ᠪᠦᠷᠭᠦᠳ ᠬᠠᠷᠢ ᠳᠤ ᠡᠭᠦᠷᠯᠡᠳᠡᠭ ᠦᠭᠡᠢ – ᠵ ᠂ ᠫᠦᠷᠪᠦ<ᠭᠤᠷᠪᠠᠳᠤᠭᠠᠷ ᠪᠦᠯᠦᠭ –1>᠂ ᠺᠠᠢᠫᠢᠩ ᠵᠣᠭᠣᠭ Бүргэд харьд үүрэлдэггүй – Ж᠂ Пүрэв <3-р бүлэг ~1>. кайпин зоог ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠦᠷᠭᠦᠳ ᠬᠠᠷᠢ ᠳᠤ ᠡᠭᠦᠷᠯᠡᠳᠡᠭ ᠦᠭᠡᠢ – ᠵ ᠂ ᠫᠦᠷᠪᠦ<ᠭᠤᠷᠪᠠᠳᠤᠭᠠᠷ ᠪᠦᠯᠦᠭ –1>᠂ ᠺᠠᠢᠫᠢᠩ ᠵᠣᠭᠣᠭ Бүргэд харьд үүрэлдэггүй – Ж᠂ Пүрэв <3-р бүлэг ~1>. кайпин зоог

ᠪᠦᠷᠭᠦᠳ ᠬᠠᠷᠢ ᠳᠤ ᠡᠭᠦᠷᠯᠡᠳᠡᠭ ᠦᠭᠡᠢ – ᠵ ᠂ ᠫᠦᠷᠪᠦ<ᠭᠤᠷᠪᠠᠳᠤᠭᠠᠷ ᠪᠦᠯᠦᠭ –1>᠂ ᠺᠠᠢᠫᠢᠩ ᠵᠣᠭᠣᠭ Бүргэд харьд үүрэлдэггүй – Ж᠂ Пүрэв <3-р бүлэг ~1>. кайпин зоог

ᠠᠩᠭᠢᠯᠠᠯ:ᠲᠤᠭᠤᠵᠢ ᠷᠣᠮᠠᠨ
2026-05-12

17

ᠭᠤᠷᠪᠠᠳᠤᠭᠠᠷ ᠪᠦᠯᠦᠭ ᠴᠠᠭᠠᠨ ᠪᠡᠴᠢᠨ ᠵᠢᠯ

ᠨᠢᠭᠡ᠂ ᠺᠠᠢᠫᠢᠩ ᠵᠣᠭᠣᠭ


       ᠬᠤᠪᠢᠯᠠᠢ ᠵᠠᠬᠢᠷᠤᠭᠴᠢ ᠶᠡᠬᠡ ᠭᠣᠪᠢ ᠭᠡᠲᠦᠯᠦᠨ ᠰᠢᠭᠤᠳᠬᠠᠨ ᠳᠣᠪᠲᠣᠯᠤᠭᠰᠠᠭᠠᠷ ᠥᠪᠥᠷᠯᠡᠭᠴᠢ ᠨᠤᠲᠤᠭ ᠲᠤ ᠣᠷᠣᠵᠤ ᠢᠷᠡᠭᠡᠳ ᠲᠤᠯᠤᠨ ᠨᠠᠭᠤᠷ ᠤ᠋ᠨ ᠣᠷᠴᠢᠮ ᠳ᠋ᠤ᠌ ᠠᠬ᠎ᠠ ᠮᠥᠩᠬᠡ ᠶ᠋ᠢᠨ ᠵᠠᠷᠯᠢᠬᠲᠠᠢ ᠪᠠᠷ ᠪᠠᠢᠭᠤᠯᠵᠤ ᠪᠣᠢ ᠰᠢᠨ᠎ᠡ ᠬᠣᠲᠠ ᠳ᠋ᠤ᠌ ᠬᠦᠷᠦᠯᠴᠡᠨ ᠢᠷᠡᠪᠡ᠃ ᠲᠡᠭᠦᠨ ᠢ᠋ ᠳᠠᠭᠠᠯᠳᠤᠬᠤ ᠲᠦᠰᠢᠮᠡᠯ᠂ ᠬᠠᠮᠠᠭᠠᠯᠠᠬᠤ ᠴᠡᠷᠢᠭ ᠦ᠋ᠨ ᠢ᠋ᠶ᠋ᠡᠨ ᠬᠠᠮᠲᠤ ᠬᠣᠲᠠ ᠶ᠋ᠢᠨ ᠵᠠᠬ᠎ᠠ ᠳ᠋ᠤ᠌ ᠣᠷᠣᠵᠤ ᠢᠷᠡᠬᠦ ᠳ᠋ᠦ᠍ ᠶᠠᠭᠤ ᠭᠡᠭᠴᠢ ᠪᠣᠯᠵᠤ ᠪᠠᠢᠨ᠎ᠠ ᠪᠣᠢ ᠭᠡᠮᠡᠷ ᠬᠡᠳᠦᠨ ᠵᠠᠭᠤᠨ ᠬᠥᠮᠦᠨ ᠭᠤᠷᠪᠠᠨ ᠬᠥᠯᠲᠦ ᠬᠡᠢ ᠮᠣᠷᠢ᠂ ᠥᠩᠭᠡ ᠶ᠋ᠢᠨ ᠴᠡᠴᠡᠭ ᠪᠠᠷᠢᠨ᠂ ᠡᠯᠳᠡᠪ ᠳᠠᠭᠤ ᠲᠠᠢ ᠪᠦᠷᠢᠶ᠎ᠡ ᠴᠠᠷᠭᠢᠭᠤᠯᠵᠤ᠂ ᠶᠡᠬᠡ ᠪᠠᠭ᠎ᠠ ᠶᠠᠩᠵᠤ ᠪᠦᠷᠢ ᠶ᠋ᠢᠨ ᠬᠡᠩᠭᠡᠷᠭᠡ ᠪᠠᠯᠪᠠᠭᠰᠠᠭᠠᠷ ᠵᠢᠭᠲᠡᠢ ᠬᠥᠯ ᠪᠣᠯᠤᠨ ᠤᠭᠲᠤᠪᠠ᠃ ᠬᠣᠲᠠ ᠶ᠋ᠢᠨ ᠶᠡᠬᠡ ᠳᠠᠭᠠᠭᠠᠮᠠᠯ ᠸᠠᠩ ᠣᠪᠣᠭᠲᠤ ᠨᠣᠶᠠᠨ ᠬᠤᠪᠢᠯᠠᠢ ᠶ᠋ᠢᠨ ᠰᠡᠦᠬᠡ ᠲᠡᠷᠭᠡᠨ ᠦ᠌ ᠳᠡᠷᠭᠡᠳᠡ ᠢᠷᠡᠵᠦ ᠬᠠᠭᠠᠯᠭ᠎ᠠ ᠶ᠋ᠢ ᠨᠡᠭᠡᠭᠡᠨ᠂ ᠰᠢᠷᠭᠠᠯ ᠴᠢᠬᠢᠷᠰᠦᠨ ᠵᠠᠪᠳᠤᠩ ᠳᠡᠭᠡᠷ᠎ᠡ ᠪᠠᠭᠤᠯᠭᠠᠵᠤ᠂ ᠬᠠᠳᠠᠭ ᠲᠠᠪᠠᠭ ᠲᠠᠢ ᠢᠳᠡᠭᠡ ᠳᠡᠯᠭᠡᠨ ᠲᠠᠯᠪᠢᠵᠤ ᠪᠠᠷᠢᠭᠠᠳ᠂ ᠵᠢᠭᠲᠡᠢ ᠶᠡᠬᠡ ᠬᠦᠨᠳᠦᠳᠬᠡᠯ ᠢᠯᠡᠷᠬᠡᠢᠯᠡᠭᠡᠳ᠄ 
       — ᠪᠣᠭᠣᠯᠴᠤᠳ ᠪᠢᠳᠡ ᠶᠡᠬᠡ ᠡᠵᠡᠨ ᠲᠠᠨ ᠤ᠋ ᠪᠠᠨ ᠠᠪᠤᠷᠠᠯ ᠥᠷᠥᠰᠢᠶᠡᠯ ᠳ᠋ᠦ᠍ ᠰᠥᠭᠥᠳᠦᠨ ᠪᠢᠰᠢᠷᠡᠵᠦ ᠪᠠᠢᠨ᠎ᠠ! ᠭᠡᠵᠦ ᠥᠭᠦᠯᠡᠬᠦ ᠨᠢ ᠴᠢᠬᠢᠨ ᠳ᠋ᠦ᠍ ᠴᠢᠮᠡᠭᠡᠲᠡᠢ ᠪᠠᠢᠯ᠎ᠠ᠃ ᠸᠠᠩ ᠣᠪᠣᠭᠲᠤ ᠲᠦᠰᠢᠮᠡᠯ ᠡᠨᠡ ᠰᠦᠷ ᠪᠠᠳᠠᠷᠠᠭᠠᠭᠰᠠᠨ ᠤᠭᠲᠤᠯᠲᠠ ᠶ᠋ᠢ ᠵᠣᠣ ᠪᠢ ᠲᠦᠰᠢᠮᠡᠯ ᠦ᠋ᠨ ᠵᠢᠭᠠᠪᠤᠷᠢ ᠪᠠᠷ ᠵᠣᠬᠢᠶᠠᠨ ᠪᠠᠢᠭᠤᠯᠵᠤ ᠪᠣᠢ ᠶ᠋ᠢ ᠬᠤᠪᠢᠯᠠᠢ ᠡᠨᠡ ᠤᠳᠠᠭ᠎ᠠ ᠳ᠋ᠤ᠌ ᠶᠠᠭᠠᠬᠢᠨ ᠮᠡᠳᠡᠬᠦ ᠪᠢᠯᠡ᠃ ᠬᠣᠲᠠ ᠶ᠋ᠢᠨ ᠳᠠᠭᠠᠭᠠᠮᠠᠯ ᠵᠠᠬᠢᠷᠤᠭᠴᠢ ᠶ᠋ᠢ ᠵᠠᠳᠠᠭᠠᠢ ᠵᠢᠤᠵᠠᠨ ᠳ᠋ᠤ᠌ ᠰᠠᠭᠤᠯᠭᠠᠨ᠂ ᠣᠯᠠᠨ ᠬᠥᠮᠦᠨ ᠳᠠᠮᠨᠠᠵᠤ ᠨᠠᠮᠢᠯᠵᠠᠨ ᠶᠠᠪᠤᠵᠤ᠂ ᠰᠢᠨ᠎ᠡ ᠬᠣᠲᠠ ᠶ᠋ᠢᠨ ᠲᠥᠪ ᠬᠡᠰᠡᠭ ᠲᠦ᠍ ᠪᠠᠢᠭ᠎ᠠ ᠰᠢᠷᠭᠠᠯ ᠥᠩᠭᠡᠲᠡᠢ ᠲᠣᠭᠣᠰᠬᠠᠨ ᠣᠷᠳᠣᠨ ᠳ᠋ᠤ᠌ ᠠᠪᠠᠴᠢᠭᠠᠳ᠂ ᠬᠠᠮᠪᠤ ᠬᠢᠯᠢᠩ ᠢ᠋ᠶ᠋ᠡᠷ ᠥᠪᠴᠢ ᠳᠣᠲᠣᠷᠯᠠᠭᠰᠠᠨ ᠲᠠᠰᠤᠯᠭ᠎ᠠ ᠲᠠᠢ᠂ ᠭᠢᠯᠠ ᠴᠢᠯᠡ ᠪᠣᠯᠤᠭᠰᠠᠨ ᠪᠠᠢᠷᠢᠨ ᠳ᠋ᠤ᠌ ᠪᠠᠭᠤᠯᠭᠠᠪᠠ᠃ ᠬᠦᠨᠳᠦᠳᠬᠡᠯ᠂ ᠡᠷᠭᠦᠮᠵᠢᠯᠡᠯ ᠢ᠋ ᠬᠦᠯᠢᠶᠡᠨ ᠠᠪᠴᠤ ᠶᠠᠮᠪᠠᠯᠠᠬᠤ ᠳᠤᠷᠠᠲᠠᠢ ᠡᠵᠡᠨ ᠵᠠᠬᠢᠷᠤᠭᠴᠢ ᠡᠨᠡ ᠳᠡᠭᠡᠳᠦᠯᠡᠭᠰᠡᠨ ᠪᠠᠢᠳᠠᠯ ᠢ᠋ ᠭᠠᠢᠬᠠᠨ ᠬᠠᠷᠠᠵᠤ᠂ ᠶᠠᠭᠤ ᠪᠣᠯᠬᠤ ᠭᠡᠵᠦ ᠪᠣᠢ ᠶ᠋ᠢ ᠨᠢ ᠠᠵᠢᠭᠯᠠᠨ ᠪᠠᠢᠯ᠎ᠠ᠃ 
       ᠬᠣᠲᠠ ᠶ᠋ᠢᠨ ᠳᠠᠭᠠᠭᠠᠮᠠᠯ ᠰᠢᠨ᠎ᠡ ᠣᠷᠳᠣᠨ ᠢ᠋ᠶ᠋ᠠᠨ ᠬᠤᠪᠢᠯᠠᠢ ᠳ᠋ᠤ᠌ ᠦᠵᠡᠭᠦᠯᠪᠡ᠃ ᠠᠯᠲᠠ ᠮᠥᠩᠭᠥᠨ ᠵᠦᠮᠪᠦᠷᠲᠦ ᠬᠡ ᠤᠭᠠᠯᠵᠠ᠂ ᠳᠣᠪᠣᠢᠯᠭᠠᠨ ᠨᠠᠭᠠᠵᠤ ᠬᠢᠭᠰᠡᠨ ᠡᠯᠳᠡᠪ ᠠᠮᠢᠲᠠᠨ ᠤ᠋ ᠳᠦᠷᠰᠦ ᠪᠡᠷ ᠳᠣᠲᠣᠷ᠎ᠠ ᠭᠠᠳᠠᠨ᠎ᠠ ᠦᠭᠡᠢ ᠭᠤᠶᠤᠵᠤ ᠪᠠᠷᠢᠭᠰᠠᠨ ᠲᠡᠷᠡ ᠨᠢᠭᠡᠨ ᠳᠥᠴᠢ ᠲᠠᠪᠢᠨ ᠥᠷᠥᠭᠡ ᠲᠠᠰᠤᠯᠭ᠎ᠠ ᠪᠦᠬᠦᠢ ᠪᠠᠢᠰᠢᠩ ᠨᠢ《ᠲᠩᠷᠢ ᠳ᠋ᠦ᠍ ᠳ᠋ᠧᠪᠠᠵᠠᠨ ᠭᠡᠳᠡᠭ ᠰᠠᠢᠬᠠᠨ ᠶᠠᠭᠤᠮ᠎ᠠ ᠪᠠᠢᠳᠠᠭ ᠭᠡᠭᠴᠢ ᠶ᠋ᠢ ᠠᠷᠭ᠎ᠠ ᠦᠭᠡᠢ ᠰᠠᠨᠠᠭᠳᠠᠭᠤᠯᠤᠭᠰᠠᠨ᠃ ᠥᠪᠡᠷ ᠢ᠋ ᠪᠡᠨ ᠪᠦᠬᠦᠢᠯᠡ ᠵᠠᠬᠢᠷᠤᠭᠴᠢ ᠡᠵᠡᠨ ᠨᠠᠳᠠᠳᠤ ᠡᠢᠮᠦ ᠶᠠᠭᠤᠮ᠎ᠠ ᠪᠠᠷᠢᠵᠤ ᠥᠭᠭᠦᠯ ᠦᠭᠡᠢ ᠶᠠᠭᠠᠬᠢᠬᠤ ᠪᠣᠢ ᠳᠠ᠂ ᠬᠢᠲᠠᠳ ᠤ᠋ᠳ》 ᠭᠡᠰᠡᠨ ᠪᠣᠳᠣᠯ ᠢ᠋ ᠶᠡᠬᠡ ᠡᠵᠡᠨ ᠳ᠋ᠦ᠍ ᠲᠥᠷᠥᠭᠦᠯᠵᠦ ᠪᠢᠯᠡ᠃ ᠡᠨᠡ ᠪᠦᠬᠦᠨ ᠢ᠋ ᠮᠡᠷᠭᠡᠨ ᠪᠠᠭᠰᠢ ᠤᠬᠠᠭᠠᠨᠲᠤ ᠲᠦᠰᠢᠮᠡᠯ ᠵᠣᠣ ᠪᠢ ᠵᠢᠭᠠᠪᠤᠷᠢᠯᠠᠨ᠂ ᠮᠣᠩᠭᠣᠯ ᠳᠠᠭᠠᠭᠠᠮᠠᠯ ᠤ᠋ᠨ ᠵᠠᠬᠢᠷᠭᠠᠨ ᠳᠣᠣᠷ᠎ᠠ ᠦᠷᠭᠦᠯᠵᠢᠯᠡᠨ ᠠᠵᠢᠯᠯᠠᠵᠤ ᠪᠣᠢ ᠬᠢᠲᠠᠳ ᠤᠷᠠᠴᠤᠳ ᠬᠢᠵᠦ ᠪᠠᠢᠭ᠎ᠠ ᠶ᠋ᠢ ᠬᠤᠪᠢᠯᠠᠢ ᠤᠷᠢᠳ ᠠ᠋ᠴᠠ ᠮᠡᠳᠡᠵᠦ ᠪᠠᠢᠯ᠎ᠠ᠃ ᠸᠠᠩ ᠣᠪᠣᠭᠲᠤ ᠳᠠᠭᠠᠭᠠᠮᠠᠯ ᠡᠵᠡᠨ ᠵᠠᠬᠢᠷᠤᠭᠴᠢ ᠶ᠋ᠢᠨ ᠬᠥᠯ ᠦ᠋ᠨ ᠳᠣᠣᠷ᠎ᠠ ᠰᠥᠭᠥᠳᠦᠨ ᠭᠦᠶᠦᠬᠦ ᠳ᠋ᠦ᠍ ᠪᠡᠨ ᠲᠡᠭᠦᠨ ᠰᠢᠭ ᠳᠤᠭᠤᠯᠭᠠᠪᠤᠷᠢᠲᠠᠢ᠂ ᠲᠡᠭᠦᠨ ᠰᠢᠭ ᠦᠨᠡᠨᠴᠢ ᠪᠣᠭᠣᠯ ᠬᠠᠮᠢᠭ᠎ᠠ ᠪᠠᠢᠬᠤ ᠪᠣᠢ ᠭᠡᠬᠦ ᠪᠡᠷ ᠪᠤᠶᠤ ᠬᠣᠷᠸ᠎ᠠ ᠳ᠋ᠤ᠌ ᠬᠣᠪᠣᠷ ᠬᠥᠮᠦᠨ ᠦ᠌ ᠨᠢᠭᠡ ᠡᠨᠳᠡ ᠪᠠᠢᠨ᠎ᠠ ᠭᠡᠰᠡᠨ ᠰᠡᠳᠬᠢᠯ ᠢ᠋ ᠬᠤᠪᠢᠯᠠᠢ ᠳ᠋ᠤ᠌ ᠲᠥᠷᠥᠭᠦᠯᠬᠦ ᠪᠡᠷ ᠪᠠᠢᠯ᠎ᠠ᠃ ᠸᠠᠩ ᠣᠪᠣᠭᠲᠤ ᠶ᠋ᠢᠨ ᠳᠣᠣᠷ᠎ᠠ ᠪᠠᠢᠭ᠎ᠠ ᠵᠢᠵᠢᠭ ᠳᠠᠭᠠᠭᠠᠮᠠᠯ᠂ ᠵᠠᠷᠤᠴᠠ ᠨᠠᠷ ᠴᠤ᠌ ᠰᠢᠯᠪᠢᠭᠦᠷᠳᠡᠭᠰᠡᠨ ᠮᠡᠲᠦ ᠨᠢᠳᠦᠨ ᠦ᠌ ᠬᠠᠷᠠᠴᠠ ᠪᠠᠷ ᠬᠤᠢᠯᠠᠷᠠ ᠭᠦᠶᠦᠵᠦ᠂ ᠪᠦᠬᠦᠨ ᠢ᠋ ᠪᠦᠲᠦᠭᠡᠵᠦ ᠪᠠᠢᠬᠤ ᠨᠢ ᠰᠣᠨᠢᠬᠠᠨ ᠠᠵᠢ᠃ 
       ᠬᠤᠪᠢᠯᠠᠢ ᠶ᠋ᠢ ᠲᠣᠷᠭᠠᠨ ᠥᠷᠥᠭᠡᠨ ᠳ᠋ᠦ᠍ ᠣᠷᠣᠵᠤ᠂ ᠽᠠᠨᠳᠠᠨ ᠮᠣᠳᠣᠨ ᠰᠢᠷᠡᠭᠡᠨ ᠦ᠌ ᠠᠷᠤ ᠳ᠋ᠤ᠌ ᠰᠠᠭᠤᠭᠠᠳ《ᠱᠠᠨᠳᠦ᠋ᠩ ᠭᠠᠵᠠᠷ ᠤ᠋ᠨ ᠲᠤᠩᠭᠠᠭᠠᠮᠠᠯ ᠴᠠᠢ》 ᠵᠣᠭᠣᠭᠯᠠᠵᠤ ᠪᠠᠢᠲᠠᠯ᠎ᠠ ᠨᠢ ᠵᠣᠣ ᠪᠢ ᠡᠷᠳᠡᠮᠲᠡᠨ ᠵᠢᠭᠠᠬᠠᠨ ᠠᠮᠢᠰᠬᠤᠭᠠᠳᠠᠭᠰᠠᠭᠠᠷ ᠣᠷᠣᠵᠤ ᠢᠷᠡᠵᠦ ᠳᠤᠬᠤ ᠪᠠᠷ ᠢ᠋ᠶ᠋ᠠᠨ ᠭᠠᠵᠠᠷ ᠬᠠᠳᠬᠤᠬᠤ ᠳᠥᠭᠥᠨ ᠪᠥᠬᠥᠢᠵᠦ ᠬᠦᠨᠳᠦᠯᠡᠯ ᠢᠯᠡᠷᠬᠡᠢᠯᠡᠭᠡᠳ᠂ ᠠᠯᠤᠰ ᠤ᠋ᠨ ᠠᠶᠠᠨ ᠵᠠᠮ ᠳ᠋ᠤ᠌ ᠠᠯᠵᠢᠶᠠᠭᠰᠠᠨ ᠡᠰᠡᠬᠦ ᠶ᠋ᠢ ᠠᠰᠠᠭᠤᠨ ᠮᠡᠨᠳᠦᠯᠡᠵᠦ ᠤᠴᠠᠷᠠᠪᠠ᠃ ᠲᠡᠳᠡᠨ ᠦ᠌ ᠬᠣᠭᠣᠷᠣᠨᠳᠣ ᠶ᠋ᠢᠨ ᠶᠠᠷᠢᠶ᠎ᠠ ᠶᠡᠬᠡ ᠬᠤᠷᠠᠮᠳᠤᠯᠠᠭᠰᠠᠨ ᠢ᠋ ᠲᠣᠭᠠᠯᠠᠵᠤ ᠪᠠᠷᠠᠰᠢ ᠦᠭᠡᠢ᠃ ᠡᠷᠳᠡᠮᠲᠡᠨ ᠪᠥᠬᠥᠯᠵᠡᠨ ᠨᠠᠬᠢᠯᠵᠠᠭᠰᠠᠭᠠᠷ ᠲᠠᠨ ᠢ᠋ ᠤᠭᠲᠤᠬᠤ ᠳ᠋ᠤ᠌ ᠪᠡᠶ᠎ᠡ ᠪᠡᠷ ᠣᠷᠣᠯᠴᠠᠵᠤ ᠴᠢᠳᠠᠯ ᠦᠭᠡᠢ ᠶᠣᠰᠣ ᠠᠯᠳᠠᠯ᠎ᠠ᠃ ᠥᠷᠥᠰᠢᠶᠡᠵᠦ ᠬᠠᠢᠷᠠᠯᠠ! ᠭᠡᠮᠡᠨ ᠳᠠᠬᠢᠨ ᠪᠥᠬᠥᠯᠵᠡᠵᠦ ᠭᠤᠶᠤᠬᠤ ᠳ᠋ᠤ᠌ ᠨᠢ ᠵᠠᠬᠢᠷᠤᠭᠴᠢ ᠨᠡᠩ ᠳᠠᠭᠠᠯᠠᠭᠰᠠᠨ ᠪᠠᠢᠳᠠᠯ ᠢ᠋ᠶ᠋ᠠᠷ᠄ 
       — ᠲᠠ ᠮᠢᠨᠦ ᠪᠠᠭᠰᠢ᠃ ᠪᠠᠭᠰᠢ ᠪᠠᠭᠰᠢ ᠳ᠋ᠤ᠌ ᠪᠠᠨ ᠪᠦᠷ ᠠᠩᠬᠠᠨ ᠤ᠋ ᠬᠢᠲᠠᠳ《ᠪᠠᠭᠰᠢ》 ᠲᠤᠯᠠ ᠨᠠᠮᠠᠶ᠋ᠢ ᠤᠭᠲᠤᠬᠤ ᠶᠣᠰᠣ ᠦᠭᠡᠢ᠂ ᠬᠠᠷᠢᠨ ᠪᠢ ᠲᠠᠨ ᠳ᠋ᠤ᠌ ᠪᠠᠷᠠᠯᠬᠠᠬᠤ ᠶᠣᠰᠣᠲᠠᠢ ᠭᠡᠯ᠎ᠡ᠃ 
       — ᠲᠠ ᠲᠡᠭᠡᠵᠦ ᠪᠣᠯᠭᠣᠭᠠᠵᠤ ᠪᠣᠯᠬᠤ ᠦᠭᠡᠢ᠃ ᠡᠵᠡᠨ ᠲᠠ ᠪᠣᠯ ᠶᠡᠬᠡ ᠤᠯᠤᠰ ᠤ᠋ᠨ ᠬᠠᠭᠠᠨ ᠤ᠋ ᠲᠥᠯᠥᠭᠡᠨ ᠦ᠌ ᠵᠠᠬᠢᠷᠤᠭᠴᠢ᠂ ᠪᠦᠬᠦ ᠬᠢᠲᠠᠳ ᠣᠷᠣᠨ ᠢ᠋ ᠮᠡᠳᠡᠨ ᠵᠠᠬᠢᠷᠤᠭᠴᠢ ᠪᠣᠯᠬᠣᠷ ᠪᠢ ᠲᠠᠨ ᠢ᠋ ᠲᠤᠢᠯ ᠠ᠋ᠴᠠ ᠬᠦᠨᠳᠦᠳᠬᠡᠬᠦ ᠶᠣᠰᠣᠲᠠᠢ᠃ ᠲᠠᠨ ᠢ᠋ ᠬᠦᠨᠳᠦᠳᠬᠡᠬᠦ ᠦᠭᠡᠢ ᠬᠥᠮᠦᠨ ᠡᠨᠡ ᠭᠠᠵᠠᠷ ᠲᠤ ᠪᠠᠢᠵᠤ ᠪᠣᠯᠬᠤ ᠦᠭᠡᠢ᠃ ᠲᠠ ᠬᠢᠲᠠᠳ ᠣᠷᠣᠨ ᠢ᠋ ᠪᠦᠬᠦᠢᠯᠡ ᠳ᠋ᠦ᠍ ᠨᠢ ᠨᠢᠭᠡᠳᠬᠡᠵᠦ᠂ ᠲᠡᠭᠦᠨ ᠦ᠌ ᠢᠷᠭᠡᠳ ᠪᠣᠭᠣᠯᠴᠤᠳ ᠢ᠋ ᠳᠣᠷᠣᠢ ᠶᠠᠳᠠᠭᠤ ᠠᠵᠤ ᠪᠠᠢᠳᠠᠯ ᠠ᠋ᠴᠠ ᠠᠩᠭᠢᠵᠢᠷᠠᠭᠤᠯᠬᠤ ᠠᠷᠭ᠎ᠠ ᠤᠬᠠᠭᠠᠨ ᠢ᠋ ᠨᠡᠭᠡᠭᠡᠵᠦ ᠪᠠᠢᠭ᠎ᠠ ᠶ᠋ᠢ ᠮᠤᠩᠬᠠᠭ ᠪᠢ ᠬᠦᠷᠲᠡᠯ᠎ᠡ ᠣᠢᠯᠠᠭᠠᠵᠤ ᠪᠠᠢᠭ᠎ᠠ ᠪᠣᠯᠬᠣᠷ ᠬᠢᠲᠠᠳ ᠬᠥᠮᠦᠨ ᠪᠣᠯᠭᠠᠨ ᠲᠠᠨ ᠢ᠋ ᠳᠡᠭᠡᠳᠦᠯᠡᠨ ᠬᠦᠨᠳᠦᠯᠡᠬᠦ ᠶᠣᠰᠣᠲᠠᠢ ᠭᠡᠮᠡᠨ ᠰᠠᠢᠬᠠᠨ ᠦᠭᠡ ᠪᠡᠷ ᠴᠠᠳᠬᠠᠵᠤ ᠡᠬᠢᠯᠡᠪᠡ᠃ ᠡᠢᠮᠦ ᠶᠠᠷᠢᠶ᠎ᠠ ᠬᠤᠪᠢᠯᠠᠢ ᠳ᠋ᠤ᠌ ᠲᠠᠭᠠᠰᠢᠶᠠᠭᠲᠠᠯ ᠦᠭᠡᠢ ᠶᠠᠭᠠᠬᠢᠬᠤ ᠪᠣᠢ᠃ 
       ᠪᠠᠭᠰᠢ ᠱᠠᠪᠢ ᠬᠣᠶᠠᠷ ᠵᠡᠷᠭᠡᠴᠡᠨ ᠰᠠᠭᠤᠭᠠᠳ ᠬᠠᠷ᠎ᠠ ᠬᠣᠷᠣᠮ ᠳ᠋ᠤ᠌ ᠪᠣᠯᠤᠭᠰᠠᠨ ᠪᠦᠬᠦ ᠶᠠᠪᠤᠳᠠᠯ ᠢ᠋ ᠶᠠᠷᠢᠯᠴᠠᠨ᠂《ᠲᠤᠩᠭᠠᠭᠠᠮᠠᠯ ᠴᠠᠢ》 ᠤᠤᠭᠤᠵᠤ ᠡᠬᠢᠯᠡᠯ᠎ᠡ᠃ ᠵᠣᠣ ᠪᠢ《ᠪᠠᠭᠰᠢ ᠶ᠋ᠢᠨ》 ᠤᠬᠠᠭᠠᠯᠢᠭ᠂ ᠳᠤᠭᠤᠯᠭᠠᠪᠤᠷᠢᠲᠠᠢ ᠶ᠋ᠢ ᠡᠵᠡᠨ ᠵᠠᠬᠢᠷᠤᠭᠴᠢ ᠮᠠᠭᠲᠠᠵᠤ ᠪᠠᠷᠠᠰᠢ ᠦᠭᠡᠢ ᠠᠵᠢ᠃ 
       — ᠪᠢ ᠲᠠᠨ ᠤ᠋ ᠠᠷᠤ ᠠ᠋ᠴᠠ ᠰᠡᠳᠬᠢᠯ ᠶᠡᠬᠡ ᠵᠣᠪᠠᠵᠤ ᠪᠠᠢᠯ᠎ᠠ᠃ ᠵᠠᠷᠢᠮ ᠳ᠋ᠤ᠌ ᠪᠠᠨ ᠵᠡᠭᠦᠳᠦᠯᠡᠭᠡᠳ᠁   
       —《ᠪᠠᠭᠰᠢ》 ᠲᠠ ᠶᠠᠭᠤᠨ ᠤ᠋ ᠤᠴᠢᠷ ᠲᠡᠭᠡᠵᠦ ᠰᠡᠳᠬᠢᠯ ᠵᠣᠪᠠᠨᠢᠮ ᠪᠢᠯᠡ? ᠭᠠᠢᠬᠠᠯᠲᠠᠢ ᠪᠠᠢᠨ᠎ᠠ᠃ 
       — ᠠᠢ᠂ ᠲᠠᠨ ᠢ᠋ ᠬᠣᠢᠲᠤ ᠵᠦᠭ ᠮᠣᠷᠢᠯᠠᠨ ᠶᠠᠪᠤᠬᠤ ᠳ᠋ᠤ᠌ ᠪᠣᠭᠣᠯ ᠪᠢ ᠪᠡᠶ᠎ᠡ ᠴᠢᠯᠡᠭᠦᠷ ᠪᠠᠢᠭᠰᠠᠨ ᠪᠣᠯᠤᠭᠠᠳ ᠭᠦᠢᠴᠡᠳ ᠲᠠᠪᠠᠲᠠᠢ ᠶᠠᠷᠢᠵᠤ ᠴᠢᠳᠠᠭ᠎ᠠ ᠦᠭᠡᠢ ᠳ᠋ᠦ᠍ ᠪᠡᠨ ᠵᠣᠪᠠᠭᠰᠠᠨ᠃ ᠬᠠᠮᠢᠭ᠎ᠠ ᠰᠠᠢ ᠦᠭᠡᠢ ᠮᠠᠭᠤ ᠰᠠᠨᠠᠭᠠᠲᠠᠢ ᠬᠥᠮᠦᠨ ᠪᠠᠢᠳᠠᠭ ᠪᠣᠯᠬᠣᠷ ᠲᠠᠨ ᠳ᠋ᠤ᠌ ᠡᠪ ᠦᠭᠡᠢ ᠶᠠᠪᠤᠳᠠᠯ ᠢ᠋ ᠵᠠᠷᠢᠮ ᠥᠭᠡᠳᠡ ᠦᠭᠡᠢ ᠬᠥᠮᠦᠨ ᠬᠢᠵᠦ ᠣᠷᠬᠢᠬᠤ ᠪᠣᠢ ᠭᠡᠮᠡᠨ ᠪᠣᠳᠣᠬᠤ ᠠ᠋ᠴᠠ ᠶᠠᠰᠤ ᠬᠠᠪᠲᠠᠯᠵᠠᠵᠤ ᠪᠠᠢᠯ᠎ᠠ᠃ ᠪᠢ ᠤᠭ ᠨᠢ ᠮᠣᠩᠭᠣᠯ ᠭᠠᠷᠤᠯ ᠤ᠋ᠨ ᠬᠥᠮᠦᠨ ᠪᠣᠯᠬᠣᠷ ᠢ᠋ᠶ᠋ᠠᠨ ᠡᠵᠡᠨ ᠲᠠᠨ ᠳ᠋ᠤ᠌ ᠪᠦᠬᠦ ᠰᠠᠨᠠᠭ᠎ᠠ ᠰᠡᠳᠬᠢᠯ ᠢ᠋ᠶ᠋ᠡᠷ ᠢ᠋ᠶ᠋ᠡᠨ ᠵᠢᠳᠬᠦᠬᠦ ᠤᠴᠢᠷᠲᠠᠢ ᠪᠠᠨ ᠣᠭᠣᠷᠴᠤ ᠶᠠᠭᠠᠬᠢᠨ ᠪᠣᠯᠬᠤ ᠪᠢᠯᠡ᠃ ᠲᠠ ᠡᠭᠦᠨ ᠢ᠋ ᠮᠡᠳᠡᠳᠡᠭ ᠭᠡᠵᠦ ᠵᠣᠣ ᠪᠢ ᠶ᠋ᠢ ᠶᠠᠷᠢᠬᠤ ᠳ᠋ᠤ᠌ ᠬᠤᠪᠢᠯᠠᠢ ᠪᠠᠶᠠᠰᠬᠤᠯᠠᠩᠲᠠᠢ ᠴᠢᠷᠠᠢ ᠭᠠᠷᠭᠠᠨ ᠲᠡᠭᠦᠨ ᠢ᠋ ᠬᠠᠷᠠᠵᠤ ᠰᠠᠭᠤᠪᠠ᠃ ᠲᠡᠭᠡᠬᠦ ᠳ᠋ᠦ᠍ ᠪᠡᠨ ᠵᠠᠬᠢᠷᠤᠭᠴᠢ ᠡᠨᠡ ᠲᠦᠰᠢᠮᠡᠯ ᠢ᠋ ᠬᠡᠳᠦᠢ ᠮᠣᠩᠭᠣᠯ 《ᠭᠠᠷᠤᠯᠲᠠᠢ 》 ᠭᠡᠵᠦ ᠥᠪᠡᠷ ᠢ᠋ᠶ᠋ᠡᠨ ᠬᠡᠯᠡᠳᠡᠭ᠂ ᠮᠣᠩᠭᠣᠯ ᠬᠡᠯᠡᠨ ᠳ᠋ᠦ᠍ ᠭᠠᠷᠭᠠᠭᠤᠳ ᠰᠠᠢᠨ ᠢ᠋ ᠮᠡᠳᠡᠳᠡᠭ ᠪᠣᠯᠪᠠᠴᠤ ᠴᠣᠬᠣᠮ ᠬᠦ ᠤᠬᠠᠭᠠᠨ ᠪᠣᠳᠣᠯ ᠤ᠋ᠨ ᠢ᠋ᠶ᠋ᠠᠨ ᠤᠭ ᠲᠤ᠌ ᠬᠢᠲᠠᠳ ᠬᠥᠮᠦᠨ ᠢ᠋ ᠪᠤᠰᠤᠳ ᠠ᠋ᠴᠠ ᠢᠯᠡᠭᠦᠦ ᠥᠮᠥᠭᠯᠡᠨ ᠦᠵᠡᠳᠡᠭ᠂ ᠬᠢᠲᠠᠳ ᠣᠷᠣᠨ ᠢ᠋ ᠯᠡ ᠰᠠᠢᠨ ᠰᠠᠢᠬᠠᠨ ᠪᠠᠢᠯᠭᠠᠬᠤ ᠭᠡᠵᠦ ᠦᠨᠡᠨ ᠭᠣᠣᠯ ᠠ᠋ᠴᠠ ᠪᠠᠨ ᠴᠢᠷᠮᠠᠢᠵᠤ᠂ ᠲᠡᠷᠡ ᠰᠠᠨᠠᠭ᠎ᠠ ᠪᠠᠨ ᠳᠠᠯᠳᠠᠭᠤᠷ ᠶᠠᠪᠤᠭᠤᠯᠳᠠᠭ ᠪᠠᠢᠳᠠᠯ ᠢ᠋ ᠨᠢ ᠪᠦᠷᠢᠨ ᠭᠠᠳᠠᠷᠯᠠᠵᠤ ᠮᠡᠳᠡᠭᠡ ᠦᠭᠡᠢ ᠪᠠᠢᠪᠠ᠃ ᠭᠡᠬᠦ ᠳ᠋ᠦ᠍ ᠪᠡᠨ ᠵᠣᠣ ᠪᠢ ᠥᠪᠡᠷ ᠲᠦ᠍ ᠨᠢ ᠶᠠᠭᠠᠬᠢᠪᠠᠴᠤ ᠪᠤᠷᠤᠭᠤ ᠰᠠᠨᠠᠬᠤ ᠦᠭᠡᠢ᠂ ᠬᠠᠷᠢᠨ ᠪᠠᠲᠤᠲᠠᠢ ᠥᠮᠥᠭᠯᠡᠨ ᠬᠠᠮᠠᠭᠠᠯᠠᠭᠴᠢ ᠪᠣᠯᠬᠤ ᠶ᠋ᠢ ᠨᠢ ᠬᠤᠪᠢᠯᠠᠢ ᠮᠡᠳᠡᠳᠡᠭ ᠡᠴᠡ ᠭᠠᠳᠠᠨ᠎ᠠ ᠡᠨᠡ ᠪᠠᠭᠰᠢ ᠶ᠋ᠢᠨ ᠢ᠋ᠶ᠋ᠡᠨ ᠡᠷᠳᠡᠮ ᠢ᠋ ᠬᠦᠨᠳᠦᠯᠡᠨ ᠦᠵᠡᠳᠡᠭ᠂ ᠲᠡᠭᠦᠨ ᠢ᠋ ᠨᠢ ᠥᠪᠡᠷ ᠲᠦ᠍ ᠪᠡᠨ ᠰᠢᠩᠭᠡᠭᠡᠵᠦ ᠠᠪᠬᠤ ᠰᠠᠨ ᠭᠡᠵᠦ ᠴᠢᠷᠮᠠᠢᠵᠤ ᠰᠢᠯᠦᠩᠭᠢᠲᠦᠨ ᠪᠠᠢᠳᠠᠭ ᠪᠢᠯᠡ᠃ 
       — ᠪᠠᠭᠰᠢ ᠲᠠ ᠮᠢᠨᠦ ᠠᠷᠤ ᠠ᠋ᠴᠠ ᠰᠠᠨᠠᠭ᠎ᠠ ᠵᠣᠪᠠᠭᠰᠠᠨ ᠤ᠋ ᠴᠣᠬᠣᠮ ᠨᠠᠷᠢᠨ ᠤᠴᠢᠷ ᠶᠠᠭᠤᠨ ᠳ᠋ᠤ᠌ ᠪᠠᠢᠪᠠ ? ᠪᠣᠯᠬᠢ ᠪᠢ ᠡᠭᠦᠨ ᠢ᠋ ᠮᠡᠳᠡᠬᠦ ᠰᠠᠨ ᠭᠡᠵᠦ ᠰᠡᠳᠬᠢᠯ ᠶᠠᠭᠠᠷᠠᠨ ᠬᠦᠰᠡᠵᠦ ᠪᠠᠢᠨ᠎ᠠ᠃ 
       — ᠠᠢ᠂ ᠶᠡᠬᠡ ᠵᠠᠬᠢᠷᠤᠭᠴᠢ ᠲᠠᠨ ᠤ᠋ ᠰᠡᠳᠬᠢᠯ ᠶᠠᠭᠠᠷᠠᠬᠤ ᠴᠢᠨᠢ ᠲᠦᠮᠡᠨ ᠵᠥᠪ᠃ ᠲᠠ ᠶᠡᠬᠡ ᠤᠬᠠᠭᠠᠨᠲᠠᠨ ᠪᠣᠯᠬᠣᠷ ᠤᠭ ᠬᠡᠷᠡᠭ ᠶᠠᠪᠤᠳᠠᠯ ᠢ᠋ ᠨᠠᠳᠠ ᠪᠠᠷ ᠬᠡᠯᠡᠭᠦᠯᠦᠯᠲᠡ ᠦᠭᠡᠢ ᠪᠣᠯᠭᠣᠭᠠᠵᠤ ᠪᠠᠢᠭ᠎ᠠ ᠪᠢᠵᠡ᠃  ᠮᠢᠨᠦ ᠮᠤᠩᠬᠠᠭᠯᠠᠨ ᠪᠣᠳᠣᠬᠤ ᠳ᠋ᠤ᠌ ᠬᠠᠷ᠎ᠠ ᠬᠣᠷᠣᠮ ᠳ᠋ᠤ᠌ ᠡᠦᠲᠦ ᠶᠡᠬᠡ ᠶᠠᠪᠤᠳᠠᠯ ᠪᠣᠯᠤᠨ᠎ᠠ᠃ ᠲᠡᠷᠡ ᠶᠠᠪᠤᠳᠠᠯ ᠡᠵᠡᠨ ᠲᠠᠨ ᠢ᠋ ᠴᠤ᠌ ᠬᠠᠮᠤᠷᠴᠤ ᠠᠪᠬᠤ ᠦᠭᠡᠢ ᠪᠠᠢᠬᠤ ᠶ᠋ᠢᠨ ᠠᠷᠭ᠎ᠠ ᠦᠭᠡᠢ᠃ ᠪᠢ ᠰᠠᠨᠠᠪᠠᠯ ᠡᠵᠡᠨ ᠵᠠᠬᠢᠷᠤᠭᠴᠢ ᠲᠠ ᠡᠨᠡ ᠬᠡᠷᠡᠭ ᠲᠦ᠍ ᠮᠠᠰᠢ ᠯᠤᠲᠤ ᠤᠬᠠᠭᠠᠨ ᠵᠠᠷᠤᠬᠤ ᠶᠣᠰᠣᠲᠠᠢ᠃  
       — ᠮᠡᠷᠭᠡᠨ《ᠪᠠᠭᠰᠢ》 ᠲᠠ ᠴᠣᠬᠣᠮ ᠶᠠᠭᠤ ᠶ᠋ᠢ ᠪᠣᠯᠭᠣᠭᠠᠨ ᠡᠢᠮᠦ ᠵᠦᠢᠯ ᠢ᠋ ᠨᠠᠳᠠᠳᠤ ᠠᠢᠯᠠᠳᠤᠭᠠᠳ ᠪᠠᠢᠨ᠎ᠠ ᠪᠣᠢ? ᠮᠢᠨᠦ ᠪᠣᠳᠣᠬᠤ ᠪᠠᠷ ᠮᠣᠩᠭᠣᠯ ᠶᠡᠬᠡ ᠭᠦᠷᠦᠨ ᠢ᠋ ᠲᠡᠷᠢᠭᠦᠯᠡᠬᠦ ᠬᠥᠮᠦᠨ ᠦ᠌ ᠲᠤᠬᠠᠢ ᠲᠠ ᠪᠣᠯᠭᠣᠭᠠᠵᠤ ᠪᠠᠢᠭ᠎ᠠ ᠪᠣᠯᠪᠠ ᠤᠤ᠃ ᠲᠡᠷᠡ ᠨᠢ ᠶᠡᠬᠡ ᠨᠦᠰᠡᠷ ᠶᠠᠪᠤᠳᠠᠯ ᠪᠣᠯᠬᠤ ᠦᠭᠡᠢ ᠪᠡᠢᠯ ᠦᠭᠡᠢ ᠭᠡᠵᠦ ᠬᠤᠪᠢᠯᠠᠢ ᠥᠪᠡᠷ ᠦ᠋ᠨ ᠢ᠋ᠶ᠋ᠡᠨ ᠬᠠᠮᠤᠭ ᠤ᠋ᠨ ᠶᠡᠬᠡ ᠰᠠᠨᠠᠭ᠎ᠠ ᠵᠣᠪᠠᠵᠤ ᠪᠠᠢᠭ᠎ᠠ ᠵᠦᠢᠯ ᠢ᠋ᠶ᠋ᠡᠨ ᠢᠯᠡ ᠭᠠᠷᠭᠠᠬᠤ ᠦᠭᠡᠢ ᠪᠠᠢᠳᠠᠯ ᠢ᠋ᠶ᠋ᠠᠷ ᠬᠡᠯᠡᠪᠡᠯ ᠵᠣᠣ ᠣᠪᠣᠭᠲᠤ ᠡᠪᠦᠳᠦᠭ ᠢ᠋ᠶ᠋ᠡᠨ ᠳᠡᠰ ᠬᠢᠲᠡᠯ᠎ᠡ ᠨᠢ ᠠᠯᠠᠭᠠᠳᠠᠵᠤ᠂ ᠵᠠᠬᠢᠷᠤᠭᠴᠢ ᠶ᠋ᠢᠨ ᠨᠢᠭᠤᠷ ᠥᠭᠡᠳᠡ ᠭᠠᠯ ᠠᠰᠠᠭᠠᠭᠰᠠᠨ ᠮᠡᠲᠦ ᠴᠣᠷᠭᠢᠨ ᠬᠠᠷᠠᠭᠠᠳ᠄ 
       — ᠲᠠ ᠶᠠᠭᠤ ᠪᠣᠯᠭᠣᠭᠠᠵᠤ ᠢᠩᠭᠢᠵᠦ ᠬᠡᠯᠡᠨ᠎ᠡ ᠪᠣᠢ?  ᠶᠠᠭᠠᠬᠢᠭᠠᠳ《ᠨᠦᠰᠡᠷ ᠶᠡᠬᠡ ᠬᠡᠷᠡᠭ ᠳᠡᠭᠳᠡᠬᠦ ᠦᠭᠡᠢ》 ᠭᠡᠵᠦ᠂ ᠬᠠᠮᠤᠭ ᠤ᠋ᠨ ᠶᠡᠬᠡ ᠦᠢᠮᠡᠭᠡᠨᠲᠡᠢ ᠶᠠᠪᠤᠳᠠᠯ ᠪᠣᠯᠤᠨ᠎ᠠ᠃ ᠥᠭᠡᠳᠡᠢ ᠬᠠᠭᠠᠨ ᠤ᠋ ᠡᠦᠲᠦᠮ ᠡᠴᠡ ᠲᠠᠨ ᠤ᠋ ᠡᠴᠢᠭᠡ ᠶ᠋ᠢᠨ ᠡᠦᠲᠦᠮ ᠳ᠋ᠦ᠍ ᠲᠥᠷᠥ ᠪᠠᠷᠢᠬᠤ ᠬᠡᠷᠡᠭ ᠰᠢᠯᠵᠢᠬᠦ ᠳ᠋ᠦ᠍ ᠪᠣᠯᠤᠭᠰᠠᠨ ᠠ᠋ᠴᠠ ᠳᠠᠪᠠᠭᠤ ᠭᠡᠬᠦ ᠡᠴᠡ ᠪᠢᠰᠢ ᠳᠤᠲᠠᠬᠤ ᠦᠭᠡᠢ ᠶᠡᠬᠡ ᠬᠡᠷᠡᠭ ᠳᠡᠭᠳᠡᠨ᠎ᠡ᠃ ᠲᠡᠭᠡᠭᠡᠳ ᠪᠦᠬᠦ ᠭᠦᠷᠦᠨ ᠢ᠋ ᠬᠠᠮᠤᠷᠤᠭᠰᠠᠨ ᠶᠡᠬᠡ ᠦᠢᠮᠡᠭᠡᠨ ᠴᠤ᠌ ᠳᠡᠭᠳᠡᠵᠦ ᠮᠠᠭᠠᠳ ᠦᠭᠡᠢ᠃  ᠲᠡᠷᠡ ᠰᠠᠮᠠᠭᠤᠨ ᠶᠠᠪᠤᠳᠠᠯ ᠢ᠋ ᠠᠷᠢᠭᠤᠳᠬᠠᠨ ᠴᠢᠳᠠᠬᠤ ᠴᠣᠷ ᠤ᠋ᠨ ᠭᠠᠭᠴᠠ ᠤᠬᠠᠭᠠᠨᠲᠠᠨ ᠪᠣᠯ ᠲᠠ ᠯᠠ ᠪᠠᠢᠨ᠎ᠠ᠃ ᠡᠭᠦᠨ ᠳ᠋ᠦ᠍ ᠠᠯᠭᠤᠷ ᠢ᠋ᠶ᠋ᠠᠷ ᠬᠠᠨᠳᠤᠵᠤ ᠪᠣᠯᠬᠤ ᠦᠭᠡᠢ ᠭᠡᠵᠦ ᠪᠠᠭᠰᠢ ᠶ᠋ᠢ ᠪᠡᠨ ᠰᠢᠭᠤᠳᠬᠠᠨ ᠬᠡᠯᠡᠬᠦ ᠳ᠋ᠦ᠍ ᠨᠢ ᠬᠤᠪᠢᠯᠠᠢ ᠴᠢᠷᠠᠢ ᠪᠠᠨ ᠬᠤᠪᠢᠷᠠᠭᠠᠨ᠂ ᠲᠠᠩᠨᠠᠨ ᠬᠡᠯᠡᠳᠡᠭ 《ᠰᠢᠭᠦᠨ ᠲᠤᠩᠭᠠᠭᠠᠵᠤ ᠪᠣᠳᠣᠬᠤ ᠬᠡᠷᠡᠭᠲᠡᠢ》 ᠭᠡᠰᠡᠨ ᠦᠭᠡ ᠪᠡᠨ ᠥᠪᠡᠷ ᠲᠦ᠍ ᠪᠡᠨ ᠵᠣᠷᠢᠭᠤᠯᠵᠤ ᠬᠡᠯᠡᠯ᠎ᠡ᠃  ᠡᠨᠡ ᠵᠠᠬᠢᠷᠤᠭᠴᠢ ᠬᠣᠢᠲᠤ ᠭᠠᠵᠠᠷ ᠠ᠋ᠴᠠ ᠺᠠᠢᠫᠢᠩ ᠢ᠋ ᠴᠢᠭᠯᠡᠨ ᠬᠡᠳᠦᠨ ᠬᠣᠨᠣᠭ ᠳᠠᠪᠬᠢᠬᠤ ᠰᠡᠦᠬᠡ ᠲᠡᠷᠭᠡᠨ ᠳᠣᠲᠣᠷ᠎ᠠ ᠪᠠᠨ ᠭᠠᠭᠴᠠᠭᠠᠷ ᠭᠦᠨ ᠪᠣᠳᠣᠯ ᠳ᠋ᠤ᠌ ᠠᠪᠲᠠᠨ᠂ ᠲᠠᠭ ᠴᠢᠮᠡᠭᠡ ᠦᠭᠡᠢ ᠨᠢᠳᠦ ᠪᠡᠨ ᠠᠨᠢᠨ ᠡᠭᠦᠨ ᠢ᠋ ᠯᠡ ᠪᠣᠳᠣᠵᠤ᠂ ᠤᠭ ᠬᠡᠷᠡᠭ ᠢ᠋ ᠶᠠᠭᠠᠬᠢᠵᠤ ᠰᠢᠦ ᠠᠮᠠ ᠨᠡᠭᠡᠭᠡᠨ ᠪᠠᠭᠰᠢ ᠲᠠᠢ ᠪᠠᠨ ᠵᠥᠪᠯᠡᠯᠳᠦᠬᠦ ᠪᠢᠯᠡ ᠭᠡᠮᠡᠨ ᠪᠣᠳᠣᠭᠰᠠᠭᠠᠷ ᠶᠠᠪᠤᠭᠰᠠᠨ ᠢ᠋ ᠨᠢ ᠵᠣᠣ ᠪᠢ ᠲᠦᠰᠢᠮᠡᠯ ᠶᠠᠭ ᠤᠨᠤᠵᠤ ᠮᠡᠳᠡᠭᠰᠡᠨ ᠤᠴᠢᠷ ᠠ᠋ᠴᠠ ᠥᠪᠡᠷ ᠡᠴᠡ ᠨᠢ ᠤᠷᠢᠲᠠᠵᠤ ᠠᠮᠠ ᠨᠡᠭᠡᠭᠡᠨ ᠪᠠᠶᠠᠰᠬᠠᠪᠠ᠃ 
       ᠬᠤᠪᠢᠯᠠᠢ ᠬᠡᠰᠡᠭ ᠵᠠᠭᠤᠷ᠎ᠠ ᠳᠠᠭᠤ ᠦᠭᠡᠢ ᠪᠣᠯᠤᠭᠰᠠᠨ ᠢ᠋ᠶ᠋ᠠᠨ ᠦᠯᠢᠶᠡᠭᠰᠡᠨ ᠭᠦᠵᠡᠭᠡᠨ ᠦ᠌ ᠠᠮᠠ ᠶ᠋ᠢ ᠣᠩᠭᠣᠢᠯᠭᠠᠬᠤ ᠠᠳᠠᠯᠢ ᠲᠣᠮᠣ ᠦᠯᠢᠶᠡᠭᠡᠳ᠄ 
       —《ᠪᠠᠭᠰᠢ》 ᠮᠢᠨᠢ!  ᠨᠠᠮᠠᠶ᠋ᠢ ᠥᠷᠥᠰᠢᠶᠡᠬᠦ ᠪᠢᠵᠡ᠃ ᠡᠨᠡ ᠬᠡᠷᠡᠭ ᠦ᠋ᠨ ᠲᠠᠯ᠎ᠠ ᠪᠠᠷ ᠮᠡᠷᠭᠡᠨ ᠤᠬᠠᠭᠠᠨᠲᠠᠨ ᠲᠠᠢ ᠪᠢ ᠲᠤᠰᠬᠠᠢᠯᠠᠨ  ᠶᠠᠷᠢᠯᠴᠠᠮᠠᠷ ᠪᠠᠢᠨ᠎ᠠ᠃ ᠲᠠ ᠪᠠᠰᠠ ᠥᠪᠡᠷ ᠦ᠋ᠨ ᠢᠲᠡᠭᠡᠯᠲᠦ ᠬᠥᠮᠦᠨ ᠢ᠋ᠶ᠋ᠡᠨ ᠡᠭᠦᠨ ᠳ᠋ᠦ᠍ ᠣᠷᠣᠯᠴᠠᠭᠤᠯᠤᠨ ᠵᠥᠪᠯᠡᠯᠳᠦᠵᠦ ᠪᠣᠯᠤᠨ᠎ᠠ ᠰᠢᠦ ᠳᠡ ᠭᠡᠯ᠎ᠡ᠃ 
       ᠵᠥᠪᠯᠡᠬᠦ ᠲᠦᠰᠢᠮᠡᠯ ᠴᠤ᠌ ᠥᠪᠡᠷ ᠦ᠋ᠨ ᠦᠭᠡ ᠦᠨᠡᠨ ᠳ᠋ᠦ᠍ ᠬᠦᠷᠴᠦ ᠪᠠᠢᠭ᠎ᠠ ᠳ᠋ᠤ᠌ ᠪᠡᠶᠡᠰᠦᠨ 《ᠴᠢᠮᠠᠶ᠋ᠢ ᠮᠣᠩᠭᠣᠯ ᠤ᠋ᠨ ᠬᠠᠭᠠᠨ᠂ ᠲᠡᠭᠡᠬᠦ ᠳ᠋ᠦ᠍ ᠪᠡᠨ ᠬᠢᠲᠠᠳ ᠬᠠᠭᠠᠨ ᠪᠣᠯᠭᠠᠵᠤ ᠣᠷᠬᠢᠪᠠᠯ ᠮᠢᠨᠦ ᠰᠠᠨᠠᠭ᠎ᠠ ᠭᠦᠢᠴᠡᠬᠦ ᠨᠢ ᠲᠡᠷᠡ》 ᠭᠡᠵᠦ ᠳᠣᠲᠣᠷ᠎ᠠ ᠪᠠᠨ ᠪᠣᠳᠣᠵᠤ᠂ ᠲᠣᠯᠣᠭᠠᠢ ᠪᠥᠬᠥᠢᠨ ᠬᠦᠨᠳᠦᠳᠬᠡᠯ ᠢᠯᠡᠷᠬᠡᠢᠯᠡᠪᠡ᠃ 
       ᠶᠠᠭ ᠡᠨᠡ ᠦᠶ᠎ᠡ ᠳ᠋ᠦ᠍ ᠺᠠᠢᠫᠢᠩ ᠰᠠᠭᠤᠷᠢᠨ ᠤ᠋ ᠲᠡᠷᠢᠭᠦᠨ ᠳᠠᠭᠠᠭᠠᠮᠠᠯ᠂ ᠤᠷᠠᠨ ᠭᠠᠷᠲᠤ ᠸᠠᠩ ᠣᠪᠣᠭᠲᠤ ᠭᠠᠳᠠᠨ᠎ᠠ ᠠ᠋ᠴᠠ ᠪᠠᠷᠠᠯᠬᠠᠨ ᠣᠷᠣᠵᠤ ᠢᠷᠡᠵᠦ ᠪᠥᠬᠥᠢᠨ ᠬᠦᠨᠳᠦᠳᠬᠡᠯ ᠢᠯᠡᠷᠬᠡᠢᠯᠡᠭᠡᠳ᠄ 
       — ᠡᠵᠡᠨᠲᠡᠨ ᠮᠢᠨᠢ ᠥᠷᠥᠰᠢᠶᠡᠵᠦ ᠪᠣᠯᠭᠣᠭ᠎ᠠ !  ᠪᠣᠭᠣᠯ ᠪᠢ ᠳᠡᠭᠡᠳᠦᠰ ᠲᠠᠨ ᠳ᠋ᠤ᠌ ᠭᠦᠨᠴᠡᠭ ᠡᠷᠭᠦᠬᠦ ᠬᠦᠰᠡᠯ ᠲᠡᠢ ᠪᠠᠢᠨ᠎ᠠ᠃  ᠲᠡᠷᠡ ᠭᠦᠨᠴᠡᠭ ᠪᠡᠯᠡᠨ ᠪᠣᠯᠤᠭᠰᠠᠨ᠃ ᠡᠵᠡᠨ ᠵᠠᠬᠢᠷᠤᠭᠴᠢ ᠲᠠᠨ ᠢ᠋ ᠰᠢᠳᠠᠷ ᠨᠣᠶᠠᠳ ᠤ᠋ᠨ ᠢ᠋ᠶ᠋ᠠᠨ ᠬᠠᠮᠲᠤ ᠥᠴᠦᠬᠡᠨ ᠵᠣᠭᠣᠭ ᠲᠤ᠌ ᠮᠣᠷᠢᠯᠠᠨ ᠣᠷᠣᠬᠤ ᠶ᠋ᠢ ᠭᠤᠶᠤᠵᠤ ᠪᠠᠢᠨ᠎ᠠ !  ᠭᠡᠵᠦ ᠬᠡᠯᠡᠭᠡᠳ᠂ ᠠᠯᠠᠭ᠎ᠠ ᠳᠡᠯᠭᠡᠨ ᠪᠥᠬᠥᠢᠵᠦ ᠶᠣᠰᠣ ᠬᠢᠯ᠎ᠡ᠃ ᠬᠤᠪᠢᠯᠠᠢ ᠶ᠋ᠢ ᠽᠠᠨᠳᠠᠨ ᠮᠣᠳᠣᠨ ᠲᠠᠪᠢᠯᠭ᠎ᠠ ᠪᠦᠬᠦᠢ ᠰᠠᠷᠠᠭᠤᠯᠬᠠᠨ ᠲᠠᠰᠤᠯᠭᠠᠨ ᠳ᠋ᠤ᠌ ᠣᠷᠣᠭᠤᠯᠵᠤ᠂ ᠪᠤᠰᠤᠳ ᠠ᠋ᠴᠠ ᠢᠯᠭᠠᠷᠠᠬᠤ ᠥᠨᠳᠥᠷ ᠰᠠᠭᠤᠳᠠᠯ ᠳ᠋ᠤ᠌ ᠰᠠᠭᠤᠯᠭᠠᠭᠠᠳ᠂ ᠡᠮᠦᠨ᠎ᠡ ᠨᠢ ᠪᠠᠢᠭ᠎ᠠ ᠰᠢᠷᠡᠭᠡᠨ ᠳᠡᠭᠡᠷ᠎ᠡ ᠶᠠᠩᠵᠤ ᠪᠦᠷᠢ ᠶ᠋ᠢᠨ ᠥᠩᠭᠡᠲᠡᠢ ᠡᠯᠳᠡᠪ ᠠᠮᠲᠠ ᠪᠦᠬᠦᠢ ᠰᠠᠢᠬᠠᠨ ᠦᠨᠦᠷᠲᠦ ᠬᠣᠭᠣᠯᠠ ᠠᠪᠴᠢᠷᠠᠨ ᠥᠷᠥᠵᠦ ᠴᠡᠢᠯᠡᠯ᠎ᠡ᠃  ᠡᠨᠡ ᠵᠣᠭᠣᠭ ᠲᠤ᠌ ᠵᠣᠣ ᠪᠢ ᠲᠦᠰᠢᠮᠡᠯ᠂ ᠯᠢᠦ ᠪᠢᠩ ᠵᠦᠩ ᠵᠥᠪᠯᠡᠭᠴᠢ᠂ ᠬᠣᠣ ᠵᠢᠩ ᠡᠷᠳᠡᠮᠲᠡᠨ᠂ ᠶᠡᠬᠡ ᠵᠠᠬᠢᠷᠤᠭᠴᠢ ᠶ᠋ᠢ ᠳᠠᠭᠠᠯᠳᠤᠨ ᠶᠠᠪᠤᠭ᠎ᠠ ᠮᠣᠩᠭᠣᠯ ᠬᠣᠶᠠᠷ ᠨᠣᠶᠠᠨ ᠲᠡᠳᠦᠢᠬᠡᠨ ᠴᠥᠭᠡᠨ ᠬᠥᠮᠦᠨ ᠪᠠᠷ᠎ᠠ ᠪᠣᠯᠤᠨ ᠪᠠᠢᠯᠴᠠᠪᠠ᠃  ᠭᠦᠨᠴᠡᠭ ᠲᠦ᠍ ᠳᠡᠭᠡᠳᠦ ᠵᠡᠷᠭᠡ ᠶ᠋ᠢᠨ ᠳᠠᠢᠯᠭ᠎ᠠ ᠳ᠋ᠤ᠌ ᠪᠠᠨ ᠬᠡᠷᠡᠭᠯᠡᠳᠡᠭ ᠵᠢᠷᠠᠨ ᠲᠥᠷᠥᠯ ᠦ᠋ᠨ ᠬᠢᠲᠠᠳ ᠬᠣᠭᠣᠯᠠ᠂ ᠭᠠᠩᠭᠠᠷ ᠱᠠᠭᠠᠵᠠᠩ ᠲᠠᠪᠠᠭ᠂ ᠵᠠᠭᠠᠨ ᠤ᠋ ᠶᠠᠰᠤᠨ ᠰᠠᠪᠬ᠎ᠠ ᠵᠡᠷᠭᠡ ᠬᠡᠷᠡᠭᠰᠡᠯ ᠢ᠋ᠶ᠋ᠡᠷ ᠴᠢᠮᠡᠭᠰᠡᠨ ᠠᠵᠢ᠃  ᠪᠠᠰᠠ ᠬᠢᠲᠠᠳ ᠲᠤ᠌ ᠠᠯᠳᠠᠷᠲᠠᠢ ᠪᠦᠷ ᠡᠷᠲᠡ 《ᠳᠡᠪᠡᠩ ᠭᠠᠯᠪᠠ ᠳ᠋ᠤ᠌ ᠭᠠᠷᠤᠭᠰᠠᠨ》 ᠭᠡᠭᠳᠡᠳᠡᠭ ᠠᠮᠲᠠᠲᠤ ᠰᠠᠷᠬᠤᠳ ᠢ᠋ ᠬᠤᠨᠳᠠᠭᠠᠯᠠᠵᠤ ᠲᠠᠯᠪᠢᠭᠰᠠᠨ ᠪᠠᠢᠪᠠ᠃  ᠲᠡᠭᠦᠨ ᠳ᠋ᠦ᠍ ᠦᠢᠯᠡᠴᠢᠯᠡᠵᠦ ᠪᠠᠢᠭ᠎ᠠ ᠰᠢᠪᠡᠭᠴᠢᠨ ᠡᠮᠡᠰ ᠦ᠋ᠳ ᠦ᠋ᠨ ᠦᠵᠡᠰᠬᠦᠯᠡᠩ ᠭᠤᠸ᠎ᠠ᠂ ᠬᠥᠳᠡᠯᠭᠡᠭᠡᠨ ᠨᠢ ᠨᠠᠭᠤᠷ ᠲᠤ᠌ ᠬᠥᠪᠦᠭᠰᠡᠨ ᠬᠤᠨ ᠠᠳᠠᠯᠢ ᠨᠠᠮᠪᠠᠷᠬᠠᠭ ᠠᠭᠠᠳ ᠤᠷᠠᠨ ᠬᠥᠳᠡᠯᠭᠡᠭᠡᠨ ᠲᠡᠢ ᠶ᠋ᠢ ᠪᠠᠷᠠᠰᠢ ᠦᠭᠡᠢ᠃ 
       ᠵᠣᠭᠣᠭ ᠳᠡᠭᠡᠷ᠎ᠡ ᠬᠣᠲᠠᠬᠠᠨ ᠤ᠋ ᠳᠠᠭᠠᠭᠠᠮᠠᠯ ᠸᠠᠩ ᠣᠪᠣᠭᠲᠤ ᠲᠦᠰᠢᠮᠡᠯ ᠶᠡᠬᠡ ᠵᠠᠬᠢᠷᠤᠭᠴᠢ ᠳ᠋ᠤ᠌ ᠪᠡᠯᠭᠡᠲᠡᠢ ᠦᠭᠡ ᠬᠡᠯᠡᠵᠦ ᠢᠷᠦᠭᠡᠯ ᠲᠠᠯᠪᠢᠬᠤ ᠳ᠋ᠤ᠌ ᠪᠠᠨ ᠨᠡᠩ ᠠᠯᠪᠠᠷᠬᠠᠭ᠂ ᠬᠦᠨᠳᠦᠳᠬᠡᠯ ᠢᠯᠡᠷᠬᠡᠢᠯᠡᠨ ᠪᠣᠢ ᠶ᠋ᠢ ᠬᠠᠷᠠᠬᠤ ᠠ᠋ᠴᠠ ᠢᠯᠳᠠᠮ ᠶᠣᠰᠣᠷᠬᠠᠭ ᠠᠵᠢ᠃ ᠸᠠᠩ ᠣᠪᠣᠭᠲᠤ ᠶ᠋ᠢᠨ ᠥᠭᠦᠯᠡᠭᠰᠡᠨ ᠢ᠋ᠶ᠋ᠡᠷ ᠺᠠᠢᠫᠢᠩ ᠬᠣᠲᠠ ᠶ᠋ᠢᠨ ᠪᠣᠯᠤᠨ ᠶᠡᠬᠡ ᠵᠠᠬᠢᠷᠤᠭᠴᠢ ᠶ᠋ᠢᠨ ᠤᠷᠲᠤ ᠶ᠋ᠢ ᠪᠠᠷᠢᠬᠤ ᠠᠵᠢᠯ ᠳ᠋ᠤ᠌ ᠭᠤᠷᠪᠠ ᠠ᠋ᠴᠠ ᠲᠠᠪᠤᠨ ᠮᠢᠩᠭᠠᠨ ᠬᠥᠮᠦᠨ ᠡᠳᠦᠷ ᠰᠥᠨᠢ ᠦᠭᠡᠢ ᠡᠭᠡᠯᠵᠢ ᠪᠡᠷ ᠠᠵᠢᠯᠯᠠᠵᠤ ᠪᠠᠢᠭ᠎ᠠ᠃ ᠠᠩᠬᠠᠨ ᠶᠡᠬᠡ ᠬᠠᠭᠠᠨ ᠮᠥᠩᠬᠡ ᠶ᠋ᠢᠨ ᠵᠠᠷᠯᠢᠭ ᠢ᠋ ᠬᠦᠯᠢᠶᠡᠨ ᠠᠪᠤᠮᠠᠭᠴᠠ ᠬᠣᠢᠲᠤ ᠬᠢᠲᠠᠳ ᠤ᠋ᠨ ᠬᠣᠲᠠ ᠲᠣᠰᠬᠣᠨ ᠨᠤᠭᠤᠳ ᠠ᠋ᠴᠠ ᠤᠷᠠᠨ ᠴᠢᠳᠠᠪᠤᠷᠢᠲᠠᠢ ᠬᠥᠮᠦᠰ ᠢ᠋ ᠠᠯᠪᠠᠲᠠᠨ ᠳᠠᠢᠴᠢᠯᠠᠵᠤ ᠬᠥᠳᠡᠯᠭᠡᠭᠰᠡᠨ ᠦ᠌ ᠳ᠋ᠦᠩ ᠳ᠋ᠦ᠍ ᠪᠠᠷᠢᠯᠭ᠎ᠠ ᠪᠠᠷᠢᠬᠤ ᠠᠵᠢᠯ ᠶᠡᠬᠡ ᠰᠢᠭᠤᠷᠬᠠᠢ ᠪᠣᠯᠤᠭᠰᠠᠨ᠃ ᠡᠦᠲᠦ ᠵᠥᠪᠬᠡᠨ ᠰᠢᠪᠡᠷ ᠰᠢᠷᠣᠢ ᠵᠥᠭᠡᠭᠡᠳᠡᠭ ᠴᠢᠭᠢᠷᠰᠦᠨ ᠫᠣᠣᠯᠤᠤ ᠰᠠᠪᠠ ᠭᠡᠬᠦ ᠳ᠋ᠦ᠍ ᠯᠡ ᠭᠤᠷᠪᠠᠨ ᠮᠢᠩᠭᠠᠭᠠᠳ ᠪᠣᠢ ᠭᠡᠨ᠎ᠡ᠃ ᠬᠢᠲᠠᠳ ᠬᠥᠮᠦᠰ ᠶᠡᠬᠡ ᠡᠵᠡᠨ ᠲᠠᠨ ᠳ᠋ᠤ᠌ ᠲᠠᠭᠠᠯᠠᠭᠳᠠᠬᠤ ᠤᠷᠲᠤ ᠬᠠᠷᠰᠢ ᠶ᠋ᠢ ᠪᠠᠢᠭᠤᠯᠬᠤ ᠶᠠᠪᠤᠳᠠᠯ ᠢ᠋ ᠳᠡᠭᠡᠳᠦ ᠶ᠋ᠢᠨ ᠵᠠᠶᠠᠭ᠎ᠠ ᠭᠡᠵᠦ ᠦᠵᠡᠭᠰᠡᠨ᠃ ᠡᠨᠡ ᠬᠣᠲᠠᠬᠠᠨ ᠳ᠋ᠤ᠌ ᠶᠡᠬᠡ ᠡᠵᠡᠨ ᠳ᠋ᠦ᠍ ᠰᠢᠳᠠᠷᠯᠠᠳᠠᠭ᠂ ᠪᠠᠷ᠎ᠠ ᠪᠣᠯᠳᠠᠭ ᠬᠡᠳᠦᠨ ᠵᠠᠭᠤᠨ ᠠᠢᠯ ᠰᠠᠭᠤᠬᠤ ᠪᠣᠯᠤᠨ᠎ᠠ᠃ ᠬᠣᠲᠠ ᠶ᠋ᠢᠨ ᠪᠠᠷᠢᠯᠭ᠎ᠠ ᠴᠠᠭᠠᠰᠢᠳᠠ ᠦᠷᠭᠦᠯᠵᠢᠯᠡᠨ᠂ ᠣᠷᠴᠢᠨ ᠳ᠋ᠤ᠌ ᠲᠡᠭᠰᠢ ᠰᠢᠯᠤᠭᠤᠨ ᠵᠠᠮ ᠲᠠᠯᠪᠢᠬᠤ᠂ ᠭᠠᠵᠠᠷ ᠤᠰᠤ ᠶ᠋ᠢ ᠵᠠᠰᠠᠵᠤ ᠮᠣᠳᠣ᠂ ᠨᠣᠭᠣᠭ᠎ᠠ ᠴᠡᠴᠡᠭ ᠲᠠᠷᠢᠬᠤ᠂ ᠭᠣᠣᠯ ᠳ᠋ᠤ᠌ ᠬᠢᠮᠡᠯ ᠬᠦᠷᠬᠢᠷ᠎ᠡ ᠪᠣᠷᠭᠢᠶ᠎ᠠ ᠬᠢᠬᠦ ᠶᠡᠬᠡ ᠠᠵᠢᠯ ᠪᠣᠢ᠃ ᠲᠡᠷᠡ ᠪᠦᠬᠦᠨ ᠢ᠋ ᠪᠢᠳᠡᠨ ᠦ᠌ ᠬᠥᠮᠦᠰ ᠬᠣᠶᠠᠷ ᠵᠢᠯ ᠳ᠋ᠦ᠍ ᠪᠠᠭᠲᠠᠭᠠᠨ ᠳᠠᠭᠤᠰᠬᠠᠨ᠎ᠠ᠃ ᠪᠢᠳᠡᠨ ᠦ᠌ ᠳᠠᠭᠠᠭᠠᠮᠠᠯ ᠮᠣᠩᠭᠣᠯ ᠨᠣᠶᠠᠳ ᠮᠠᠨ ᠢ᠋ ᠶᠡᠬᠡᠳᠡ ᠠᠩᠬᠠᠷᠤᠨ᠂ ᠰᠠᠨᠠᠭ᠎ᠠ ᠦᠭᠡᠢ ᠪᠣᠳᠣᠭ᠎ᠠ ᠦᠭᠡᠢ ᠪᠠᠢᠭ᠎ᠠ ᠪᠦᠬᠦᠨ ᠢ᠋ ᠰᠠᠨᠠᠭᠤᠯᠵᠤ᠂ ᠲᠢᠭ ᠵᠢᠷᠤᠮ ᠢ᠋ ᠴᠢᠩᠳᠠ ᠪᠠᠢᠯᠭᠠᠳᠠᠭ ᠨᠢ ᠬᠢᠵᠦ ᠪᠠᠢᠭ᠎ᠠ ᠠᠵᠢᠯ ᠢ᠋ ᠶᠡᠬᠡᠳᠡ ᠣᠷᠭᠢᠯᠤᠭᠤᠯᠤᠭᠰᠠᠨ᠁ ᠭᠡᠵᠦ ᠬᠡᠯᠡᠨ᠂ ᠮᠠᠭᠲᠠᠬᠤ ᠦᠭᠡ ᠪᠡᠨ ᠣᠯᠵᠤ ᠶᠠᠳᠠᠭᠰᠠᠨ ᠮᠡᠲᠦ ᠵᠦᠢᠯ ᠢ᠋ ᠲᠠᠢᠯᠪᠤᠷᠢᠯᠠᠨ ᠶᠠᠷᠢᠯ᠎ᠠ᠃ ᠬᠤᠪᠢᠯᠠᠢ ᠶᠡᠬᠡᠮᠰᠦᠭ ᠴᠢᠷᠠᠢ ᠭᠠᠷᠭᠠᠨ ᠰᠠᠭᠤᠵᠤ ᠸᠠᠩ ᠣᠪᠣᠭᠲᠤ ᠶ᠋ᠢᠨ ᠦᠭᠡ ᠶ᠋ᠢ ᠰᠣᠨᠣᠰᠤᠭᠠᠳ ᠰᠡᠳᠬᠢᠯ ᠬᠠᠨᠤᠭᠰᠠᠨ ᠪᠠᠢᠳᠠᠯ ᠢ᠋ᠶ᠋ᠠᠷ ᠲᠠᠢᠪᠤᠩ ᠬᠠᠷᠠᠵᠤ᠂ ᠡᠨᠡ ᠲᠡᠷᠭᠡᠨ ᠵᠦᠢᠯ ᠠᠰᠠᠭᠤᠨ ᠰᠣᠨᠢᠷᠬᠠᠵᠤ ᠪᠠᠢᠪᠠ᠃ 
       ᠵᠣᠭᠣᠭ ᠤ᠋ᠨ ᠳᠠᠷᠠᠭ᠎ᠠ ᠬᠤᠪᠢᠯᠠᠢ ᠵᠠᠬᠢᠷᠤᠭᠴᠢ ᠭᠠᠳᠠᠭᠠᠯᠠᠨ᠂ ᠺᠡᠢᠫᠢᠩ ᠬᠣᠲᠠᠬᠠᠨ ᠤ᠋ ᠪᠠᠢᠳᠠᠯ ᠢ᠋ ᠰᠣᠨᠢᠷᠬᠠᠨ ᠦᠵᠡᠪᠡᠯ᠂ ᠶᠡᠬᠡ ᠣᠷᠳᠣᠨ ᠨᠢ ᠭᠠᠳᠠᠨ᠎ᠠ ᠲᠠᠯ᠎ᠠ ᠪᠠᠷ ᠢ᠋ᠶ᠋ᠠᠨ ᠳᠣᠲᠣᠷᠠᠬᠢ ᠠ᠋ᠴᠠ ᠪᠠᠨ ᠳᠤᠲᠠᠭᠤ ᠦᠭᠡᠢ ᠭᠣᠶᠣ ᠦᠵᠡᠰᠬᠦᠯᠡᠩᠲᠡᠢ᠂ ᠤᠷᠲᠤ ᠶ᠋ᠢ ᠲᠣᠭᠣᠷᠢᠨ ᠶᠡᠬᠡ ᠴᠡᠴᠡᠷᠯᠢᠭ ᠪᠠᠢᠭᠤᠯᠵᠤ᠂ ᠲᠣᠮᠣ ᠬᠠᠰᠢᠶᠠᠨ ᠤ᠋ ᠡᠩ ᠢ᠋ᠶ᠋ᠡᠷ ᠥᠩᠭᠡ ᠪᠦᠷᠢ ᠶ᠋ᠢᠨ ᠴᠡᠴᠡᠭ ᠲᠡᠢ ᠮᠣᠳᠣᠳ ᠰᠠᠭᠤᠯᠭᠠᠨ ᠤᠷᠭᠤᠭᠤᠯᠤᠨ᠂ ᠪᠤᠭᠤ ᠰᠤᠭᠤ᠂ ᠠᠷᠰᠯᠠᠨ ᠵᠠᠭᠠᠨ᠂ ᠪᠤᠰᠤᠳ ᠠᠩ ᠭᠥᠷᠦᠭᠡᠨ ᠦ᠌ ᠳᠦᠷᠰᠦ ᠶ᠋ᠢ ᠴᠢᠯᠠᠭᠤ ᠰᠢᠪᠠᠷ ᠢ᠋ᠶ᠋ᠠᠷ ᠪᠠᠷᠢᠨ᠂ ᠵᠠᠮ ᠤ᠋ᠨ ᠠᠭᠤᠯᠵᠠᠷ᠂ ᠵᠢᠵᠢᠭ ᠨᠠᠭᠤᠷ ᠤ᠋ᠳ ᠤ᠋ᠨ ᠵᠠᠬ᠎ᠠ ᠪᠠᠷ ᠲᠠᠯᠪᠢᠵᠤ ᠵᠣᠭᠰᠣᠭᠠᠭᠰᠠᠨ ᠨᠢ ᠬᠠᠷᠠᠪᠠᠰᠤ ᠨᠢᠳᠦ ᠪᠤᠯᠢᠶᠠᠬᠤ ᠦᠭᠡᠢ ᠪᠠᠢᠬᠤ ᠶ᠋ᠢᠨ ᠠᠷᠭ᠎ᠠ ᠦᠭᠡᠢ ᠠᠵᠢ᠃ ᠬᠣᠲᠠᠬᠠᠨ ᠢ᠋ ᠨᠣᠭᠣᠭᠠᠨ ᠣᠢ᠂ ᠥᠩᠭᠡ ᠶ᠋ᠢᠨ ᠴᠡᠴᠡᠭ ᠢ᠋ᠶ᠋ᠡᠷ ᠪᠦᠷᠬᠦᠮᠡᠯ ᠪᠣᠯᠭᠠᠨ᠂ ᠨᠠᠭᠤᠷ ᠲᠣᠭᠣᠷᠢᠮ᠂ ᠭᠣᠣᠯ ᠭᠣᠷᠣᠬ᠎ᠠ ᠪᠠᠷ ᠪᠠᠶᠠᠯᠢᠭ᠂ ᠦᠯᠡᠮᠵᠢ ᠦᠵᠡᠰᠬᠦᠯᠡᠩᠲᠡᠢ ᠪᠠᠢᠯᠭᠠᠬᠤ ᠭᠡᠵᠦ ᠲᠤᠰᠬᠠᠢ ᠵᠢᠷᠤᠭ ᠤ᠋ᠨ ᠳᠠᠭᠤ ᠠᠵᠢᠯᠯᠠᠵᠤ ᠪᠣᠢ ᠭᠡᠨ᠎ᠡ᠃ 
       ᠬᠤᠪᠢᠯᠠᠢ ᠡᠨᠡ ᠪᠦᠭᠦᠳᠡ ᠶ᠋ᠢ ᠬᠠᠷᠠᠭᠠᠳ《ᠬᠢᠲᠠᠳ ᠬᠥᠮᠦᠨ ᠪᠣᠯ ᠭᠠᠷ ᠲᠤ ᠪᠠᠨ ᠲᠣᠢᠮᠣ ᠦᠭᠡᠢ ᠶᠡᠬᠡ ᠤᠷᠠᠲᠠᠢ ᠠᠵᠢᠯᠴᠢ ᠪᠠᠢᠳᠠᠯᠲᠠᠢ ᠪᠠᠢᠨ᠎ᠠ᠃ ᠲᠡᠷᠡ ᠤᠷ᠎ᠠ ᠶ᠋ᠢ ᠨᠢ ᠭᠤᠶᠤᠯᠲᠠ ᠬᠦᠰᠡᠯᠲᠡ ᠪᠡᠷ ᠪᠢᠰᠢ᠂ ᠰᠢᠭᠤᠳ ᠵᠠᠬᠢᠷᠤᠨ ᠲᠤᠰᠢᠶᠠᠬᠤ ᠠᠷᠭ᠎ᠠ ᠪᠠᠷ ᠬᠦᠴᠦᠯᠡᠨ ᠭᠠᠷᠭᠠᠭᠤᠯᠪᠠᠯ ᠵᠣᠬᠢᠰᠲᠠᠢ ᠶᠤᠮ ᠰᠢᠪ᠃ ᠬᠥᠮᠦᠨ ᠬᠣᠲᠠ ᠰᠠᠭᠤᠷᠢᠨ ᠪᠠᠢᠭᠤᠯᠵᠤ ᠲᠡᠭᠦᠨ ᠳ᠋ᠦ᠍ ᠪᠡᠨ ᠰᠠᠭᠤᠷᠢᠰᠢᠨ ᠰᠠᠭᠤᠪᠠᠯ ᠠᠮᠢ ᠵᠢᠭᠤᠬᠤ ᠳ᠋ᠤ᠌ ᠪᠠᠨ ᠢᠯᠡᠭᠦᠦ ᠲᠠᠭᠠᠲᠠᠢ ᠪᠠᠢᠮᠠᠷ ᠠᠵᠢ᠃ ᠶᠡᠷᠦ ᠨᠢ ᠬᠥᠮᠦᠨ ᠨᠢᠭᠡ ᠭᠠᠵᠠᠷ ᠲᠤ ᠰᠠᠭᠤᠷᠢᠰᠢᠨ᠂ ᠣᠷᠣᠨ ᠭᠡᠷ ᠪᠠᠷᠢᠪᠠᠯ ᠲᠡᠭᠦᠨ ᠢ᠋ ᠪᠡᠨ ᠦᠷᠭᠦᠯᠵᠢᠳᠡ ᠥᠭᠡᠳᠡ ᠲᠡᠳᠡᠨ᠂ ᠶᠠᠭᠤ ᠣᠯᠤᠭᠰᠠᠨ ᠪᠦᠬᠦᠨ ᠢ᠋ᠶ᠋ᠡᠨ ᠨᠡᠮᠡᠷᠢᠯᠡᠭᠦᠯᠵᠦ ᠪᠠᠢᠬᠤ ᠨᠢ ᠭᠠᠷᠴᠠᠭ᠎ᠠ ᠦᠭᠡᠢ᠃ ᠨᠢᠭᠡ ᠮᠣᠳᠣᠨ ᠤ᠋ ᠮᠥᠴᠢᠷ ᠣᠯᠳᠠᠭᠰᠠᠨ ᠴᠤ᠌ ᠬᠠᠰᠢᠶᠠᠨ ᠳ᠋ᠤ᠌ ᠪᠠᠨ ᠲᠠᠷᠢᠵᠤ ᠤᠷᠭᠤᠭᠤᠯᠤᠨ᠎ᠠ᠃ ᠨᠢᠭᠡ ᠬᠦᠷᠵᠡ ᠰᠢᠪᠡᠷ ᠣᠯᠤᠭᠰᠠᠨ ᠴᠤ᠌ ᠪᠠᠢᠰᠢᠩ ᠳ᠋ᠤ᠌ ᠪᠠᠨ ᠨᠡᠮᠡᠷᠢᠯᠡᠨ ᠨᠠᠭᠠᠵᠤ ᠳᠤᠯᠠᠭᠠᠯᠠᠨ᠎ᠠ᠃ ᠰᠠᠭᠤᠷᠢᠨ ᠭᠠᠵᠠᠷ ᠤ᠋ᠨ ᠬᠥᠮᠦᠨ ᠦ᠌ ᠠᠵᠤ ᠲᠥᠷᠥᠬᠦ ᠪᠠᠢᠳᠠᠯ ᠨᠢ ᠢᠯᠡᠭᠦᠦ ᠲᠣᠬᠢᠲᠠᠢ ᠪᠣᠯᠤᠯᠲᠠᠢ》 ᠭᠡᠵᠦ ᠪᠣᠳᠣᠭᠰᠠᠨ ᠪᠠᠢᠨ᠎ᠠ᠃ ᠭᠡᠬᠦ ᠳ᠋ᠦ᠍ ᠪᠡᠨ ᠮᠠᠨ ᠤ᠋ ᠮᠣᠩᠭᠣᠯᠴᠤᠳ ᠨᠢ ᠲᠠᠷᠢᠶ᠎ᠠ ᠨᠣᠭᠣᠭ᠎ᠠ ᠶ᠋ᠢ ᠡᠷᠬᠢᠯᠡᠳᠡᠭ ᠦᠭᠡᠢ᠂ ᠮᠠᠯ ᠮᠠᠯᠯᠠᠨ ᠠᠵᠤ ᠲᠥᠷᠥᠳᠡᠭ ᠪᠣᠯᠬᠣᠷ ᠲᠡᠷᠡ ᠮᠠᠯ ᠤ᠋ᠨ ᠢ᠋ᠶ᠋ᠠᠨ ᠪᠡᠯᠴᠢᠭᠡᠷ ᠢ᠋ ᠳᠠᠭᠠᠨ ᠨᠡᠭᠦᠵᠦ ᠪᠠᠢᠬᠤ ᠠ᠋ᠴᠠ ᠥᠭᠡᠷ᠎ᠡ ᠠᠷᠭ᠎ᠠ ᠦᠭᠡᠢ ᠤᠴᠢᠷ ᠪᠣᠢ᠃ ᠲᠡᠭᠡᠬᠦ ᠪᠡᠷ ᠮᠠᠯ᠂ ᠲᠠᠷᠢᠶ᠎ᠠ ᠬᠣᠶᠠᠷ ᠢ᠋ ᠬᠣᠣᠰᠯᠠᠭᠤᠯᠪᠠᠯ ᠬᠠᠮᠤᠭ ᠤ᠋ᠨ ᠰᠠᠢᠨ ᠪᠠᠢᠳᠠᠯ ᠢ᠋ᠶ᠋ᠠᠷ ᠠᠵᠤ ᠲᠥᠷᠥᠬᠦ ᠶᠣᠰᠣᠲᠠᠢ ᠪᠣᠯᠬᠤ ᠨᠢ ᠭᠡᠮᠡᠨ ᠵᠠᠬᠢᠷᠤᠭᠴᠢ ᠰᠢᠪᠡᠨᠡᠨ ᠥᠪᠡᠷ ᠲᠦ᠍ ᠪᠡᠨ ᠬᠡᠯᠡᠵᠦ ᠪᠠᠢᠯ᠎ᠠ᠃ 
       ᠬᠤᠪᠢᠯᠠᠢ ᠴᠢᠯᠡᠭᠦᠷ ᠲᠠᠢᠯᠤᠨ ᠨᠢᠭᠡᠨ ᠬᠣᠨᠣᠭ ᠣᠷᠳᠣᠨ ᠳ᠋ᠤ᠌ ᠪᠠᠨ ᠪᠠᠢᠭᠰᠠᠨ ᠢ᠋ᠶ᠋ᠠᠨ ᠥᠪᠡᠷ ᠦ᠋ᠨ ᠪᠠᠭᠰᠢ᠂ ᠵᠥᠪᠯᠡᠭᠴᠢ᠂ ᠡᠷᠳᠡᠮᠲᠡᠨ ᠨᠠᠷ ᠲᠠᠢ ᠬᠡᠷᠡᠭ ᠵᠥᠪᠯᠡᠯᠳᠦᠬᠦ ᠪᠣᠯᠪᠠ᠃ ᠣᠷᠳᠣᠨ ᠤ᠋ ᠬᠠᠮᠪᠤ ᠬᠢᠯᠢᠩ ᠳᠣᠲᠣᠷᠲᠠᠢ ᠰᠠᠷᠠᠭᠤᠯ ᠲᠢᠩᠬᠢᠮ ᠳ᠋ᠦ᠍ ᠶᠡᠬᠡ ᠵᠠᠬᠢᠷᠤᠭᠴᠢ ᠴᠥᠭᠡᠨ ᠬᠥᠮᠦᠨ ᠣᠷᠣᠭᠤᠯᠵᠤ᠂ ᠣᠳᠣ ᠳᠠᠷᠤᠢ ᠬᠢᠬᠦ ᠬᠡᠷᠡᠭ ᠦ᠋ᠨ ᠢ᠋ᠶ᠋ᠡᠨ ᠲᠠᠯ᠎ᠠ ᠪᠠᠷ ᠵᠥᠪᠯᠡᠯᠳᠦᠬᠦ ᠪᠣᠯᠤᠯ᠎ᠠ᠃ ᠡᠨᠳᠡ ᠮᠣᠩᠭᠣᠯ ᠲᠦᠰᠢᠮᠡᠯ ᠬᠣᠶᠠᠷ᠂ ᠬᠢᠲᠠᠳ ᠪᠣᠯᠤᠨ ᠮᠣᠩᠭᠣᠯ ᠭᠠᠷᠤᠯᠲᠠᠢ ᠬᠢᠲᠠᠳ ᠲᠦᠰᠢᠮᠡᠯ ᠳᠥᠷᠪᠡ ᠶ᠋ᠢᠨ ᠵᠡᠷᠭᠡ᠂ ᠪᠠᠰᠠ ᠴᠠᠭᠠᠨ ᠵᠠᠩᠵᠤᠨ ᠪᠠᠢᠪᠠ᠃ ᠵᠣᠣ ᠪᠢ ᠬᠤᠪᠢᠯᠠᠢ ᠶ᠋ᠢ ᠠᠩᠬᠠᠨ ᠶᠡᠬᠡ ᠵᠠᠬᠢᠷᠤᠭᠴᠢ ᠪᠠᠷ ᠲᠣᠮᠢᠯᠠᠭᠳᠠᠨ ᠬᠢᠲᠠᠳ ᠨᠤᠲᠤᠭ ᠲᠤ ᠬᠦᠷᠦᠯᠴᠡᠨ ᠢᠷᠡᠬᠦ ᠳ᠋ᠦ᠍ ᠯᠡ ᠤᠭᠲᠤᠨ ᠠᠭᠤᠯᠵᠠᠵᠤ ᠡᠯᠢᠭᠡᠰᠡᠭ ᠰᠡᠳᠬᠢᠯ ᠭᠠᠷᠭᠠᠨ᠂ ᠡᠨᠡ ᠣᠷᠣᠨ ᠤ᠋ ᠪᠠᠢᠳᠠᠯ᠂ ᠬᠥᠮᠦᠨ ᠣᠯᠠᠨ ᠤ᠋ ᠠᠵᠤ ᠲᠥᠷᠥᠳᠡᠭ ᠵᠠᠩᠰᠢᠯ᠂ ᠰᠡᠳᠬᠢᠯ ᠪᠣᠳᠣᠯ ᠢ᠋ ᠲᠠᠨᠢᠯᠴᠠᠭᠤᠯᠵᠤ ᠡᠬᠢᠯᠡᠭᠰᠡᠨ ᠪᠣᠯᠬᠣᠷ ᠵᠠᠬᠢᠷᠤᠭᠴᠢ ᠡᠨᠡ ᠲᠦᠰᠢᠮᠡᠯ ᠳ᠋ᠦ᠍ ᠢᠲᠡᠭᠡᠳᠡᠭ᠂ ᠴᠠᠭᠠᠳᠤᠬᠢ ᠨᠢ ᠢᠲᠡᠭᠡᠯ ᠠᠪᠬᠤ ᠪᠠᠷ ᠴᠤ᠌ ᠦᠨᠡᠨ ᠦᠭᠡ ᠬᠡᠯᠡᠭᠰᠡᠨ ᠬᠥᠮᠦᠨ ᠪᠢᠯᠡ᠃ ᠲᠡᠷᠡ ᠪᠡᠷ ᠥᠪᠡᠷ ᠢ᠋ ᠪᠡᠨ ᠬᠢᠲᠠᠳ ᠨᠡᠷ᠎ᠡ ᠲᠡᠢ ᠮᠣᠩᠭᠣᠯ ᠬᠥᠮᠦᠨ ᠭᠡᠵᠦ ᠲᠠᠨᠢᠯᠴᠠᠭᠤᠯᠤᠨ ᠬᠡᠯᠡᠳᠡᠭ ᠨᠢ ᠦᠨᠡᠨ ᠪᠣᠯᠪᠠ ᠤᠤ ᠭᠡᠮᠡᠷ ᠠᠶᠠᠰᠲᠠᠢ᠂ ᠮᠣᠩᠭᠣᠯ ᠬᠡᠯᠡ ᠶ᠋ᠢ ᠭᠣᠴᠣ ᠰᠠᠢᠨ ᠮᠡᠳᠡᠳᠡᠭ ᠨᠢ ᠬᠤᠪᠢᠯᠠᠢ ᠳ᠋ᠤ᠌ ᠪᠦᠷ ᠴᠦ᠍ ᠶᠡᠬᠡ  ᠲᠠᠭᠠᠯᠠᠭᠳᠠᠨ᠂ ᠲᠡᠭᠦᠨ ᠢ᠋ᠶ᠋ᠡᠷ ᠬᠡᠯᠡ ᠪᠢᠴᠢᠭ᠂ ᠲᠡᠦᠬᠡ᠂ ᠨᠡᠢᠭᠡᠮ ᠦ᠋ᠨ ᠲᠤᠬᠠᠢ ᠨᠣᠮ ᠵᠢᠭᠠᠯᠭᠠᠵᠤ᠂ ᠶᠣᠰᠣ ᠲᠥᠷᠥ ᠬᠢᠭᠡ ᠦᠭᠡᠢ ᠴᠦ᠍ ᠭᠡᠰᠡᠨ ᠪᠠᠭᠰᠢ ᠱᠠᠪᠢ ᠶ᠋ᠢᠨ ᠪᠠᠷᠢᠯᠳᠤᠯᠭ᠎ᠠ ᠲᠠᠢ ᠪᠣᠯᠤᠭᠰᠠᠨ ᠪᠢᠯᠡ᠃ ᠵᠣᠣ ᠪᠢ ᠪᠠᠰᠠ ᠨᠢᠭᠡ ᠲᠣᠮᠣ ᠲᠤᠰᠠ ᠶ᠋ᠢ ᠵᠠᠬᠢᠷᠤᠭᠴᠢ ᠳ᠋ᠤ᠌ ᠬᠦᠷᠭᠡᠭᠰᠡᠨ ᠨᠢ ᠡᠷᠳᠡᠮᠲᠡᠢ᠂ ᠤᠬᠠᠭᠠᠲᠠᠢ᠂ ᠲᠥᠷᠥ ᠶ᠋ᠢᠨ ᠬᠡᠷᠡᠭ ᠲᠦ᠍ ᠮᠡᠷᠭᠡᠨ ᠭᠡᠵᠦ ᠬᠡᠯᠡᠵᠦ ᠪᠣᠯᠬᠤ ᠬᠡᠳᠦᠨ ᠬᠥᠮᠦᠨ ᠢ᠋ ᠬᠤᠪᠢᠯᠠᠢ ᠲᠠᠢ ᠲᠠᠨᠢᠯᠴᠠᠭᠤᠯᠤᠨ᠂ ᠲᠡᠳᠡᠨ ᠦ᠌ ᠪᠡᠨ ᠵᠠᠷᠢᠮ ᠢ᠋《ᠪᠠᠭᠰᠢ》᠂ ᠵᠥᠪᠯᠡᠭᠴᠢ ᠪᠣᠯᠭᠠᠭᠰᠠᠨ ᠨᠢ ᠲᠤᠩ ᠲᠠᠭᠠᠲᠠᠢ ᠬᠡᠷᠡᠭ ᠪᠠᠢᠯ᠎ᠠ᠃ 
       ᠵᠣᠣ ᠪᠢ ᠨᠢ ᠵᠥᠪᠬᠡᠨ ᠬᠤᠪᠢᠯᠠᠢ ᠳ᠋ᠤ᠌ ᠴᠤ᠌ ᠪᠢᠰᠢ᠂ ᠮᠥᠩᠬᠡ ᠬᠠᠭᠠᠨ ᠲᠡᠭᠦᠨ ᠢ᠋ ᠶᠡᠬᠡ ᠤᠬᠠᠭᠠᠲᠠᠢ ᠲᠣᠮᠣ ᠡᠷᠳᠡᠮᠲᠡᠢ ᠭᠡᠳᠡᠭ ᠢ᠋ ᠮᠡᠳᠡᠵᠦ᠂ ᠬᠢᠲᠠᠳ ᠭᠠᠵᠠᠷ ᠢᠷᠡᠭᠰᠡᠨ ᠳᠣᠣᠷ᠎ᠠ ᠪᠠᠨ ᠳᠠᠭᠤᠳᠠᠭᠤᠯᠤᠨ ᠠᠭᠤᠯᠵᠠᠭᠠᠳ ᠴᠡᠢᠯᠡᠵᠦ ᠳᠠᠢᠯᠠᠨ ᠤᠴᠠᠷᠠᠵᠤ ᠤᠯᠠᠮ ᠢ᠋ᠶ᠋ᠠᠷ《ᠲᠥᠷᠥ ᠶ᠋ᠢᠨ ᠬᠡᠷᠡᠭ ᠢ᠋ ᠶᠠᠭᠠᠬᠢᠵᠤ ᠤᠳᠤᠷᠢᠳᠬᠤ ᠪᠣᠢ?》 ᠭᠡᠮᠡᠨ ᠠᠰᠠᠭᠤᠵᠤ ᠵᠥᠪᠯᠡᠯᠳᠦᠵᠦ ᠪᠠᠢᠭᠰᠠᠨ ᠤᠳᠠᠭ᠎ᠠ ᠲᠠᠢ ᠠᠵᠢ᠃ ᠲᠡᠭᠡᠬᠦ ᠳ᠋ᠦ᠍ ᠡᠨᠡ ᠡᠷᠳᠡᠮᠲᠡᠨ ᠪᠢ ᠮᠤᠩᠬᠠᠭᠯᠠᠨ ᠰᠠᠨᠠᠪᠠᠯ《ᠤᠢᠳᠬᠠᠷ ᠭᠠᠰᠠᠯᠠᠩ ᠢ᠋ ᠠᠷᠢᠯᠭᠠᠵᠤ᠂ ᠤᠷᠪᠠᠭᠴᠢ ᠮᠠᠭᠤ ᠰᠠᠨᠠᠭᠠᠲᠠᠨ ᠢ᠋ ᠵᠠᠢᠯᠠᠭᠤᠯᠪᠠᠯ ᠪᠣᠯᠬᠤ ᠪᠢᠵᠡ》① ᠭᠡᠵᠦ ᠠᠢᠯᠠᠳᠬᠠᠵᠤ ᠪᠠᠢᠵᠠᠢ᠃ 
       ᠡᠨᠡ ᠡᠷᠳᠡᠮᠲᠡᠨ ᠬᠤᠪᠢᠯᠠᠢ ᠳ᠋ᠤ᠌ ᠰᠢᠳᠠᠷᠯᠠᠵᠤ ᠡᠬᠢᠯᠡᠮᠡᠭᠴᠡ ᠪᠡᠨ ᠬᠣᠢᠲᠤ ᠬᠢᠲᠠᠳ ᠤ᠋ᠨ ᠡᠷᠳᠡᠮ ᠤᠬᠠᠭᠠᠲᠠᠢ ᠭᠡᠭᠳᠡᠬᠦ ᠬᠥᠮᠦᠰ ᠢ᠋ ᠰᠢᠭᠦᠨ ᠰᠤᠳᠤᠯᠵᠤ ᠦᠵᠡᠭᠡᠳ ᠸᠠᠩ ᠦ᠂ ᠶᠣᠣ ᠱᠤ᠌᠂ ᠬᠣᠣ ᠵᠢᠩ᠂ ᠨᠠᠢ ᠶᠤᠸᠠᠨ ᠨᠠᠷ ᠲᠠᠢ ᠰᠢᠨ᠎ᠡ ᠡᠵᠡᠨ ᠢ᠋ᠶ᠋ᠡᠨ ᠲᠠᠨᠢᠯᠴᠠᠭᠤᠯᠵᠤ᠂ ᠲᠡᠳᠡᠨ ᠢ᠋ ᠣᠪᠣᠭ᠎ᠠ ᠴᠣᠪᠤᠭᠠᠬᠠᠨ ᠢ᠋ᠶ᠋ᠠᠷ ᠶᠡᠬᠡ ᠵᠠᠬᠢᠷᠤᠭᠴᠢ ᠳ᠋ᠤ᠌ ᠣᠢᠷᠠᠲᠤᠭᠤᠯᠤᠨ ᠰᠢᠳᠠᠷᠯᠠᠭᠤᠯᠤᠭᠰᠠᠨ ᠪᠢᠯᠡ᠃ 
       ᠸᠠᠩ ᠦ② ᠨᠢ ᠨᠠᠰᠤ ᠠᠬᠢᠭᠰᠠᠨ᠂ ᠵᠢᠷᠭᠤᠭᠠᠲᠠᠢ ᠲᠠᠶᠠᠭ ᠪᠠᠷᠢᠭᠠᠳ ᠰᠠᠢᠪᠤᠩᠨᠠᠨ ᠶᠠᠪᠤᠳᠠᠭ᠂ ᠥᠯᠥᠨ ᠰᠢᠷ᠎ᠠ ᠴᠢᠷᠠᠢᠲᠠᠢ᠂ ᠳᠠᠭᠤ ᠴᠥᠭᠡᠨᠲᠡᠢ ᠡᠷᠳᠡᠮᠲᠡᠨ ᠬᠥᠮᠦᠨ᠃ ᠲᠡᠷᠡ ᠪᠡᠷ ᠠᠮᠠᠨ ᠳᠣᠲᠣᠷ᠎ᠠ ᠪᠠᠨ《ᠲᠩᠷᠢ ᠶ᠋ᠢᠨ ᠠᠪᠤᠷᠠᠯ ᠥᠷᠥᠰᠢᠶᠡᠲᠦᠭᠡᠢ》 ᠭᠡᠵᠦ ᠦᠭᠡᠯᠡᠵᠦ ᠶᠠᠪᠤᠨ᠎ᠠ᠃ ᠮᠡᠷᠭᠡᠨ ᠺᠦᠩᠽᠢ ᠶ᠋ᠢᠨ ᠰᠤᠷᠭᠠᠯ ᠢ᠋ ᠬᠥᠮᠦᠨ ᠦ᠌ ᠤᠬᠠᠭᠠᠨ ᠤ᠋ ᠳᠡᠭᠡᠳᠦ ᠭᠡᠵᠦ ᠪᠠᠰᠠ ᠪᠣᠳᠣᠳᠠᠭ᠂ ᠮᠠᠨᠵᠤ᠂ ᠬᠠᠮᠨᠢᠭᠠᠨ ᠳ᠋ᠤ᠌ ᠳᠣᠲᠣᠷ᠎ᠠ ᠪᠠᠨ ᠶᠡᠬᠡ ᠳᠤᠷ᠎ᠠ ᠦᠭᠡᠢ᠂ ᠲᠡᠷᠡ ᠥᠰᠢᠶ᠎ᠡ ᠪᠡᠨ ᠮᠣᠩᠭᠣᠯ ᠢ᠋ᠶ᠋ᠠᠷ ᠠᠪᠬᠠᠭᠤᠯᠬᠤ ᠡᠷᠡᠮᠡᠯᠵᠡᠯᠲᠡᠢ ᠠᠵᠢ᠃ ᠶᠣᠣ ᠱᠤ᠌ ᠨᠢ ᠬᠠᠯᠵᠠᠨ ᠲᠣᠯᠣᠭᠠᠢ ᠲᠠᠢ ᠥᠨᠳᠥᠷ ᠲᠤᠷᠠᠩᠬᠠᠢ ᠡᠷ᠎ᠡ᠂ ᠬᠠᠤᠯᠢ ᠶ᠋ᠢᠨ ᠮᠡᠷᠭᠡᠵᠢᠯᠲᠡᠨ ᠪᠢᠯᠡ᠃ ᠲᠡᠷᠡ ᠪᠡᠷ ᠬᠤᠪᠢᠯᠠᠢ ᠳ᠋ᠤ᠌ ᠬᠢᠲᠠᠳ ᠢ᠋ ᠵᠠᠬᠢᠷᠬᠤ ᠠᠷᠭ᠎ᠠ ᠭᠡᠭᠴᠢ ᠤᠬᠠᠭᠠᠨ ᠢ᠋ ᠵᠢᠭᠠᠨ ᠵᠥᠪᠯᠡᠵᠦ᠂ ᠬᠣᠵᠢᠮ ᠨᠢ《ᠶᠠᠷᠢᠵᠤ ᠡᠮᠬᠢᠳᠬᠡᠭᠰᠡᠨ ᠬᠠᠤᠯᠢ ᠶ᠋ᠢᠨ ᠪᠢᠴᠢᠭ》 ᠭᠡᠳᠡᠭ ᠨᠣᠮ ᠵᠣᠬᠢᠶᠠᠨ᠂ ᠲᠡᠷᠡ ᠨᠢ ᠶᠡᠬᠡ ᠵᠠᠬᠢᠷᠤᠭᠴᠢ ᠶ᠋ᠢᠨ ᠰᠢᠷᠡᠭᠡᠨ ᠦ᠌ ᠬᠢᠨᠢ ᠰᠤᠳᠤᠷ ᠪᠣᠯᠤᠨ᠎ᠠ ᠭᠡᠳᠡᠭ ᠢ᠋ ᠬᠤᠪᠢᠯᠠᠢ ᠡᠨᠡᠬᠡᠨ ᠦᠶ᠎ᠡ ᠳ᠋ᠦ᠍ ᠶᠠᠭᠠᠬᠢᠨ ᠭᠠᠳᠠᠷᠯᠠᠵᠤ ᠮᠡᠳᠡᠬᠦ ᠪᠢᠯᠡ᠃ ᠬᠣᠣ ᠵᠢᠩ③ ᠭᠡᠳᠡᠭ ᠥᠨᠳᠥᠷ ᠲᠤᠷᠠᠩᠬᠠᠢ ᠡᠷ᠎ᠡ ᠬᠤᠪᠢᠯᠠᠢ ᠳ᠋ᠤ᠌ ᠦᠨᠡᠨᠴᠢ ᠰᠡᠳᠬᠢᠯ ᠲᠡᠢ ᠪᠣᠯᠤᠯᠲᠠᠢ᠃ ᠲᠡᠷᠡ ᠪᠡᠷ ᠲᠡᠦᠬᠡ ᠰᠤᠳᠤᠯᠳᠠᠭ᠂ ᠨᠠᠰᠤ ᠪᠠᠷ ᠳᠥᠴᠢ ᠡᠷᠭᠢᠮ᠎ᠡ᠂ ᠬᠤᠪᠢᠯᠠᠢ ᠶ᠋ᠢ ᠬᠣᠢᠲᠤ ᠬᠢᠲᠠᠳ ᠤ᠋ᠨ ᠵᠠᠬᠢᠷᠤᠭᠴᠢ ᠪᠣᠯᠤᠯ᠎ᠠ ᠭᠡᠳᠡᠭ ᠢ᠋ ᠮᠡᠳᠡᠮᠡᠭᠴᠡ ᠪᠡᠨ ᠲᠡᠭᠦᠨ ᠢ᠋ ᠰᠤᠳᠤᠯᠵᠤ ᠡᠬᠢᠯᠡᠭᠰᠡᠨ᠂ ᠪᠡᠶ᠎ᠡ ᠶ᠋ᠢᠨ ᠪᠠᠢᠳᠠᠯ ᠨᠢ ᠥᠷᠭᠡᠨ ᠴᠡᠭᠡᠵᠢ ᠲᠡᠢ᠂ ᠮᠣᠩᠭᠣᠯ ᠬᠥᠮᠦᠨ ᠲᠡᠢ ᠲᠥᠰᠦᠭᠡᠲᠡᠢ᠂ ᠢᠯᠡ ᠴᠠᠭᠠᠨ ᠰᠡᠳᠬᠢᠯᠲᠡᠢ ᠡᠷ᠎ᠡ ᠪᠢᠯᠡ᠃ ᠪᠠᠰᠠ ᠨᠠᠢ ᠶᠤᠸᠠᠨ ᠨᠡᠷ᠎ᠡ ᠲᠡᠢ᠂ ᠫᠠᠭᠳᠠᠭᠠᠷ ᠨᠠᠮᠬᠠᠨ ᠨᠢᠷᠤᠭᠤ ᠲᠠᠢ᠂ ᠤᠷᠲᠤ ᠴᠠᠭᠠᠨ ᠰᠠᠬᠠᠯ ᠢ᠋ᠶ᠋ᠠᠨ ᠬᠡᠢᠰᠬᠡᠭᠰᠡᠨ ᠬᠢᠵᠢᠶᠡᠯ ᠨᠠᠰᠤᠨ ᠤ᠋ ᠨᠢᠭᠡ ᠡᠷᠳᠡᠮᠲᠡᠨ ᠵᠣᠣ ᠪᠢ ᠶ᠋ᠢᠨ ᠤᠷᠢᠵᠤ ᠵᠠᠯᠠᠭᠰᠠᠨ ᠢ᠋ᠶ᠋ᠠᠷ ᠡᠨᠳᠡ ᠢᠷᠡᠭᠰᠡᠨ ᠪᠠᠢᠪᠠ᠃ ᠨᠠᠢ ᠶᠤᠸᠠᠨ ᠨᠢ ᠺᠦᠩᠽᠢ ᠶ᠋ᠢᠨ ᠰᠤᠷᠭᠠᠯ ᠢ᠋ ᠵᠣᠣ ᠪᠢ ᠶ᠋ᠢᠨ ᠵᠢᠭᠠᠪᠤᠷᠢ ᠪᠠᠷ ᠬᠤᠪᠢᠯᠠᠢ ᠳ᠋ᠤ᠌ ᠵᠢᠭᠠᠵᠤ ᠡᠬᠢᠯᠡᠭᠰᠡᠨ᠂ ᠴᠠᠭᠠᠰᠢᠳᠠ ᠪᠠᠨ ᠯᠠᠪᠰᠢᠷᠠᠭᠤᠯᠤᠨ ᠵᠢᠭᠠᠬᠤ ᠲᠤᠰᠢᠶᠠᠯ ᠲᠠᠢ᠂ ᠥᠪᠡᠷ ᠢ᠋ᠶ᠋ᠡᠨ ᠲᠡᠷᠡ ᠶᠡᠬᠡ ᠮᠡᠷᠭᠡᠨ ᠦ᠌ ᠨᠣᠮᠯᠠᠯ ᠠ᠋ᠴᠠ ᠢᠯᠡᠭᠦᠦ ᠨᠣᠮ ᠰᠤᠷᠭᠠᠯ ᠬᠣᠪᠣᠷ ᠭᠡᠵᠦ ᠦᠵᠡᠳᠡᠭ᠂ ᠴᠢᠯᠠᠭᠤ ᠶ᠋ᠢ ᠪᠥᠭᠡᠷᠡᠩᠬᠡᠢ ᠪᠣᠯᠭᠠᠳᠠᠭ ᠤᠰᠤ ᠠᠳᠠᠯᠢ ᠡᠯᠡᠭᠡᠭᠰᠡᠭᠡᠷ ᠪᠠᠢᠭᠠᠳ ᠶᠡᠬᠡ ᠵᠠᠬᠢᠷᠤᠭᠴᠢ ᠶ᠋ᠢ ᠬᠢᠲᠠᠳ ᠬᠥᠮᠦᠨ ᠪᠣᠯᠭᠠᠵᠤ ᠪᠣᠯᠤᠨ᠎ᠠ ᠭᠡᠵᠦ ᠳᠣᠲᠣᠷ᠎ᠠ ᠪᠠᠨ ᠦᠵᠡᠳᠡᠭ᠂ ᠲᠡᠭᠦᠨ ᠳ᠋ᠦ᠍ ᠪᠡᠨ ᠢᠲᠡᠭᠡᠳᠡᠭ᠂ ᠺᠦᠩᠽᠢ ᠶ᠋ᠢᠨ ᠰᠤᠷᠭᠠᠯ ᠥᠷᠥᠰᠢᠶᠡ ᠭᠡᠰᠡᠨ ᠤᠳᠬ᠎ᠠ ᠪᠠᠷ ᠰᠡᠪ ᠯᠠ ᠬᠢᠪᠡᠯ《ᠲᠥᠷᠥ ᠶ᠋ᠢᠨ ᠪᠠᠭᠠᠨ᠎ᠠ ᠥᠷᠥᠰᠢᠶᠡ》 ᠭᠡᠵᠦ ᠵᠠᠯᠪᠠᠷᠢᠬᠤ ᠰᠢᠬᠠᠨ ᠬᠡᠯᠡᠳᠡᠭ ᠠᠵᠢ᠃ 
       ᠵᠥᠪᠯᠡᠯᠳᠦᠭᠡᠨ ᠪᠣᠯᠬᠤ ᠶ᠋ᠢᠨ ᠡᠮᠦᠨᠡᠬᠡᠨ ᠬᠣᠲᠠ ᠶ᠋ᠢᠨ ᠲᠡᠷᠢᠭᠦᠨ ᠳᠠᠭᠠᠭᠠᠮᠠᠯ ᠸᠠᠩ ᠣᠪᠣᠭᠲᠤ ᠬᠤᠪᠢᠯᠠᠢ ᠵᠠᠬᠢᠷᠤᠭᠴᠢ ᠳ᠋ᠤ᠌ ᠵᠣᠷᠢᠭᠤᠳᠠ ᠪᠠᠷ ᠪᠠᠷᠠᠯᠬᠠᠨ᠂ ᠳᠠᠬᠢᠵᠤ ᠠᠮᠤᠭᠤᠯᠠᠩ ᠢ᠋ ᠡᠷᠢᠭᠡᠳ ᠶᠡᠬᠡ ᠯᠡ ᠮᠡᠷᠡᠢᠵᠦ ᠬᠦᠴᠦ ᠭᠠᠷᠭᠠᠭᠰᠠᠨ ᠪᠠᠢᠳᠠᠯ ᠢ᠋ᠶ᠋ᠠᠷ ᠭᠡᠬᠦ ᠤᠤ᠂ ᠭᠦᠨ ᠬᠦᠨᠳᠦᠳᠬᠡᠯ ᠢᠯᠡᠷᠬᠡᠢᠯᠡᠨ ᠪᠥᠬᠥᠢᠵᠦ᠄ 
       — ᠡᠵᠡᠨᠲᠡᠨ ᠮᠢᠨᠢ ᠥᠷᠥᠰᠢᠶᠡᠵᠦ ᠪᠣᠯᠭᠣᠭ᠎ᠠ! ᠡᠨᠡ ᠣᠷᠳᠣᠨ ᠢ᠋ ᠪᠣᠯᠤᠨ ᠬᠣᠲᠠᠬᠠᠨ ᠢ᠋ ᠲᠠᠭᠠᠯᠠᠯ ᠲᠡᠭᠦᠰᠦᠭᠰᠡᠨ ᠲᠠᠨ ᠤ᠋ ᠠᠬ᠎ᠠ ᠳ᠋ᠤ᠌ ᠪᠣᠯᠤᠨ ᠶᠡᠬᠡ ᠵᠠᠬᠢᠷᠤᠭᠴᠢ ᠲᠠᠨ ᠤ᠋ ᠭᠡᠭᠡᠨ ᠣᠶᠤᠨ ᠳ᠋ᠤ᠌ ᠨᠡᠢᠴᠡᠭᠦᠯᠬᠦ ᠶ᠋ᠢᠨ ᠲᠥᠯᠥᠭᠡ ᠮᠠᠨ ᠤ᠋ ᠪᠦᠬᠦ ᠠᠵᠢᠯ ᠤ᠋ᠨ ᠬᠥᠮᠦᠨ ᠬᠠᠮᠤᠭ ᠬᠦᠴᠦ᠂ ᠰᠡᠳᠬᠢᠯ ᠢ᠋ᠶ᠋ᠡᠨ ᠰᠢᠪᠬᠠᠨ ᠪᠠᠢᠵᠤ᠂ ᠶᠠᠳᠠᠷᠠᠯ ᠢ᠋ ᠲᠡᠪᠴᠢᠨ ᠵᠢᠳᠬᠦᠵᠦ ᠪᠠᠷᠢᠭᠰᠠᠨ ᠪᠢᠯᠡ᠃ ᠶᠡᠬᠡ ᠡᠵᠡᠨ ᠲᠠᠨ ᠤ᠋ ᠲᠠᠭᠠᠯᠠᠯ ᠳ᠋ᠤ᠌ ᠨᠡᠢᠴᠡᠵᠦ ᠪᠠᠢᠭ᠎ᠠ ᠪᠣᠯ ᠡᠨᠡ ᠬᠣᠲᠠ ᠪᠠᠷ ᠥᠪᠡᠷ ᠦ᠋ᠨ ᠢ᠋ᠶ᠋ᠡᠨ ᠨᠡᠢᠰᠯᠡᠯ ᠪᠣᠯᠭᠠᠨ᠂ ᠴᠠᠭ ᠦᠷᠭᠦᠯᠵᠢᠳᠡ ᠲᠤᠬᠠᠯᠠᠨ ᠮᠣᠷᠢᠯᠠᠵᠤ ᠪᠠᠢᠪᠠᠯ ᠪᠣᠭᠣᠯ ᠪᠢᠳᠡ ᠲᠩᠷᠢ ᠶ᠋ᠢᠨ ᠠᠪᠤᠷᠠᠯ ᠭᠡᠵᠦ ᠰᠦᠰᠦᠭᠯᠡᠬᠦ ᠪᠣᠯᠤᠨ᠎ᠠ᠃ ᠳᠣᠣᠷᠠᠲᠤ ᠪᠣᠭᠣᠯ ᠪᠢᠳᠡᠨ ᠢ᠋ ᠪᠡᠨ ᠥᠷᠥᠰᠢᠶᠡᠨ ᠲᠠᠭᠠᠯᠠᠵᠤ ᠪᠣᠯᠭᠣᠭ᠎ᠠ! ᠭᠡᠮᠡᠨ ᠬᠡᠯᠡᠭᠡᠳ ᠰᠦᠬᠦᠷᠴᠤ ᠮᠥᠷᠭᠥᠬᠦ ᠳ᠋ᠦ᠍ ᠪᠡᠨ ᠬᠡᠰᠢᠭ ᠱᠠᠩ ᠭᠣᠷᠢᠯᠠᠭᠰᠠᠨ ᠪᠢᠰᠢ᠂ ᠴᠠᠭᠠᠨ᠎ᠠ ᠪᠠᠨ ᠳᠠᠯᠳᠠᠭᠤᠷ ᠨᠠᠷᠢᠨ ᠪᠣᠳᠣᠯ ᠡᠪᠦᠷᠯᠡᠭᠰᠡᠨ ᠢ᠋ ᠶᠠᠭᠠᠬᠢᠨ ᠳᠠᠭᠠᠵᠤ ᠮᠡᠳᠡᠬᠦ ᠪᠣᠢ᠃ ᠬᠤᠪᠢᠯᠠᠢ ᠸᠠᠩ ᠣᠪᠣᠭᠲᠤ ᠶ᠋ᠢᠨ ᠠᠢᠯᠠᠳᠬᠠᠯ ᠢ᠋ ᠰᠣᠨᠣᠰᠤᠭᠠᠳ ᠳᠠᠭᠠᠯᠠᠭᠰᠠᠨ ᠨᠢᠳᠦ ᠪᠡᠷ ᠬᠠᠷᠠᠵᠤ᠂ ᠰᠠᠬᠠᠯ ᠢ᠋ᠶ᠋ᠠᠨ ᠢᠯᠪᠢᠨ ᠪᠠᠢᠭᠰᠠᠨ ᠢ᠋ᠶ᠋ᠠᠨ᠄ 
       — ᠳᠠᠭᠠᠭᠠᠮᠠᠯ ᠴᠢᠨᠦ ᠦᠭᠡ ᠨᠠᠮᠠᠶ᠋ᠢ ᠳᠤᠯᠠᠭᠠᠴᠠᠭᠤᠯᠤᠨ ᠪᠠᠶᠠᠰᠬᠠᠵᠤ ᠪᠠᠢᠨ᠎ᠠ᠃ ᠴᠢ ᠦᠨᠡᠬᠡᠷ ᠰᠠᠢᠬᠠᠨ ᠣᠷᠳᠣᠨ ᠪᠠᠷᠢᠭᠤᠯᠵᠠᠢ᠃ ᠡᠨᠡ ᠴᠢᠨᠢ ᠮᠢᠨᠦ ᠨᠡᠢᠰᠯᠡᠯ ᠪᠣᠯᠬᠤ ᠡᠰᠡᠬᠦ ᠶ᠋ᠢ ᠬᠣᠵᠢᠮ ᠤ᠋ᠨ ᠬᠡᠷᠡᠭ ᠶᠠᠪᠤᠳᠠᠯ ᠮᠡᠳᠡᠨ᠎ᠡ ᠭᠡᠵᠦ ᠬᠡᠯᠡᠭᠰᠡᠨ ᠪᠠᠢᠨ᠎ᠠ᠃

— — — —
 ① ᠵᠣᠣ ᠪᠢ ᠢᠩᠭᠢᠵᠦ ᠥᠭᠦᠯᠡᠭᠰᠡᠨ ᠭᠡᠵᠦ《ᠶᠤᠸᠠᠨ ᠤᠯᠤᠰ ᠤ᠋ᠨ ᠰᠤᠳᠤᠷ》  ᠲᠤ ᠪᠢᠴᠢᠭᠰᠡᠨ ᠢ᠋ ᠮᠠᠨ ᠤ᠋ ᠲᠡᠦᠬᠡᠴᠢᠳ ᠡᠰᠢ ᠲᠡᠳᠡᠨ ᠬᠡᠯᠡᠬᠦ ᠳᠤᠷᠠᠲᠠᠢ ᠪᠠᠢᠳᠠᠭ᠃ 
 ② ᠡᠷᠳᠡᠮᠲᠡᠨ ᠸᠠᠩ ᠦ ᠶ᠋ᠢ《ᠮᠣᠩᠭᠣᠯ ᠤ᠋ᠨ ᠨᠢᠭᠤᠴᠠ ᠲᠣᠪᠴᠢᠶᠠᠨ》 ᠢ᠋ ᠮᠣᠩᠭᠣᠯ ᠬᠡᠯᠡᠨ ᠡᠴᠡ ᠬᠢᠲᠠᠳ ᠬᠡᠯᠡᠨ ᠳ᠋ᠦ᠍ ᠣᠷᠴᠢᠭᠤᠯᠤᠭᠰᠠᠨ ᠪᠠᠢᠵᠤ ᠮᠠᠭᠠᠳ ᠦᠭᠡᠢ ᠭᠡᠰᠡᠨ ᠳᠠᠭᠠᠪᠤᠷᠢ ᠪᠠᠢᠳᠠᠭ ᠠᠵᠢ᠃ ᠲᠡᠷᠡ ᠪᠡᠷ ᠵᠣᠣ ᠪᠢ ᠠᠳᠠᠯᠢ ᠮᠣᠩᠭᠣᠯ ᠬᠡᠯᠡ ᠶ᠋ᠢ ᠭᠠᠷᠭᠠᠭᠤᠳ ᠮᠡᠳᠡᠳᠡᠭ ᠪᠠᠢᠵᠠᠢ᠃ 
 ③ ᠬᠣᠣ ᠵᠢᠩ ᠨᠢ《 ᠲᠥᠷᠥ ᠪᠠᠢᠭᠤᠯᠬᠤ ᠰᠠᠨᠠᠯ》 ᠭᠡᠳᠡᠭ ᠨᠣᠮ ᠪᠢᠴᠢᠭᠰᠡᠨ᠂ ᠬᠤᠪᠢᠯᠠᠢ ᠬᠠᠭᠠᠨ ᠤ᠋ ᠵᠠᠷᠯᠢᠭ ᠢ᠋ᠶ᠋ᠠᠷ ᠡᠮᠦᠨᠡᠲᠦ ᠰᠥᠩ ᠤᠯᠤᠰ ᠲᠤ ᠡᠯᠴᠢ ᠪᠡᠷ ᠵᠠᠷᠤᠭᠳᠠᠨ ᠣᠴᠢᠭᠠᠳ ᠪᠠᠷᠢᠭᠳᠠᠨ᠂ ᠲᠡᠨᠳᠡ ᠪᠡᠨ16 ᠵᠢᠯ ᠱᠣᠷᠣᠩ ᠳ᠋ᠤ᠌ ᠬᠣᠷᠢᠭᠳᠠᠨ ᠪᠠᠢᠵᠠᠢ᠃ 


         ᠦᠰᠦᠭ ᠠᠮᠢᠯᠠᠭᠤᠯᠤᠭᠰᠠᠨ ᠨᠢ᠄ ᠪᠠᠭᠠᠲᠤᠷ᠂ ᠴᠣᠯᠮᠣᠨᠲᠤᠶᠠᠭ᠎ᠠ