ᠪᠣᠯᠵᠣᠭ᠎ᠠ -ᠴᠡᠪᠡᠷᠴᠡᠴᠡᠭ᠂ ᠠᠯᠲᠠᠨᠵᠢᠷᠭᠠᠯ Болзоо-Цэвэрцэцэг,Алтанжаргал ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠣᠯᠵᠣᠭ᠎ᠠ -ᠴᠡᠪᠡᠷᠴᠡᠴᠡᠭ᠂ ᠠᠯᠲᠠᠨᠵᠢᠷᠭᠠᠯ Болзоо-Цэвэрцэцэг,Алтанжаргал

ᠪᠣᠯᠵᠣᠭ᠎ᠠ -ᠴᠡᠪᠡᠷᠴᠡᠴᠡᠭ᠂ ᠠᠯᠲᠠᠨᠵᠢᠷᠭᠠᠯ Болзоо-Цэвэрцэцэг,Алтанжаргал

ᠠᠩᠭᠢᠯᠠᠯ:ᠳᠠᠭᠤᠤ ᠬᠥᠭᠵᠢᠮ
2026-05-06

5

ᠪᠣᠯᠵᠣᠭ᠎ᠠ


    ᠵᠠᠬᠠᠴᠢᠨ ᠠᠷᠠᠳ ᠤ᠋ᠨ ᠳᠠᠭᠤᠤ 
    ᠳᠠᠭᠤᠴᠢᠨ᠄ ᠴᠡᠪᠡᠷᠴᠡᠴᠡᠭ᠂ ᠠᠯᠲᠠᠨᠵᠢᠷᠭᠠᠯ 

ᠤᠯᠠᠭᠠᠨ ᠪᠤᠤᠷ᠎ᠠ ᠲᠠᠢ ᠲᠡᠮᠡᠭᠡ ᠪᠡᠨ 
ᠬᠤᠷᠢᠶᠠᠨ᠎ᠠ ᠭᠡᠰᠡᠨ ᠴᠢᠨᠢ ᠶᠠᠭᠠᠬᠢᠯ᠎ᠠ ᠳᠠ 
ᠤᠯᠠᠭᠠᠨ ᠬᠦᠷᠮ᠎ᠡ ᠶ᠋ᠢᠨ ᠵᠠᠬ᠎ᠠ ᠳᠡᠭᠡᠷ᠎ᠡ 
ᠠᠭᠤᠯᠵᠠᠨ᠎ᠠ ᠭᠡᠰᠡᠨ ᠴᠢᠨᠢ ᠶᠠᠭᠠᠬᠢᠯ᠎ᠠ ᠳᠠ  

ᠤᠯᠠᠭᠠᠨ ᠪᠤᠤᠷ᠎ᠠ ᠲᠠᠢ ᠲᠡᠮᠡᠭᠡ ᠨᠢ 
ᠤᠰᠤ ᠤᠷᠤᠭᠤ ᠣᠷᠣᠭᠠᠳ ᠰᠠᠭᠠᠲᠠᠯ᠎ᠠ ᠳᠠ 
ᠤᠯᠠᠭᠠᠨ ᠬᠦᠷᠮ᠎ᠡ ᠶ᠋ᠢᠨ ᠵᠠᠬ᠎ᠠ ᠴᠢᠨᠢ 
ᠦᠶᠡᠷᠯᠡᠵᠦ ᠤᠷᠤᠰᠤᠭᠠᠳ ᠴᠢᠳᠠᠭᠰᠠᠨ ᠦᠭᠡᠢ 

ᠬᠠᠷ᠎ᠠ ᠪᠤᠤᠷ᠎ᠠ ᠲᠠᠢ ᠲᠡᠮᠡᠭᠡ ᠪᠡᠨ
ᠬᠤᠷᠢᠶᠠᠨ᠎ᠠ ᠭᠡᠰᠡᠨ ᠴᠢᠨᠢ ᠶᠠᠭᠠᠬᠢᠯ᠎ᠠ ᠳᠠ
ᠬᠠᠲᠠᠭᠤ ᠵᠥᠭᠡᠯᠡᠨ ᠦ᠌ ᠵᠠᠬ᠎ᠠ ᠳᠡᠭᠡᠷ᠎ᠡ
ᠬᠠᠷᠭᠤᠯᠳᠤᠨ᠎ᠠ ᠭᠡᠰᠡᠨ ᠴᠢᠨᠢ ᠶᠠᠭᠠᠬᠢᠯ᠎ᠠ ᠳᠠ

ᠬᠠᠷ᠎ᠠ ᠪᠤᠤᠷ᠎ᠠ ᠲᠠᠢ ᠲᠡᠮᠡᠭᠡ ᠨᠢ
ᠬᠠᠷᠭᠠᠨ᠎ᠠ ᠳ᠋ᠤ᠌ ᠣᠷᠣᠭᠠᠳ ᠰᠠᠭᠠᠲᠠᠯ᠎ᠠ ᠳᠠ
ᠬᠠᠲᠠᠭᠤ ᠵᠥᠭᠡᠯᠡᠨ ᠦ᠌ ᠵᠠᠬ᠎ᠠ ᠨᠢ
ᠬᠠᠷᠠᠩᠭᠤᠢ ᠪᠣᠯᠤᠭᠠᠳ ᠣᠴᠢᠭᠰᠠᠨ ᠦᠭᠡᠢ

ᠶᠠᠭᠠᠬᠢᠯ᠎ᠠ ᠳᠠ ᠶᠠᠭᠠᠬᠢᠯ᠎ᠠ ᠳᠠ ᠶᠠᠭᠠᠬᠢᠯ᠎ᠠ ᠳᠠ
ᠶᠠᠭᠠᠬᠢᠯ᠎ᠠ ᠳᠠ ᠶᠠᠭᠠᠬᠢᠯ᠎ᠠ ᠳᠠ ᠶᠠᠭᠠᠬᠢᠯ᠎ᠠ ᠳᠠ
ᠶᠠᠭᠠᠬᠢᠯ᠎ᠠ ᠳᠠ
ᠶᠠᠭᠠᠬᠢᠯ᠎ᠠ ᠳᠠ
ᠶᠠᠭᠠᠬᠢᠯ᠎ᠠ ᠳᠠ

ᠬᠦᠷᠡᠩ ᠪᠤᠤᠷ᠎ᠠ ᠲᠠᠢ ᠲᠡᠮᠡᠭᠡ ᠪᠡᠨ
ᠬᠤᠷᠢᠶᠠᠨ᠎ᠠ ᠭᠡᠰᠡᠨ ᠴᠢᠨᠢ ᠶᠠᠭᠠᠬᠢᠯ᠎ᠠ ᠳᠠ
ᠬᠦᠷᠡᠩ ᠬᠦᠷᠮ᠎ᠡ ᠶ᠋ᠢᠨ ᠵᠠᠬ᠎ᠠ ᠳᠡᠭᠡᠷ᠎ᠡ
ᠬᠦᠯᠢᠶᠡᠨ᠎ᠡ ᠭᠡᠰᠡᠨ ᠴᠢᠨᠢ ᠶᠠᠭᠠᠬᠢᠯ᠎ᠠ ᠳᠠ

ᠬᠦᠷᠡᠩ ᠪᠤᠤᠷ᠎ᠠ ᠲᠠᠢ ᠲᠡᠮᠡᠭᠡ ᠨᠦ᠍ᠭᠦᠳ
ᠬᠥᠪᠡᠭᠡ ᠪᠡᠷ ᠭᠠᠷᠤᠭᠠᠳ ᠰᠠᠭᠠᠲᠠᠯ᠎ᠠ ᠳᠠ
ᠬᠦᠷᠡᠩ ᠬᠦᠷᠮ᠎ᠡ ᠶ᠋ᠢᠨ ᠵᠠᠬ᠎ᠠ ᠴᠢᠨᠢ
ᠬᠦᠢᠲᠡᠨ ᠪᠣᠯᠤᠭᠠᠳ ᠴᠢᠳᠠᠭᠰᠠᠨ ᠦᠭᠡᠢ

ᠶᠠᠭᠠᠬᠢᠯ᠎ᠠ ᠳᠠ ᠶᠠᠭᠠᠬᠢᠯ᠎ᠠ ᠳᠠ ᠶᠠᠭᠠᠬᠢᠯ᠎ᠠ ᠳᠠ
ᠶᠠᠭᠠᠬᠢᠯ᠎ᠠ ᠳᠠ ᠶᠠᠭᠠᠬᠢᠯ᠎ᠠ ᠳᠠ ᠶᠠᠭᠠᠬᠢᠯ᠎ᠠ ᠳᠠ
ᠶᠠᠭᠠᠬᠢᠯ᠎ᠠ ᠳᠠ
ᠶᠠᠭᠠᠬᠢᠯ᠎ᠠ ᠳᠠ
ᠶᠠᠭᠠᠬᠢᠯ᠎ᠠ ᠳᠠ

ᠲᠣᠷᠣᠮ ᠤ᠋ᠨ ᠰᠢᠷ᠎ᠠ ᠲᠠᠢ ᠲᠡᠮᠡᠭᠡ ᠨᠦ᠍ᠭᠦᠳ
ᠲᠣᠭᠯᠠᠵᠤ ᠴᠤᠪᠤᠭᠠᠳ ᠪᠠᠢᠨ᠎ᠠ ᠳᠠ
ᠲᠠᠩᠬᠢᠯ ᠬᠣᠩᠭᠣᠷ ᠪᠢᠳᠡᠨ ᠬᠣᠶᠠᠷ
ᠲᠠᠭᠠᠷᠠᠭᠠᠳ ᠰᠠᠭᠤᠬᠤ ᠨᠢ ᠳᠠᠮᠵᠢᠭ ᠦᠭᠡᠢ

ᠲᠣᠷᠣᠮ ᠤ᠋ᠨ ᠰᠢᠷ᠎ᠠ ᠲᠠᠢ ᠲᠡᠮᠡᠭᠡ ᠨᠦ᠍ᠭᠦᠳ
ᠲᠣᠭᠯᠠᠵᠤ ᠴᠤᠪᠤᠭᠠᠳ ᠪᠠᠢᠨ᠎ᠠ ᠳᠠ
ᠲᠠᠩᠬᠢᠯ ᠬᠣᠩᠭᠣᠷ ᠪᠢᠳᠡᠨ ᠬᠣᠶᠠᠷ
ᠲᠠᠭᠠᠷᠠᠭᠠᠳ ᠰᠠᠭᠤᠬᠤ ᠨᠢ ᠳᠠᠮᠵᠢᠭ ᠦᠭᠡᠢ

ᠶᠠᠭᠠᠬᠢᠯ᠎ᠠ ᠳᠠ ᠶᠠᠭᠠᠬᠢᠯ᠎ᠠ ᠳᠠ ᠶᠠᠭᠠᠬᠢᠯ᠎ᠠ ᠳᠠ
ᠶᠠᠭᠠᠬᠢᠯ᠎ᠠ ᠳᠠ ᠶᠠᠭᠠᠬᠢᠯ᠎ᠠ ᠳᠠ ᠶᠠᠭᠠᠬᠢᠯ᠎ᠠ ᠳᠠ
ᠶᠠᠭᠠᠬᠢᠯ᠎ᠠ ᠳᠠ
ᠶᠠᠭᠠᠬᠢᠯ᠎ᠠ ᠳᠠ ᠶᠠᠭᠠᠬᠢᠯ᠎ᠠ ᠳᠠ ᠶᠠᠭᠠᠬᠢᠯ᠎ᠠ ᠳᠠ
ᠶᠠᠭᠠᠬᠢᠯ᠎ᠠ ᠳᠠ
ᠶᠠᠭᠠᠬᠢᠯ᠎ᠠ ᠳᠠ

  ᠦᠰᠦᠭ ᠠᠮᠢᠯᠠᠭᠤᠯᠤᠭᠴᠢ᠄ ᠬᠠᠨ ᠱᠢ ᠵᠢᠶᠦ᠋ᠨ
  ᠦᠰᠦᠭ ᠬᠠᠲᠠᠭᠴᠢ᠄ ᠬᠠᠨ ᠱᠢ ᠵᠢᠶᠦ᠋ᠨ
  ᠬᠢᠨᠠᠭᠴᠢ᠄ ᠣᠳᠬᠠᠨᠰᠣ᠎ᠠ