ᠪᠦᠯᠵᠢᠬᠢᠨ ᠬᠠᠲᠤᠨ– [ᠮᠣᠩᠭᠣᠯ] ᠳᠠᠮᠪᠠ ᠶᠢᠨ ᠲᠥᠷᠥᠪᠠᠲᠤ <ᠳᠣᠯᠣᠳᠤᠭᠠᠷ ᠪᠦᠯᠦᠭ 3-4> Бүлжхэн хатан– [монгол] Дамбын Төрбат <долдугаар бүлэг 3-4> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠦᠯᠵᠢᠬᠢᠨ ᠬᠠᠲᠤᠨ– [ᠮᠣᠩᠭᠣᠯ] ᠳᠠᠮᠪᠠ ᠶᠢᠨ ᠲᠥᠷᠥᠪᠠᠲᠤ <ᠳᠣᠯᠣᠳᠤᠭᠠᠷ ᠪᠦᠯᠦᠭ 3-4> Бүлжхэн хатан– [монгол] Дамбын Төрбат <долдугаар бүлэг 3-4>

ᠪᠦᠯᠵᠢᠬᠢᠨ ᠬᠠᠲᠤᠨ– [ᠮᠣᠩᠭᠣᠯ] ᠳᠠᠮᠪᠠ ᠶᠢᠨ ᠲᠥᠷᠥᠪᠠᠲᠤ <ᠳᠣᠯᠣᠳᠤᠭᠠᠷ ᠪᠦᠯᠦᠭ 3-4> Бүлжхэн хатан– [монгол] Дамбын Төрбат <долдугаар бүлэг 3-4>

ᠠᠩᠭᠢᠯᠠᠯ:ᠲᠤᠭᠤᠵᠢ ᠷᠣᠮᠠᠨ
2026-05-25

88

ᠪᠦᠯᠵᠢᠬᠢᠨ ᠬᠠᠲᠤᠨ– <ᠳᠣᠯᠣᠳᠤᠭᠠᠷ ᠪᠦᠯᠦᠭ 3-4>


                3   
        
       ᠶᠢᠰᠦᠭᠡᠢ ᠬᠡᠭᠡᠷ᠎ᠡ ᠶ᠋ᠢᠨ ᠰᠠᠯᠬᠢᠨ᠎ᠠ ᠡᠷᠪᠡᠯᠵᠡᠨ ᠳᠡᠷᠪᠡᠯᠵᠡᠬᠦ ᠴᠠᠴᠠᠷ ᠤ᠋ᠨ ᠬᠠᠶᠠᠭ᠎ᠠ ᠰᠢᠷᠲᠡᠨ ᠬᠡᠪᠲᠡᠵᠦ ᠪᠠᠢᠯ᠎ᠠ᠃ ᠭᠤᠸ᠎ᠠ ᠵᠠᠯᠠᠭᠤ ᠬᠠᠲᠤᠨ ᠬᠢᠭᠡᠳ ᠭᠣᠯᠣᠮᠲᠠ ᠲᠠᠰᠤᠯᠤᠭᠠᠳ ᠤᠳᠠᠭ᠎ᠠ ᠦᠭᠡᠢ ᠲᠠᠩᠰᠤᠭ ᠥᠷᠭᠥᠭᠡ ᠪᠡᠨ ᠦᠶ᠎ᠡ ᠦᠶᠡᠬᠡᠨ᠂ ᠰᠠᠮ ᠰᠡᠮᠬᠡᠨ ᠰᠠᠨᠠᠭᠠᠯᠵᠠᠬᠤ ᠪᠣᠯᠵᠤ ᠠᠪᠠᠢ᠃ ᠥᠭᠡᠯᠦᠨ ᠥᠵᠢᠨ ᠡᠳᠦᠢ ᠳ᠋ᠦ᠍ ᠰᠢᠪᠡᠭᠴᠢᠨ ᠡᠮ᠎ᠡ ᠶ᠋ᠢᠨ ᠬᠠᠮᠲᠤ ᠰᠢᠷᠢᠮᠡᠯ ᠲᠣᠭᠣᠷᠢᠭᠤᠯᠭ᠎ᠠ ᠳᠡᠭᠡᠷ᠎ᠡ ᠱᠠᠭᠠᠢ ᠰᠠᠴᠤᠨ ᠨᠢᠰᠠᠯᠵᠤ ᠰᠠᠭᠤᠭ᠎ᠠ ᠪᠢᠵᠡ ᠠ᠋ ᠭᠡᠵᠦ ᠥᠬᠦᠭᠡᠷᠳᠡᠩᠭᠦᠢ ᠪᠣᠳᠣᠬᠤ ᠳ᠋ᠤ᠌ ᠰᠡᠳᠬᠢᠯ ᠳ᠋ᠦ᠍ ᠳᠣᠲᠣᠨᠣᠬᠠᠨ ᠨᠢᠳᠦ ᠨᠢ ᠲᠣᠷᠮᠣᠯᠵᠠᠵᠤ᠂ ᠲᠠᠨᠢᠯ ᠡᠩᠬᠦᠷᠡᠢ ᠦᠨᠦᠷ ᠠᠩᠬᠢᠯᠬᠤ ᠰᠢᠭ᠋ ᠪᠣᠯᠤᠯ᠎ᠠ᠃ ᠲᠡᠷᠡ ᠪᠡᠷ ᠲᠠᠰᠤ ᠠᠳᠬᠤᠭᠰᠠᠨ ᠠᠵᠠ ᠶ᠋ᠢᠨ ᠳᠥᠷᠪᠡᠨ ᠱᠠᠭᠠᠢ ᠪᠠᠨ ᠬᠠᠮᠠᠷ ᠲᠤ᠌ ᠪᠠᠨ ᠪᠠᠷᠢᠨ ᠦᠨᠦᠷᠯᠡᠵᠦ᠂ 
       一 ᠮᠢᠨᠦ ᠪᠤᠷᠠᠮᠬᠠᠨ᠁ ᠭᠡᠵᠦ ᠰᠢᠪᠡᠨᠡᠴᠢᠬᠡᠭᠡᠳ ᠬᠥᠮᠦᠨ ᠰᠣᠨᠣᠰᠴᠢᠬᠠᠬᠤ ᠪᠣᠢ ᠭᠡᠮᠡᠨ ᠡᠷᠭᠢᠨ ᠲᠣᠭᠣᠷᠢᠨ ᠢ᠋ᠶ᠋ᠠᠨ ᠠᠵᠢᠵᠤ ᠰᠠᠭᠤᠯ᠎ᠠ᠃ ᠡᠨᠡ ᠬᠦ᠌ ᠨᠢᠮᠪᠠᠢ ᠵᠠᠰᠠᠭᠰᠠᠨ ᠳᠥᠷᠪᠡᠨ ᠱᠠᠭᠠᠢ ᠶ᠋ᠢ ᠪᠡᠷᠲᠡᠨ ᠨᠣᠶᠠᠨ ᠡᠴᠢᠭᠡ ᠪᠡᠷ ᠥᠭᠡᠯᠦᠨ ᠬᠠᠲᠤᠨ ᠥᠭᠭᠦᠭᠦᠯᠦᠭᠰᠡᠨ ᠶᠦᠮ ᠰᠠᠨᠵᠠᠢ᠃ 
       一 ᠠᠷᠭ᠎ᠠ ᠪᠢᠯᠢᠭ ᠪᠠᠢᠭᠰᠠᠨ ᠪᠤᠰᠤ ᠤᠤ᠂ ᠪᠠᠰᠠ ᠰᠦᠷᠡᠬᠡᠢ ᠬᠥᠮᠦᠨ ᠠᠵᠢ! ᠭᠡᠵᠦ ᠡᠴᠢᠭᠡ ᠨᠣᠶᠠᠨ ᠨᠢ ᠶᠡᠬᠡ ᠯᠡ ᠲᠣᠭᠣᠵᠤ᠂ ᠳᠥᠷᠪᠡᠨ ᠱᠠᠭᠠᠢ ᠶ᠋ᠢ ᠰᠢᠭᠰᠢᠨ ᠬᠠᠶᠠᠬᠤ ᠳ᠋ᠤᠨᠢ ᠳᠥᠷᠪᠡᠨ ᠪᠡᠷᠬᠡ ᠪᠠᠭᠤᠵᠤ ᠪᠡᠷᠲᠡᠨ ᠨᠣᠶᠠᠨ ᠮᠠᠩᠨᠠᠢ ᠬᠠᠭᠠᠷᠠᠲᠠᠯ᠎ᠠ ᠪᠠᠶᠠᠷᠯᠠᠵᠤ ᠪᠢᠯᠡ᠃ ᠶᠢᠰᠦᠭᠡᠢ ᠠᠵᠠ ᠶ᠋ᠢᠨ ᠳᠥᠷᠪᠡᠨ ᠪᠡᠷᠬᠡ ᠪᠡᠨ ᠡᠪᠦᠷᠲᠦᠯᠡᠵᠦ ᠶᠠᠪᠤᠬᠤ ᠳ᠋ᠤ᠌ ᠠᠯᠵᠠᠬᠤ ᠦᠭᠡᠢ ᠭᠡᠮᠡᠨ ᠪᠣᠳᠣᠵᠠᠢ᠃ ᠶᠡᠷᠦ ᠡᠪᠦᠷ ᠲᠦ᠍ ᠠᠯᠠᠭ᠎ᠠ ᠳᠠᠷᠤᠮ᠎ᠠ ᠭᠠᠵᠠᠷ ᠬᠠᠯᠠᠭᠤ ᠳᠦᠦᠭᠡᠭᠡᠳ᠂ ᠥᠭᠡᠯᠦᠨ ᠦᠵᠢᠨ ᠬᠠᠲᠤᠨ ᠬᠥᠭᠡᠷᠦᠬᠦᠨ ᠪᠣᠷᠣ ᠭᠠᠷ ᠢ᠋ᠶ᠋ᠠᠷ ᠢ᠋ᠶ᠋ᠠᠨ ᠳᠠᠷᠤᠭᠠᠳ ᠪᠠᠢᠭ᠎ᠠ ᠶᠤᠮ ᠰᠢᠭ᠋ ᠰᠠᠨᠠᠭᠳᠠᠬᠤ ᠪᠣᠯᠵᠠᠢ᠃ ᠪᠠᠰᠠ ᠬᠦ᠌ ᠬᠡᠭᠡᠷ᠎ᠡ ᠶ᠋ᠢᠨ ᠵᠠᠮ ᠠᠴᠠ ᠣᠯᠵᠠᠯᠠᠵᠤ ᠢᠷᠡᠭᠰᠡᠨ ᠡᠮ᠎ᠡ ᠭᠡᠮᠡᠨ ᠲᠡᠳᠦᠢ ᠯᠡ ᠨᠢᠭᠤᠷ ᠥᠭᠬᠦ ᠦᠭᠡᠢ ᠪᠠᠢᠭᠰᠠᠨ ᠡᠴᠢᠭᠡ ᠨᠣᠶᠠᠨ ᠤ᠋ ᠠᠮᠠᠨ ᠠᠴᠠ ᠡᠢᠮᠦ ᠦᠭᠡ ᠰᠣᠨᠣᠰᠤᠭᠰᠠᠨ ᠳ᠋ᠠᠭᠠᠨ ᠶᠡᠬᠡ ᠯᠡ ᠬᠥᠬᠢᠨ ᠪᠡᠶᠡᠰᠴᠦ ᠪᠠᠢᠪᠠ᠃ ᠲᠡᠷᠡ ᠪᠡᠷ ᠬᠥᠯᠥᠷᠡᠲᠡᠯ᠎ᠡ ᠨᠢ ᠠᠳᠬᠤᠭᠰᠠᠨ ᠱᠠᠭᠠᠢ ᠪᠠᠨ ᠰᠢᠪᠰᠢᠨ᠂ 
       — ᠬᠦᠦ ᠬᠠᠢᠷᠠᠯᠠ! ᠬᠦᠦ ᠬᠠᠢᠷᠠᠯᠠ! ᠭᠡᠮᠡᠨ ᠰᠢᠪᠰᠢᠵᠦ ᠰᠠᠭᠤᠲᠠᠯ᠎ᠠ ᠵᠠᠩᠵᠤᠨ ᠪᠦᠷᠢᠶ᠎ᠡ ᠳᠡᠰ ᠬᠢᠨ ᠬᠦᠩᠭᠢᠨᠡᠯ᠎ᠡ᠃ ᠨᠣᠶᠠᠳ ᠴᠢᠭᠤᠯᠬᠤ ᠬᠡᠷᠡᠭ ᠭᠠᠷᠴᠠᠢ᠃ ᠶᠢᠰᠦᠭᠡᠢ ᠴᠠᠴᠠᠷ ᠤ᠋ᠨ ᠪᠠᠭᠠᠨ᠎ᠠ ᠎ᠠ᠋ᠴᠠ ᠵᠡᠭᠦᠭᠰᠡᠨ ᠰᠣᠷᠣᠨ ᠪᠦᠰᠡ᠂ ᠬᠤᠢ ᠲᠠᠢ ᠢᠯᠳᠦ ᠪᠡᠨ ᠬᠠᠷᠰᠢᠭᠤᠯᠤᠨ ᠰᠢᠭᠦᠷᠡᠵᠦ ᠠᠪᠤᠭᠠᠳ ᠶᠠᠪᠤᠭᠤᠲᠠ ᠪᠦᠰᠡᠯᠡᠨ ᠬᠤᠲᠤᠭᠲᠤ ᠨᠣᠶᠠᠨ ᠤ᠋ ᠠᠯᠲᠠᠨ ᠲᠡᠷᠮ᠎ᠡ ᠤᠷᠤᠭᠤ ᠭᠦᠶᠦᠯ᠎ᠡ᠃ ᠵᠠᠯᠠᠭᠤ ᠵᠠᠩᠵᠤᠨ ᠳ᠋ᠧᠩ ᠦ᠋ᠨ ᠪᠦᠳᠡᠭᠢ ᠭᠡᠷᠡᠯ ᠳ᠋ᠦ᠍ ᠴᠠᠭᠠᠰᠢ ᠬᠠᠷᠠᠨ ᠰᠠᠭᠤᠭᠰᠠᠨ ᠡᠪᠦᠭᠡᠵᠢᠶᠡᠷ ᠬᠥᠮᠦᠨ ᠢ᠋ ᠠᠩᠵᠠᠭᠠᠷᠠᠭᠰᠠᠨ ᠦᠭᠡᠢ ᠳᠡᠪᠡᠯ ᠦ᠋ᠨ ᠬᠢᠨᠢ ᠬᠣᠷᠮᠣᠢ ᠳᠡᠭᠡᠭᠦᠷ ᠭᠢᠰᠬᠢᠴᠢᠨ ᠠᠯᠲᠠᠨ ᠭᠠᠷᠴᠤ ᠪᠠᠷᠠᠭᠤᠨ ᠭᠠᠷ ᠠᠬᠠᠯᠠᠵᠤ ᠰᠠᠭᠤᠭᠰᠠᠨ ᠬᠣᠢᠨ᠎ᠠ ᠪᠠᠨ ᠬᠠᠷᠠᠪᠠᠯ ᠬᠣᠲᠣᠯᠠ ᠨᠣᠶᠠᠨ ᠤ᠋ ᠮᠡᠯᠲᠡᠭ ᠬᠢᠶ᠎ᠡ ᠠᠵᠢ᠃ 
       — ᠮᠡᠯᠲᠡᠭ ᠬᠢᠶ᠎ᠡ᠂ ᠲᠠ ᠴᠢᠨᠢ᠁ ᠭᠡᠲᠡᠯ᠎ᠡ ᠬᠤᠲᠤᠭᠲᠤ ᠮᠣᠩᠬᠣᠷ ᠦᠭᠡ ᠶ᠋ᠢ ᠨᠢ ᠲᠠᠰᠤᠯᠤᠨ᠂ 
       — ᠭᠠᠵᠠᠷ ᠳᠣᠣᠷ᠎ᠠ ᠎ᠠ᠋ᠴᠠ ᠭᠠᠷᠴᠤ ᠢᠷᠡᠴᠢᠬᠡᠭᠡᠳ ᠪᠠᠢᠨ᠎ᠠ ᠭᠡᠵᠦ ᠬᠦᠢᠲᠡᠪᠲᠦᠷ ᠥᠭᠦᠯᠡᠪᠡ᠃ ᠭᠡᠪᠡᠴᠦ ᠪᠠᠢᠰᠢᠩᠬᠤᠷ ᠲᠣᠭᠰᠢᠨ ᠡᠯᠦᠨᠴᠡ᠂ ᠲᠤᠮᠪᠢᠨᠠᠢ ᠰᠡᠴᠡᠨ ᠡᠪᠦᠭᠡ ᠬᠢᠭᠡᠳ ᠬᠠᠪᠤᠯ ᠬᠠᠭᠠᠨ ᠡᠴᠢᠭᠡ ᠶ᠋ᠢ ᠬᠦᠷᠲᠡᠯ᠎ᠡ ᠦᠶ᠎ᠡ ᠳᠠᠮᠵᠢᠨ ᠵᠢᠳᠬᠦᠭᠰᠡᠨ ᠤᠨᠠᠭᠠᠨ ᠪᠣᠭᠣᠯ ᠮᠥᠨ ᠲᠤᠯᠠ ᠶᠠᠭᠤ ᠶᠠᠭᠤ ᠦᠭᠡᠢ ᠰᠢᠷᠦᠭᠦᠯᠡᠬᠡᠵᠦ ᠦᠯᠦ ᠴᠢᠳᠠᠬᠤ ᠠᠵᠢ᠃ ᠮᠡᠯᠲᠡᠭ ᠬᠢᠶ᠎ᠡ ᠦᠭᠡ ᠨᠢ ᠠᠮᠠᠨ ᠳ᠋ᠠᠭᠠᠨ ᠪᠠᠭᠲᠠᠵᠤ ᠶᠠᠳᠠᠬᠤ ᠮᠡᠲᠦ ᠠᠩᠭᠠᠯᠵᠠᠨ᠂ 
       — ᠨᠣᠶᠠᠳ ᠮᠢᠨᠢ ᠨᠠᠳᠠ ᠳ᠋ᠤ᠌ ᠢᠲᠡᠭᠡᠵᠦ ᠬᠠᠢᠷᠠᠯᠠ᠃ ᠲᠡᠮᠦᠵᠢᠨ ᠦᠭᠡ ᠨᠣᠶᠠᠨ ᠨᠠᠮᠠᠶ᠋ᠢ ᠲᠤᠷᠰᠢᠭᠤᠯ ᠪᠣᠯ ᠭᠡᠵᠦ ᠢᠯᠡᠭᠡᠭᠰᠡᠨ ᠪᠢᠯᠡ᠃ ᠭᠡᠪᠡᠴᠦ ᠨᠠᠳᠠ ᠳ᠋ᠤ᠌ ᠨᠢᠷᠤᠭᠤᠨ ᠬᠢᠶᠠᠳ ᠣᠪᠣᠭ ᠠᠴᠠ ᠤᠷᠪᠠᠬᠤ ᠵᠢᠷᠦᠬᠡ ᠠᠯᠠᠭ᠎ᠠ ᠶ᠋ᠢ ᠣᠢᠯᠠᠭᠠᠨ ᠰᠣᠶᠣᠷᠬ᠎ᠠ! ᠭᠡᠯ᠎ᠡ᠃ ᠪᠠᠷᠲᠠᠨ ᠨᠣᠶᠠᠨ ᠲᠠᠷᠮ᠎ᠠ ᠶ᠋ᠢᠨ ᠪᠠᠭᠠᠨ᠎ᠠ ᠶ᠋ᠢᠨ ᠰᠡᠭᠦᠳᠡᠷ ᠲᠤᠰᠤᠭᠰᠠᠨ ᠴᠢᠷᠠᠢ ᠶ᠋ᠢ ᠨᠢ ᠬᠠᠷᠠᠬᠤ ᠭᠡᠵᠦ ᠥᠨᠳᠡᠯᠵᠡᠭᠰᠡᠨ ᠢ᠋ᠶ᠋ᠡᠨ᠂ 
       — ᠴᠢ ᠬᠦ᠂ ᠭᠡᠷᠡᠯ ᠳ᠋ᠦ᠍ ᠭᠠᠷᠴᠤ ᠰᠠᠭᠤ! ᠬᠡᠮᠡᠪᠡ᠃ ᠨᠢᠳᠦ ᠶ᠋ᠢ ᠨᠢ ᠬᠠᠷᠠᠶ᠎ᠠ ᠭᠡᠵᠦ ᠪᠣᠳᠣᠵᠠᠢ᠃ ᠣᠯᠠᠨ ᠵᠢᠯ ᠤᠰᠤᠨ ᠳ᠋ᠤ᠌ ᠬᠠᠶᠠᠭᠰᠠᠨ ᠴᠢᠯᠠᠭᠤ ᠰᠢᠭ᠋ ᠠᠯᠠᠭ᠎ᠠ ᠪᠣᠯᠵᠤ ᠪᠣᠯᠵᠤ ᠭᠡᠨᠡᠳᠲᠡ ᠡᠢᠨ ᠭᠠᠷᠴᠤ ᠢᠷᠡᠭᠰᠡᠨ ᠨᠢ ᠲᠦᠳᠡ ᠦᠭᠡᠢ ᠰᠠᠨᠠᠭᠳᠠᠵᠤ ᠠᠪᠠᠢ᠃ ᠲᠡᠮᠦᠵᠢᠨ ᠦᠭᠡ ᠨᠣᠶᠠᠨ ᠤ᠋ ᠭᠠᠷ ᠬᠥᠯ ᠪᠣᠯᠵᠤ᠂ ᠲᠤᠷᠰᠢᠭᠤᠯ ᠲᠠᠩᠳᠠᠭᠤᠯ ᠬᠢᠵᠦ ᠪᠠᠢᠭᠤᠵᠠᠢ ᠭᠡᠮᠡᠨ ᠬᠠᠰᠢᠷᠯᠠᠵᠤ ᠶᠠᠭᠤ ᠲᠠᠢ ᠴᠤ᠌ ᠨᠢᠳᠦ ᠶ᠋ᠢ ᠰᠢᠷᠲᠡᠬᠦ ᠶ᠋ᠢ ᠬᠦᠰᠡᠭᠰᠡᠨ ᠠᠵᠢ᠃ ᠬᠤᠯᠠᠨ ᠨᠣᠶᠠᠨ ᠣᠯᠵᠠᠨ ᠤ᠋ ᠬᠥᠮᠦᠨ ᠦ᠌ ᠨᠢᠳᠦ ᠤᠷᠤᠭᠤ ᠴᠣᠷᠭᠢᠬᠤ ᠮᠡᠲᠦ ᠰᠢᠷᠳᠡᠵᠦ᠂ 
       — ᠦᠭᠡ ᠨᠣᠶᠠᠨ ᠲᠠ ᠬᠣᠶᠠᠷ ᠳᠡᠪᠡᠯ ᠲᠡᠢ ᠲᠥᠷᠥᠭᠰᠡᠨ ᠠᠬᠠᠨ ᠳᠡᠭᠦᠦᠰ ᠮᠡᠲᠦ ᠪᠠᠢᠳᠠᠭ ᠦᠭᠡᠢ ᠪᠢᠯᠡ ᠤᠤ? ᠭᠡᠬᠦ ᠳ᠋ᠦ᠍ ᠮᠡᠯᠲᠡᠭ ᠬᠢᠶ᠎ᠡ ᠨᠠᠪᠲᠠᠰᠬᠢᠨ᠂ 
       — ᠵᠠ᠂ ᠲᠡᠢᠮᠦ ᠪᠢᠯᠡ ᠭᠡᠪᠡ᠃  ᠤᠭ ᠤ᠋ᠨ ᠶᠠᠷᠳᠠᠭ ᠲᠣᠭᠰᠢᠨ ᠬᠤᠲᠤᠭᠲᠤ ᠮᠣᠩᠬᠣᠷ ᠴᠤ᠌᠂ ᠬᠤᠢᠰᠠᠭᠠᠨᠠᠭᠤᠷ ᠠᠳᠬᠠᠤ ᠬᠤᠯᠠᠨ ᠪᠠᠭᠠᠲᠤᠷ ᠴᠤ᠌ ᠰᠢᠷᠦᠭᠦᠯᠡᠵᠦ ᠡᠰᠡ ᠴᠢᠳᠠᠬᠤ ᠳ᠋ᠤ᠌ ᠠᠮᠪᠠᠭᠠᠢ ᠬᠠᠭᠠᠨ ᠤ᠋ ᠬᠠᠲᠠᠭᠠᠨ ᠲᠠᠢᠵᠢ᠂ 
       — ᠲᠡᠨᠳᠡ ᠡᠪ ᠡᠪᠳᠡᠷᠡᠵᠦ᠂ ᠡᠷᠭᠢ ᠨᠤᠷᠠᠭ᠎ᠠ ᠤᠤ? ᠭᠡᠵᠦ ᠬᠠᠲᠠᠭᠤᠷᠬᠠᠯ᠎ᠠ᠃ ᠲᠠᠢᠴᠢᠭᠤᠳ ᠤ᠋ᠨ ᠬᠠᠲᠠᠭᠠᠨ ᠲᠠᠢᠵᠢ ᠠᠩ ᠠᠪᠠ ᠳ᠋ᠤ᠌ ᠴᠣᠭ ᠮᠣᠷᠳᠠᠵᠤ ᠪᠠᠢᠭᠰᠠᠨ ᠠᠴᠠ ᠴᠠᠭᠠᠰᠢ ᠦᠭᠡᠢ ᠲᠤᠯᠠ ᠮᠡᠯᠲᠡᠭ ᠢ᠋ ᠮᠡᠳᠡᠬᠦ ᠦᠭᠡᠢ᠂ ᠲᠠᠨᠢᠬᠤ ᠦᠭᠡᠢ ᠲᠡᠢ ᠠᠳᠠᠯᠢ ᠶᠤᠮ᠃ 
       — ᠵᠠ᠂ ᠲᠡᠭᠡᠭᠰᠡᠨ᠃ ᠬᠠᠷᠠᠴᠤ ᠪᠣᠭᠣᠯ ᠮᠢᠨᠦ ᠪᠡᠶ᠎ᠡ ᠬᠠᠭᠠᠨ ᠬᠠᠪᠤᠯ ᠤ᠋ᠨ ᠵᠠᠷᠯᠢᠭ ᠤ᠋ᠨ ᠡᠯᠴᠢ ᠪᠣᠯᠵᠤ᠂ ᠮᠥᠩᠭᠥᠨ ᠭᠡᠷ᠎ᠡ ᠭᠠᠷᠳᠠᠨ ᠬᠡᠷᠡᠢᠳ ᠦ᠋ᠨ ᠬᠣᠷᠵᠠᠬᠤᠰ ᠪᠣᠶᠤᠷᠤᠭ ᠲᠤ᠌ ᠪᠠᠷᠠᠯᠬᠠᠭᠰᠠᠨ ᠪᠢᠯᠡ᠃ ᠵᠦᠷᠴᠢᠳ ᠦ᠋ᠨ ᠠᠯᠲᠠᠨ ᠤᠯᠤᠰ ᠤ᠋ᠨ ᠪᠠᠶᠠᠨ ᠦᠵᠢᠮᠡᠢ ᠬᠠᠭᠠᠨ ᠤ᠋ ᠮᠠᠲᠠᠯ ᠳ᠋ᠤ᠌ ᠣᠷᠣᠭᠰᠠᠨ ᠢᠯᠮ᠎ᠠ ᠬᠠᠲᠤᠨ ᠤ᠋ ᠰᠤᠷᠠᠭ ᠢ᠋᠂ ᠲᠣᠷᠯᠣᠭ ᠲᠣᠭᠣᠷᠢᠯ ᠨᠣᠶᠠᠨ ᠤ᠋ ᠦᠭᠡ ᠶ᠋ᠢ ᠡᠮᠡᠭᠡᠯ ᠦ᠋ᠨ ᠳᠠᠭᠤᠤ ᠪᠣᠯᠭᠠᠨ ᠠᠪᠴᠤ ᠣᠴᠢᠭᠰᠠᠨ ᠪᠥᠯᠥᠭᠡ᠃  ᠬᠠᠲᠠᠭᠠᠨ ᠲᠠᠢᠵᠢ ᠡᠨᠡ ᠲᠤᠬᠠᠢ ᠦᠯᠢᠭᠡᠷ ᠳᠣᠮᠣᠭ ᠮᠡᠲᠦ ᠰᠤᠷᠠᠭ ᠢ᠋ ᠮᠡᠷᠭᠢᠳ ᠦ᠋ᠨ ᠳᠣᠲᠣᠷ ᠪᠢᠯᠭᠡ ᠠᠨᠳᠠ᠎ ᠠ᠋ᠴᠠ ᠪᠠᠨ ᠰᠣᠨᠣᠰᠤᠭᠰᠠᠨ ᠶᠤᠮ ᠰᠠᠨᠵᠠᠢ᠃ ᠦᠨᠡᠨᠴᠢ ᠪᠣᠭᠣᠯ ᠤ᠋ᠨ ᠵᠤᠢᠭᠤᠷ ᠦᠭᠡᠢ ᠶᠠᠷᠢᠶᠠᠨ ᠳ᠋ᠤ᠌ ᠠᠮᠲᠠᠰᠢᠨ᠂ 
       — ᠲᠡᠭᠡᠭᠡᠳ? ᠭᠡᠯ᠎ᠡ᠃ 
       — ᠡᠢᠨ ᠠᠢᠯᠠᠳᠬᠠᠯ ᠳᠠᠭᠤᠰᠴᠤ ᠳᠥᠷᠥᠭᠡ ᠰᠢᠭᠦᠷᠡᠨ ᠭᠡᠷ ᠢ᠋ᠶ᠋ᠡᠨ ᠵᠣᠷᠢᠬᠤ ᠶ᠋ᠢᠨ ᠴᠠᠭ ᠲᠤ᠌ ᠨᠠᠳᠠ ᠪᠠᠷ᠎ᠠ ᠪᠣᠯᠵᠤ ᠶᠠᠪᠤᠭᠰᠠᠨ ᠦᠭᠡ ᠨᠣᠶᠠᠨ ᠢ᠋ ᠪᠠᠷᠢᠴᠠᠭᠠᠨ ᠳ᠋ᠤ᠌ ᠥᠭᠬᠦ ᠶ᠋ᠢ ᠲᠤᠯᠭᠠᠭᠰᠠᠨ ᠪᠢᠯᠡ᠃ 
       — ᠵᠠ᠂ ᠲᠡᠭᠡᠭᠡᠳ? 
       — ᠬᠠᠨᠢᠯᠠᠵᠤ ᠶᠠᠪᠤᠭᠠᠳ ᠨᠥᠬᠥᠷ ᠢ᠋ᠶ᠋ᠡᠨ᠂ ᠤᠨᠤᠵᠤ ᠶᠠᠪᠤᠭᠠᠳ ᠮᠣᠷᠢ ᠪᠠᠨ ᠭᠡᠵᠦ ᠬᠥᠮᠦᠨ ᠦ᠌ ᠨᠢᠯᠬ᠎ᠠ ᠦᠷ᠎ᠡ ᠶ᠋ᠢ ᠪᠢ ᠪᠠᠷᠢᠴᠠᠭᠠᠨ ᠳ᠋ᠤ᠌ ᠣᠷᠬᠢᠵᠤ ᠲᠥᠪᠳᠡᠭᠡ ᠦᠭᠡᠢ ᠪᠢᠯᠡ᠃ ᠲᠡᠭᠡᠭᠡᠳ ᠥᠪᠡᠷ ᠢ᠋ᠶ᠋ᠡᠨ ᠦᠭᠡ ᠬᠥᠪᠡᠭᠦᠨ ᠦ᠌ ᠪᠠᠷᠢᠴᠠᠭᠠᠨ ᠳ᠋ᠤ᠌ ᠦᠯᠡᠳᠡᠭᠡᠵᠦ ᠬᠠᠭᠠᠨ ᠬᠦᠷᠢᠶ᠎ᠡ ᠲᠡᠢᠰᠢ ᠡᠯᠴᠢ ᠪᠣᠯᠭᠠᠨ ᠶᠠᠪᠤᠭᠤᠯᠤᠭᠰᠠᠨ ᠶᠤᠮ᠃ ᠭᠡᠲᠡᠯ᠎ᠡ ᠨᠣᠶᠠᠳ ᠲᠠ ᠪᠦᠭᠦᠳᠡ ᠮᠢᠨᠦ ᠪᠡᠶ᠎ᠡ ᠶ᠋ᠢ ᠨᠣᠬᠠᠢ ᠶ᠋ᠢᠨ ᠠᠮᠢᠨ ᠠ᠋ᠴᠠ ᠳᠣᠣᠷ᠎ᠠ ᠪᠣᠳᠣᠵᠤ ᠦᠬᠦᠪᠡᠯ ᠦᠬᠦᠲᠦᠭᠡᠢ ᠭᠡᠮᠡᠨ ᠣᠷᠬᠢᠭᠰᠠᠨ ᠢ᠋ ᠬᠣᠵᠢᠮ ᠦᠭᠡ ᠨᠣᠶᠠᠨ᠎ᠠ᠋ᠴᠠ ᠲᠤᠭᠤᠯᠵᠤ ᠶᠡᠬᠡᠳᠡ ᠭᠣᠮᠣᠷᠬᠠᠨ ᠲᠠᠲ᠋ᠠᠷ ᠲᠤ᠌ ᠳᠠᠭᠠᠵᠤ ᠣᠷᠣᠭᠰᠠᠨ ᠠ᠋᠁  ᠡᠢᠨ ᠥᠪᠡᠷ ᠦ᠋ᠨ ᠵᠢᠷᠭᠠᠯ ᠵᠣᠪᠠᠯᠠᠩ ᠢ᠋ ᠫᠠᠷᠭᠢᠶ᠎ᠠ ᠰᠥᠭᠡᠩᠭᠢ ᠳᠠᠭᠤ ᠪᠠᠷ ᠲᠠᠢᠪᠤᠩ ᠬᠦᠦᠷᠨᠢᠬᠦ ᠡᠷ᠎ᠡ ᠶ᠋ᠢᠨ ᠨᠢᠳᠦᠨ ᠳ᠋ᠦ᠍ ᠬᠤᠯᠠᠭᠠᠢ ᠵᠠᠯᠢᠬᠠᠢ ᠰᠢᠨᠵᠢ ᠡᠰᠡ ᠮᠡᠳᠡᠷᠡᠭᠳᠡᠵᠡᠢ᠃ ᠪᠠᠷᠳᠠᠨ ᠨᠣᠶᠠᠨ ᠲᠡᠭᠦᠨ ᠢ᠋ ᠦᠷᠦ ᠡᠪᠡᠳᠦᠩᠭᠦᠢ ᠬᠠᠷᠠᠵᠤ ᠰᠠᠭᠤᠪᠠ᠃ ᠳ᠋ᠧᠩ ᠦ᠋ᠨ ᠡᠷᠪᠡᠬᠡᠢ ᠲᠣᠭᠣᠷᠢᠨ ᠳᠡᠯᠡᠭᠦᠯᠬᠦ ᠬᠤᠷᠤᠭᠤᠨ ᠴᠢᠨᠡᠭᠡ ᠬᠥᠬᠡ ᠭᠡᠷᠡᠯ ᠨᠠᠮᠤᠭᠤᠬᠠᠨ ᠰᠡᠭᠦᠳᠡᠢᠵᠦ᠂ ᠡᠭᠦᠨ ᠯᠦ᠍ᠭᠡ ᠬᠠᠷᠠᠴᠤ ᠶ᠋ᠢᠨ ᠵᠣᠪᠠᠯᠠᠩ ᠢ᠋ ᠰᠣᠨᠣᠰᠬᠤ ᠨᠣᠶᠠᠳ ᠤ᠋ᠨ ᠴᠢᠷᠠᠢ ᠭᠤᠨᠢᠭ ᠲᠠᠢ ᠪᠠᠢᠯ᠎ᠠ᠃ ᠮᠡᠯᠲᠡᠭ ᠬᠢᠶ᠎ᠡ ᠶᠢᠰᠦᠭᠡᠢ ᠶ᠋ᠢᠨ ᠬᠢᠵᠦ ᠥᠭᠭᠦᠭᠰᠡᠨ ᠬᠤᠯᠤ ᠲᠠᠢ ᠴᠡᠭᠡ ᠶ᠋ᠢ ᠨᠢᠭᠡ ᠠᠮᠢᠰᠬᠤᠭ᠎ᠠ ᠪᠠᠷ ᠵᠠᠯᠭᠢᠵᠤ ᠣᠷᠬᠢᠭᠠᠳ ᠠᠮᠠ ᠬᠠᠮᠠᠷ ᠢ᠋ᠶ᠋ᠠᠨ ᠱᠤᠳᠤᠷᠬᠤ ᠳ᠋ᠤ᠌ ᠬᠠᠲᠠᠭᠠᠨ ᠲᠠᠢᠵᠢ᠂ 
       — ᠬᠣᠷᠵᠠᠬᠤᠰ ᠪᠣᠶᠣᠷᠤᠭ ᠤ᠋ᠨ ᠭᠠᠷ ᠠ᠋ᠴᠠ ᠶᠠᠭᠠᠬᠢᠵᠤ ᠮᠤᠯᠲᠤᠷᠠᠪᠠ? ᠭᠡᠮᠡᠨ ᠰᠣᠨᠢᠭᠤᠴᠢᠷᠬᠠᠵᠤ ᠠᠪᠠᠢ᠃ ᠡᠪᠦᠭᠡᠨ ᠬᠢᠶ᠎ᠡ ᠫᠡᠷ ᠫᠡᠷ ᠬᠠᠨᠢᠶᠠᠨ᠂ 
       — ᠬᠥᠮᠦᠨ ᠦ᠌ ᠨᠢᠭᠡᠨ ᠠᠯᠳᠠᠷᠠᠢ ᠠᠮᠢᠨ ᠳ᠋ᠤ᠌ ᠣᠷᠣᠭᠰᠠᠨ ᠪᠢᠯᠡ᠃ ᠭᠡᠲᠡᠯ᠎ᠡ ᠪᠢ ᠲᠡᠭᠦᠨ ᠢ᠋ ᠪᠡᠨ ᠬᠡᠷᠡᠭ ᠲᠦ᠍ ᠬᠢᠴᠢᠬᠡᠭᠡᠳ ᠢᠷᠡᠬᠦ ᠰᠢᠭ ᠪᠣᠯᠤᠯ᠎ᠠ ᠭᠡᠵᠦ ᠭᠡᠮᠰᠢᠩᠭᠦᠢ ᠥᠭᠦᠯᠡᠭᠡᠳ ᠭᠡᠷᠡᠯ ᠡᠴᠡ ᠲᠠᠯᠲᠠᠷᠢᠨ ᠰᠡᠭᠦᠳᠡᠷ ᠰᠢᠷᠲᠡᠬᠦ ᠠᠭᠱᠠᠨ ᠳ᠋ᠤ᠌ ᠭᠠᠵᠠᠷ ᠳᠣᠷᠭᠢᠨ ᠳ᠋ᠧᠩ ᠦ᠋ᠨ ᠭᠣᠣᠯ ᠴᠡᠴᠡᠷᠬᠢᠯᠡᠬᠦ ᠶ᠋ᠢ ᠪᠦᠭᠦᠳᠡ ᠮᠡᠳᠡᠷᠡᠯ᠎ᠡ᠃ ᠴᠢᠩᠭᠢᠭᠡᠳ ᠳᠣᠣᠷ᠎ᠠ ᠳᠣᠣᠷ᠎ᠠ ᠪᠠᠨ ᠭᠠᠢᠬᠠᠰᠢᠷᠠᠨ ᠪᠡᠶ᠎ᠡ ᠪᠡᠶ᠎ᠡ ᠪᠡᠨ ᠬᠠᠷᠠᠵᠤ ᠠᠮᠵᠢᠭ᠎ᠠ ᠦᠭᠡᠢ ᠪᠠᠢᠲᠠᠯ᠎ᠠ ᠠᠯᠤᠰ ᠬᠣᠯᠠ ᠎ᠠ᠋ᠴᠠ᠂ 
       — ᠲᠠᠲ᠋ᠠᠷ ᠤ᠋ᠳ! ᠭᠡᠮᠡᠨ ᠣᠷᠢᠯᠠᠯᠳᠤᠯ᠎ᠠ᠃ ᠠᠶᠠᠨ ᠤ᠋ ᠠᠯᠲᠠᠨ ᠲᠡᠷᠮ᠎ᠡ ᠳᠡᠷᠪᠡᠰᠭᠢᠲᠡᠯ᠎ᠡ ᠨᠣᠶᠠᠳ ᠤᠬᠤᠰᠬᠢᠨ ᠪᠣᠰᠬᠤ ᠳ᠋ᠤ᠌ ᠬᠡᠨ ᠨᠢᠭᠡ ᠨᠢ ᠰᠡᠯᠡᠮ᠎ᠡ ᠭᠢᠯᠠᠰᠬᠢᠨ ᠰᠤᠭᠤᠯᠬᠤ ᠰᠢᠭ᠋ ᠪᠣᠯᠵᠤ᠂ 
       — ᠮᠠᠭᠤ ᠬᠠᠷ᠎ᠠ ᠦᠢᠮᠡᠭᠡᠨ ᠦ᠌ ᠡᠵᠡᠨ! ᠭᠡᠰᠡᠨ ᠢ᠋ᠶ᠋ᠡᠨ ᠡᠪᠴᠢᠭᠦᠨ ᠦ᠌ ᠪᠤᠷ᠎ᠠ ᠬᠢᠷ ᠬᠢᠲᠡᠯ᠎ᠡ ᠲᠦᠷᠦᠴᠢᠬᠡᠬᠦ ᠰᠣᠨᠣᠰᠲᠠᠯ᠎ᠠ᠃ ᠣᠯᠠᠨ ᠤ᠋ ᠰᠠᠯᠬᠢᠨ ᠳ᠋ᠤ᠌ ᠳᠠᠯᠳᠢᠷᠠᠭᠰᠠᠨ ᠳ᠋ᠧᠩ ᠦ᠋ᠨ ᠭᠡᠷᠡᠯ ᠲᠣᠭᠲᠠᠵᠤ᠂ ᠤᠬᠤᠰᠬᠢᠨ ᠪᠣᠰᠤᠭᠰᠠᠨ ᠡᠷᠡᠰ ᠰᠢᠷᠪᠡᠭᠡᠲᠦᠨ ᠬᠠᠷᠠᠪᠠᠯ ᠲᠠᠷᠮᠠᠨ ᠤ᠋ ᠬᠡᠴᠡ ᠪᠥᠭᠲᠥᠷᠢᠭᠡᠳ ᠵᠣᠯ ᠦᠭᠡᠢ ᠮᠡᠯᠲᠡᠭ ᠬᠢᠶ᠎ᠡ ᠦᠬᠦᠳᠬᠢᠨ ᠤᠨᠠᠵᠠᠢ᠃ 
       — ᠡᠨᠡ ᠨᠢ ᠳᠡᠭᠡᠷ᠎ᠡ! ᠭᠡᠳ ᠬᠠᠲᠠᠭᠠᠨ ᠲᠠᠢᠵᠢ ᠴᠢᠰᠤ ᠲᠠᠢ ᠢᠯᠳᠦ ᠪᠡᠨ ᠤᠩᠭᠤᠵᠤ ᠭᠠᠩᠳᠠᠭᠰᠠᠨ ᠳᠡᠪᠡᠯ ᠳ᠋ᠦ᠍ᠨᠢ ᠠᠷᠴᠢᠨ᠂ 
       — ᠦᠯᠢᠭᠡᠷ ᠶᠠᠷᠢᠵᠤ ᠪᠢᠳᠡᠨ ᠢ᠋ ᠰᠠᠲᠠᠭᠠᠷᠠᠭᠤᠯᠵᠤ ᠦᠬᠦᠯ ᠵᠠᠮᠴᠢᠯᠠᠬᠤ ᠵᠠᠯᠢ ᠵᠣᠬᠢᠶᠠᠭᠰᠠᠨ ᠪᠤᠰᠤ ᠤᠤ? ᠭᠡᠳ ᠬᠤᠪᠢ ᠦᠭᠡᠢ ᠪᠣᠭᠣᠯ ᠤ᠋ᠨ ᠠᠮᠢ ᠦᠭᠡᠢ ᠪᠡᠶ᠎ᠡ ᠳᠡᠭᠡᠭᠦᠷ ᠠᠯᠬᠤᠨ ᠭᠠᠷᠴᠤ ᠣᠳᠤᠯ᠎ᠠ᠃ ᠲᠡᠢᠨ ᠦ᠌ ᠴᠢᠮᠡᠭᠡ ᠬᠠᠶᠠᠭᠠᠨ ᠳ᠋ᠤ᠌ ᠢᠷᠡᠵᠡᠢ᠃ ᠬᠤᠲᠤᠭᠲᠤ ᠮᠣᠩᠬᠣᠷ᠂ 
       — ᠶᠢᠰᠦᠭᠡᠢ ᠥᠪᠡᠷ ᠦ᠋ᠨ ᠭᠠᠷ ᠤ᠋ᠨ ᠴᠡᠷᠢᠭ ᠢ᠋ᠶ᠋ᠡᠨ ᠵᠠᠰᠠ! ᠭᠦᠶᠦ᠂ ᠴᠢᠨᠣ᠎ᠠ! ᠴᠢᠨᠣ᠎ᠠ! ᠴᠢᠨᠣ᠎ᠠ! 
       — ᠵᠠ! 
       — ᠬᠤᠯᠠᠨ ᠥᠪᠡᠷ ᠦ᠋ᠨ ᠲᠤᠭ ᠤ᠋ᠨ ᠴᠡᠷᠢᠭ ᠢ᠋ᠶ᠋ᠡᠨ ᠵᠠᠰᠠ! ᠶᠠᠪᠤ! ᠪᠤᠭᠤ! ᠪᠤᠭᠤ! ᠪᠤᠭᠤ! 
       — ᠵᠠ! 
       ᠵᠠᠩᠵᠤᠳ ᠦᠳᠡᠰᠢ ᠶ᠋ᠢᠨ ᠪᠦᠷᠦᠢ ᠳ᠋ᠦ᠍ ᠪᠥᠭᠡᠮ ᠲᠣᠭᠣᠰᠣᠨ ᠳᠤᠮᠳᠠ ᠪᠤᠵᠢᠭᠢᠨᠠᠬᠤ ᠴᠡᠷᠢᠭ ᠦ᠋ᠳ ᠤᠷᠤᠭᠤ ᠪᠠᠨ ᠭᠦᠶᠦᠯᠳᠦᠨ ᠣᠳᠴᠤ᠂ ᠲᠡᠳᠡᠨ ᠲᠡᠢ ᠵᠥᠷᠢᠨ ᠪᠦᠷᠢᠶᠡᠴᠢ ᠴᠡᠷᠢᠭ ᠣᠷᠣᠵᠤ ᠢᠷᠡᠬᠦ ᠳ᠋ᠦ᠍᠂ 
       — ᠳᠠᠪᠰᠢᠨ ᠤᠭᠲᠤᠬᠤ ᠪᠦᠷᠢᠶ᠎ᠡ ᠲᠡᠳᠡ! ᠭᠡᠯ᠎ᠡ᠃ ᠲᠦᠳᠡᠬᠡᠨ ᠬᠥᠲᠥᠴᠢ ᠴᠡᠷᠢᠭ ᠵᠠᠩᠵᠤᠨ ᠴᠠᠭᠠᠨ ᠬᠦᠯᠦᠭ ᠠᠪᠴᠢᠷᠠᠬᠤ ᠳ᠋ᠤ᠌ ᠬᠤᠲᠤᠭᠲᠤ ᠮᠣᠩᠬᠣᠷ ᠠᠯᠠᠪᠬᠢᠨ ᠮᠣᠷᠳᠠᠵᠤ᠂ 
       — ᠪᠦᠷᠭᠦᠳ! ᠪᠦᠷᠭᠦᠳ! ᠪᠦᠷᠭᠦᠳ ᠤᠤ! ᠭᠡᠮᠡᠨ ᠭᠣᠣᠯ ᠵᠠᠮ ᠤ᠋ᠨ ᠴᠡᠷᠢᠭ ᠦ᠋ᠨ ᠤᠤᠬᠠᠢ ᠶ᠋ᠢ ᠡᠷᠡᠳᠡᠭᠦᠦ ᠬᠣᠭᠣᠯᠠᠢ ᠪᠠᠷ ᠬᠠᠰᠬᠢᠷᠬᠤ ᠳ᠋ᠤ᠌ ᠪᠡᠷᠲᠡᠨ ᠨᠣᠶᠠᠨ ᠤ᠋ ᠬᠡᠢ ᠮᠣᠷᠢ ᠰᠡᠷᠭᠦᠵᠦ ᠴᠡᠭᠡᠵᠢ ᠳᠣᠲᠣᠷ᠎ᠠ ᠪᠠᠨ ᠣᠩᠭᠣᠢᠲᠠᠯ᠎ᠠ ᠨᠢᠭᠡ ᠶᠡᠬᠡ ᠴᠢᠩᠭ᠎ᠠ ᠪᠠᠷ ᠣᠯᠢᠵᠠᠢ᠃ ᠮᠡᠩᠬᠢᠲᠦ ᠬᠢᠶᠠᠨ ᠲᠦᠷᠢᠵᠦ᠂ ᠪᠥᠷᠢᠪᠥ᠋ᠬᠡ ᠬᠥᠨᠳᠡᠢ ᠠᠭᠤᠢ ᠳ᠋ᠤ᠌ ᠴᠤᠤᠷᠢᠶ᠎ᠠ ᠲᠠᠲᠠᠬᠤ ᠮᠡᠲᠦ ᠬᠦᠩᠭᠢᠨᠡᠭᠦᠯᠵᠦ ᠳᠠᠭᠤᠰᠬᠤ ᠳ᠋ᠤ᠌ ᠶᠡᠬᠡ ᠴᠡᠷᠢᠭ ᠦ᠋ᠨ ᠭᠣᠣᠯ ᠵᠠᠮ ᠤ᠋ᠨ ᠬᠦᠷᠢᠶ᠎ᠡ ᠡᠪᠰᠡᠨ ᠨᠡᠢᠯᠡᠵᠦ᠂ ᠵᠢᠭᠰᠠᠨ ᠵᠢᠭᠳᠡᠷᠡᠭᠰᠡᠨ ᠪᠠᠢᠯ᠎ᠠ᠃ ᠡᠨᠡ ᠬᠢᠷᠢ ᠮᠠᠨᠳᠤᠨ ᠠᠢᠰᠤᠬᠤ ᠰᠠᠷᠠᠨ ᠤ᠋ ᠳᠣᠣᠭᠤᠷ ᠲᠣᠭᠣᠰᠣ ᠲᠠᠲᠠᠭᠤᠯᠤᠨ ᠴᠢᠳᠬᠤᠬᠤ ᠲᠠᠲ᠋ᠠᠷ ᠴᠡᠷᠢᠭ ᠦ᠋ᠨ ᠲᠦᠷᠦᠭᠦᠴᠢ ᠴᠠᠴᠠᠷ ᠮᠠᠢᠬᠠᠨ ᠢ᠋ ᠬᠡᠮᠬᠡ ᠬᠠᠮᠬ᠎ᠠ ᠳᠠᠭᠠᠷᠢᠨ᠂ ᠴᠣᠭ ᠲᠠᠢ ᠦᠨᠡᠰᠦ᠂ ᠭᠠᠯ ᠲᠠᠢ ᠴᠤᠴᠠᠯᠢ ᠶ᠋ᠢ ᠪᠢᠯᠴᠠ ᠪᠢᠯᠴᠠ ᠭᠢᠰᠬᠢᠯᠡᠵᠦ ᠬᠤᠢ ᠰᠠᠯᠬᠢ ᠰᠢᠭ᠋ ᠣᠷᠣᠵᠤ ᠢᠷᠡᠪᠡ᠃ ᠬᠤᠲᠤᠭᠲᠤ ᠮᠣᠩᠬᠣᠷ ᠥᠪᠡᠷ ᠦ᠋ᠨ ᠴᠡᠷᠢᠭ ᠢ᠋ᠶ᠋ᠡᠨ ᠤᠭᠲᠤᠭᠤᠯᠤᠨ ᠲᠠᠯᠪᠢᠵᠤ᠂ ᠰᠤᠮᠤ ᠴᠤ᠌ ᠲᠠᠯᠪᠢᠬᠤ ᠵᠠᠪ ᠣᠯᠳᠠᠭᠰᠠᠨ ᠦᠭᠡᠢ ᠭᠠᠷᠳᠠᠨ ᠳᠣᠯᠣᠭᠠᠨ ᠡᠬᠢᠯᠡᠪᠡᠢ᠃ ᠪᠡᠷᠲᠡᠨ ᠨᠣᠶᠠᠨ ᠬᠦᠯᠦᠭ ᠦ᠋ᠨ ᠡᠷᠭᠢᠴᠡᠬᠡᠨ ᠳᠤᠮᠳᠠ᠂ 
       — ᠪᠦᠷᠭᠦᠳ! ᠪᠦᠷᠭᠦᠳ ᠠ᠋! ᠭᠡᠵᠦ ᠬᠦᠩᠭᠢᠨᠡᠭᠰᠡᠨ ᠢ᠋ᠶ᠋ᠡᠨ ᠬᠠᠳᠠ ᠰᠠᠭᠤᠭᠰᠠᠨ ᠭᠠᠩ ᠢᠯᠳᠦ ᠭᠠᠯ ᠪᠤᠲᠠᠷᠠᠲᠠᠯ᠎ᠠ ᠴᠠᠪᠴᠢᠯᠳᠤᠨ ᠣᠷᠣᠵᠠᠢ᠃ ᠶᠠᠭᠤ ᠶᠠᠭᠤ ᠦᠭᠡᠢ ᠨᠥᠮᠥᠷᠦᠨ ᠢᠷᠡᠭᠰᠡᠨ ᠶᠡᠬᠡ ᠠᠶᠤᠯ ᠵᠠᠨᠤᠯ ᠤ᠋ᠨ ᠥᠭᠡᠳᠡ ᠡᠴᠡ ᠮᠣᠩᠭᠣᠯ ᠴᠡᠷᠢᠭ ᠦ᠋ᠳ ᠪᠠᠢᠯᠳᠤᠵᠤ ᠰᠤᠷᠤᠭᠰᠠᠨ ᠲᠥᠷᠥᠯᠬᠢ ᠵᠦᠩ ᠢ᠋ᠶ᠋ᠡᠷ ᠢ᠋ᠶ᠋ᠡᠨ ᠲᠡᠮᠡᠴᠡᠯᠳᠦᠨ ᠪᠣᠰᠴᠤ᠂ ᠡᠬᠢᠨ ᠦ᠌ ᠦᠶ᠎ᠡ ᠳ᠋ᠦ᠍ ᠬᠣᠨᠢ ᠬᠤᠷᠠᠭ᠎ᠠ ᠨᠡᠢᠯᠡᠬᠦ ᠮᠡᠲᠦ ᠬᠥᠯ ᠲᠣᠯᠣᠭᠠᠢ ᠨᠢ ᠣᠯᠳᠠᠬᠤ ᠦᠭᠡᠢ ᠦᠢᠮᠡᠭᠡᠨ ᠪᠣᠯᠵᠤ ᠠᠪᠠᠢ᠃ ᠴᠢᠩᠭᠢᠲᠡᠯ᠎ᠡ ᠬᠤᠲᠤᠭᠲᠤ ᠨᠣᠶᠠᠨ ᠤ᠋ ᠰᠢᠳᠠᠷ ᠵᠠᠩᠵᠤᠳ ᠬᠤᠷᠳᠤᠨ ᠰᠢᠢᠳᠮᠡᠭᠡᠢ ᠬᠥᠳᠡᠯᠵᠦ᠂ 
       — ᠴᠢᠨᠣ᠎ᠠ ᠤᠤ᠂ ᠴᠢᠨᠣ᠎ᠠ ᠴᠢᠨᠣ᠎ᠠ! ᠭᠡᠬᠦ ᠳᠠᠭᠤᠳᠠᠯᠭ᠎ᠠ ᠶ᠋ᠢᠨ ᠴᠤᠤᠷᠢᠶ᠎ᠠ ᠳᠡᠷᠡᠯᠡᠵᠦ᠂ 
       — ᠪᠤᠭᠤ ᠠ᠋᠂ ᠪᠤᠭᠤ ᠠ᠋! ᠭᠡᠬᠦ ᠬᠡᠢ ᠮᠣᠷᠢᠯᠢᠭ᠋ ᠴᠢᠮᠡᠭᠡᠨ ᠬᠠᠲᠠᠵᠤ᠂ ᠰᠠᠨᠳᠤᠷᠤᠯ ᠠᠯᠭᠤᠷ ᠰᠠᠷᠨᠢᠨ ᠡᠪ ᠡᠶ᠎ᠡ ᠳ᠋ᠡᠭᠡᠨ ᠣᠷᠣᠵᠠᠢ᠃ ᠵᠠᠭᠤᠷᠠᠯᠳᠤᠭᠰᠠᠨ ᠪᠠᠢᠯᠳᠤᠭᠠᠨ ᠰᠥᠨᠢᠵᠢᠨ ᠦᠷᠭᠦᠯᠵᠢᠯᠡᠵᠦ᠂ ᠰᠠᠷᠠᠨ ᠤ᠋ ᠴᠣᠩᠬᠢᠭᠠᠷ ᠴᠠᠭᠠᠨ ᠰᠡᠪᠭᠡᠨ᠎ᠡ ᠴᠢᠰᠤ ᠦᠰᠦᠷᠲᠡᠯ᠎ᠡ ᠬᠠᠳᠬᠤᠯᠳᠤᠵᠤ ᠪᠢᠯᠡ᠃ ᠦᠷ ᠴᠠᠢᠬᠤ ᠦᠶᠡᠰ ᠣᠷᠱᠤᠨ ᠮᠥᠷᠡᠨ ᠤᠷᠤᠭᠤ ᠲᠦᠷᠢᠭᠳᠡᠵᠦ ᠰᠢᠬᠠᠭᠳᠠᠵᠤ ᠠᠭᠰᠠᠨ ᠮᠣᠩᠭᠣᠯ ᠴᠡᠷᠢᠭ ᠦ᠋ᠳ᠂ ᠲᠠᠲ᠋ᠠᠷ ᠡᠷᠡᠰ ᠦ᠋ᠨ ᠲᠠᠪᠰᠢᠯᠲᠠ ᠶ᠋ᠢ ᠵᠣᠭᠰᠣᠭᠠᠵᠤ᠂ ᠡᠷᠬᠡᠪᠰᠢ ᠥᠪᠡᠷᠰᠡᠳ ᠢ᠋ᠶ᠋ᠡᠨ ᠬᠦᠴᠦ ᠲᠦᠷᠢᠬᠦ ᠶ᠋ᠢ ᠤᠷᠤᠯᠳᠤᠵᠤ ᠡᠬᠢᠯᠡᠪᠡ᠃ ᠡᠷᠡᠰᠳᠡᠭᠰᠡᠨ ᠴᠡᠷᠢᠭ ᠦ᠋ᠨ ᠬᠡᠭᠦᠷ ᠬᠥᠯ ᠢ᠋ᠶ᠋ᠡᠷ ᠬᠥᠭᠯᠡᠷᠡᠵᠦ ᠮᠠᠩᠬᠠᠢᠬᠤ ᠦᠷ ᠦ᠋ᠨ ᠲᠤᠶᠠᠭᠠᠨ ᠳᠣᠣᠭᠤᠷ ᠴᠤᠯᠪᠤᠭᠤᠷ ᠢ᠋ᠶ᠋ᠠᠨ ᠴᠢᠷᠦᠭᠰᠡᠨ ᠮᠣᠷᠢᠳ ᠢᠨᠴᠠᠭᠠᠨ ᠴᠢᠪᠬᠠᠳᠠᠬᠤ ᠲᠡᠢᠨ ᠦ᠌ ᠲᠠᠯᠠᠪᠤᠷ ᠢ᠋ ᠬᠠᠯᠠᠭᠤᠨ ᠤᠯᠠᠭᠠᠨ ᠨᠠᠷᠠᠨ ᠳᠠᠯᠳᠢᠴᠢᠨ ᠪᠠᠢᠵᠤ ᠭᠡᠢᠭᠦᠯᠦᠯ᠎ᠡ᠃ ᠬᠤᠲᠤᠭᠲᠤ ᠵᠠᠩᠵᠤᠨ ᠨᠡᠮᠡᠯᠲᠡ ᠬᠦᠴᠦ ᠪᠣᠯᠭᠠᠨ ᠪᠤᠷᠭᠠᠰᠤᠨ ᠰᠢᠭᠤᠢ ᠳ᠋ᠤ᠌ ᠪᠦᠭᠭᠦᠭᠦᠯᠦᠭᠰᠡᠨ ᠬᠠᠲᠠᠭᠠᠨ ᠲᠠᠢᠵᠢ ᠶ᠋ᠢᠨ ᠮᠢᠩᠭᠠᠲᠤ ᠴᠡᠷᠢᠭ ᠢ᠋《ᠢᠷᠡᠲᠦᠭᠡᠢ》 ᠭᠡᠮᠡᠨ ᠬᠡᠯᠡ ᠢᠯᠡᠭᠡᠵᠦ᠂ 
       — ᠴᠢᠨᠣ᠎ᠠ ᠶ᠋ᠢᠨ ᠵᠤᠯᠵᠠᠭ᠎ᠠ ᠨᠤᠭᠤᠳ ᠴᠠᠪᠴᠢᠭᠠᠳ ᠪᠠᠢ! ᠴᠠᠪᠴᠢᠭᠠᠳ ᠪᠠᠢ! ᠭᠡᠰᠡᠨ ᠢ᠋ᠶ᠋ᠡᠨ ᠮᠣᠷᠢ ᠪᠠᠨ ᠳᠠᠪᠢᠷᠠᠨ ᠤᠬᠤᠰᠬᠢᠪᠡ᠃ ᠳᠤᠭᠤᠯᠠᠭ᠎ᠠ ᠨᠢ ᠤᠨᠠᠵᠤ ᠰᠢᠩᠭᠡᠨ ᠬᠠᠷ᠎ᠠ ᠦᠰᠦᠨ ᠡᠴᠡ ᠨᠢ ᠠᠭᠤᠷ ᠰᠠᠪᠰᠠᠬᠤ ᠲᠡᠮᠦᠵᠢᠨ ᠦᠭᠡ ᠳᠠᠯᠠᠢᠭᠰᠠᠨ ᠢᠯᠳᠦ ᠪᠡᠨ ᠪᠠᠷᠢᠨ ᠵᠣᠭ ᠲᠣᠰᠤᠯ᠎ᠠ᠃ ᠲᠡᠷᠡ ᠪᠡᠷ ᠪᠤᠷᠭᠠᠰᠤᠨ ᠰᠢᠭᠤᠢ ᠎ᠠ᠋ᠴᠠ ᠴᠢᠳᠬᠤᠨ ᠭᠠᠷᠴᠤ ᠢᠷᠡᠬᠦ ᠬᠠᠲᠠᠭᠠᠨ ᠲᠠᠢᠵᠢ ᠶ᠋ᠢᠨ ᠮᠣᠷᠢᠲᠠᠨ ᠡᠷᠡᠰ ᠢ᠋ ᠬᠠᠷᠠᠭᠰᠠᠨ ᠬᠡᠷᠡᠭ ᠠᠵᠢ᠃ ᠬᠤᠲᠤᠭᠲᠤ ᠮᠣᠩᠬᠣᠷ ᠲᠠᠲ᠋ᠠᠷ ᠤ᠋ᠨ ᠵᠢᠷᠦᠬᠡ ᠶ᠋ᠢ ᠦᠬᠦᠭᠦᠯᠪᠡ ᠭᠡᠮᠡᠨ ᠰᠠᠨᠠᠵᠤ᠂ ᠪᠦᠯᠢᠵᠦ ᠠᠯᠠᠭᠰᠠᠨ ᠲᠠᠲ᠋ᠠᠷ ᠴᠡᠷᠢᠭ ᠦ᠋ᠨ ᠴᠡᠭᠡᠵᠢᠨ ᠡᠴᠡ ᠢᠯᠳᠦ ᠪᠡᠨ ᠬᠥᠷ ᠬᠢᠲᠡᠯ᠎ᠡ ᠰᠤᠭᠤᠯᠤᠨ ᠠᠪᠤᠭᠠᠳ ᠦᠭᠡ ᠨᠣᠶᠠᠨ ᠤᠷᠤᠭᠤ ᠳᠣᠪᠲᠣᠯᠤᠨ ᠣᠷᠣᠬᠤ ᠳ᠋ᠤ᠌᠂ 
       一 ᠬᠠᠨ ᠬᠤᠷᠤᠢ! ᠭᠡᠮᠡᠨ ᠵᠠᠯᠠᠭᠤ ᠬᠥᠪᠡᠭᠦᠨ ᠬᠡᠢ ᠮᠣᠷᠢ ᠲᠠᠢ ᠬᠠᠰᠬᠢᠷᠤᠨ ᠲᠣᠰᠴᠤ ᠴᠠᠪᠴᠢᠯᠳᠤᠪᠠ᠃ ᠢᠯᠳᠦ ᠵᠥᠷᠢᠵᠦ ᠬᠣᠷᠣᠮ ᠬᠢᠷᠢ ᠪᠣᠯᠬᠤ ᠳ᠋ᠤ᠌ ᠬᠤᠲᠤᠭᠲᠤ ᠵᠠᠩᠵᠤᠨ ᠨᠥᠬᠥᠰᠢ ᠦᠭᠡᠢ ᠠᠯᠳᠠᠭ᠎ᠠ ᠭᠠᠷᠭᠠᠭᠰᠠᠨ ᠢ᠋ᠶ᠋ᠠᠨ ᠣᠢᠯᠠᠭᠠᠵᠠᠢ᠃ ᠵᠠᠯᠠᠭᠤ ᠡᠷ᠎ᠡ ᠶ᠋ᠢᠨ ᠭᠠᠷ ᠴᠤᠴᠠᠬᠤ ᠶᠠᠭᠠᠬᠢᠭ᠎ᠠ ᠴᠤ᠌ ᠦᠭᠡᠢ ᠠᠭᠠᠳ ᠳᠠᠯᠠᠢᠯᠲᠠ᠂ ᠳᠠᠭᠠᠭᠠᠯᠲᠠ ᠬᠣᠶᠠᠷ ᠨᠢ ᠨᠡᠲᠢ ᠬᠦᠴᠦᠷᠬᠡᠭ ᠪᠠᠢᠯ᠎ᠠ᠃ ᠳᠠᠯᠠᠢᠵᠤ ᠨᠢᠭᠡ ᠴᠠᠪᠴᠢᠭᠠᠳ᠂ ᠰᠢᠷᠪᠢᠵᠦ ᠨᠢᠭᠡᠨ ᠴᠣᠬᠢᠬᠤ ᠳ᠋ᠤ᠌ ᠰᠠᠯᠬᠢ ᠰᠠᠩ ᠰᠠᠩ ᠬᠢᠨ ᠡᠷᠴᠢᠯᠡᠵᠦ᠂ ᠭᠠᠷ ᠳᠣᠷᠭᠢᠨ ᠮᠡᠳᠡᠭᠡ ᠠᠯᠳᠠᠵᠤ᠂ ᠴᠡᠭᠡᠵᠢᠨ ᠳ᠋ᠦ᠍ ᠴᠢᠰᠤ ᠠᠮᠲᠠᠭᠳᠠᠬᠤ ᠰᠢᠭ᠋ ᠪᠣᠯᠪᠠ᠃ ᠬᠤᠲᠤᠭᠲᠤ ᠵᠠᠩᠵᠤᠨ ᠬᠤᠢ ᠰᠠᠯᠬᠢ ᠰᠢᠭ᠋ ᠡᠷᠭᠢᠴᠡᠬᠦ ᠬᠦᠯᠦᠭ ᠢ᠋ᠶ᠋ᠡᠨ ᠠᠩᠭᠠᠯᠵᠠᠲᠠᠯ᠎ᠠ ᠲᠡᠳᠡᠨ ᠴᠣᠷᠣᠢᠵᠤ ᠢᠷᠡᠬᠦ ᠳ᠋ᠦ᠍ᠨᠢ ᠦᠭᠡ ᠨᠣᠶᠠᠨ ᠤ᠋ ᠬᠤᠶᠠᠭ ᠲᠠᠢ ᠮᠥᠷᠥ ᠤᠷᠤᠭᠤ ᠴᠠᠪᠴᠢᠬᠤ ᠭᠡᠲᠡᠯ᠎ᠡ ᠨᠢᠳᠦᠨ ᠦ᠌ ᠦᠵᠦᠭᠦᠷ ᠲᠦ᠍ ᠨᠢᠭᠡᠨ ᠶᠡᠬᠡ ᠪᠠᠷ᠎ᠠ ᠰᠡᠭᠦᠳᠡᠰᠬᠢᠯ᠎ᠡ᠃ ᠠᠬᠢᠭᠤᠯᠤᠨ ᠬᠠᠷᠠᠪᠠᠯ ᠡᠯᠡᠰᠦᠨ ᠳᠣᠪᠣᠴᠠᠭ ᠤ᠋ᠨ ᠲᠣᠯᠣᠭᠠᠢ ᠳᠡᠭᠡᠭᠦᠷ ᠪᠠᠭᠠᠷᠴᠠᠭᠯᠠᠭᠰᠠᠨ ᠬᠠᠷ᠎ᠠ ᠶᠠᠭᠤᠮ᠎ᠠ ᠲᠣᠭᠣᠰᠣ ᠲᠠᠲᠠᠭᠤᠯᠤᠨ ᠭᠠᠷᠴᠤ ᠢᠷᠡᠭᠰᠡᠨ ᠢ᠋ᠶ᠋ᠡᠨ ᠴᠤᠪᠤᠭ᠎ᠠ ᠵᠠᠳᠠᠷᠠᠨ ᠳᠡᠯᠭᠡᠵᠦ ᠮᠣᠩᠭᠣᠯ ᠴᠡᠷᠢᠭ ᠦ᠋ᠨ ᠬᠣᠶᠠᠷ ᠲᠠᠯ᠎ᠠ ᠪᠠᠷ ᠣᠷᠢᠶᠠᠨ ᠬᠤᠮᠢᠵᠤ ᠳᠠᠪᠬᠢᠪᠠ᠃ ᠬᠤᠲᠤᠭᠲᠤ ᠰᠠᠨᠳᠤᠷᠤᠨ ᠮᠣᠷᠢ ᠪᠠᠨ ᠡᠷᠭᠢᠭᠦᠯᠵᠦ᠂ 
       一 ᠬᠣᠱᠠᠬᠤ! ᠬᠣᠱᠠᠬᠤ! ᠭᠡᠯᠴᠡᠨ ᠮᠣᠷᠢᠳ ᠢ᠋ᠶ᠋ᠠᠨ ᠡᠷᠭᠢᠭᠦᠯᠵᠦ ᠳᠣᠪᠲᠣᠯᠬᠤ ᠦᠶᠡᠰ ᠣᠮᠣᠭᠯᠠᠩ ᠲᠥᠷᠥᠭᠰᠡᠨ ᠬᠤᠲᠤᠭᠲᠤ ᠮᠣᠩᠬᠣᠷ ᠨᠣᠶᠠᠨ ᠲᠣᠭᠣᠰᠣᠨ ᠳᠤᠮᠳᠠ ᠲᠣᠯᠣᠭᠠᠢ ᠭᠣᠳᠣᠢᠨ ᠭᠤᠯᠠᠰᠴᠤ᠂ ᠣᠯᠠᠨ ᠮᠣᠷᠢᠳ ᠤ᠋ᠨ ᠬᠥᠯ ᠳᠣᠣᠷ᠎ᠠ ᠤᠯᠠᠭᠠᠨ ᠢᠯᠭᠢ ᠰᠢᠭ ᠪᠣᠯᠤᠭᠰᠠᠨ ᠰᠢᠷᠣᠢ ᠲᠠᠢ ᠬᠤᠳᠬᠤᠯᠳᠤᠨ ᠤᠨᠠᠯ᠎ᠠ᠃ 
       一 ᠬᠤᠲᠤᠭᠲᠤ ᠠᠬ᠎ᠠ! 
       一 ᠠᠬ᠎ᠠ ᠠ᠋! ᠵᠠᠩᠵᠤᠨ! ᠭᠡᠯᠴᠡᠨ ᠮᠡᠩᠬᠢᠲᠦ ᠬᠢᠶᠠᠨ᠂ ᠨᠡᠭᠦᠨ ᠲᠠᠢᠵᠢ ᠬᠣᠶᠠᠷ ᠤᠬᠤᠰᠬᠢᠵᠦ᠂ ᠨᠢᠳᠦᠨ ᠦ᠌ ᠨᠢᠯᠪᠤᠰᠤ ᠪᠦᠷᠬᠦᠭᠰᠡᠨ ᠶᠢᠰᠦᠭᠡᠢ ᠬᠣᠢᠷᠭᠠᠨᠠᠨ ᠳᠠᠭᠠᠷᠢᠬᠤ ᠲᠠᠲ᠋ᠠᠷ ᠴᠡᠷᠢᠭ ᠢ᠋ ᠬᠠᠨᠠᠷᠠᠲᠠᠯ᠎ᠠ ᠴᠠᠪᠴᠢᠯᠠᠨ ᠬᠠᠮᠠᠭᠠᠯᠠᠪᠠ᠃ ᠲᠣᠭᠣᠰᠣ ᠰᠢᠷᠣᠢ ᠶ᠋ᠢᠨ ᠳᠤᠮᠳᠠ ᠮᠡᠩᠬᠢᠲᠦ ᠬᠢᠶᠠᠨ ᠰᠥᠬᠥᠷᠡᠨ ᠰᠠᠭᠤᠵᠤ ᠬᠠᠩᠭᠢᠨᠠᠲᠠᠯ᠎ᠠ ᠣᠯᠢᠬᠤ ᠳ᠋ᠤ᠌ ᠳᠡᠭᠡᠳᠦᠰ ᠦ᠋ᠨ ᠡᠯ᠎ᠡ ᠶᠣᠰᠣ ᠶ᠋ᠢ ᠪᠦᠳᠡᠭᠢ ᠪᠡᠲᠡᠭᠢ ᠰᠠᠨᠠᠭᠰᠠᠨ ᠨᠡᠭᠦᠨ ᠳ᠋ᠡᠭᠡᠨ ᠣᠯᠢᠯ᠎ᠠ᠃ ᠡᠷᠲᠡᠨ ᠦ᠌ ᠡᠪᠦᠭᠡ ᠶ᠋ᠢᠨ ᠰᠦᠷᠲᠦ ᠳᠠᠭᠤᠳᠠᠯᠭ᠎ᠠ ᠥᠷᠯᠥᠭᠡᠨ ᠦ᠌ ᠲᠩᠷᠢ ᠳ᠋ᠦ᠍ ᠬᠠᠲᠠᠵᠤ ᠰᠥᠨᠢᠵᠢᠨ ᠲᠤᠯᠤᠯᠳᠤᠵᠤ ᠰᠤᠯᠠᠳᠠᠨ ᠶᠠᠳᠠᠷᠠᠭᠰᠠᠨ ᠮᠣᠩᠭᠣᠯ ᠴᠡᠷᠢᠭ ᠦ᠋ᠨ ᠰᠦᠷ ᠰᠦᠯᠳᠡ ᠶ᠋ᠢ ᠰᠡᠷᠭᠦᠭᠡᠵᠡᠢ᠃ ᠰᠠᠯᠬᠢ ᠵᠦᠰᠦᠨ ᠲᠦᠢᠮᠡᠷ ᠳᠣᠷᠭᠢᠨ ᠴᠣᠷᠣᠯᠵᠠᠬᠤ ᠮᠡᠲᠦ ᠲᠠᠯ᠎ᠠ ᠶ᠋ᠢᠨ ᠡᠷᠡᠰ ᠭᠡᠨᠡᠳᠲᠡ ᠵᠣᠷᠢᠭ ᠨᠡᠮᠡᠵᠦ᠂ ᠵᠢᠷᠦᠬᠡ ᠣᠷᠣᠵᠤ ᠲᠠᠲ᠋ᠠᠷ ᠤ᠋ᠳ ᠢ᠋ ᠲᠠᠰᠤᠷ ᠲᠠᠰᠤᠷ ᠴᠠᠪᠴᠢᠯᠠᠨ ᠳᠦᠷᠡᠯᠵᠡᠪᠡ᠃ ᠭᠡᠪᠡᠴᠦ ᠬᠠᠷ᠎ᠠ ᠤᠲᠤᠭ᠎ᠠ ᠮᠡᠲᠦ ᠨᠥᠮᠥᠷᠦᠨ ᠢᠷᠡᠵᠦ ᠪᠣᠢ ᠬᠣᠱᠠᠬᠤ ᠵᠠᠩᠵᠤᠨ ᠤ᠋ ᠮᠣᠷᠢᠲᠤ ᠴᠡᠷᠢᠭ ᠦ᠋ᠨ ᠡᠮᠦᠨ᠎ᠡ ᠬᠦᠴᠦ ᠨᠡᠩ ᠪᠠᠭ᠎ᠠ ᠪᠠᠢᠯ᠎ᠠ᠃ ᠠᠯᠲᠠᠨ ᠤᠯᠤᠰ ᠤ᠋ᠨ ᠪᠠᠯᠢ ᠠᠭᠤᠳᠠ ᠬᠠᠭᠠᠨ ᠠᠩᠬ᠎ᠠ ᠰᠡᠳᠦᠵᠦ᠂ ᠪᠠᠯᠢ ᠦᠵᠢᠮᠡᠢ ᠲᠡᠭᠦᠰ ᠲᠡᠭᠦᠯᠳᠡᠷ ᠪᠣᠯᠭᠠᠭᠰᠠᠨ ᠬᠣᠱᠠᠬᠤ ᠶ᠋ᠢᠨ ᠮᠣᠷᠢᠲᠤ ᠴᠡᠷᠢᠭ ᠦ᠋ᠳ ᠢᠷᠡᠭᠰᠡᠨ ᠨᠢ ᠡᠨᠡ ᠪᠠᠢᠪᠠ᠃ ᠵᠦᠷᠴᠢᠳ ᠦ᠋ᠨ ᠠᠯᠲᠠᠨ ᠤᠯᠤᠰ ᠵᠥᠪᠬᠡᠨ ᠬᠠᠮᠤᠭ ᠮᠣᠩᠭᠣᠯ ᠲᠠᠢ ᠪᠠᠢᠯᠳᠤᠬᠤ ᠵᠣᠷᠢᠯᠭ᠎ᠠ ᠪᠠᠷ ᠪᠡᠯᠡᠳᠦᠭᠰᠡᠨ ᠴᠡᠷᠢᠭ ᠲᠤᠯᠠ ᠮᠣᠷᠢ ᠤᠨᠤᠬᠤ᠂ ᠨᠤᠮᠤ ᠬᠠᠷᠪᠤᠬᠤ᠂ ᠢᠯᠳᠦ ᠪᠡᠷ ᠴᠠᠪᠴᠢᠯᠳᠤᠬᠤ ᠳ᠋ᠠᠭᠠᠨ ᠭᠠᠷᠮᠠᠭᠠᠢ ᠠᠭᠠᠳ ᠪᠦᠷ ᠪᠤᠭᠤᠢᠯᠢ ᠰᠢᠲᠠᠵᠤ ᠰᠤᠷᠭᠠᠭᠰᠠᠨ ᠠᠪᠠᠢ᠃ ᠡᠢᠨ ᠮᠣᠩᠭᠣᠯ ᠴᠡᠷᠢᠭ ᠦ᠋ᠳ ᠠᠷᠭ᠎ᠠ ᠪᠤᠶᠤ ᠬᠦᠴᠦᠨ ᠮᠡᠬᠦᠰᠳᠡᠬᠦ ᠨᠢ ᠡᠨᠡ ᠪᠢᠯᠡ᠃ ᠲᠡᠳᠡ ᠬᠦᠰᠡᠭᠰᠡᠨ ᠴᠦ᠍ ᠡᠰᠡ ᠬᠦᠰᠡᠭᠰᠡᠨ ᠴᠦ᠍ ᠡᠷᠲᠡᠨ ᠦ᠌ ᠬᠦᠴᠦᠷᠬᠡᠭ ᠠᠯᠲᠠᠨ ᠤᠯᠤᠰ ᠲᠠᠢ ᠢᠯᠳᠦ ᠵᠥᠷᠢᠭᠦᠯᠬᠦ ᠪᠣᠯᠪᠠ᠃ ᠮᠥᠨᠥᠬᠡᠨ ᠬᠠᠪᠤᠯ ᠰᠡᠴᠡᠨ ᠡᠴᠢᠭᠡ ᠠᠮᠢ ᠲᠣᠢᠨ ᠣᠴᠢᠭᠠᠳ ᠦᠵᠦᠮ ᠢ᠋ᠶ᠋ᠡᠷ ᠨᠡᠷᠡᠭᠰᠡᠨ ᠠᠷᠢᠬᠢ ᠠᠮᠰᠠᠨ ᠪᠠᠢᠵᠤ ᠶᠠᠷᠢᠭᠰᠠᠨ ᠠᠢᠯ ᠬᠥᠮᠦᠨ ᠦ᠌ ᠠᠮᠢ ᠨᠢᠭᠡ᠂ ᠰᠠᠭᠠᠬᠠᠯᠲᠠ ᠬᠥᠮᠦᠨ ᠦ᠌ ᠰᠠᠨᠠᠭ᠎ᠠ ᠨᠢᠭᠡ ᠭᠡᠮᠡᠨ ᠬᠡᠯᠡᠯᠴᠡᠭᠰᠡᠨ ᠢ᠋ᠶ᠋ᠡᠨ ᠨᠠᠩᠭᠢᠶᠠᠳ ᠢᠷᠭᠡᠳ ᠮᠠᠨᠲᠠᠤ ᠲᠠᠢ ᠪᠠᠨ ᠬᠣᠯᠢᠵᠤ ᠢᠳᠡᠭᠰᠡᠨ ᠪᠣᠯᠤᠯᠲᠠᠢ᠃ ᠮᠡᠩᠬᠢᠲᠦ ᠬᠢᠶᠠᠨ᠂ ᠨᠡᠭᠦᠨ ᠲᠠᠢᠵᠢ ᠬᠣᠶᠠᠷ ᠠᠮᠢ ᠠᠯᠳᠠᠭᠰᠠᠨ ᠬᠤᠲᠤᠭᠲᠤ ᠨᠣᠶᠠᠨ ᠢ᠋ ᠳᠠᠮᠨᠠᠨ ᠪᠣᠰᠴᠤ ᠡᠮᠡᠭᠡᠯ ᠳᠡᠭᠡᠷ᠎ᠡ ᠪᠡᠨ ᠪᠥᠭᠲᠥᠷᠢᠭᠡᠳ ᠤᠬᠤᠰᠬᠢᠨ ᠮᠣᠷᠳᠠᠪᠠ᠃ ᠶᠢᠰᠦᠭᠡᠢ ᠢᠯᠳᠦ ᠪᠡᠷ ᠰᠢᠷᠪᠢᠨ ᠲᠠᠲ᠋ᠠᠷ ᠤ᠋ᠨ ᠳᠠᠢᠴᠢᠳ ᠢ᠋ ᠬᠢᠶᠠᠷᠠᠭᠤᠯᠤᠨ᠂ 
       — ᠬᠤᠯᠤᠭᠠᠨ᠎ᠠ᠂ ᠬᠤᠯᠤᠭᠠᠨ᠎ᠠ! ᠬᠤᠯᠤᠭᠠᠨ᠎ᠠ ᠶ᠋ᠢᠨ ᠵᠢᠨᠳᠠᠭᠠᠨ! ᠭᠡᠵᠦ ᠳᠠᠢᠰᠤᠨ ᠰᠣᠨᠣᠰᠤᠭᠠᠳ ᠭᠠᠢᠬᠠᠮᠠᠷ ᠤᠷᠢᠶ᠎ᠠ ᠬᠠᠰᠬᠢᠷᠤᠯ᠎ᠠ᠃ ᠡᠨᠡ ᠨᠢ ᠮᠣᠩᠭᠣᠯ ᠴᠡᠷᠢᠭ ᠦ᠋ᠨ ᠤᠬᠤᠷᠢᠨ ᠪᠥᠬᠥᠬᠦ ᠳᠣᠬᠢᠶ᠎ᠠ ᠪᠣᠯᠠᠢ᠃ ᠪᠥᠷᠲᠡ ᠴᠢᠨᠣ᠎ᠠ ᠡᠴᠢᠭᠡ ᠬᠢᠭᠡᠳ ᠭᠤᠸ᠎ᠠ ᠮᠠᠷᠠᠯ ᠡᠬᠡ ᠲᠥᠷᠥᠭ ᠦ᠋ᠨ ᠤᠯᠠᠭᠠᠨ ᠬᠢᠳᠤᠯᠭ᠎ᠠ ᠠ᠋ᠴᠠ ᠠᠮᠢ ᠮᠤᠯᠲᠤᠷᠠᠨ ᠭᠠᠷᠴᠤ ᠠᠷᠢᠭᠤᠨ ᠬᠤᠨ ᠤ᠋ ᠭᠣᠣᠯ ᠪᠠᠷᠠᠳᠠᠨ ᠪᠦᠭᠭᠦᠵᠦ ᠬᠤᠯᠤᠭᠠᠨ᠎ᠠ ᠶ᠋ᠢᠨ ᠵᠢᠨᠳᠠᠭᠠᠨ ᠳ᠋ᠤ᠌ ᠠᠮᠢ ᠵᠢᠭᠤᠭᠰᠠᠨ ᠭᠡᠬᠦ ᠪᠥᠯᠥᠭᠡ᠃ ᠲᠡᠨᠳᠡ ᠡᠴᠡ ᠦᠷ᠎ᠡ ᠤᠳᠤᠮ ᠲᠡᠭᠦᠰ ᠪᠣᠯᠤᠨ ᠭᠠᠷᠴᠤ ᠢᠷᠡᠭᠰᠡᠨ ᠭᠡᠵᠦ ᠬᠥᠩᠬᠥᠷ ᠬᠣᠷᠴᠢ ᠠᠶᠠᠯᠠᠭᠤᠯᠤᠨ ᠬᠡᠯᠡᠳᠡᠭ ᠠᠪᠠᠢ᠃ ᠡᠢᠨ ᠤᠬᠤᠷᠢᠨ ᠪᠦᠭᠭᠦᠵᠦ᠂ ᠶᠡᠬᠡ ᠴᠡᠷᠢᠭ ᠢ᠋ᠶ᠋ᠡᠨ ᠠᠬᠢᠨ ᠵᠠᠰᠠᠶ᠎ᠠ ᠭᠡᠰᠡᠨ ᠳᠠᠭᠤᠳᠠᠯᠭ᠎ᠠ᠃ 
       — ᠬᠤᠯᠤᠭᠠᠨ᠎ᠠ! ᠬᠤᠯᠤᠭᠠᠨ᠎ᠠ ᠠ᠋! ᠭᠡᠮᠡᠨ ᠳᠠᠭᠤᠷᠢᠰᠴᠤ ᠡᠬᠢᠯᠡᠪᠡ ᠠ᠋᠃ ᠬᠤᠱᠠᠬᠤ ᠶ᠋ᠢᠨ ᠴᠡᠷᠢᠭ ᠦ᠋ᠳ ᠥᠨᠳᠡᠭᠡ ᠪᠡᠨ ᠬᠠᠷᠠᠮᠨᠠᠬᠤ ᠥᠬᠢᠨ ᠪᠦᠷᠭᠦᠳ ᠮᠡᠲᠦ ᠲᠠᠲ᠋ᠠᠷ ᠳᠠᠢᠴᠢᠳ ᠢ᠋ ᠥᠮᠥᠭᠯᠡᠨ ᠳᠠᠭᠠᠷᠢᠵᠤ᠂ ᠮᠥᠨᠥᠬᠡᠨ ᠢᠳᠡ ᠰᠢᠳᠢ ᠪᠡᠨ ᠦᠵᠡᠭᠦᠯᠵᠦ ᠰᠣᠷᠣᠨ ᠪᠤᠭᠤᠢᠯᠢ ᠠᠭᠠᠷ ᠲᠤ᠌ ᠮᠤᠰᠬᠢᠷᠠᠨ ᠡᠷᠭᠢᠯᠳᠦᠵᠦ ᠡᠭᠡᠯᠡᠪᠡ᠃ ᠮᠣᠩᠭᠣᠯ ᠡᠷᠡᠰ ᠦ᠋ᠨ ᠴᠡᠭᠡᠵᠢ ᠪᠡᠷ ᠮᠣᠭᠠᠢ ᠮᠡᠲᠦ ᠮᠤᠰᠬᠢᠷᠠᠨ ᠣᠷᠣᠬᠤ ᠳ᠋ᠤᠨᠢ ᠡᠮᠡᠭᠡᠯ ᠳᠡᠭᠡᠷ᠎ᠡ ᠡᠴᠡ ᠨᠢ ᠬᠣᠪᠬᠤ ᠲᠡᠳᠡᠨ ᠠᠪᠴᠤ ᠲᠣᠭᠣᠰᠣ ᠲᠠᠲᠠᠭᠤᠯᠤᠨ ᠴᠢᠷᠴᠦ ᠣᠳᠬᠤ ᠠᠵᠢ᠃ ᠮᠣᠷᠢᠨ ᠳ᠋ᠤ᠌ ᠡᠷᠡᠮᠡᠬᠡᠢ ᠮᠣᠩᠭᠣᠯ ᠡᠷᠡᠰ ᠪᠠᠰᠠ ᠴᠤ᠌ ᠮᠥᠴᠡᠭᠡ ᠪᠡᠨ ᠥᠭᠬᠦ ᠦᠭᠡᠢ ᠥᠪᠡᠷ ᠢ᠋ ᠨᠢ ᠬᠣᠪᠬᠤ ᠲᠠᠲᠠᠬᠤ ᠶ᠋ᠢ ᠬᠢᠴᠢᠶᠡᠨ ᠨᠣᠴᠣᠯᠳᠤᠨ᠎ᠠ᠃ ᠭᠡᠪᠡᠴᠦ ᠨᠠᠩᠭᠢᠶᠠᠳ ᠵᠠᠩᠵᠤᠳ ᠬᠥᠮᠦᠨ ᠢ᠋ ᠨᠢ ᠡᠮᠡᠭᠡᠯ ᠲᠡᠢ ᠨᠢ ᠪᠡᠬᠢᠯᠡᠵᠦ᠂ ᠡᠮᠡᠭᠡᠯ ᠢ᠋ ᠨᠢ ᠮᠣᠷᠢ ᠲᠠᠢ ᠨᠢ ᠪᠠᠭᠯᠠᠭᠰᠠᠨ ᠪᠠᠢᠬᠤ ᠲᠤᠯᠠ ᠰᠠᠨᠠᠭᠠᠨ ᠠᠴᠠ ᠴᠠᠭᠠᠰᠢ ᠦᠭᠡᠢ ᠪᠣᠯᠤᠨ᠎ᠠ᠃ ᠡᠢᠨ ᠮᠣᠩᠭᠣᠯ ᠴᠡᠷᠢᠭ ᠢ᠋ ᠬᠦᠷᠢᠶᠡᠯᠡᠨ ᠠᠪᠴᠤ ᠬᠢᠳᠤᠵᠤ ᠡᠬᠢᠯᠡᠬᠦ ᠡᠴᠡ ᠡᠮᠦᠨ᠎ᠡ ᠪᠤᠰᠢᠭᠤᠬᠠᠨ ᠬᠤᠯᠤᠭᠠᠨ᠎ᠠ ᠶ᠋ᠢᠨ ᠵᠢᠨᠳᠠᠬᠠᠨ ᠳ᠋ᠤ᠌ ᠣᠷᠣᠬᠤ ᠤᠴᠢᠷ ᠲᠠᠢ ᠪᠣᠯᠵᠤ ᠪᠥᠯᠥᠭᠡ᠃ 
       — ᠪᠦᠷᠭᠦᠳ ᠠ᠋! ᠪᠦᠷᠭᠦᠳ! ᠭᠡᠬᠦ ᠳᠠᠢᠳᠤᠬᠤ ᠤᠷᠢᠶ᠎ᠠ ᠰᠣᠨᠣᠰᠳᠠᠭᠰᠠᠨ ᠨᠢ ᠡᠴᠢᠭᠡ ᠪᠡᠨ ᠠᠯᠠᠭᠳᠠᠪᠠ ᠭᠡᠮᠡᠨ ᠠᠭᠤᠷᠰᠠᠨ ᠬᠢᠯᠢᠩᠨᠡᠭᠰᠡᠨ ᠬᠦᠴᠦᠲᠦ ᠪᠦᠷᠢᠬᠥ᠋ᠬᠡ ᠶ᠋ᠢᠨ ᠳᠠᠭᠤᠨ ᠪᠠᠢᠯ᠎ᠠ᠃ ᠲᠡᠷᠡ ᠬᠦᠷᠵᠡ ᠮᠡᠲᠦ ᠲᠣᠮᠣ ᠭᠠᠷ ᠢ᠋ᠶ᠋ᠠᠷ ᠲᠠᠲ᠋ᠠᠷ ᠴᠡᠷᠢᠭ ᠦ᠋ᠳ ᠦ᠋ᠨ ᠰᠢᠯᠢᠨ ᠬᠦᠵᠦᠭᠦᠨ ᠳᠡᠭᠡᠷ᠎ᠡ ᠡᠴᠡ ᠰᠢᠭᠦᠷᠡᠨ ᠠᠪᠴᠤ ᠠᠯᠳᠠᠯᠠᠨ ᠬᠣᠯᠠᠳᠤᠭᠤᠯᠤᠭᠰᠠᠨ ᠢ᠋ᠶ᠋ᠠᠨ ᠤᠯᠠᠭᠠᠨ ᠨᠢᠭᠤᠷ ᠢ᠋ᠶ᠋ᠠᠷ ᠨᠢ ᠳᠡᠰ ᠬᠢᠲᠡᠯ᠎ᠡ ᠮᠥᠷᠭᠦᠯᠳᠦᠭᠦᠯᠦᠨ ᠨᠢᠴᠠᠯᠠᠵᠤ ᠶᠠᠪᠤᠵᠠᠢ᠃ᠲᠡᠭᠦᠨ ᠦ᠌ ᠡᠩᠭᠡᠷ ᠵᠠᠭᠠᠮ᠎ᠠ ᠭᠠᠪᠠᠯᠠ ᠶ᠋ᠢᠨ ᠶᠠᠰᠤ ᠶ᠋ᠢ ᠨᠢ ᠬᠠᠭ᠎ᠠ ᠮᠥᠷᠭᠦᠯᠳᠦᠭᠦᠯᠦᠭᠰᠡᠨ ᠲᠠᠲ᠋ᠠᠷ ᠡᠷᠡᠰ ᠦ᠋ᠨ ᠤᠭᠤᠷᠠᠭ ᠲᠠᠷᠢᠬᠢ᠂ ᠤᠯᠠᠭᠠᠨ ᠴᠢᠰᠤ ᠪᠠᠷ ᠨᠢᠯ ᠪᠣᠳᠣᠭᠳᠠᠵᠤ ᠠᠪᠠᠢ᠃ 
       — ᠪᠦᠷᠭᠦᠳ ᠠ᠋! ᠪᠦᠷᠭᠦᠳ! ᠭᠡᠵᠦ ᠥᠭᠡᠯᠡᠨ ᠥᠭᠡᠯᠡᠨ ᠤᠯᠠᠢᠷᠠᠵᠤ ᠶᠠᠪᠤᠬᠤ ᠳ᠋ᠤ᠌ ᠲᠦᠷᠬᠢᠷᠡᠨ ᠣᠪᠣᠯᠵᠠᠭᠴᠢ ᠤᠯᠠᠭᠠᠨ ᠲᠣᠭᠣᠰᠣᠨ ᠳᠤᠮᠳᠠ᠎ᠠ᠋ᠴᠠ᠂ 
       — ᠬᠤᠯᠤᠭᠠᠨ᠎ᠠ! ᠬᠤᠯᠤᠭᠠᠨ᠎ᠠ! ᠬᠤᠯᠤᠭᠠᠨ᠎ᠠ ᠶ᠋ᠢᠨ ᠵᠢᠨᠳᠠᠭᠠᠨ! ᠭᠡᠬᠦ ᠵᠠᠷᠯᠢᠭ ᠳᠠᠪᠠᠮᠠᠭᠠᠢᠯᠠᠨ ᠰᠣᠨᠣᠰᠳᠠᠵᠤ ᠪᠤᠭᠤᠷᠤᠯ ᠪᠠᠷᠳᠠᠨ ᠨᠣᠶᠠᠨ ᠶᠡᠬᠡ ᠴᠡᠷᠢᠭ ᠢ᠋ᠶ᠋ᠡᠨ ᠬᠤᠮᠢᠨ ᠠᠪᠴᠤ ᠠᠮᠢ ᠬᠢᠮᠠᠭᠠᠳᠠᠨ ᠤᠬᠤᠷᠢᠵᠤ ᠪᠠᠢᠪᠠ᠃
 
                 
    
       ᠮᠣᠭᠠᠢ ᠵᠢᠯ ᠦ᠋ᠨ ᠵᠤᠨ ᠤ᠋ ᠳᠤᠮᠳᠠ ᠰᠠᠷ᠎ᠠ ᠳ᠋ᠤ᠌ ᠬᠠᠮᠤᠭ ᠮᠣᠩᠭᠣᠯ ᠤ᠋ᠨ ᠴᠡᠷᠢᠭ ᠶᠡᠬᠡᠳᠡ ᠳᠠᠷᠤᠭᠳᠠᠨ ᠰᠦᠢᠷᠡᠵᠦ ᠠᠷᠭ᠎ᠠ ᠪᠤᠶᠤ ᠠᠷᠤ ᠭᠡᠷ ᠠᠭᠤᠷᠤᠭ ᠲᠤᠯᠤᠭᠠᠳ ᠢ᠋ᠶ᠋ᠠᠨ ᠵᠣᠷᠢᠬᠤ ᠠ᠋ᠴᠠ ᠥᠭᠡᠷ᠎ᠡ ᠵᠠᠮ ᠦᠭᠡᠢ ᠪᠣᠯᠵᠠᠢ᠃ ᠬᠤᠲᠤᠭᠲᠤ ᠨᠣᠶᠠᠨ ᠠᠯᠠᠭᠤᠯᠵᠤ᠂ ᠮᠩᠭᠢᠲᠦ ᠬᠢᠶᠠᠨ ᠰᠢᠷᠬᠠᠲᠤᠵᠤ᠂ ᠪᠡᠷᠲᠡᠨ ᠨᠣᠶᠠᠨ ᠬᠡᠪᠲᠡᠷᠢ ᠳ᠋ᠦ᠍ ᠣᠷᠣᠵᠤ ᠲᠡᠷᠭᠡᠨ ᠳᠡᠭᠡᠷ᠎ᠡ ᠢᠰᠡᠭᠡᠢ ᠵᠤᠵᠠᠭᠠᠯᠠᠵᠤ ᠳᠡᠪᠢᠰᠦᠭᠦᠯᠦᠨ ᠬᠡᠪᠲᠡᠭᠡ ᠪᠡᠷ ᠢ᠋ᠶ᠋ᠡᠨ ᠢᠷᠡᠪᠡ᠃ ᠶᠡᠬᠡ ᠲᠡᠢᠨ ᠦ᠌ ᠬᠥᠯ ᠳ᠋ᠦ᠍ ᠳᠠᠷᠤᠭᠳᠠᠭᠰᠠᠨ ᠴᠡᠷᠢᠭ ᠡᠷᠡᠰ ᠦ᠋ᠨ ᠴᠢᠷᠠᠢ ᠪᠠᠷᠤᠭᠠᠷ᠂ ᠵᠣᠪᠬᠢ ᠤᠷᠤᠭᠤ ᠪᠠᠨ ᠠᠵᠢ᠃ ᠪᠦᠬᠦ ᠴᠡᠷᠢᠭ ᠢ᠋ ᠬᠠᠲᠠᠭᠠᠨ ᠲᠠᠢᠵᠢ ᠠᠬᠠᠯᠠᠵᠤ ᠪᠤᠴᠠᠵᠠᠢ᠃ ᠲᠡᠳᠡ ᠶᠢᠰᠦᠨ ᠲᠠᠲ᠋ᠠᠷ ᠲᠠᠢ ᠡᠷᠡᠭᠴᠢᠨ ᠡᠮᠡᠭᠴᠢᠨ ᠢ᠋ᠶ᠋ᠡᠨ ᠦᠵᠡᠨ᠎ᠡ ᠭᠡᠵᠦ ᠮᠣᠷᠳᠠᠭᠰᠠᠨ᠎ᠠ᠋ᠴᠠ ᠪᠤᠰᠤ᠂ ᠬᠦᠴᠦᠷᠬᠡᠭ ᠠᠯᠲᠠᠨ ᠤᠯᠤᠰ ᠲᠠᠢ ᠪᠠᠢᠯᠳᠤᠬᠤ ᠶᠤᠮ ᠭᠡᠵᠦ ᠵᠡᠭᠦᠳᠦᠯᠡᠭᠰᠡᠨ ᠦᠭᠡᠢ ᠪᠢᠯᠡ᠃ ᠡᠪᠡᠰᠦ ᠰᠣᠶᠣᠭᠠᠯᠠᠵᠤ᠂ ᠪᠤᠷᠭᠠᠰᠤ ᠭᠥᠯᠥᠭᠡᠯᠡᠬᠦ ᠴᠠᠭ ᠢ᠋ᠶ᠋ᠠᠷ ᠰᠦᠯᠳᠡ ᠬᠡᠢ ᠮᠣᠷᠢ ᠲᠡᠭᠦᠰ ᠮᠣᠷᠳᠠᠭᠰᠠᠨ ᠡᠷᠡᠰ ᠨᠠᠪᠴᠢᠰ ᠭᠠᠩᠳᠠᠵᠤ᠂ ᠰᠠᠯᠬᠢ ᠰᠡᠷᠢᠭᠦᠰᠦᠭᠰᠡᠨ ᠨᠠᠮᠤᠷ ᠤ᠋ᠨ ᠪᠤᠭᠤᠷᠤᠯ ᠡᠳᠦᠷ ᠴᠡᠭᠴᠡᠷ ᠦ᠋ᠨ ᠰᠢᠷ᠎ᠠ ᠲᠠᠯ᠎ᠠ ᠪᠠᠷ ᠭᠠᠩᠳᠠᠭᠤᠬᠠᠨ ᠭᠤᠨᠳᠠᠭᠤᠬᠠᠨ ᠬᠠᠷᠢᠵᠤ ᠢᠷᠡᠬᠦ ᠨᠢ ᠡᠨᠡ᠃ ᠬᠠᠮᠤᠭ ᠮᠣᠩᠭᠣᠯ ᠳᠠᠶᠠᠭᠠᠷ ᠨᠢᠯᠪᠤᠰᠤ ᠮᠡᠯᠲᠡᠭᠡᠨᠡᠭᠰᠡᠨ ᠡᠬᠡᠴᠦᠳ ᠬᠦᠯᠢᠶᠡᠵᠦ᠂ ᠭᠠᠷ ᠳᠠᠭᠠᠭᠤᠯᠵᠤ ᠬᠠᠷᠠᠭᠰᠠᠨ ᠪᠣᠷᠣ ᠵᠢᠭᠠᠯ ᠤ᠋ᠳ ᠬᠠᠷᠭᠤᠢ ᠰᠠᠷᠠᠪᠴᠢᠯᠠᠵᠤ ᠤᠭᠲᠤᠯ᠎ᠠ᠃ ᠭᠡᠪᠡᠴᠦ ᠡᠷ᠎ᠡ ᠨᠥᠬᠥᠷ ᠢ᠋ᠶ᠋ᠡᠨ ᠲᠡᠪᠡᠷᠢᠭᠰᠡᠨ ᠡᠴᠡ ᠪᠡᠨ ᠲᠡᠪᠡᠷᠢᠭᠡ ᠦᠭᠡᠢ ᠨᠢ ᠣᠯᠠᠨ᠂ ᠠᠪᠤ ᠲᠠᠢ ᠪᠠᠨ ᠵᠣᠯᠭᠠᠭᠰᠠᠨ᠎ᠠ᠋ᠴᠠ ᠵᠤᠯᠭᠠᠭ᠎ᠠ ᠦᠭᠡᠢ ᠨᠢ ᠣᠯᠠᠨ ᠪᠠᠢᠪᠠ᠃ 
       ᠭᠤᠷᠪᠠᠨ ᠵᠠᠮ ᠪᠣᠯᠵᠤ ᠬᠥᠳᠡᠯᠦᠭᠰᠡᠨ ᠶᠡᠬᠡ ᠴᠡᠷᠢᠭ ᠡᠴᠡ ᠯᠠᠪᠲᠠᠶ᠎ᠠ ᠨᠢᠭᠡ ᠭᠠᠷ ᠤ᠋ᠨ ᠴᠡᠷᠢᠭ ᠠᠩᠭᠢ ᠦᠭᠡᠢᠯᠡᠭᠳᠡᠵᠦ ᠠᠪᠠᠢ᠃ ᠶᠡᠷᠦ ᠬᠥᠯᠥᠨ ᠳᠠᠯᠠᠢ ᠶ᠋ᠢᠨ ᠬᠥᠪᠡᠭᠡᠨ ᠳ᠋ᠦ᠍᠂ ᠪᠤᠢᠷ ᠨᠠᠭᠤᠷ ᠤ᠋ᠨ ᠡᠷᠭᠢ ᠳ᠋ᠦ᠍ ᠬᠢᠳᠤᠭᠤᠯᠵᠤ ᠳᠠᠭᠤᠰᠤᠭᠰᠠᠨ ᠬᠡᠷᠡᠭ ᠠ᠋᠃ ᠵᠠᠷᠯᠢᠭ ᠤ᠋ᠨ ᠶᠡᠬᠡ ᠴᠡᠷᠢᠭ ᠲᠦᠩᠬᠡᠯᠢᠭ ᠭᠣᠷᠣᠬᠠᠨ ᠤ᠋ ᠵᠡᠭᠦᠨ ᠡᠷᠭᠢ ᠳ᠋ᠦ᠍ ᠬᠤᠸᠠᠷᠠᠩᠨᠠᠨ ᠪᠠᠭᠤᠵᠤ᠂ ᠠᠮᠢᠳᠤ ᠰᠡᠷᠡᠭᠦᠨ ᠰᠡᠷᠪᠡᠯᠵᠡᠵᠦ ᠪᠣᠢ ᠵᠠᠮ ᠳᠠᠭᠠᠭᠠᠭᠰᠠᠨ ᠵᠠᠩᠵᠤᠳ᠂ ᠭᠠᠷ ᠲᠡᠷᠢᠭᠦᠯᠡᠭᠰᠡᠨ ᠪᠠᠭᠠᠲᠤᠷ ᠤ᠋ᠳ ᠬᠣᠲᠣᠯᠠ ᠬᠠᠭᠠᠨ ᠳ᠋ᠤ᠌ ᠪᠠᠷᠠᠯᠬᠠᠯ᠎ᠠ᠃ ᠶᠡᠬᠡ ᠬᠠᠭᠠᠨ ᠲᠤᠯᠭ᠎ᠠ ᠳᠦᠭᠦᠷᠡᠩ ᠭᠠᠯ ᠲᠠᠢ ᠦᠷᠭᠦᠭᠡᠨ ᠦ᠌ ᠪᠡᠨ ᠬᠣᠢᠮᠣᠷ ᠲᠦᠩᠰᠦᠢᠨ ᠰᠠᠭᠤᠵᠤ᠂ ᠠᠶᠠᠨᠰᠢᠵᠤ ᠶᠠᠳᠠᠷᠠᠭᠰᠠᠨ ᠡᠷᠡᠰ ᠦ᠋ᠨ ᠬᠦᠷᠡᠯᠭᠡᠷ ᠬᠦᠷᠡᠩ ᠴᠢᠷᠠᠢ ᠶ᠋ᠢ ᠨᠢᠭᠡ ᠪᠥᠷᠢᠴᠢᠯᠡᠨ ᠲᠣᠭᠲᠠᠭᠠᠨ ᠬᠠᠷᠠᠭᠠᠳ᠂ 
       — ᠡᠷᠲᠡᠨ ᠦ᠌ ᠡᠪᠦᠭᠡᠳ ᠦ᠋ᠨ ᠬᠡᠯᠡᠯᠴᠡᠬᠦ ᠨᠢ ᠢᠯᠳᠦ ᠪᠡᠷ ᠬᠠᠳᠬᠤᠯᠳᠤᠭᠠᠳ ᠢᠯᠠᠭᠳᠠᠪᠠᠴᠤ ᠢᠲᠡᠭᠡᠯ ᠢ᠋ᠶ᠋ᠡᠷ ᠪᠤᠤ ᠢᠯᠠᠭᠳᠠ ᠬᠡᠮᠡᠵᠡᠢ᠃ ᠪᠢᠳᠡᠨ ᠦ᠌ ᠬᠡᠨ ᠮᠠᠨᠢ ᠴᠤ᠌ ᠶᠢᠰᠦᠨ ᠲᠠᠲ᠋ᠠᠷ ᠤ᠋ᠨ ᠡᠮᠦᠨ᠎ᠡ ᠡᠴᠡ ᠠᠯᠲᠠᠨ ᠤᠯᠤᠰ ᠠᠰᠠᠵᠤ ᠪᠣᠰᠬᠤ ᠶ᠋ᠢᠨ ᠴᠢᠨᠡᠭᠡ ᠰᠠᠨᠠᠭ᠎ᠠ ᠦᠭᠡᠢ ᠪᠢᠯᠡ᠃ ᠡᠴᠢᠭᠡ ᠬᠠᠭᠠᠨ ᠤ᠋ ᠡᠮᠦᠨ᠎ᠡ ᠡᠷᠬᠢᠮ ᠦᠵᠢᠮᠡᠢ ᠬᠡᠯᠡᠵᠦ ᠪᠠᠢᠭᠰᠠᠨ ᠦᠭᠡ ᠶ᠋ᠢ ᠭᠠᠭᠴᠠ ᠬᠦ᠌ ᠪᠢᠶᠠᠨ ᠳᠠᠩ ᠬᠠᠭᠠᠨ ᠮᠠᠷᠲᠠᠭᠰᠠᠨ ᠰᠠᠨᠵᠠᠢ᠃ ᠮᠡᠷᠭᠡᠨ ᠰᠤᠮᠤ᠂ ᠲᠦᠷᠭᠡᠨ ᠢᠯᠳᠦ ᠪᠡᠷ ᠬᠡᠯᠡᠵᠦ ᠰᠠᠨᠠᠭᠤᠯᠬᠤ ᠶ᠋ᠢ ᠪᠣᠳᠣᠶ᠎ᠠ ᠭᠡᠵᠦ ᠠᠢᠯᠠᠳᠪᠠ᠃ ᠶᠡᠬᠡ ᠦᠷᠭᠦᠭᠡᠨ ᠳ᠋ᠦ᠍ ᠨᠠᠮ ᠭᠦᠮ ᠠᠪᠠᠢ᠃ ᠴᠢᠩᠭᠢᠭᠡᠳ ᠬᠣᠲᠣᠯᠠ ᠬᠠᠭᠠᠨ ᠬᠦᠯᠦᠭ ᠪᠠᠭᠠᠲᠤᠷ ᠤ᠋ᠳ ᠢ᠋ᠶ᠋ᠠᠨ ᠠᠬᠢᠨ ᠪᠣᠯᠭᠣᠭᠠᠵᠤ᠂ 
       — ᠢᠯᠠᠭᠰᠠᠨ ᠠ᠋ᠴᠠ ᠢᠯᠡᠭᠦᠦ ᠢᠯᠠᠭᠳᠠᠭᠰᠠᠨ ᠬᠥᠮᠦᠨ ᠶᠠᠳᠠᠷᠠᠳᠠᠭ ᠪᠢᠯᠡ᠃ ᠲᠠ ᠪᠦᠭᠦᠳᠡ ᠥᠪᠡᠷ ᠥᠪᠡᠷ ᠦ᠋ᠨ ᠲᠤᠭ ᠤ᠋ᠨ ᠴᠡᠷᠢᠭ ᠡᠷᠡᠰ ᠢ᠋ᠶ᠋ᠡᠨ ᠬᠤᠭᠤᠴᠠᠭ᠎ᠠ ᠲᠣᠪᠯᠠᠨ ᠳᠠᠷᠠᠭ᠎ᠠ! ᠭᠡᠯ᠎ᠡ᠃ ᠬᠠᠲᠠᠭᠠᠨ ᠲᠠᠢᠵᠢ ᠥᠨᠳᠡᠰᠬᠢᠨ᠂ 
       — ᠠᠮᠪᠠᠭᠠᠢ ᠡᠴᠢᠭᠡ ᠶ᠋ᠢᠨ ᠥᠰᠢ ᠬᠣᠨᠵᠢᠨ ᠢ᠋ ᠶᠠᠭᠤᠨ ᠳ᠋ᠤ᠌ ᠤᠳᠠᠭᠠᠰᠢᠷᠠᠭᠤᠯᠤᠨ᠎ᠠ ᠪᠣᠢ? ᠪᠢᠳᠡ ᠶᠠᠳᠠᠷᠠᠭᠰᠠᠨ ᠪᠣᠯ ᠲᠡᠳᠡ ᠪᠠᠰᠠ ᠵᠦᠳᠡᠷᠡᠭᠰᠡᠨ ᠪᠠᠢᠭ᠎ᠠ! ᠬᠦᠴᠦ ᠪᠡᠨ ᠰᠡᠯᠪᠢᠭᠡᠳ ᠣᠳᠣ ᠡᠷᠭᠢᠵᠦ ᠳᠠᠭᠠᠷᠢᠪᠠᠯ ᠪᠣᠯᠬᠤ ᠮᠡᠲᠦ᠃ ᠲᠠᠪᠤᠨ ᠬᠤᠷᠤᠭᠤᠨ ᠤ᠋ ᠬᠢᠮᠤᠰᠤ ᠲᠠᠮᠲᠤᠷᠠᠭ᠎ᠠ ᠦᠭᠡᠢ᠂ ᠳᠠᠬᠤᠯᠠᠢ ᠪᠡᠶ᠎ᠡ ᠶ᠋ᠢᠨ ᠵᠣᠷᠢᠭ ᠰᠢᠨᠲᠠᠷᠠᠭ᠎ᠠ ᠦᠭᠡᠢ ᠪᠠᠢᠨᠠᠮ ᠭᠡᠬᠦ ᠳ᠋ᠦ᠍ ᠬᠣᠲᠣᠯᠠ ᠬᠠᠭᠠᠨ᠂ 
       — ᠰᠠᠢᠨ ᠡᠴᠢᠭᠡ ᠶ᠋ᠢᠨ ᠭᠡᠷᠢᠶᠡᠰ ᠲᠦ᠍ ᠵᠣᠪᠠᠳᠠᠭ ᠰᠠᠢᠬᠠᠨ ᠦᠷ᠎ᠡ ᠶ᠋ᠢᠨ ᠰᠠᠨᠠᠭᠠᠨ ᠳ᠋ᠤ᠌ ᠲᠠᠯᠠᠷᠬᠠᠶ᠎ᠠ! ᠬᠠᠲᠠᠭᠠᠨ ᠠᠨᠳᠠ ᠮᠢᠨᠢ᠂ ᠪᠢᠳᠡᠨ ᠦ᠌ ᠮᠣᠷᠢᠳ ᠲᠤᠷᠠᠩᠬᠠᠢ᠂ ᠪᠡᠶ᠎ᠡ ᠴᠢᠳᠠᠯ ᠡᠴᠡᠩᠬᠡᠢ ᠪᠠᠢᠵᠤ ᠠᠬᠢᠨ ᠶᠡᠬᠡ ᠵᠠᠮ ᠢ᠋ ᠲᠤᠭᠤᠯᠤᠨ ᠬᠦᠷᠬᠦ ᠭᠡᠭᠰᠡᠭᠡᠷ ᠪᠠᠢᠲᠠᠯ᠎ᠠ ᠬᠥᠮᠦᠨ ᠮᠠᠯ ᠦᠭᠡᠢ ᠵᠦᠳᠡᠬᠦ ᠪᠢᠯᠡ᠃ ᠬᠠᠷᠢᠨ ᠢᠯᠳᠦ ᠪᠡᠨ ᠢᠷᠯᠡᠵᠦ᠂ ᠨᠤᠮᠤ ᠪᠠᠨ ᠡᠷᠴᠢᠯᠡᠵᠦ᠂ ᠪᠡᠶ᠎ᠡ ᠪᠡᠨ ᠲᠣᠢᠪᠤᠯᠠᠵᠤ ᠡᠪᠦᠯ ᠬᠠᠪᠤᠷ ᠤ᠋ᠨ ᠲᠠᠷᠴᠢᠭ ᠴᠠᠭ ᠢ᠋ ᠪᠠᠷᠠᠭᠠᠳ ᠨᠠᠮᠤᠷ ᠤ᠋ᠨ ᠨᠠᠯᠠᠭᠠᠷ ᠡᠳᠦᠷ ᠬᠥᠳᠡᠯᠬᠦ ᠨᠢ ᠵᠥᠪ ᠰᠠᠨᠠᠭᠳᠠᠨ᠎ᠠ ᠬᠡᠮᠡᠪᠡ᠃ ᠶᠢᠰᠦᠭᠡᠢ ᠬᠥᠪᠡᠭᠦᠨ᠂ 
       — ᠬᠠᠭᠠᠨ ᠠᠪᠠᠭ᠎ᠠ ᠶ᠋ᠢᠨ ᠦᠭᠡ ᠵᠥᠪ ᠰᠠᠨᠵᠢ᠃ ᠣᠳᠣ ᠠᠳᠬᠠᠵᠤ᠂ ᠡᠪᠳᠡᠷᠬᠡᠢ ᠨᠤᠮᠤ ᠲᠠᠢ᠂ ᠡᠴᠡᠩᠬᠡᠢ ᠮᠣᠷᠢ ᠲᠠᠢ ᠶᠠᠭᠠᠷᠠᠨ ᠪᠤᠴᠠᠬᠤ ᠨᠢ ᠲᠠᠲ᠋ᠠᠷ ᠲᠤ᠌ ᠢᠳᠡᠰᠢ ᠪᠣᠯᠬᠤ ᠶ᠋ᠢᠨ ᠳᠣᠬᠢᠶ᠎ᠠ ᠪᠢᠵᠡ! ᠭᠡᠯ᠎ᠡ᠃ ᠨᠣᠶᠠᠳ ᠳᠣᠣᠷ᠎ᠠ ᠳᠣᠣᠷ᠎ᠠ ᠪᠠᠨ ᠵᠥᠪᠰᠢᠶᠡᠷᠡᠭᠰᠡᠨ ᠦ᠌ ᠲᠡᠮᠳᠡᠭ ᠪᠣᠯᠭᠠᠨ ᠲᠣᠯᠣᠭᠠᠢ ᠳᠣᠬᠢᠵᠤ ᠪᠣᠢ ᠶ᠋ᠢ ᠦᠵᠡᠭᠡᠳ ᠠᠩᠬ᠎ᠠ ᠤᠳᠠᠭ᠎ᠠ ᠬᠠᠭᠠᠨ ᠬᠤᠷᠠᠯᠲᠠᠢ ᠳᠠᠮᠵᠢᠨ ᠡᠷᠬᠡᠰᠢᠶᠡᠬᠦ ᠰᠠᠨᠠᠯ ᠬᠡᠯᠡᠭᠰᠡᠨ ᠳ᠋ᠡᠭᠡᠨ ᠵᠠᠯᠠᠭᠤ ᠶᠢᠰᠦᠭᠡᠢ ᠤᠴᠢᠷ ᠦᠭᠡᠢ ᠪᠠᠶᠠᠷᠯᠠᠵᠠᠢ᠃ ᠳᠡᠭᠦᠦ ᠨᠣᠶᠠᠨ ᠤ᠋ ᠡᠨᠡ ᠬᠦ᠌ ᠬᠥᠷ ᠬᠥᠭᠵᠢᠶᠡᠨ ᠢ᠋ ᠪᠦᠭᠦᠳᠡ ᠡᠴᠡ ᠲᠦᠷᠦᠭᠦᠦ ᠮᠡᠳᠡᠷᠡᠭᠰᠡᠨ ᠬᠣᠲᠣᠯᠠ ᠬᠠᠭᠠᠨ᠂ 
       — ᠶᠢᠰᠦᠭᠡᠢ ᠪᠠᠭᠠᠲᠤᠷ ᠵᠥᠪ ᠬᠡᠯᠡᠪᠡ᠃ ᠬᠠᠷᠢᠨ ᠬᠠᠨ ᠬᠥᠪᠡᠭᠦᠨ ᠬᠡᠴᠢᠨᠡᠨ ᠪᠣᠯᠭᠣᠭᠠᠵᠤ᠂ ᠭᠠᠭᠴᠠ ᠬᠦ᠌ ᠶᠢᠰᠦᠨ ᠲᠠᠲ᠋ᠠᠷ ᠲᠠᠢ ᠪᠤᠰᠤ ᠠᠯᠲᠠᠨ ᠤᠯᠤᠰ ᠲᠠᠢ ᠲᠠᠩᠭᠠᠷᠢᠭ ᠲᠠᠰᠤᠷᠠᠵᠠᠢ ᠭᠡᠵᠦ ᠪᠣᠳᠣᠭᠲᠤᠨ! ᠲᠡᠳᠡ ᠡᠷᠲᠡ ᠡᠴᠡ ᠪᠢᠳᠡᠨ ᠢ᠋ ᠵᠠᠬᠢᠷᠬᠤ ᠭᠡᠵᠦ ᠮᠡᠷᠡᠢᠭᠰᠡᠨ ᠤᠯᠤᠰ! ᠮᠠᠨ ᠤ᠋ ᠣᠨ ᠤ᠋ ᠴᠣᠯᠠ ᠶ᠋ᠢ ᠬᠦᠷᠲᠡᠯ᠎ᠡ ᠮᠡᠳᠡᠵᠦ ᠣᠯᠭᠣᠬᠤ ᠭᠡᠵᠦ ᠮᠡᠷᠡᠢᠨ᠂ ᠮᠢᠨᠦ ᠬᠠᠭᠠᠨ ᠡᠴᠢᠭᠡ ᠳ᠋ᠦ᠍《ᠠᠤᠯᠠ ᠪᠤᠵᠢᠯᠠ》 ᠴᠣᠯᠠ ᠬᠦᠷᠲᠡᠭᠡᠬᠦ ᠶ᠋ᠢ ᠬᠦᠰᠡᠵᠦ ᠪᠠᠢᠭᠰᠠᠨ ᠭᠡᠳᠡᠭ᠃ ᠰᠡᠭᠦᠯ ᠳ᠋ᠦ᠍《ᠸᠠᠩ》 ᠬᠡᠷᠬᠡᠮ ᠠᠪᠴᠢᠷᠠᠭᠠᠳ ᠴᠤ᠌ ᠡᠴᠢᠭᠡ ᠬᠠᠭᠠᠨ ᠬᠡᠷᠡᠭᠰᠡᠭᠡ ᠦᠭᠡᠢ ᠪᠢᠯᠡ᠃ ᠴᠣᠯᠠ ᠪᠠᠷ ᠤᠷᠠᠬᠠᠳᠠᠬᠤ ᠭᠡᠳ ᠴᠢᠳᠠᠭ᠎ᠠ ᠦᠭᠡᠢ ᠶᠦᠮ᠃ ᠭᠦᠩᠵᠦ ᠪᠡᠷ ᠪᠤᠭᠤᠢᠯᠢᠳᠠᠬᠤ ᠭᠡᠳ ᠪᠠᠷᠠᠭ᠎ᠠ ᠦᠭᠡᠢ ᠶᠦᠮ᠃ ᠣᠳᠣ ᠲᠡᠳᠡ ᠴᠠᠭᠠᠨ ᠳ᠋ᠠᠭᠠᠨ ᠭᠠᠷᠴᠠᠢ ᠭᠡᠬᠦ ᠳ᠋ᠦ᠍ ᠬᠥᠩᠬᠥᠷ ᠬᠣᠷᠴᠢ ᠲᠡᠷᠲᠡᠭᠡ ᠬᠠᠶᠠᠭᠠᠨ ᠠ᠋ᠴᠠ ᠥᠨᠳᠡᠯᠵᠡᠨ ᠬᠣᠭᠣᠯᠠᠢ ᠵᠠᠰᠠᠵᠤ᠂ 
       — ᠬᠠᠭᠠᠨ ᠦᠨᠡᠨ ᠠᠢᠯᠠᠳᠪᠠ᠃ ᠬᠠᠮᠤᠭ ᠮᠣᠩᠭᠣᠯ ᠤ᠋ᠨ ᠬᠠᠭᠠᠨ ᠰᠠᠭᠤᠬᠤ ᠪᠦᠷᠢ ᠳ᠋ᠦ᠍ ᠠᠯᠲᠠᠨ ᠤᠯᠤᠰ ᠣᠨ ᠤ᠋ ᠴᠣᠯᠠ ᠬᠠᠢᠷᠠᠯᠠᠬᠤ ᠭᠡᠵᠦ ᠲᠦᠪᠴᠢᠬᠢᠨᠡᠳᠡᠭ ᠨᠢ ᠭᠡᠮ ᠪᠢᠰᠢ ᠵᠠᠩ! ᠲᠢᠶᠡᠨᠼᠠᠢ ᠯᠠ ᠭᠡᠨ᠎ᠡ᠂ ᠲᠢᠶᠡᠨᠹᠥ᠋ ᠯᠡ ᠭᠡᠨ᠎ᠡ᠂ ᠮᠢᠩᠱᠤᠤ ᠯᠠ ᠭᠡᠨ᠎ᠡ᠂ ᠲᠢᠶᠡᠨᠽᠡᠢ ᠯᠡ ᠭᠡᠨ᠎ᠡ᠂ ᠳ᠋ᠢᠩᠱᠧᠩ ᠯᠡ ᠭᠡᠨ᠎ᠡ᠂ ᠯᠣᠫᠠᠩ ᠯᠠ ᠭᠡᠨ᠎ᠡ᠂ ᠲᠢᠶᠡᠨᠰᠢᠩ ᠯᠡ ᠭᠡᠨ᠎ᠡ᠁ ᠣᠯᠠᠨ ᠯᠠ ᠴᠣᠯᠠ ᠨᠤᠭᠤᠳ! ᠬᠠᠮᠤᠭ ᠮᠣᠩᠭᠣᠯ ᠤ᠋ᠨ ᠬᠠᠭᠠᠨ ᠭᠦᠷᠦᠨ ᠦ᠌ ᠴᠣᠯᠠ ᠶ᠋ᠢ ᠶᠠᠭᠠᠬᠢᠬᠤ ᠪᠠᠷ ᠢ᠋ᠶ᠋ᠠᠨ ᠲᠡᠷᠡ ᠬᠥᠮᠦᠰ ᠵᠣᠬᠢᠶᠠᠵᠤ ᠰᠠᠭᠤᠳᠠᠭ ᠪᠠᠢᠨ᠎ᠠ ᠠ᠋᠃ ᠢᠯᠳᠦ ᠪᠠᠷᠢᠵᠤ ᠢᠷᠡᠭᠡ ᠦᠭᠡᠢ ᠴᠦ᠍᠂ ᠶᠡᠬᠡ ᠵᠠᠩ ᠢ᠋ᠶ᠋ᠠᠷ ᠥᠩᠭᠡᠢᠵᠦ ᠪᠠᠢᠭ᠎ᠠ ᠨᠢ ᠡᠨᠡ ᠪᠠᠢᠵᠠᠢ ᠭᠡᠬᠦ ᠳ᠋ᠦ᠍ ᠲᠦᠷᠦᠭᠦᠨ ᠡᠴᠡ ᠬᠣᠢᠰᠢ ᠪᠠᠷᠤᠭᠠᠷ ᠴᠢᠷᠠᠢᠯᠠᠵᠤ ᠰᠠᠭᠤᠭᠰᠠᠨ ᠨᠣᠶᠠᠳ ᠳᠣᠣᠷ᠎ᠠ ᠳᠣᠣᠷ᠎ᠠ ᠪᠠᠨ ᠫᠦᠭ ᠫᠦᠭ ᠢᠨᠢᠶᠡᠵᠦ᠂ ᠲᠦᠳᠡᠬᠡᠨ ᠳᠣᠲᠣᠷ᠎ᠠ ᠵᠠᠩᠭᠢᠷᠠᠵᠤ ᠠᠭᠰᠠᠨ ᠭᠣᠮᠣᠳᠠᠯ ᠰᠠᠷᠨᠢᠨ ᠶᠠᠷᠢᠶ᠎ᠠ ᠬᠥᠭᠡᠷᠦᠭᠡ ᠣᠨᠳᠣᠷᠴᠤ ᠠᠪᠠᠢ᠃ ᠡᠢᠨ ᠴᠡᠷᠢᠭ ᠡᠷᠡᠰ ᠦ᠋ᠨ ᠰᠡᠳᠬᠢᠯ ᠰᠡᠷᠭᠦᠵᠦ᠂ ᠬᠡᠢ ᠮᠣᠷᠢ ᠳᠠᠭᠤᠳᠠᠬᠤ ᠶᠡᠬᠡ ᠬᠤᠷᠢᠮ ᠦᠢᠯᠡᠳᠦᠨ ᠬᠣᠷᠠᠨ᠌ᠣᠨᠣᠭ ᠵᠢᠪᠣᠷ ᠤ᠋ᠨ ᠬᠥᠨᠳᠡᠢ ᠳ᠋ᠦ᠍ ᠶᠡᠬᠡ ᠪᠠᠶᠠᠷ ᠡᠬᠢᠯᠡᠪᠡ᠃ ᠡᠨᠡ ᠬᠤᠷᠢᠮ ᠳᠡᠭᠡᠷ᠎ᠡ ᠶᠢᠰᠦᠭᠡᠢ ᠰᠢᠭ ᠬᠥᠷ ᠪᠣᠯᠤᠭᠰᠠᠨ ᠬᠥᠮᠦᠨ ᠦᠭᠡᠢ ᠪᠢᠯᠡ᠃ ᠵᠠᠯᠠᠭᠤ ᠥᠭᠡᠯᠦᠨ ᠡᠵᠡᠨ ᠨᠣᠶᠠᠨ ᠢ᠋ᠶ᠋ᠠᠨ ᠲᠤᠰᠬᠤ ᠪᠠᠷ ᠬᠠᠮᠢᠭ᠎ᠠ ᠬᠣᠯᠠ ᠶ᠋ᠢᠨ ᠰᠡᠩᠬᠦᠷ ᠭᠣᠷᠣᠬᠠᠨ ᠠ᠋ᠴᠠ ᠬᠥᠲᠥᠯᠦᠭᠡ ᠮᠣᠷᠢ ᠲᠠᠢ ᠳᠣᠪᠲᠣᠯᠭᠠᠨ ᠢᠷᠡᠭᠰᠡᠨ ᠶᠠᠪᠤᠳᠠᠯ ᠨᠢᠭᠡᠨ ᠪᠠᠶᠠᠷ ᠪᠠᠢᠪᠠ᠃ ᠬᠣᠲᠣᠯᠠ ᠬᠠᠭᠠᠨ《ᠪᠠᠭᠠᠲᠤᠷ》 ᠴᠣᠯᠠ ᠶ᠋ᠢ ᠥᠪᠡᠷ ᠢ᠋ᠶ᠋ᠡᠨ ᠰᠣᠶᠣᠷᠬᠠᠵᠤ᠂ 
       — ᠶᠢᠰᠦᠭᠡᠢ ᠪᠠᠭᠠᠲᠤᠷ ᠵᠥᠪ ᠬᠡᠯᠡᠬᠦ ᠬᠡᠮᠡᠭᠰᠡᠨ ᠨᠢ ᠪᠠᠰᠠ ᠨᠢᠭᠡᠨ ᠡᠷᠬᠢᠮ ᠱᠠᠩᠨᠠᠯ ᠪᠠᠢᠪᠠ᠃ ᠡᠨᠡ ᠬᠢᠷᠢ ᠥᠭᠡᠯᠦᠨ ᠦᠵᠢᠨ ᠦ᠌ ᠭᠠᠷ ᠢ᠋ ᠨᠢᠳᠤᠷᠭ᠎ᠠ ᠳᠣᠲᠣᠷ᠎ᠠ ᠪᠠᠨ ᠲᠠᠰᠤ ᠠᠳᠬᠤᠨ ᠬᠦᠰᠡᠯ ᠪᠠᠳᠠᠷᠠᠭᠰᠠᠨ ᠬᠠᠷᠠᠴᠠ ᠪᠠᠷ ᠲᠠᠰᠤᠴᠢᠨ ᠠᠯᠲᠠᠨ ᠰᠢᠷᠳᠡᠵᠦ ᠪᠠᠢᠬᠤ ᠳ᠋ᠤ᠌᠂
       — ᠶᠢᠰᠦᠭᠡᠢ ᠪᠠᠭᠠᠲᠤᠷ᠂ ᠲᠠᠨ ᠤ᠋ ᠵᠣᠭᠣᠭ! ᠭᠡᠮᠡᠨ ᠬᠠᠭᠠᠨ ᠰᠠᠩ᠎ ᠠ᠋ᠴᠠ ᠮᠥᠩᠭᠥᠨ ᠴᠠᠷ᠎ᠠ ᠳᠡᠭᠡᠷ᠎ᠡ ᠲᠠᠯᠪᠢᠭᠰᠠᠨ ᠲᠠᠷᠭᠤᠨ ᠢᠷᠭᠡ ᠶ᠋ᠢᠨ ᠮᠢᠬ᠎ᠠ᠂ ᠴᠣᠵᠣᠭᠣᠷ ᠸᠠᠭᠠᠷ ᠲᠠᠢ ᠳᠠᠷᠠᠰᠤ᠂ ᠡᠷᠢᠶᠡᠨ ᠰᠥᠩ ᠲᠡᠢ ᠴᠡᠬᠡ ᠰᠡᠯᠲᠡ ᠢᠷᠡᠬᠦ ᠨᠢ ᠰᠢᠳᠠᠷ ᠰᠠᠢᠳ ᠤ᠋ᠨ ᠵᠡᠷᠭᠡ ᠳᠠᠪ ᠲᠤ᠌ ᠣᠷᠣᠭᠰᠠᠨ ᠤ᠋ ᠪᠠᠰᠠ ᠨᠢᠭᠡᠨ ᠪᠠᠶᠠᠷ ᠪᠠᠢᠪᠠ᠃ ᠶᠡᠷᠦ ᠤᠯᠠᠭ᠎ᠠ ᠪᠤᠲᠠᠷᠠᠭᠰᠠᠨ ᠴᠢᠷᠠᠢ ᠎ᠠ᠋ᠴᠠ ᠨᠢ ᠠᠵᠠ ᠵᠢᠷᠭᠠᠯ ᠤ᠋ᠨ ᠭᠡᠭᠡ ᠰᠠᠴᠤᠷᠠᠭᠰᠠᠨ ᠵᠠᠯᠠᠭᠤ ᠬᠠᠲᠤᠨ ᠤ᠋ ᠪᠠᠨ ᠳᠡᠷᠭᠡᠳᠡ᠂ 
       — ᠶᠢᠰᠦᠭᠡᠢ ᠪᠠᠭᠠᠲᠤᠷ᠂ ᠲᠠᠨ ᠤ᠋ ᠮᠣᠷᠢ᠁ 
       — ᠶᠢᠰᠦᠭᠡᠢ ᠪᠠᠭᠠᠲᠤᠷ᠂ ᠲᠠᠨ ᠢ᠋ ᠬᠠᠭᠠᠨᠲᠠᠨ ᠪᠠᠷᠠᠯᠬᠠᠨ᠎ᠠ ᠤᠤ ᠭᠡᠮᠡᠨ ᠠᠢᠯᠠᠳᠬᠠᠪᠠ ᠭᠡᠵᠦ ᠳᠠᠭᠤᠳᠠᠭᠤᠯᠬᠤ ᠨᠢ ᠬᠠᠮᠤᠭ ᠤ᠋ᠨ ᠭᠣᠣᠯ ᠪᠠᠶᠠᠷ ᠪᠠᠢᠪᠠ᠃  
       ᠶᠢᠰᠦᠭᠡᠢ ᠪᠠᠭᠠᠲᠤᠷ ᠵᠤᠨ ᠤ᠋ ᠨᠠᠷᠠᠨ ᠳ᠋ᠤ᠌ ᠣᠩᠭᠣᠵᠤ ᠭᠠᠩᠳᠠᠭᠰᠠᠨ ᠴᠠᠴᠠᠷ ᠢ᠋ᠶ᠋ᠠᠨ ᠨᠠᠢᠷ ᠤ᠋ᠨ ᠬᠥᠯ ᠡᠴᠡ ᠵᠠᠢᠳᠠᠭᠤᠬᠠᠨ ᠲᠡᠷᠯᠡᠨ᠂ ᠪᠠᠷ᠎ᠠ ᠪᠣᠯᠤᠭᠠᠴᠢ ᠨᠠᠷ ᠤ᠋ᠨ ᠢ᠋ᠶ᠋ᠠᠨ ᠮᠠᠢᠬᠠᠨ ᠢ᠋ ᠰᠠᠯᠬᠢᠨ ᠳᠣᠣᠷ᠎ᠠ ᠪᠠᠨ ᠪᠤᠰᠬᠠᠪᠠ᠃ ᠴᠢᠩᠭᠢᠭᠡᠳ ᠬᠡᠨ ᠬᠡᠨ ᠨᠢ ᠤᠴᠠᠷᠠᠭᠰᠠᠨ ᠤ᠋ ᠪᠠᠶᠠᠷ ᠤ᠋ᠨ ᠬᠤᠨᠳᠠᠭ᠎ᠠ ᠲᠣᠭᠲᠠᠭᠠᠵᠤ᠂ ᠳᠥᠷᠪᠡᠯᠵᠢᠨ ᠪᠤᠷᠠᠮ ᠰᠢᠭ᠋ ᠬᠥᠭᠡᠷᠦᠬᠦᠨ ᠠᠮᠢᠲᠠᠨ ᠢ᠋ᠶ᠋ᠠᠨ ᠡᠳᠦᠷᠵᠢᠨ ᠡᠷᠬᠡᠯᠡᠭᠦᠯᠵᠦ ᠵᠢᠷᠭᠠᠭᠠᠪᠠᠢ᠃ ᠥᠭᠡᠯᠦᠨ ᠰᠠᠨᠠᠭᠰᠠᠨ ᠰᠡᠳᠬᠢᠯ ᠦ᠋ᠨ ᠴᠠᠩᠭᠠᠭ᠎ᠠ ᠲᠠᠢᠯᠵᠤ᠂ ᠲᠠᠴᠢᠭᠢᠨᠠᠲᠠᠯ᠎ᠠ ᠢᠨᠢᠶᠡᠨ ᠱᠠᠭᠠᠢ ᠰᠢᠪᠰᠢᠨ᠎ᠡ᠃ ᠪᠤᠶᠠᠨ ᠬᠤᠷᠠᠭᠰᠠᠨ ᠶᠠᠭᠠᠨ ᠠᠯᠠᠭᠠᠨ ᠳ᠋ᠤᠨᠢ ᠶᠢᠰᠦᠭᠡᠢ ᠪᠠᠭᠠᠲᠤᠷ ᠤ᠋ᠨ ᠦᠨᠦᠷ ᠰᠢᠩᠭᠡᠭᠰᠡᠨ ᠳᠥᠷᠪᠡᠨ ᠴᠠᠭᠠᠨ ᠱᠠᠭᠠᠢ ᠮᠣᠷᠢ ᠵᠥᠩᠨᠡᠨ ᠬᠠᠷᠵᠢᠭᠢᠨᠠᠵᠤ ᠠᠪᠠᠢ᠃ ᠲᠦᠮᠡᠨ ᠨᠠᠰᠤᠨ ᠬᠡ ᠲᠡᠢ ᠣᠯᠪᠣᠭ ᠳᠡᠭᠡᠷ᠎ᠡ ᠰᠠᠯᠬᠢ ᠠᠮᠰᠠᠭᠤᠯᠤᠨ ᠰᠢᠳᠡᠬᠦ ᠳ᠋ᠦ᠍ ᠠᠵᠠ ᠶ᠋ᠢᠨ ᠳᠥᠷᠪᠡᠨ ᠪᠡᠷᠬᠡ ᠪᠠᠭᠤᠯ᠎ᠠ᠃ ᠥᠭᠡᠯᠦᠨ ᠪᠠᠶᠠᠷᠯᠠᠨ ᠳᠠᠭᠤ ᠠᠯᠳᠠᠵᠤ᠂ 
       — ᠮᠢᠨᠦ ᠨᠣᠶᠠᠨ ᠬᠡᠢ ᠮᠣᠷᠢ ᠲᠠᠢ ᠪᠠᠢᠨ᠎ᠠ ᠭᠡᠳ ᠬᠠᠢᠷ᠎ᠠ ᠭᠡᠷᠡᠯᠲᠦᠭᠰᠡᠨ ᠨᠢᠳᠦ ᠪᠡᠷ ᠬᠠᠷᠠᠬᠤ ᠳ᠋ᠤ᠌ ᠶᠢᠰᠦᠭᠡᠢ ᠪᠠᠭᠠᠲᠤᠷ ᠢᠯᠳᠦᠨ ᠦ᠌ ᠡᠰᠢᠨ ᠳ᠋ᠦ᠍ ᠡᠪᠡᠷᠰᠢᠭᠰᠡᠨ ᠲᠣᠮᠣ ᠭᠠᠷ ᠢ᠋ᠶ᠋ᠠᠷ ᠱᠠᠭᠠᠢ ᠶ᠋ᠢ ᠬᠠᠮᠤᠨ ᠠᠳᠬᠤᠵᠤ᠂ 
       — ᠠᠵᠠ ᠶ᠋ᠢᠨ ᠳᠥᠷᠪᠡᠨ ᠪᠡᠷᠬᠡ ᠪᠠᠭᠤᠵᠤ ᠰᠣᠶᠣᠷᠬ᠎ᠠ! ᠭᠡᠮᠡᠨ ᠬᠠᠶᠠᠯ᠎ᠠ᠃ ᠲᠡᠭᠦᠰᠬᠡᠯ ᠦᠭᠡᠢ ᠮᠥᠩᠬᠡ ᠦᠷᠭᠦᠯᠵᠢᠯᠡᠬᠦ ᠶ᠋ᠢᠨ ᠪᠡᠯᠭᠡᠳᠡᠯ ᠲᠦᠮᠡᠨ ᠨᠠᠰᠤᠨ ᠬᠡ ᠲᠡᠢ ᠣᠯᠪᠣᠭ ᠳᠡᠭᠡᠷ᠎ᠡ ᠳᠥᠷᠪᠡᠨ ᠬᠦᠯᠦᠭ ᠪᠣᠰᠤᠭ᠎ᠠ ᠪᠠᠭᠤᠵᠤ ᠦᠦᠷᠰᠡᠨ ᠰᠢᠯᠭᠡᠭᠡᠬᠦ ᠰᠢᠭ ᠰᠠᠨᠠᠭᠳᠠᠪᠠ ᠠ᠋᠃ ᠪᠠᠶᠠᠷ ᠨᠢ ᠪᠠᠭᠲᠠᠵᠤ ᠶᠠᠳᠠᠭᠰᠠᠨ ᠶᠢᠰᠦᠭᠡᠢ᠂ 
       — ᠢᠷ᠎ᠡ ᠬᠤᠷᠤᠢ! ᠭᠡᠮᠡᠨ ᠴᠠᠴᠠᠷ ᠳᠡᠷᠪᠡᠲᠡᠯ᠎ᠡ ᠬᠠᠰᠬᠢᠷᠤᠭᠰᠠᠨ ᠢ᠋ᠶ᠋ᠠᠨ ᠵᠠᠯᠠᠭᠤ ᠬᠠᠲᠤᠨ ᠤ᠋ ᠬᠠᠯᠠᠭᠤᠨ ᠭᠠᠷ ᠢ᠋ ᠲᠠᠰᠤ ᠠᠳᠬᠤᠵᠤ ᠠᠳᠤᠭᠤᠨ ᠴᠠᠭᠠᠨ ᠰᠢᠳᠦ ᠪᠡᠨ ᠢᠷᠠᠯᠵᠠᠭᠤᠯᠤᠨ ᠢᠨᠢᠶᠡᠳᠦ ᠠᠯᠳᠠᠭᠠᠳ᠂ 
       — ᠮᠣᠭᠠᠢ ᠵᠢᠯ ᠦ᠋ᠨ ᠰᠡᠭᠦᠯ ᠳᠡᠭᠡᠷ᠎ᠡ᠂ ᠮᠣᠷᠢᠨ ᠵᠢᠯ ᠦ᠋ᠨ ᠲᠣᠯᠣᠭᠠᠢ ᠨᠠᠭᠠᠰᠢᠯᠠᠬᠤ ᠦᠶ᠎ᠡ ᠪᠡᠷ ᠮᠣᠷᠢ ᠪᠠᠭᠤᠬᠤ ᠨᠢ ᠪᠠᠶᠠᠷ ᠪᠤᠰᠤ ᠤᠤ? ᠡᠨᠡ ᠠᠢᠰᠤᠢ ᠵᠢᠷᠭᠠᠯ ᠤ᠋ᠨ ᠠᠵᠠ ᠰᠢᠪᠡᠨᠡᠭᠰᠡᠨ ᠵᠦᠩ ᠪᠢᠵᠡ ᠠ᠋ ᠭᠡᠳ ᠬᠠᠲᠤᠨ ᠤ᠋ ᠵᠤᠯᠠᠭᠰᠠᠨ ᠬᠥᠪᠥᠩ ᠰᠢᠭ ᠴᠠᠭᠠᠨ ᠬᠡᠩᠬᠦᠳᠡᠭ ᠲᠦ᠍ ᠬᠣᠰᠢᠭᠤ ᠪᠠᠨ ᠰᠢᠭᠢᠳᠬᠡᠬᠦ ᠳ᠋ᠦ᠍ ᠭᠡᠳᠡᠭᠡ ᠨᠢ ᠬᠦᠷᠦᠭᠰᠡᠨ ᠪᠦᠰᠡᠭᠦᠢ ᠡᠷᠬᠡᠯᠡᠩᠭᠦᠢ ᠳᠠᠭᠤ ᠪᠠᠷ ᠵᠢᠩ ᠵᠢᠩ ᠢᠨᠢᠶᠡᠵᠡᠢ᠃ ᠦᠷ ᠦ᠋ᠨ ᠰᠦᠨ ᠴᠠᠭᠠᠨ ᠭᠡᠭᠡᠨ ᠳᠣᠣᠷ᠎ᠠ ᠬᠣᠷᠬᠣᠨᠣᠭ ᠵᠢᠪᠣᠷ ᠤ᠋ᠨ ᠠᠭᠤᠵᠢᠮ ᠬᠥᠨᠳᠡᠢ ᠪᠤᠶᠠᠨ ᠲᠠᠢ ᠪᠤᠭᠤᠷᠤᠯ ᠰᠢᠭ᠋ ᠨᠠᠯᠠᠢᠵᠤ᠂ ᠦᠶ᠎ᠡ ᠶ᠋ᠢᠨ ᠦᠶ᠎ᠡ ᠳ᠋ᠦ᠍ ᠳᠠᠬᠢᠵᠤ ᠢᠷᠡᠭᠰᠡᠨ ᠰᠠᠭᠯᠠᠭᠠᠷ ᠮᠣᠳᠣᠨ ᠤ᠋ ᠲᠦᠮᠡᠨ ᠰᠠᠯᠠᠭ᠎ᠠ ᠮᠥᠴᠢᠷ ᠲᠦ᠍ ᠪᠤᠮᠠᠨ ᠪᠣᠯᠵᠣᠮᠣᠷ ᠵᠢᠷᠭᠢᠨ ᠱᠤᠯᠤᠭᠠᠨᠠᠯᠳᠤᠵᠤ ᠪᠡᠶ᠎ᠡ ᠪᠡᠶ᠎ᠡ ᠳ᠋ᠡᠭᠡᠨ ᠦᠦᠬᠡ ᠲᠡᠦᠬᠡ ᠬᠦᠦᠷᠨᠢᠯᠳᠦᠵᠦ ᠠᠪᠠᠢ ᠠ᠋᠃ ᠪᠠᠶᠠᠷ ᠬᠣᠷᠢᠮᠣᠰ ᠤ᠋ᠨ ᠶᠡᠬᠡ ᠳ᠋ᠦ᠍ ᠶᠠᠳᠠᠷᠠᠨ ᠨᠣᠢᠷᠰᠤᠵᠤ ᠤᠬᠠᠭᠠᠨ ᠦᠭᠡᠢ ᠤᠨᠲᠠᠭᠰᠠᠨ ᠬᠠᠭᠠᠨ ᠬᠦᠷᠢᠶ᠎ᠡ ᠨᠠᠮ ᠭᠦᠮ ᠪᠢᠯᠡ᠃ ᠬᠣᠯᠠ ᠶ᠋ᠢᠨ ᠬᠣᠯᠠ ᠳ᠋ᠤ᠌ ᠬᠠᠷᠠᠭᠤᠯ ᠤ᠋ᠨ ᠮᠣᠷᠢᠲᠠᠨ ᠪᠦᠷᠦᠯᠵᠡᠵᠦ᠂ ᠬᠣᠨᠣᠭ ᠤ᠋ᠨ ᠭᠠᠵᠠᠷ ᠲᠤ᠌ ᠪᠠᠶᠠᠷ ᠤ᠋ᠨ ᠴᠡᠩᠬᠡᠷ ᠤᠨᠢᠶᠠᠷ ᠰᠤᠭᠤᠨᠠᠭᠯᠠᠬᠤ ᠠᠵᠢ᠃ ᠮᠥᠩᠬᠡ ᠲᠩᠷᠢ ᠶ᠋ᠢᠨ ᠲᠠᠯᠠᠮᠠᠨ ᠴᠡᠩᠬᠡᠷ ᠬᠠᠶᠠᠭᠠᠨ᠎ᠠ ᠮᠣᠷᠢᠨ ᠴᠠᠭᠠᠨ ᠡᠭᠦᠯᠡ ᠬᠤᠷᠠᠯᠳᠤᠨ ᠪᠡᠶ᠎ᠡ ᠶ᠋ᠢ ᠣᠯᠤᠭᠠᠳ ᠮᠢᠩᠭᠠᠨ ᠦᠶ᠎ᠡ ᠶ᠋ᠢᠨ ᠰᠢᠲᠦᠭᠡᠨ ᠰᠠᠭᠯᠠᠭᠠᠷ ᠮᠣᠳᠣᠨ ᠤ᠋ ᠣᠷᠣᠢ ᠠᠳᠢᠰᠯᠠᠬᠤ ᠪᠠᠷ ᠭᠡᠭᠡᠨ ᠰᠣᠶᠣᠷᠬᠠᠯ ᠤ᠋ᠨ ᠰᠠᠯᠬᠢᠨ ᠳ᠋ᠤ᠌ ᠵᠤᠭᠤᠤᠬᠠᠨ ᠨᠡᠭᠦᠵᠦ ᠠᠢᠰᠤᠬᠤ ᠪᠥᠯᠥᠭᠡ᠃ ᠶᠡᠷᠦ ᠡᠪ ᠡᠶ᠎ᠡ ᠪᠡᠷ ᠴᠢᠭᠤᠯᠤᠭᠰᠠᠨ ᠶᠡᠬᠡ ᠣᠪᠣᠭ ᠤ᠋ᠨ ᠪᠠᠶᠠᠷ ᠤ᠋ᠨ ᠣᠳᠣ ᠬᠠᠷᠪᠤᠭᠰᠠᠨ ᠮᠠᠩᠨᠠᠢ ᠳᠡᠭᠡᠷ᠎ᠡ ᠬᠡᠢ ᠮᠣᠷᠢ ᠶ᠋ᠢᠨ ᠴᠢᠭᠤᠯᠭᠠᠨ ᠬᠤᠷᠠᠯᠳᠤᠨ ᠬᠤᠷᠠᠯᠳᠤᠭᠰᠠᠭᠠᠷ ᠨᠠᠷᠠ ᠲᠠᠢ ᠵᠣᠯᠭᠠᠪᠠ᠃ ᠨᠠᠮᠤᠷ ᠤ᠋ᠨ ᠡᠬᠢᠨ ᠰᠠᠷ᠎ᠠ ᠶ᠋ᠢᠨ ᠪᠣᠯᠣᠷ ᠲᠤᠩᠭᠠᠯᠠᠭ ᠥᠷᠯᠥᠭᠡ ᠲᠣᠷᠭᠠᠨ ᠴᠠᠴᠠᠷ ᠤ᠋ᠨ ᠳᠥᠷᠪᠡᠨ ᠥᠨᠴᠥᠭ ᠲᠦ᠍ ᠵᠡᠭᠦᠭᠰᠡᠨ ᠮᠥᠩᠭᠥᠨ ᠬᠡᠯᠡ ᠠᠶᠠᠷᠬᠠᠨ ᠵᠢᠩᠭᠢᠨᠡᠬᠦ ᠨᠢ ᠬᠡᠦᠬᠡᠳ ᠦ᠋ᠨ ᠪᠣᠢᠲᠣᠭ ᠲᠤ᠌ ᠬᠠᠲᠠᠭᠰᠠᠨ ᠬᠣᠩᠬᠣᠨ ᠤ᠋ ᠴᠢᠮᠡᠭᠡ ᠪᠣᠯᠤᠨ ᠰᠣᠨᠣᠰᠳᠠᠵᠤ ᠥᠭᠡᠯᠦᠨ ᠥᠵᠢᠨ ᠢ᠋ ᠪᠠᠶᠠᠰᠬᠠᠵᠤ ᠪᠥᠯᠥᠭᠡ᠃ ᠲᠡᠷᠡ ᠪᠡᠷ ᠠᠮᠲᠠᠲᠤ ᠵᠡᠭᠦᠳᠦᠨ ᠳ᠋ᠡᠭᠡᠨ ᠬᠠᠭᠤᠷᠲᠠᠵᠤ ᠬᠡᠦᠬᠡᠳ ᠮᠡᠲᠦ ᠦᠨᠡᠭᠡᠴᠢᠯᠡᠨ ᠠᠬᠤᠢ ᠳ᠋ᠤ᠌ ᠬᠣᠶᠠᠷ ᠬᠠᠴᠠᠷ ᠲᠤᠨᠢ ᠠᠷᠪᠠᠢ ᠲᠣᠭᠲᠠᠮ᠎ᠠ ᠬᠥᠭᠡᠷᠦᠬᠦᠨ ᠬᠣᠩᠬᠣᠷᠬᠠᠢ ᠡᠭᠦᠰᠬᠦ ᠠᠵᠤᠭᠤ᠃ ᠶᠢᠰᠦᠭᠡᠢ ᠰᠡᠷᠡᠭᠰᠡᠨ ᠬᠡᠳᠦᠢ ᠴᠦ᠍ ᠡᠯ᠎ᠡ ᠪᠠᠶᠠᠷ ᠪᠠᠶᠠᠰᠬᠤᠯᠠᠩ ᠢ᠋ ᠰᠠᠷᠨᠢᠴᠢᠬᠠᠬᠤ ᠪᠣᠢ ᠭᠡᠮᠡᠨ ᠵᠠᠯᠠᠭᠤ ᠬᠠᠲᠤᠨ ᠢ᠋ᠶ᠋ᠠᠨ ᠥᠬᠥᠭᠡᠷᠳᠡᠨ ᠬᠠᠢᠷᠠᠯᠠᠭᠰᠠᠨ ᠬᠠᠷᠠᠴᠠ ᠪᠠᠷ ᠬᠠᠷᠠᠵᠤ ᠬᠡᠪᠲᠡᠪᠡ᠃ ᠥᠭᠡᠯᠦᠨ ᠦ᠌ ᠶᠠᠭᠠᠨ ᠤᠷᠤᠭᠤᠯ ᠦᠯᠦ ᠮᠡᠳᠡᠭ ᠴᠡᠴᠡᠷᠡᠬᠢᠯᠡᠵᠦ ᠨᠢᠭᠡ ᠶ᠋ᠢ ᠥᠭᠦᠯᠡᠭᠰᠡᠨ ᠢ᠋ᠶ᠋ᠡᠨ ᠠᠬᠢᠭᠠᠳ ᠠᠷᠠᠢ ᠴᠢᠩᠭ᠎ᠠ ᠪᠠᠷ᠂ 
       — ᠮᠢᠨᠦ ᠬᠦᠦ᠁ ᠮᠢᠨᠦ ᠬᠦᠦ᠁ ᠭᠡᠵᠦ ᠠᠶᠠᠷᠬᠠᠨ ᠳᠠᠭᠤᠳᠠᠭᠰᠠᠨ ᠢ᠋ᠶ᠋ᠠᠨ᠂ 
       — ᠮᠢᠨᠦ ᠬᠦᠦ! ᠭᠡᠮᠡᠨ ᠪᠣᠰᠴᠤ ᠢᠷᠡᠯ᠎ᠡ᠃ ᠵᠠᠯᠠᠭᠤ ᠬᠠᠲᠤᠨ ᠡᠷ᠎ᠡ ᠨᠥᠬᠥᠷ ᠦ᠋ᠨ ᠢ᠋ᠶ᠋ᠡᠨ ᠪᠤᠭᠤᠯᠤᠭ ᠢ᠋ ᠬᠥᠬᠡᠷᠡᠲᠡᠯ᠎ᠡ ᠪᠠᠵᠠᠨ ᠥᠨᠳᠡᠢᠭᠰᠡᠨ ᠢ᠋ᠶ᠋ᠡᠨ ᠰᠠᠶᠢ ᠦᠵᠡᠵᠦ ᠪᠣᠢ ᠮᠡᠲᠦ ᠨᠢᠭᠡ ᠶᠡᠬᠡ ᠲᠣᠮᠣ ᠬᠠᠷᠠᠭᠠᠳ᠂ 
       — ᠪᠢ ᠵᠡᠭᠦᠳᠦᠯᠡᠪᠡ ᠬᠡᠮᠡᠬᠦ ᠳ᠋ᠦ᠍ ᠶᠠᠭᠤ ᠵᠡᠭᠦᠳᠦᠯᠡᠭᠰᠡᠨ ᠢ᠋ ᠨᠢ ᠨᠢᠳᠦᠨ ᠡᠴᠡ ᠨᠢ ᠬᠠᠷᠠᠭᠰᠠᠨ ᠶᠢᠰᠦᠭᠡᠢ᠂ 
       — ᠢᠷᠦᠭᠡᠯ ᠢ᠋ᠶ᠋ᠡᠷ ᠪᠣᠯᠤᠭ! ᠭᠡᠮᠡᠨ ᠳᠤᠬᠤᠨ ᠳᠡᠭᠡᠷ᠎ᠡ ᠨᠢ ᠦᠨᠦᠷᠯᠡᠵᠦ ᠠᠪᠠᠢ᠃ ᠲᠡᠳᠡ ᠥᠨᠥᠳᠥᠷ ᠵᠦᠭ ᠵᠦᠭ ᠲᠡᠢᠰᠢ ᠬᠦᠯᠦᠭ ᠦ᠋ᠨ ᠵᠢᠯᠣᠭᠣ ᠵᠠᠯᠠᠬᠤ ᠤᠴᠢᠷ ᠲᠠᠢ ᠪᠠᠢᠪᠠ᠃ ᠡᠢᠨ ᠨᠠᠷᠠ ᠬᠠᠨ᠎ᠠ ᠶ᠋ᠢᠨ ᠲᠣᠯᠣᠭᠠᠢ ᠰᠢᠭᠦᠷᠡᠬᠦ ᠦᠶᠡᠰ ᠶᠡᠬᠡ ᠪᠦᠷᠢᠶ᠎ᠡ ᠬᠦᠩᠭᠢᠨᠡᠨ ᠳᠠᠭᠤᠳᠠᠵᠤ᠂ ᠶᠡᠬᠡ ᠬᠡᠩᠭᠡᠷᠭᠡ ᠨᠦᠷᠭᠢᠯᠡᠨ ᠤᠷᠢᠶᠠᠯᠠᠵᠤ᠂ ᠨᠠᠢ᠍ᠮᠠᠨ ᠨᠠᠰᠤᠲᠠᠢ ᠪᠠᠯᠴᠢᠷ ᠎ᠠ᠋ᠴᠠ ᠨᠠᠶᠠᠨ ᠨᠠᠰᠤᠲᠠᠢ ᠬᠥᠭᠰᠢᠳ ᠰᠠᠭᠯᠠᠭᠠᠷ ᠮᠣᠳᠣᠨ ᠰᠢᠲᠦᠭᠡᠨ ᠢ᠋ᠶ᠋ᠡᠨ ᠲᠣᠭᠣᠷᠢᠨ ᠴᠤᠭᠯᠠᠷᠠᠪᠠ᠃ ᠬᠣᠲᠣᠯᠠ ᠬᠠᠭᠠᠨ ᠤ᠋ ᠠᠯᠲᠠᠨ ᠲᠠᠷᠮᠠᠨ ᠠ᠋ᠴᠠ ᠡᠨᠡ ᠬᠢᠷᠢ ᠶᠣᠰᠣᠯᠠᠯ ᠲᠡᠭᠦᠯᠳᠡᠷ ᠶᠡᠬᠡ ᠴᠤᠪᠤᠭ᠎ᠠ ᠵᠤᠭᠤᠤᠬᠠᠨ ᠨᠠᠭᠠᠰᠢᠯᠠᠵᠤ᠂ ᠮᠣᠩᠭᠣᠯ ᠣᠪᠣᠭ ᠢ᠋ ᠨᠥᠮᠥᠷᠢᠯᠡᠵᠦ ᠠᠭᠰᠠᠨ᠂ ᠡᠪᠦᠷᠯᠡᠵᠦ ᠥᠰᠬᠡᠭᠰᠡᠨ ᠡᠪᠦᠭᠡᠨ ᠴᠠᠷᠠᠰᠤᠨ ᠤ᠋ ᠳᠣᠣᠷ᠎ᠠ ᠪᠦᠲᠦᠨ ᠢᠷᠭᠡ ᠶ᠋ᠢᠨ ᠮᠢᠬ᠎ᠠ ᠲᠠᠯᠪᠢᠵᠤ᠂ ᠰᠦ ᠴᠡᠬᠡ ᠲᠡᠷᠢᠭᠦᠲᠦ ᠶᠢᠰᠦᠨ ᠴᠠᠭᠠᠨ ᠤ᠋ ᠳᠡᠭᠡᠵᠢ ᠡᠷᠭᠦᠪᠡ᠃ ᠴᠢᠩᠭᠢᠭᠡᠳ ᠬᠣᠲᠣᠯᠠ ᠬᠠᠭᠠᠨ ᠲᠡᠷᠢᠭᠦᠯᠡᠵᠦ᠂ ᠬᠦᠨᠳᠦ ᠡᠪᠡᠳᠴᠢᠨ ᠳ᠋ᠦ᠍ ᠨᠡᠷᠪᠡᠭᠳᠡᠭᠰᠡᠨ ᠬᠡᠳᠦᠢ ᠴᠦ᠍ ᠶᠣᠰᠣ ᠶ᠋ᠢ ᠬᠦᠨᠳᠦᠯᠡᠵᠦ ᠪᠦᠰᠡ ᠶ᠋ᠢ ᠪᠦᠰᠡᠯᠡᠵᠦ ᠢᠷᠡᠭᠰᠡᠨ ᠪᠡᠷᠲᠡᠨ ᠨᠣᠶᠠᠨ ᠳᠠᠷᠠᠭᠠᠯᠠᠨ᠂ ᠮᠡᠩᠬᠢᠲᠦ ᠬᠢᠶᠠᠨ᠂ ᠨᠡᠭᠦᠨ ᠲᠠᠢᠵᠢ᠂ ᠶᠢᠰᠦᠭᠡᠢ ᠪᠠᠭᠠᠲᠤᠷ᠂ ᠪᠦᠷᠢᠪᠥ᠋ᠬᠡ᠂ ᠶᠡᠬᠡ ᠴᠡᠷᠡᠨ ᠤᠳᠠᠭᠠᠯᠠᠨ ᠦᠷ᠎ᠡ ᠳᠠᠮᠵᠢᠭᠰᠠᠨ ᠰᠢᠲᠦᠭᠡᠨ ᠰᠠᠭᠯᠠᠭᠠᠷ ᠮᠣᠳᠣᠨ ᠳ᠋ᠠᠭᠠᠨ ᠶᠢᠰᠦᠨᠲᠡ ᠮᠥᠷᠭᠥᠵᠦ ᠶᠢᠰᠦᠨᠲᠡ ᠰᠠᠴᠤᠯᠢ ᠰᠠᠴᠤᠨ ᠶᠣᠰᠣᠯᠠᠪᠠ᠃ ᠴᠢᠩᠭᠢᠭᠡᠳ ᠬᠣᠲᠣᠯᠠ ᠬᠠᠭᠠᠨ ᠬᠡᠵᠢᠶ᠎ᠡ ᠨᠢᠭᠡᠨ ᠴᠠᠭ ᠲᠤ᠌ ᠬᠡᠨ ᠨᠢᠭᠡᠨ ᠮᠣᠩᠭᠣᠯ ᠬᠢᠵᠦ ᠤᠷᠠᠯᠠᠭᠰᠠᠨ ᠲᠣᠮᠣ ᠮᠣᠳᠣᠨ ᠲᠠᠯᠪᠢᠭᠤᠷ ᠤ᠋ᠨ ᠲᠣᠰᠣ ᠳᠠᠭᠠᠭᠠᠬᠤ ᠢᠷᠮᠡᠭ ᠡᠴᠡ ᠠᠳᠢᠰ ᠠᠪᠤᠯ᠎ᠠ᠃ ᠨᠠᠮ ᠭᠦᠮ ᠦ᠋ᠨ ᠳᠤᠮᠳᠠ ᠠ᠋ᠴᠠ᠂ 
       — ᠬᠤᠷᠤᠢ᠁ ᠬᠤᠷᠤᠢ᠁ ᠬᠤᠷᠤᠢ᠁ ᠭᠡᠬᠦ ᠨᠦᠷᠬᠢᠶᠡᠨ ᠵᠤᠭᠤᠤᠬᠠᠨ ᠡᠬᠢᠯᠡᠵᠦ᠂ ᠶᠠᠭᠤᠬᠠᠨ ᠴᠢᠩᠭᠠᠷᠠᠭᠰᠠᠭᠠᠷ ᠬᠣᠷᠬᠣᠨᠠᠭ ᠵᠢᠪᠤᠷ ᠤ᠋ᠨ ᠬᠥᠨᠳᠡᠢ ᠳᠠᠶᠠᠭᠠᠷ ᠴᠤᠤᠷᠢᠶᠠᠲᠤᠨ᠂ ᠮᠣᠷᠢᠨ ᠴᠠᠭᠠᠨ ᠡᠭᠦᠯᠡᠰ ᠦ᠋ᠨ ᠣᠷᠣᠨ ᠳ᠋ᠤ᠌ ᠣᠴᠢᠵᠤ ᠰᠢᠩᠭᠡᠪᠡ᠃ ᠠᠬᠢᠭᠠᠳ ᠠᠵᠢᠨ ᠳᠥᠵᠢᠨ ᠪᠣᠯᠬᠤ ᠳ᠋ᠤ᠌ ᠬᠣᠲᠣᠯᠠ ᠬᠠᠭᠠᠨ᠂ 
       — ᠢᠵᠢᠢ ᠮᠣᠳᠣ ᠪᠠᠨ ᠡᠷᠭᠢᠵᠦ ᠴᠢᠭᠤᠯᠤᠭᠰᠠᠨ ᠲᠦᠮᠡᠨ ᠣᠯᠠᠨ ᠰᠣᠨᠣᠰᠤᠭᠲᠤᠨ! ᠮᠢᠨᠦ ᠡᠴᠢᠭᠡ ᠬᠠᠪᠤᠯ ᠬᠠᠭᠠᠨ ᠬᠠᠮᠤᠭ ᠮᠣᠩᠭᠣᠯ ᠢ᠋ᠶ᠋ᠠᠨ ᠭᠡᠭᠰᠡᠭᠡᠷ ᠡᠴᠦᠰ ᠦ᠋ᠨ ᠠᠮᠢᠰᠬᠤᠯ ᠢ᠋ᠶ᠋ᠠᠨ ᠡᠨᠡ ᠯᠡ ᠪᠢᠳᠡᠨ ᠦ᠌ ᠲᠥᠯᠥᠭᠡ ᠲᠠᠲᠠᠪᠠ᠃ ᠮᠢᠨᠦ ᠠᠬ᠎ᠠ ᠥᠬᠢᠨᠪᠠᠷᠬᠠᠭ᠂ ᠮᠢᠨᠦ ᠳᠡᠭᠦᠦ ᠬᠠᠲᠠᠭᠠᠨ᠂ ᠲᠣᠳᠣᠢᠨ ᠬᠣᠶᠠᠷ ᠡᠬᠡ ᠨᠤᠲᠤᠭ᠂ ᠡᠯᠢᠭᠡᠨ ᠰᠠᠳᠤᠨ ᠭᠡᠵᠦ ᠶᠠᠪᠤᠭᠰᠠᠭᠠᠷ ᠶᠢᠰᠦᠨ ᠲᠠᠲ᠋ᠠᠷ ᠤ᠋ᠨ ᠮᠡᠰᠡᠨ ᠢᠷ ᠲᠦ᠍ ᠠᠮᠢ ᠦᠷᠡᠭᠳᠡᠯ᠎ᠡ᠃ ᠦᠰ ᠢ᠋ ᠥᠰᠢᠵᠦ᠂ ᠬᠢᠰᠠᠯ ᠢ᠋ ᠬᠢᠰᠠᠵᠤ ᠲᠠᠲ᠋ᠠᠷ᠎ᠠ᠋ᠴᠠ ᠶᠠᠯ᠎ᠠ ᠠᠰᠠᠭᠤᠬᠤ ᠪᠠᠷ ᠮᠣᠷᠳᠠᠭᠰᠠᠨ ᠬᠤᠲᠤᠭᠲᠤ ᠵᠠᠩᠵᠤᠨ ᠠᠬ᠎ᠠ ᠮᠢᠨᠢ ᠢᠯᠳᠦᠨ ᠦ᠌ ᠢᠷ ᠲᠦ᠍ ᠥᠷᠲᠥᠵᠦ᠂ ᠢᠷᠡᠬᠦ ᠦᠭᠡᠢ ᠠᠯᠤᠰ ᠲᠤ᠌ ᠮᠥᠩᠬᠡᠷᠡᠪᠡ᠃ ᠢᠵᠢᠢ ᠮᠣᠳᠣ ᠪᠠᠨ ᠡᠷᠭᠢᠵᠦ ᠴᠢᠭᠤᠯᠤᠭᠰᠠᠨ ᠲᠦᠮᠡᠨ ᠣᠯᠠᠨ ᠰᠣᠨᠣᠰᠤᠭᠲᠤᠨ! ᠭᠡᠵᠦ ᠠᠢᠯᠠᠳᠤᠯ᠎ᠠ᠃ ᠴᠢᠩᠭᠢᠬᠦ ᠳ᠋ᠦ᠍ ᠪᠥᠷᠢᠪᠦ᠋ᠬᠡ ᠪᠣᠰᠴᠤ᠂ 
       — ᠮᠢᠨᠦ ᠨᠣᠶᠠᠨ ᠡᠴᠢᠭᠡ ᠬᠤᠲᠤᠭᠲᠤ ᠵᠠᠩᠵᠤᠨ ᠦᠭᠡᠢ ᠪᠣᠯᠪᠠ᠂ ᠠᠯᠲᠠ ᠪᠡᠶ᠎ᠡ ᠨᠢ ᠪᠠᠭᠲᠠᠬᠤ ᠭᠠᠵᠠᠷ ᠦᠭᠡᠢ ᠳ᠋ᠡᠭᠡᠨ ᠠᠢᠯ ᠤ᠋ᠨ ᠨᠤᠲᠤᠭ ᠲᠤ᠌ ᠣᠩᠭᠣᠯᠠᠭᠰᠠᠨ ᠶᠤᠮ ᠪᠢᠰᠢ᠃ ᠥᠪᠡᠷ ᠦ᠋ᠨ ᠨᠤᠲᠤᠭ ᠤ᠋ᠨ ᠰᠢᠪᠠ ᠪᠣᠯᠭᠠᠵᠤ᠂ ᠥᠷᠯᠥᠭ ᠡᠴᠢᠭᠡ ᠶ᠋ᠢᠨ ᠱᠠᠷᠢᠯ ᠢ᠋ ᠶᠢᠰᠦᠨ ᠲᠠᠲ᠋ᠠᠷ ᠤ᠋ᠨ ᠥᠷᠥᠴᠡ ᠨᠤᠲᠤᠭ ᠲᠤ᠌ ᠣᠩᠭᠣᠯᠠᠭᠰᠠᠨ ᠪᠣᠯᠤᠨ᠎ᠠ! ᠭᠡᠬᠦ ᠳ᠋ᠦ᠍ ᠣᠯᠠᠨ ᠢ᠋ᠶ᠋ᠠᠷ ᠢ᠋ᠶ᠋ᠠᠨ ᠳᠦᠷᠬᠢᠷᠡᠨ ᠱᠤᠤᠭᠢᠵᠤ᠂ ᠳᠠᠮᠵᠢᠨ ᠬᠥᠬᠢᠵᠦ ᠠᠪᠠᠢ᠃ ᠬᠣᠲᠠᠯᠠ ᠬᠠᠭᠠᠨ ᠭᠠᠷ ᠢ᠋ᠶ᠋ᠠᠨ ᠡᠷᠭᠦᠨ ᠴᠢᠮᠡᠭᠡ ᠠᠶᠠᠳᠠᠭᠠᠵᠤ᠂ 
        — ᠰᠣᠨᠣᠰᠤᠭᠲᠤᠨ! ᠬᠠᠮᠤᠭ ᠮᠣᠩᠭᠣᠯ ᠤ᠋ᠨ ᠬᠠᠭᠠᠨ ᠬᠣᠲᠣᠯᠠ ᠶ᠋ᠢᠨ ᠵᠠᠷᠯᠢᠭ᠃ ᠶᠢᠰᠦᠨ ᠲᠠᠲ᠋ᠠᠷ ᠢ᠋ ᠮᠣᠷᠢᠨ ᠵᠢᠯ ᠦ᠋ᠨ ᠬᠠᠪᠤᠷ ᠤ᠋ᠨ ᠡᠬᠢᠨ ᠰᠠᠷ᠎ᠠ ᠳ᠋ᠤ᠌ ᠳᠣᠪᠲᠣᠯᠤᠨ ᠣᠷᠣᠬᠤ ᠲᠤᠯᠠ ᠬᠦᠯᠦᠭ ᠢ᠋ ᠲᠡᠵᠢᠭᠡᠵᠦ ᠬᠦᠴᠦ ᠶ᠋ᠢ ᠪᠠᠵᠠᠭᠠᠬᠤ ᠡᠷᠬᠢᠮ ᠠᠵᠢᠯ ᠳ᠋ᠤ᠌ ᠨᠡᠭᠦᠨ ᠲᠠᠢᠵᠢ᠂ ᠪᠥᠷᠢᠪᠦ᠋ᠬᠡ ᠬᠣᠶᠠᠷ ᠬᠢᠴᠢᠶᠡᠨ ᠵᠢᠳᠬᠦᠭᠲᠦᠨ! ᠭᠡᠪᠡ᠃ ᠨᠡᠭᠦᠨ ᠲᠠᠢᠵᠢ᠂ 
       — ᠵᠠ᠂ ᠬᠢᠴᠢᠶᠡᠶ᠎ᠡ ᠠ᠋! ᠭᠡᠮᠡᠨ ᠮᠡᠬᠦᠰᠬᠢᠵᠦ ᠴᠢᠷᠠᠢ ᠳᠠᠷᠤᠨ ᠰᠠᠭᠤᠬᠤ ᠪᠡᠷᠲᠡᠨ ᠡᠴᠢᠭᠡ ᠪᠡᠨ ᠰᠡᠳᠬᠢᠯ ᠵᠣᠪᠠᠨᠢᠨ ᠠᠵᠢᠯ᠎ᠠ᠃ 
       — ᠰᠣᠨᠣᠰᠤᠭᠲᠤᠨ! ᠴᠡᠷᠢᠭ ᠡᠷᠡᠰ ᠦ᠋ᠨ ᠢᠯᠳᠦ᠂ ᠵᠢᠳᠠ ᠶ᠋ᠢ ᠢᠷᠯᠡᠵᠦ ᠬᠤᠷᠴᠠᠯᠠᠵᠤ ᠳᠠᠷᠬᠠᠯᠠᠬᠤ ᠶᠡᠬᠡ ᠬᠡᠷᠡᠭ ᠢ᠋ ᠮᠡᠩᠭᠢᠳᠦ ᠬᠢᠶᠠᠨ ᠮᠡᠳᠡᠲᠦᠭᠡᠢ! ᠭᠡᠬᠦ ᠳ᠋ᠦ᠍ ᠮᠡᠩᠭᠢᠳᠦ ᠥᠨᠳᠡᠰᠬᠢᠵᠦ᠂ 
       — ᠬᠢᠯᠭᠠᠰᠤ ᠴᠣᠭᠣᠯᠤᠮ᠎ᠠ ᠢᠯᠳᠦ ᠪᠣᠯᠭᠠᠶ᠎ᠠ᠃ ᠲᠡᠮᠦᠷᠲᠠᠢ ᠶ᠋ᠢᠨ ᠳᠠᠪᠠᠭᠠᠨ ᠳ᠋ᠤ᠌ ᠬᠦᠷᠢᠶ᠎ᠡ ᠪᠡᠨ ᠪᠠᠭᠤᠯᠭᠠᠰᠤ ᠭᠡᠬᠦ ᠰᠣᠨᠣᠰᠳᠠᠪᠠ᠃ ᠶᠠᠭᠤ ᠲᠠᠢ ᠴᠤ᠌ ᠠᠯᠤᠰ ᠤ᠋ᠨ ᠶᠡᠬᠡ ᠠᠶᠠᠨ ᠲᠡᠢᠨ ᠦ᠌ ᠨᠦᠰᠡᠷ ᠠᠵᠢᠯ ᠡᠬᠢᠯᠡᠪᠡ ᠪᠣᠯᠤᠯᠲᠠᠢ᠃ 
       — ᠰᠣᠨᠣᠰᠤᠭᠲᠤᠨ! ᠢᠯᠳᠦ ᠪᠡᠷ ᠭᠠᠭᠴᠠ ᠶ᠋ᠢ ᠢᠯᠠᠶᠤ᠂ ᠡᠪ ᠢ᠋ᠶ᠋ᠡᠷ ᠲᠦᠮᠡᠨ ᠢ᠋ ᠢᠯᠠᠶᠤ ᠬᠡᠮᠡᠵᠡᠢ᠃ ᠡᠢᠮᠦ ᠶ᠋ᠢᠨ ᠤᠴᠢᠷ ᠬᠠᠶᠠᠭ᠎ᠠ ᠨᠡᠢᠯᠡᠭᠰᠡᠨ ᠵᠠᠶᠠᠭ᠎ᠠ ᠨᠢᠭᠡᠲᠡᠨ ᠠᠢᠮᠠᠭ ᠤ᠋ᠳ ᠤᠷᠤᠭᠤ ᠬᠠᠨ ᠬᠥᠪᠡᠭᠦᠳ ᠢ᠋ ᠮᠣᠷᠳᠠᠭᠤᠯᠤᠨ ᠠᠷᠠᠯᠲᠤ ᠲᠡᠷᠭᠡᠨ ᠦ᠌ ᠮᠥᠷ ᠡᠷᠢᠰᠦᠭᠡᠢ! ᠬᠠᠲᠠᠭᠠᠨ ᠲᠠᠢᠵᠢ ᠲᠠ ᠡᠷᠲᠡᠨ ᠦ᠌ ᠶᠡᠬᠡ ᠠᠨᠳᠠ ᠳᠣᠲᠣᠷ ᠪᠢᠯᠭᠡ ᠲᠡᠷᠢᠭᠦᠲᠦ ᠮᠡᠷᠭᠢᠳ ᠠᠢᠮᠠᠭ ᠢ᠋ ᠳᠠᠭᠠᠭᠤᠯᠤᠨ ᠮᠣᠷᠳᠠᠬᠤ ᠶ᠋ᠢ ᠮᠡᠳᠡᠲᠦᠭᠡᠢ! ᠬᠡᠮᠡᠬᠦ ᠳ᠋ᠦ᠍ ᠬᠠᠲᠠᠭᠠᠨ ᠡᠷᠡᠭᠦᠯ ᠦᠯᠡᠳᠡᠭᠰᠡᠨ ᠨᠢᠳᠦ ᠪᠡᠨ ᠤᠯᠠᠭᠠᠨ ᠢ᠋ᠶ᠋ᠠᠷ ᠡᠷᠭᠢᠯᠳᠦᠭᠦᠯᠦᠨ᠂ 
       — ᠬᠢᠴᠢᠶᠡᠶ᠎ᠡ ᠭᠡᠵᠡᠢ᠃ ᠲᠡᠷᠡ ᠪᠡᠷ ᠶᠢᠰᠦᠨ ᠲᠠᠲ᠋ᠠᠷ ᠤ᠋ᠨ ᠬᠤᠷᠴᠠ ᠢᠯᠳᠦᠨ ᠳ᠋ᠦ᠍ ᠨᠢᠭᠡ ᠨᠢᠳᠦ ᠪᠡᠨ ᠠᠯᠳᠠᠭᠰᠠᠨ ᠠᠵᠢ᠃ ᠶᠡᠷᠦ ᠠᠭᠤᠷ ᠬᠢᠯᠢᠩ ᠲᠡᠢ ᠴᠦ᠍ ᠪᠠᠢᠭ᠎ᠠ ᠪᠥᠯᠥᠭᠡ᠃ 
       — ᠰᠣᠨᠣᠰᠤᠭᠲᠤᠨ! ᠪᠠᠷᠲᠠᠨ ᠨᠣᠶᠠᠨ ᠤ᠋ ᠶᠢᠰᠦᠭᠡᠢ ᠪᠠᠭᠠᠲᠤᠷ᠁ ᠭᠡᠬᠦ ᠳ᠋ᠦ᠍ ᠵᠠᠯᠠᠭᠤ ᠡᠷ᠎ᠡ ᠶ᠋ᠢᠨ ᠰᠡᠳᠬᠢᠯ ᠬᠥᠪᠰᠥᠯᠵᠡᠨ ᠬᠥᠮᠦᠨ ᠪᠦᠬᠦᠨ ᠥᠪᠡᠷ ᠢ᠋ ᠬᠠᠷᠠᠵᠤ ᠪᠣᠢ ᠮᠡᠲᠦ ᠰᠠᠨᠠᠭᠳᠠᠬᠤ ᠳ᠋ᠤ᠌ ᠥᠭᠡᠯᠦᠨ ᠥᠵᠢᠨ ᠦ᠌ ᠵᠦᠭ ᠰᠡᠮᠬᠡᠨ ᠬᠢᠯᠠᠮᠬᠢᠪᠠ᠃ ᠡᠷᠬᠢᠮᠰᠦᠭ ᠦᠵᠢᠨ ᠰᠠᠢᠬᠠᠨ ᠨᠣᠶᠠᠨ ᠢ᠋ᠶ᠋ᠠᠷ ᠢ᠋ᠶ᠋ᠠᠨ ᠪᠠᠬᠠᠷᠬᠠᠵᠤ ᠪᠣᠢ ᠶᠠᠩᠵᠤ ᠢᠯᠡᠳᠲᠡ ᠠᠵᠢ᠃ 
       — ᠡᠷᠲᠡᠨ ᠦ᠌ ᠲᠡᠦᠬᠡᠲᠦ ᠬᠡᠷᠡᠢᠳ ᠤᠷᠤᠭᠤ ᠮᠣᠷᠳᠠᠵᠤ ᠲᠣᠷᠯᠣᠭ ᠲᠤᠭᠤᠷᠢᠯ ᠸᠠᠩ ᠢ᠋ ᠵᠢᠯᠣᠭᠣ ᠨᠢᠬᠡᠰᠬᠡᠵᠦ᠂ ᠵᠣᠷᠢᠯᠭ᠎ᠠ ᠬᠠᠮᠲᠤᠳᠬᠠᠬᠤ ᠶ᠋ᠢ ᠮᠡᠳᠡᠲᠦᠭᠡᠢ! ᠭᠡᠯ᠎ᠡ᠃ ᠥᠭᠡᠯᠦᠨ ᠬᠠᠲᠤᠨ ᠬᠥᠮᠦᠰ ᠦ᠋ᠨ ᠨᠢᠳᠦ ᠬᠠᠷᠢᠭᠤᠯᠵᠤ ᠨᠣᠶᠠᠨᠲᠠᠨ ᠢ᠋ᠶ᠋ᠠᠨ ᠬᠠᠷᠠᠭᠰᠠᠨ ᠢ᠋ᠶ᠋ᠠᠨ ᠬᠠᠷᠠᠴᠠ ᠲᠤᠯᠭᠠᠷᠠᠭᠰᠠᠨ ᠳᠠᠷᠤᠢ ᠳ᠋ᠤ᠌ ᠴᠢᠬᠢ ᠪᠡᠨ ᠬᠦᠷᠲᠡᠯ᠎ᠡ ᠤᠯᠠᠢᠨ ᠪᠤᠷᠤᠭᠤ ᠬᠠᠷᠠᠴᠢᠬᠠᠪᠠ᠃ 
       — ᠰᠣᠨᠣᠰᠤᠭᠲᠤᠨ! ᠵᠦᠪᠦ᠋ ᠠᠷᠪᠠᠨ ᠨᠠᠢ᠍ᠮᠠᠨ ᠠᠢᠮᠠᠭ ᠤ᠋ᠨ ᠨᠢᠭᠡ ᠪᠣᠯᠵᠤ ᠶᠠᠪᠤᠭᠰᠠᠨ ᠨᠠᠢ᠍ᠮᠠᠨ ᠵᠦᠭ ᠢ᠋ ᠪᠦᠷᠢᠪᠥ᠋ᠬᠡ᠂ ᠠᠯᠲᠠᠨ ᠬᠣᠶᠠᠷ ᠮᠡᠳᠡᠲᠦᠭᠡᠢ ᠡᠨᠡ ᠬᠦ᠌ ᠶᠡᠬᠡ ᠲᠥᠷᠥ ᠶ᠋ᠢᠨ ᠡᠵᠡᠨ ᠡᠯᠴᠢᠰ ᠬᠠᠮᠤᠭ ᠮᠣᠩᠭᠣᠯ ᠤ᠋ᠨ ᠬᠤᠪᠢ ᠵᠠᠶᠠᠭ᠎ᠠ ᠶ᠋ᠢ ᠳᠠᠭᠠᠭᠠᠭᠰᠠᠨ ᠬᠠᠪᠤᠯ ᠬᠠᠭᠠᠨ ᠤ᠋ ᠠᠴᠢᠰ ᠭᠡᠳᠡᠭ ᠢ᠋ᠶ᠋ᠡᠨ ᠰᠠᠨᠠᠲᠤᠭᠠᠢ! ᠢᠷ᠎ᠡ ᠬᠤᠷᠤᠢ᠁ ᠬᠡᠮᠡᠪᠡᠯ ᠬᠣᠲᠣᠯᠠ ᠬᠠᠭᠠᠨ ᠤ᠋ ᠰᠦᠷᠯᠢᠭ ᠠᠨᠳᠠᠭᠠᠢ ᠶ᠋ᠢ ᠲᠦᠷᠢᠵᠦ᠂ ᠰᠠᠭᠯᠠᠭᠠᠷ ᠴᠠᠷᠠᠰᠤ ᠶ᠋ᠢ ᠨᠠᠢᠭᠤᠲᠠᠯ᠎ᠠ᠂ ᠬᠥᠭᠯᠡᠭᠡᠷ ᠠᠭᠤᠯᠠᠰ ᠢ᠋ ᠥᠨᠳᠡᠯᠵᠡᠲᠡᠯ᠎ᠡ ᠬᠤᠷᠤᠢ ᠳᠠᠭᠤᠳᠠᠵᠤ ᠠᠪᠠᠢ᠃ 
       — ᠥᠭᠡᠯᠦᠨ ᠠᠢᠰᠤᠢ ᠶᠠᠪᠤᠭ᠎ᠠ ᠨᠢ ᠪᠠᠷᠢᠨ ᠲᠠᠯᠪᠢᠨ ᠮᠡᠳᠡᠭᠳᠡᠬᠦ ᠠᠭᠤᠤ ᠶᠡᠬᠡ ᠰᠦᠷ ᠬᠦᠴᠦᠨ ᠢ᠋ ᠬᠥᠬᠡ ᠲᠩᠷᠢ ᠡᠴᠡ ᠭᠤᠶᠤᠬᠤ ᠮᠡᠲᠦ᠂ ᠬᠥᠭᠡᠷᠦᠬᠦᠨ ᠬᠣᠶᠠᠷ ᠭᠠᠷ ᠢ᠋ᠶ᠋ᠠᠨ ᠰᠡᠷᠪᠡᠢᠨ ᠨᠠᠷᠠ ᠵᠥᠪ ᠳᠠᠯᠠᠯᠵᠤ ᠪᠠᠢᠯ᠎ᠠ᠃ 
       — ᠢᠷ᠎ᠡ ᠬᠤᠷᠤᠢ᠁ ᠢᠷ᠎ᠡ ᠬᠤᠷᠤᠢ᠁ ᠢᠷ᠎ᠡ ᠬᠤᠷᠤᠢ ᠁