ᠪᠦᠷᠭᠦᠳ ᠬᠠᠷᠢ ᠳᠤ ᠡᠭᠦᠷᠯᠡᠳᠡᠭ ᠦᠭᠡᠢ – ᠵ ᠂ ᠫᠦᠷᠪᠦ<ᠬᠣᠶᠠᠳᠤᠭᠠᠷ ᠪᠦᠯᠦᠭ –4>᠂ᠱᠠᠭᠠᠵᠠᠭᠠᠢ ᠶᠠᠭᠤ ᠥᠭᠦᠯᠡᠪᠡ Бүргэд харьд үүрэлдэггүй – Ж᠂ Пүрэв <2-р бүлэг ~4>. шаазгай юу өгүүлэв ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠦᠷᠭᠦᠳ ᠬᠠᠷᠢ ᠳᠤ ᠡᠭᠦᠷᠯᠡᠳᠡᠭ ᠦᠭᠡᠢ – ᠵ ᠂ ᠫᠦᠷᠪᠦ<ᠬᠣᠶᠠᠳᠤᠭᠠᠷ ᠪᠦᠯᠦᠭ –4>᠂ᠱᠠᠭᠠᠵᠠᠭᠠᠢ ᠶᠠᠭᠤ ᠥᠭᠦᠯᠡᠪᠡ Бүргэд харьд үүрэлдэггүй – Ж᠂ Пүрэв <2-р бүлэг ~4>. шаазгай юу өгүүлэв

ᠪᠦᠷᠭᠦᠳ ᠬᠠᠷᠢ ᠳᠤ ᠡᠭᠦᠷᠯᠡᠳᠡᠭ ᠦᠭᠡᠢ – ᠵ ᠂ ᠫᠦᠷᠪᠦ<ᠬᠣᠶᠠᠳᠤᠭᠠᠷ ᠪᠦᠯᠦᠭ –4>᠂ᠱᠠᠭᠠᠵᠠᠭᠠᠢ ᠶᠠᠭᠤ ᠥᠭᠦᠯᠡᠪᠡ Бүргэд харьд үүрэлдэггүй – Ж᠂ Пүрэв <2-р бүлэг ~4>. шаазгай юу өгүүлэв

ᠠᠩᠭᠢᠯᠠᠯ:ᠲᠤᠭᠤᠵᠢ ᠷᠣᠮᠠᠨ
2026-05-08

43

ᠬᠣᠶᠠᠳᠤᠭᠠᠷ ᠪᠦᠯᠦᠭ – ᠭᠣᠯᠣᠮᠲᠠ ᠳᠦᠰᠢᠬᠰᠡᠨ ᠡᠵᠡᠨ

ᠳᠥᠷᠪᠡ᠂ ᠱᠠᠭᠠᠵᠠᠭᠠᠢ ᠶᠠᠭᠤ ᠥᠭᠦᠯᠡᠪᠡ


       ᠪᠢᠯᠢᠭᠦᠨ ᠨᠡᠯᠢᠶᠡᠳ ᠬᠡᠳᠦᠨ ᠨᠣᠶᠠᠨ ᠤ᠋ ᠬᠠᠮᠲᠤ ᠭᠠᠳᠠᠭᠠᠳᠤ ᠶ᠋ᠢᠨ ᠡᠯᠴᠢ᠂ ᠭᠡᠢᠴᠢᠨ ᠵᠣᠴᠢᠳ ᠢ᠋ ᠬᠦᠯᠢᠶᠡᠨ ᠠᠪᠴᠤ ᠬᠠᠭᠠᠨ ᠪᠣᠯᠤᠨ ᠳᠡᠭᠡᠳᠦ ᠨᠣᠶᠠᠨ ᠲᠠᠢ ᠠᠭᠤᠯᠵᠠᠭᠤᠯᠵᠤ ᠪᠠᠢᠬᠤ ᠡᠭᠦᠷᠭᠡ ᠬᠦᠯᠢᠶᠡᠯ᠎ᠡ᠃ ᠲᠡᠭᠡᠬᠦ ᠳ᠋ᠦ᠍ ᠪᠡᠨ ᠬᠠᠷᠢ ᠭᠠᠵᠠᠷ ᠠ᠋ᠴᠠ ᠢᠷᠡᠭᠰᠡᠨ ᠭᠡᠢᠴᠢᠳ ᠲᠡᠢ ᠶᠠᠭᠠᠬᠢᠵᠤ ᠬᠠᠷᠢᠯᠴᠠᠵᠤ ᠪᠠᠢᠬᠤ᠂ ᠵᠣᠴᠢᠳ ᠢ᠋ ᠶᠠᠮᠠᠷ ᠰᠢᠦ ᠪᠠᠢᠳᠠᠯ ᠢ᠋ᠶ᠋ᠠᠷ ᠬᠦᠨᠳᠦᠳᠬᠡᠨ ᠤᠭᠲᠤᠵᠤ ᠶᠠᠪᠤᠭᠤᠯᠬᠤ ᠲᠤᠬᠠᠢ ᠲᠤᠰᠬᠠᠢ ᠰᠤᠷᠭᠠᠭᠤᠯᠢ ᠶ᠋ᠢ ᠪᠠᠷᠤᠭ ᠬᠠᠭᠠᠰ ᠰᠠᠷ᠎ᠠ ᠶ᠋ᠢᠨ ᠲᠤᠷᠰᠢ ᠬᠢᠵᠦ᠂ ᠲᠡᠭᠡᠭᠰᠡᠨ ᠦ᠌ ᠳᠠᠷᠠᠭ᠎ᠠ ᠰᠠᠶᠢ ᠠᠯᠪᠠᠨ ᠳ᠋ᠤ᠌ ᠪᠠᠨ ᠣᠷᠣᠵᠠᠢ᠃ 
       ᠭᠠᠳᠠᠭᠠᠳᠤ ᠶ᠋ᠢᠨ ᠠᠯᠪᠠᠨ ᠤ᠋ ᠬᠥᠮᠦᠨ ᠲᠡᠢ ᠬᠠᠷᠢᠯᠴᠠᠬᠤ ᠲᠢᠭ ᠵᠢᠷᠤᠮ ᠨᠠᠷᠢᠨ᠂ ᠵᠥᠷᠢᠴᠡᠯ ᠭᠠᠷᠭᠠᠪᠠᠯ ᠬᠦᠯᠢᠶᠡᠬᠦ ᠪᠠᠭᠠᠯ ᠨᠢ ᠶᠡᠬᠡ ᠠᠵᠢ᠃ ᠲᠡᠷᠡ ᠪᠡᠷ ᠪᠠᠰᠠ ᠳᠣᠣᠷ᠎ᠠ ᠨᠢ ᠵᠠᠷᠤᠭᠳᠠᠵᠤ ᠪᠠᠢᠬᠤ ᠬᠠᠷᠠᠬᠣᠷᠣᠮ ᠳ᠋ᠤ᠌ ᠪᠠᠢᠩᠭᠤ ᠰᠠᠭᠤᠭ᠎ᠠ ᠡᠯᠴᠢᠨ ᠰᠠᠢᠳ ᠤ᠋ᠳ ᠤ᠋ᠨ ᠬᠡᠷᠡᠭ ᠢ᠋ ᠵᠠᠯᠭᠠᠭᠤᠯᠬᠤ ᠳ᠋ᠤ᠌ ᠣᠷᠣᠯᠴᠠᠬᠤ ᠡᠭᠦᠷᠭᠡᠲᠡᠢ ᠪᠠᠭ᠎ᠠ ᠲᠦᠰᠢᠮᠡᠯ ᠠᠷᠪᠠ ᠣᠷᠴᠢᠮ᠂ ᠪᠠᠭ᠎ᠠ ᠲᠦᠰᠢᠮᠡᠯ ᠨᠠᠷ ᠬᠦᠯᠢᠶᠡᠭᠰᠡᠨ ᠭᠡᠷᠭᠡᠯ(ᠴᠠᠭᠳᠠᠭ᠎ᠠ) ᠬᠥᠮᠦᠰ ᠦ᠋ᠨ ᠪᠦᠲᠦᠨ ᠬᠣᠷᠣᠭ᠎ᠠ ᠪᠠᠢᠯ᠎ᠠ᠃  
       ᠡᠳᠡᠨ ᠦ᠌ ᠳᠤᠮᠳᠠ ᠪᠢᠯᠢᠭᠦᠨ ᠲᠣᠷᠭᠠᠨ ᠬᠠᠨᠲᠠᠭᠠᠰᠤ ᠡᠮᠦᠰᠴᠦ᠂ ᠳᠦᠷᠢᠮᠲᠦ ᠬᠤᠪᠴᠠᠰᠤ ᠲᠠᠢ ᠶᠠᠪᠤᠵᠤ ᠪᠠᠢᠬᠤ ᠨᠢ ᠨᠢᠭᠡ ᠲᠠᠯ᠎ᠠ ᠪᠠᠷ ᠰᠠᠢᠬᠠᠨ ᠴᠦ᠍ ᠶᠤᠮ ᠰᠢᠭ᠋ ᠮᠥᠷᠲᠡᠭᠡᠨ ᠶᠠᠯᠢᠬᠤ ᠦᠭᠡᠢ ᠣᠰᠣᠯ ᠭᠠᠷᠭᠠᠬᠤ᠂ ᠵᠢᠷᠤᠮ ᠲᠢᠭ ᠢ᠋ ᠠᠯᠳᠠᠭᠳᠠᠭᠤᠯᠬᠤ ᠳ᠋ᠤ᠌ ᠬᠦᠷᠪᠡᠯ ᠬᠦᠯᠢᠶᠡᠬᠦ ᠶᠠᠯ᠎ᠠ ᠬᠥᠩᠭᠡᠨ ᠦᠭᠡᠢ ᠨᠢ ᠰᠡᠳᠬᠢᠯ ᠳ᠋ᠦ᠍ ᠵᠣᠪᠠᠭᠤᠷᠢ ᠲᠥᠷᠥᠭᠦᠯᠵᠦ ᠪᠠᠢᠪᠠ᠃  
       ᠭᠡᠯ᠎ᠡ ᠴᠦ᠍ ᠡᠵᠡᠨ ᠪᠣᠭᠳᠠ ᠶ᠋ᠢᠨ ᠰᠤᠷᠭᠠᠭᠰᠠᠨ ᠶᠣᠰᠣᠭᠠᠷ《ᠡᠷ᠎ᠡ ᠬᠥᠮᠦᠨ ᠭᠤᠯᠵᠠᠢᠬᠤ ᠶᠣᠰᠣ ᠦᠭᠡᠢ᠂ ᠲᠣᠩᠭᠣᠷᠠᠭ ᠮᠡᠲᠦ ᠬᠤᠷᠴᠠ᠂ ᠰᠤᠮᠤ ᠮᠡᠲᠦ ᠬᠤᠷᠳᠤᠨ ᠪᠠᠢᠵᠤ ᠲᠥᠷᠥ ᠳ᠋ᠦ᠍ ᠵᠢᠳᠬᠦᠬᠦ ᠡᠭᠦᠷᠭᠡᠲᠡᠢ》 ᠠᠵᠢ᠃  
       ᠡᠨᠡ ᠦᠭᠡ ᠶ᠋ᠢ ᠲᠦᠰᠢᠮᠡᠯ ᠨᠠᠷ ᠠᠮᠠᠨ ᠤᠩᠰᠢᠯᠭ᠎ᠠ ᠠᠳᠠᠯᠢ ᠬᠡᠯᠡᠳᠡᠭ ᠡᠴᠡ ᠭᠠᠳᠠᠨ᠎ᠠ ᠠᠯᠪᠠᠨ ᠳᠡᠭᠡᠷ᠎ᠡ ᠪᠡᠨ ᠦᠵᠡᠭᠦᠯᠳᠡᠭ ᠶᠣᠰᠣᠲᠠᠢ᠃ 
       ᠪᠢᠯᠢᠭᠦᠨ ᠢ᠋ ᠠᠯᠪᠠᠨ ᠳ᠋ᠤ᠌ ᠣᠷᠣᠭᠠᠳ ᠤᠳᠠᠭ᠎ᠠ ᠦᠭᠡᠢ᠂ ᠶᠡᠬᠡ ᠬᠠᠭᠠᠨ ᠲᠠᠭᠠᠯᠠᠯ ᠲᠡᠭᠦᠰᠬᠦ ᠳ᠋ᠦ᠍ ᠡᠮᠭᠡᠨᠢᠯ ᠢᠯᠡᠷᠬᠡᠢᠯᠡᠨ ᠰᠠᠯᠬᠤ ᠶᠣᠰᠣᠯᠠᠯ ᠳ᠋ᠤ᠌ ᠣᠷᠣᠯᠴᠠᠭᠰᠠᠨ ᠭᠠᠳᠠᠭᠠᠳᠤ ᠶ᠋ᠢᠨ ᠡᠯᠴᠢ ᠨᠠᠷ ᠢ᠋ ᠳᠥᠩᠭᠡᠵᠦ ᠦᠳᠡᠨ ᠮᠣᠷᠳᠠᠭᠤᠯᠤᠭᠠᠳ᠂ ᠶᠡᠬᠡ ᠭᠠᠰᠢᠭᠤᠳᠠᠯ ᠳᠠᠢᠯᠠᠭᠰᠠᠨ ᠤ᠋ ᠳᠠᠷᠠᠭᠠᠬᠠᠨ ᠨᠢᠭᠡᠨ ᠲᠣᠮᠣ ᠡᠯᠴᠢ ᠢᠷᠡᠬᠦ ᠪᠣᠯᠵᠤ᠂ ᠲᠡᠭᠦᠨ ᠢ᠋ ᠶᠣᠰᠣ ᠲᠥᠷᠥ ᠲᠡᠢ ᠬᠦᠯᠢᠶᠡᠨ ᠠᠪᠬᠤ ᠪᠠᠷ ᠤᠷᠲᠤ ᠥᠷᠭᠥᠭᠡ᠂ ᠲᠡᠷᠭᠡ ᠵᠠᠷᠤᠴᠠ᠂ ᠵᠣᠭᠣᠭ ᠭᠦᠨᠴᠡᠭ ᠪᠡᠯᠡᠳᠬᠡᠭᠦᠯᠬᠦ ᠠᠯᠪᠠᠨ ᠳ᠋ᠤ᠌ ᠶᠡᠬᠡ ᠪᠡᠷ ᠵᠠᠷᠤᠭᠳᠠᠨ ᠱᠣᠭᠰᠢᠵᠤ ᠡᠬᠢᠯᠡᠪᠡ᠃ 
       ᠡᠵᠡᠨ ᠦ᠌ ᠠᠯᠪᠠ ᠡᠷᠴᠢ ᠪᠡᠷ ᠢ᠋ᠶ᠋ᠡᠨ ᠭᠦᠢᠴᠡᠯᠳᠦᠳᠡᠭ ᠪᠣᠯᠬᠣᠷ ᠡᠨᠡ ᠠᠵᠢᠯ ᠪᠠᠰᠠ ᠯᠠ ᠰᠠᠨᠠᠭᠰᠠᠨ ᠶᠣᠰᠣᠭᠠᠷ ᠪᠦᠲᠦᠵᠦ ᠪᠠᠢᠯ᠎ᠠ᠃ ᠭᠡᠯ᠎ᠡ ᠴᠦ᠍ ᠨᠣᠢᠷ ᠬᠣᠭᠣᠯᠠᠨ ᠠ᠋ᠴᠠ ᠬᠠᠭᠠᠴᠠᠭᠰᠠᠨ ᠡᠳᠦᠷ ᠨᠢᠭᠡ ᠪᠢᠰᠢ᠃ 
       ᠤᠳᠠᠭᠰᠠᠨ ᠴᠦ᠍ ᠦᠭᠡᠢ ᠠᠷᠮᠸᠨ ᠤ᠋ ᠸᠠᠩ ᠬᠣᠶᠠᠳᠤᠭᠠᠷ ᠭᠸᠲ᠋ᠣᠮ ᠤ᠋ᠨ ᠲᠥᠯᠥᠭᠡᠨ ᠦ᠌ ᠪᠡᠶ᠎ᠡ ᠡᠯᠴᠢ ᠭᠡᠵᠦ ᠨᠢᠭᠡᠨ ᠵᠠᠭᠤ ᠰᠢᠬᠠᠮ ᠳᠠᠭᠠᠭᠤᠯ ᠲᠠᠢ᠂ ᠤᠯᠠᠭᠠᠨ ᠡᠷᠢᠶᠡᠨ ᠬᠠᠮᠪᠤ ᠬᠢᠯᠢᠩ ᠳᠡᠪᠡᠯ ᠡᠮᠦᠰᠦᠭᠰᠡᠨ ᠲᠣᠮᠣ ᠨᠣᠶᠠᠨ ᠰᠡᠦᠬᠡ ᠲᠡᠷᠭᠡᠨ ᠳ᠋ᠦ᠍ ᠬᠣᠣᠰ ᠮᠣᠷᠢ ᠬᠥᠯᠯᠡᠨ ᠤᠨᠤᠭᠠᠳ ᠢᠷᠡᠯ᠎ᠡ᠃ 
       ᠬᠠᠷᠠᠬᠣᠷᠣᠮ ᠬᠣᠲᠠ ᠶ᠋ᠢᠨ ᠵᠡᠭᠦᠨ ᠬᠣᠢᠲᠤ ᠲᠠᠯ᠎ᠠ ᠶ᠋ᠢᠨ ᠶᠡᠬᠡ ᠵᠠᠮ ᠳᠡᠭᠡᠷ᠎ᠡ ᠬᠠᠮᠠᠭᠠᠯᠠᠬᠤ ᠮᠣᠩᠭᠣᠯ ᠴᠡᠷᠢᠭ ᠵᠣᠭᠰᠣᠵᠤ ᠲᠡᠷᠡ ᠭᠡᠢᠴᠢᠨ ᠢ᠋ ᠤᠭᠲᠤᠵᠤ ᠠᠪᠤᠭᠠᠳ᠂ ᠬᠣᠲᠠ ᠶ᠋ᠢᠨ ᠬᠡᠷᠡᠮ ᠦ᠋ᠨ ᠳᠣᠲᠣᠷ᠎ᠠ ᠪᠠᠷᠢᠭᠰᠠᠨ ᠠᠷᠪᠠ ᠭᠠᠷᠤᠢ ᠥᠷᠭᠥᠭᠡ ᠭᠡᠷ ᠲᠦ᠍ ᠪᠠᠭᠤᠯᠭᠠᠵᠤ᠂ ᠴᠢᠯᠡᠭᠦᠷ ᠳᠠᠢᠯᠠᠭᠤᠯᠤᠨ ᠨᠢᠭᠡ ᠬᠣᠨᠣᠭ ᠪᠠᠢᠯᠭᠠᠭᠰᠠᠨ ᠤ᠋ ᠳᠠᠷᠠᠭ᠎ᠠ ᠶᠡᠬᠡ ᠵᠠᠬᠢᠷᠤᠭᠴᠢ ᠠᠷᠢᠬᠪᠥᠢ᠍ᠬᠡ ᠨᠣᠶᠠᠨ ᠳ᠋ᠤ᠌ ᠪᠠᠷᠠᠯᠠᠬᠠᠭᠤᠯᠬᠤ ᠪᠣᠯᠪᠠ᠃ ᠡᠨᠡ ᠨᠣᠶᠠᠨ ᠠᠷᠮᠸᠨ ᠤ᠋ ᠸᠠᠩ᠂ ᠳᠠᠯᠠᠢᠭᠴᠢ ᠮᠥᠩᠬᠡ ᠬᠠᠭᠠᠨ ᠲᠠᠢ ᠲᠠᠪᠤᠨ ᠵᠢᠯ ᠦ᠋ᠨ ᠡᠮᠦᠨ᠎ᠡ ᠬᠠᠷᠠᠬᠣᠷᠣᠮ ᠳ᠋ᠤ᠌ ᠶᠣᠰᠣ ᠲᠥᠷᠥ ᠪᠣᠯᠤᠨ ᠪᠠᠢᠭᠤᠯᠤᠭᠰᠠᠨ ᠭᠡᠷ᠎ᠡ① ᠶ᠋ᠢᠨ ᠵᠢᠭᠠᠯᠲᠠ ᠶ᠋ᠢ ᠦᠵᠡᠵᠦ ᠲᠠᠨᠢᠯᠴᠠᠨ᠂ ᠤᠭ ᠵᠦᠢᠯ ᠡᠴᠡ ᠭᠦᠢᠴᠡᠯᠳᠦᠭᠦᠯᠦᠭᠡ ᠦᠭᠡᠢ ᠪᠠᠢᠭ᠎ᠠ ᠵᠦᠢᠯ ᠢ᠋ ᠴᠠᠭᠠᠰᠢᠳᠠ ᠮᠥᠷᠳᠡᠨ ᠶᠠᠪᠤᠭᠤᠯᠬᠤ ᠬᠡᠷᠡᠭ ᠢ᠋ ᠬᠡᠯᠡᠯᠴᠡᠬᠦ ᠪᠡᠷ ᠢᠷᠡᠭᠰᠡᠨ ᠠᠵᠢ᠃ 
       ᠡᠯᠴᠢ ᠶ᠋ᠢ ᠡᠵᠡᠨ ᠵᠠᠬᠢᠷᠤᠭᠴᠢ ᠳ᠋ᠤ᠌ ᠪᠠᠷᠠᠯᠠᠬᠠᠬᠤ ᠳ᠋ᠤ᠌ ᠬᠠᠭᠠᠨ ᠳ᠋ᠤ᠌ ᠶᠠᠭᠠᠬᠢᠵᠤ ᠬᠠᠷᠢ ᠶ᠋ᠢᠨ ᠨᠣᠶᠠᠳ ᠪᠠᠷᠠᠯᠬᠠᠳᠠᠭ ᠪᠠᠢᠭᠰᠠᠨ᠂ ᠲᠡᠷᠡ ᠶᠣᠰᠣ ᠪᠠᠷ ᠠᠭᠤᠯᠵᠠᠭᠤᠯᠬᠤ ᠶᠣᠰᠣᠲᠠᠢ ᠪᠣᠯᠪᠠ᠃ ᠡᠯᠴᠢ ᠳ᠋ᠦ᠍ ᠬᠡᠰᠢᠭᠲᠡᠨ ᠴᠡᠷᠢᠭ ᠦ᠋ᠨ ᠳᠠᠭᠠᠭᠠᠮᠠᠯ ᠠ᠋ᠴᠠ ᠵᠠᠬᠢᠷᠤᠭᠴᠢ ᠳ᠋ᠤ᠌ ᠶᠠᠭᠠᠬᠢᠵᠤ ᠪᠠᠷᠠᠯᠬᠠᠳᠠᠭ ᠵᠢᠷᠤᠮᠲᠠᠢ ᠶ᠋ᠢ ᠵᠣᠷᠢᠭᠤᠳᠠ ᠤᠷᠢᠳᠴᠢᠯᠠᠨ ᠬᠡᠯᠡᠵᠦ ᠥᠭᠭᠦᠯ᠎ᠡ᠃ 
       ᠭᠡᠢᠴᠢᠨ ᠡᠯᠴᠢ ᠶ᠋ᠢ ᠡᠷᠢᠶᠡᠨ ᠵᠢᠦᠵᠠᠨ ᠳ᠋ᠤ᠌ ᠰᠠᠭᠤᠯᠭᠠᠨ᠂ ᠳᠠᠭᠠᠯᠳᠤᠬᠤ ᠬᠣᠶᠠᠷ ᠲᠦᠰᠢᠮᠡᠯ ᠦ᠋ᠨ ᠬᠠᠮᠲᠤ ᠬᠠᠭᠠᠨ ᠤ᠋ ᠣᠯᠠᠨ ᠪᠠᠭᠠᠨᠠᠲᠤ ᠣᠷᠳᠣᠨ ᠳ᠋ᠤ᠌ ᠠᠪᠠᠴᠢᠭᠠᠳ᠂ ᠶᠡᠬᠡ ᠬᠠᠭᠠᠯᠭᠠᠨ ᠤ᠋ ᠭᠠᠳᠠᠭ᠎ᠠ ᠬᠣᠶᠠᠷ ᠭᠠᠯ ᠤ᠋ᠨ ᠳᠤᠮᠳᠠᠭᠤᠷ ᠶᠠᠪᠤᠭᠤᠯᠤᠨ ᠠᠷᠢᠭᠤᠳᠬᠠᠭᠠᠳ᠂ ᠣᠷᠣᠮᠠᠭᠴᠠ ᠪᠡᠶ᠎ᠡ ᠳ᠋ᠦ᠍ ᠨᠢ ᠦᠵᠡᠯᠭᠡ ᠬᠢᠵᠦ᠂ ᠬᠢᠲᠤᠭ᠎ᠠ ᠮᠡᠰᠡ ᠪᠣᠢ ᠡᠰᠡᠬᠦ ᠶ᠋ᠢ ᠦᠵᠡᠯ᠎ᠡ᠃ 
       ᠡᠭᠦᠨ ᠦ᠌ ᠡᠮᠦᠨ᠎ᠡ ᠨᠢ ᠴᠣᠬᠣᠮ ᠶᠠᠮᠠᠷ ᠬᠡᠷᠡᠭ ᠢ᠋ᠶ᠋ᠡᠷ ᠶᠠᠭᠤ ᠶᠠᠷᠢᠯᠴᠠᠬᠤ ᠶ᠋ᠢ ᠨᠢ ᠪᠠᠰᠠ ᠠᠰᠠᠭᠤᠵᠤ ᠲᠠᠨᠢᠯᠴᠠᠨ ᠵᠠᠬᠢᠷᠤᠭᠴᠢ ᠳ᠋ᠤ᠌ ᠠᠢᠯᠠᠳᠬᠠᠭᠰᠠᠨ ᠪᠠᠢᠪᠠ᠃ ᠡᠯᠴᠢ ᠶ᠋ᠢᠨ ᠤᠷᠢᠳᠴᠢᠯᠠᠨ ᠬᠡᠯᠡᠭᠰᠡᠨ ᠨᠢ ᠰᠣᠨᠢᠨ᠄ 
       — ᠪᠢ ᠸᠠᠩ ᠤ᠋ᠨ ᠵᠠᠷᠯᠢᠭ ᠶᠣᠰᠣᠭᠠᠷ ᠬᠣᠶᠠᠷ ᠤᠯᠤᠰ ᠤ᠋ᠨ ᠬᠣᠭᠣᠷᠣᠨᠳᠣ ᠪᠠᠢᠭᠤᠯᠤᠭᠰᠠᠨ ᠭᠡᠷ᠎ᠡ ᠶ᠋ᠢᠨ ᠲᠤᠬᠠᠢ ᠲᠠᠨ ᠤ᠋ ᠶᠡᠬᠡ ᠵᠠᠬᠢᠷᠤᠭᠴᠢ ᠳ᠋ᠤ᠌ ᠠᠢᠯᠠᠳᠬᠠᠯ ᠬᠢᠨ᠎ᠡ᠃  
       ᠤᠭ ᠭᠡᠷ᠎ᠡ ᠳ᠋ᠦ᠍ ᠾᠷᠢᠰᠲ᠋ᠣᠰ ᠱᠠᠰᠢᠨᠲᠠᠨ ᠪᠠ ᠮᠣᠩᠭᠣᠯ ᠤ᠋ᠨ ᠬᠣᠭᠣᠷᠣᠨᠳᠣ ᠨᠠᠢᠷᠠᠮᠳᠠᠯ᠂ ᠨᠥᠬᠥᠷᠯᠡᠯ ᠲᠣᠭᠲᠠᠭᠠᠬᠤ᠂ ᠮᠣᠩᠭᠣᠯ ᠤ᠋ᠨ ᠡᠵᠡᠯᠡᠭᠰᠡᠨ ᠨᠤᠲᠤᠭ ᠲᠤ ᠪᠠᠢᠭ᠎ᠠ ᠾᠷᠢᠰᠲ᠋ᠣᠰ ᠱᠠᠰᠢᠨ ᠤ᠋ ᠰᠦᠮ᠎ᠡ ᠬᠡᠢᠳ ᠢ᠋ ᠠᠯᠪᠠᠨ ᠭᠤᠪᠴᠢᠭᠤᠷ ᠠ᠋ᠴᠠ ᠴᠢᠯᠥᠭᠡᠯᠡᠬᠦ᠂ ᠾᠷᠢᠰᠲ᠋ᠣᠰ ᠤ᠋ᠨ ᠱᠠᠷᠢᠯ ᠪᠠᠢᠭ᠎ᠠ ᠶᠧᠷᠦᠢ᠍ᠰᠡᠯᠧᠮ ᠢ᠋ ᠰᠠᠷᠠᠨᠴᠢᠨ ᠨᠠᠷ ᠠ᠋ᠴᠠ ᠴᠢᠯᠥᠭᠡᠯᠡᠬᠦ᠂ ᠯᠠᠯᠤ ᠶ᠋ᠢᠨ ᠱᠠᠰᠢᠨ ᠤ᠋ ᠲᠣᠯᠣᠭᠠᠢ᠂  ᠪᠠᠭᠳᠠᠳ᠋ ᠤ᠋ᠨ ᠬᠠᠯᠢᠹ ᠤ᠋ᠨ ᠡᠰᠡᠷᠭᠦ ᠳᠠᠢᠳᠤᠬᠤ᠂ ᠠᠷᠮᠸᠨ ᠪᠠ ᠲᠡᠭᠦᠨ ᠦ᠌ ᠬᠦᠷᠰᠢ ᠤᠯᠤᠰ ᠤ᠋ᠳ ᠲᠤ ᠬᠡᠷᠡᠭᠲᠡᠢ ᠴᠠᠭ ᠲᠤ ᠨᠢ ᠮᠣᠩᠭᠣᠯ ᠤ᠋ᠨ ᠲᠠᠯ᠎ᠠ ᠠ᠋ᠴᠠ ᠲᠤᠰᠠᠯᠠᠮᠵᠢ ᠶ᠋ᠢ ᠦᠵᠡᠭᠦᠯᠵᠦ ᠪᠠᠢᠬᠤ ᠭᠡᠰᠡᠨ ᠳᠣᠯᠣᠭᠠᠨ ᠵᠦᠢᠯᠲᠦ ᠭᠡᠷ᠎ᠡ ᠶ᠋ᠢ ᠪᠠᠢᠭᠤᠯᠤᠭᠰᠠᠨ ᠠᠵᠢ᠃ 
       ᠠᠷᠮᠸᠨ ᠤ᠋ ᠡᠯᠴᠢ ᠴᠠᠭᠠᠨ ᠢᠰᠡᠭᠡᠢ ᠳᠡᠭᠡᠭᠦᠷ ᠬᠦᠨᠳᠦᠳᠬᠡᠯ ᠦ᠋ᠨ ᠭᠤᠲᠤᠮ ᠢ᠋ᠶ᠋ᠠᠷ ᠶᠠᠪᠤᠵᠤ ᠠᠷᠢᠬᠪᠥᠢ᠍ᠬᠡ ᠵᠠᠬᠢᠷᠤᠭᠴᠢ ᠶ᠋ᠢᠨ ᠪᠠᠢᠭ᠎ᠠ ᠣᠷᠳᠣᠨ ᠲᠠᠰᠤᠯᠭᠠᠨ ᠳ᠋ᠤ᠌ ᠣᠷᠣᠭᠠᠳ᠂ ᠲᠣᠭᠲᠠᠭᠰᠠᠨ ᠵᠢᠷᠤᠮ ᠢ᠋ ᠰᠠᠬᠢᠨ ᠵᠡᠭᠦᠨ ᠡᠪᠦᠳᠦᠭ ᠢ᠋ᠶ᠋ᠡᠨ ᠨᠤᠭᠤᠯᠵᠤ᠂ ᠭᠠᠷ ᠢ᠋ᠶ᠋ᠠᠨ ᠲᠣᠰᠣᠨ ᠶᠣᠰᠣ ᠬᠢᠨ ᠠᠭᠤᠯᠵᠠᠯ᠎ᠠ᠃ 
       ᠲᠡᠷᠡ ᠪᠡᠷ ᠵᠠᠬᠢᠷᠤᠭᠴᠢ ᠶ᠋ᠢᠨ ᠡᠮᠦᠨ᠎ᠡ ᠬᠠᠵᠠᠭᠤ ᠳ᠋ᠤ᠌ ᠵᠠᠰᠠᠭᠰᠠᠨ ᠣᠯᠪᠣᠭᠲᠤ ᠰᠠᠭᠤᠳᠠᠯ ᠳ᠋ᠤ᠌ ᠰᠠᠭᠤᠵᠤ ᠠᠮᠤᠭᠤᠯᠠᠩ ᠢ᠋ ᠡᠷᠢᠨ ᠬᠡᠷᠡᠭ ᠵᠣᠷᠢᠭ ᠢ᠋ᠶ᠋ᠠᠨ ᠠᠢᠯᠠᠳᠬᠠᠵᠤ ᠡᠬᠢᠯᠡᠪᠡ᠃ 
       ᠪᠢᠯᠢᠭᠦᠨ ᠲᠦᠰᠢᠮᠡᠯ ᠶᠣᠰᠣ ᠵᠢᠷᠤᠮ ᠰᠠᠬᠢᠭᠤᠯᠤᠭᠴᠢ ᠪᠠᠢᠳᠠᠯ ᠢ᠋ᠶ᠋ᠠᠷ ᠡᠯᠴᠢ ᠳ᠋ᠦ᠍ ᠵᠠᠮᠴᠢᠯᠠᠨ ᠣᠷᠳᠣᠨ ᠳ᠋ᠤ᠌ ᠣᠷᠣᠭᠠᠳ᠂ ᠬᠠᠭᠠᠯᠭᠠᠨ ᠲᠤᠰ ᠭᠠᠵᠠᠷ ᠵᠣᠭᠰᠣᠨ ᠪᠠᠢᠳᠠᠯ ᠢ᠋ ᠠᠵᠢᠵᠤ ᠪᠠᠢᠪᠠ᠃ ᠲᠡᠭᠦᠨ ᠳ᠋ᠦ᠍ ᠶᠠᠭᠤ ᠬᠢᠶ᠎ᠡ ᠭᠡᠨ᠎ᠡ ᠴᠢᠯᠥᠭᠡᠲᠡᠢ ᠪᠠᠢᠯ᠎ᠠ᠃ ᠲᠡᠷᠡ ᠪᠡᠷ ᠪᠦᠷ ᠳᠡᠷᠭᠡᠳᠡ ᠡᠴᠡ ᠨᠢ ᠠᠷᠢᠬᠪᠥᠢ᠍ᠬᠡ ᠶ᠋ᠢ ᠰᠠᠢᠨ ᠠᠵᠢᠭᠯᠠᠪᠠ᠃ 
       ᠤᠷᠢᠳ ᠨᠢ ᠵᠢᠰᠦ ᠮᠡᠳᠡᠬᠦ ᠲᠡᠳᠦᠢ ᠲᠠᠨᠢᠯ ᠪᠣᠯᠪᠠᠴᠤ ᠴᠣᠬᠣᠮ ᠳᠡᠷᠭᠡᠳᠡ ᠨᠢ ᠲᠤᠯᠵᠤ ᠪᠠᠢᠳᠠᠯ ᠢ᠋ ᠨᠢ ᠠᠵᠢᠵᠤ ᠪᠠᠢᠭ᠎ᠠ ᠦᠭᠡᠢ ᠪᠣᠯᠬᠣᠷ ᠪᠠᠷᠤᠭ ᠲᠠᠨᠢᠬᠤ ᠦᠭᠡᠢ ᠲᠡᠢ ᠠᠳᠠᠯᠢ ᠪᠢᠯᠡ᠃  
       ᠶᠡᠬᠡ ᠵᠠᠬᠢᠷᠤᠭᠴᠢ ᠮᠠᠨᠢ ᠰᠠᠢᠬᠠᠨ ᠡᠷ᠎ᠡ ᠠᠵᠢ᠃ ᠬᠠᠷᠠᠪᠠᠰᠤ ᠨᠢᠳᠦᠨ ᠳ᠋ᠦ᠍ ᠳᠤᠯᠠᠭᠠᠨ᠂ ᠬᠤᠷᠴᠠ ᠰᠡᠷᠭᠦᠯᠡᠩ ᠬᠠᠷᠠᠴᠠᠲᠠᠢ᠂ ᠨᠢᠷᠤᠭᠤ ᠳᠣᠷᠣᠭᠣ ᠲᠡᠭᠰᠢ᠂ ᠡᠩ ᠦ᠋ᠨ ᠮᠥᠷᠲᠡᠭᠡᠨ ᠡᠷᠡᠯᠬᠡᠭ ᠡᠷ᠎ᠡ ᠶ᠋ᠢᠨ ᠰᠢᠨᠵᠢ ᠶ᠋ᠢ ᠪᠡᠶ᠎ᠡ ᠳ᠋ᠦ᠍ ᠪᠡᠨ ᠬᠠᠳᠠᠭᠠᠯᠠᠭᠰᠠᠨ᠂ ᠬᠥᠬᠥᠯ ᠬᠠᠷ᠎ᠠ ᠦᠰᠦ ᠨᠢ ᠴᠦ᠍ ᠪᠡᠶ᠎ᠡ ᠳ᠋ᠦ᠍ ᠨᠢ ᠲᠠᠭᠠᠷᠠᠵᠤ ᠵᠣᠬᠢᠭᠰᠠᠨ ᠬᠠᠷᠠᠭᠳᠠᠨ᠎ᠠ᠃ ᠠᠷᠢᠬᠪᠥᠢ᠍ᠬᠡ ᠥᠳᠬᠡᠨ ᠬᠠᠷ᠎ᠠ ᠬᠥᠮᠥᠰᠬᠡ ᠪᠡᠨ ᠬᠥᠳᠡᠯᠭᠡᠨ ᠠᠭᠱᠠᠨ ᠵᠠᠭᠤᠷ᠎ᠠ ᠳ᠋ᠤ᠌ ᠡᠯᠴᠢ ᠶ᠋ᠢ ᠪᠣᠯᠤᠨ ᠲᠡᠭᠦᠨ ᠢ᠋ ᠳᠠᠭᠠᠯᠳᠤᠭᠴᠢᠳ᠂ ᠥᠪᠡᠷ ᠦ᠋ᠨ ᠰᠢᠳᠠᠷ ᠪᠠᠷ᠎ᠠ ᠪᠣᠯᠤᠭᠴᠢ ᠨᠠᠷ ᠢ᠋ᠶ᠋ᠠᠨ ᠠᠵᠢᠭᠯᠠᠨ ᠬᠠᠷᠠᠵᠤ ᠠᠮᠵᠢᠳᠠᠭ᠂ ᠦᠭᠡ ᠶᠠᠷᠢᠬᠤ ᠳ᠋ᠤ᠌ ᠪᠠᠨ《ᠥᠪᠡᠷ ᠡᠴᠡ ᠪᠡᠨ ᠠᠰᠠᠭᠤ》 ᠭᠡᠵᠦ ᠬᠡᠯᠡᠬᠦ ᠳᠤᠷᠠᠲᠠᠢ ᠭᠡᠬᠦ ᠤᠤ᠂ ᠬᠥᠮᠦᠨ ᠦ᠌ ᠬᠡᠯᠡᠵᠦ ᠶᠠᠷᠢᠵᠤ ᠪᠠᠢᠭ᠎ᠠ ᠵᠦᠢᠯ ᠢ᠋ᠶ᠋ᠡᠨ ᠨᠠᠷᠢᠨ ᠪᠣᠳᠣᠵᠤ ᠴᠡᠭᠨᠡ ᠭᠡᠰᠡᠨ ᠡᠯᠴᠢ ᠲᠡᠢ ᠤᠳᠠᠭᠠᠨ ᠶᠠᠷᠢᠯᠴᠠᠵᠤ᠂ ᠨᠠᠭᠠᠰᠢ ᠴᠠᠭᠠᠰᠢ ᠪᠣᠯᠭᠠᠬᠤ ᠵᠦᠢᠯ ᠳᠡᠭᠡᠷ᠎ᠡ ᠰᠠᠨᠠᠯ ᠲᠣᠬᠢᠷᠠᠬᠤ ᠭᠡᠵᠦ ᠮᠡᠷᠡᠢᠵᠦ ᠪᠠᠢᠭ᠎ᠠ ᠨᠢ ᠢᠯᠠᠤᠳᠠ ᠪᠠᠢᠪᠠ᠃  
       ᠠᠷᠢᠬᠪᠥᠢ᠍ᠬᠡ ᠠᠷᠮᠸᠨ ᠤ᠋ ᠡᠯᠴᠢ ᠶ᠋ᠢ ᠬᠦᠨᠳᠦᠳᠬᠡᠨ ᠴᠠᠢ ᠵᠣᠭᠣᠭ ᠪᠠᠷᠢᠬᠤ ᠳ᠋ᠤ᠌ ᠪᠠᠨ ᠶᠣᠰᠣ ᠵᠢᠷᠤᠮᠲᠠᠢ ᠪᠠᠢᠳᠠᠯ ᠢ᠋ᠶ᠋ᠠᠷ ᠢᠳᠡᠭᠡ ᠪᠤᠳᠠᠭ᠎ᠠ ᠪᠠᠨ ᠵᠣᠭᠣᠭᠯᠠᠨ ᠪᠠᠢᠵᠤ ᠠᠯᠪᠠᠨ ᠤ᠋ ᠪᠣᠯᠤᠨ ᠠᠮᠢᠨ ᠦᠭᠡ ᠪᠡᠨ ᠬᠡᠯᠡᠯᠴᠡᠪᠡ᠃ 
       ᠶᠡᠬᠡ ᠵᠠᠬᠢᠷᠤᠭᠴᠢ ᠠᠭᠤᠯᠵᠠᠯᠲᠠ ᠶ᠋ᠢᠨ ᠲᠡᠭᠦᠰᠬᠡᠯ ᠳ᠋ᠦ᠍ ᠶᠣᠰᠣ ᠬᠢᠵᠦ ᠡᠯᠴᠢ ᠪᠡᠨ ᠦᠳᠡᠬᠦ ᠢᠯᠳᠠᠮ ᠳ᠋ᠤ᠌ ᠪᠠᠨ ᠪᠢᠯᠢᠭᠦᠨ ᠢ᠋ ᠰᠢᠷᠲᠡᠨ ᠠᠵᠢᠭᠯᠠᠵᠤ《ᠡᠨᠡ ᠴᠢᠨᠢ ᠬᠡᠨ ᠪᠢᠯᠡ?》 ᠭᠡᠰᠡᠨ ᠪᠠᠢᠳᠠᠯᠲᠠᠢ ᠪᠠᠢᠯ᠎ᠠ᠃ 
       ᠪᠢᠯᠢᠭᠦᠨ ᠦ᠌ ᠪᠡᠶ᠎ᠡ ᠪᠡᠷ ᠠᠩᠬᠠᠨ ᠣᠷᠣᠯᠴᠠᠭᠰᠠᠨ ᠭᠡᠢᠴᠢᠨ ᠢ᠋ ᠪᠠᠷᠠᠯᠬᠠᠭᠤᠯᠬᠤ ᠠᠯᠪᠠ ᠵᠣᠬᠢᠬᠤ ᠵᠢᠷᠤᠮ ᠤ᠋ᠨ ᠳᠠᠭᠠᠤ ᠠᠶᠠᠲᠠᠢᠬᠠᠨ ᠪᠣᠯᠵᠤ ᠥᠩᠭᠡᠷᠡᠭᠰᠡᠨ ᠳ᠋ᠦ᠍ ᠲᠡᠭᠦᠨ ᠦ᠌ ᠰᠡᠳᠬᠢᠯ ᠠᠭᠤᠵᠢᠷᠠᠯ᠎ᠠ᠃  
       ᠪᠢᠯᠢᠭᠦᠨ ᠠᠯᠪᠠ ᠪᠠᠨ ᠳᠠᠭᠤᠰᠬᠠᠵᠤ ᠣᠷᠣᠢ ᠭᠡᠷ ᠲᠦ᠍ ᠪᠡᠨ ᠬᠠᠷᠢᠬᠤ ᠵᠠᠮ ᠳ᠋ᠤ᠌ ᠪᠠᠨ ᠠᠬ᠎ᠠ ᠳᠡᠭᠦᠦ ᠬᠣᠶᠠᠷ ᠵᠠᠬᠢᠷᠤᠭᠴᠢ ᠶ᠋ᠢ ᠵᠡᠷᠭᠡᠴᠡᠭᠦᠯᠦᠨ ᠪᠣᠳᠣᠬᠤ ᠳ᠋ᠤ᠌ ᠬᠦᠷᠪᠡ᠃ ᠡᠳᠦᠷ ᠳᠡᠷᠭᠡᠳᠡ ᠨᠢ ᠪᠠᠢᠵᠤ ᠠᠵᠢᠭᠯᠠᠭᠰᠠᠨ ᠠᠷᠢᠬᠪᠥᠢ᠍ᠬᠡ ᠰᠡᠳᠬᠢᠯ ᠳ᠋ᠦ᠍ ᠨᠢ ᠴᠠᠭᠠᠨ᠎ᠠ ᠪᠠᠨ ᠨᠢᠭᠡ ᠠᠶᠠᠲᠠᠢᠬᠠᠨ ᠰᠠᠨᠠᠭᠳᠠᠨ᠎ᠠ᠃ ᠲᠡᠭᠦᠨ ᠦ᠌ ᠬᠡᠯᠡᠵᠦ ᠪᠠᠢᠭ᠎ᠠ ᠦᠭᠡ ᠬᠦᠷᠲᠡᠯ᠎ᠡ ᠣᠨᠣᠪᠴᠢᠲᠠᠢ᠂ ᠴᠢᠩᠨᠠᠬᠤ ᠳ᠋ᠤ᠌ ᠴᠢᠬᠢᠨ ᠳ᠋ᠦ᠍ ᠵᠥᠭᠡᠯᠡᠬᠡᠨ᠂ ᠲᠡᠭᠡᠭᠰᠡᠨ ᠮᠥᠷᠲᠡᠭᠡᠨ ᠶᠡᠬᠡ ᠡᠩ ᠦ᠋ᠨ ᠦᠨᠡᠨ ᠪᠠᠢᠳᠠᠯᠲᠠᠢ ᠠᠵᠢ᠃  ᠪᠠᠰᠠ ᠵᠡᠬᠡᠭᠰᠡᠨ ᠡᠷᠡᠯᠬᠡᠭ ᠪᠠᠢᠳᠠᠯ ᠢ᠋ ᠪᠡᠶ᠎ᠡ ᠳ᠋ᠦ᠍ ᠪᠡᠨ ᠰᠢᠩᠭᠡᠭᠰᠡᠨ ᠨᠢ ᠴᠦ᠍ ᠰᠡᠳᠬᠢᠯ ᠲᠠᠲᠠᠬᠤ ᠪᠠᠷ ᠬᠠᠷᠠᠭᠳᠠᠯ᠎ᠠ᠃ ᠲᠡᠭᠡᠭᠡᠳ ᠪᠢᠯᠢᠭᠦᠨ《ᠬᠤᠪᠢᠯᠠᠢ ᠶᠠᠮᠠᠷ ᠰᠢᠦ ᠡᠷ᠎ᠡ ᠪᠢᠯᠡ?》 ᠭᠡᠵᠦ ᠠᠰᠠᠭᠤᠯᠲᠠ ᠲᠠᠯᠪᠢᠭᠠᠳ ᠪᠣᠳᠣᠵᠤ ᠦᠵᠡᠬᠦ ᠳ᠋ᠦ᠍ ᠨᠢ《ᠲᠡᠷᠡ ᠪᠣᠯ ᠤᠯᠤᠰ ᠭᠦᠷᠦᠨ ᠦ᠌ ᠶᠡᠬᠡ ᠬᠠᠭᠠᠨ ᠴᠦ᠍ ᠪᠣᠯᠵᠤ ᠮᠡᠳᠡᠬᠦ᠂ ᠪᠦᠷᠢᠨ ᠡᠷᠬᠡ ᠪᠦᠬᠦᠢ ᠲᠣᠮᠣ ᠵᠠᠬᠢᠷᠤᠭᠴᠢ ᠮᠥᠨ᠃ ᠡᠨᠡ ᠭᠦᠷᠦᠨ ᠦ᠌ ᠶᠠᠮᠠᠷ ᠴᠦ᠍ ᠢᠷᠭᠡᠨ ᠢ᠋ ᠶᠠᠭᠤ ᠪᠣᠯᠭᠠᠶ᠎ᠠ ᠭᠡᠨ᠎ᠡ᠂ ᠲᠡᠭᠦᠨ ᠢ᠋ ᠪᠡᠨ ᠳᠤᠷ᠎ᠠ ᠪᠠᠷ ᠢ᠋ᠶ᠋ᠠᠨ ᠭᠦᠢᠴᠡᠭᠡᠵᠦ ᠴᠢᠳᠠᠬᠤ ᠡᠷᠬᠡᠲᠦ ᠬᠥᠮᠦᠨ᠃ ᠣᠳᠣ ᠳ᠋ᠤ᠌ ᠪᠠᠨ ᠮᠠᠨ ᠤ᠋ ᠤᠯᠤᠰ ᠤ᠋ᠨ ᠳᠣᠲᠣᠷ᠎ᠠ ᠬᠤᠪᠢᠯᠠᠢ ᠠᠷᠢᠬᠪᠥᠢ᠍ᠬᠡ ᠬᠣᠶᠠᠷ ᠠ᠋ᠴᠠ ᠥᠭᠡᠷ᠎ᠡ ᠲᠣᠮᠣ ᠬᠥᠮᠦᠨ ᠬᠡᠨ ᠪᠠᠢᠬᠤ ᠪᠢᠯᠡ᠃ ᠬᠡᠨ ᠴᠦ᠍ ᠠᠯᠠᠭ᠎ᠠ᠂ ᠲᠡᠭᠡᠬᠦ ᠪᠡᠷ  ᠪᠢ ᠭᠡᠳᠡᠭ〈ᠬᠣᠷᠣᠬᠠᠢ〉 ᠡᠨᠡ ᠨᠣᠶᠠᠳ ᠤ᠋ᠨ ᠶᠠᠭᠤ ᠬᠡᠯᠡᠭᠰᠡᠨ ᠢ᠋〈ᠵᠠ〉 ᠭᠡᠵᠦ ᠪᠥᠬᠥᠢᠨ ᠬᠦᠯᠢᠶᠡᠵᠦ ᠠᠪᠤᠭᠠᠳ ᠭᠦᠶᠦᠵᠦ ᠶᠠᠪᠤᠬᠤ ᠵᠠᠶᠠᠭᠠᠲᠠᠢ᠃ ᠡᠭᠦᠨ ᠡᠴᠡ ᠥᠭᠡᠷ᠎ᠡ ᠵᠠᠮ ᠨᠠᠳᠠ ᠳ᠋ᠤ᠌ ᠪᠠᠢᠬᠤ ᠦᠭᠡᠢ᠃ ᠡᠭᠦᠨ ᠳ᠋ᠦ᠍ ᠨᠠᠳᠠᠳᠤ ᠶᠠᠮᠠᠷ ᠴᠦ᠍ ᠪᠤᠷᠤᠭᠤ ᠪᠠᠢᠬᠤ ᠦᠭᠡᠢ᠃ ᠲᠡᠷᠡ ᠲᠣᠮᠣ ᠬᠥᠮᠦᠨ ᠥᠴᠦᠬᠡᠨ ᠨᠠᠮᠠᠶ᠋ᠢ ᠲᠣᠭᠣᠵᠤ ᠵᠠᠷᠯᠢᠭ ᠪᠠᠭᠤᠯᠭᠠᠨ᠂ ᠨᠠᠳᠠᠲᠠᠢ ᠶᠠᠷᠢᠭᠰᠠᠨ ᠨᠢ ᠶᠡᠬᠡ ᠶᠦᠮ᠃ ᠲᠡᠭᠡᠪᠡᠯ ᠪᠢ ᠬᠤᠪᠢᠯᠠᠢ ᠶ᠋ᠢᠨ ᠵᠠᠷᠯᠢᠭ ᠢ᠋ ᠶᠣᠰᠣᠴᠢᠯᠠᠨ ᠪᠡᠶᠡᠯᠡᠭᠦᠯᠬᠦ ᠤᠤ?》 ᠭᠡᠮᠡᠨ ᠳᠠᠬᠢᠨ ᠠᠰᠠᠭᠤᠯᠲᠠ ᠲᠠᠯᠪᠢᠵᠤ ᠤᠳᠠᠭᠠᠨ ᠪᠣᠳᠣᠯ᠎ᠠ᠃ ᠢᠩᠭᠢᠵᠦ ᠪᠢᠯᠢᠭᠦᠨ ᠪᠣᠳᠣᠯ ᠳ᠋ᠤ᠌ ᠠᠪᠲᠠᠨ ᠠᠯᠬᠤᠵᠤ ᠪᠠᠢᠬᠤ ᠳ᠋ᠤ᠌ ᠨᠢ ᠬᠤᠪᠢᠯᠠᠢ ᠶ᠋ᠢᠨ ᠵᠠᠩᠨᠠᠵᠤ ᠪᠠᠢᠭᠰᠠᠨ ᠨᠢᠭᠡ ᠠᠪᠤᠷᠢ ᠨᠢ ᠬᠠᠴᠢᠨ ᠵᠢᠪᠡᠭᠦᠴᠡᠯᠲᠡᠢ ᠰᠠᠨᠠᠭᠳᠠᠨ᠂ ᠲᠡᠷᠡ ᠶᠠᠪᠤᠳᠠᠯ ᠪᠦᠷ ᠨᠢᠳᠦᠨ ᠳ᠋ᠦ᠍ ᠨᠢ ᠦᠵᠡᠭᠳᠡᠬᠦ ᠰᠢᠭ ᠪᠣᠯᠪᠠ᠃《ᠶᠠᠭᠤ ᠪᠢᠯᠡ? ᠠ ᠲᠡᠢᠮᠦ᠃ ᠴᠠᠪ ᠤ᠋ᠨ ᠬᠣᠭᠣᠯᠠᠢ ᠳ᠋ᠤ᠌ ᠪᠢᠳᠡ ᠠᠩ ᠬᠢᠵᠦ ᠬᠡᠰᠡᠭ ᠬᠤᠯᠠᠨ ᠤ᠋ ᠰᠦᠷᠦᠭ ᠢ᠋ ᠪᠦᠰᠡᠯᠡᠵᠦ ᠠᠪᠤᠭᠠᠳ ᠲᠠᠯ᠎ᠠ ᠲᠠᠯ᠎ᠠ ᠠ᠋ᠴᠠ ᠨᠢ ᠳᠠᠭᠠᠷᠢᠨ ᠳᠣᠪᠲᠣᠯᠵᠤ ᠬᠠᠷᠪᠤᠯᠳᠤᠭᠰᠠᠨ᠃ ᠲᠡᠷᠡ ᠴᠦ᠍ ᠰᠣᠨᠢᠨ ᠪᠠᠢᠯ᠎ᠠ᠃ ᠢᠩᠭᠢᠵᠦ ᠠᠩ ᠬᠢᠬᠦ ᠨᠢ ᠨᠣᠶᠠᠨ ᠤ᠋ ᠡᠷᠬᠡ᠃ ᠲᠡᠭᠡᠬᠦ ᠳ᠋ᠦ᠍ ᠬᠤᠪᠢᠯᠠᠢ ᠬᠡᠳᠦᠨ ᠵᠠᠭ ᠮᠣᠳᠣᠨ ᠤ᠋ ᠬᠠᠵᠠᠭᠤ ᠪᠠᠷ ᠡᠬᠡ ᠪᠡᠨ ᠳᠠᠭᠠᠭᠠᠳ ᠳᠠᠪᠬᠢᠵᠤ ᠪᠠᠢᠭᠰᠠᠨ ᠬᠤᠯᠠᠨ ᠤ᠋ ᠤᠨᠠᠭ᠎ᠠ ᠶ᠋ᠢ ᠬᠠᠷᠪᠤᠵᠤ ᠬᠣᠶᠠᠷ ᠬᠥᠯ ᠢ᠋ ᠨᠢ ᠬᠤᠭᠤᠯᠤᠭᠰᠠᠨ᠃ ᠲᠡᠷᠡ ᠠᠮᠢᠲᠠᠨ ᠤ᠋ ᠨᠢᠳᠦ ᠨᠢ ᠪᠦᠯᠲᠡᠭᠡᠨᠡᠨ᠂ ᠬᠣᠶᠠᠷ ᠴᠢᠬᠢ ᠨᠢ ᠭᠣᠵᠣᠯᠵᠠᠭᠠᠳ ᠡᠬᠡ ᠶ᠋ᠢᠨ ᠢ᠋ᠶ᠋ᠡᠨ ᠬᠣᠢᠨ᠎ᠠ ᠠ᠋ᠴᠠ ᠪᠥᠭᠰᠡ ᠪᠡᠨ ᠴᠢᠷᠦᠨ ᠲᠡᠮᠡᠦᠯᠵᠦ ᠪᠠᠢᠯ᠎ᠠ᠃ ᠲᠡᠷᠡ ᠨᠢᠯᠬ᠎ᠠ ᠠᠮᠢᠲᠠᠨ ᠢ᠋ ᠵᠠᠬᠢᠷᠤᠭᠴᠢ ᠬᠠᠷᠠᠭᠠᠳ ᠪᠠᠢᠳᠠᠭ ᠲᠡᠩᠬᠡᠭᠡ ᠪᠡᠷ ᠢ᠋ᠶ᠋ᠡᠨ ᠢᠨᠢᠶᠡᠵᠦ ᠪᠠᠢᠭᠰᠠᠨ᠃ ᠬᠥᠭᠡᠷᠦᠬᠦᠢ ᠠᠮᠢᠲᠠᠨ ᠤ᠋ ᠨᠢᠯᠬ᠎ᠠ ᠦᠷ᠎ᠡ ᠶ᠋ᠢ ᠳᠡᠭᠡᠵᠦ ᠰᠢᠨᠠᠯᠤᠨ ᠵᠢᠷᠦᠬᠡ ᠪᠡᠨ ᠳᠡᠯᠪᠡᠯᠴᠢᠬᠡᠬᠦ ᠰᠢᠬᠠᠵᠤ ᠪᠠᠢᠬᠤ ᠳ᠋ᠤ᠌ ᠨᠢ ᠪᠡᠶᠡᠰᠦᠨ ᠢᠨᠢᠶᠡᠵᠦ ᠶᠠᠪᠤᠳᠠᠭ ᠬᠥᠮᠦᠨ ᠦ᠌ ᠰᠡᠳᠬᠢᠯ ᠶᠠᠮᠠᠷ ᠪᠣᠢ? ᠬᠡᠳᠦᠨ ᠠᠯᠲᠠ ᠭᠠᠵᠠᠷ ᠤ᠋ᠨ ᠴᠠᠭᠠᠨ᠎ᠠ ᠠ᠋ᠴᠠ ᠲᠡᠷᠡ ᠤᠨᠠᠭᠠᠨ ᠤ᠋ ᠡᠬᠡ ᠨᠢ ᠰᠦ ᠪᠡᠨ ᠭᠣᠭᠣᠵᠢᠭᠤᠯᠤᠨ ᠡᠷᠭᠢᠵᠦ ᠳᠠᠭᠠᠷᠢᠵᠤ ᠦᠵᠡᠭᠡᠳ ᠭᠣᠮᠣᠳᠠᠯ ᠨᠢ ᠲᠠᠰᠤᠷᠠᠪᠠ ᠪᠣᠯᠤᠯᠲᠠᠢ ᠴᠠᠭᠠᠰᠢ ᠪᠠᠨ ᠵᠢᠭᠤᠲᠠᠭᠰᠠᠨ᠃ ᠬᠤᠪᠢᠯᠠᠢ ᠲᠡᠭᠦᠨ ᠦ᠌ ᠬᠣᠢᠨ᠎ᠠ ᠠ᠋ᠴᠠ ᠪᠠᠰᠠ ᠰᠤᠮᠤ ᠬᠠᠷᠪᠤᠭᠰᠠᠨ ᠪᠣᠯᠪᠠᠴᠤ  ᠤᠨᠤᠭ᠎ᠠ ᠦᠭᠡᠢ᠃ ᠮᠠᠨ ᠤ᠋ ᠵᠠᠬᠢᠷᠤᠭᠴᠢ ᠡᠬᠡ ᠦᠷ᠎ᠡ ᠶ᠋ᠢ ᠳᠡᠭᠡᠵᠦ ᠬᠠᠭᠠᠴᠠᠭᠠᠭᠰᠠᠨ ᠠᠲᠠᠯ᠎ᠠ ᠶᠡᠬᠡ ᠯᠡ ᠪᠠᠶᠠᠷᠲᠤ ᠶᠠᠪᠤᠳᠠᠯ ᠦᠢᠯᠡᠳᠦᠭᠰᠡᠨ ᠮᠡᠲᠦ ᠰᠠᠢᠬᠠᠨ ᠵᠠᠩ ᠭᠠᠷᠭᠠᠨ ᠪᠤᠰᠤᠳ ᠲᠠᠢ ᠶᠠᠷᠢᠵᠤ ᠪᠠᠢᠭᠰᠠᠨ᠃ ᠲᠡᠢᠮᠦ ᠠ᠋᠃ ᠡᠨᠡ ᠦᠨᠡᠨ᠃ ᠵᠠᠬᠢᠷᠤᠭᠴᠢ ᠲᠡᠷᠡ ᠤᠨᠠᠭ᠎ᠠ ᠶ᠋ᠢ ᠳᠡᠷᠭᠡᠳᠡ ᠡᠴᠡ ᠪᠡᠨ ᠥᠪᠡᠷ ᠢ᠋ᠶ᠋ᠡᠨ ᠬᠠᠷᠪᠤᠵᠤ ᠠᠯᠠᠭᠰᠠᠨ᠃ ᠨᠢᠭᠡᠨᠲᠡ ᠪᠥᠭᠰᠡ ᠶ᠋ᠢ ᠨᠢ ᠴᠢᠷᠦᠭᠦᠯᠵᠦ ᠣᠷᠬᠢᠭᠠᠳ ᠠᠮᠢᠲᠠᠨ ᠢ᠋ ᠤᠳᠠᠭᠠᠨ ᠵᠣᠪᠠᠭᠠᠭᠠᠳ ᠶᠠᠭᠠᠬᠢᠬᠤ ᠪᠣᠢ ᠳᠠ᠃ ᠠᠯᠠᠬᠤ ᠠ᠋ᠴᠠ ᠥᠭᠡᠷ᠎ᠡ ᠶᠠᠭᠠᠬᠢᠶ᠎ᠠ ᠭᠡᠬᠦ ᠪᠣᠢ᠃ ᠲᠡᠭᠡᠬᠦ ᠳ᠋ᠦ᠍ ᠪᠡᠨ ᠬᠤᠪᠢᠯᠠᠢ ᠡᠷᠡᠯᠬᠡᠭ ᠪᠠᠷᠳᠠᠮ ᠴᠢᠷᠠᠢ ᠭᠠᠷᠭᠠᠵᠤ ᠪᠠᠢᠭᠰᠠᠨ ᠨᠢ ᠬᠥᠭᠲᠡᠢ ᠰᠢᠦ᠃ ᠵᠠᠬᠢᠷᠤᠭᠴᠢ ᠮᠠᠨᠢ ᠡᠢᠮᠦ ᠯᠡ ᠬᠥᠮᠦᠨ᠃ ᠲᠡᠭᠦᠨ ᠦ᠌ ᠵᠠᠷᠯᠢᠭ ᠢ᠋ ᠪᠢ ᠪᠡᠶᠡᠯᠡᠭᠦᠯᠬᠦ ᠭᠡᠳ ᠬᠣᠷᠮᠣᠢ ᠪᠠᠨ ᠴᠢᠷᠦᠨ ᠠᠯᠬᠤᠵᠤ ᠶᠠᠪᠤᠭ᠎ᠠ ᠮᠠᠨᠢ ᠡᠨᠡ ᠪᠢᠵᠡ ᠳᠡ?》 ᠭᠡᠮᠡᠨ ᠪᠢᠯᠢᠭᠦᠨ ᠪᠣᠳᠣᠭᠰᠠᠭᠠᠷ᠂ ᠵᠠᠷᠢᠮ ᠵᠦᠢᠯ ᠢ᠋ ᠠᠮᠠᠨ ᠳᠣᠲᠣᠷ᠎ᠠ ᠪᠠᠨ ᠥᠭᠦᠯᠡᠨ ᠶᠠᠪᠤᠭᠠᠳ ᠭᠡᠷ ᠲᠦ᠍ ᠪᠡᠨ ᠢᠷᠡᠪᠡ᠃ ᠮᠡᠳᠡᠭᠡᠵᠢ ᠶ᠋ᠢᠨ ᠮᠣᠩᠭᠣᠯ ᠠᠢᠯ ᠬᠣᠭᠣᠯᠠ ᠪᠠᠨ ᠣᠷᠣᠢᠬᠠᠨ ᠬᠢᠵᠦ ᠢᠳᠡᠨ ᠮᠠᠭᠠᠳ ᠦᠭᠡᠢ ᠲᠠᠷᠠᠭ ᠰᠦ ᠤᠤᠭᠤᠭᠠᠳ ᠪᠢᠯᠢᠭᠦᠨ ᠮᠣᠷᠢᠨᠱᠠᠭᠠᠢ ᠪᠠᠨ ᠲᠡᠪᠡᠷᠢᠭᠡᠳ ᠨᠣᠢᠷᠰᠤᠭ᠎ᠠ ᠪᠢᠵᠡ᠃ ᠡᠨᠡ ᠴᠦ᠍ ᠡᠷ᠎ᠡ ᠬᠥᠮᠦᠨ ᠦ᠌ ᠵᠢᠷᠭᠠᠯ ᠪᠠᠢᠯ ᠦᠭᠡᠢ ᠶᠠᠭᠠᠬᠢᠬᠤ ᠪᠣᠢ᠃  
       ᠪᠢᠯᠢᠭᠦᠨ ᠭᠡᠷᠭᠡᠢ ᠶ᠋ᠢᠨ ᠬᠠᠮᠲᠤ ᠠᠯᠪᠠᠨ ᠳ᠋ᠤ᠌ ᠪᠠᠨ ᠭᠦᠶᠦᠵᠦ ᠪᠠᠢᠯ᠎ᠠ᠃ ᠨᠠᠮᠤᠷ ᠴᠠᠭ ᠲᠤ ᠶᠠᠭᠤᠮ᠎ᠠ ᠶᠠᠭᠤᠮ᠎ᠠ ᠬᠡᠪ ᠦ᠋ᠨ ᠪᠠᠢᠳᠠᠯᠲᠠᠢ᠃ ᠵᠣᠴᠢᠨ ᠭᠡᠢᠴᠢᠨ ᠨᠡᠢᠰᠯᠡᠯ ᠳ᠋ᠦ᠍ ᠲᠠᠰᠤᠷᠠᠯᠲᠠ ᠦᠭᠡᠢ ᠢᠷᠡᠳᠡᠭ ᠪᠣᠯᠬᠣᠷ ᠪᠢᠯᠢᠭᠦᠨ ᠳ᠋ᠦ᠍ ᠠᠵᠢᠯ ᠶᠠᠭᠤ ᠡᠰᠡ ᠲᠠᠰᠤᠷᠠᠬᠤ ᠪᠣᠢ᠃ ᠵᠠᠷᠢᠮ ᠳ᠋ᠤ᠌ ᠪᠠᠨ ᠭᠠᠳᠠᠭᠠᠳᠤ ᠠ᠋ᠴᠠ ᠬᠡᠳᠦᠨ ᠵᠠᠭᠤᠨ ᠵᠦᠢᠯ ᠵᠦᠢᠯ ᠦ᠋ᠨ ᠠᠯᠪᠠ ᠪᠠᠷ ᠵᠡᠷᠭᠡ ᠢᠷᠡᠵᠦ᠂ ᠤᠨᠤᠭ᠎ᠠ ᠬᠥᠰᠬᠡ᠂ ᠥᠷᠭᠥᠭᠡ ᠭᠡᠷ᠂ ᠵᠣᠭᠣᠭ ᠭᠦᠨᠴᠡᠭ ᠰᠡᠯᠲᠡ ᠶ᠋ᠢ ᠨᠢ ᠪᠡᠯᠡᠳᠬᠡᠭᠦᠯᠬᠦ ᠭᠡᠵᠦ ᠰᠠᠨᠳᠤᠷᠤᠨ᠂ ᠥᠷᠯᠥᠭᠡ ᠣᠷᠣᠢ ᠦᠭᠡᠢ ᠭᠦᠶᠦᠨ᠎ᠡ᠃ ᠲᠣᠭᠲᠠᠭᠰᠠᠨ ᠲᠢᠭ ᠵᠢᠷᠤᠮ ᠨᠠᠷᠢᠨ᠂ ᠬᠠᠷᠢ ᠶ᠋ᠢᠨ ᠭᠦᠷᠦᠨ ᠦ᠌ ᠡᠯᠴᠢ ᠶ᠋ᠢ ᠣᠨᠴᠠᠭᠠᠢᠯᠠᠨ ᠬᠦᠨᠳᠦᠳᠬᠡᠵᠦ ᠦᠢᠯᠡᠴᠢᠯᠡᠬᠦ ᠬᠠᠲᠠᠭᠤ ᠵᠢᠭᠠᠪᠤᠷᠢ ᠲᠠᠢ ᠪᠣᠯᠬᠣᠷ ᠲᠡᠭᠦᠨ ᠢ᠋ ᠬᠠᠷᠢᠭᠤᠴᠠᠭᠴᠢ ᠬᠥᠮᠦᠰ ᠦ᠋ᠨ ᠠᠯᠪᠠ ᠭᠦᠢᠴᠡᠭᠳᠡᠬᠦ ᠦᠭᠡᠢ᠂ ᠳᠡᠭᠡᠷ᠎ᠡ ᠳᠡᠭᠡᠷ᠎ᠡ ᠡᠴᠡ ᠨᠡᠮᠡᠵᠦ ᠪᠠᠭᠤᠨ᠎ᠠ᠃ ᠡᠨᠡ ᠴᠦ᠍ ᠳᠡᠭᠡᠵᠦ ᠪᠠᠢᠬᠤ ᠶᠣᠰᠣᠲᠠᠢ ᠵᠦᠢᠯ ᠪᠢᠵᠡ᠃  
        ᠨᠢᠭᠡ ᠤᠳᠠᠭ᠎ᠠ ᠬᠠᠰᠢᠮᠸᠷ ᠨᠤᠲᠤᠭ ᠤ᠋ᠨ ᠪᠤᠷᠬᠠᠨ ᠤ᠋ ᠯᠠᠮᠠ ᠭᠡᠵᠦ ᠬᠣᠷᠢ ᠭᠤᠴᠢᠨ ᠳᠠᠭᠠᠭᠤᠯ ᠲᠠᠢ᠂ ᠵᠠᠭᠤᠨ ᠲᠡᠮᠡᠭᠡᠨ ᠦ᠌ ᠠᠴᠢᠶ᠎ᠠ ᠪᠦᠬᠦᠢ ᠨᠢᠭᠡ ᠬᠥᠮᠦᠨ ᠠᠷᠢᠬᠪᠥᠢ᠍ᠬᠡ ᠵᠠᠬᠢᠷᠤᠭᠴᠢ ᠶ᠋ᠢᠨ ᠵᠠᠯᠠᠯᠭ᠎ᠠ ᠪᠠᠷ ᠨᠡᠢᠰᠯᠡᠯ ᠳ᠋ᠦ᠍ ᠬᠦᠷᠦᠯᠴᠡᠨ ᠢᠷᠡᠪᠡ᠃ ᠲᠡᠷᠡ ᠯᠠᠮᠠ ᠶ᠋ᠢ ᠬᠦᠨᠳᠦᠯᠡᠨ ᠬᠡᠷᠡᠮ ᠦ᠋ᠨ ᠭᠠᠳᠠᠭ᠎ᠠ ᠳᠡᠭᠡᠳᠦ ᠨᠣᠶᠠᠳ ᠤ᠋ᠳ ᠭᠠᠷᠴᠤ ᠵᠦᠢᠯ ᠵᠦᠢᠯ ᠦ᠋ᠨ ᠬᠥᠭᠵᠢᠮ ᠳᠤᠤᠭᠠᠷᠭᠠᠨ᠂ ᠲᠤᠭ ᠬᠢᠭᠢᠷᠢ ᠬᠡᠢᠰᠬᠡᠵᠦ ᠬᠥᠯ ᠪᠣᠯᠤᠨ ᠤᠭᠲᠤᠵᠤ ᠠᠪᠤᠭᠠᠳ᠂ ᠲᠤᠰᠬᠠᠢ ᠪᠡᠯᠡᠳᠬᠡᠭᠰᠡᠨ ᠶᠡᠬᠡ ᠥᠷᠥᠭᠡ ᠭᠡᠷ ᠲᠦ᠍ ᠪᠠᠭᠤᠯᠭᠠᠨ᠂ ᠬᠣᠭᠣᠯᠠ ᠤᠮᠳᠠ ᠶ᠋ᠢᠨ ᠳᠡᠭᠡᠳᠦ ᠶ᠋ᠢ ᠡᠷᠭᠦᠨ ᠪᠠᠷᠢᠵᠤ ᠳᠠᠭᠠᠯᠠᠭᠤᠯᠪᠠ᠃ 
       ᠰᠣᠨᠣᠰᠪᠠᠯ ᠠᠷᠢᠬᠪᠥᠢ᠍ᠬᠡ ᠵᠠᠬᠢᠷᠤᠭᠴᠢ ᠲᠡᠷᠡ ᠯᠠᠮᠠ ᠪᠠᠷ ᠨᠣᠮ ᠤᠩᠰᠢᠭᠤᠯᠤᠨ ᠥᠪᠡᠷ ᠢ᠋ᠶ᠋ᠡᠨ ᠰᠣᠨᠣᠰᠬᠤ ᠶᠤᠮ ᠭᠡᠨ᠎ᠡ ᠭᠡᠯᠴᠡᠨ᠎ᠡ᠃ ᠭᠡᠢᠴᠢᠨ ᠯᠠᠮᠠ ᠳᠥᠩᠭᠡᠵᠦ ᠬᠣᠶᠠᠷ ᠬᠣᠨᠣᠭᠠᠳ ᠪᠤᠷᠬᠠᠨ ᠤ᠋ ᠰᠦᠮ᠎ᠡ ᠳ᠋ᠦ᠍ ᠣᠴᠢᠵᠤ ᠬᠤᠷᠠᠯ ᠳ᠋ᠤ᠌ ᠰᠠᠭᠤᠯ᠎ᠠ᠃ ᠢᠷᠡᠭᠰᠡᠨ ᠡᠴᠡ ᠬᠣᠢᠰᠢ ᠳᠥᠷᠪᠡ ᠬᠣᠨᠣᠭᠠᠳ ᠠᠷᠢᠬᠪᠥᠢ᠍ᠬᠡ ᠶ᠋ᠢᠨ ᠥᠷᠭᠥᠭᠡ ᠶᠡᠬᠡ ᠴᠠᠭᠠᠨ ᠭᠡᠷ ᠲᠦ᠍ ᠨᠢ ᠮᠣᠷᠢᠯᠠᠨ ᠣᠴᠢᠵᠤ ᠨᠣᠮ ᠤᠩᠰᠢᠬᠤ ᠪᠣᠯᠪᠠ᠃ ᠵᠠᠬᠢᠷᠤᠭᠴᠢ ᠥᠷᠭᠥᠭᠡ ᠪᠡᠨ ᠵᠣᠷᠢᠭᠤᠳᠠ ᠪᠡᠯᠡᠳᠬᠡᠨ ᠵᠡᠬᠡᠭᠰᠡᠨ ᠬᠥᠯ ᠪᠣᠯᠵᠤ ᠲᠡᠷᠡ ᠯᠠᠮᠠ ᠶ᠋ᠢ ᠵᠠᠯᠠᠭᠠᠳ᠂ ᠭᠦᠨᠴᠡᠭ ᠡᠷᠭᠦᠨ᠂ ᠤᠯᠠᠮ ᠢ᠋ᠶ᠋ᠠᠷ ᠨᠣᠮ ᠤᠩᠰᠢᠭᠤᠯᠤᠨ ᠥᠪᠡᠷ ᠢ᠋ᠶ᠋ᠡᠨ ᠬᠠᠲᠤᠳ ᠤ᠋ᠨ ᠢ᠋ᠶ᠋ᠠᠨ ᠬᠠᠮᠲᠤ ᠵᠠᠯᠪᠠᠷᠢᠨ ᠰᠠᠭᠤᠭᠠᠳ ᠲᠡᠭᠦᠨ ᠢ᠋ ᠨᠢ ᠰᠣᠨᠣᠰᠴᠤ ᠪᠠᠢᠪᠠ᠃ ᠬᠢᠵᠢᠶᠡᠯᠳᠡᠭᠦᠦ ᠨᠠᠰᠤᠨ ᠤ᠋ ᠪᠥᠭᠡᠳ ᠤᠯᠠᠭᠠᠨ᠂ ᠰᠢᠷ᠎ᠠ ᠬᠤᠪᠴᠠᠰᠤ ᠠᠯᠠᠭᠯᠠᠭᠤᠯᠤᠨ ᠡᠮᠦᠰᠦᠭᠰᠡᠨ ᠲᠡᠷᠡ ᠴᠠᠭᠠᠨ ᠴᠢᠷᠠᠢᠲᠠᠢ ᠯᠠᠮᠠ ᠮᠢᠬ᠎ᠠ ᠵᠣᠭᠣᠭᠯᠠᠳᠠᠭ ᠦᠭᠡᠢ᠂ ᠰᠦ ᠴᠠᠭᠠᠨ ᠢᠳᠡᠭᠡ᠂ ᠰᠢᠷ᠎ᠠ ᠲᠣᠰᠣᠨ ᠳ᠋ᠤ᠌ ᠪᠠᠭᠰᠠᠷᠠᠭᠰᠠᠨ ᠵᠠᠮᠪᠠᠭ᠎ᠠ ᠭᠤᠯᠢᠷ ᠢᠳᠡᠳᠡᠭ᠂ ᠠᠷᠢᠬᠢ ᠳᠡᠷᠡᠰᠦᠨ ᠦ᠌ ᠵᠦᠢᠯ ᠪᠠᠢᠲᠤᠭᠠᠢ ᠭᠡᠭᠦᠦ ᠶ᠋ᠢᠨ ᠢᠰᠬᠦᠯᠡᠩ ᠠᠢᠷᠠᠭ ᠴᠦ᠍ ᠠᠮᠰᠠᠳᠠᠭ ᠦᠭᠡᠢ᠂ ᠴᠠᠭ ᠦᠷᠭᠦᠯᠵᠢᠳᠡ ᠮᠢᠰᠢᠶᠡᠨ᠂ ᠤᠷᠤᠭᠤᠯ ᠨᠢ ᠬᠥᠳᠡᠯᠦᠭᠡᠳ ᠨᠣᠮ ᠤᠩᠰᠢᠵᠤ ᠪᠠᠢᠳᠠᠭ ᠨᠢ ᠰᠣᠨᠢᠨ ᠠᠵᠢ᠃ ᠡᠨᠡ ᠯᠠᠮᠠ ᠥᠪᠡᠷ ᠦ᠋ᠨ ᠳᠠᠭᠠᠭᠤᠯ ᠳᠣᠲᠣᠷ᠎ᠠ ᠠ᠋ᠴᠠ ᠠᠷᠪᠠᠭᠠᠳ ᠬᠥᠮᠦᠨ ᠦ᠌ ᠬᠠᠮᠲᠤ ᠠᠷᠢᠬᠪᠥᠢ᠍ᠬᠡ ᠶ᠋ᠢᠨ ᠦᠷᠭᠦᠭᠡᠨ ᠳ᠋ᠦ᠍ ᠲᠠᠪᠤᠨ ᠤᠳᠠᠭ᠎ᠠ ᠣᠴᠢᠵᠤ ᠨᠣᠮ ᠲᠠᠯᠪᠢᠨ᠂ ᠪᠠᠰᠠ ᠮᠡᠷᠭᠡ ᠲᠥᠯᠭᠡ ᠪᠠᠭᠤᠯᠭᠠᠵᠤ᠂ ᠭᠠᠢ ᠪᠠᠷᠴᠢᠳ ᠠᠷᠢᠯᠭᠠᠬᠤ ᠭᠦᠷᠢᠮ ᠦ᠋ᠨ ᠨᠣᠮ ᠠᠢᠯᠠᠳᠬᠠᠬᠤ ᠳ᠋ᠤ᠌ ᠪᠠᠨ ᠴᠢᠬᠢᠨ ᠳ᠋ᠦ᠍ ᠴᠢᠮᠡᠭᠲᠡᠢ ᠦᠭᠡ ᠬᠡᠯᠡᠯ᠎ᠡ᠃ ᠯᠠᠮᠠᠳᠠᠨ ᠳ᠋ᠤ᠌ ᠪᠠᠷ᠎ᠠ ᠪᠣᠯᠤᠭᠴᠢ ᠶ᠋ᠢᠨ ᠨᠢᠭᠡ ᠨᠢ ᠪᠣᠯᠤᠭᠰᠠᠨ ᠪᠢᠯᠢᠭᠦᠨ ᠲᠡᠭᠦᠨ ᠦ᠌ ᠠᠢᠯᠠᠳᠤᠭᠰᠠᠨ ᠦᠭᠡ ᠶ᠋ᠢ ᠪᠦᠷᠢᠨ᠎ᠡ ᠰᠣᠨᠣᠰᠪᠠ᠃ ᠲᠡᠷᠡ ᠪᠡᠷ ᠬᠡᠯᠡᠮᠦᠷᠴᠢ ᠪᠡᠷ ᠳᠠᠮᠵᠢᠭᠤᠯᠤᠨ ᠬᠡᠯᠡᠬᠦ ᠳ᠋ᠡᠭᠡᠨ᠄ 
       — ᠨᠠᠰᠤ ᠪᠠᠷᠠᠭᠰᠠᠨ ᠮᠥᠩᠬᠡ ᠬᠠᠭᠠᠨ ᠲᠩᠷᠢ ᠶ᠋ᠢᠨ ᠣᠷᠣᠨ ᠳ᠋ᠤ᠌ ᠣᠴᠢᠵᠤ ᠰᠠᠢᠨ ᠲᠥᠷᠥᠯ ᠢ᠋ ᠣᠯᠤᠨ᠎ᠠ᠃ ᠲᠠᠨ ᠤ᠋ ᠳ᠋ᠤ᠌ ᠨᠢᠭᠡ ᠲᠠᠢᠷᠠᠩ ᠱᠦᠭᠯᠡᠭᠰᠡᠨ ᠪᠠᠢᠨ᠎ᠠ᠃ ᠲᠡᠭᠦᠨ ᠢ᠋ ᠬᠥᠭᠡᠭᠡᠨ ᠵᠠᠢᠯᠠᠭᠤᠯᠬᠤ ᠳ᠋ᠤ᠌ ᠪᠡᠷᠬᠡ ᠪᠣᠯᠤᠯᠲᠠᠢ᠃ ᠶᠡᠬᠡ ᠵᠠᠬᠢᠷᠤᠭᠴᠢ ᠲᠠᠨ ᠤ᠋ ᠦᠢᠯᠡ ᠳ᠋ᠦ᠍ ᠨᠡᠯᠢᠶᠡᠨ ᠪᠠᠷᠴᠢᠳ ᠪᠠᠢᠨ᠎ᠠ᠃ ᠲᠠᠨ ᠤ᠋ ᠪᠦᠷ ᠣᠢᠷ᠎ᠠ ᠳᠣᠲᠣᠨᠣ ᠶ᠋ᠢᠨ ᠰᠠᠳᠤᠨ ᠲᠥᠷᠥᠯ ᠦ᠋ᠨ ᠬᠥᠮᠦᠨ ᠴᠢᠨᠢ ᠲᠠᠨ ᠤ᠋ ᠬᠢᠬᠦ ᠦᠢᠯᠡ ᠳ᠋ᠦ᠍ ᠶᠡᠬᠡ ᠰᠠᠳᠠᠭ᠎ᠠ ᠬᠢᠵᠦ ᠰᠠᠨᠠᠭᠰᠠᠨ ᠰᠠᠨᠠᠭ᠎ᠠ ᠶ᠋ᠢ ᠲᠠᠨᠢ ᠭᠬᠢᠷᠲᠦᠭᠦᠯᠬᠦ ᠪᠣᠯᠤᠯᠲᠠᠢ᠃ ᠬᠠᠷ᠎ᠠ ᠡᠯᠢᠭᠡᠲᠡᠢ ᠰᠠᠢᠨ ᠨᠥᠬᠥᠳ ᠴᠢᠨᠢ ᠯᠡ ᠲᠠᠨ ᠳ᠋ᠤ᠌ ᠶᠡᠬᠡ ᠲᠤᠰᠠᠯᠠᠬᠤ ᠪᠣᠯᠪᠠ ᠤᠤ ᠴᠦ᠍ ᠁ ᠭᠡᠵᠦ ᠬᠡᠯᠡᠵᠦ᠂ ᠥᠪᠡᠷ ᠢ᠋ᠶ᠋ᠡᠨ ᠪᠢᠰᠢ᠂ ᠳᠠᠭᠠᠭᠤᠯᠤᠨ ᠶᠠᠪᠤᠭ᠎ᠠ ᠨᠢᠭᠡ ᠯᠠᠮᠠ ᠪᠠᠷ ᠢ᠋ᠶ᠋ᠠᠨ ᠠᠷᠢᠬᠪᠥᠢ᠍ᠬᠡ ᠶ᠋ᠢᠨ ᠭᠡᠷ ᠲᠦ᠍ ᠭᠦᠷᠢᠮ ᠬᠢᠯᠭᠡᠨ ᠨᠣᠮ ᠤᠩᠰᠢᠭᠤᠯᠤᠭᠠᠳ ᠲᠥᠯᠭᠡ ᠲᠠᠯᠪᠢᠨ᠂ ᠪᠠᠰᠠ《ᠲᠠᠨ ᠤ᠋ ᠨᠡᠩ ᠣᠢᠷ᠎ᠠ ᠶ᠋ᠢᠨ ᠲᠥᠷᠥᠯ ᠦ᠋ᠨ ᠬᠥᠮᠦᠨ ᠴᠢᠨᠢ ᠰᠠᠪᠳᠠᠭ ᠲᠠᠢᠷᠠᠩ ᠠ᠋ᠴᠠ ᠳᠤᠲᠠᠭᠤ ᠦᠭᠡᠢ ᠪᠡᠷ ᠲᠠᠨ ᠳ᠋ᠤ᠌ ᠭᠠᠢ ᠤᠴᠠᠷᠠᠭᠤᠯᠤᠨ᠎ᠠ᠃ ᠲᠡᠷᠡ ᠪᠣᠯ ᠴᠠᠭᠠᠨ᠎ᠠ ᠪᠠᠨ ᠶᠡᠬᠡ ᠴᠢᠭᠢᠷᠠᠭ ᠪᠠᠲᠤ ᠰᠠᠭᠤᠷᠢᠲᠠᠢ ᠪᠠᠢᠨ᠎ᠠ᠃ ᠪᠤᠷᠤᠭᠤ ᠬᠡᠯᠡ ᠶ᠋ᠢᠨ ᠠᠮᠢᠲᠠᠳ ᠲᠡᠭᠦᠨ ᠳ᠋ᠦ᠍ ᠲᠤᠰᠠ ᠬᠦᠷᠭᠡᠨ᠂ ᠲᠠᠨ ᠳ᠋ᠤ᠌ ᠤᠴᠠᠷᠠᠬᠤ ᠪᠠᠷᠴᠢᠳ ᠢ᠋ ᠤᠯᠠᠮ ᠭᠠᠭᠠᠷᠠᠭᠤᠯᠤᠨ᠎ᠠ》 ᠭᠡᠵᠦ ᠠᠢᠯᠠᠳᠴᠠᠢ᠃ ᠡᠨᠡ ᠪᠦᠬᠦᠨ ᠢ᠋ ᠯᠠᠮᠠ ᠳ᠋ᠤ᠌ ᠪᠠᠷ᠎ᠠ ᠪᠣᠯᠵᠤ ᠶᠠᠪᠤᠭ᠎ᠠ ᠪᠢᠯᠢᠭᠦᠨ ᠴᠢᠬᠢ ᠪᠡᠷ ᠢ᠋ᠶ᠋ᠡᠨ ᠰᠣᠨᠣᠰᠬᠤ ᠳ᠋ᠤ᠌ ᠪᠠᠨ ᠲᠡᠷᠡ ᠲᠠᠢᠷᠠᠩ ᠪᠣᠯᠵᠤ ᠪᠣᠢ ᠬᠥᠮᠦᠨ ᠢ᠋ ᠨᠢ ᠳᠣᠲᠣᠷ᠎ᠠ ᠪᠠᠨ ᠭᠠᠳᠠᠷᠯᠠᠨ ᠪᠠᠢᠪᠠ᠃ ᠦᠷᠭᠦᠭᠡᠨ ᠳ᠋ᠦ᠍ ᠵᠣᠭᠣᠭ ᠪᠠᠷᠢᠨ᠂ ᠯᠠᠮᠠ ᠳ᠋ᠤ᠌ ᠲᠠᠷᠠᠭ ᠰᠦ ᠡᠷᠭᠦᠵᠦ ᠶᠠᠪᠤᠭᠰᠠᠨ ᠮᠣᠷᠢᠨᠱᠠᠭᠠᠢ ᠴᠦ᠍ ᠪᠠᠰᠠ ᠲᠡᠷᠡ ᠬᠤᠸᠠᠷᠠᠭ ᠤ᠋ᠳ ᠤ᠋ᠨ ᠬᠡᠯᠡᠵᠦ ᠪᠠᠢᠭ᠎ᠠ ᠦᠭᠡ ᠶ᠋ᠢ ᠰᠣᠨᠣᠰᠴᠠᠢ᠃  
       ᠠᠷᠢᠬᠪᠥᠢ᠍ᠬᠡ ᠵᠠᠬᠢᠷᠤᠭᠴᠢ ᠬᠠᠰᠢᠮᠸᠷ ᠤ᠋ᠨ ᠯᠠᠮᠠ ᠶ᠋ᠢ ᠳᠡᠷᠭᠡᠳᠡ ᠪᠡᠨ ᠬᠠᠭᠠᠰ ᠰᠠᠷ᠎ᠠ ᠭᠠᠷᠤᠢ ᠪᠠᠢᠯᠭᠠᠭᠠᠳ ᠪᠤᠴᠠᠵᠤ ᠶᠠᠪᠤᠬᠤ ᠳ᠋ᠤ᠌ ᠨᠢ ᠮᠠᠯ ᠠᠬᠤᠢ᠂ ᠡᠳ᠋ ᠮᠥᠩᠭᠥ ᠪᠡᠷ ᠡᠷᠭᠦᠯ ᠪᠠᠷᠢᠨ᠂ ᠥᠪᠡᠷ ᠢ᠋ ᠪᠡᠨ ᠳᠠᠭᠠᠳᠬᠠᠵᠤ᠂ ᠵᠣᠷᠢᠵᠤ ᠪᠠᠢᠭ᠎ᠠ ᠦᠢᠯᠡ ᠪᠡᠨ ᠪᠦᠲᠦᠮᠵᠢᠲᠡᠢ ᠪᠣᠯᠭᠠᠬᠤ ᠬᠡᠷᠡᠭ ᠲᠦ᠍ ᠵᠠᠯᠪᠠᠷᠢᠯ ᠦᠢᠯᠡᠳᠦᠨ ᠥᠷᠥᠰᠢᠶᠡᠵᠦ ᠪᠣᠯᠭᠣᠭᠠᠬᠤ ᠶ᠋ᠢ ᠬᠦᠰᠡᠨ ᠮᠣᠷᠳᠠᠭᠤᠯᠵᠤ ᠪᠢᠯᠡ᠃ ᠯᠠᠮᠠᠳᠠᠨ ᠢ᠋ ᠶᠠᠪᠤᠭᠰᠠᠨ ᠤ᠋ ᠳᠠᠷᠠᠭ᠎ᠠ ᠪᠢᠯᠢᠭᠦᠨ ᠭᠡᠷ ᠲᠦ᠍ ᠪᠡᠨ ᠭᠡᠷᠭᠡᠢ ᠲᠡᠢ ᠪᠡᠨ ᠵᠡᠷᠭᠡᠴᠡᠨ ᠰᠠᠭᠤᠭᠠᠳ ᠶᠠᠷᠢᠶ᠎ᠠ ᠪᠣᠯᠬᠤ ᠳ᠋ᠤ᠌ ᠪᠠᠨ ᠥᠪᠡᠷ ᠦ᠋ᠨ ᠡᠵᠡᠨ ᠵᠠᠬᠢᠷᠤᠭᠴᠢ ᠶ᠋ᠢ ᠪᠡᠨ ᠳᠡᠭᠡᠳᠦᠯᠡᠬᠦ ᠳ᠋ᠦ᠍ ᠴᠢᠭᠯᠡᠵᠦ ᠪᠢᠯᠡ᠃ ᠮᠣᠷᠢᠨᠱᠠᠭᠠᠢ ᠡᠷ᠎ᠡ ᠨᠥᠬᠥᠷ ᠢ᠋ᠶ᠋ᠡᠨ ᠬᠠᠷᠠᠨ ᠪᠠᠢᠵᠤ᠂ ᠱᠠᠩᠬᠤᠨ ᠭᠡᠵᠢᠭᠡ ᠪᠡᠨ ᠵᠠᠰᠠᠵᠤ ᠣᠷᠣᠯᠳᠣᠭᠰᠠᠭᠠᠷ᠄ 
       — ᠡᠷᠡᠴᠦᠳ ᠲᠠ ᠨᠠᠷ ᠵᠦᠭᠡᠷ ᠰᠠᠭᠤᠵᠤ ᠴᠢᠳᠠᠳᠠᠭ ᠦᠭᠡᠢ᠂ ᠲᠠᠩᠨᠠᠨ ᠨᠢᠭᠡ ᠶ᠋ᠢ ᠪᠡᠨ ᠤᠷᠤᠯᠳᠤᠵᠤ ᠪᠠᠢᠬᠤ ᠶᠤᠮ ᠠ᠋ ᠳᠠ ᠭᠡᠵᠦ ᠬᠡᠯᠡᠭᠡᠳ ᠢᠨᠢᠶᠡᠯ᠎ᠡ᠃ ᠪᠢᠯᠢᠭᠦᠨ ᠡᠨᠡ ᠦᠭᠡᠨ ᠳ᠋ᠦ᠍ ᠭᠠᠢᠬᠠᠵᠤ᠄ 
       — ᠶᠠᠭᠠᠬᠢᠵᠤ ᠪᠠᠢᠨ᠎ᠠ ᠬᠦ ᠭᠡᠮᠡᠨ ᠯᠠᠪᠯᠠᠨ ᠠᠰᠠᠭᠤᠪᠠ᠃  
       — ᠶᠠᠭᠠᠬᠢᠬᠤ ᠪᠣᠢ ᠳᠠ᠃ ᠡᠵᠡᠨ ᠵᠠᠬᠢᠷᠤᠭᠴᠢ ᠳ᠋ᠤ᠌ ᠬᠣᠭᠣᠯᠠ ᠴᠠᠢ ᠣᠷᠣᠭᠤᠯᠵᠤ ᠪᠠᠢᠬᠤ ᠳ᠋ᠤ᠌ ᠳᠡᠷᠭᠡᠳᠡ ᠨᠢ ᠨᠢᠭᠡ ᠶᠡᠬᠡ ᠲᠦᠰᠢᠮᠡᠯ ᠵᠠᠪᠠᠯ ᠪᠠᠢᠵᠤ᠂ ᠡᠨᠡ ᠲᠡᠷᠡ ᠥᠭᠡᠷ᠎ᠡ ᠪᠤᠰᠤᠳ ᠨᠢᠭᠡ ᠬᠥᠮᠦᠨ ᠦ᠌ ᠲᠤᠬᠠᠢ ᠯᠠ ᠶᠤᠮ ᠰᠢᠭ᠋ ᠬᠠᠴᠢᠨ ᠦᠭᠡ ᠰᠣᠨᠣᠰᠤᠭᠳᠠᠳᠠᠭ᠃ ᠪᠢ ᠲᠡᠭᠦᠨ ᠢ᠋ ᠨᠢ ᠲᠡᠳᠦᠢ ᠯᠡ ᠠᠩᠵᠠᠭᠠᠷᠠᠳᠠᠭ ᠦᠭᠡᠢ᠃ 
       — ᠤᠤᠬᠠᠢ᠂ ᠬᠡᠨ ᠢ᠋ ᠶᠠᠭᠤ ᠭᠡᠵᠦ ᠬᠠᠷᠠᠳᠠᠵᠤ ᠪᠠᠢᠨ᠎ᠠ ᠪᠣᠢ? ᠪᠣᠳᠣᠪᠠᠯ ᠲᠣᠮᠣ ᠨᠣᠶᠠᠳ ᠤ᠋ᠳ ᠪᠡᠶ᠎ᠡ ᠪᠡᠶ᠎ᠡ ᠪᠡᠨ ᠬᠠᠷᠠᠳᠠᠵᠤ ᠰᠡᠷᠡᠳᠡᠭᠡᠳ ᠡᠯᠳᠡᠪ ᠢ᠋ᠶ᠋ᠡᠷ ᠶᠠᠷᠢᠵᠤ ᠪᠠᠢᠭ᠎ᠠ ᠪᠢᠵᠡ ᠠ᠋? 
       — ᠲᠡᠢᠮᠦ ᠳᠡ᠃ ᠲᠡᠭᠡᠬᠦ ᠳ᠋ᠦ᠍ ᠪᠡᠨ ᠮᠠᠨ ᠤ᠋ ᠠᠷᠢᠬᠪᠥᠢ᠍ᠬᠡ ᠨᠣᠶᠠᠨ ᠥᠪᠡᠷ ᠢ᠋ᠶ᠋ᠡᠨ ᠪᠣᠯ ᠡᠯᠳᠡᠪ ᠬᠣᠪ ᠵᠢᠪ ᠲᠦ᠍ ᠳᠤᠷ᠎ᠠ ᠦᠭᠡᠢ᠂ ᠰᠢᠯᠤᠭᠤᠨ ᠵᠠᠩ ᠲᠠᠢ᠂ ᠬᠡᠯᠡᠬᠦ ᠠᠢᠯᠠᠳᠬᠤ ᠵᠦᠢᠯ ᠢ᠋ᠶ᠋ᠡᠨ ᠬᠡᠨ ᠢ᠋ ᠴᠦ᠍ ᠭᠡᠬᠦ ᠦᠭᠡᠢ ᠰᠢᠭᠤᠳᠬᠠᠨ ᠬᠡᠯᠡᠳᠡᠭ ᠡᠷᠡᠮᠡᠬᠡᠢ ᠰᠠᠢᠬᠠᠨ ᠡᠷ᠎ᠡ᠃ ᠲᠠ ᠮᠡᠳᠡᠨ᠎ᠡ ᠪᠢᠵᠡ ᠳᠡ?   
       — ᠲᠡᠢᠮᠦ ᠪᠠᠢᠬᠤ ᠠ᠋᠃ ᠲᠡᠳᠡ ᠵᠠᠬᠢᠷᠤᠭᠴᠢ ᠨᠣᠶᠠᠨ᠂ ᠵᠠᠷᠢᠮ ᠴᠢᠩᠰᠠᠩ ᠶᠡᠬᠡ ᠵᠠᠬᠢᠷᠤᠭᠴᠢ ᠳ᠋ᠤ᠌ ᠪᠠᠷᠠᠯᠬᠠᠬᠤ ᠳ᠋ᠤ᠌《ᠲᠠ ᠶᠡᠬᠡ ᠬᠠᠭᠠᠨ ᠤ᠋ ᠣᠷᠣ ᠰᠠᠭᠤᠬᠤ ᠶᠣᠰᠣᠲᠠᠢ ᠬᠥᠮᠦᠨ》᠃《ᠲᠠ ᠮᠥᠩᠬᠡ ᠬᠠᠭᠠᠨ ᠤ᠋  ᠵᠠᠷᠯᠢᠭᠯᠠᠵᠤ ᠪᠠᠢᠭᠰᠠᠨ ᠶᠣᠰᠣ ᠪᠠᠷ ᠭᠣᠯᠣᠮᠲᠠ ᠲᠦᠰᠢᠭᠰᠡᠨ ᠶᠡᠬᠡ ᠨᠣᠶᠠᠨ》᠂《ᠬᠤᠪᠢᠯᠠᠢ ᠵᠠᠬᠢᠷᠤᠭᠴᠢ ᠲᠠᠨ ᠠ᠋ᠴᠠ ᠤᠷᠢᠲᠠᠵᠤ ᠬᠠᠭᠠᠨ ᠤ᠋ ᠣᠷᠣ ᠶ᠋ᠢ ᠠᠪᠬᠤ ᠭᠡᠵᠦ ᠪᠠᠢᠭ᠎ᠠ ᠶᠠᠩᠵᠤᠲᠠᠢ》᠃《ᠬᠤᠪᠢᠯᠠᠢ ᠶ᠋ᠢᠨ ᠳᠡᠷᠭᠡᠳᠡ ᠡᠴᠡ ᠰᠡᠵᠢᠭᠲᠡᠢ ᠦᠭᠡ ᠰᠣᠨᠣᠰᠤᠭᠳᠠᠵᠤ ᠪᠠᠢᠨ᠎ᠠ ᠰᠢᠦ᠃ ᠲᠠ ᠡᠷᠲᠡᠬᠡᠨ ᠬᠡᠷᠡᠭ ᠦᠢᠯᠡ ᠪᠡᠨ ᠪᠣᠯᠭᠣᠭᠠᠵᠤ ᠪᠣᠳᠣ》 ᠭᠡᠬᠦ ᠰᠢᠭ ᠶᠠᠭᠤᠮ᠎ᠠ ᠶᠠᠷᠢᠭᠠᠳ ᠪᠠᠢᠬᠤ ᠰᠣᠨᠣᠰᠤᠭᠳᠠᠵᠤ ᠪᠠᠢᠨ᠎ᠠ᠁ ᠭᠡᠵᠦ ᠮᠣᠷᠢᠨᠱᠠᠭᠠᠢ ᠬᠡᠯᠡᠯ᠎ᠡ᠃ ᠪᠢᠯᠢᠭᠦᠨ ᠭᠡᠷᠭᠡᠢ ᠶ᠋ᠢᠨ ᠢ᠋ᠶ᠋ᠡᠨ ᠰᠠᠢᠬᠠᠨ ᠰᠠᠨᠠᠭᠠᠳ ᠬᠡᠯᠡᠵᠦ ᠪᠠᠢᠭ᠎ᠠ ᠦᠭᠡ ᠶ᠋ᠢ ᠰᠣᠨᠣᠰᠤᠨ᠂ ᠳᠠᠭᠤ ᠦᠭᠡᠢ ᠪᠣᠳᠣᠯ ᠳ᠋ᠤ᠌ ᠳᠠᠷᠤᠭᠳᠠᠨ ᠪᠠᠢᠪᠠ᠃ ᠮᠣᠷᠢᠨᠱᠠᠭᠠᠢ ᠶᠠᠷᠢᠶ᠎ᠠ ᠪᠠᠨ ᠦᠷᠭᠦᠯᠵᠢᠯᠡᠭᠦᠯᠦᠨ᠎ᠡ᠃  
       ᠭᠡᠷ ᠦ᠋ᠨ ᠬᠢᠨᠢ ᠭᠠᠳᠠᠭ᠎ᠠ ᠠᠯᠠᠭ ᠱᠠᠭᠠᠵᠠᠭᠠᠢ ᠬᠦᠷᠴᠦ ᠢᠷᠡᠵᠦ ᠪᠠᠭᠤᠭᠠᠳ ᠵᠠᠭ᠂ ᠵᠠᠭ ᠬᠢᠨ ᠳᠤᠤᠭᠠᠷᠴᠤ ᠡᠬᠢᠯᠡᠪᠡ᠃ ᠲᠡᠷᠡ ᠰᠢᠪᠠᠭᠤ ᠬᠢᠷᠢ ᠳ᠋ᠦ᠍ ᠪᠡᠨ ᠶᠡᠬᠡ ᠲᠣᠮᠣ ᠶᠠᠷᠢᠵᠤ ᠪᠠᠢᠭ᠎ᠠ ᠪᠣᠯᠤᠯᠲᠠᠢ ᠵᠥᠩᠳᠡᠭᠡᠨ ᠳᠤᠤᠭᠠᠷᠬᠤ ᠳ᠋ᠤ᠌ ᠪᠢᠯᠢᠭᠦᠨ ᠲᠡᠭᠦᠨ ᠢ᠋ ᠴᠢᠩᠨᠠᠨ ᠪᠠᠢᠭᠰᠠᠨ ᠢ᠋ᠶ᠋ᠠᠨ ᠢᠨᠢᠶᠡᠵᠦ᠄  
       — ᠴᠢ ᠰᠣᠨᠣᠰᠴᠤ ᠪᠠᠢᠨ᠎ᠠ ᠤᠤ? ᠪᠠᠰᠠ ᠯᠠ ᠴᠢᠨᠦ ᠢᠵᠢᠯᠢ ᠰᠣᠨᠢᠨ ᠶᠠᠭᠤᠮ᠎ᠠ ᠶ᠋ᠢ ᠡᠨᠡ ᠱᠠᠭᠠᠵᠠᠭᠠᠢ ᠶᠠᠷᠢᠵᠤ ᠪᠠᠢᠭ᠎ᠠ ᠪᠣᠯᠤᠯᠲᠠᠢ ᠭᠡᠪᠡ᠃ ᠮᠣᠷᠢᠨᠱᠠᠭᠠᠢ ᠲᠡᠭᠦᠨ ᠢ᠋ ᠴᠢᠩᠨᠠᠭᠰᠠᠨ ᠳᠣᠣᠷ᠎ᠠ ᠪᠠᠨ ᠨᠡᠭᠡᠷᠡᠨ ᠡᠨᠡ ᠱᠠᠭᠠᠵᠠᠭᠠᠢ ᠶᠠᠭᠤ ᠶᠠᠷᠢᠵᠤ ᠪᠠᠢᠭ᠎ᠠ ᠪᠣᠯ? ᠬᠡᠯᠡ ᠶ᠋ᠢ ᠨᠢ ᠮᠡᠳᠡᠳᠡᠭ ᠴᠦ᠍ ᠪᠣᠯᠤᠭᠠᠰᠠᠢ᠃ ᠡᠵᠢ ᠱᠠᠭᠠᠵᠠᠭᠠᠢ ᠳᠤᠤᠭᠠᠷᠬᠤ ᠪᠠᠷ《ᠰᠠᠢᠨ ᠬᠡᠯᠡ! ᠰᠠᠢᠨ ᠬᠡᠯᠡ! ᠰᠢᠷ᠎ᠠ ᠲᠣᠰᠣ ᠬᠣᠳᠣᠭᠣᠳᠣᠨ ᠳ᠋ᠤ᠌ ᠴᠢᠨᠢ ᠬᠢᠶ᠎ᠡ》 ᠭᠡᠳᠡᠭ ᠭᠡᠳ 
       — ᠰᠢᠷ᠎ᠠ ᠲᠣᠰᠣ ᠥᠭᠭᠦᠶ᠎ᠡ ᠴᠢᠮᠠᠲᠤ ᠭᠡᠵᠦ ᠴᠢᠩᠭ᠎ᠠ ᠪᠠᠷ ᠬᠡᠯᠡᠯ᠎ᠡ᠃ ᠪᠢᠯᠢᠭᠦᠨ ᠢᠨᠢᠶᠡᠭᠰᠡᠭᠡᠷ᠄ 
       — ᠪᠢ ᠡᠨᠡ ᠰᠢᠪᠠᠭᠤᠨ ᠤ᠋ ᠶᠠᠷᠢᠶ᠎ᠠ ᠶ᠋ᠢ ᠮᠡᠳᠡᠯ᠎ᠡ ᠭᠡᠪᠡ᠃ 
       — ᠵᠠ ᠶᠠᠭᠤ ᠶᠠᠷᠢᠵᠤ ᠪᠠᠢᠨ᠎ᠠ ᠪᠣᠢ᠂ ᠲᠠ ᠬᠡᠯᠡ ᠳᠡ? 
      — ᠶᠠᠭᠠᠬᠢᠬᠤ ᠪᠣᠢ ᠳᠠ᠃ ᠴᠢ ᠬᠠᠭᠠᠨ ᠪᠣᠯᠬᠤ ᠤᠤ? ᠪᠢ ᠪᠣᠯᠬᠤ ᠤᠤ? ᠭᠡᠵᠦ ᠯᠡ ᠮᠠᠨ ᠤ᠋ ᠵᠠᠬᠢᠷᠤᠭᠴᠢ ᠨᠠᠷ ᠤ᠋ᠨ ᠶᠠᠷᠢᠵᠤ ᠪᠠᠢᠭ᠎ᠠ ᠶ᠋ᠢ ᠡᠨᠡ ᠰᠢᠪᠠᠭᠤ ᠳᠠᠭᠤᠷᠢᠶᠠᠨ ᠳᠠᠮᠵᠢᠭᠤᠯᠵᠤ ᠪᠠᠢᠨ᠎ᠠ ᠭᠡᠵᠦ ᠪᠢᠯᠢᠭᠦᠨ ᠳᠣᠭᠣᠭᠢᠯᠠᠨ ᠬᠡᠯᠡᠭᠡᠳ ᠢᠨᠢᠶᠡᠨ ᠠᠯᠤᠰ ᠢ᠋ ᠪᠣᠳᠣᠭᠰᠠᠨ ᠪᠠᠢᠳᠠᠯ ᠢ᠋ᠶ᠋ᠠᠷ ᠲᠣᠭᠣᠨᠣ ᠥᠭᠡᠳᠡ ᠰᠢᠷᠳᠡᠪᠡ᠃ 
       — ᠲᠠ ᠪᠢᠳᠡ ᠬᠣᠶᠠᠷ ᠤ᠋ᠨ ᠰᠢᠪᠠᠭᠤᠨ ᠤ᠋ ᠬᠡᠯᠡ ᠮᠡᠳᠡᠵᠦ ᠶᠠᠷᠢᠬᠤ ᠴᠦ᠍ ᠬᠥᠭ ᠪᠠᠢᠬᠤ ᠳᠠ ᠭᠡᠵᠦ ᠮᠣᠷᠢᠨᠱᠠᠭᠠᠢ ᠢᠨᠢᠶᠡᠳᠦᠮ ᠪᠣᠯᠭᠠᠨ ᠬᠡᠯᠡᠪᠡ᠃

— — — —    
① ᠤᠭ ᠭᠡᠷ᠎ᠡ ᠶ᠋ᠢ ᠮᠥᠩᠬᠡ ᠬᠠᠭᠠᠨ᠂ ᠬᠣᠶᠠᠳᠤᠭᠠᠷ ᠭᠸᠲ᠋ᠣᠮ ᠨᠠᠷ1253 ᠣᠨ ᠳ᠋ᠤ᠌ ᠪᠠᠢᠭᠤᠯᠵᠤ᠂ ᠮᠣᠳᠣᠷ ᠤ᠋ᠨ ᠦᠰᠦᠭ ᠵᠢᠷᠤᠭᠰᠠᠨ ᠠᠵᠢ᠃

       ᠦᠰᠦᠭ ᠠᠮᠢᠯᠠᠭᠤᠯᠤᠭᠰᠠᠨ ᠨᠢ᠄ ᠳᠠᠪᠰᠢᠯᠲᠦ