ᠨᠠᠮᠤᠷ ᠤ᠋ᠨ ᠪᠣᠷᠣᠭ᠎ᠠ-ᠰᠦᠮᠪᠦᠷНамрын бороо-сүмбэр
ᠨᠠᠮᠤᠷ ᠤ᠋ᠨ ᠪᠣᠷᠣᠭ᠎ᠠ
ᠦᠭᠡ᠄ ᠶ• ᠪᠠᠲᠤᠳᠠᠯᠠᠢ
ᠠᠶ᠎ᠠ᠄ ᠠᠰᠢᠳᠠ
ᠳᠠᠭᠤᠴᠢᠨ᠄ ᠰᠦᠮᠪᠦᠷ
ᠡᠳᠦᠷ ᠰᠥᠨᠢ ᠦᠭᠡᠢ ᠣᠷᠣᠭᠠᠳ ᠪᠠᠢᠳᠠᠭ
ᠤᠢᠳᠤᠮᠠ ᠨᠠᠮᠤᠷ ᠤ᠋ᠨ ᠪᠣᠷᠣᠭ᠎ᠠ ᠭᠡᠵᠦ ᠳᠡ
ᠤᠰᠤᠨ ᠨᠢᠳᠦᠯᠡᠭᠰᠡᠨ ᠲᠩᠷᠢ ᠡᠵᠢ ᠶ᠋ᠢᠨ
ᠤᠶᠠᠷᠠᠯ ᠤᠶᠠᠷᠠᠯ ᠤ᠋ᠨ ᠨᠢᠯᠪᠤᠰᠤ ᠴᠤ᠌ ᠶᠤᠮ ᠤᠤ
ᠨᠣᠷᠤᠭᠠᠳ ᠪᠠᠢᠬᠤ ᠶᠤᠮ ᠮᠢᠨᠦ ᠵᠢᠷᠦᠬᠡ
ᠤᠬᠢᠯᠠᠭᠠᠳ ᠪᠠᠢᠬᠤ ᠶᠤᠮ ᠴᠢᠨᠦ ᠲᠥᠯᠥᠭᠡ
ᠦᠭᠡᠢᠯᠡᠭᠡᠳ ᠪᠠᠢᠬᠤ ᠶᠤᠮ ᠮᠢᠨᠦ ᠬᠠᠢᠷ᠎ᠠ
ᠣᠷᠣᠭᠠᠳ ᠪᠠᠢᠳᠠᠭ ᠨᠠᠮᠤᠷ ᠪᠣᠷᠣᠭ᠎ᠠ
ᠠᠢ᠂ ᠵᠣᠭᠰᠣᠭᠠᠴᠢ ᠨᠠᠮᠤᠷ ᠤ᠋ᠨ ᠪᠣᠷᠣᠭ᠎ᠠ
ᠠᠰᠬᠠᠷᠠᠬᠤ ᠨᠢᠯᠪᠤᠰᠤ ᠲᠠᠢ ᠮᠢᠨᠢ ᠴᠣᠭ ᠲᠠᠭᠠᠨ ᠵᠣᠭᠰᠣᠭᠠᠴᠢ
ᠠᠢ᠂ ᠪᠣᠷᠣᠭ᠎ᠠ ᠡᠭᠦᠯᠡᠰ ᠢ᠋ᠶ᠋ᠡᠨ ᠳᠠᠭᠠᠭᠠᠳ
ᠠᠯᠤᠰ ᠤ᠋ᠨ ᠰᠠᠢᠬᠠᠨ ᠤᠯᠠᠷᠢᠯ ᠢ᠋ ᠵᠣᠷᠢᠭᠠᠳ᠃
ᠨᠣᠷᠤᠭᠠᠳ ᠪᠠᠢᠬᠤ ᠶᠤᠮ ᠮᠢᠨᠦ ᠵᠢᠷᠦᠬᠡ
ᠤᠬᠢᠯᠠᠭᠠᠳ ᠪᠠᠢᠬᠤ ᠶᠤᠮ ᠴᠢᠨᠦ ᠲᠥᠯᠥᠭᠡ
ᠦᠭᠡᠢᠯᠡᠭᠡᠳ ᠪᠠᠢᠬᠤ ᠶᠤᠮ ᠮᠢᠨᠦ ᠬᠠᠢᠷ᠎ᠠ
ᠣᠷᠣᠭᠠᠳ ᠪᠠᠢᠳᠠᠭ ᠨᠠᠮᠤᠷ ᠤ᠋ᠨ ᠪᠣᠷᠣᠭ᠎ᠠ
ᠠᠢ᠂ ᠵᠣᠭᠰᠣᠭᠠᠴᠢ ᠨᠠᠮᠤᠷ ᠤ᠋ᠨ ᠪᠣᠷᠣᠭ᠎ᠠ
ᠠᠰᠬᠠᠷᠠᠬᠤ ᠨᠢᠯᠪᠤᠰᠤ ᠲᠠᠢ ᠮᠢᠨᠢ ᠴᠣᠭ ᠲᠠᠭᠠᠨ ᠵᠣᠭᠰᠣᠭᠠᠴᠢ
ᠠᠢ᠂ ᠪᠣᠷᠣᠭ᠎ᠠ ᠡᠭᠦᠯᠡᠰ ᠢ᠋ᠶ᠋ᠡᠨ ᠳᠠᠭᠠᠭᠠᠳ
ᠠᠯᠤᠰ ᠤ᠋ᠨ ᠰᠠᠢᠬᠠᠨ ᠤᠯᠠᠷᠢᠯ ᠢ᠋ ᠵᠣᠷᠢᠭᠠᠳ᠃
ᠠᠷᠢᠯᠬᠤ ᠦᠭᠡᠢ ᠠᠰᠬᠠᠷᠠᠬᠤ ᠨᠠᠮᠤᠷ ᠤ᠋ᠨ ᠪᠣᠷᠣᠭ᠎ᠠ
ᠠᠯᠲᠠᠨ ᠨᠠᠷᠠᠨ ᠤ᠋ ᠨᠢᠭᠤᠷ ᠢ᠋ ᠪᠣᠷᠣᠭᠠᠯᠠᠨᠠ
ᠠᠯᠠᠭ ᠴᠡᠴᠡᠭ ᠦ᠋ᠨ ᠰᠢᠭᠦᠳᠡᠷᠢ ᠵᠡᠭᠦᠳᠦᠨ ᠳ᠋ᠦ᠍ ᠤᠨᠠᠬᠤ ᠪᠠᠷ
ᠠᠷᠢᠭᠤᠬᠠᠨ ᠴᠢᠨᠦ ᠬᠠᠢᠷ᠎ᠠ ᠨᠠᠳᠠᠳᠤ ᠪᠠᠨ ᠦᠯᠡᠳᠡᠨ᠎ᠡ
ᠠᠢ᠂ ᠪᠣᠷᠣᠭᠠᠨ ᠨᠠᠮᠤᠷ ᠤ᠋ᠨ ᠪᠣᠷᠣᠭᠠᠨ
ᠠᠰᠬᠠᠷᠠᠬᠤ ᠨᠢᠯᠪᠤᠰᠤ ᠲᠠᠢ ᠮᠢᠨᠢ ᠴᠣᠭ ᠲᠠᠭᠠᠨ ᠵᠣᠭᠰᠣᠭᠠᠴᠢ
ᠠᠢ᠂ ᠪᠣᠷᠣᠭ᠎ᠠ ᠡᠭᠦᠯᠡᠰ ᠢ᠋ᠶ᠋ᠡᠨ ᠳᠠᠭᠠᠭᠠᠳ
ᠠᠯᠤᠰ ᠤ᠋ᠨ ᠰᠠᠢᠬᠠᠨ ᠤᠯᠠᠷᠢᠯ ᠢ᠋ ᠵᠣᠷᠢᠭᠠᠳ᠃
ᠦᠰᠦᠭ ᠠᠮᠢᠯᠠᠭᠤᠯᠤᠭᠴᠢ᠄ ᠤᠤᠭᠠᠨᠵᠢᠳ
ᠬᠢᠨᠠᠭᠴᠢ᠄ ᠮᠡᠷᠭᠡᠨᠪᠢᠯᠢᠭ
