ᠪᠦᠷᠭᠦᠳ ᠬᠠᠷᠢ ᠳᠤ ᠡᠭᠦᠷᠯᠡᠳᠡᠭ ᠦᠭᠡᠢ – ᠵ ᠂ ᠫᠦᠷᠪᠦ<ᠭᠤᠷᠪᠠᠳᠤᠭᠠᠷ ᠪᠦᠯᠦᠭ –2>᠂ ᠠᠷᠭᠠᠲᠤ ᠦᠨᠡᠭᠡᠨ ᠦ ᠦᠭᠡ Бүргэд харьд үүрэлдэггүй – Ж᠂ Пүрэв <3-р бүлэг ~2>. аргат үнэгний үг ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠦᠷᠭᠦᠳ ᠬᠠᠷᠢ ᠳᠤ ᠡᠭᠦᠷᠯᠡᠳᠡᠭ ᠦᠭᠡᠢ – ᠵ ᠂ ᠫᠦᠷᠪᠦ<ᠭᠤᠷᠪᠠᠳᠤᠭᠠᠷ ᠪᠦᠯᠦᠭ –2>᠂ ᠠᠷᠭᠠᠲᠤ ᠦᠨᠡᠭᠡᠨ ᠦ ᠦᠭᠡ Бүргэд харьд үүрэлдэггүй – Ж᠂ Пүрэв <3-р бүлэг ~2>. аргат үнэгний үг

ᠪᠦᠷᠭᠦᠳ ᠬᠠᠷᠢ ᠳᠤ ᠡᠭᠦᠷᠯᠡᠳᠡᠭ ᠦᠭᠡᠢ – ᠵ ᠂ ᠫᠦᠷᠪᠦ<ᠭᠤᠷᠪᠠᠳᠤᠭᠠᠷ ᠪᠦᠯᠦᠭ –2>᠂ ᠠᠷᠭᠠᠲᠤ ᠦᠨᠡᠭᠡᠨ ᠦ ᠦᠭᠡ Бүргэд харьд үүрэлдэггүй – Ж᠂ Пүрэв <3-р бүлэг ~2>. аргат үнэгний үг

ᠠᠩᠭᠢᠯᠠᠯ:ᠲᠤᠭᠤᠵᠢ ᠷᠣᠮᠠᠨ
2026-05-15

18

ᠭᠤᠷᠪᠠᠳᠤᠭᠠᠷ ᠪᠦᠯᠦᠭ – ᠴᠠᠭᠠᠨ ᠪᠡᠴᠢᠨ ᠵᠢᠯ

ᠬᠣᠶᠠᠷ᠂ᠠᠷᠭᠠᠲᠤ ᠦᠨᠡᠭᠡᠨ ᠦ ᠦᠭᠡ


       ᠱᠠᠩᠳᠤ ᠬᠣᠲᠠ ᠶ᠋ᠢᠨ ᠲᠥᠪ ᠲᠦ᠍ ᠣᠷᠣᠰᠢᠬᠤ ᠳᠣᠷᠭᠣᠨ ᠳᠣᠲᠣᠷᠲᠠᠢ ᠰᠠᠷᠠᠭᠤᠯ ᠲᠢᠩᠬᠢᠮ ᠳ᠋ᠦ᠍ ᠬᠡᠳᠦᠨ ᠲᠦᠰᠢᠮᠡᠯ ᠴᠤᠭᠯᠠᠷᠠᠵᠠᠢ᠃ ᠮᠣᠩᠭᠣᠯ ᠲᠠᠯ᠎ᠠ ᠠ᠋ᠴᠠ ᠶᠡᠬᠡ ᠵᠠᠬᠢᠷᠤᠭᠴᠢ᠂ ᠲᠡᠭᠦᠨ ᠦ᠌ ᠳᠠᠭᠠᠯᠳᠤᠭᠰᠠᠨ ᠬᠣᠶᠠᠷ ᠶᠡᠬᠡ ᠲᠦᠰᠢᠮᠡᠯ᠂ ᠬᠠᠭᠠᠨ ᠢ᠋ ᠣᠷᠣᠰᠢᠭᠤᠯᠬᠤ ᠳ᠋ᠤ᠌ ᠣᠷᠣᠯᠴᠠᠭᠰᠠᠨ ᠴᠠᠭᠠᠨ ᠵᠠᠩᠵᠤᠨ ᠪᠠᠢᠯ᠎ᠠ᠃ ᠤᠪᠤ ᠳᠣᠪᠣᠬᠠᠨ ᠴᠣᠬᠣᠷ ᠴᠢᠷᠠᠢᠲᠠᠢ᠂ ᠶᠡᠬᠡᠮᠰᠦᠩᠳᠡᠭᠦᠦ ᠪᠠᠢᠷᠢ ᠶ᠋ᠢᠨ ᠳᠠᠭᠤ ᠴᠥᠭᠡᠨ ᠲᠡᠢ᠂ ᠨᠢᠳᠦᠨ ᠦ᠌ ᠬᠢᠨᠢ ᠬᠠᠷᠠᠴᠠ ᠬᠤᠷᠴᠠ ᠲᠡᠷᠡ ᠵᠠᠩᠵᠤᠨ ᠥᠪᠡᠷ ᠢ᠋ ᠪᠡᠨ ᠬᠤᠪᠢᠯᠠᠢ ᠶ᠋ᠢᠨ ᠳᠠᠷᠠᠭᠠᠳᠠᠬᠢ ᠬᠥᠮᠦᠨ ᠭᠡᠵᠦ ᠪᠤᠰᠤᠳ ᠲᠤ ᠦᠵᠡᠭᠦᠯᠬᠦ ᠪᠠᠢᠳᠠᠯᠲᠠᠢ ᠬᠠᠷᠠᠭᠳᠠᠵᠤ ᠪᠠᠢᠪᠠ᠃ ᠦᠨᠡᠨ ᠳ᠋ᠦ᠍ ᠪᠡᠨ ᠴᠦ᠍ ᠲᠡᠢᠮᠦ᠃ ᠬᠤᠪᠢᠯᠠᠢ ᠳ᠋ᠤ᠌ ᠭᠠᠭᠴᠠᠭᠠᠷ ᠲᠤ ᠨᠢ ᠥᠨᠳᠥᠷ ᠰᠠᠭᠤᠳᠠᠯ ᠵᠠᠰᠠᠵᠤ᠂ ᠳᠡᠭᠡᠷ᠎ᠡ ᠨᠢ ᠬᠠᠮᠪᠤ ᠲᠣᠷᠭᠠᠨ ᠣᠯᠪᠣᠭ ᠭᠤᠷᠪᠠ ᠳᠠᠪᠬᠤᠷᠯᠠᠨ ᠳᠡᠪᠢᠰᠦᠭᠰᠡᠨ ᠨᠢ ᠶᠠᠮᠠᠷ ᠨᠢᠭᠡ ᠶᠡᠬᠡᠰ ᠦ᠋ᠨ ᠬᠠᠭᠠᠨ ᠪᠠᠯᠭᠠᠰᠤᠨ(ᠣᠳᠣ ᠶ᠋ᠢᠨ ᠪᠡᠭᠡᠵᠢᠩ) ᠳ᠋ᠦ᠍ ᠵᠠᠯᠠᠷᠠᠨ ᠢᠷᠡᠬᠦ ᠳ᠋ᠦ᠍ ᠪᠡᠯᠳᠬᠡᠳᠡᠭ ᠪᠠᠢᠳᠠᠯᠲᠠᠢ ᠲᠥᠰᠦᠭᠡᠲᠡᠢ ᠬᠠᠷᠠᠭᠳᠠᠨ᠎ᠠ᠃ ᠵᠠᠬᠢᠷᠤᠭᠴᠢ ᠲᠢᠩᠬᠢᠮ ᠳ᠋ᠦ᠍ ᠣᠷᠣᠵᠤ ᠢᠷᠡᠭᠡᠳ ᠡᠢᠮᠦ ᠪᠠᠢᠬᠤ ᠶᠣᠰᠣᠲᠠᠢ ᠭᠡᠰᠡᠨ ᠮᠠᠶᠢᠭ ᠢ᠋ᠶ᠋ᠠᠷ ᠲᠡᠷᠡ ᠰᠠᠭᠤᠳᠠᠯ ᠳ᠋ᠤ᠌ ᠣᠴᠢᠵᠤ ᠰᠠᠭᠤᠬᠤ ᠳ᠋ᠤ᠌ ᠪᠠᠨ ᠶᠡᠬᠡᠮᠰᠦᠭᠳᠡᠭᠦᠦ ᠠᠭᠠᠳ ᠪᠤᠰᠤᠳ ᠤ᠋ᠨ ᠲᠣᠯᠣᠭᠠᠢ ᠳᠡᠭᠡᠭᠦᠷ ᠬᠠᠷᠠᠭᠠᠲᠠᠢ ᠪᠠᠢᠪᠠ᠃ 
       ᠵᠥᠪᠯᠡᠯᠳᠦᠬᠦ ᠶᠠᠷᠢᠶ᠎ᠠ ᠡᠬᠢᠯᠡᠯ᠎ᠡ᠃ ᠬᠤᠪᠢᠯᠠᠢ ᠨᠠᠮᠤᠭᠤᠬᠠᠨ ᠳᠠᠭᠤ ᠪᠠᠷ ᠪᠤᠰᠤᠳ ᠤ᠋ᠨ ᠵᠦᠭ ᠬᠠᠨᠳᠤᠨ᠄ 
        — ᠡᠷᠬᠢᠮ ᠨᠣᠶᠠᠳ᠂ ᠲᠦᠰᠢᠮᠡᠳ᠂ ᠵᠠᠩᠵᠤᠨ ᠲᠠ ᠪᠦᠬᠦᠨ ᠲᠡᠢ ᠬᠡᠷᠡᠭ ᠶᠠᠪᠤᠳᠠᠯ ᠢ᠋ᠶ᠋ᠠᠨ ᠵᠥᠪᠯᠡᠯᠳᠦᠬᠦ ᠶ᠋ᠢ ᠪᠢ ᠡᠷᠡᠮᠡᠯᠵᠡᠵᠦ ᠪᠠᠢᠨ᠎ᠠ᠃ ᠲᠣᠭᠠᠯᠠᠯ ᠲᠡᠭᠦᠰᠦᠭᠰᠡᠨ ᠠᠬ᠎ᠠ ᠶ᠋ᠢ ᠣᠷᠣᠰᠢᠭᠤᠯᠬᠤ ᠠᠯᠪᠠ ᠪᠣᠯᠵᠤ ᠪᠠᠢᠬᠤ ᠬᠣᠢᠭᠤᠷ ᠬᠡᠷᠡᠭ ᠶᠠᠪᠤᠳᠠᠯ ᠮᠠᠨᠢ ᠨᠡᠯᠢᠶᠡᠳ ᠨᠠᠵᠠᠭᠠᠢᠷᠠᠭᠰᠠᠨ ᠪᠠᠢᠵᠤ ᠮᠠᠭᠠᠳ ᠦᠭᠡᠢ ᠭᠡᠰᠡᠨ ᠦᠭᠡ ᠮᠢᠨᠦ ᠴᠢᠬᠢ ᠶ᠋ᠢ ᠳᠡᠯᠡᠰᠬᠦ ᠪᠣᠯᠤᠯ᠎ᠠ᠃ ᠡᠭᠦᠨ ᠳ᠋ᠦ᠍ ᠰᠡᠳᠬᠢᠯ ᠵᠣᠪᠠᠨᠢᠮ ᠭᠡᠳ᠂ ᠥᠨᠥᠳᠥᠷ ᠶᠡᠬᠡ ᠲᠥᠷᠥ ᠶ᠋ᠢ ᠲᠦᠪᠰᠢᠨ ᠠᠮᠤᠭᠤᠯᠠᠩ ᠪᠠᠢᠯᠭᠠᠬᠤ ᠳ᠋ᠤ᠌ ᠪᠢᠳᠡᠨ ᠦ᠌ ᠵᠦᠭ ᠡᠴᠡ ᠶᠠᠭᠠᠬᠢᠵᠤ ᠬᠠᠨᠳᠤᠪᠠᠯ ᠵᠦᠢᠲᠡᠢ ᠪᠣᠯᠬᠤ ᠪᠣᠢ ᠭᠡᠰᠡᠨ ᠵᠦᠢᠯ᠃ ᠪᠠᠰᠠ ᠡᠮᠦᠨᠡᠲᠦ ᠬᠢᠲᠠᠳ ᠣᠷᠣᠨ ᠳ᠋ᠤ᠌ ᠶᠠᠪᠤᠭᠤᠯᠵᠤ ᠪᠠᠢᠭ᠎ᠠ ᠲᠡᠢᠨ ᠢ᠋ ᠡᠴᠦᠰ ᠲᠡᠭᠦᠰᠬᠡᠯ ᠳ᠋ᠦ᠍ ᠨᠢ ᠬᠦᠷᠭᠡᠵᠦ᠂ ᠲᠡᠷᠡ ᠨᠤᠲᠤᠭ ᠢ᠋ ᠶᠡᠬᠡ ᠤᠯᠤᠰ ᠤ᠋ᠨ ᠭᠠᠵᠠᠷ ᠤ᠋ᠨ ᠵᠢᠷᠤᠭ ᠲᠤ ᠨᠢᠭᠡᠳᠬᠡᠨ ᠣᠷᠣᠭᠤᠯᠵᠤ ᠳᠠᠭᠤᠰᠬᠠᠬᠤ᠃ ᠡᠢᠮᠦ ᠬᠣᠶᠠᠷ ᠵᠦᠢᠯ ᠳᠡᠭᠡᠷ᠎ᠡ ᠤᠬᠠᠭᠠᠨᠲᠠᠨ ᠪᠠᠭᠰᠢ᠂ ᠨᠣᠶᠠᠳ ᠲᠦᠰᠢᠮᠡᠯ᠂ ᠵᠠᠩᠵᠤᠨ ᠲᠠ ᠪᠦᠬᠦᠨ ᠦ᠌ ᠰᠠᠨᠠᠭ᠎ᠠ ᠶ᠋ᠢ ᠠᠪᠴᠤ ᠨᠡᠮᠡᠷᠢᠯᠡᠭᠦᠯᠬᠦ ᠶ᠋ᠢ ᠪᠣᠳᠣᠵᠤ ᠪᠠᠢᠨ᠎ᠠ ᠭᠡᠯ᠎ᠡ᠃ ᠬᠤᠪᠢᠯᠠᠢ ᠶ᠋ᠢᠨ ᠦᠭᠡ ᠶ᠋ᠢ ᠰᠣᠨᠣᠰᠤᠭᠰᠠᠨ ᠬᠥᠮᠦᠰ ᠬᠡᠰᠡᠭ ᠵᠠᠭᠤᠷ᠎ᠠ ᠲᠠᠭ ᠳᠠᠭᠤ ᠦᠭᠡᠢ ᠪᠡᠶ᠎ᠡ ᠪᠡᠶ᠎ᠡ ᠪᠡᠨ ᠬᠠᠷᠠᠵᠤ ᠰᠠᠭᠤᠪᠠ᠃ 
       ᠴᠠᠭᠠᠨ ᠵᠠᠩᠵᠤᠨ ᠤᠯᠠᠭᠠᠨ ᠤᠲᠠᠰᠤᠨ ᠵᠠᠯᠠᠭ᠎ᠠ ᠲᠠᠢ ᠴᠠᠩ ᠮᠠᠯᠠᠭᠠᠢ ᠪᠠᠨ ᠵᠠᠰᠠᠵᠤ ᠡᠮᠦᠰᠦᠭᠡᠳ᠂ ᠬᠤᠪᠢᠯᠠᠢ ᠳ᠋ᠤ᠌ ᠪᠥᠬᠥᠢᠨ ᠵᠥᠪᠰᠢᠶᠡᠷᠡᠯ ᠠᠪᠴᠤ᠂ ᠰᠥᠭᠡᠩᠭᠢᠳᠡᠭᠦᠦ ᠪᠦᠳᠦᠭᠦᠨ ᠳᠠᠭᠤ ᠪᠠᠷ ᠦᠭᠡ ᠬᠡᠯᠡᠯ᠎ᠡ᠃ 
        — ᠪᠢ ᠡᠵᠡᠨ ᠬᠠᠭᠠᠨ ᠠ᠋ᠴᠠ ᠰᠥᠩ ᠤᠯᠤᠰ ᠢ᠋ ᠲᠣᠬᠢᠨᠡᠭᠤᠯᠬᠤ ᠬᠡᠷᠡᠭ ᠲᠦ᠍ ᠬᠦᠯᠢᠶᠡᠭᠰᠡᠨ ᠡᠭᠦᠷᠭᠡ ᠪᠡᠨ ᠵᠢᠭᠠᠬᠠᠨ ᠠᠯᠭᠤᠷᠯᠠᠭᠰᠠᠨ᠃  ᠮᠠᠨ ᠤ᠋ ᠬᠡᠷᠡᠭ ᠦ᠋ᠨ ᠲᠡᠷᠡ ᠪᠦᠲᠦᠯ ᠦᠭᠡᠢ ᠪᠣᠯᠤᠭᠰᠠᠨ ᠶᠠᠪᠤᠳᠠᠯ ᠢ᠋ ᠰᠥᠩ ᠦ᠋ᠨ ᠡᠷᠬᠡ ᠪᠠᠷᠢᠬᠤ ᠬᠠᠭᠠᠳ ᠬᠦᠯᠢᠶᠡᠬᠦ ᠶᠣᠰᠣᠲᠠᠢ᠃ ᠰᠥᠩ ᠦ᠋ᠨ ᠬᠠᠭᠠᠨ ᠲᠡᠢᠨ ᠪᠠᠢᠯᠳᠤᠭᠠᠨ ᠳ᠋ᠤ᠌ ᠬᠦᠷᠦᠯ ᠦᠭᠡᠢ ᠪᠡᠷ ᠡᠪ ᠨᠠᠢᠷᠲᠠᠢ ᠪᠠᠷ ᠬᠡᠯᠡᠯᠴᠡᠨ ᠪᠠᠭᠤᠵᠤ ᠥᠭᠬᠦ ᠲᠤᠬᠠᠢ ᠮᠠᠨ ᠤ᠋ ᠶᠡᠬᠡ ᠬᠠᠭᠠᠨ ᠤ᠋ ᠲᠠᠯᠪᠢᠭᠰᠠᠨ ᠱᠠᠭᠠᠷᠳᠠᠯᠭ᠎ᠠ ᠶ᠋ᠢ ᠰᠢᠭᠤᠳ ᠡᠰᠡᠷᠭᠦᠴᠡᠭᠰᠡᠨ᠃ ᠲᠡᠭᠦᠨ ᠢ᠋ᠶ᠋ᠡᠷ ᠴᠦ᠍ ᠪᠠᠷᠠᠬᠤ ᠦᠭᠡᠢ ᠮᠠᠨ ᠤ᠋ ᠤᠳᠠᠭ᠎ᠠ ᠳᠠᠷᠠᠭ᠎ᠠ ᠶᠠᠪᠤᠭᠤᠯᠤᠭᠰᠠᠨ ᠡᠯᠴᠢ ᠶ᠋ᠢ ᠶᠣᠰᠣ ᠪᠤᠰᠤ ᠪᠠᠷ ᠪᠠᠷᠢᠪᠴᠢᠯᠠᠨ ᠠᠪᠴᠤ ᠡᠷᠬᠡ ᠶ᠋ᠢ ᠡᠪᠳᠡᠯᠡᠨ ᠬᠠᠷ᠎ᠠ ᠭᠡᠷ ᠲᠦ᠍ ᠬᠣᠷᠢᠭᠰᠠᠨ᠃ ᠣᠳᠣ ᠰᠥᠩ ᠦ᠋ᠨ ᠨᠡᠢᠰᠯᠡᠯ ᠳ᠋ᠦ᠍ ᠬᠠᠭᠠᠨ ᠤ᠋ ᠵᠠᠷᠯᠢᠭ ᠢ᠋ᠶ᠋ᠠᠷ ᠣᠴᠢᠭᠠᠳ ᠪᠠᠷᠢᠭᠳᠠᠨ᠂ ᠬᠠᠷ᠎ᠠ ᠭᠡᠷ ᠲᠦ᠍ ᠬᠣᠷᠢᠭᠳᠠᠨ ᠡᠷᠡᠭᠦᠳᠡᠯᠭᠡ ᠬᠦᠯᠢᠶᠡᠵᠦ ᠪᠣᠢ ᠮᠠᠨ ᠤ᠋ ᠠᠷᠪᠠ ᠭᠠᠷᠤᠢ ᠡᠷᠬᠢᠮ ᠲᠦᠰᠢᠮᠡᠯ ᠡᠯᠴᠢ᠂ ᠨᠢᠭᠡᠨ ᠵᠠᠭᠤ ᠭᠠᠷᠤᠢ ᠳᠠᠭᠠᠯᠳᠤᠬᠤ ᠬᠥᠮᠦᠨ ᠦ᠌ ᠬᠠᠮᠲᠤ ᠵᠣᠪᠠᠵᠤ ᠵᠦᠳᠡᠷᠡᠨ ᠪᠠᠢᠨ᠎ᠠ᠃  ᠪᠢᠳᠡ ᠰᠥᠩ ᠦ᠋ᠨ ᠴᠡᠷᠢᠭ ᠲᠡᠢ ᠠᠩᠬᠠᠨ ᠠ᠋ᠴᠠ ᠪᠠᠨ ᠪᠠᠢᠯᠳᠤᠬᠤ ᠶ᠋ᠢ ᠬᠦᠰᠡᠭᠡ ᠦᠭᠡᠢ᠂ ᠬᠠᠷᠢᠨ  ᠬᠠᠮᠲᠤᠷᠠᠵᠤ ᠴᠡᠷᠢᠭ ᠵᠡᠪᠰᠡᠭ ᠦ᠋ᠨ ᠪᠣᠯᠤᠨ ᠡᠳ᠋ ᠶᠠᠭᠤᠮᠠᠨ ᠤ᠋ ᠬᠣᠯᠪᠣᠭ᠎ᠠ ᠪᠠᠢᠭᠤᠯᠵᠤ᠂ ᠴᠠᠭᠠᠰᠢᠳᠠ ᠡᠮᠦᠨᠡᠲᠦ ᠳᠠᠯᠠᠢ ᠶ᠋ᠢᠨ ᠣᠷᠣᠨ ᠨᠤᠭᠤᠳ ᠢ᠋ ᠨᠢᠭᠡᠳᠬᠡᠨ᠂ ᠨᠡᠢᠲᠡ ᠶ᠋ᠢᠨ ᠬᠦᠴᠦ ᠪᠡᠷ ᠠᠮᠤᠷ ᠵᠢᠮᠦᠷ ᠪᠣᠯᠬᠤ ᠶ᠋ᠢ ᠯᠡ ᠵᠣᠷᠢᠭᠰᠠᠨ᠃ ᠭᠡᠲᠡᠯ᠎ᠡ ᠰᠥᠩ ᠦ᠋ᠨ ᠬᠠᠭᠠᠨ ᠮᠠᠨ ᠤ᠋ ᠶᠡᠬᠡ ᠬᠠᠭᠠᠨ ᠤ᠋ ᠠᠢᠯᠠᠳᠪᠤᠷᠢ ᠶ᠋ᠢ ᠬᠡᠷᠡᠭ ᠦᠭᠡᠢ ᠵᠦᠢᠯ ᠪᠣᠯᠭᠠᠨ᠂ ᠪᠢᠳᠡᠨ ᠢ᠋ ᠬᠤᠤᠷᠯᠯ ᠲᠠᠢ ᠪᠠᠷ ᠳᠠᠢᠰᠤᠩᠨᠠᠬᠤ ᠪᠣᠯᠤᠭᠰᠠᠨ ᠤᠴᠢᠷ ᠲᠡᠷᠡ ᠣᠷᠣᠨ ᠢ᠋ ᠪᠦᠷᠢᠮᠦᠰᠦᠨ ᠨᠢᠭᠡᠳᠬᠡᠵᠦ ᠠᠪᠬᠤ ᠬᠡᠷᠡᠭ ᠢ᠋ ᠨᠡᠩ ᠳᠠᠷᠤᠢ ᠳᠠᠭᠤᠰᠬᠠᠪᠠᠯ ᠵᠣᠬᠢᠨ᠎ᠠ᠃ ᠪᠢ ᠴᠡᠷᠢᠭ ᠢ᠋ᠶ᠋ᠡᠨ ᠠᠪᠴᠤ ᠳᠣᠪᠲᠣᠯᠤᠨ ᠡᠨᠡ ᠨᠠᠮᠤᠷ ᠴᠠᠭ ᠲᠤ ᠬᠥᠬᠡ ᠮᠥᠷᠡᠨ ᠢ᠋ ᠭᠠᠲᠤᠯᠤᠭᠤᠯᠤᠨ᠂ ᠮᠣᠩᠭᠣᠯ ᠴᠡᠷᠢᠭ ᠶᠠᠮᠠᠷᠬᠠᠨ ᠬᠦᠴᠦᠲᠡᠢ᠂ ᠶᠠᠭᠠᠬᠢᠵᠤ ᠪᠠᠢᠯᠳᠤᠳᠠᠭ ᠢ᠋ᠶ᠋ᠠᠨ ᠲᠡᠳᠡᠨ ᠳ᠋ᠦ᠍ ᠬᠠᠷᠠᠭᠤᠯᠵᠤ ᠪᠣᠯᠬᠤ ᠪᠣᠯᠪᠠ ᠤᠤ ᠭᠡᠵᠦ ᠰᠠᠨᠠᠵᠤ ᠶᠠᠪᠤᠭ᠎ᠠ᠃ ᠶᠡᠬᠡ ᠵᠠᠬᠢᠷᠤᠭᠴᠢ ᠲᠠ ᠡᠭᠦᠨ ᠢ᠋ ᠪᠣᠯᠭᠣᠭᠠᠨ ᠲᠠᠭᠠᠯᠠᠬᠤ ᠪᠢᠵᠡ ᠠ᠋! ᠭᠡᠵᠦ ᠬᠡᠯᠡᠪᠡ᠃ ᠬᠤᠷᠠᠭᠰᠠᠨ ᠬᠥᠮᠦᠰ ᠴᠠᠭᠠᠨ ᠵᠠᠩᠵᠤᠨ ᠤ᠋ ᠦᠭᠡ ᠶ᠋ᠢ ᠲᠠᠭᠠᠰᠢᠶᠠᠭᠰᠠᠨ ᠪᠠᠢᠳᠠᠯᠲᠠᠢ᠂ ᠰᠢᠪᠡᠷ ᠢᠪᠢᠷ ᠬᠢᠨ ᠲᠣᠯᠣᠭᠠᠢ ᠳᠣᠬᠢᠵᠤ᠂ ᠲᠠᠯᠠᠷᠬᠠᠯ ᠬᠦᠷᠭᠡᠨ ᠪᠠᠢᠯ᠎ᠠ᠃ 
       ᠵᠣᠣ ᠪᠢ《ᠪᠠᠭᠰᠢ》 ᠪᠣᠰᠴᠤ ᠶᠡᠬᠡ ᠵᠠᠬᠢᠷᠤᠭᠴᠢ ᠶ᠋ᠢᠨ ᠵᠦᠭ ᠪᠥᠬᠥᠢᠨ ᠥᠷᠥᠰᠢᠶᠡᠯ ᠭᠤᠶᠤᠭᠠᠳ ᠦᠭᠡ ᠬᠡᠯᠡᠬᠦ ᠪᠣᠯᠪᠠ᠃ ᠶᠡᠷᠦ ᠨᠢ ᠡᠨᠳᠡ ᠦᠭᠡ ᠬᠡᠯᠡᠵᠦ ᠪᠠᠢᠭ᠎ᠠ ᠬᠥᠮᠦᠰ ᠴᠠᠭᠠᠨ ᠠ᠋ᠴᠠ ᠪᠤᠰᠤᠳ ᠨᠢ ᠵᠠᠪᠠᠯ ᠪᠣᠰᠴᠤ ᠬᠤᠪᠢᠯᠠᠢ ᠶ᠋ᠢ ᠬᠦᠨᠳᠦᠳᠬᠡᠨ᠎ᠡ᠃ ᠵᠣᠣ ᠪᠢ ᠨᠠᠮᠤᠭᠤᠬᠠᠨ ᠳᠠᠭᠤ ᠪᠠᠷ᠄ 
       — ᠶᠡᠬᠡ ᠡᠵᠡᠨ ᠵᠠᠬᠢᠷᠤᠭᠴᠢ ᠲᠠ ᠥᠷᠥᠰᠢᠶᠡᠵᠦ ᠪᠣᠯᠭᠣᠭ᠎ᠠ! ᠭᠡᠵᠦ ᠦᠭᠡ ᠪᠡᠨ ᠬᠡᠯᠡᠬᠦ ᠨᠢ《ᠶᠡᠬᠡ ᠡᠵᠡᠨ》 ᠭᠡᠳᠡᠭ ᠦᠭᠡ ᠶ᠋ᠢ ᠠᠩᠬᠠᠨ ᠭᠠᠷᠭᠠᠵᠤ ᠢᠷᠡᠵᠦ ᠪᠠᠢᠭ᠎ᠠ ᠪᠠᠷ ᠢ᠋ᠶ᠋ᠠᠨ ᠣᠨᠴᠠᠯᠢᠭ ᠪᠠᠢᠪᠠ᠃ ᠬᠤᠪᠢᠯᠠᠢ ᠴᠦ᠍ ᠬᠢᠷᠢ ᠶ᠋ᠢᠨ ᠬᠦᠨᠳᠦᠳᠬᠡᠯ ᠢ᠋ ᠬᠦᠯᠢᠶᠡᠵᠦ ᠠᠪᠳᠠᠭ ᠦᠭᠡᠢ᠂ ᠲᠠᠩᠨᠠᠨ ᠶᠡᠬᠡ ᠬᠠᠭᠠᠨ ᠤ᠋ ᠲᠥᠯᠥᠭᠡ ᠭᠡᠳᠡᠭ ᠠᠲᠠᠯ᠎ᠠ ᠪᠠᠨ ᠡᠨᠡ ᠡᠳᠦᠷ《ᠶᠡᠬᠡ ᠡᠵᠡᠨ》 ᠭᠡᠳᠡᠭ ᠲᠣᠮᠣ ᠦᠭᠡᠨ ᠳ᠋ᠦ᠍ ᠣᠭᠲᠣᠬᠠᠨ ᠴᠦ᠍ ᠳᠤᠷ᠎ᠠ ᠦᠭᠡᠢᠴᠡᠭᠰᠡᠨ ᠶᠠᠩᠵᠤ ᠦᠭᠡᠢ ᠢᠩᠭᠢᠵᠦ ᠬᠡᠯᠡᠬᠦ ᠶᠣᠰᠣᠲᠠᠢ ᠭᠡᠰᠡᠨ ᠰᠢᠭ ᠰᠠᠭᠤᠵᠤ ᠪᠠᠢᠪᠠ᠃ 
       — ᠪᠣᠭᠣᠯ ᠪᠢ ᠦᠭᠡᠨ ᠳ᠋ᠦ᠍ ᠮᠤᠩᠬᠠᠭᠯᠠᠬᠤ ᠳ᠋ᠤ᠌ ᠪᠠᠨ ᠬᠠᠮᠤᠭ ᠤ᠋ᠨ ᠤᠷᠢᠳ ᠢ᠋ᠶ᠋ᠠᠷ ᠶᠡᠬᠡ ᠡᠵᠡᠨᠲᠡᠨ ᠰᠥᠩ ᠤᠯᠤᠰ ᠢ᠋ ᠮᠥᠬᠥᠭᠡᠬᠦ ᠶᠣᠰᠣᠲᠠᠢ᠃ ᠡᠭᠦᠨ ᠢ᠋ ᠶᠠᠭᠠᠷᠠᠪᠴᠢᠯᠠᠬᠤ ᠬᠡᠷᠡᠭᠲᠡᠢ ᠪᠣᠯᠤᠯ᠎ᠠ᠃ ᠴᠠᠭᠠᠨ ᠵᠠᠩᠵᠤᠨ  ᠡᠨᠡ ᠲᠤᠬᠠᠢ ᠮᠡᠷᠭᠡᠨ ᠦᠭᠡ ᠠᠢᠯᠠᠳᠤᠭᠰᠠᠨ᠂ ᠰᠥᠩ ᠦ᠋ᠨ ᠬᠠᠭᠠᠨ ᠪᠣᠯ ᠮᠣᠩᠭᠣᠯ ᠤ᠋ᠨ ᠶᠡᠬᠡ ᠲᠥᠷᠥ ᠶ᠋ᠢᠨ ᠰᠠᠨᠠᠯ ᠪᠣᠯᠭᠠᠨ ᠲᠠᠯᠪᠢᠭᠰᠠᠨ ᠠᠷᠢᠭᠤᠨ ᠦᠭᠡ ᠶ᠋ᠢ ᠨᠢᠴᠤᠭᠠᠭᠰᠠᠨ ᠨᠢᠭᠦᠯᠲᠡᠢ᠃ ᠶᠡᠷᠦ ᠡᠴᠡ ᠪᠡᠨ ᠲᠡᠳᠡᠨ ᠦ᠌ ᠬᠠᠭᠠᠳ ᠵᠦᠭᠡᠷ ᠪᠠᠢᠵᠤ ᠴᠢᠳᠠᠳᠠᠭ ᠦᠭᠡᠢ᠂ ᠴᠠᠭ ᠡᠭᠦᠷᠢᠳᠡ ᠲᠠᠯ᠎ᠠ ᠲᠠᠯ᠎ᠠ ᠲᠠᠢᠰᠢ ᠪᠠᠨ ᠰᠥᠯᠪᠡᠭᠡᠷᠳᠡᠨ ᠬᠠᠳᠬᠤᠵᠤ ᠪᠠᠢᠳᠠᠭ ᠪᠤᠵᠠᠷ ᠮᠠᠭᠤ ᠵᠠᠩᠲᠠᠢ᠃ ᠠᠯᠲᠠᠨ ᠤᠯᠤᠰ ᠢ᠋ ᠣᠷᠣᠰᠢᠵᠤ ᠪᠠᠢᠬᠤ ᠳ᠋ᠤ᠌ ᠰᠥᠩ ᠦ᠋ᠨ ᠬᠠᠭᠠᠨ ᠡᠯᠳᠡᠪ ᠢ᠋ᠶ᠋ᠡᠷ ᠡᠳᠦᠵᠦ ᠬᠠᠳᠬᠤᠨ᠂ ᠲᠡᠢᠨ ᠳᠠᠵᠢᠨ ᠢ᠋ ᠳᠡᠭᠳᠡᠭᠡᠵᠦ ᠢᠷᠡᠭᠰᠡᠨ᠃  ᠳ᠋ᠡᠯᠢ ᠤᠯᠤᠰ᠂ ᠯᠢᠶᠣᠣ ᠤᠯᠤᠰ ᠤ᠋ᠳ ᠢ᠋ ᠢᠯᠠᠭ᠎ᠠ ᠦᠭᠡᠢ ᠵᠦᠭᠡᠷ ᠪᠠᠢᠯᠭᠠᠳᠠᠭ ᠦᠭᠡᠢ ᠪᠠᠢᠭᠰᠠᠨ᠃ ᠡᠢᠮᠦ ᠡᠴᠡ ᠰᠥᠩ ᠦ᠋ᠨ ᠬᠠᠭᠠᠨ ᠢ᠋ ᠰᠢᠭᠦᠷᠳᠡᠨ ᠬᠠᠶᠠᠬᠤ ᠶᠣᠰᠣᠲᠠᠢ᠃ ᠲᠡᠢᠮᠦ ᠬᠦᠴᠦ ᠶᠡᠬᠡ ᠡᠵᠡᠨ ᠳ᠋ᠦ᠍ ᠣᠳᠣ ᠪᠠᠰᠠ ᠪᠠᠢᠨ᠎ᠠ᠃᠁ ᠭᠡᠯ᠎ᠡ᠃ ᠡᠨᠡ ᠮᠣᠩᠭᠣᠯᠴᠤᠳ ᠶᠠᠭᠠᠬᠢᠪᠠᠴᠤ ᠰᠥᠩ ᠢ᠋ ᠪᠠᠷᠳᠠᠮ ᠳᠡᠢᠯᠦᠨ᠎ᠡ ᠭᠡᠵᠦ ᠵᠣᠣ ᠣᠪᠣᠭᠲᠤ ᠤᠨᠤᠭ᠎ᠠ ᠠᠪᠬᠤ ᠶ᠋ᠢᠨ ᠲᠤᠯᠠᠳᠠ ᠡᠨᠡ ᠦᠭᠡ ᠶ᠋ᠢ ᠬᠡᠯᠡᠵᠡᠢ᠃ 
       ᠨᠠᠢ ᠶᠤᠸᠠᠨ ᠭᠡᠳᠡᠭ ᠫᠠᠭᠳᠠᠭᠠᠷ  ᠪᠡᠶᠡᠲᠡᠢ᠂ ᠴᠠᠭᠠᠨ ᠰᠠᠬᠠᠯ ᠢ᠋ᠶ᠋ᠠᠨ ᠨᠠᠮᠢᠷᠠᠭᠤᠯᠤᠭᠰᠠᠨ ᠡᠷᠳᠡᠮᠲᠡᠨ ᠪᠣᠰᠴᠤ ᠢᠷᠡᠭᠡᠳ ᠬᠤᠪᠢᠯᠠᠢ ᠶ᠋ᠢᠨ ᠵᠦᠭ ᠲᠣᠩᠭᠣᠢᠨ ᠪᠥᠬᠥᠢᠵᠦ ᠶᠣᠰᠣ ᠬᠢᠭᠰᠡᠨ ᠢ᠋ᠶ᠋ᠡᠨ᠄ 
        — ᠶᠡᠬᠡ ᠡᠵᠡᠨ ᠳᠡᠭᠡᠳᠦᠰ ᠪᠣᠭᠣᠯ ᠨᠠᠮᠠᠶ᠋ᠢ ᠥᠷᠥᠰᠢᠶᠡᠵᠦ ᠪᠣᠯᠭᠣᠭ᠎ᠠ! ᠰᠥᠩ ᠦ᠋ᠨ ᠬᠠᠭᠠᠳ ᠮᠠᠭᠤ ᠰᠠᠨᠠᠭᠠᠲᠠᠢ ᠬᠥᠮᠦᠰ ᠰᠢᠦ᠃ ᠲᠡᠳᠡᠨ ᠦ᠌ ᠬᠢ ᠶᠡᠬᠡ ᠬᠠᠭᠠᠨ ᠢ᠋ᠶ᠋ᠠᠨ ᠤᠳᠠᠭ᠎ᠠ ᠳᠠᠷᠠᠭ᠎ᠠ ᠡᠯᠳᠡᠪ ᠠᠷᠭ᠎ᠠ ᠪᠠᠷ ᠬᠠᠯᠠᠨ ᠰᠣᠯᠢᠵᠤ ᠪᠠᠢᠨ᠎ᠠ᠃ ᠢᠩᠭᠢᠬᠦ ᠳ᠋ᠦ᠍ ᠪᠡᠨ ᠤᠯᠠᠮ ᠶᠡᠬᠡ ᠬᠠᠷ᠎ᠠ ᠳᠣᠲᠣᠷᠲᠠᠢ᠂ ᠬᠡᠷᠴᠡᠭᠡᠢ ᠬᠠᠲᠠᠭᠤ ᠬᠠᠭᠠᠨ ᠲᠠᠢ ᠪᠣᠯᠬᠤ ᠶ᠋ᠢ ᠵᠣᠷᠢᠵᠤ ᠪᠠᠢᠭ᠎ᠠ᠃ ᠪᠣᠭᠣᠯ ᠪᠢ ᠵᠣᠷᠢᠭᠤᠳᠠ ᠨᠢᠭᠡᠨ ᠵᠦᠢᠯ ᠢ᠋ ᠠᠢᠯᠠᠳᠬᠠᠬᠤ ᠳ᠋ᠤ᠌᠄ ᠤᠷᠢᠳᠤ ᠭᠠᠵᠠᠷ ᠠ᠋ᠴᠠ ᠣᠯᠵᠠᠯᠠᠭᠳᠠᠭᠰᠠᠨ ᠶᠡᠬᠡ᠂ ᠪᠠᠭ᠎ᠠ ᠬᠥᠮᠦᠨ ᠦ᠌ ᠠᠮᠠᠨ ᠥᠴᠢᠭ ᠡᠴᠡ ᠦᠵᠡᠪᠡᠯ ᠰᠥᠩ ᠦ᠋ᠨ ᠤᠳᠠᠭ᠎ᠠ ᠳᠠᠷᠠᠭ᠎ᠠ ᠣᠷᠣ ᠰᠠᠭᠤᠭᠰᠠᠨ ᠬᠠᠭᠠᠳ ᠮᠠᠨ ᠤ᠋ ᠤᠮᠠᠷᠠᠲᠤ ᠬᠢᠲᠠᠳ ᠢ᠋ ᠮᠣᠩᠭᠣᠯ ᠤ᠋ᠨ ᠬᠠᠭᠠᠳ ᠤ᠋ᠨ ᠮᠠᠲᠠᠯ ᠠ᠋ᠴᠠ ᠰᠠᠯᠠᠭᠠᠨ ᠠᠪᠴᠤ ᠥᠪᠡᠷ ᠲᠦ᠍ ᠪᠡᠨ ᠨᠢᠭᠡᠳᠬᠡᠬᠦ᠂ ᠥᠪᠡᠷᠰᠡᠳ ᠢ᠋ᠶ᠋ᠡᠨ ᠶᠡᠬᠡ  ᠬᠠᠭᠠᠳ ᠪᠣᠯᠬᠤ᠂ ᠬᠣᠢᠲᠤ ᠬᠢᠲᠠᠳ ᠤ᠋ᠨ ᠬᠥᠮᠦᠨ ᠣᠯᠠᠨ ᠢ᠋ ᠪᠣᠭᠣᠯ ᠢ᠋ᠶ᠋ᠠᠨ ᠪᠣᠯᠭᠠᠬᠤ ᠬᠠᠲᠠᠭᠤ ᠵᠣᠷᠢᠯᠭ᠎ᠠ ᠪᠠᠨ ᠪᠣᠯᠭᠠᠨ᠂ ᠲᠡᠭᠦᠨ ᠦ᠌ ᠲᠥᠯᠥᠭᠡ《ᠦᠬᠦᠬᠦ ᠡᠴᠡ ᠪᠤᠴᠠᠬᠤ ᠦᠭᠡᠢ ᠶᠠᠪᠤ》 ᠭᠡᠵᠦ ᠴᠡᠷᠢᠭ ᠲᠦ᠍ ᠪᠡᠨ ᠬᠡᠯᠡᠭᠡᠳ ᠨᠠᠭᠠᠰᠢ ᠨᠢ ᠲᠠᠪᠰᠢᠭᠤᠯᠵᠤ ᠪᠠᠢᠭ᠎ᠠ᠃ ᠲᠡᠷᠡ ᠪᠣᠯ ᠬᠡᠵᠢᠶ᠎ᠡ ᠴᠦ᠍ ᠦᠯᠦ ᠪᠡᠶᠡᠯᠡᠬᠦ ᠪᠣᠳᠣᠯᠭ᠎ᠠ ᠮᠥᠨ᠃ ᠡᠢᠮᠦ ᠪᠣᠯᠬᠣᠷ ᠰᠥᠩ ᠤᠯᠤᠰ ᠭᠡᠳᠡᠭ ᠠᠢᠯ ᠢ᠋ ᠪᠦᠷᠢᠮᠦᠰᠦᠨ ᠪᠠᠢᠬᠤ ᠦᠭᠡᠢ ᠪᠣᠯᠭᠠᠬᠤ ᠨᠢ ᠮᠠᠨ ᠤ᠋ ᠨᠡᠩ ᠲᠡᠷᠢᠭᠦᠨ ᠳ᠋ᠦ᠍ ᠭᠦᠢᠴᠡᠯᠳᠦᠭᠦᠯᠬᠦ ᠶᠡᠬᠡ ᠬᠡᠷᠡᠭ ᠮᠥᠨ᠃ ᠰᠥᠩ ᠦ᠋ᠨ ᠬᠠᠭᠠᠳ ᠮᠠᠨ ᠤ᠋ ᠮᠡᠷᠭᠡᠨ ᠳᠡᠭᠡᠳᠦ ᠭᠦᠩᠽᠢ ᠶ᠋ᠢᠨ ᠠᠢᠯᠠᠳᠤᠭᠰᠠᠨ ᠰᠤᠷᠭᠠᠯ ᠳ᠋ᠤ᠌ ᠬᠠᠷᠰᠢ ᠵᠦᠢᠯ ᠢ᠋ ᠬᠢᠵᠦ ᠪᠠᠢᠭ᠎ᠠ ᠪᠣᠯᠬᠣᠷ ᠲᠡᠷᠡ ᠠᠷᠢᠭᠤᠨ ᠶᠣᠰᠣ ᠶ᠋ᠢ ᠪᠢᠳᠡ ᠪᠠᠰᠠ ᠪᠤᠵᠠᠷᠯᠠᠭᠤᠯᠬᠤ ᠦᠭᠡᠢ ᠪᠠᠢᠬᠤ ᠶᠣᠰᠣᠲᠠᠢ᠃ ᠶᠡᠬᠡ ᠡᠵᠡᠨ ᠵᠠᠬᠢᠷᠤᠭᠴᠢ ᠲᠠᠨ ᠤ᠋ ᠵᠣᠷᠢᠵᠤ ᠪᠠᠢᠭ᠎ᠠ ᠡᠨᠡ ᠬᠡᠷᠡᠭ ᠪᠣᠯ ᠪᠤᠶᠠᠨᠲᠠᠢ ᠦᠢᠯᠡ ᠮᠥᠨ᠁ ᠭᠡᠵᠦ ᠬᠡᠯᠡᠭᠡᠳ᠂ ᠳᠠᠬᠢᠨ ᠪᠥᠬᠥᠢᠵᠦ ᠬᠦᠨᠳᠦᠳᠬᠡᠯ ᠢᠯᠡᠷᠬᠡᠢᠯᠡᠬᠦ ᠨᠢ ᠦᠨᠡᠬᠡᠷ ᠬᠤᠪᠢᠯᠠᠢ ᠶ᠋ᠢ ᠳᠡᠭᠡᠳᠦᠯᠡᠨ ᠪᠣᠢ  ᠪᠠᠢᠳᠠᠯ ᠢᠯᠡᠳᠲᠡ ᠬᠠᠷᠠᠭᠳᠠᠵᠤ ᠪᠠᠢᠪᠠ᠃ ᠥᠭᠡᠷ᠎ᠡ ᠬᠥᠮᠦᠰ ᠦᠭᠡ ᠬᠡᠯᠡᠬᠦ ᠳ᠋ᠦ᠍ ᠪᠡᠨ ᠪᠦᠭᠦᠳᠡ ᠯᠡ ᠰᠥᠩ ᠤᠯᠤᠰ ᠤ᠋ᠨ ᠬᠠᠭᠠᠨ ᠢ᠋ ᠮᠥᠬᠥᠭᠡᠶ᠎ᠡ᠃ ᠡᠨᠡ ᠬᠡᠷᠡᠭ ᠢ᠋ ᠬᠤᠷᠳᠤᠪᠴᠢᠯᠠᠶ᠎ᠠ᠃  ᠰᠥᠩ ᠦ᠋ᠨ ᠴᠡᠷᠢᠭ ᠢ᠋ ᠬᠡᠳᠦᠬᠡᠨ ᠳᠠᠭᠠᠷᠢᠯᠲᠠ ᠪᠠᠷ ᠠᠷᠴᠢᠭᠠᠳ ᠬᠠᠶᠠᠬᠤ ᠬᠦᠴᠦᠨ ᠮᠣᠩᠭᠣᠯ ᠴᠡᠷᠢᠭ ᠲᠦ᠍ ᠪᠠᠢᠨ᠎ᠠ ᠬᠢᠴᠢᠬᠡᠵᠦ ᠪᠢᠯᠡ᠃ ᠬᠤᠪᠢᠯᠠᠢ ᠬᠥᠮᠦᠰ ᠦ᠋ᠨ ᠦᠭᠡᠨ ᠳ᠋ᠦ᠍ ᠰᠡᠳᠬᠢᠯ ᠨᠢ ᠬᠠᠨᠣᠵᠤ ᠪᠠᠢᠭ᠎ᠠ ᠪᠣᠯᠪᠠᠴᠤ ᠴᠠᠭᠠᠨ᠎ᠠ ᠨᠢ ᠥᠭᠡᠷ᠎ᠡ ᠨᠢᠭᠡ ᠴᠢᠬᠤᠯᠠ ᠬᠡᠷᠡᠭ ᠲᠤᠯᠭᠠᠷᠠᠵᠤ᠂ ᠲᠡᠭᠦᠨ ᠢ᠋ ᠪᠡᠨ ᠣᠯᠠᠨ ᠤ᠋ ᠨᠢᠭᠤᠷ ᠳᠡᠭᠡᠷ᠎ᠡ ᠢᠯᠡ᠂ ᠰᠢᠭᠤᠳ ᠬᠡᠯᠡᠬᠦ ᠠᠷᠭ᠎ᠠ ᠦᠭᠡᠢ ᠨᠢ ᠵᠢᠷᠦᠬᠡᠨ ᠦ᠌ ᠬᠢᠨᠢ ᠤᠭ ᠠ᠋ᠴᠠ ᠵᠠᠩᠭᠢᠷᠴᠤ ᠪᠠᠢᠪᠠ᠃ ᠣᠯᠠᠨ ᠢ᠋ᠶ᠋ᠠᠷ ᠬᠡᠯᠡᠯᠴᠡᠬᠦ ᠬᠡᠷᠡᠭ ᠲᠡᠭᠦᠰᠴᠦ᠂ ᠡᠮᠦᠨ᠎ᠡ ᠵᠦᠭ ᠶᠠᠪᠤᠭᠤᠯᠵᠤ ᠪᠣᠢ ᠲᠡᠢᠨ ᠢ᠋ ᠪᠦᠬᠦ ᠡᠭᠡᠨᠡᠭᠡ ᠪᠡᠷ ᠬᠦᠴᠦᠲᠡᠢ ᠪᠣᠯᠭᠠᠬᠤ ᠬᠡᠷᠡᠭᠲᠡᠢ ᠭᠡᠰᠡᠨ ᠵᠦᠢᠯ ᠡᠴᠡ ᠵᠥᠪᠯᠡᠯᠳᠦᠭᠡᠨ ᠢ᠋ᠶ᠋ᠡᠷ ᠰᠢᠳᠡᠭᠳᠡᠵᠡᠢ᠃ 
       ᠬᠤᠪᠢᠯᠠᠢ ᠥᠪᠡᠷ ᠲᠦ᠍ ᠪᠡᠨ ᠵᠣᠷᠢᠭᠤᠯᠤᠭᠰᠠᠨ ᠥᠭᠡᠷ᠎ᠡ ᠨᠢᠭᠡ ᠲᠠᠰᠤᠯᠭᠠᠨ ᠳ᠋ᠤ᠌ ᠰᠢᠯᠵᠢᠨ ᠣᠷᠣᠵᠤ᠂ ᠵᠥᠭᠡᠯᠡᠨ ᠨᠠᠯᠠᠭᠠᠷ ᠳᠡᠭᠡᠷ᠎ᠡ ᠰᠠᠭᠤᠭᠠᠳ᠂ ᠴᠢᠬᠤᠯᠠᠴᠢᠯᠠᠭᠳᠠᠬᠤ ᠬᠥᠮᠦᠰ ᠢ᠋ᠶ᠋ᠡᠨ ᠭᠠᠭᠴᠠ ᠭᠠᠭᠴᠠᠭᠠᠷ ᠨᠢ ᠴᠤᠪᠤᠷᠠᠭᠤᠯᠤᠨ ᠳᠠᠭᠤᠳᠠᠵᠤ ᠠᠭᠤᠯᠵᠠᠬᠤ ᠪᠠᠷ ᠰᠢᠢᠳᠪᠡ᠃ ᠡᠬᠢᠯᠡᠭᠡᠳ ᠴᠠᠭᠠᠨ ᠵᠠᠩᠵᠤᠨ ᠢ᠋ ᠪᠠᠷᠠᠯᠬᠠᠭᠤᠯᠤᠯ᠎ᠠ᠃ ᠲᠡᠷᠡ ᠡᠷ᠎ᠡ ᠵᠣᠷᠢᠮᠠᠭ᠂ ᠬᠡᠯᠡᠬᠦ  ᠭᠡᠰᠡᠨ ᠢ᠋ᠶ᠋ᠡᠨ ᠰᠢᠭᠤᠳ ᠬᠡᠯᠡᠳᠡᠭ᠂ ᠰᠣᠯᠣᠩᠭᠣᠰ ᠣᠷᠣᠨ ᠢ᠋ ᠲᠦᠪᠰᠢᠳᠬᠡᠬᠦ ᠪᠣᠯᠤᠨ ᠵᠢᠩᠬᠢᠨᠢ ᠬᠡᠪᠲᠡᠭᠦᠯ ᠴᠡᠷᠢᠭ ᠴᠡᠷᠢᠭ ᠡᠴᠡ ᠡᠬᠢᠯᠡᠨ ᠵᠠᠩᠵᠤᠨ ᠤ᠋ ᠵᠡᠷᠭᠡ ᠳ᠋ᠦ᠍ ᠬᠦᠷᠦᠭᠰᠡᠨ ᠪᠣᠯᠬᠣᠷ ᠲᠡᠭᠦᠨ ᠲᠡᠢ ᠬᠡᠯᠡᠯᠴᠡᠬᠦ ᠵᠦᠢᠯ ᠢ᠋ᠶ᠋ᠡᠨ ᠰᠢᠭᠤᠳ ᠬᠡᠯᠡᠵᠦ ᠦᠭᠡ ᠶ᠋ᠢ ᠨᠢ ᠴᠢᠩᠨᠠᠬᠤ ᠶᠣᠰᠣᠲᠠᠢ ᠭᠡᠵᠦ ᠵᠠᠬᠢᠷᠤᠭᠴᠢ ᠪᠣᠳᠣᠵᠤ ᠪᠠᠢᠪᠠ᠃ ᠪᠠᠰᠠ ᠲᠡᠭᠦᠨ ᠳ᠋ᠦ᠍ ᠥᠨᠳᠥᠷ ᠲᠤᠰᠢᠶᠠᠯ ᠠᠮᠠᠯᠠᠬᠤ  ᠨᠢ ᠴᠢᠨᠠᠭᠰᠢᠳᠠ ᠶ᠋ᠢᠨ ᠤᠢᠯᠠᠨ ᠳ᠋ᠤ᠌ ᠢᠯᠡᠭᠦᠦ ᠪᠢᠰᠢ ᠭᠡᠵᠦ ᠬᠤᠪᠢᠯᠠᠢ ᠪᠣᠳᠣᠵᠤ ᠠᠭᠤᠯᠵᠠᠯ᠎ᠠ᠃ 
        — ᠵᠠ ᠢᠩᠭᠢᠭᠡᠳ ᠯᠡ ᠣᠷᠣᠭᠰᠢ ᠪᠠᠨ ᠰᠢᠭᠤᠷᠠᠭᠤᠯᠵᠠᠢ᠃ ᠲᠤᠯᠤᠯᠳᠤᠭᠠᠨ ᠢ᠋ ᠪᠦᠬᠦ ᠡᠩᠨᠡᠭᠡ ᠪᠡᠷ ᠶᠠᠪᠤᠭᠤᠯᠬᠤ ᠳ᠋ᠤ᠌ ᠣᠳᠣ ᠶᠠᠭᠤ ᠳᠤᠲᠠᠵᠤ ᠪᠠᠢᠨ᠎ᠠ ᠪᠣᠢ? ᠭᠡᠮᠡᠨ ᠵᠠᠬᠢᠷᠤᠭᠴᠢ ᠠᠰᠠᠭᠤᠯ᠎ᠠ᠃ 
       ᠴᠠᠭᠠᠨ ᠵᠠᠩᠵᠤᠨ ᠣᠪᠣ ᠲᠣᠪᠣᠬᠠᠨ ᠴᠣᠬᠣᠷ ᠨᠢᠭᠤᠷ ᠢ᠋ᠶ᠋ᠠᠨ ᠢᠯᠢᠵᠦ᠄ 
       — ᠪᠣᠭᠣᠯ ᠳ᠋ᠤ᠌ ᠨᠢ ᠡᠨᠡ ᠲᠠᠯ᠎ᠠ ᠪᠠᠷ ᠪᠣᠳᠣᠵᠤ ᠶᠠᠪᠤᠭ᠎ᠠ ᠵᠦᠢᠯ ᠨᠠᠯᠢᠶᠠᠨ ᠪᠣᠢ᠃ ᠵᠠᠬᠢᠷᠤᠭᠴᠢ ᠲᠠᠨ ᠳ᠋ᠤ᠌ ᠲᠡᠭᠦᠨ ᠢ᠋ ᠪᠡᠨ ᠲᠤᠰᠬᠠᠢᠯᠠᠨ ᠪᠣᠯᠭᠤᠭᠠᠯᠭᠠᠵᠤ ᠵᠠᠷᠯᠢᠭ ᠰᠣᠨᠣᠰᠬᠤ ᠰᠠᠨᠠᠭᠠᠲᠠᠢ ᠪᠠᠢᠨ᠎ᠠ ᠭᠡᠪᠡ᠃ 
        — ᠵᠠᠩᠵᠤᠨ ᠮᠢᠨᠢ! ᠢᠩᠭᠢᠬᠦ ᠳ᠋ᠦ᠍ ᠪᠢᠳᠡ ᠲᠡᠢᠨ ᠦ᠌ ᠪᠡᠨ ᠪᠠᠢᠳᠠᠯ ᠢ᠋ ᠳᠡᠭᠡᠭᠰᠢ ᠨᠢ ᠬᠡᠨ ᠳ᠋ᠦ᠍ ᠠᠢᠯᠠᠳᠬᠠᠵᠤ ᠪᠠᠢᠬᠤ ᠪᠣᠢ? ᠤᠯᠤᠰ ᠭᠦᠷᠦᠨ ᠢ᠋ ᠪᠦᠬᠦᠯᠢ ᠳ᠋ᠦ᠍ ᠨᠢ ᠲᠡᠷᠢᠭᠦᠯᠡᠵᠦ ᠪᠠᠢᠭ᠎ᠠ ᠡᠵᠡᠨ ᠦᠭᠡᠢ ᠪᠡᠷ ᠬᠡᠷᠡᠭ ᠶᠠᠪᠤᠳᠠᠯ ᠶᠠᠪᠤᠵᠤ ᠥᠭᠡᠳᠡᠯᠡᠬᠦ ᠨᠢ ᠰᠠᠭᠠᠳ ᠲᠠᠢ ᠪᠣᠯᠵᠤ ᠣᠷᠬᠢᠬᠤ ᠪᠣᠯᠪᠠ ᠤᠤ? ᠭᠡᠵᠦ ᠪᠢ ᠰᠠᠨᠠᠬᠤ ᠪᠣᠯᠤᠯ᠎ᠠ᠃ 
        — ᠵᠠᠬᠢᠷᠤᠭᠴᠢ ᠮᠢᠨᠢ! ᠲᠠ ᠶᠠᠭᠤ ᠠᠢᠯᠠᠳᠴᠤ ᠪᠠᠢᠨ᠎ᠠ ᠪᠣᠢ? ᠣᠳᠣ ᠪᠠᠷ ᠤᠯᠤᠰ ᠤ᠋ᠨ ᠡᠵᠡᠨ ᠲᠠ ᠰᠢᠦ ᠳᠡ᠃ ᠲᠠ ᠪᠣᠯ ᠥᠭᠡᠳᠡ ᠪᠣᠯᠤᠭᠴᠢ ᠬᠠᠭᠠᠨ ᠤ᠋ ᠬᠠᠮᠤᠭ ᠤ᠋ᠨ ᠲᠣᠮᠣ ᠳᠡᠭᠦᠦ ᠨᠢ᠃ ᠲᠠ ᠪᠣᠯ ᠮᠠᠨ ᠤ᠋ ᠶᠠᠪᠤᠭᠤᠯᠵᠤ ᠪᠣᠢ ᠲᠡᠢᠨ ᠢ᠋ ᠰᠢᠢᠳᠪᠦᠷᠢᠯᠡᠬᠦ ᠡᠮᠦᠨ᠎ᠡ ᠵᠦᠭ ᠢ᠋ ᠮᠡᠳᠡᠨ ᠵᠠᠬᠢᠷᠤᠭᠴᠢ ᠪᠢᠯᠡ᠃ ᠣᠳᠣ ᠴᠦ᠍ ᠲᠡᠢᠮᠦ ᠯᠡ ᠪᠠᠢᠨ᠎ᠠ᠃ ᠰᠥᠩ ᠢ᠋ ᠲᠦᠪᠰᠢᠳᠬᠡᠬᠦ ᠬᠡᠷᠡᠭ ᠢ᠋ ᠲᠠ ᠲᠡᠷᠢᠭᠦᠯᠡᠭᠰᠡᠭᠡᠷ ᠲᠡᠭᠦᠰᠬᠡᠬᠦ ᠶᠣᠰᠣᠲᠠᠢ᠃ ᠲᠡᠭᠡᠭᠡᠳ ᠲᠠ ᠡᠷᠴᠢ ᠪᠡᠷ ᠢ᠋ᠶ᠋ᠡᠨ ᠤᠯᠤᠰ ᠭᠦᠷᠦᠨ ᠢ᠋ᠶ᠋ᠡᠨ ᠲᠡᠷᠢᠭᠦᠯᠡᠬᠦ ᠤᠴᠢᠷᠲᠠᠢ ᠭᠡᠵᠦ ᠪᠢ ᠰᠠᠨᠠᠳᠠᠭ ᠭᠡᠮᠡᠨ ᠴᠠᠭᠠᠨ ᠤ᠋ ᠬᠡᠯᠡᠬᠦ ᠶ᠋ᠢ ᠨᠢ ᠥᠪᠡᠷ ᠢ᠋ ᠪᠡᠨ ᠪᠠᠶᠠᠷᠯᠠᠭᠤᠯᠵᠤ᠂ ᠴᠣᠬᠣᠮ ᠬᠦ᠌ ᠡᠨᠡ ᠦᠭᠡ ᠶ᠋ᠢ ᠯᠡ ᠲᠡᠭᠦᠨ ᠢ᠋ᠶ᠋ᠡᠷ ᠬᠡᠯᠡᠭᠦᠯᠬᠦ ᠭᠡᠰᠡᠨ ᠬᠤᠪᠢᠯᠠᠢ ᠶ᠋ᠢᠨ ᠰᠠᠨᠠᠭ᠎ᠠ ᠨᠢ ᠬᠠᠨᠤᠪᠠ ᠪᠣᠯᠤᠯᠲᠠᠢ᠃ 
        ᠵᠠᠬᠢᠷᠤᠭᠴᠢ ᠬᠡᠰᠡᠭ ᠵᠠᠭᠤᠷ᠎ᠠ ᠪᠣᠳᠣᠯᠬᠢᠯᠠᠨ ᠳᠠᠭᠤ ᠦᠭᠡᠢ ᠰᠠᠭᠤᠭᠰᠠᠨ ᠢ᠋ᠶ᠋ᠠᠨ ᠵᠠᠩᠵᠤᠨ ᠢ᠋ ᠬᠠᠷᠠᠵᠤ᠄ 
       — ᠲᠠ ᠯᠠ ᠲᠡᠢᠨ ᠦ᠌ ᠬᠡᠷᠡᠭ ᠢ᠋ ᠲᠡᠷᠢᠭᠦᠯᠡᠬᠦ ᠵᠠᠩᠵᠤᠨ ᠤ᠋ ᠨᠢᠭᠡ ᠨᠢ ᠳᠡ᠃ ᠲᠠ ᠮᠢᠨᠦ ᠨᠢᠭᠡᠨ ᠳᠡᠳ᠋ ᠵᠠᠬᠢᠷᠤᠭᠴᠢ ᠪᠠᠢᠬᠤ ᠶᠣᠰᠣᠲᠠᠢ ᠪᠢᠵᠡ᠃ ᠲᠡᠭᠡᠭᠡᠳ ᠲᠠ ᠪᠢᠳᠡ ᠬᠣᠶᠠᠷ ᠲᠤ ᠬᠡᠯᠡᠯᠴᠡᠨ ᠰᠢᠢᠳᠴᠦ ᠪᠣᠢ ᠬᠡᠷᠡᠭ ᠲᠤᠩ ᠣᠯᠠᠨ ᠪᠣᠯᠵᠤ ᠲᠠᠭᠠᠷᠠᠯ᠎ᠠ᠃ ᠪᠢ ᠲᠠᠨ ᠢ᠋ ᠲᠦᠮᠡᠲᠦ ᠶ᠋ᠢᠨ ᠨᠣᠶᠠᠨ ᠤ᠋ ᠠᠯᠪᠠᠨ ᠠ᠋ᠴᠠ ᠥᠭᠡᠷᠡᠴᠢᠯᠡᠨ᠂ ᠥᠪᠡᠷ ᠦ᠋ᠨ ᠳᠡᠷᠭᠡᠳᠡ ᠪᠠᠢᠪᠠᠯ ᠢᠯᠡᠭᠦᠦ ᠶᠡᠬᠡ ᠳᠠᠭᠠᠭᠠᠴᠠᠲᠠᠢ ᠪᠠᠢᠬᠤ ᠪᠣᠯᠪᠠ ᠤᠤ ᠭᠡᠵᠦ ᠪᠠᠰᠠ ᠪᠣᠳᠣᠨᠠᠮ ᠭᠡᠪᠡᠯ᠂ ᠴᠠᠭᠠᠨ ᠵᠠᠩᠵᠤᠨ ᠦᠰᠦ ᠭᠡᠵᠢᠭᠡ ᠪᠡᠨ ᠢᠯᠢᠵᠦ ᠪᠣᠳᠣᠯᠬᠢᠯᠠᠭᠠᠳ᠄ 
       — ᠲᠠᠨ ᠤ᠋ ᠵᠠᠷᠯᠢᠭ ᠲᠤ ᠪᠢ ᠪᠢᠰᠢᠷᠡᠵᠦ ᠪᠠᠢᠨ᠎ᠠ ᠭᠡᠪᠡ᠃ 
       ᠴᠠᠭᠠᠨ ᠨᠠᠰᠤ ᠪᠠᠷ ᠨᠡᠯᠢᠶᠡᠨ ᠠᠬ᠎ᠠ ᠪᠣᠯᠬᠣᠷ ᠬᠤᠪᠢᠯᠠᠢ ᠲᠡᠭᠦᠨ ᠢ᠋ ᠠᠬ᠎ᠠ ᠭᠡᠬᠦ ᠨᠢ ᠵᠦᠢ᠃ ᠬᠤᠪᠢᠯᠠᠢ ᠡᠨᠡ ᠵᠠᠩᠵᠤᠨ ᠢ᠋ ᠥᠪᠡᠷ ᠢ᠋ ᠪᠡᠨ ᠪᠦᠷᠢᠨ ᠳᠡᠮᠵᠢᠬᠦ ᠶᠦᠮ ᠪᠠᠢᠨ᠎ᠠ ᠭᠡᠳᠡᠭ ᠢ᠋ ᠯᠠᠪᠲᠠᠢ ᠮᠡᠳᠡᠵᠦ ᠠᠪᠤᠭᠠᠳ ᠰᠡᠳᠬᠢᠯ ᠨᠢ ᠬᠠᠨᠤᠵᠤ 
       — ᠵᠠᠩᠵᠤᠨ ᠲᠠ ᠶᠠᠮᠠᠷ ᠴᠦ᠍ ᠪᠣᠯᠤᠭᠰᠠᠨ ᠲᠡᠢᠨ ᠦ᠌ ᠪᠡᠨ ᠪᠡᠯᠡᠳᠬᠡᠯ ᠦ᠋ᠨ ᠲᠤᠬᠠᠢ ᠵᠦᠢᠯ ᠢ᠋ᠶ᠋ᠡᠨ ᠶᠠᠭᠠᠷᠠᠪᠴᠢᠯᠠᠨ ᠪᠣᠳᠣᠭᠠᠳ ᠨᠠᠳᠠᠲᠠᠢ ᠮᠠᠷᠭᠠᠰᠢ ᠳᠠᠬᠢᠨ ᠠᠭᠤᠯᠵᠠᠨ᠎ᠠ ᠤᠤ ᠭᠡᠯ᠎ᠡ᠃ ᠴᠠᠭᠠᠨ ᠡᠨᠡ ᠦᠭᠡ ᠶ᠋ᠢ ᠵᠥᠪᠰᠢᠶᠡᠷᠡᠨ ᠭᠠᠷᠴᠤ ᠣᠳᠪᠠ᠃ 
       ᠬᠤᠪᠢᠯᠠᠢ ᠵᠣᠣ ᠪᠢ ᠲᠦᠰᠢᠮᠡᠯ ᠲᠡᠢ ᠠᠭᠤᠯᠵᠠᠬᠤ ᠶ᠋ᠢ ᠶᠠᠭᠠᠷᠠᠵᠤ ᠪᠢᠯᠡ᠃ ᠤᠴᠢᠷ ᠨᠢ ᠡᠨᠡ ᠲᠦᠰᠢᠮᠡᠯ ᠬᠢᠲᠠᠳ ᠨᠣᠶᠠᠳ ᠤ᠋ᠨ ᠳᠣᠲᠣᠷ᠎ᠠ ᠬᠠᠮᠤᠭ ᠤ᠋ᠨ ᠶᠡᠬᠡ ᠨᠥᠯᠥᠭᠡᠲᠡᠢ ᠪᠠᠢᠯ᠎ᠠ᠃ ᠵᠠᠬᠢᠷᠤᠭᠴᠢ《ᠪᠠᠭᠰᠢ》 ᠲᠦᠰᠢᠮᠡᠯ ᠲᠡᠢ ᠪᠡᠨ ᠪᠤᠯᠠᠭ᠎ᠠ ᠬᠠᠯᠢᠭᠤ ᠮᠡᠲᠦ ᠠᠭᠠᠰᠢ ᠭᠠᠷᠭᠠᠨ ᠤᠭᠲᠤᠵᠤ ᠠᠭᠤᠯᠵᠠᠪᠠ᠃ 
       ᠲᠡᠭᠡᠬᠦ ᠳ᠋ᠦ᠍ ᠪᠡᠨ ᠬᠡᠨ ᠬᠡᠨ ᠨᠢ ᠴᠣᠬᠣᠮ ᠶᠠᠭᠤ ᠶᠠᠷᠢᠬᠤ ᠭᠡᠵᠦ ᠪᠠᠢᠭ᠎ᠠ ᠪᠠᠨ ᠳᠣᠲᠣᠷ᠎ᠠ ᠪᠠᠨ ᠮᠡᠳᠡᠵᠦ ᠪᠠᠢᠪᠠᠴᠤ ᠲᠡᠷᠡ ᠬᠡᠷᠡᠭ ᠢ᠋ᠶ᠋ᠡᠨ ᠰᠢᠭᠤᠳ ᠭᠠᠷᠭᠠᠨ ᠬᠡᠯᠡᠬᠦ ᠳ᠋ᠦ᠍ ᠡᠬᠢᠯᠡᠭᠡᠳ ᠵᠢᠭᠠᠬᠠᠨ ᠨᠢᠭᠤᠷ ᠬᠠᠯᠠᠭᠠᠳ ᠪᠠᠢᠯ᠎ᠠ᠃ 
       ᠬᠤᠪᠢᠯᠠᠢ ᠱᠠᠨᠳᠦ᠋ᠩ ᠭᠠᠵᠠᠷ ᠤ᠋ᠨ ᠱᠦᠭᠦᠮᠡᠯ ᠴᠠᠢ ᠠᠪᠴᠢᠷᠠᠭᠤᠯᠤᠨ ᠳᠡᠷᠭᠡᠳᠡ ᠪᠡᠨ ᠲᠠᠯᠪᠢᠵᠤ ᠲᠤᠬᠠᠯᠠᠨ ᠰᠠᠭᠤᠭᠠᠳ ᠡᠨᠡ ᠲᠡᠷᠡᠬᠡᠨ ᠢ᠋ ᠥᠭᠦᠯᠡᠨ ᠪᠠᠢᠭᠰᠠᠨ ᠢ᠋ᠶ᠋ᠠᠨ ᠬᠡᠨᠡᠭ ᠦᠭᠡᠢ ᠴᠢᠷᠠᠢᠯᠠᠨ᠄  
       — ᠪᠢᠳᠡᠨ ᠢ᠋ ᠰᠥᠩ ᠤᠯᠤᠰ ᠢ᠋ ᠲᠦᠪᠰᠢᠳᠬᠡᠬᠦ ᠳ᠋ᠦ᠍ ᠳᠡᠭᠡᠷ᠎ᠡ ᠡᠴᠡ ᠴᠢᠭᠯᠡᠭᠦᠯᠬᠦ ᠡᠵᠡᠨ ᠬᠡᠷᠡᠭᠲᠡᠢ ᠪᠣᠯᠤᠭᠠᠳ ᠪᠠᠢᠨ᠎ᠠ᠃ ᠶᠠᠭᠤᠮ᠎ᠠ ᠪᠦᠭᠦᠳᠡ ᠶ᠋ᠢ ᠰᠡᠯᠡᠮ᠎ᠡ ᠶ᠋ᠢᠨ ᠢᠷ ᠢ᠋ᠶ᠋ᠡᠷ ᠴᠠᠪᠴᠢᠨ ᠲᠠᠭᠠᠷᠠᠭᠤᠯᠵᠤ ᠪᠣᠯᠬᠤ ᠦᠭᠡᠢ ᠳᠡ ᠠ᠋ ᠭᠡᠪᠡᠯ ᠵᠣᠣ ᠪᠢ ᠲᠦᠰᠢᠮᠡᠯ ᠲᠤᠷᠠᠩᠬᠠᠢ ᠭᠠᠷ ᠢ᠋ᠶ᠋ᠠᠷ ᠢ᠋ᠶ᠋ᠠᠨ ᠰᠠᠬᠠᠯ ᠢ᠋ᠶ᠋ᠠᠨ ᠵᠠᠰᠠᠵᠤ ᠢᠨᠢᠶᠡᠭᠡᠳ᠄ 
       — ᠲᠠ ᠶᠡᠬᠡ ᠮᠡᠷᠭᠡᠨ ᠢ᠋ᠶ᠋ᠡᠷ ᠠᠢᠯᠠᠳᠴᠤ ᠪᠠᠢᠨ᠎ᠠ᠃ ᠰᠡᠯᠡᠮ᠎ᠡ ᠶ᠋ᠢᠨ ᠢᠷ ᠢ᠋ᠶ᠋ᠡᠷ ᠨᠢᠭᠡ ᠤᠳᠠᠭ᠎ᠠ ᠪᠤᠰᠤᠳ ᠤ᠋ᠨ ᠶᠠᠪᠤᠬᠤ ᠵᠦᠭ ᠢ᠋ ᠵᠢᠭᠠᠵᠤ ᠪᠣᠯᠤᠨ᠎ᠠ᠃ ᠬᠣᠶᠠᠷ ᠲᠠᠬᠢ ᠤᠳᠠᠭ᠎ᠠ ᠪᠠᠨ ᠪᠣᠯᠬᠤ ᠦᠭᠡᠢ ᠰᠢᠦ᠃ ᠶᠠᠭᠤᠮ᠎ᠠ ᠨᠠᠷᠢᠨ᠂ ᠬᠥᠮᠦᠨ ᠤᠬᠠᠭᠠᠨᠲᠠᠢ᠂ ᠬᠡᠷᠡᠭ ᠶᠠᠪᠤᠳᠠᠯ ᠬᠡᠴᠡᠭᠦᠦ᠃ ᠳᠡᠭᠡᠷ᠎ᠡ ᠡᠴᠡ ᠴᠢᠭᠯᠡᠭᠦᠯᠦᠨ ᠵᠢᠭᠠᠵᠤ ᠪᠠᠢᠬᠤ ᠡᠵᠡᠨ ᠭᠡᠪᠡᠯ ᠲᠠ ᠪᠠᠢᠨ᠎ᠠ ᠰᠢᠦ ᠳᠡ᠃ ᠲᠠ ᠪᠣᠯ ᠡᠷᠳᠡᠮ ᠴᠢᠳᠠᠯᠲᠠᠢ᠂ ᠤᠬᠠᠭᠠᠨ ᠲᠡᠭᠦᠯᠳᠡᠷ᠂ ᠰᠦᠷ ᠵᠢᠪᠬᠤᠯᠠᠩ ᠢ᠋ ᠪᠠᠳᠠᠷᠠᠭᠠᠭᠰᠠᠨ ᠶᠡᠬᠡ ᠬᠥᠮᠦᠨ᠃ ᠲᠠᠨ ᠢ᠋ ᠬᠥᠮᠦᠨ ᠪᠣᠯᠭᠠᠨ ᠬᠦᠨᠳᠦᠯᠡᠨ ᠦᠵᠡᠳᠡᠭ᠃ ᠪᠢ ᠡᠨᠡ ᠦᠭᠡ ᠶ᠋ᠢ ᠲᠠᠨ ᠤ᠋ ᠨᠢᠭᠤᠷ ᠳᠡᠭᠡᠷ᠎ᠡ ᠵᠤᠯᠭᠤᠢᠳᠠᠨ ᠬᠡᠯᠡᠵᠦ ᠰᠠᠭᠤᠭ᠎ᠠ ᠶᠠᠭᠤᠮ᠎ᠠ ᠪᠢᠰᠢ᠃ ᠪᠢ ᠡᠨᠡ ᠦᠭᠡ ᠪᠡᠨ ᠬᠠᠮᠢᠭ᠎ᠠ ᠴᠦ᠍ ᠬᠡᠯᠡᠨ᠎ᠡ᠃ ᠨᠥᠭᠦᠭᠡ ᠭᠡᠪᠡᠯ ᠶᠡᠬᠡ ᠭᠦᠷᠦᠨ ᠵᠠᠪᠠᠯ ᠡᠵᠡᠨ ᠲᠡᠢ ᠪᠠᠢᠬᠤ ᠶᠣᠰᠣᠲᠠᠢ᠃ ᠡᠵᠡᠨ ᠬᠠᠭᠠᠨ ᠦᠭᠡᠢ ᠪᠣᠯ ᠬᠥᠮᠦᠨ ᠬᠥᠮᠦᠨ ᠳᠤᠷ᠎ᠠ ᠪᠠᠷ ᠢ᠋ᠶ᠋ᠠᠨ ᠪᠣᠯᠵᠤ ᠤᠯᠤᠰ ᠣᠷᠣᠨ ᠵᠠᠳᠠᠷᠠᠬᠤ ᠳ᠋ᠤ᠌ ᠬᠦᠷᠦᠨ᠎ᠡ᠃ ᠡᠨᠡ ᠪᠣᠯ ᠭᠠᠷᠴᠠᠭ᠎ᠠ ᠦᠭᠡᠢ᠃ ᠲᠠ ᠪᠣᠯᠭᠣᠭᠠᠯ ᠳᠠ᠃ ᠥᠭᠡᠳᠡᠢ ᠬᠠᠭᠠᠨ ᠤ᠋ ᠳᠠᠷᠠᠭ᠎ᠠ ᠶᠠᠭᠤ ᠪᠣᠯᠤᠯ᠎ᠠ᠃ ᠬᠠᠲᠤᠨ ᠠᠬᠠᠢ ᠵᠣᠷᠢᠭ ᠢ᠋ᠶ᠋ᠠᠷ ᠢ᠋ᠶ᠋ᠠᠨ ᠠᠯᠪᠠᠨ ᠲᠠᠲᠠᠪᠤᠷᠢ ᠶᠡᠬᠡ ᠳᠡᠭᠳᠡᠭᠡᠭᠰᠡᠨ᠃  ᠬᠥᠶᠦᠭ ᠬᠠᠭᠠᠨ ᠲᠠᠭᠠᠯᠠᠯ ᠲᠡᠭᠦᠰᠬᠦ ᠳ᠋ᠦ᠍ ᠨᠣᠶᠠᠳ ᠲᠦᠰᠢᠮᠡᠳ ᠨᠠᠷ ᠲᠠᠨᠢ ᠪᠦᠷ ᠳᠤᠷ᠎ᠠ ᠪᠠᠷ ᠢ᠋ᠶ᠋ᠠᠨ ᠲᠤᠷᠭᠢᠬᠤ ᠪᠣᠯᠤᠭᠰᠠᠨ᠃ ᠲᠡᠭᠡᠭᠡᠳ ᠲᠠᠨ ᠤ᠋ ᠠᠬ᠎ᠠ ᠬᠠᠭᠠᠨ ᠪᠣᠯᠣᠮᠠᠭᠴᠠ ᠪᠠᠨ ᠪᠠᠷᠤᠭ ᠯᠠ ᠳᠣᠲᠣᠷ᠎ᠠ ᠪᠠᠨ ᠲᠡᠢᠨ ᠬᠢᠬᠦ ᠰᠢᠬᠠᠨ ᠪᠠᠢᠵᠤ ᠬᠠᠲᠠᠭᠤ ᠭᠠᠷ ᠭᠠᠷᠭᠠᠨ ᠤᠯᠤᠰ ᠢ᠋ᠶ᠋ᠠᠨ ᠡᠮᠬᠢᠯᠡᠵᠦ ᠠᠪᠤᠭᠰᠠᠨ᠃ ᠶᠠᠮᠠᠷ ᠰᠠᠢᠬᠠᠨ ᠳ᠋ᠤ᠌ ᠪᠠᠨ ᠮᠥᠩᠬᠡ ᠠᠬ᠎ᠠ ᠲᠠᠨᠢ ᠣᠷᠣ ᠰᠠᠭᠤᠮᠠᠭᠴᠠ ᠪᠠᠨ ᠳᠠᠯᠠᠨ ᠨᠠᠢ᠍ᠮᠠᠨ ᠨᠣᠶᠠᠨ ᠢ᠋ ᠴᠠᠭᠠᠵᠠ ᠪᠠᠷ ᠠᠪᠬᠠᠭᠤᠯᠵᠤ ᠪᠠᠢᠬᠤ ᠪᠣᠢ᠃ ᠡᠢᠮᠦ ᠪᠠᠢᠳᠠᠯ ᠳ᠋ᠤ᠌ ᠳᠠᠬᠢᠭᠠᠳ ᠣᠳᠣ ᠣᠷᠣᠵᠤ ᠪᠣᠯᠬᠤ ᠦᠭᠡᠢ ᠭᠡᠵᠦ ᠶᠠᠷᠢᠯ᠎ᠠ᠃  
       ᠵᠠᠬᠢᠷᠤᠭᠴᠢ ᠲᠦᠰᠢᠮᠡᠯ ᠦ᠋ᠨ ᠦᠭᠡ ᠶ᠋ᠢ ᠳᠠᠭᠤ ᠦᠭᠡᠢ ᠰᠠᠭᠤᠵᠤ ᠴᠢᠩᠨᠠᠨ᠎ᠠ᠃ ᠲᠡᠳᠡ ᠪᠡᠶ᠎ᠡ ᠪᠡᠶ᠎ᠡ ᠪᠡᠨ ᠬᠠᠷᠠᠭᠠᠳ ᠬᠡᠰᠡᠭ ᠵᠠᠭᠤᠷ᠎ᠠ ᠭᠠᠢᠬᠠᠭᠰᠠᠨ ᠮᠡᠲᠦ᠂ ᠪᠣᠳᠣᠯᠭᠠᠰᠢᠷᠠᠭᠰᠠᠨ ᠪᠠᠢᠳᠠᠯ ᠢ᠋ᠶ᠋ᠠᠷ ᠰᠠᠭᠤᠵᠤ᠂ ᠴᠠᠢ ᠪᠠᠯᠭᠠᠳ᠂ ᠠᠷᠰᠯᠠᠩᠲᠤ ᠲᠢᠪ ᠡᠴᠡ ᠠᠪᠴᠢᠷᠠᠭᠰᠠᠨ ᠠᠮᠲᠠᠲᠤ ᠵᠢᠮᠢᠰ ᠢᠳᠡᠨ᠎ᠡ᠃ ᠬᠤᠪᠢᠯᠠᠢ ᠨᠢᠭᠡ ᠶ᠋ᠢ ᠰᠠᠨᠠᠪᠠ ᠪᠣᠯᠤᠯᠲᠠᠢ᠂ ᠬᠣᠭᠣᠯᠠᠢ ᠪᠠᠨ ᠵᠠᠰᠠᠭᠠᠳ《ᠪᠠᠭᠰᠢ》 ᠶ᠋ᠢ ᠪᠡᠨ ᠠᠬᠢᠭᠤᠯᠤᠨ ᠬᠠᠷᠠᠵᠤ᠄ 
       — ᠲᠠᠨ ᠤ᠋ ᠠᠢᠯᠠᠳᠬᠠᠯ ᠢ᠋ ᠪᠢ ᠣᠢᠯᠠᠭᠠᠵᠤ ᠪᠠᠢᠨ᠎ᠠ᠃ ᠲᠡᠭᠡᠬᠦ ᠳ᠋ᠦ᠍ ᠡᠵᠡᠨ ᠪᠠᠢᠨ᠎ᠠ ᠭᠡᠳᠡᠭ ᠴᠢᠨᠢ ᠮᠢᠨᠦ ᠳᠤᠷ᠎ᠠ ᠶ᠋ᠢᠨ ᠬᠡᠷᠡᠭ ᠪᠢᠰᠢ ᠰᠢᠦ ᠳᠡ᠃ ᠴᠣᠬᠣᠮ ᠳᠡᠭᠡᠷ᠎ᠡ ᠪᠡᠨ ᠪᠣᠯ ᠮᠢᠨᠦ ᠠᠬ᠎ᠠ ᠬᠠᠭᠠᠨ ᠰᠡᠷᠡᠭᠦᠨ ᠲᠤᠩᠭᠠᠯᠠᠭ ᠪᠠᠢᠬᠤ ᠳ᠋ᠤ᠌ ᠪᠠᠨ ᠥᠪᠡᠷ ᠦ᠋ᠨ ᠢ᠋ᠶ᠋ᠡᠨ ᠣᠷᠣ ᠶ᠋ᠢ ᠲᠣᠮᠢᠯᠠᠵᠤ ᠣᠷᠬᠢᠭᠰᠠᠨ ᠪᠠᠢᠭ᠎ᠠ ᠰᠢᠦ ᠭᠡᠪᠡ᠃ 
       ᠵᠣᠣ ᠪᠢ ᠲᠦᠰᠢᠮᠡᠯ ᠢᠷᠪᠠᠢᠵᠤ ᠲᠣᠯᠣᠭᠠᠢ ᠰᠡᠭᠰᠦᠷᠦᠭᠡᠳ᠂ ᠬᠤᠷᠤᠭᠤ ᠭᠣᠵᠣᠢᠯᠭᠠᠨ᠄ 
       — ᠲᠠ ᠰᠡᠳᠬᠢᠯ ᠦ᠋ᠨ ᠬᠠᠲᠠᠭᠤ ᠲᠡᠪᠴᠢᠶᠡᠷᠢᠲᠡᠢ ᠪᠠᠢᠬᠤ ᠤᠴᠢᠷᠲᠠᠢ᠃ ᠲᠠᠨ ᠢ᠋ ᠡᠵᠡᠨ ᠰᠠᠭᠤᠬᠤ ᠳ᠋ᠤ᠌ ᠰᠠᠭᠠᠳ ᠪᠠᠢᠭ᠎ᠠ ᠨᠢ ᠦᠨᠡᠨ᠃ ᠡᠭᠦᠨ ᠢ᠋ ᠲᠠ ᠵᠥᠪ ᠪᠣᠯᠭᠣᠭᠠᠵᠤ ᠪᠣᠳᠣᠭᠰᠠᠨ ᠪᠠᠢᠨ᠎ᠠ᠃ ᠭᠡᠪᠡᠴᠦ ᠪᠢᠳᠡ ᠤᠷ᠎ᠠ ᠤᠬᠠᠭᠠᠨ᠂ ᠠᠷᠭ᠎ᠠ ᠮᠡᠬᠡ᠂ ᠬᠡᠷᠡᠭ ᠶᠠᠪᠤᠳᠠᠯ ᠢ᠋ ᠣᠳᠣ ᠯᠠ ᠨᠠᠷᠢᠨ ᠲᠤᠩᠭᠠᠭᠠᠵᠤ ᠦᠵᠡᠬᠦ ᠶᠣᠰᠣᠲᠠᠢ᠃ ᠲᠠᠨ ᠳ᠋ᠤ᠌ ᠪᠠᠰᠠ ᠴᠡᠷᠢᠭ ᠣᠯᠠᠨ ᠪᠣᠢ ᠶ᠋ᠢ ᠴᠦ᠍ ᠰᠠᠨᠠᠬᠤ ᠳ᠋ᠤ᠌ ᠢᠯᠡᠭᠦᠦ ᠵᠦᠢᠯ ᠪᠢᠰᠢ᠃ ᠪᠣᠯᠭᠠᠶ᠎ᠠ ᠭᠡᠪᠡᠯ ᠪᠣᠯᠬᠤ ᠦᠭᠡᠢ ᠶᠠᠭᠤᠮ᠎ᠠ ᠪᠠᠢᠬᠤ ᠦᠭᠡᠢ᠃ ᠲᠠᠨ ᠤ᠋ ᠮᠣᠩᠭᠣᠯ ᠳ᠋ᠤ᠌《ᠡᠵᠡᠨ ᠬᠢᠴᠢᠶᠡᠪᠡᠯ ᠵᠠᠶᠠᠭ᠎ᠠ ᠬᠢᠴᠢᠶᠡᠨ᠎ᠡ》 ᠭᠡᠳᠡᠭ ᠨᠢᠭᠡ ᠮᠡᠷᠭᠡᠨ ᠦᠭᠡ ᠪᠠᠰᠠ ᠪᠣᠢ ᠶ᠋ᠢ ᠮᠠᠷᠲᠠᠵᠤ ᠪᠣᠯᠬᠤ ᠦᠭᠡᠢ ᠭᠡᠪᠡ᠃ ᠬᠤᠪᠢᠯᠠᠢ ᠡᠨᠡ ᠪᠠᠭᠰᠢ ᠪᠣᠯ ᠲᠥᠷᠥ ᠶ᠋ᠢᠨ ᠪᠣᠳᠣᠯᠭ᠎ᠠ ᠳ᠋ᠤ᠌ ᠬᠠᠮᠤᠭ ᠤ᠋ᠨ ᠬᠠᠰᠢᠷ ᠮᠡᠷᠭᠡᠨ ᠨᠢ ᠳᠡ ᠭᠡᠵᠦ ᠪᠣᠳᠣᠭᠠᠳ ᠰᠠᠬᠠᠯ ᠢ᠋ᠶ᠋ᠠᠨ ᠢᠯᠪᠢᠨ ᠰᠠᠭᠤᠭᠰᠠᠨ ᠢ᠋ᠶ᠋ᠠᠨ᠄ 
       — ᠮᠡᠷᠭᠡᠨ ᠪᠠᠭᠰᠢ ᠮᠢᠨᠢ! ᠲᠠ ᠲᠡᠭᠡᠪᠡᠯ ᠪᠢ ᠶᠠᠭᠠᠬᠢᠬᠤ ᠶᠣᠰᠣᠲᠠᠢ ᠠᠷᠭ᠎ᠠ ᠤᠴᠢᠷ ᠢ᠋ ᠨᠠᠷᠢᠨ ᠲᠤᠩᠭᠠᠭᠠᠵᠤ ᠪᠣᠯᠭᠣᠭᠠᠭᠠᠳ᠂ ᠳᠠᠷᠤᠢᠬᠠᠨ ᠨᠠᠳᠠᠳᠤ ᠠᠢᠯᠠᠳᠴᠤ ᠬᠠᠢᠷᠠᠯᠠᠪᠠᠯ ᠶᠠᠮᠠᠷ ᠪᠣᠯ? ᠰᠢᠭᠤᠳ ᠬᠡᠯᠡᠬᠦ ᠳ᠋ᠦ᠍ ᠪᠢ ᠲᠠᠨ ᠤ᠋ ᠤᠬᠠᠭᠠᠨ ᠢ᠋ ᠯᠡ ᠰᠣᠨᠣᠰᠤᠮᠠᠷ ᠪᠠᠢᠨ᠎ᠠ ᠭᠡᠵᠦ ᠠᠯᠪᠠ ᠪᠠᠷ ᠴᠢᠷᠠᠢ ᠪᠠᠨ ᠲᠥᠪ ᠪᠣᠯᠭᠠᠨ ᠬᠡᠯᠡᠪᠡ᠃ ᠶᠡᠷᠦ ᠨᠢ ᠬᠤᠪᠢᠯᠠᠢ ᠬᠡᠵᠢᠶᠡᠨ ᠦ᠌ ᠲᠥᠪ ᠪᠥᠭᠡᠳ ᠬᠡᠨᠡᠭ ᠦᠭᠡᠢ ᠴᠢᠷᠠᠢ ᠲᠠᠢ᠂ ᠴᠤᠬᠠᠭ ᠬᠡᠷᠡᠭ ᠶᠠᠪᠤᠳᠠᠯ ᠲᠣᠬᠢᠶᠠᠯᠳᠤᠬᠤ ᠳ᠋ᠤ᠌ ᠲᠡᠷᠡ ᠪᠠᠢᠳᠠᠯ ᠨᠢ ᠠᠯᠳᠠᠭᠳᠠᠳᠠᠭ ᠦᠭᠡᠢ᠃
       — ᠠᠢ ᠂ ᠪᠣᠭᠣᠯ ᠪᠢ ᠤᠬᠠᠭᠠᠨ ᠪᠠᠯᠠᠷ ᠰᠢᠦ᠃  ᠭᠡᠬᠦ ᠳ᠋ᠦ᠍ ᠪᠡᠨ ᠡᠵᠡᠨ ᠲᠠᠨ ᠤ᠋ ᠲᠠᠭᠠᠯᠠᠯ ᠶᠣᠰᠣᠭᠠᠷ ᠤᠭ ᠬᠡᠷᠡᠭ ᠢ᠋ ᠴᠢᠩᠳᠠᠯᠠᠨ ᠪᠣᠳᠣᠵᠤ ᠦᠵᠡᠭᠡᠳ ᠲᠠᠨ ᠳ᠋ᠤ᠌ ᠬᠣᠶᠠᠷ ᠬᠣᠨᠣᠭ ᠤ᠋ᠨ ᠳᠠᠷᠠᠭ᠎ᠠ ᠠᠢᠯᠠᠳᠴᠤ ᠪᠣᠯᠬᠤ ᠰᠠᠨ ᠪᠣᠯᠪᠠ ᠤᠤ ?  ᠭᠡᠮᠡᠨ ᠵᠣᠣ ᠪᠢ ᠶᠡᠬᠡᠳᠡ ᠬᠦᠨᠳᠦᠯᠡᠭᠰᠡᠨ ᠪᠠᠢᠳᠠᠯ ᠢ᠋ᠶ᠋ᠠᠷ ᠪᠥᠬᠥᠢᠵᠦ ᠬᠡᠯᠡᠪᠡ᠃ 
       ᠲᠡᠷᠡ ᠭᠠᠷᠴᠤ ᠡᠦᠲᠦᠯ᠎ᠡ᠃ 
       ᠰᠠᠶᠢ ᠶ᠋ᠢᠨ ᠬᠣᠶᠠᠷ ᠬᠥᠮᠦᠨ ᠦ᠌ ᠦᠭᠡᠨ ᠳ᠋ᠦ᠍ ᠬᠤᠪᠢᠯᠠᠢ ᠶ᠋ᠢᠨ ᠰᠡᠳᠬᠢᠯ ᠶᠡᠬᠡᠳᠡ ᠳᠣᠭᠳᠣᠯᠵᠠᠢ᠃ 
       — ᠵᠠ ᠪᠠᠢᠵᠠ !  ᠡᠨᠡ ᠬᠥᠮᠦᠰ ᠦ᠋ᠨ ᠬᠡᠯᠡᠵᠦ ᠪᠠᠢᠭ᠎ᠠ ᠦᠭᠡ ᠴᠠᠭᠠᠨ᠎ᠠ ᠪᠠᠨ ᠬᠢᠷᠢ ᠶᠠᠪᠤᠴᠠ ᠲᠠᠢ᠂ ᠥᠭᠡᠷ᠎ᠡ ᠪᠤᠰᠤᠳ ᠬᠥᠮᠦᠰ ᠶᠠᠭᠤ ᠭᠡᠵᠦ ᠪᠣᠳᠣᠵᠤ ᠪᠠᠢᠭ᠎ᠠ ᠶ᠋ᠢ ᠪᠢ ᠮᠡᠳᠡᠬᠦ ᠶᠣᠰᠣᠲᠠᠢ ᠪᠣᠯᠤᠯ᠎ᠠ ᠭᠡᠵᠦ ᠲᠡᠷᠡ ᠭᠠᠭᠴᠠᠭᠠᠷ ᠢ᠋ᠶ᠋ᠠᠨ ᠶᠠᠷᠢᠭᠰᠠᠨ ᠢ᠋ᠶ᠋ᠠᠨ᠂ ᠬᠠᠮᠤᠭ ᠤ᠋ᠨ ᠬᠠᠰᠢᠷ ᠳᠣᠬᠢ᠂ ᠨᠠᠰᠤ ᠪᠠᠷ ᠴᠦ᠍ ᠠᠬᠢᠮᠠᠭ᠂ ᠬᠠᠯᠠ ᠦᠵᠡᠵᠦ ᠵᠣᠪᠠᠯᠠᠩ ᠵᠢᠷᠭᠠᠯ ᠢ᠋ ᠮᠡᠳᠡᠬᠦ ᠪᠣᠯᠤᠭᠰᠠᠨ᠂ ᠭᠦᠨ ᠤᠬᠠᠭᠠᠨᠲᠠᠨ ᠪᠠᠭᠰᠢ ᠨᠠᠢ ᠶᠤᠸᠠᠨ ᠲᠠᠢ ᠠᠭᠤᠯᠵᠠᠴᠤ ᠦᠭᠡ ᠶ᠋ᠢ ᠨᠢ ᠰᠣᠨᠣᠰᠤᠶ᠎ᠠ᠃  ᠮᠣᠩᠭᠣᠯ᠂ ᠬᠢᠲᠠᠳ ᠬᠥᠮᠦᠰ ᠪᠦᠭᠦᠳᠡᠭᠡᠷ ᠢ᠋ᠶ᠋ᠡᠨ ᠨᠠᠮᠠᠶ᠋ᠢ ᠣᠷᠣ ᠰᠠᠭᠤᠬᠤ ᠶᠣᠰᠣᠲᠠᠢ ᠭᠡᠵᠦ ᠪᠣᠳᠣᠵᠤ ᠪᠠᠢᠭ᠎ᠠ ᠶᠤᠮ ᠤᠤ᠂ ᠠᠯᠢ ᠠᠭᠤᠯᠵᠠᠭᠰᠠᠨ ᠬᠡᠳᠦ ᠯᠡ ᠨᠠᠳᠠᠳᠤ ᠬᠣᠭᠣᠰᠣᠨ ᠲᠠᠯ᠎ᠠ ᠥᠭᠴᠦ ᠪᠠᠢᠨ᠎ᠠ ᠤᠤ ?  ᠭᠡᠵᠦ ᠭᠠᠭᠴᠠᠭᠠᠷ ᠢ᠋ᠶ᠋ᠠᠨ ᠪᠠᠰᠠ ᠰᠢᠪᠡᠨᠡᠨ ᠰᠠᠭᠤᠭᠰᠠᠨ ᠢ᠋ᠶ᠋ᠠᠨ ᠡᠪᠦᠭᠡᠨ ᠪᠠᠭᠰᠢ ᠶᠢ ᠪᠡᠨ ᠳᠠᠭᠤᠳᠠᠭᠤᠯᠤᠯ᠎ᠠ᠃ 
       ᠪᠥᠭᠲᠥᠷ ᠨᠢᠷᠤᠭᠤ ᠲᠠᠢ᠂ ᠵᠢᠷᠭᠤᠭᠠᠲᠠᠢ ᠲᠠᠶᠠᠭ ᠲᠤᠯᠤᠭᠰᠠᠨ ᠡᠪᠦᠭᠡᠨ ᠤᠷᠲᠤ ᠰᠠᠬᠠᠯ ᠢ᠋ᠶ᠋ᠠᠷ ᠢ᠋ᠶ᠋ᠠᠨ ᠡᠩᠭᠡᠷ ᠶᠦ᠍ᠭᠡᠨ ᠪᠦᠲᠡᠭᠡᠵᠦ ᠫᠦᠭ ᠫᠦᠭ ᠬᠠᠨᠢᠶᠠᠵᠤ ᠣᠷᠣᠵᠤ ᠢᠷᠡᠪᠡ᠃ ᠬᠤᠪᠢᠯᠠᠢ ᠠᠶ᠎ᠠ ᠲᠠᠯᠪᠢᠨ 《ᠪᠠᠭᠰᠢ》 ᠪᠠᠨ ᠬᠦᠨᠳᠦᠯᠡᠵᠦ ᠪᠥᠬᠥᠢᠨ ᠤᠭᠲᠤᠭᠠᠳ᠂ ᠵᠠᠰᠠᠭᠰᠠᠨ ᠰᠠᠭᠤᠳᠠᠯ ᠳ᠋ᠤ᠌ ᠮᠣᠷᠢᠯᠠ ᠭᠡᠵᠦ ᠤᠷᠢᠯ᠎ᠠ᠃ ᠨᠠᠢ ᠶᠤᠸᠠᠨ ᠡᠪᠦᠭᠡᠨ ᠳᠠᠪᠠᠯᠠᠨ ᠰᠠᠭᠤᠵᠤ᠂ ᠲᠠᠪᠠᠭ ᠲᠠᠢ ᠵᠢᠮᠢᠰ ᠡᠴᠡ ᠶᠣᠰᠣ ᠪᠣᠯᠭᠠᠨ ᠠᠮᠰᠠᠭᠠᠳ ᠬᠠᠭᠤᠴᠢᠨ ᠵᠠᠩᠰᠢᠯ ᠢ᠋ᠶ᠋ᠠᠷ ᠢ᠋ᠶ᠋ᠠᠨ ᠯᠠ ᠮᠡᠷᠭᠡᠨ ᠺᠦᠩᠽᠢ ᠶ᠋ᠢᠨ ᠰᠤᠷᠭᠠᠯ ᠠ᠋ᠴᠠ ᠬᠡᠰᠡᠭᠯᠡᠨ ᠤᠩᠰᠢᠵᠤ᠂ ᠲᠡᠭᠦᠨ ᠦ᠌ ᠶᠡᠬᠡ ᠤᠬᠠᠭᠠᠨ ᠢ᠋ ᠮᠠᠭᠲᠠᠨ ᠪᠠᠢᠭᠰᠠᠨ ᠢ᠋ᠶ᠋ᠠᠨ ᠬᠤᠪᠢᠯᠠᠢ ᠶ᠋ᠢᠨ ᠦᠭᠡ ᠶ᠋ᠢ ᠠᠩᠬᠠᠷᠴᠤ ᠡᠬᠢᠯᠡᠪᠡ᠃  ᠵᠠᠬᠢᠷᠤᠭᠴᠢ ᠪᠠᠰᠠ ᠯᠠ ᠤᠯᠤᠰ ᠣᠷᠣᠨ ᠡᠵᠡᠨ ᠦᠭᠡᠢᠳᠡᠬᠦ ᠪᠣᠢ ᠭᠡᠮᠡᠨ ᠪᠣᠯᠭᠣᠮᠵᠢᠯᠠᠵᠤ ᠪᠠᠢᠭ᠎ᠠ ᠲᠤᠬᠠᠢ ᠨᠠᠯᠢᠶᠠᠨ ᠠᠯᠤᠰ ᠢ᠋ᠶ᠋ᠠᠷ ᠶᠠᠷᠢᠶ᠎ᠠ ᠡᠭᠦᠰᠬᠡᠭᠡᠳ ᠪᠣᠳᠣᠯᠬᠢᠯᠠᠭᠰᠠᠨ ᠪᠠᠢᠳᠠᠯ ᠦᠵᠡᠭᠦᠯᠦᠭᠰᠡᠨ ᠢ᠋ᠶ᠋ᠡᠨ᠄ 
       — ᠲᠠ ᠪᠦᠭᠦᠳᠡ ᠶ᠋ᠢᠨ ᠠᠪᠤᠷᠠᠯ ᠢ᠋ᠶ᠋ᠠᠷ ᠠᠬ᠎ᠠ ᠬᠠᠭᠠᠨ ᠤ᠋ ᠱᠠᠷᠢᠯ ᠢ᠋ ᠮᠣᠩᠭᠣᠯ ᠤ᠋ᠨ ᠵᠠᠩᠰᠢᠯ ᠶᠣᠰᠣ ᠪᠠᠷ ᠰᠠᠢᠬᠠᠨ ᠣᠷᠣᠰᠢᠭᠤᠯᠤᠭᠰᠠᠨ᠃ ᠲᠡᠭᠡᠭᠡᠳ ᠤᠯᠤᠰ ᠭᠦᠷᠦᠨ ᠮᠠᠨᠢ ᠡᠵᠡᠨ ᠦᠭᠡᠢᠳᠡᠬᠦ ᠳ᠋ᠦ᠍ ᠡᠪ ᠦᠭᠡᠢ ᠶᠠᠪᠤᠳᠠᠯ ᠳ᠋ᠤ᠌ ᠣᠷᠣᠬᠤ ᠪᠣᠢ ᠭᠡᠬᠦ ᠡᠴᠡ ᠰᠡᠳᠬᠢᠯ ᠭᠣᠩᠰᠣᠢᠵᠤ ᠪᠠᠢᠨ᠎ᠠ᠃ ᠰᠥᠩ ᠤᠯᠤᠰ ᠢ᠋ ᠲᠦᠪᠰᠢᠳᠬᠡᠬᠦ ᠡᠴᠡ ᠥᠭᠰᠥᠭᠦᠯᠦᠭᠡᠳ ᠬᠡᠷᠡᠭ ᠶᠠᠪᠤᠳᠠᠯ ᠠᠷᠪᠢᠨ ᠪᠠᠢᠨ᠎ᠠ ᠭᠡᠵᠦ ᠶᠠᠷᠢᠶ᠎ᠠ ᠳᠡᠯᠭᠡᠪᠡᠯ ᠨᠠᠢ ᠶᠤᠸᠠᠨ ᠰᠠᠬᠠᠯ ᠢ᠋ᠶ᠋ᠠᠨ ᠬᠥᠳᠡᠯᠭᠡᠨ ᠬᠠᠷᠠᠵᠤ᠄ 
       — ᠭᠦᠷᠦᠨ ᠤᠯᠤᠰ ᠡᠵᠡᠨ ᠥᠬᠡᠢᠳᠡᠨ᠎ᠡ ᠭᠡᠵᠦ ᠶᠠᠷᠢᠬᠤ ᠶᠣᠰᠣ ᠦᠭᠡᠢ᠃ ᠲᠠ ᠪᠣᠯ ᠶᠡᠬᠡ ᠭᠦᠷᠦᠨ ᠦ᠌ ᠲᠡᠷᠢᠭᠦᠨ ᠮᠥᠨ᠃ ᠲᠠ ᠶᠠᠭᠤᠨ ᠳ᠋ᠤ᠌ ᠥᠭᠡᠷ᠎ᠡ ᠵᠦᠢᠯ ᠤᠷᠤᠭᠤ ᠠᠯᠮᠠᠢᠷᠠᠨ᠎ᠠ ᠪᠣᠢ ? ᠪᠢᠳᠡ ᠶᠡᠬᠡ ᠡᠵᠡᠨ ᠵᠠᠬᠢᠷᠤᠭᠴᠢ ᠶ᠋ᠢ ᠮᠠᠨ ᠤ᠋ ᠲᠥᠷᠥ ᠶᠣᠰᠣᠨ ᠤ᠋ ᠳᠡᠭᠡᠳᠦ ᠡᠵᠡᠨ ᠭᠡᠵᠦ ᠪᠣᠳᠣᠵᠤ ᠪᠠᠢᠭ᠎ᠠ᠃ ᠲᠡᠢᠮᠦ ᠪᠠᠢᠬᠤ ᠴᠦ᠍ ᠶᠣᠰᠣᠲᠠᠢ ᠪᠣᠯᠤᠯ᠎ᠠ ᠭᠡᠵᠦ ᠣᠯᠠᠨ ᠪᠦᠭᠦᠳᠡᠭᠡᠷ ᠢ᠋ᠶ᠋ᠡᠨ ᠦᠵᠡᠵᠦ ᠪᠠᠢᠨ᠎ᠠ᠁ ᠭᠡᠰᠡᠨ ᠶᠠᠷᠢᠶ᠎ᠠ ᠴᠤᠪᠤᠷᠠᠭᠤᠯᠵᠤ ᠭᠠᠷᠪᠠ᠃  
         ᠬᠤᠪᠢᠯᠠᠢ ᠡᠪᠦᠭᠡᠨ ᠪᠠᠭᠰᠢ ᠶ᠋ᠢᠨ ᠢ᠋ᠶ᠋ᠡᠨ ᠦᠭᠡᠨ ᠳ᠋ᠦ᠍ ᠢᠲᠡᠭᠡᠬᠦ ᠦᠭᠡᠢ ᠪᠠᠢᠬᠤ ᠠᠷᠭ᠎ᠠ ᠦᠭᠡᠢ᠃  ᠡᠪᠦᠭᠡᠨ ᠦ᠌ ᠶᠠᠷᠢᠭᠰᠠᠨ ᠵᠦᠢᠯ ᠳᠣᠲᠣᠷ᠎ᠠ 《ᠣᠯᠠᠨ ᠪᠦᠭᠦᠳᠡᠭᠡᠷ ᠢ᠋ᠶ᠋ᠡᠨ ᠵᠠᠬᠢᠷᠤᠭᠴᠢ ᠲᠠᠨ ᠢ᠋ ᠥᠪᠡᠷ ᠦ᠋ᠨ ᠳᠡᠭᠡᠳᠦ ᠡᠵᠡᠨ ᠭᠡᠵᠦ ᠦᠵᠡᠵᠦ ᠪᠠᠢᠭ᠎ᠠ》 ᠭᠡᠳᠡᠭ ᠦᠭᠡ ᠶᠠᠮᠠᠷ ᠳᠤᠯᠠᠭᠠᠬᠠᠨ ᠰᠣᠨᠣᠰᠤᠭᠳᠠᠨ᠎ᠠ ᠪᠣᠢ᠃  ᠲᠡᠭᠡᠭᠡᠳ ᠪᠠᠭᠰᠢ ᠳ᠋ᠤ᠌ ᠪᠠᠨ ᠬᠠᠷᠢᠭᠤ ᠬᠡᠯᠡᠬᠦ ᠦᠭᠡᠢ ᠴᠦ᠍ ᠶᠤᠮ ᠰᠢᠭ᠋ ᠪᠣᠯᠵᠤ᠂ ᠭᠱᠠᠨ ᠵᠠᠭᠤᠷ᠎ᠠ ᠳ᠋ᠤ᠌ ᠰᠡᠳᠬᠢᠯ ᠨᠢ ᠬᠥᠳᠡᠯᠦᠭᠰᠡᠨ ᠳ᠋ᠦ᠍ ᠪᠡᠨ ᠣᠯᠠᠨ ᠶᠠᠭᠤᠮ᠎ᠠ ᠵᠡᠷᠭᠡ ᠪᠣᠳᠣᠭᠳᠠᠪᠠ᠃  ᠲᠤᠬᠠᠢᠯᠠᠪᠠᠯ ᠥᠪᠡᠷ ᠢ᠋ ᠺᠠᠢᠫᠢᠩ ᠬᠣᠲᠠ ᠳ᠋ᠤ᠌ ᠢᠷᠡᠮᠡᠭᠴᠡ ᠨᠢ 《ᠳᠡᠭᠡᠳᠦ ᠡᠵᠡᠨ》 ᠭᠡᠵᠦ ᠡᠷᠭᠦᠮᠵᠢᠯᠡᠭᠡᠳ ᠪᠠᠢᠭ᠎ᠠ ᠨᠢ ᠤᠴᠢᠷ ᠤᠳᠬ᠎ᠠ ᠲᠠᠢ ᠬᠡᠷᠡᠭ ᠪᠣᠯᠵᠤ ᠲᠠᠭᠠᠷᠠᠯ᠎ᠠ ᠭᠡᠮᠡᠨ ᠪᠣᠳᠣᠪᠠ᠃  ᠪᠠᠰᠠ ᠠᠳᠠ ᠪᠠᠢᠭ᠎ᠠ ᠬᠢᠲᠠᠳ ᠡᠷᠳᠡᠮᠲᠡᠳ᠂ ᠵᠥᠪᠯᠡᠬᠦ ᠨᠦ᠍ᠭᠦᠳ ᠵᠠᠬᠢᠷᠤᠭᠴᠢ ᠳ᠋ᠤ᠌ ᠠᠯᠢ ᠪᠣᠯᠬᠣᠷ ᠠᠶᠠᠲᠠᠢ ᠳᠤᠯᠠᠭᠠᠨ ᠦᠭᠡ ᠣᠯᠵᠤ ᠬᠡᠯᠡᠨ᠎ᠡ᠃  ᠲᠠᠭᠠᠰᠢᠶᠠᠯ ᠨᠡᠮᠡᠵᠦ ᠠᠪᠬᠤ ᠭᠡᠳ ᠪᠠᠢᠭ᠎ᠠ ᠶᠠᠩᠵᠤᠲᠠᠢ ᠪᠠᠢᠨ᠎ᠠ ᠭᠡᠰᠡᠨ ᠨᠢᠭᠡ ᠣᠢᠯᠠᠭᠠᠯᠲᠠ ᠬᠤᠪᠢᠯᠠᠢ ᠳ᠋ᠤ᠌ ᠰᠠᠨᠠᠭᠳᠠᠵᠤ᠂ ᠲᠡᠳᠡᠨ ᠦ᠌ ᠦᠭᠡ ᠶᠠᠷᠢᠶᠠᠨ ᠤ᠋ ᠥᠩᠭᠡ ᠠᠶᠠᠰ ᠢ᠋ ᠠᠵᠢᠭᠯᠠᠵᠤ ᠪᠠᠢᠬᠤ ᠳ᠋ᠤ᠌ ᠪᠠᠨ 《ᠶᠠᠭᠠᠬᠢᠭᠠᠳ ᠡᠳᠡ ᠨᠠᠷ ᠨᠠᠮᠠᠢ ᠤᠯᠤᠰ ᠤ᠋ᠨ ᠲᠡᠷᠢᠭᠦᠨ ᠶᠡᠬᠡ ᠡᠵᠡᠨ ᠪᠣᠯᠭᠠᠬᠤ ᠭᠡᠳ ᠪᠠᠢᠨ᠎ᠠ ᠪᠣᠢ ?》 ᠭᠡᠮᠡᠨ ᠪᠣᠳᠣᠭᠠᠳ᠂ ᠲᠡᠭᠦᠨ ᠦ᠌ ᠴᠠᠭᠠᠳᠤ ᠨᠠᠷᠢᠨ ᠤᠴᠢᠷ ᠢ᠋ ᠮᠡᠳᠡᠬᠦ ᠰᠠᠨ ᠭᠡᠵᠦ ᠬᠦᠰᠡᠬᠦ ᠰᠡᠳᠬᠢᠯ ᠣᠷᠭᠢᠯᠤᠨ ᠭᠠᠷᠴᠤ ᠢᠷᠡᠵᠦ ᠪᠠᠢᠯ᠎ᠠ᠃  ᠥᠪᠡᠷ ᠢ᠋ᠶ᠋ᠡᠨ ᠴᠦ᠍ ᠶᠡᠬᠡ ᠡᠵᠡᠨ ᠬᠠᠭᠠᠨ ᠪᠣᠯᠬᠤ ᠬᠦᠰᠡᠯᠲᠡᠢ ᠶ᠋ᠢ ᠥᠪᠡᠷ ᠡᠴᠡ ᠨᠢ ᠨᠢᠭᠤᠬᠤ ᠶᠠᠭᠤ ᠪᠠᠢᠬᠤ ᠪᠢᠯᠡ᠃  ᠡᠨᠡ ᠬᠦᠰᠡᠯ ᠨᠢ ᠪᠡᠶᠡᠯᠡᠵᠦ ᠮᠠᠭᠠᠳ ᠦᠭᠡᠢ ᠴᠦ᠍ ᠶᠤᠮ ᠰᠢᠭ᠋ ᠰᠠᠨᠠᠭᠳᠠᠵᠤ ᠪᠠᠢᠪᠠ᠃
       — 《ᠡᠳᠡ ᠨᠠᠷ ᠨᠠᠮᠠᠶ᠋ᠢ ᠬᠠᠭᠠᠨ ᠪᠣᠯᠭᠠᠬᠤ ᠠᠬᠤᠯ᠎ᠠ ᠥᠪᠡᠷᠰᠡᠳ ᠲᠦ᠍ ᠪᠡᠨ ᠡᠭᠡᠯᠢᠲᠡᠢ ᠪᠠᠢᠨ᠎ᠠ ᠭᠡᠵᠦ ᠪᠣᠳᠣᠭᠠᠳ ᠵᠢᠰᠤᠷ ᠪᠠᠷᠠᠯᠬᠠᠭᠠᠳ ᠪᠠᠢᠭ᠎ᠠ ᠨᠢ ᠯᠠᠪ ᠰᠢᠦ᠃ ᠡᠳᠡᠨ ᠦ᠌ ᠲᠡᠷᠡ ᠰᠠᠨᠠᠭ᠎ᠠ ᠪᠡᠶᠡᠯᠡᠳᠡᠭ ᠶᠦᠮ ᠪᠣᠯ ᠪᠢ ᠠᠴᠢ ᠶ᠋ᠢ ᠨᠢ ᠬᠠᠷᠢᠭᠤᠯᠬᠤ ᠯᠠ ᠪᠣᠯᠤᠨ᠎ᠠ》 ᠭᠡᠵᠦ ᠠᠮᠠᠨ ᠳᠣᠲᠣᠷ᠎ᠠ ᠪᠠᠨ ᠦᠭᠡᠯᠡᠵᠦ ᠪᠠᠢᠬᠤ ᠳ᠋ᠤ᠌ ᠪᠠᠨ ᠬᠤᠪᠢᠯᠠᠢ ᠬᠢᠲᠠᠳ ᠲᠦᠰᠢᠮᠡᠯ ᠨᠠᠷ ᠤ᠋ᠨ ᠳᠣᠲᠣᠷ᠎ᠠ ᠪᠠᠨ ᠰᠠᠨᠠᠵᠤ ᠪᠠᠢᠭ᠎ᠠ ᠵᠦᠢᠯᠡᠰ ᠦ᠋ᠨ ᠬᠠᠮᠤᠭ ᠤ᠋ᠨ ᠨᠠᠷᠢᠨ ᠤᠴᠢᠷ ᠲᠤ᠌ ᠬᠦᠷᠴᠦ ᠣᠢᠯᠠᠭᠠᠵᠤ ᠣᠭᠲᠣ ᠴᠢᠳᠠᠬᠤ ᠦᠭᠡᠢ ᠪᠠᠢᠯ᠎ᠠ᠃  ᠲᠤᠬᠠᠢᠯᠠᠪᠠᠯ ᠬᠢᠲᠠᠳ ᠨᠣᠶᠠᠳ ᠡᠨᠡ ᠵᠠᠬᠢᠷᠤᠭᠴᠢ ᠶ᠋ᠢ ᠶᠡᠬᠡ ᠭᠦᠷᠦᠨ ᠦ᠌ ᠬᠠᠭᠠᠨ ᠪᠣᠯᠭᠠᠬᠤ ᠳ᠋ᠤ᠌ ᠪᠠᠨ ᠮᠣᠩᠭᠣᠯ ᠬᠠᠭᠠᠨ ᠪᠢᠰᠢ᠂ ᠬᠢᠲᠠᠳ ᠬᠠᠭᠠᠨ ᠪᠣᠯᠭᠠᠬᠤ ᠬᠤᠪᠢᠯᠠᠢ ᠶ᠋ᠢ ᠥᠪᠡᠷ ᠢ᠋ ᠨᠢ ᠬᠢᠲᠠᠳ ᠪᠣᠯᠭᠠᠬᠤ ᠳᠠᠯᠳᠠ ᠶ᠋ᠢᠨ ᠪᠣᠳᠣᠯᠭ᠎ᠠ ᠲᠠᠢ ᠪᠠᠢᠭ᠎ᠠ ᠶ᠋ᠢ ᠶᠠᠭᠠᠬᠢᠨ ᠮᠡᠳᠡᠬᠦ ᠪᠢᠯᠡ᠃  ᠢᠩᠭᠢᠵᠦ ᠴᠦ᠍ ᠲᠡᠳᠡ ᠬᠣᠭᠣᠷᠣᠨᠳᠣ ᠪᠠᠨ ᠶᠠᠷᠢᠯᠴᠠᠭᠰᠠᠨ ᠠᠵᠢ᠃  ᠨᠠᠢ ᠶᠤᠸᠠᠨ ᠵᠠᠬᠢᠷᠤᠭᠴᠢ ᠶ᠋ᠢ ᠨᠠᠷᠢᠨ ᠵᠦᠢᠯ ᠳᠣᠲᠣᠷ᠎ᠠ ᠪᠠᠨ ᠪᠣᠳᠣᠵᠤ ᠰᠠᠭᠤᠬᠤ ᠳ᠋ᠤ᠌ ᠨᠢ ᠺᠦᠩᠽᠢ ᠶ᠋ᠢᠨ ᠰᠤᠷᠭᠠᠯ ᠠ᠋ᠴᠠ ᠲᠠᠢᠯᠪᠤᠷᠢᠯᠠᠭᠰᠠᠭᠠᠷ᠂ ᠲᠡᠭᠦᠨ ᠢ᠋ ᠨᠢ ᠬᠤᠪᠢᠯᠠᠢ ᠳᠠᠮ ᠲᠣᠮ ᠰᠣᠨᠣᠰᠴᠤ ᠪᠠᠢᠪᠠ᠃ 
       — ᠶᠡᠬᠡ ᠡᠵᠡᠨᠲᠡᠨ ᠮᠢᠨᠢ ᠠ᠋ !  ᠲᠠ ᠶᠠᠭᠤᠨ ᠤ᠋ ᠲᠦᠷᠦᠭᠦᠨ ᠳ᠋ᠦ᠍ ᠭᠡᠭᠡᠨ ᠺᠦᠩᠽᠢ ᠶ᠋ᠢᠨ ᠰᠤᠷᠭᠠᠯ ᠠ᠋ᠴᠠ ᠲᠥᠷᠥ ᠶ᠋ᠢ ᠤᠳᠤᠷᠢᠳᠬᠤ ᠲᠠᠢ ᠬᠣᠯᠪᠣᠭᠳᠠᠬᠤ ᠵᠦᠢᠯ ᠦ᠋ᠳ ᠢ᠋ ᠨᠠᠷᠢᠪᠴᠢᠯᠠᠨ ᠣᠢᠯᠠᠭᠠᠵᠤ ᠳᠠᠭᠠᠯᠠ᠃  ᠶᠡᠬᠡ ᠤᠬᠠᠭᠠᠨᠲᠠᠨ ᠤ᠋ ᠰᠤᠷᠭᠠᠯ ᠢ᠋ ᠪᠦᠷᠢᠨ ᠮᠡᠳᠡᠵᠦ ᠴᠢᠳᠠᠪᠠᠯ ᠵᠥᠪᠬᠡᠨ ᠲᠥᠷᠥ ᠶ᠋ᠢᠨ ᠶᠠᠪᠤᠳᠠᠯ ᠲᠡᠳᠦᠢ ᠦᠭᠡᠢ᠂ ᠬᠥᠮᠦᠨ ᠣᠯᠠᠨ᠂ ᠭᠠᠵᠠᠷ ᠨᠤᠲᠤᠭ᠂ ᠠᠵᠤ ᠲᠥᠷᠥᠬᠦ ᠶ᠋ᠢᠨ ᠪᠦᠬᠦ ᠵᠢᠮ᠎ᠡ ᠶᠣᠰᠣ ᠶ᠋ᠢ ᠬᠡᠨ ᠢ᠋ᠶ᠋ᠡᠷ ᠴᠦ᠍ ᠬᠡᠯᠡᠭᠦᠯᠦᠯ ᠦᠭᠡᠢ ᠪᠡᠷ ᠮᠡᠳᠡᠨ ᠰᠢᠢᠳᠴᠦ ᠪᠠᠢᠬᠤ ᠲᠦᠯᠬᠢᠭᠦᠷ ᠢ᠋ ᠣᠯᠳᠠᠭ᠃  ᠡᠵᠡᠨ ᠲᠠ ᠪᠣᠯᠭᠣᠭᠠᠯ ᠳᠠ !  ᠮᠡᠷᠭᠡᠨ ᠺᠦᠩᠽᠢ ᠡᠴᠡ ᠬᠣᠢᠰᠢ ᠮᠢᠩᠭ᠎ᠠ ᠭᠠᠷᠤᠢ ᠵᠢᠯ ᠥᠩᠭᠡᠷᠡᠵᠦ ᠪᠠᠢᠬᠤ ᠲᠡᠷᠡ ᠬᠤᠭᠤᠴᠠᠭᠠᠨ ᠳ᠋ᠤ᠌ ᠬᠢᠲᠠᠳ ᠤ᠋ᠨ ᠠᠯᠢ ᠴᠦ᠍ ᠨᠤᠲᠤᠭ᠂ ᠶᠠᠮᠠᠷ ᠴᠦ᠍ ᠤᠯᠤᠰ ᠢᠯᠭᠠᠭ᠎ᠠ ᠦᠭᠡᠢ ᠬᠠᠭᠠᠳ ᠤ᠋ᠳ ᠮᠠᠨᠢ ᠲᠡᠷᠡ ᠶᠡᠬᠡ ᠭᠡᠭᠡᠨ ᠦ᠌ ᠰᠤᠷᠭᠠᠯ ᠢ᠋ᠶ᠋ᠠᠷ ᠨᠠᠷᠠ ᠬᠢᠨ᠂ ᠲᠥᠷᠥ ᠤᠯᠤᠰ ᠢ᠋ᠶ᠋ᠠᠨ ᠵᠢᠯᠣᠭᠣᠳᠴᠤ ᠢᠷᠡᠭᠰᠡᠨ᠃  ᠲᠡᠷᠡ ᠴᠦ᠍ ᠪᠤᠤ ᠬᠡᠯᠡ ᠺᠦᠩᠽᠢ ᠮᠡᠷᠭᠡᠨ ᠦ᠌ ᠰᠤᠷᠭᠠᠯ ᠢ᠋ ᠰᠤᠳᠤᠯᠤᠭ᠎ᠠ ᠦᠭᠡᠢ ᠬᠥᠮᠦᠨ ᠲᠥᠷᠥ ᠳ᠋ᠦ᠍ ᠲᠦᠰᠢᠮᠡᠯ ᠦ᠋ᠨ ᠠᠯᠪᠠ ᠶ᠋ᠢ ᠬᠠᠭᠠᠵᠤ ᠪᠠᠢᠭ᠎ᠠ ᠦᠭᠡᠢ᠃  ᠲᠥᠷᠥ ᠶ᠋ᠢᠨ ᠠᠯᠪᠠᠨ ᠳ᠋ᠤ᠌ ᠵᠢᠳᠬᠦᠬᠦ ᠬᠡᠨ ᠢ᠋ ᠴᠦ᠍ ᠪᠣᠯᠪᠠ ᠺᠦᠩᠽᠢ ᠶ᠋ᠢᠨ ᠠᠢᠯᠠᠳᠤᠭᠰᠠᠨ 《ᠰᠢᠭᠦᠮᠵᠢᠯᠡᠯᠲᠦ ᠨᠣᠮ》 ᠂ 《ᠬᠣᠶᠠᠷ ᠰᠤᠷᠭᠠᠯ》 ᠵᠡᠷᠭᠡ ᠨᠣᠮ ᠢ᠋ ᠬᠢᠷᠢ ᠰᠤᠳᠤᠯᠤᠨ ᠮᠡᠳᠡᠭᠰᠡᠨ ᠢ᠋ ᠨᠢ ᠰᠢᠭᠦᠨ ᠰᠢᠯᠭᠠᠵᠤ᠂ ᠤᠭ ᠠᠯᠪᠠᠨ ᠳ᠋ᠤ᠌ ᠲᠡᠩᠴᠡᠭᠦᠯᠵᠦ ᠢᠷᠡᠭᠰᠡᠨ᠃  ᠡᠨᠡ ᠠᠯᠪᠠ ᠪᠣᠯ ᠪᠦᠷ ᠲᠡᠭᠷᠢ ᠶ᠋ᠢᠨ ᠠᠪᠤᠷᠠᠯ ᠢ᠋ᠶ᠋ᠠᠷ ᠵᠠᠪᠠᠯ ᠭᠦᠢᠴᠡᠯᠳᠦᠭᠦᠯᠬᠦ ᠶᠣᠰᠣ ᠪᠣᠯᠭᠠᠵᠤ ᠢᠷᠡᠭᠰᠡᠨ ᠬᠡᠷᠡᠭ᠃ ᠬᠢᠲᠠᠳ ᠤ᠋ᠨ ᠨᠣᠶᠠᠳ᠂ ᠬᠠᠭᠠᠳ ᠡᠭᠦᠨ ᠢ᠋ ᠣᠷᠣᠢ ᠳᠡᠭᠡᠷ᠎ᠡ ᠪᠡᠨ ᠵᠠᠯᠠᠨ ᠡᠷᠬᠢᠮᠯᠡᠨ ᠳᠠᠭᠠᠵᠤ ᠶᠠᠪᠤᠭ᠎ᠠ ᠰᠢᠦ ᠳᠡ᠁ ᠭᠡᠮᠡᠨ ᠶᠠᠷᠢᠵᠤ ᠪᠠᠢᠯ᠎ᠠ᠃ 
       ᠬᠤᠪᠢᠯᠠᠢ ᠨᠠᠢ ᠶᠤᠸᠠᠨ ᠪᠠᠭᠰᠢ ᠶ᠋ᠢ ᠪᠡᠨ ᠬᠦᠨᠳᠦᠯᠡᠨ ᠦᠵᠡᠳᠡᠭ᠂ ᠲᠡᠭᠦᠨ ᠦ᠌ ᠭᠦᠨ ᠤᠬᠠᠭᠠᠨ ᠤ᠋ ᠮᠡᠳᠡᠯᠭᠡ ᠡᠴᠡ ᠶᠠᠭᠤᠮ᠎ᠠ ᠣᠯᠵᠤ ᠠᠪᠬᠤ ᠭᠡᠵᠦ ᠳᠣᠲᠣᠷ᠎ᠠ ᠪᠠᠨ ᠶᠡᠬᠡᠳᠡ ᠪᠣᠳᠣᠳᠠᠭ ᠪᠣᠯᠬᠣᠷ ᠡᠨᠡ ᠡᠷᠳᠡᠮᠲᠡᠨ ᠦ᠌ ᠬᠡᠯᠡᠭᠡᠳ ᠪᠠᠢᠭ᠎ᠠ ᠦᠭᠡ ᠶ᠋ᠢ ᠰᠣᠨᠣᠰᠬᠤ ᠦᠭᠡᠢ ᠪᠠᠢᠬᠤ ᠠᠷᠭ᠎ᠠ ᠦᠭᠡᠢ ᠪᠣᠯᠪᠠ᠃ ᠲᠡᠭᠡᠭᠡᠳ ᠡᠵᠡᠨ ᠵᠠᠬᠢᠷᠤᠭᠴᠢ ᠬᠡᠳᠦᠨ ᠰᠠᠷ᠎ᠠ ᠶ᠋ᠢᠨ ᠡᠮᠦᠨ᠎ᠡ ᠵᠢᠭᠠᠯᠭᠠᠵᠤ ᠪᠠᠢᠭᠠᠳ ᠣᠷᠬᠢᠭᠰᠠᠨ ᠲᠡᠷᠡ ᠨᠡᠷᠡᠲᠦ ᠰᠤᠷᠭᠠᠯ ᠠ᠋ᠴᠠ ᠨᠠᠢ ᠶᠤᠸᠠᠨ ᠪᠠᠭᠰᠢ ᠪᠠᠷ ᠢ᠋ᠶ᠋ᠠᠨ ᠴᠠᠭᠠᠰᠢ ᠦᠷᠭᠦᠯᠵᠢᠯᠡᠭᠦᠯᠦᠨ ᠵᠢᠭᠠᠯᠭᠠᠬᠤ ᠪᠠᠷ ᠬᠡᠯᠡᠯᠴᠡᠨ ᠲᠣᠬᠢᠷᠠᠵᠤ ᠶᠠᠷᠢᠶ᠎ᠠ ᠪᠠᠨ ᠲᠡᠭᠦᠰᠬᠡᠭᠡᠳ᠂ ᠪᠣᠯᠵᠤ ᠪᠠᠢᠭ᠎ᠠ ᠬᠡᠷᠡᠭ ᠶᠠᠪᠤᠳᠠᠯ ᠢ᠋ ᠥᠪᠡᠷ ᠢ᠋ᠶ᠋ᠡᠨ ᠡᠮᠬᠢᠯᠡᠭᠦᠯᠦᠨ ᠪᠣᠳᠣᠵᠤ᠂ ᠴᠠᠭᠠᠰᠢᠳᠠ ᠬᠡᠷᠬᠢᠪᠡᠯ ᠵᠣᠬᠢᠬᠤ ᠶ᠋ᠢ ᠨᠠᠷᠢᠪᠴᠢᠯᠠᠨ ᠲᠥᠯᠥᠪᠯᠡᠵᠦ ᠲᠣᠭᠲᠠᠭᠠᠶ᠎ᠠ ᠭᠡᠮᠡᠨ ᠰᠢᠢᠳᠦᠯ᠎ᠡ᠃ 
       ᠪᠣᠳᠣᠵᠤ ᠦᠵᠡᠪᠡᠯ ᠶᠠᠭᠤᠮ᠎ᠠ ᠶᠠᠭᠤᠮ᠎ᠠ ᠪᠠᠭᠠᠯᠵᠠᠭᠤᠷ ᠲᠤ᠌ ᠨᠢ ᠲᠤᠯᠤᠭᠰᠠᠨ ᠶᠤᠮ ᠰᠢᠭ᠋᠂ ᠶᠡᠷᠦ ᠨᠢ ᠶᠠᠭᠠᠷᠠᠬᠤ ᠦᠭᠡᠢ ᠪᠣᠯ ᠶᠡᠬᠡ ᠬᠠᠭᠠᠨ ᠤ᠋ ᠣᠷᠣ ᠶ᠋ᠢ ᠥᠭᠡᠷ᠎ᠡ ᠬᠥᠮᠦᠨ ᠳ᠋ᠦ᠍ ᠠᠯᠳᠠᠬᠤ ᠨᠢ ᠵᠠᠢᠯᠠᠰᠢ ᠦᠭᠡᠢ ᠴᠦ᠍ ᠶᠤᠮ ᠰᠢᠭ᠋᠂ ᠶᠠᠭᠠᠷᠠᠪᠴᠢᠯᠠᠨ᠎ᠠ ᠭᠡᠬᠦᠨ ᠳ᠋ᠦ᠍ ᠴᠣᠬᠣᠮ ᠶᠠᠭᠤ ᠬᠢᠪᠡᠯ ᠵᠣᠬᠢᠬᠤ ᠨᠢ ᠰᠡᠳᠬᠢᠯ ᠳ᠋ᠦ᠍ ᠨᠢ ᠭᠦᠢᠴᠡᠳ ᠪᠠᠭᠤᠵᠤ ᠥᠭᠬᠦ ᠦᠭᠡᠢ ᠪᠠᠢᠯ᠎ᠠ᠃ ᠲᠡᠭᠡᠭᠡᠳ ᠬᠤᠪᠢᠯᠠᠢ ᠰᠠᠭᠤᠳᠠᠯ ᠳᠡᠭᠡᠷ᠎ᠡ ᠪᠡᠨ ᠲᠣᠭᠲᠠᠨ ᠰᠠᠭᠤᠵᠤ ᠪᠣᠯᠬᠤ ᠦᠭᠡᠢ ᠪᠠᠢᠨ ᠪᠠᠢᠨ ᠪᠣᠰᠤᠨ ᠬᠠᠷᠠᠢᠵᠤ ᠤᠷᠲᠤ ᠪᠠᠷ ᠠᠮᠢᠰᠬᠤᠭᠠᠯᠠᠨ᠂ ᠲᠣᠯᠣᠭᠠᠢ ᠪᠠᠨ ᠪᠠᠵᠠᠭᠠᠳ 
       — ᠵᠠ ᠪᠠᠢᠵᠠ ᠠ ?  ᠭᠡᠮᠡᠨ ᠬᠡᠢ ᠰᠠᠨᠠᠭᠠᠰᠢᠷᠠᠨ ᠶᠠᠭᠠᠬᠢᠬᠤ ᠶ᠋ᠢ ᠪᠡᠨ ᠪᠣᠳᠣᠵᠤ ᠦᠵᠡᠬᠦ ᠳ᠋ᠦ᠍ ᠨᠢ ᠲᠣᠯᠣᠭᠠᠢ ᠶ᠋ᠢᠨ ᠠᠷᠠᠰᠤ ᠨᠢ ᠬᠠᠮᠤᠭ ᠣᠶᠤᠨ ᠪᠣᠳᠣᠯ ᠢ᠋ ᠨᠢ ᠪᠠᠭᠯᠠᠵᠤ ᠬᠦᠯᠢᠵᠦ᠂ ᠲᠠᠷᠢᠬᠢᠨ ᠳᠣᠲᠣᠷ᠎ᠠ ᠨᠢ ᠤᠰᠤ ᠳᠦᠭᠦᠷᠴᠦ ᠣᠷᠬᠢᠭᠰᠠᠨ ᠴᠦ᠍ ᠶᠤᠮ ᠰᠢᠭ᠋᠂ ᠶᠡᠷᠦ ᠨᠢ ᠪᠢ ᠡᠦᠲᠦ ᠶᠠᠭᠠᠷᠠᠨ ᠲᠡᠭᠡᠶ᠎ᠡ᠂ ᠢᠩᠭᠢᠶ᠎ᠡ ᠭᠡᠬᠦᠯᠡᠷ ᠬᠡᠷᠡᠭ ᠣᠷᠣᠵᠤ ᠢᠷᠡᠬᠦ ᠦᠭᠡᠢ᠂ ᠬᠡᠢ ᠪᠤᠬᠢᠮᠳᠤᠨ᠎ᠠ᠃  ᠬᠥᠮᠦᠰ ᠦ᠋ᠨ ᠶᠠᠷᠢᠭᠠᠳ ᠪᠠᠢᠭ᠎ᠠ ᠵᠦᠢᠯ ᠠᠷᠭᠠᠲᠤ ᠰᠢᠷ᠎ᠠ ᠦᠨᠡᠭᠡᠨ ᠦ᠌ ᠦᠭᠡ ᠬᠡᠯᠡ ᠡᠢᠮᠦ ᠪᠠᠢᠳᠠᠭ ᠪᠣᠯᠪᠠ ᠤᠤ ᠭᠡᠵᠦ ᠬᠤᠪᠢᠯᠠᠢ ᠳ᠋ᠤ᠌ ᠰᠠᠨᠠᠭᠳᠠᠨ᠎ᠠ᠃ 
       — ᠵᠠ ᠪᠠᠢᠵᠠ ! ᠰᠡᠭᠡᠬᠦᠯᠡᠢ ᠶ᠋ᠢᠨ ᠬᠦᠦ ᠪᠠᠶᠠᠨ ᠵᠠᠩᠵᠤᠨ ᠢ᠋ ᠢᠷᠡᠭᠦᠯᠦᠨ ᠲᠡᠭᠦᠨ ᠦ᠌ ᠰᠠᠨᠠᠭ᠎ᠠ ᠶ᠋ᠢ ᠮᠡᠳᠡᠳᠡᠭ ᠶᠦᠮ ᠪᠢᠯᠡ ᠤᠤ᠃  ᠪᠠᠶᠠᠨ ᠬᠡᠴᠡᠭᠦᠦ ᠡᠷ᠎ᠡ ᠳᠡ᠃  ᠳᠡᠩᠳᠡᠭᠦᠦ ᠳᠠᠷᠤᠤ᠂ ᠨᠣᠮᠣᠬᠠᠨ ᠴᠢᠷᠠᠢ ᠲᠠᠢ ᠪᠣᠯᠬᠣᠷ ᠢ᠋ᠶ᠋ᠠᠨ ᠬᠢᠷᠢ ᠶ᠋ᠢᠨ ᠶᠠᠭᠤᠮᠠᠨ ᠳ᠋ᠤ᠌ ᠦᠭᠡ ᠪᠡᠨ ᠬᠡᠯᠡᠬᠦ ᠦᠭᠡᠢ᠂ ᠳᠦᠯᠢᠭᠡᠳ ᠰᠠᠭᠤᠬᠤ ᠪᠠᠢᠬᠤ ᠳᠠ᠃ 
       ᠴᠡᠷᠢᠭ ᠡᠷ᠎ᠡ ᠶ᠋ᠢᠨ ᠶᠠᠪᠤᠳᠠᠯ᠂ ᠲᠡᠢᠨ ᠳᠣᠯᠣᠭᠠᠨ ᠤ᠋ ᠬᠡᠷᠡᠭ ᠭᠡᠬᠦ ᠪᠡᠷ ᠵᠠᠩᠵᠤᠨ ᠰᠠᠬᠠᠯ ᠢ᠋ᠶ᠋ᠠᠨ ᠭᠣᠵᠣᠢᠯᠭᠠᠭᠠᠳ ᠯᠠ ᠪᠣᠰᠤᠭᠠᠳ ᠢᠷᠡᠨ᠎ᠡ᠃  ᠪᠢᠴᠢᠭᠰᠡᠨ᠂ ᠬᠡᠯᠡᠭᠰᠡᠨ ᠤᠷᠠᠨ ᠰᠢᠯᠦᠭ ᠦ᠋ᠳ ᠨᠢ ᠴᠠᠭᠠᠨ᠎ᠠ ᠪᠠᠨ ᠯᠠ ᠨᠢᠭᠡ ᠤᠴᠢᠷᠲᠠᠢ ᠭᠡᠬᠦ ᠤᠤ ᠂ ᠰᠡᠳᠬᠢᠯ ᠬᠥᠳᠡᠯᠭᠡᠬᠦ ᠨᠢ ᠪᠠᠶᠠᠨ ᠤ᠋ ᠶᠡᠬᠡ ᠤᠬᠠᠭᠠᠨ ᠴᠢᠳᠠᠯ ᠢ᠋ ᠬᠠᠷᠠᠭᠤᠯᠳᠠᠭ ᠭᠠᠷᠭᠠᠭᠤᠳ ᠬᠥᠮᠦᠨ ᠰᠢᠦ᠃  ᠰᠠᠷᠲᠠᠭ ᠵᠠᠩᠵᠤᠨ ᠪᠠᠭ᠎ᠠ ᠠ᠋ᠴᠠ ᠨᠢ ᠪᠠᠶᠠᠨ ᠢ᠋ ᠰᠣᠯᠣᠩᠭᠣᠰ ᠤ᠋ᠨ ᠲᠡᠢᠨ ᠳ᠋ᠦ᠍ ᠳᠠᠭᠠᠭᠤᠯᠤᠨ ᠶᠠᠪᠤᠵᠤ ᠶᠡᠬᠡ ᠶᠠᠭᠤᠮ᠎ᠠ ᠰᠤᠷᠭᠠᠭᠰᠠᠨ ᠭᠡᠳᠡᠭ᠃  ᠲᠡᠭᠡᠭᠡᠳ ᠶᠡᠷᠦ ᠨᠢ ᠪᠠᠶᠠᠨ ᠵᠠᠩᠵᠤᠨ ᠢ᠋ ᠢᠷᠡᠭᠦᠯᠵᠦ ᠰᠥᠩ ᠦ᠋ᠨ ᠬᠠᠭᠠᠨ ᠲᠠᠢ ᠬᠢᠵᠦ ᠪᠠᠢᠭ᠎ᠠ ᠲᠡᠢᠨ ᠦ᠌ ᠶᠠᠪᠤᠴᠠ ᠶ᠋ᠢ ᠬᠡᠯᠡᠯᠴᠡᠬᠦ ᠦᠭᠡᠢ ᠪᠡᠷ ᠬᠡᠷᠡᠭ ᠪᠦᠲᠦᠬᠦ ᠦᠭᠡᠢ ᠳᠡ᠃ ᠪᠠᠶᠠᠨ ᠨᠠᠮᠠᠶ᠋ᠢ ᠣᠷᠣ ᠰᠠᠭᠤᠯᠭᠠᠬᠤ ᠲᠠᠯ᠎ᠠ ᠪᠠᠷ ᠶᠠᠭᠠᠷᠠᠨ ᠲᠡᠭᠡ ᠢᠩᠭᠢ ᠭᠡᠵᠦ ᠠᠷᠭ᠎ᠠ ᠮᠡᠬᠡ ᠵᠢᠭᠠᠬᠤ ᠦᠭᠡᠢ᠂ ᠬᠠᠷᠢᠨ ᠤᠭ ᠬᠡᠷᠡᠭ ᠲᠦ᠍ ᠢᠯᠳᠦ ᠶ᠋ᠢᠨ ᠬᠦᠴᠦ ᠪᠡᠷ ᠲᠤᠰᠠ ᠦᠵᠡᠭᠦᠯᠵᠦ ᠴᠢᠳᠠᠨ᠎ᠠ᠃  ᠲᠡᠭᠡᠬᠦ ᠶᠠᠪᠤᠳᠠᠯ ᠳ᠋ᠤ᠌ ᠪᠠᠶᠠᠨ ᠢ᠋ ᠳᠤᠷ᠎ᠠ ᠦᠭᠡᠢᠴᠡᠬᠦ ᠦᠭᠡᠢ ᠪᠣᠯᠭᠠᠬᠤ ᠬᠡᠷᠡᠭᠲᠡᠢ᠃  ᠡᠨᠡ ᠴᠤᠬᠠᠭ ᠬᠡᠷᠡᠭ ᠰᠢᠦ᠃  ᠣᠷᠣ ᠰᠠᠭᠤᠭᠰᠠᠨ ᠬᠣᠢᠨ᠎ᠠ ᠪᠣᠯ ᠮᠢᠨᠦ ᠦᠭᠡᠨ ᠡᠴᠡ ᠭᠠᠷᠬᠤ ᠦᠭᠡᠢ ᠲᠡᠢᠮᠦ ᠯᠡ ᠡᠷ᠎ᠡ᠃  ᠲᠡᠭᠡᠬᠦ ᠪᠡᠷ ᠪᠢ ᠪᠠᠶᠠᠨ ᠵᠠᠩᠵᠤᠨ ᠳ᠋ᠤ᠌ ᠣᠢᠷ᠎ᠠ ᠳᠣᠲᠣᠨᠣ ᠪᠠᠢᠬᠤ ᠶᠣᠰᠣᠲᠠᠢ ᠭᠡᠵᠦ ᠬᠤᠪᠢᠯᠠᠢ ᠨᠠᠢ ᠶᠤᠸᠠᠨ ᠪᠠᠭᠰᠢ ᠶ᠋ᠢ ᠪᠡᠨ ᠭᠠᠷᠭᠠᠭᠰᠠᠨ ᠠ᠋ᠴᠠ ᠬᠣᠢᠰᠢ ᠭᠠᠭᠴᠠᠭᠠᠷ ᠢ᠋ᠶ᠋ᠠᠨ ᠶᠠᠷᠢᠭᠠᠳ᠂ ᠪᠠᠷ᠎ᠠ ᠪᠣᠯᠤᠭᠴᠢ ᠪᠠᠨ ᠳᠠᠭᠤᠳᠠᠵᠤ᠄
       ᠴᠢ ᠣᠷᠣᠭᠰᠢ ᠪᠠᠨ ᠵᠠᠷᠤᠯᠭ᠎ᠠ ᠮᠣᠷᠳᠠᠭᠤᠯᠤᠨ ᠪᠠᠶᠠᠨ ᠵᠠᠩᠵᠤᠨ ᠢ᠋ ᠭᠤᠷᠪᠠ ᠳᠥᠷᠪᠡ ᠬᠣᠨᠣᠭ ᠲᠤ᠌ ᠪᠠᠭᠲᠠᠨ ᠢᠷᠡᠵᠦ ᠠᠭᠤᠯᠵᠠ ᠭᠡᠵᠦ ᠳᠠᠭᠤᠳᠠᠭᠤᠯ !  ᠭᠡᠰᠡᠨ ᠵᠠᠷᠯᠢᠭ ᠪᠠᠭᠤᠯᠭᠠᠯ᠎ᠠ᠃


           ᠦᠰᠦᠭ ᠠᠮᠢᠯᠠᠭᠤᠯᠤᠭᠰᠠᠨ ᠨᠢ᠄  ᠲᠡᠭᠷᠢ ᠡᠵᠢ᠂ ᠪᠠᠭᠠᠲᠤᠷ᠂ ᠴᠣᠯᠮᠣᠨᠲᠤᠶᠠᠭ᠎ᠠ