ᠴᠢᠮᠡᠭᠲᠦ ᠨᠣᠭᠣᠭᠠᠨ ᠳᠤᠷᠠᠰᠤᠮᠵᠢ - ᠴᠡᠩᠬᠡᠷChimegt nogoon dursamj-Tsenkher Чимэгт ногоон дурсамж-Цэнхэр
ᠴᠢᠮᠡᠭᠲᠦ ᠨᠣᠭᠣᠭᠠᠨ ᠳᠤᠷᠠᠰᠤᠮᠵᠢ
ᠦᠭᠡ᠂ ᠠᠶ᠎ᠠ᠄ ᠦ᠊᠂ ᠳᠠᠯᠠᠢ
ᠬᠥᠭᠵᠢᠮ ᠨᠠᠢᠷᠠᠭᠤᠯᠤᠭᠴᠢ᠄ ᠣᠷᠴᠢᠯᠠᠩ
ᠳᠠᠭᠤᠴᠢᠨ᠄ ᠴᠡᠩᠬᠡᠷ
ᠵᠥᠭᠡᠯᠡᠨ ᠭᠠᠷ ᠢ᠋ ᠴᠢᠨᠢ ᠠᠳᠬᠤᠭᠠᠳ ᠠᠭᠤᠯᠵᠠᠬᠤ ᠳ᠋ᠤ᠌
ᠵᠡᠭᠦᠳᠦ ᠵᠡᠷᠭᠡᠯᠭᠡᠨ ᠰᠢᠭ ᠪᠣᠳᠣᠭᠳᠠᠭᠠᠳ ᠪᠠᠢᠨ᠎ᠠ
ᠵᠢᠰᠦ ᠴᠢᠷᠠᠢ ᠳ᠋ᠤ᠌ ᠴᠢᠨᠢ ᠣᠨ ᠰᠠᠷ᠎ᠠ ᠣᠷᠣᠮᠯᠠᠭᠰᠠᠨ ᠴᠤ᠌
ᠵᠢᠷᠦᠬᠡ ᠰᠡᠳᠬᠢᠯ ᠴᠢᠨᠢ ᠢᠷᠠᠭᠤᠬᠠᠨ ᠪᠠᠢᠨ᠎ᠠ
ᠦᠶᠡᠷᠬᠡᠵᠦ ᠶᠠᠪᠤᠭᠰᠠᠨ ᠡᠳᠦᠷ ᠦ᠋ᠳ ᠮᠢᠨᠢ
ᠨᠠᠢᠷ ᠬᠠᠢᠷ᠎ᠠ ᠶ᠋ᠢᠨ ᠲᠣᠷᠭᠠᠨ ᠪᠠᠭᠤᠴᠠ
ᠡᠪ ᠦ᠋ᠨ ᠲᠦᠰᠢᠭ ᠨᠠᠢᠵᠠ ᠮᠢᠨᠢ
ᠨᠠᠷᠠ ᠬᠤᠷ᠎ᠠ ᠶ᠋ᠢᠨ ᠴᠢᠮᠡᠭᠲᠦ ᠨᠣᠭᠣᠭᠠᠨ ᠳᠤᠷᠠᠰᠤᠮᠵᠢ
ᠪᠤᠷᠭᠠᠰᠤᠨ ᠬᠦᠯᠦᠭ ᠮᠢᠨᠢ ᠪᠣᠳᠣᠯ ᠳ᠋ᠤ᠌ ᠦᠦᠷᠰᠡᠬᠦ ᠳ᠋ᠦ᠍
ᠪᠣᠯᠣᠷ ᠮᠥᠷᠥᠭᠡᠳᠦᠯ ᠰᠡᠳᠬᠢᠯ ᠢ᠋ ᠮᠢᠨᠢ ᠭᠡᠢᠭᠦᠯᠦᠨ᠎ᠡ
ᠪᠠᠯᠴᠢᠷᠬᠠᠨ ᠨᠠᠰᠤᠨ ᠤ᠋ ᠠᠩᠭᠢᠷ ᠦᠯᠢᠭᠡᠷ ᠦ᠋ᠳ
ᠪᠤᠭᠤᠷᠤᠯ ᠪᠣᠯᠤᠭᠰᠠᠨ ᠴᠤ᠌ ᠮᠠᠷᠲᠠᠬᠤ ᠶ᠋ᠢᠨ ᠠᠷᠭ᠎ᠠ ᠦᠭᠡᠢ
ᠦᠶᠡᠷᠬᠡᠵᠦ ᠶᠠᠪᠤᠭᠰᠠᠨ ᠡᠳᠦᠷ ᠦ᠋ᠳ ᠮᠢᠨᠢ
ᠨᠠᠢᠷ ᠬᠠᠢᠷ᠎ᠠ ᠶ᠋ᠢᠨ ᠲᠣᠷᠭᠠᠨ ᠪᠠᠭᠤᠴᠠ
ᠡᠪ ᠦ᠋ᠨ ᠲᠦᠰᠢᠭ ᠨᠠᠢᠵᠠ ᠮᠢᠨᠢ
ᠨᠠᠷᠠ ᠬᠤᠷ᠎ᠠ ᠶ᠋ᠢᠨ ᠴᠢᠮᠡᠭᠲᠦ ᠨᠣᠭᠣᠭᠠᠨ ᠳᠤᠷᠠᠰᠤᠮᠵᠢ
ᠪᠤᠴᠠᠬᠤ ᠭᠠᠯᠠᠭᠤᠳ ᠤ᠋ᠨ ᠴᠤᠪᠤᠭ᠎ᠠ ᠶ᠋ᠢ ᠪᠠᠷᠠᠯᠠᠬᠤ ᠳ᠋ᠤ᠌
ᠪᠣᠷᠣ ᠵᠢᠷᠦᠬᠡ ᠮᠢᠨᠢ ᠡᠮᠵᠡᠭᠯᠡᠨ ᠤᠶᠠᠷᠠᠭᠠᠳ ᠪᠠᠢᠨ᠎ᠠ
ᠪᠤᠶᠠᠨ ᠵᠠᠶᠠᠭᠠᠨ ᠤ᠋ ᠬᠡᠰᠢᠭ ᠬᠤᠷᠤᠢᠯᠠᠭᠰᠠᠨ
ᠪᠣᠯᠵᠣᠵᠤ ᠠᠭᠤᠯᠵᠠᠬᠤ ᠶ᠋ᠢᠨ ᠢᠷᠦᠭᠡᠯ ᠮᠥᠩᠬᠡᠷᠡᠨ᠎ᠡ
ᠦᠶᠡᠷᠬᠡᠵᠦ ᠶᠠᠪᠤᠭᠰᠠᠨ ᠡᠳᠦᠷ ᠦ᠋ᠳ ᠮᠢᠨᠢ
ᠨᠠᠢᠷ ᠬᠠᠢᠷ᠎ᠠ ᠶ᠋ᠢᠨ ᠲᠣᠷᠭᠠᠨ ᠪᠠᠭᠤᠴᠠ
ᠡᠪ ᠦ᠋ᠨ ᠲᠦᠰᠢᠭ ᠨᠠᠢᠵᠠ ᠮᠢᠨᠢ
ᠨᠠᠷᠠ ᠬᠤᠷ᠎ᠠ ᠶ᠋ᠢᠨ ᠴᠢᠮᠡᠭᠲᠦ ᠨᠣᠭᠣᠭᠠᠨ ᠳᠤᠷᠠᠰᠤᠮᠵᠢ
( ᠳᠠᠬᠢᠯᠲᠠ)
ᠦᠰᠦᠭ ᠠᠮᠢᠯᠠᠭᠤᠯᠤᠭᠰᠠᠨ ᠨᠢ᠄ ᠰᠣᠳᠣ
ᠦᠰᠦᠭ ᠬᠠᠲᠠᠭᠰᠠᠨ ᠨᠢ᠄ ᠰᠣᠳᠣ
ᠬᠢᠨᠠᠭᠴᠢ᠄ ᠪᠤᠤ᠂ ᠰᠠᠷᠠᠨ᠎ᠠ
