮᠠᠨ ᠳ᠋ᠤ᠌ ᠪᠠᠨ ᠦᠭᠡᠯᠡᠨ᠎ᠡ᠃
ᠡᠭᠦᠨ ᠡᠴᠡ ᠥᠭᠡᠷ᠎ᠡ ᠪᠣᠳᠣᠵᠤ ᠰᠠᠨᠠᠬᠤ ᠶᠠᠭᠤᠮ᠎ᠠ ᠠᠭᠤᠯᠠ ᠣᠪᠣᠭ᠎ᠠ ᠠᠳᠠᠯᠢ ᠶᠡᠬᠡ ᠪᠠᠢᠯ᠎ᠠ ᠴᠦ᠍ ᠭᠡᠰᠡᠨ ᠲᠡᠷᠡ ᠪᠦᠬᠦᠨ ᠢ᠋ ᠪᠣᠳᠣᠬᠤ ᠵᠠᠪ ᠠᠯᠠᠭ᠎ᠠ᠃
— ᠡᠵᠡᠨ ᠦ᠌ ᠣᠷᠣ ᠰᠠᠭᠤᠭᠠᠳ ᠨᠠᠳᠠᠳᠤ ᠶᠠᠮᠠᠷ ᠠᠰᠢᠭ ᠪᠠᠢᠨ᠎ᠠ ᠪᠣᠢ? ᠶᠠᠮᠠᠷ ᠬᠣᠣᠷ ᠤᠷᠰᠢᠭ ᠲᠠᠷᠢᠨ᠎ᠠ ᠭᠡᠬᠦ ᠪᠣᠢ? ᠭᠡᠵᠦ ᠲᠡᠷᠡ ᠥᠪᠡᠷ ᠡᠴᠡ ᠪᠡᠨ ᠪᠠᠰᠠ ᠠᠰᠠᠭᠤᠭᠠᠳ ᠪᠣᠳᠣᠵᠤ ᠦᠵᠡᠬᠦ ᠳ᠋ᠦ᠍ ᠨᠢ ᠲᠠᠷᠢᠬᠢ ᠲᠣᠯᠣᠭᠠᠢ ᠳ᠋ᠤ᠌ ᠨᠢ ᠪᠠᠭᠲᠠᠵᠤ ᠶᠠᠳᠠᠭᠰᠠᠨ ᠣᠯᠠᠨ ᠵᠦᠢᠯ ᠴᠢᠭᠴᠢᠡᠯᠳᠦᠨ ᠣᠷᠣᠵᠤ ᠢᠷᠡᠨ᠎ᠡ᠃
— ᠵᠠ ᠰᠠᠢᠨ ᠲᠠᠯ᠎ᠠ ᠨᠢ ᠭᠡᠪᠡᠯ ᠭᠡᠳ ᠴᠠᠭᠠᠰᠤᠨ ᠳᠡᠭᠡᠷ᠎ᠡ ᠪᠢᠷ ᠢ᠋ᠶ᠋ᠡᠷ ᠲᠠᠲᠠᠯᠦᠨ᠄
1. ᠶᠡᠬᠡ ᠬᠠᠭᠠᠨ ᠪᠠᠢᠨ᠎ᠠ ᠭᠡᠳᠡᠭ ᠲᠩᠷᠢ ᠠᠳᠠᠯᠢ ᠨᠡᠷ᠎ᠡ ᠠᠯᠳᠠᠷᠲᠠᠢ ᠪᠠᠢᠯ ᠦᠭᠡᠢ ᠶᠠᠭᠠᠬᠢᠬᠤ ᠪᠣᠢ᠃
2. ᠪᠦᠬᠦ ᠮᠣᠩᠭᠣᠯ ᠢ᠋ ᠪᠤᠤ ᠬᠡᠯᠡ᠂ ᠶᠡᠬᠡ ᠭᠦᠷᠦᠨ ᠢ᠋ ᠪᠦᠭᠦᠳᠡ ᠶ᠋ᠢ ᠵᠠᠬᠢᠷᠤᠨ᠎ᠠ᠃ ᠴᠠᠭᠠᠰᠢᠯᠠᠪᠠᠯ ᠶᠢᠷᠲᠢᠨᠴᠦ ᠶ᠋ᠢ ᠮᠡᠳᠡᠭᠴᠢ ᠪᠣᠯᠤᠨ ᠳᠡᠭᠡᠭᠰᠢᠯᠡᠵᠦ ᠴᠦ᠍ ᠪᠣᠯᠤᠨ᠎ᠠ᠃
3. ᠪᠢ᠂ ᠪᠣᠭᠳᠠ ᠡᠪᠦᠭᠡ ᠶ᠋ᠢᠨ ᠪᠠᠷᠠᠳᠠᠭᠰᠠᠨ ᠵᠠᠮ ᠢ᠋ᠶ᠋ᠠᠷ ᠶᠢᠷᠲᠢᠨᠴᠦ ᠶ᠋ᠢ ᠪᠦᠬᠦᠯᠢ ᠳ᠋ᠦ᠍ ᠨᠢ ᠲᠦᠪᠰᠢᠳᠬᠡᠬᠦ ᠶᠡᠬᠡ ᠬᠡᠷᠡᠭ ᠢ᠋ ᠦᠷᠭᠦᠯᠵᠢᠯᠡᠭᠦᠯᠦᠨ᠂ ᠲᠤᠢᠯ ᠳ᠋ᠤ᠌ ᠨᠢ ᠬᠦᠷᠭᠡᠬᠦ ᠶ᠋ᠢ ᠵᠣᠷᠢᠨ᠎ᠠ ᠳᠠ᠃
4. ᠪᠢ ᠤᠯᠤᠰ ᠭᠦᠷᠦᠨ ᠦ᠌ ᠬᠡᠷᠡᠭ ᠢ᠋ ᠴᠠᠯᠠᠭᠠᠢᠳᠠᠭᠤᠯᠬᠤ ᠦᠭᠡᠢ ᠪᠡᠷ ᠨᠡᠩ ᠶᠡᠬᠡ ᠨᠠᠷᠢᠨ ᠵᠢᠷᠤᠮ ᠰᠠᠬᠢᠳᠠᠭ᠂ ᠴᠢᠩᠳᠠ ᠬᠠᠲᠠᠭᠤ ᠲᠢᠭ ᠲᠡᠢ᠂ ᠰᠦᠷᠯᠢᠭ ᠰᠠᠢᠬᠠᠨ ᠤᠯᠤᠰ ᠪᠣᠯᠭᠠᠨ ᠶᠠᠪᠤᠭᠤᠯᠤᠨ᠎ᠠ᠃ ᠡᠨᠡ ᠬᠡᠷᠡᠭ ᠪᠦᠲᠦᠨ᠎ᠡ᠃ ᠪᠦᠲᠦᠬᠦ ᠲᠠᠪᠢᠯᠠᠩ ᠲᠠᠢ ᠴᠤ᠌ ᠪᠢᠵᠡ᠃ ᠶᠠᠭᠤᠨ ᠤ᠋ ᠡᠮᠦᠨ᠎ᠡ ᠪᠢ ᠭᠠᠭᠴᠠᠭᠠᠷ ᠢ᠋ᠶ᠋ᠠᠨ ᠬᠢᠲᠠᠳ ᠢ᠋ ᠮᠡᠳᠡᠨ ᠴᠢᠩᠳᠠ ᠵᠠᠬᠢᠷᠴᠤ ᠮᠣᠩᠭᠣᠯ ᠤ᠋ᠨ ᠬᠥᠯ ᠳᠣᠣᠷ᠎ᠠ ᠪᠠᠢᠯᠭᠠᠨ᠎ᠠ᠃ ᠡᠨᠡ ᠪᠣᠯ ᠠᠤᠭ᠎ᠠ ᠲᠣᠮᠣ ᠶᠠᠪᠤᠳᠠᠯ᠃ ᠮᠣᠩᠭᠣᠯ ᠢ᠋ᠶ᠋ᠠᠨ ᠬᠢᠲᠠᠳ ᠪᠣᠯᠭᠠᠬᠤ ᠦᠭᠡᠢ᠂ ᠬᠢᠲᠠᠳ ᠢ᠋ ᠴᠦ᠍ ᠮᠣᠩᠭᠣᠯ ᠪᠣᠯᠭᠠᠬᠤ ᠦᠭᠡᠢ᠃ ᠲᠡᠭᠡᠬᠦ ᠳ᠋ᠦ᠍ ᠪᠡᠨ ᠬᠢᠲᠠᠳ ᠮᠣᠩᠭᠣᠯᠴᠤᠳ ᠢ᠋ ᠪᠣᠭᠣᠯᠴᠢᠯᠠᠵᠤ ᠪᠠᠢᠬᠤ ᠶᠣᠰᠣᠲᠠᠢ ᠭᠡᠵᠦ ᠲᠡᠳᠡ ᠨᠠᠷ ᠤ᠋ᠨ ᠪᠣᠳᠣᠳᠠᠭ ᠪᠣᠳᠣᠯ ᠬᠡᠵᠢᠶ᠎ᠡ ᠴᠦ᠍ ᠪᠦᠲᠦᠬᠦ ᠦᠭᠡᠢ᠂ ᠪᠦᠲᠦᠬᠦ ᠴᠠᠭ ᠨᠢ ᠥᠩᠭᠡᠷᠡᠭᠰᠡᠨ ᠬᠡᠷᠡᠭ᠁ ᠭᠡᠬᠦᠴᠢᠯᠡᠨ ᠵᠦᠢᠯ ᠢ᠋ ᠳ᠋ᠤᠭᠠᠷᠯᠠᠨ ᠪᠢᠴᠢᠯ᠎ᠡ᠃
ᠨᠢᠭᠡ ᠳ᠋ᠦ᠍᠂ ᠪᠢ ᠵᠦᠭᠡᠷ ᠪᠠᠢᠭᠠᠳ ᠬᠠᠭᠠᠨ ᠰᠠᠭᠤᠵᠤ ᠴᠢᠳᠠᠬᠤ ᠦᠭᠡᠢ᠂ ᠮᠢᠨᠦ ᠥᠭᠡᠳᠡ ᠡᠴᠡ ᠵᠠᠪᠠᠯ ᠥᠷᠢᠰᠦᠯᠳᠦᠨ ᠲᠡᠮᠡᠴᠡᠯᠳᠦᠬᠦ ᠬᠥᠮᠦᠨ ᠭᠠᠷᠴᠤ ᠢᠷᠡᠨ᠎ᠡ᠃ ᠥᠭᠡᠳᠡᠢ ᠠᠪᠠᠭ᠎ᠠ ᠶ᠋ᠢᠨ ᠦᠷ᠎ᠡ ᠤᠳᠤᠮ ᠤ᠋ᠨ ᠬᠥᠮᠦᠰ ᠪᠤᠶᠤ ᠮᠢᠨᠦ ᠳᠡᠭᠦᠦ ᠨᠠᠷ ᠨᠠᠳᠠᠲᠠᠢ ᠥᠷᠢᠰᠦᠯᠳᠦᠨ᠎ᠡ᠃ ᠲᠡᠳᠡ ᠬᠦᠴᠦᠲᠡᠢ᠃ ᠪᠢ ᠴᠦ᠍ ᠨᠠᠯᠢᠶᠠᠨ ᠴᠡᠷᠢᠭ ᠲᠡᠢ ᠪᠠᠢᠨ᠎ᠠ᠃ ᠲᠡᠷᠡ ᠥᠷᠢᠰᠦᠯᠳᠦᠭᠡᠨ ᠳ᠋ᠦ᠍ ᠴᠡᠷᠢᠭ ᠬᠡᠷᠡᠭᠯᠡᠬᠦ ᠳ᠋ᠦ᠍ ᠬᠦᠷᠪᠡᠯ ᠮᠢᠨᠦ ᠵᠠᠬᠢᠷᠤᠨ ᠶᠠᠪᠤᠭ᠎ᠠ ᠴᠡᠷᠢᠭ ᠦᠭᠡ ᠲᠤᠭᠤᠯᠬᠤ ᠤᠤ? ᠡᠨᠡ ᠡᠷᠡᠭᠡᠯᠵᠡᠭᠡᠲᠡᠢ ᠬᠡᠷᠡᠭ᠃ ᠡᠭᠦᠨ ᠢ᠋ ᠮᠡᠳᠡᠵᠦ ᠰᠢᠢᠳᠪᠦᠷᠢᠯᠡᠬᠦ ᠬᠥᠮᠦᠰ ᠪᠣᠯ ᠤᠷᠢᠶᠠᠩᠬᠠᠢᠳᠠᠢ᠂ ᠴᠠᠭᠠᠨ᠂ ᠪᠠᠶᠠᠨ ᠵᠠᠩᠵᠤᠨ ᠨᠠᠷ ᠰᠢᠦ ᠳᠡ᠃ ᠲᠡᠭᠡᠬᠦ ᠪᠡᠷ ᠪᠢ ᠲᠡᠷᠡ ᠭᠤᠷᠪᠠ ᠳ᠋ᠤ᠌ ᠨᠠᠯᠢᠶᠠᠨ ᠵᠡᠬᠡᠭᠰᠡᠨ ᠶᠠᠭᠤᠮ᠎ᠠ ᠠᠮᠠᠯᠠᠵᠤ᠂ ᠬᠡᠰᠢᠭ ᠬᠦᠷᠲᠡᠭᠡᠬᠦ ᠶᠣᠰᠣᠲᠠᠢ ᠪᠣᠯᠵᠤ ᠪᠠᠢᠨ᠎ᠠ᠃ ᠪᠠᠶᠠᠨ ᠪᠣᠯ ᠰᠢᠨᠤᠯ ᠦᠭᠡᠢ ᠡᠷ᠎ᠡ ᠳᠡ᠃ ᠲᠡᠭᠦᠨ ᠢ᠋ ᠪᠢ ᠶᠠᠭᠠᠬᠢᠬᠤ ᠪᠣᠢ? ᠶᠠᠭᠠᠬᠢᠬᠤ ᠪᠣᠢ ᠳᠠ᠂ ᠶᠡᠬᠡ ᠯᠡ ᠴᠢᠷᠠᠢᠴᠢᠯᠠᠨ ᠬᠥᠯ ᠳ᠋ᠦ᠍ ᠨᠢ ᠰᠠᠭᠤᠨ᠎ᠠ ᠳᠠ᠃ ᠥᠭᠡᠷ᠎ᠡ ᠶᠠᠭᠤ ᠪᠢᠯᠡ᠃
ᠬᠣᠶᠠᠷ ᠲᠤ᠂ ᠮᠢᠨᠦ ᠠᠬ᠎ᠠ ᠳᠡᠭᠦᠦ ᠨᠠᠷ ᠨᠠᠳᠠᠳᠤ ᠳᠤᠷ᠎ᠠ ᠦᠭᠡᠢ ᠪᠣᠯᠤᠨ᠎ᠠ᠃ ᠲᠡᠭᠦᠨ ᠢ᠋ᠶ᠋ᠡᠷ ᠴᠦ᠍ ᠪᠠᠷᠠᠬᠤ ᠦᠭᠡᠢ ᠪᠢ ᠳᠡᠭᠦᠦ ᠨᠠᠷ ᠲᠠᠢ ᠪᠠᠨ ᠦᠰᠲᠡᠨ ᠪᠣᠯᠵᠤ ᠳᠠᠢᠳᠤᠨ᠎ᠠ ᠭᠡᠰᠡᠨ ᠦᠭᠡ᠃ ᠠᠬ᠎ᠠ ᠮᠥᠩᠬᠡ ᠬᠠᠭᠠᠨ ᠳᠡᠭᠦᠦ ᠠᠷᠢᠬᠪᠥ᠋ᠬᠡ ᠶ᠋ᠢ ᠬᠠᠷ᠎ᠠ ᠬᠣᠷᠣᠮ ᠢ᠋ ᠮᠡᠳᠡᠬᠦ ᠵᠠᠬᠢᠷᠤᠭᠴᠢ ᠪᠣᠯᠭᠠᠨ ᠵᠠᠷᠯᠢᠭ ᠪᠠᠭᠤᠯᠭᠠᠭᠰᠠᠨ ᠮᠠᠨᠢ ᠲᠡᠭᠦᠨ ᠢ᠋ᠶ᠋ᠡᠷ ᠣᠷᠣ ᠰᠠᠭᠤᠯᠭ᠎ᠠ ᠭᠡᠰᠡᠨ ᠬᠡᠷᠡᠭ᠃ ᠡᠨᠡ ᠪᠣᠯ ᠮᠠᠷᠭᠤᠭᠠᠨ ᠦᠭᠡᠢ ᠵᠦᠢᠯ᠃ ᠮᠠᠨ ᠤ᠋ ᠤᠯᠤᠰ ᠤ᠋ᠨ ᠶᠠᠪᠤᠵᠤ ᠢᠷᠡᠭᠰᠡᠨ ᠵᠠᠩᠰᠢᠯ ᠪᠣᠯ ᠲᠥᠷᠥᠯᠬᠢ ᠡᠬᠡ ᠨᠤᠲᠤᠭ ᠬᠠᠷ᠎ᠠ ᠬᠣᠷᠣᠮ ᠢ᠋ ᠬᠠᠭᠠᠨ ᠤ᠋ ᠣᠷᠣ ᠰᠠᠭᠤᠬᠤ ᠬᠥᠮᠦᠨ ᠢ᠋ᠶ᠋ᠡᠷ ᠢ᠋ᠶ᠋ᠡᠨ ᠵᠠᠬᠢᠷᠤᠭᠤᠯᠳᠠᠭ ᠵᠢᠮ᠎ᠡ ᠲᠡᠢ᠃ ᠢᠩᠭᠢᠵᠦ ᠪᠠᠢ ᠭᠡᠰᠡᠨ ᠪᠣᠭᠳᠠ ᠴᠢᠩᠭᠢᠰ ᠡᠪᠦᠭᠡ ᠶ᠋ᠢᠨ ᠵᠠᠷᠯᠢᠭ ᠪᠣᠢ᠃ ᠪᠠᠰᠠ ᠡᠪᠦᠭᠡ ᠶ᠋ᠢᠨ ᠪᠦᠲᠦᠭᠡᠭᠰᠡᠨ《 ᠶᠡᠬᠡ ᠵᠠᠰᠠᠭ》 ᠭᠡᠳᠡᠭ ᠮᠤᠨᠳᠠᠭ ᠪᠣᠷᠤᠳᠬᠠᠢ ᠪᠣᠢ᠃ ᠲᠡᠭᠡᠭᠡᠳ ᠪᠢ ᠶᠠᠭᠠᠬᠢᠬᠤ ᠪᠣᠢ? ᠲᠡᠷᠡ ᠬᠠᠤᠯᠢᠨ ᠳ᠋ᠤ᠌ ᠵᠢᠭᠠᠭᠰᠠᠨ ᠶᠣᠰᠣ ᠵᠠᠩᠰᠢᠯ ᠢ᠋ ᠡᠪᠳᠡᠬᠦ ᠤᠤ? ᠡᠪᠳᠡᠬᠦ ᠦᠭᠡᠢ ᠪᠡᠷ ᠶᠠᠭᠤ ᠴᠣ ᠪᠦᠲᠦᠬᠦ ᠦᠭᠡᠢ ᠰᠢᠦ ᠳᠡ᠃
ᠭᠤᠷᠪᠠ ᠳ᠋ᠤ᠌᠂ ᠮᠣᠩᠭᠣᠯ ᠳ᠋ᠤ᠌ ᠪᠠᠢᠭ᠎ᠠ ᠴᠡᠷᠢᠭ᠂ ᠨᠡᠢᠲᠡ ᠲᠦᠮᠡᠨ ᠮᠠᠨᠢ ᠨᠠᠮᠠᠶ᠋ᠢ ᠳᠠᠭᠠᠨ᠎ᠠ ᠭᠡᠳᠡᠭ ᠨᠣᠬᠠᠢ ᠬᠡᠷᠡᠭ᠃《ᠶᠡᠬᠡ ᠬᠠᠭᠠᠨ ᠴᠢᠮ᠎ᠠ ᠳ᠋ᠤ᠌ ᠬᠢᠲᠠᠳ ᠢ᠋ ᠥᠭᠭᠦᠭᠰᠡᠨ᠃ ᠴᠢ ᠲᠡᠭᠦᠨ ᠢ᠋ ᠪᠡᠨ ᠵᠠᠬᠢᠷᠤᠭᠠᠳ ᠰᠠᠭᠤᠵᠤ ᠪᠣᠢ᠃ ᠨᠠᠭᠠᠰᠢ ᠪᠠᠨ ᠶᠠᠭᠤᠨ ᠳ᠋ᠤ᠌ ᠬᠣᠮᠣᠯᠵᠠᠭᠠᠳ ᠪᠠᠢᠭ᠎ᠠ ᠶᠤᠮ ᠪᠣᠢ?》 ᠭᠡᠵᠦ ᠬᠠᠷ᠎ᠠ ᠬᠣᠷᠣᠮ ᠤ᠋ᠨ ᠬᠢᠨ ᠬᠡᠯᠡᠨ᠎ᠡ᠃ ᠡᠵᠢ ᠰᠤᠷᠬᠤᠭᠲᠠᠨᠢ ᠮᠠᠨᠢ ᠪᠠᠰᠠ ᠲᠡᠭᠡᠵᠦ ᠦᠵᠡᠨ᠎ᠡ ᠠ᠋᠃ ᠡᠨᠡ ᠠᠶᠤᠯᠲᠠᠢ ᠦᠭᠡ ᠰᠢᠦ᠃ ᠪᠦᠬᠦ ᠮᠣᠩᠭᠣᠯᠴᠤᠳ ᠨᠠᠳᠠᠳᠤ ᠳᠤᠷ᠎ᠠ ᠦᠭᠡᠢ ᠪᠣᠯᠵᠤ ᠣᠷᠬᠢᠪᠠᠯ ᠪᠢ ᠶᠠᠭᠠᠬᠢᠨ᠎ᠠ ᠪᠣᠢ? ᠭᠠᠭᠴᠠᠭᠠᠷᠳᠠᠬᠤ ᠪᠣᠯᠤᠨ᠎ᠠ᠃ ᠲᠡᠭᠡᠬᠦ ᠪᠡᠷ ᠨᠠᠳᠠᠳᠤ ᠬᠡᠨ ᠲᠦᠰᠢᠭ ᠪᠣᠯᠬᠤ ᠪᠣᠢ? ᠬᠢᠲᠠᠳ ᠤ᠋ᠳ ᠤᠤ? ᠥᠭᠡᠷ᠎ᠡ ᠬᠡᠨ ᠪᠠᠢᠬᠤ ᠪᠢᠯᠡ᠃
ᠳᠥᠷᠪᠡ ᠳ᠋ᠦ᠍᠂ ᠬᠠᠷᠢ ᠬᠣᠯᠠ ᠶ᠋ᠢᠨ ᠭᠠᠵᠠᠷ ᠲᠤ ᠰᠠᠭᠤᠭ᠎ᠠ ᠠᠬᠠᠨ ᠳᠡᠭᠦᠦᠰ ᠮᠠᠨᠢ ᠨᠠᠳᠠᠳᠤ ᠶᠠᠭᠠᠬᠢᠪᠠᠴᠤ ᠲᠠᠯ᠎ᠠ ᠪᠦᠯᠢ ᠪᠣᠯᠬᠤ ᠦᠭᠡᠢ᠂ ᠰᠠᠶᠢ ᠠᠭᠤᠯᠵᠠᠬᠤ ᠳ᠋ᠤ᠌ ᠬᠥᠯᠡᠬᠦ ᠬᠠᠨ ᠳᠡᠭᠦᠦ ᠨᠠᠳᠠᠳᠤ ᠪᠢᠰᠢ᠂ ᠠᠷᠢᠬᠪᠦ᠋ᠬᠡ ᠳ᠋ᠦ᠍ ᠶᠡᠬᠡ ᠲᠠᠯ᠎ᠠ ᠲᠠᠢ ᠪᠠᠢᠭᠰᠠᠨ ᠳᠠ᠃ ᠢᠯᠠᠩᠭᠤᠶ᠎ᠠ ᠪᠠᠲᠤ ᠬᠠᠨ ᠤ᠋ ᠣᠷᠣ ᠰᠠᠭᠤᠭᠠᠳ ᠳᠥᠷᠪᠡᠨ ᠵᠢᠯ ᠪᠣᠯᠵᠤ ᠪᠣᠢ ᠪᠡᠷᠬᠡ ᠬᠠᠨ ᠶᠡᠬᠡᠳᠡ ᠳᠤᠷ᠎ᠠ ᠦᠭᠡᠢᠴᠡᠵᠦ ᠮᠡᠳᠡᠨ᠎ᠡ᠃ ᠲᠡᠷᠡ ᠪᠣᠯ ᠣᠳᠣ ᠪᠠᠷ ᠪᠢᠳᠡᠨ ᠦ᠌ ᠤᠷᠤᠭ ᠤ᠋ᠨ ᠳᠣᠲᠣᠷ᠎ᠠ ᠬᠠᠮᠤᠭ ᠤ᠋ᠨ ᠨᠥᠯᠥᠭᠡᠲᠡᠢ ᠨᠢ ᠪᠣᠯᠵᠤ ᠪᠣᠢ ᠪᠢᠯᠡ᠃ ᠵᠥᠴᠢ᠂ ᠴᠠᠭᠠᠲᠠᠢ ᠠᠪᠠᠭ᠎ᠠ ᠨᠠᠷ ᠤ᠋ᠨ ᠤᠳᠤᠮ ᠤᠭᠰᠠᠭᠠᠨ ᠤ᠋ ᠬᠢᠨ ᠴᠥᠮ ᠢ᠋ᠶ᠋ᠡᠷ ᠢ᠋ᠶ᠋ᠡᠨ ᠬᠠᠷ᠎ᠠ ᠬᠣᠷᠣᠮ ᠤ᠋ᠨ ᠬᠢᠨ ᠢ᠋ ᠥᠮᠥᠭᠯᠡᠵᠦ᠂ ᠲᠡᠭᠦᠨ ᠦ᠌ ᠲᠠᠯ᠎ᠠ ᠳ᠋ᠤ᠌ ᠵᠣᠭᠰᠣᠨ᠎ᠠ᠃ ᠪᠠᠲᠤ ᠠᠬ᠎ᠠ ᠪᠣᠯ ᠠᠷᠢᠬᠪᠦ᠋ᠬᠡ ᠶ᠋ᠢ ᠯᠡ ᠪᠠᠭ᠎ᠠ ᠠ᠋ᠴᠠ ᠨᠢ ᠡᠩᠬᠦᠷᠡᠢᠯᠡᠳᠡᠭ ᠪᠠᠢᠪᠠ᠃ ᠲᠡᠭᠦᠨ ᠦ᠌ ᠲᠥᠯᠥᠭᠡ ᠪᠠᠢᠭ᠎ᠠ ᠶᠤᠮ ᠰᠢᠭ᠋ ᠶᠠᠪᠤᠳᠠᠭ ᠬᠥᠮᠦᠨ᠃ ᠮᠠᠨ ᠤ᠋ ᠳᠡᠭᠦᠦ ᠪᠦᠬᠦ ᠢᠷᠡᠨ ᠦ᠌ ᠬᠠᠨ ᠬᠦᠯᠡᠬᠦ ᠠᠷᠢᠬᠪᠦ᠋ᠬᠡ ᠳᠡᠭᠦᠦ ᠳ᠋ᠦ᠍ ᠪᠡᠨ ᠨᠠᠳᠠ ᠠ᠋ᠴᠠ ᠢᠯᠡᠭᠦᠦ ᠰᠠᠢᠨ ᠪᠠᠢᠳᠠᠭ᠃ ᠲᠡᠷᠡ ᠬᠣᠶᠠᠷ ᠪᠦᠷ ᠨᠢᠯᠬ᠎ᠠ ᠠ᠋ᠴᠠ ᠪᠠᠨ ᠬᠣᠭᠣᠷᠣᠨᠳᠣ ᠪᠠᠨ ᠲᠣᠭᠯᠠᠵᠤ ᠢᠳᠡᠵᠦ ᠤᠤᠭᠤᠬᠤ ᠪᠠᠨ ᠪᠤᠯᠢᠶᠠᠯᠴᠠᠨ ᠥᠰᠦᠭᠰᠡᠨ ᠪᠣᠯᠬᠣᠷ ᠢ᠋ᠶ᠋ᠠᠨ ᠪᠡᠶ᠎ᠡ ᠪᠡᠶ᠎ᠡ ᠳ᠋ᠦ᠍ ᠪᠡᠨ ᠭᠣᠴᠣ ᠭᠣᠢᠳᠠ ᠳᠣᠲᠣᠨᠣ ᠪᠠᠢᠳᠠᠭ᠃ ᠲᠡᠭᠡᠬᠦ ᠪᠡᠷ ᠬᠠᠷᠢ ᠳ᠋ᠤ᠌ ᠪᠠᠢᠭ᠎ᠠ ᠶᠡᠬᠡ ᠨᠣᠶᠠᠳ ᠨᠠᠮᠠᠶ᠋ᠢ ᠳᠡᠮᠵᠢᠬᠦ ᠦᠭᠡᠢ ᠪᠣᠯ ᠪᠢ ᠭᠠᠭᠴᠠᠭᠠᠷᠳᠠᠨ᠎ᠠ᠃ ᠡᠨᠡ ᠶᠡᠬᠡ ᠬᠡᠴᠡᠭᠦᠦ ᠬᠡᠷᠡᠭ᠂ ᠪᠠᠲᠤ ᠠᠬ᠎ᠠ ᠶ᠋ᠢ ᠶᠠᠭᠤ ᠭᠡᠨ᠎ᠡ ᠲᠡᠷᠡ ᠤᠷᠤᠭᠤ ᠯᠠ ᠮᠠᠨ ᠤ᠋ ᠨᠣᠶᠠᠳ ᠬᠣᠰᠢᠭᠤᠷᠠᠳᠠᠭ ᠪᠠᠢᠭᠰᠠᠨ᠃ ᠠᠷᠭ᠎ᠠ ᠴᠦ᠍ ᠦᠭᠡᠢ ᠪᠢᠵᠡ᠃ ᠪᠠᠲᠤ ᠪᠣᠯ ᠶᠡᠬᠡ ᠠᠪᠠᠭ᠎ᠠ ᠶ᠋ᠢᠨ ᠮᠠᠨᠢ ᠦᠷ᠎ᠡ ᠰᠡᠳᠦ ᠰᠢᠦ᠃ ᠲᠡᠭᠡᠭᠡᠳ ᠡᠴᠦᠰ ᠲᠦ᠍ ᠨᠢ ᠶᠡᠬᠡ ᠤᠯᠤᠰ ᠵᠠᠳᠠᠷᠠᠨ᠎ᠠ᠃
ᠲᠠᠪᠤ ᠳ᠋ᠤ᠌᠂ ᠵᠠ ᠪᠠᠢᠵᠠ! ᠥᠭᠡᠷ᠎ᠡ ᠶᠠᠭᠤ ᠪᠢᠯᠡ? ᠥᠭᠡᠳᠡᠢ ᠠᠬ᠎ᠠ ᠶ᠋ᠢᠨ ᠦᠷ᠎ᠡ ᠠᠴᠢ ᠨᠠᠷ ᠬᠠᠭᠠᠨ ᠤ᠋ ᠰᠠᠭᠤᠳᠠᠯ ᠢ᠋ ᠥᠪᠡᠷ ᠦ᠋ᠨ ᠤᠳᠤᠮ ᠳ᠋ᠤ᠌ ᠡᠷᠭᠢᠭᠦᠯᠦᠨ ᠠᠪᠬᠤ ᠭᠡᠵᠦ ᠵᠢᠳᠬᠦᠭᠰᠡᠭᠡᠷ᠂ ᠲᠡᠭᠦᠨ ᠦ᠌ ᠲᠥᠯᠥᠭᠡ ᠬᠠᠷ᠎ᠠ ᠰᠠᠨᠠᠭ᠎ᠠ ᠰᠠᠨᠠᠭᠰᠠᠭᠠᠷ ᠠᠷᠪᠠᠭᠠᠳ ᠵᠢᠯ ᠪᠣᠯᠵᠤ ᠪᠠᠢᠭ᠎ᠠ᠃ ᠣᠳᠣ ᠥᠭᠡᠳᠡᠢ ᠠᠬ᠎ᠠ ᠶ᠋ᠢᠨ ᠲᠠᠪᠤᠳᠠᠬᠢ ᠬᠦᠦ ᠬᠠᠢᠳᠤ ᠨᠣᠶᠠᠨ ᠭᠡᠵᠦ ᠪᠣᠢ᠃ ᠲᠡᠷᠡ ᠪᠠᠰᠠ ᠨᠥᠯᠥᠭᠡ ᠶᠡᠬᠡᠲᠡᠢ᠂ ᠤᠬᠠᠭᠠᠨ ᠵᠡᠬᠡᠭᠰᠡᠨ ᠲᠡᠢ ᠭᠡᠭᠳᠡᠳᠡᠭ ᠬᠦᠴᠦᠲᠡᠢ ᠨᠣᠶᠠᠨ᠃ ᠮᠥᠩᠬᠡ ᠠᠬ᠎ᠠ ᠲᠡᠭᠦᠨ ᠢ᠋ ᠲᠥᠪ ᠡᠴᠡ ᠵᠣᠷᠢᠭᠤᠳᠠ ᠬᠣᠯᠠᠳᠠᠭᠤᠯᠤᠭᠰᠠᠨ ᠴᠦ᠍ ᠭᠡᠰᠡᠨ ᠲᠡᠷᠡ ᠪᠡᠷ ᠥᠪᠡᠷ ᠲᠦ᠍ ᠪᠡᠨ ᠨᠡᠯᠢᠶᠡᠳ ᠴᠡᠷᠢᠭ ᠲᠡᠢ ᠪᠠᠢᠭ᠎ᠠ ᠭᠡᠳᠡᠭ ᠳᠡ᠃ ᠲᠡᠷᠡ ᠬᠥᠮᠦᠨ ᠶᠠᠭᠠᠬᠢᠪᠠᠴᠤ ᠨᠠᠮᠠᠶ᠋ᠢ ᠳᠡᠮᠵᠢᠬᠦ ᠦᠭᠡᠢ᠃ ᠲᠡᠭᠡᠭᠡᠳ ᠨᠠᠮᠠᠶ᠋ᠢ ᠬᠡᠨ ᠳᠡᠮᠵᠢᠬᠦ ᠪᠣᠯᠵᠤ ᠪᠠᠢᠨ᠎ᠠ ᠪᠣᠢ? ᠬᠢᠲᠠᠳ ᠲᠦᠰᠢᠮᠡᠯ ᠨᠠᠷ ᠤᠤ?᠁ ᠭᠡᠮᠡᠨ ᠵᠠᠬᠢᠷᠤᠭᠴᠢ ᠲᠠᠲᠠᠯ ᠪᠢᠴᠢᠭ ᠢ᠋ᠶ᠋ᠡᠷ ᠪᠢᠴᠢᠵᠦ ᠳᠠᠭᠤᠰᠬᠠᠭᠠᠳ᠂ ᠲᠡᠭᠦᠨ ᠢ᠋ ᠪᠡᠨ ᠡᠷᠭᠢᠨ ᠬᠠᠷᠠᠵᠤ ᠭᠦᠨ ᠪᠣᠳᠣᠯ ᠳ᠋ᠤ᠌ ᠠᠪᠲᠠᠨ᠎ᠠ᠃
ᠬᠤᠪᠢᠯᠠᠢ ᠬᠡᠷᠡᠭ ᠶᠠᠪᠤᠳᠠᠯ ᠢ᠋ᠶ᠋ᠠᠨ ᠰᠠᠢᠨ ᠮᠠᠭᠤ᠂ ᠪᠣᠯᠬᠤ ᠪᠣᠯᠬᠤ ᠦᠭᠡᠢ ᠣᠯᠠᠨ ᠲᠠᠯ᠎ᠠ ᠠ᠋ᠴᠠ ᠨᠢ ᠳᠠᠬᠢᠨ ᠳᠠᠬᠢᠨ ᠡᠷᠭᠢᠴᠡᠭᠦᠯᠦᠨ ᠪᠣᠳᠣᠳᠠᠭ᠂ ᠲᠡᠷᠡ ᠪᠣᠳᠣᠯ ᠢ᠋ᠶ᠋ᠠᠨ ᠳᠠᠬᠢᠨ ᠥᠪᠡᠷ ᠢ᠋ᠶ᠋ᠡᠨ ᠰᠢᠭᠦᠵᠦ ᠦᠵᠡᠳᠡᠭ ᠵᠠᠩᠲᠠᠢ᠃ ᠲᠡᠷᠡ ᠨᠢ ᠲᠡᠭᠦᠨ ᠦ᠌ ᠭᠣᠣᠯ ᠠᠷᠭ᠎ᠠ ᠪᠣᠯᠵᠤ ᠵᠠᠬᠢᠷᠤᠭᠴᠢ ᠶ᠋ᠢᠨ ᠬᠡᠷᠡᠭ ᠢ᠋ ᠪᠡᠶ᠎ᠡ ᠰᠡᠳᠬᠢᠯ ᠳ᠋ᠦ᠍ ᠪᠡᠨ ᠲᠡᠭᠡᠭᠡᠵᠦ ᠶᠠᠪᠤᠭ᠎ᠠ ᠪᠢᠯᠡ᠃ ᠬᠤᠪᠢᠯᠠᠢ ᠡᠢᠨ ᠬᠦ᠌ ᠶᠡᠬᠡ ᠬᠠᠭᠠᠨ ᠤ᠋ ᠣᠷᠣ ᠶ᠋ᠢ ᠥᠪᠡᠷ ᠢ᠋ᠶ᠋ᠡᠨ ᠶᠠᠭᠠᠬᠢᠵᠤ ᠵᠠᠯᠭᠠᠨ ᠰᠠᠭᠤᠬᠤ ᠪᠢᠯᠡ? ᠭᠡᠳᠡᠭ ᠨᠢ ᠲᠡᠭᠦᠨ ᠦ᠌ ᠡᠳᠦᠷ ᠦ᠋ᠨ ᠪᠣᠳᠣᠯ᠂ ᠰᠥᠨᠢ ᠶ᠋ᠢᠨ ᠵᠡᠭᠦᠳᠦ ᠪᠣᠯᠵᠤ᠂ ᠠᠮᠠᠷᠠᠬᠤ ᠴᠡᠩᠭᠡᠬᠦ ᠪᠦᠬᠦᠨ ᠡᠴᠡ ᠨᠢ ᠪᠠᠷᠤᠭ ᠰᠠᠯᠭᠠᠵᠠᠢ᠃
ᠵᠠᠬᠢᠷᠤᠭᠴᠢ ᠯᠣᠯᠣᠢ ᠠᠪᠠᠭᠠᠢ ᠶ᠋ᠢ ᠳᠠᠭᠤᠳᠠᠭᠤᠯᠤᠨ ᠠᠭᠤᠯᠵᠠᠪᠠ᠃ ᠰᠠᠶᠢᠬᠢ ᠡᠬᠡᠨᠡᠷ ᠬᠤᠪᠢᠯᠠᠢ ᠶ᠋ᠢ ᠤᠷᠢᠳ ᠨᠢ ᠰᠢᠳᠠᠷᠯᠠᠭᠤᠯᠤᠭᠰᠠᠨ ᠪᠦᠰᠡᠭᠦᠢᠴᠦᠳ ᠢ᠋ ᠭᠣᠯᠣᠭᠰᠠᠨ ᠪᠠᠢᠬᠤ ᠭᠡᠵᠦ ᠳᠣᠲᠣᠷ᠎ᠠ ᠪᠠᠨ ᠠᠶᠤᠵᠤ ᠠᠭᠤᠯᠵᠠᠯ᠎ᠠ᠃ ᠵᠠᠬᠢᠷᠤᠭᠴᠢ ᠭᠦᠨ ᠪᠣᠳᠣᠯ ᠳ᠋ᠤ᠌ ᠳᠠᠷᠤᠭᠳᠠᠭᠰᠠᠨ ᠶᠠᠩᠵᠤᠲᠠᠢ ᠪᠠᠢᠭᠰᠠᠨ ᠢ᠋ᠶ᠋ᠠᠨ ᠯᠣᠯᠣᠢ ᠶ᠋ᠢ ᠬᠠᠷᠠᠭᠠᠳ᠄
— ᠠ᠂ ᠪᠢ ᠴᠢᠮ᠎ᠠ ᠠ᠋ᠴᠠ ᠨᠢᠭᠡ ᠵᠦᠢᠯ ᠭᠤᠶᠤᠶ᠎ᠠ! ᠪᠢ ᠪᠠᠶᠠᠨ ᠵᠠᠩᠵᠤᠨ ᠢ᠋ ᠢᠷ᠎ᠡ ᠭᠡᠵᠦ ᠳᠠᠭᠤᠳᠠᠭᠤᠯᠤᠭᠰᠠᠨ᠃ ᠴᠢ ᠬᠠᠷᠠᠵᠤ ᠪᠠᠢᠭᠠᠳ ᠲᠡᠭᠦᠨ ᠢ᠋ ᠡᠮᠦᠨ᠎ᠡ ᠵᠦᠭ ᠡᠴᠡ ᠢᠷᠡᠬᠦ ᠪᠡᠷ ᠨᠢ ᠣᠨᠴᠠᠭᠠᠢᠯᠠᠨ ᠤᠭᠲᠤᠵᠤ᠂ ᠠᠶᠠᠲᠠᠢ ᠲᠠᠪᠠᠲᠠᠢ ᠭᠡᠷ ᠲᠠᠰᠤᠯᠭᠠᠨ ᠳ᠋ᠤ᠌ ᠪᠠᠭᠤᠯᠭᠠᠭᠠᠳ᠂ ᠬᠣᠭᠣᠯᠠ ᠤᠮᠳᠠ ᠪᠤᠰᠤᠳ ᠪᠦᠬᠦ ᠵᠦᠢᠯ ᠢ᠋ᠶ᠋ᠡᠷ ᠨᠢ ᠲᠤᠬᠠᠯᠭᠤᠯᠵᠤ ᠦᠵᠡᠭᠡᠷᠡᠢ! ᠴᠢᠮᠠᠲᠤ ᠢᠯᠡᠭᠦᠦ ᠳᠤᠲᠠᠭᠤ ᠡᠮᠡᠰ ᠦ᠋ᠳ ᠪᠠᠢᠭ᠎ᠠ ᠪᠣᠯ ᠴᠢ ᠲᠡᠭᠦᠨ ᠡᠴᠡ ᠪᠡᠨ ᠪᠠᠶᠠᠨ ᠳ᠋ᠤ᠌ ᠰᠢᠳᠠᠷᠯᠠᠭᠤᠯᠬᠤ ᠠᠷᠭ᠎ᠠ ᠪᠣᠳᠣᠭᠰᠠᠨ ᠴᠦ᠍ ᠭᠡᠮ ᠦᠭᠡᠢ ᠰᠢᠦ᠃ ᠲᠡᠢᠨ ᠦ᠌ ᠭᠠᠵᠠᠷ ᠶᠠᠪᠤᠭ᠎ᠠ ᠡᠷ᠎ᠡ ᠭᠠᠴᠢᠭᠳᠠᠳᠠᠭ ᠯᠠ ᠪᠢᠵᠡ᠃ ᠪᠢ ᠡᠭᠦᠨ ᠢ᠋ ᠴᠢᠮᠠᠲᠤ ᠬᠡᠯᠡᠬᠦ ᠭᠡᠰᠡᠨ ᠤᠬᠠᠭᠠᠨᠲᠠᠢ᠃ ᠥᠭᠡᠷ᠎ᠡ ᠵᠦᠢᠯ ᠦᠭᠡᠢ᠃ ᠴᠢ ᠶᠠᠪᠤ! ᠭᠡᠯᠡ᠃
ᠯᠣᠯᠣᠢ ᠠᠪᠠᠭᠠᠢ ᠵᠠᠬᠢᠷᠤᠭᠴᠢ ᠶ᠋ᠢᠨ ᠡᠨᠡ ᠦᠭᠡᠨ ᠳ᠋ᠦ᠍ ᠭᠠᠢᠬᠠᠭᠰᠠᠨ ᠦᠭᠡᠢ᠂ ᠥᠪᠡᠷ ᠲᠦ᠍ ᠪᠡᠨ ᠰᠡᠳᠬᠢᠯ ᠳ᠋ᠦ᠍ ᠨᠢ ᠲᠠᠭᠠᠯᠠᠮᠵᠢ ᠦᠭᠡᠢ ᠡᠮ᠎ᠡ ᠢᠷᠡᠭᠦᠯᠦᠯ᠎ᠡ ᠭᠡᠵᠦ ᠵᠢᠮᠡᠯᠡᠯ ᠬᠦᠯᠢᠶᠡᠭᠡ ᠦᠭᠡᠢ ᠳ᠋ᠦ᠍ ᠪᠡᠨ ᠣᠯᠵᠠᠭᠤᠷᠬᠠᠨ᠂
— ᠪᠠᠰᠠ ᠪᠠᠶᠠᠨ ᠭᠡᠳᠡᠭ ᠨᠣᠶᠠᠨ ᠳ᠋ᠤ᠌ ᠡᠮᠡᠰ ᠣᠢᠷᠠᠲᠤᠭᠤᠯᠤᠨ ᠥᠭᠬᠦ ᠪᠣᠯᠵᠤ ᠪᠠᠢᠨ᠎ᠠ ᠤᠤ? ᠲᠡᠷᠡ ᠨᠢ ᠶᠡᠬᠡᠮᠰᠦᠭ ᠪᠠᠢᠷᠢ ᠶ᠋ᠢᠨ ᠬᠡᠴᠡᠭᠦᠦ ᠡᠷ᠎ᠡ ᠳᠡ᠃ ᠮᠢᠨᠦ ᠣᠢᠷᠠᠲᠤᠭᠤᠯᠵᠤ ᠥᠭᠭᠦᠭᠰᠡᠨ ᠬᠡᠦᠬᠡᠨ ᠢ᠋ ᠲᠣᠭᠣᠵᠤ ᠪᠡᠶ᠎ᠡ ᠳ᠋ᠦ᠍ ᠪᠡᠨ ᠬᠠᠪᠢᠳᠠᠭᠤᠯᠬᠤ ᠦᠭᠡᠢ ᠯᠡ ᠪᠣᠯᠪᠠ ᠤᠤ᠃ ᠶᠠᠭᠠᠬᠢᠬᠤ ᠪᠣᠢ᠃ ᠨᠠᠳᠠᠳᠤ ᠠᠮᠠᠷ ᠪᠢᠵᠡ᠃ ᠬᠤᠪᠢᠯᠠᠢ ᠪᠠᠶᠠᠨ ᠢ᠋ ᠶᠠᠮᠠᠷ ᠡᠮ᠎ᠡ ᠶᠠᠭᠠᠬᠢᠵᠤ ᠬᠡᠷᠡᠭᠯᠡᠪᠡ ᠠ᠋ ᠭᠡᠵᠦ ᠨᠠᠳᠠ ᠠ᠋ᠴᠠ ᠠᠰᠠᠭᠤᠬᠤ ᠦᠭᠡᠢ ᠨᠢ ᠯᠠᠪᠲᠠᠢ ᠭᠡᠮᠡᠨ ᠯᠣᠯᠣᠢ ᠪᠣᠳᠣᠭᠰᠠᠭᠠᠷ ᠥᠪᠡᠷ ᠦ᠋ᠨ《ᠮᠠᠯᠯᠠᠳᠠᠭ》 ᠡᠮᠡᠰ ᠦ᠋ᠳ ᠳᠡᠭᠡᠷ᠎ᠡ ᠪᠡᠨ ᠢᠷᠡᠵᠡᠢ᠃
— — — —
① ᠢᠲ᠋ᠠᠯᠢ ᠶᠢᠨ ᠵᠢᠭᠤᠯᠴᠢᠨ ᠮᠠᠷᠺᠣ ᠫᠣᠯᠣ᠂ ᠶᠠᠫᠤᠨ ᠤ ᠲᠡᠦᠬᠡᠴᠢ ᠮᠠᠼᠣᠸᠤ ᠵᠡᠷᠭᠡ ᠠᠵᠢᠭᠯᠠᠭᠴᠢᠳ᠂ ᠰᠣᠳᠣᠯᠭᠠᠴᠢᠳ ᠬᠤᠪᠢᠯᠠᠢ ᠶᠢᠨ ᠬᠠᠲᠤᠳ ᠡᠮᠡᠰ ᠦᠳ ᠦᠨ ᠪᠠᠢᠳᠠᠯ ᠢ ᠠᠩᠬᠠᠷᠴᠤ ᠪᠢᠴᠢᠭᠰᠡᠨ᠃ ᠲᠡᠭᠡᠬᠦ ᠳ᠋ᠦ᠍ ᠪᠡᠨ ᠬᠣᠭᠣᠷᠣᠨᠳᠣ ᠪᠠᠨ ᠵᠥᠷᠢᠶᠡᠲᠡᠢ ᠲᠡᠮᠳᠡᠭᠯᠡᠵᠡᠢ᠃ ᠬᠤᠪᠢᠯᠠᠢ ᠶ᠋ᠢ ᠵᠢᠩᠬᠢᠨᠢ ᠳᠥᠷᠪᠡᠨ ᠬᠠᠲᠤᠨ ᠲᠠᠢ ᠪᠤᠶᠤ ᠨᠠᠢ᠍ᠮᠠᠨ ᠬᠠᠲᠤᠨ ᠲᠠᠢ᠂ ᠰᠤᠯᠠ ᠬᠣᠶᠠᠷ ᠬᠠᠲᠤᠨ ᠲᠠᠢ ᠪᠠᠢᠭᠰᠠᠨ ᠭᠡᠨ᠎ᠡ᠃ ᠪᠠᠰᠠ ᠵᠠᠭᠤᠭᠠᠳ ᠡᠮᠡᠰ ᠰᠢᠳᠠᠷᠯᠠᠵᠤ ᠪᠠᠢᠭᠰᠠᠨ ᠭᠡᠨ᠎ᠡ᠃ ᠬᠣᠩᠭᠢᠷᠠᠳ ᠠᠢᠮᠠᠭ ᠤ᠋ᠨ ᠴᠡᠪᠡᠷ᠂ ᠲᠡᠭᠦᠨ ᠦ᠌ ᠠᠬ᠎ᠠ ᠨᠠᠴᠢᠨ ᠭᠡᠭᠴᠢ ᠶ᠋ᠢᠨ ᠣᠮᠪᠣᠯᠣ ᠥᠬᠢᠨ ᠨᠠᠮᠪᠢ ᠬᠣᠶᠠᠷ ᠨᠢ ᠬᠤᠪᠢᠯᠠᠢ ᠶ᠋ᠢᠨ ᠤᠯᠤᠰ ᠲᠥᠷᠥ ᠶ᠋ᠢᠨ ᠬᠡᠷᠡᠭ ᠲᠦ᠍ ᠣᠷᠣᠯᠴᠠᠳᠠᠭ᠃ ᠴᠡᠪᠡᠷ ᠨᠢ ᠬᠤᠪᠢᠯᠠᠢ ᠳ᠋ᠤ᠌ ᠨᠠᠷᠢᠨ ᠬᠠᠨᠴᠤᠢ ᠲᠠᠢ ᠳᠡᠪᠡᠯ᠂ ᠬᠥᠳᠥᠰᠥᠨ ᠮᠠᠯᠠᠭᠠᠢ ᠣᠶᠣᠵᠤ ᠥᠭᠴᠦ ᠪᠠᠢᠭᠰᠠᠨ ᠭᠡᠳᠡᠭ᠃ ᠡᠨᠡ ᠪᠣᠯ ᠠᠵᠤ ᠠᠬᠤᠢᠴᠢ᠂ ᠤᠷᠠᠨ ᠭᠡᠵᠦ ᠠᠯᠳᠠᠷᠰᠢᠭᠰᠠᠨ ᠴᠢᠮᠪᠠᠢ ᠬᠠᠲᠤᠨ ᠮᠥᠨ ᠪᠢᠵᠡ᠃ ᠬᠤᠪᠢᠯᠠᠢ ᠶ᠋ᠢ ᠨᠠᠰᠤ ᠠᠬᠢᠬᠤ ᠪᠠᠷ ᠨᠢ ᠨᠠᠮᠪᠢ ᠨᠢ ᠲᠥᠷᠥ ᠶ᠋ᠢᠨ ᠬᠡᠷᠡᠭ ᠲᠦ᠍ ᠨᠢ ᠵᠥᠪᠯᠡᠳᠡᠭ ᠪᠠᠢᠵᠠᠢ᠃ ᠬᠤᠪᠢᠯᠠᠢ ᠨᠠᠰᠤᠨ ᠤ᠋ ᠪᠠᠨ ᠡᠴᠦᠰ ᠲᠦ᠍ ᠠᠮᠢᠳᠤᠷᠠᠯ ᠪᠠᠢᠳᠠᠯ ᠢ᠋ᠶ᠋ᠠᠷ ᠢ᠋ᠶ᠋ᠠᠨ ᠵᠢᠷᠭᠠᠯᠲᠠᠢ ᠪᠠᠢᠵᠤ ᠴᠢᠳᠠᠭ᠎ᠠ ᠦᠭᠡᠢ᠂ ᠲᠡᠭᠦᠨ ᠢ᠋ ᠨᠢ ᠳᠠᠷᠠᠭ᠎ᠠ ᠪᠢᠴᠢᠬᠦ《ᠬᠤᠪᠢᠯᠠᠢ ᠬᠠᠭᠠᠨ》 ᠵᠣᠬᠢᠶᠠᠯ ᠳ᠋ᠤ᠌ ᠪᠠᠨ ᠬᠠᠷᠠᠭᠤᠯᠤᠭᠰᠠᠨ ᠪᠣᠯᠤᠨ᠎ᠠ᠃ — ᠵᠣᠬᠢᠶᠠᠭᠴᠢ
ᠦᠰᠦᠭ ᠠᠮᠢᠯᠠᠭᠤᠯᠤᠭᠰᠠᠨ ᠨᠢ᠄ ᠲᠡᠭᠷᠢ ᠡᠵᠢ᠂ ᠪᠠᠭᠠᠲᠤᠷ᠂ ᠭᠠᠷᠮ᠎ᠠ
