ᠬᠥᠭᠰᠢᠨ ᠰᠡᠢᠳ ᠦᠨ ᠠᠢᠯᠠᠳᠬᠠᠯ- ᠳᠠᠢᠴᠢᠨХөгшин сайдын айлтгал-дайчин ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠭᠰᠢᠨ ᠰᠡᠢᠳ ᠦᠨ ᠠᠢᠯᠠᠳᠬᠠᠯ- ᠳᠠᠢᠴᠢᠨХөгшин сайдын айлтгал-дайчин

ᠬᠥᠭᠰᠢᠨ ᠰᠡᠢᠳ ᠦᠨ ᠠᠢᠯᠠᠳᠬᠠᠯ- ᠳᠠᠢᠴᠢᠨХөгшин сайдын айлтгал-дайчин

ᠠᠩᠭᠢᠯᠠᠯ:ᠳᠠᠭᠤᠤ ᠬᠥᠭᠵᠢᠮ
2022-11-07

269

ᠬᠥᠭᠰᠢᠨ ᠰᠡᠢᠳ ᠦᠨ ᠠᠢᠯᠠᠳᠬᠠᠯ- ᠳᠠᠢᠴᠢᠨ

ᠠᠯᠲᠠᠨ ᠶᠤ᠌ ᠲᠠᠬᠢᠶ᠎ᠠ ᠶᠤᠮ ᠠ᠋
ᠬᠠᠰ ᠤᠨ ᠡᠷᠳᠡᠨᠢ ᠶ᠋ᠢᠨ ᠲᠠᠤᠯᠠᠢ ᠭᠡᠳᠡᠭ ᠴᠢᠨᠢ
ᠠᠷᠭ᠎ᠠ ᠪᠢᠯᠢᠭ ᠢ ᠬᠡᠯᠡᠭᠰᠡᠨ ᠶᠤᠮ ᠡ
ᠠᠷᠪᠠᠨ ᠬᠣᠶᠠᠷ ᠶᠡᠬᠡ ᠴᠠᠭ ᠢ ᠪᠠᠨ
ᠬᠣᠷᠢᠨ ᠳᠥᠷᠪᠡᠨ ᠪᠠᠭ᠎ᠠ ᠴᠠᠭ ‍ᠢᠶ᠋ᠠᠷ ᠬᠤᠪᠢᠶᠠᠭᠠᠳ ᠲᠡᠭᠡᠪᠡᠯ
ᠨᠠᠷᠠᠨ ᠰᠠᠷᠠᠨ ᠤ ᠡᠷᠭᠢᠯᠲᠡ ᠡ
ᠠᠯᠲᠠᠨ ᠲᠠᠬᠢᠶ᠎ᠠ ᠪᠠ ᠬᠠᠰ ᠤᠨ ᠲᠠᠤᠯᠠᠢ
ᠵᠡᠭᠦᠨᠰᠢ ᠪᠠᠷᠠᠭᠤᠨᠰᠢ ᠰᠣᠯᠪᠢᠴᠠᠭᠰᠠᠭᠠᠷ
ᠬᠠᠷᠠᠩᠭᠤᠢ ᠭᠡᠭᠡᠨ ᠦ ᠢᠯᠭᠠᠯ ᠲᠠᠢ
ᠬᠠᠷᠠᠩᠭᠤᠢ ᠶᠢ ᠦᠳᠡᠭᠡᠳ ᠯᠡ
ᠭᠡᠭᠡᠨ ᠢ ᠪᠠᠨ ᠤᠭᠲᠤᠭᠠᠳ ᠢᠷᠡᠬᠦ ᠴᠢᠨᠢ
ᠬᠠᠷᠪᠤᠭᠰᠠᠨ ᠰᠤᠮᠤᠨ ᠠᠴᠠ ᠲᠦᠷᠭᠡᠨ ᠡ
ᠬᠠᠪᠤᠷ ᠨᠠᠮᠤᠷ ᠡᠪᠦᠯ ᠵᠤᠨ ᠳᠥᠷᠪᠡᠨ ᠶᠤ᠌ ᠤᠯᠠᠷᠢᠯ ‍ᠢᠶ᠋ᠠᠷ
ᠬᠠᠷᠢᠯᠴᠠᠨ ᠪᠣᠯᠪᠠᠯ ᠥᠩᠭᠡᠷᠡᠭᠦᠯᠦᠭᠰᠡᠭᠡᠷ
ᠬᠠᠷ᠎ᠠ ᠴᠤ᠌ ᠲᠣᠷᠭᠠᠨ ᠦᠰᠦ ᠨᠢ ᠳ᠋ᠡ
ᠴᠠᠢᠭᠠᠳ ᠯᠡ ᠲᠡᠭᠡᠪᠡᠯ ᠳ᠋ᠡ
ᠬᠠᠷ᠎ᠠ ᠪᠤᠭᠤᠷᠤᠯ ᠡᠪᠦᠭᠡᠨ ᠪᠣᠯᠴᠢᠬᠠᠵᠠᠢ
ᠮᠣᠳᠣ ᠨᠢ ᠬᠡᠳᠦᠢ ᠥᠰᠦᠯ᠎ᠡ ᠭᠡᠳ
ᠲᠤᠶ᠋ᠢᠯ ᠳᠤ ᠪᠠᠨ ᠲᠤᠯᠪᠠᠴᠤ ᠠ᠋
ᠲᠩᠷᠢ ᠶᠢ ᠲᠤᠯᠬᠤ ᠳᠤ ᠪᠠᠨ ᠪᠡᠷᠬᠡᠲᠡᠢ ‍ᠶᠦ᠍ᠮ ᠡ
ᠬᠥᠮᠦᠨ ᠨᠢ ᠬᠡᠳᠦᠢ ᠥᠲᠡᠯᠦᠭᠡᠳ
ᠨᠠᠰᠤᠨ ᠤ ᠪᠤᠶᠠᠨ ‍ᠢᠶ᠋ᠠᠨ ᠬᠤᠷᠢᠶᠠᠯ᠎ᠠ ᠭᠡᠳ
ᠵᠠᠭᠤᠨ ᠬᠠᠪᠤᠷ ᠢ ᠥᠩᠭᠡᠷᠡᠬᠦ ᠳᠦ ᠪᠡᠷᠬᠡᠲᠡᠢ ‍ᠶᠦ᠍ᠮ ᠡ
ᠬᠥᠭᠰᠢᠨ ᠰᠠᠶ᠋ᠢᠳ ᠴᠢᠨᠢ ᠥᠨᠥ ᠵᠢᠯ ᠳ᠋ᠡ
ᠵᠢᠷᠠᠨ ᠬᠠᠪᠤᠷ ᠢ ᠲᠤᠯᠪᠠᠴᠤ ᠠ᠋
ᠬᠣᠪᠢᠨ ᠤ ᠨᠤᠲᠤᠭ ᠲᠤ ᠪᠠᠨ ᠡᠷᠭᠢᠭᠡᠳ ᠣᠴᠢᠭᠠᠳ
ᠥᠲᠡᠯᠦᠭᠡ ᠪᠡᠶ᠎ᠡ ᠶᠢ ᠪᠡᠨ ᠰᠤᠪᠢᠯᠠᠬᠤ ᠶᠢ ᠰᠠᠨᠠᠨ᠎ᠠ