ᠪᠦᠷᠭᠦᠳ ᠬᠠᠷᠢ ᠳᠤ ᠡᠭᠦᠷᠯᠡᠳᠡᠭ ᠦᠭᠡᠢ – ᠵ ᠂ ᠫᠦᠷᠪᠦ<ᠬᠣᠶᠠᠳᠤᠭᠠᠷ ᠪᠦᠯᠦᠭ –3>᠂ ᠬᠠᠷᠠᠬᠤᠷᠤᠮ ᠤᠨ ᠲᠤᠤᠯᠢ Бүргэд харьд үүрэлдэггүй – Ж᠂ Пүрэв <2-р бүлэг ~3>. хархормын тууль ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠦᠷᠭᠦᠳ ᠬᠠᠷᠢ ᠳᠤ ᠡᠭᠦᠷᠯᠡᠳᠡᠭ ᠦᠭᠡᠢ – ᠵ ᠂ ᠫᠦᠷᠪᠦ<ᠬᠣᠶᠠᠳᠤᠭᠠᠷ ᠪᠦᠯᠦᠭ –3>᠂ ᠬᠠᠷᠠᠬᠤᠷᠤᠮ ᠤᠨ ᠲᠤᠤᠯᠢ Бүргэд харьд үүрэлдэггүй – Ж᠂ Пүрэв <2-р бүлэг ~3>. хархормын тууль

ᠪᠦᠷᠭᠦᠳ ᠬᠠᠷᠢ ᠳᠤ ᠡᠭᠦᠷᠯᠡᠳᠡᠭ ᠦᠭᠡᠢ – ᠵ ᠂ ᠫᠦᠷᠪᠦ<ᠬᠣᠶᠠᠳᠤᠭᠠᠷ ᠪᠦᠯᠦᠭ –3>᠂ ᠬᠠᠷᠠᠬᠤᠷᠤᠮ ᠤᠨ ᠲᠤᠤᠯᠢ Бүргэд харьд үүрэлдэггүй – Ж᠂ Пүрэв <2-р бүлэг ~3>. хархормын тууль

ᠠᠩᠭᠢᠯᠠᠯ:ᠲᠤᠭᠤᠵᠢ ᠷᠣᠮᠠᠨ
2026-05-05

16

ᠬᠣᠶᠠᠳᠤᠭᠠᠷ ᠪᠦᠯᠦᠭ – ᠭᠣᠯᠣᠮᠲᠠ ᠳᠦᠰᠢᠬᠰᠡᠨ ᠡᠵᠡᠨ

ᠭᠤᠷᠪᠠ ᠂ ᠬᠠᠷᠠᠬᠤᠷᠤᠮ ᠤ᠋ᠨ ᠲᠤᠤᠯᠢ


       ᠪᠢᠯᠢᠭᠦᠨ ᠳᠠᠭᠠᠭᠠᠮᠠᠯ (ᠵᠠᠭᠤᠲᠤ ᠶ᠋ᠢᠨ ᠳᠠᠭᠠᠭᠠᠮᠠᠯ᠂ ᠵᠠᠭᠤᠲᠤ ᠶ᠋ᠢᠨ ᠨᠣᠶᠠᠨ᠂ ᠵᠠᠬᠢᠷᠤᠭᠴᠢ ᠭᠡᠵᠦ ᠶᠠᠩᠵᠤ ᠪᠦᠷᠢ ᠪᠡᠷ ᠨᠠᠷᠠᠯᠠᠨ ᠳᠠᠭᠤᠳᠠᠨ᠎ᠠ) ᠬᠡᠳᠦ ᠬᠣᠨᠣᠭ ᠰᠠᠵᠢᠯᠠᠭᠰᠠᠭᠠᠷ ᠶᠠᠪᠤᠭᠠᠳ ᠬᠠᠷᠠᠬᠣᠷᠣᠮ ᠬᠣᠲᠠ ᠳ᠋ᠤ᠌ ᠢᠷᠡᠵᠦ᠂ ᠭᠡᠷ ᠲᠦ᠍ ᠪᠡᠨ ᠣᠷᠣᠯ᠎ᠠ᠃ ᠣᠷᠣᠢ ᠶ᠋ᠢᠨ ᠴᠠᠭ ᠪᠢᠯᠡ᠃ ᠲᠡᠳᠡᠨ ᠦ᠌ ᠳ᠋ᠦ᠍  ᠬᠠᠳᠠᠮ ᠡᠴᠢᠭᠡ᠂ ᠭᠤᠷᠪᠠᠨ ᠨᠠᠰᠤᠲᠠᠢ ᠬᠦᠦ ᠨᠢ᠂ ᠭᠡᠷᠭᠡᠢ ᠮᠤᠷᠢᠨᠱᠠᠭᠠᠢ ᠨᠢ ᠬᠠᠮᠲᠤ ᠪᠠᠢᠳᠠᠭ᠃ ᠲᠡᠷᠡ ᠬᠥᠮᠦᠰ ᠨᠢ ᠡᠷᠡᠭᠦᠯ ᠡᠩᠬᠡ᠂ ᠬᠠᠳᠠᠮ ᠡᠴᠢᠭᠡ ᠨᠢ ᠵᠠᠯᠠᠭᠤ ᠳ᠋ᠤ᠌ ᠪᠠᠨ ᠪᠣᠭᠳᠠ ᠡᠵᠡᠨ ᠦ᠌ ᠬᠡᠪᠲᠡᠭᠦᠯ (ᠲᠣᠷᠭᠠᠨ ᠴᠡᠷᠢᠭ)  ᠳᠦ ᠪᠠᠢᠭᠰᠠᠨ ᠢᠲᠡᠭᠡᠯᠲᠡᠢ ᠬᠥᠮᠦᠨ ᠭᠡᠵᠦ ᠲᠣᠭᠠᠴᠠᠭᠳᠠᠳᠠᠭ ᠤᠴᠢᠷ ᠠ᠋ᠴᠠ ᠥᠬᠢᠨ ᠨᠢ ᠬᠠᠭᠠᠨ ᠤ᠋ ᠣᠷᠳᠣᠨ ᠳ᠋ᠤ᠌ ᠳᠡᠭᠡᠳᠦᠰ ᠦ᠋ᠳ ᠦ᠋ᠨ ᠵᠣᠭᠣᠭ ᠵᠥᠭᠡᠭᠡᠭᠴᠢ ᠪᠡᠷ ᠪᠠᠢᠯᠭᠠᠳᠠᠭ ᠪᠢᠯᠡ᠃  ᠡᠳᠡᠨ ᠦ᠌ ᠬᠢ ᠲᠡᠢ ᠣᠢᠷ᠎ᠠ ᠳᠣᠲᠣᠨᠣ ᠨᠤᠲᠤᠭᠯᠠᠳᠠᠭ ᠠᠢᠯ ᠨᠢ ᠪᠢᠯᠢᠭᠦᠨ ᠦ᠌ ᠠᠬ᠎ᠠ ᠪᠠᠷᠭᠠᠢ ᠶ᠋ᠢᠨ ᠬᠦᠯᠦᠭ ᠦ᠋ᠨ ᠬᠢ ᠪᠢᠯᠡ᠃  ᠪᠢᠯᠢᠭᠦᠨ ᠢ᠋ ᠢᠰᠡᠭᠡᠢ ᠭᠡᠷ ᠲᠦ᠍ ᠪᠡᠨ ᠣᠷᠣᠵᠤ ᠢᠷᠡᠬᠦ ᠳ᠋ᠦ᠍ ᠨᠢ ᠮᠤᠷᠢᠨᠱᠠᠭᠠᠢ ᠳᠠᠭᠤ ᠠᠯᠲᠠᠨ ᠪᠣᠰᠴᠤ ᠤᠭᠲᠤᠬᠤ ᠳ᠋ᠤ᠌ ᠪᠠᠨ ᠠᠶᠤᠭᠰᠠᠨ᠂ ᠭᠠᠢᠬᠠᠭᠰᠠᠨ ᠬᠣᠶᠠᠷ ᠢ᠋ ᠵᠡᠷᠭᠡᠴᠡᠭᠦᠯᠦᠨ᠂ ᠨᠢᠳᠦ ᠪᠡᠨ ᠲᠣᠮᠣ ᠪᠣᠯᠭᠠᠵᠤ᠄ 
       — ᠲᠠ ᠶᠠᠭᠠᠬᠢᠭᠠᠳ ᠡᠷᠭᠢᠭᠡᠳ ᠢᠷᠡᠪᠡ ᠠ᠋?  ᠪᠡᠶ᠎ᠡ ᠲᠠᠨᠢ ᠵᠦᠭᠡᠷ ᠤᠤ?  ᠭᠡᠵᠦ ᠶᠠᠭᠠᠷᠠᠨ ᠠᠰᠠᠭᠤᠪᠠ᠃ 
       — ᠵᠦᠭᠡᠷ ᠵᠦᠭᠡᠷ᠃ ᠪᠢ ᠡᠨᠡ ᠬᠣᠲᠠ ᠳ᠋ᠤ᠌ ᠰᠠᠭᠤᠬᠤ ᠵᠠᠷᠯᠢᠭ ᠠᠪᠤᠭᠠᠳ ᠡᠷᠭᠢᠨ ᠢᠷᠡᠯ᠎ᠡ᠃ 
       — ᠶᠠᠮᠠᠷ ᠰᠠᠢᠬᠠᠨ ᠦᠭᠡ ᠪᠣᠢ? ᠡᠷᠭᠢᠭᠡᠳ ᠶᠠᠪᠤᠬᠤ ᠦᠭᠡᠢ ᠶᠦ᠍ᠮ ᠤᠤ? ᠭᠡᠵᠦ ᠪᠦᠰᠡᠭᠦᠢ ᠯᠠᠪᠯᠠᠪᠠ᠃  
       — ᠶᠠᠭᠠᠮᠠᠢ ᠳᠠ᠃  ᠲᠡᠭᠡᠬᠦ ᠳ᠋ᠦ᠍ ᠪᠡᠨ ᠡᠨᠡ ᠴᠢᠨᠢ ᠠᠵᠠ ᠤᠤ᠂ ᠡᠵᠡ ᠤᠤ?  ᠭᠡᠵᠦ ᠪᠤᠭᠤᠷᠤᠯ ᠰᠠᠬᠠᠯ ᠲᠠᠢ᠂ ᠶᠠᠩᠬᠢᠭᠠᠷ ᠲᠣᠮᠣ ᠪᠡᠶᠡᠲᠡᠢ ᠡᠪᠦᠭᠡᠨ ᠬᠠᠳᠠᠮ ᠨᠢ ᠪᠠᠰᠠ ᠠᠰᠠᠭᠤᠯ᠎ᠠ᠃ ᠪᠢᠯᠢᠭᠦᠨ ᠡᠨᠡ ᠦᠭᠡᠨ ᠳ᠋ᠦ᠍ ᠨᠢ ᠬᠡᠯᠡᠬᠦ ᠪᠡᠯᠡᠨ ᠬᠠᠷᠢᠭᠤ ᠦᠭᠡᠢ ᠪᠢᠯᠡ᠃ 
       ᠡᠨᠡ ᠡᠷ᠎ᠡ ᠶ᠋ᠢᠨ ᠲᠥᠷᠥᠭᠰᠡᠨ ᠠᠬ᠎ᠠ ᠬᠦᠯᠦᠭ ᠨᠢ ᠪᠠᠰᠠ ᠬᠢᠲᠠᠳ ᠭᠠᠵᠠᠷ ᠲᠤ᠌ ᠬᠤᠪᠢᠯᠠᠢ ᠶ᠋ᠢᠨ ᠪᠢᠴᠢᠭ᠂ ᠴᠡᠷᠢᠭ ᠦ᠋ᠨ ᠪᠠᠭ᠎ᠠ ᠲᠦᠰᠢᠮᠡᠯ ᠭᠡᠬᠦ ᠤᠤ᠂ ᠲᠡᠭᠦᠨ ᠦ᠌ ᠨᠢᠭᠡ ᠭᠠᠷ ᠤ᠋ᠨ ᠪᠢᠴᠢᠭᠡᠴᠢ ᠨᠢ ᠪᠢᠯᠡ᠃ ᠡᠨᠡ ᠬᠣᠶᠠᠷ ᠬᠦᠦ ᠶ᠋ᠢᠨ ᠠᠪᠤ ᠨᠢ ᠪᠢᠴᠢᠭᠡᠴᠢ ᠬᠥᠮᠦᠨ ᠪᠠᠢᠭᠰᠠᠨ ᠤᠴᠢᠷ ᠦᠷ᠎ᠡ ᠬᠡᠦᠬᠡᠳ ᠦ᠋ᠳ ᠢ᠋ᠶ᠋ᠡᠨ ᠥᠪᠡᠷ ᠢ᠋ ᠪᠡᠨ ᠳᠠᠭᠠᠭᠤᠯᠤᠨ ᠰᠤᠷᠭᠠᠭᠰᠠᠨ ᠪᠥᠭᠡᠳ ᠪᠢᠴᠢᠭ ᠴᠠᠭᠠᠰᠤᠨ ᠤ᠋ ᠬᠥᠮᠦᠨ ᠴᠥᠭᠡᠨ ᠤᠴᠢᠷ ᠬᠡᠦᠬᠡᠳ ᠦ᠋ᠳ ᠦ᠋ᠨ ᠠᠯᠢ ᠠᠯᠢ ᠨᠢ ᠨᠣᠶᠠᠳ ᠲᠤ ᠰᠢᠳᠠᠷᠯᠠᠨ ᠨᠢᠭᠤᠷ ᠣᠯᠵᠤ ᠠᠪᠤᠭᠰᠠᠨ ᠪᠠᠢᠯ᠎ᠠ᠃  ᠳᠥᠩᠭᠡᠵᠢ ᠳᠥᠷᠪᠡ ᠲᠠᠪᠤ ᠬᠣᠨᠣᠭᠠᠳ ᠭᠡᠷ ᠲᠦ᠍ ᠪᠡᠨ ᠡᠷᠭᠢᠨ ᠢᠷᠡᠵᠦ ᠪᠣᠢ ᠪᠢᠯᠢᠭᠦᠨ ᠣᠯᠠᠨ ᠵᠢᠯ ᠬᠠᠷᠢ ᠳ᠋ᠤ᠌ ᠰᠠᠭᠤᠵᠤ ᠪᠠᠢᠭᠠᠳ ᠢᠷᠡᠭᠰᠡᠨ ᠠᠳᠠᠯᠢ ᠭᠡᠷ ᠦ᠋ᠨ ᠬᠢᠨ ᠳ᠋ᠦ᠍ ᠪᠡᠨ ᠬᠦᠨᠳᠦᠲᠡᠢ ᠪᠠᠢᠪᠠ᠃  ᠲᠡᠷᠡ ᠪᠡᠷ ᠬᠣᠶᠠᠷ ᠬᠣᠨᠣᠭ ᠬᠦᠦ ᠪᠡᠨ ᠡᠷᠬᠡᠯᠡᠭᠦᠯᠦᠨ ᠭᠡᠷᠭᠡᠢ ᠶ᠋ᠢᠨ ᠬᠠᠮᠲᠤ ᠪᠠᠢᠵᠤ ᠪᠡᠶ᠎ᠡ ᠶ᠋ᠢᠨ ᠴᠢᠯᠡᠭᠡ ᠭᠠᠷᠭᠠᠯ᠎ᠠ᠃  ᠤᠨᠤᠵᠤ ᠢᠷᠡᠭᠰᠡᠨ ᠬᠣᠶᠠᠷ ᠮᠣᠷᠢ ᠪᠠᠨ ᠥᠪᠡᠷ ᠦ᠋ᠨ ᠴᠥᠭᠡᠨ ᠠᠳᠤᠭᠤᠨ ᠳ᠋ᠤ᠌ ᠲᠠᠯᠪᠢᠵᠤ ᠥᠮᠴᠢᠨ ᠦ᠌ ᠪᠡᠨ ᠮᠠᠯ ᠪᠣᠯᠭᠠᠬᠤ ᠰᠠᠨᠠᠭᠠᠲᠠᠢ ᠪᠠᠢᠪᠠ᠃ ᠠᠯᠤᠰ ᠠ᠋ᠴᠠ ᠬᠡᠷᠡᠭᠯᠡᠨ ᠢᠷᠡᠭᠰᠡᠨ ᠤᠨᠤᠭ᠎ᠠ ᠨᠢ ᠲᠡᠷᠡ ᠬᠥᠮᠦᠨ ᠦ᠌ ᠬᠢ ᠪᠣᠯᠳᠠᠭ ᠨᠢ ᠨᠡᠢᠲᠡ ᠶ᠋ᠢᠨ ᠵᠢᠮ᠎ᠡ ᠪᠠᠢᠯ᠎ᠠ᠃  ᠡᠳᠡᠨ ᠦ᠌ ᠭᠡᠷ ᠨᠡᠢᠰᠯᠡᠯ ᠬᠣᠲᠠ ᠶ᠋ᠢᠨ ᠲᠥᠪ ᠦ᠋ᠨ ᠬᠡᠰᠡᠭ ᠲᠦ᠍ ᠪᠠᠢᠭ᠎ᠠ ᠠᠢᠯ ᠤ᠋ᠳ ᠤ᠋ᠨ ᠳᠤᠮᠳᠠ ᠪᠥᠯᠥᠭᠡ᠃ ᠮᠤᠷᠢᠱᠠᠭᠠᠢ ᠶ᠋ᠢ ᠬᠦᠦ ᠲᠡᠢ ᠪᠡᠨ ᠳᠠᠭᠠᠭᠤᠯᠤᠭᠠᠳ ᠨᠡᠢᠰᠯᠡᠯ ᠦ᠋ᠨ ᠲᠥᠪ ᠢ᠋ᠶ᠋ᠡᠷ ᠠᠯᠬᠤᠪᠠ᠃  ᠤᠷᠢᠳ ᠪᠠᠢᠳᠠᠯ ᠢ᠋ ᠮᠡᠳᠡᠳᠡᠭ ᠴᠦ᠍ ᠭᠡᠰᠡᠨ ᠡᠨᠡ ᠤᠳᠠᠭ᠎ᠠ ᠳ᠋ᠤ᠌ ᠪᠦᠷᠢᠨ ᠴᠢᠯᠥᠭᠡᠲᠡᠢ ᠪᠡᠷ ᠢᠩᠭᠢᠵᠦ ᠬᠠᠢᠷᠠᠲᠤ ᠬᠥᠮᠦᠨ ᠢ᠋ᠶ᠋ᠡᠨ ᠳᠠᠭᠠᠭᠤᠯᠤᠭᠠᠳ ᠶᠠᠪᠤᠬᠤ ᠳ᠋ᠤ᠌ ᠪᠦᠬᠦ ᠶᠠᠭᠤᠮ᠎ᠠ ᠰᠢᠨ᠎ᠡ ᠰᠡᠷᠬᠡᠭᠬᠡᠨ ᠪᠠᠢᠲᠠᠯᠲᠠᠢ ᠬᠠᠷᠠᠭᠳᠠᠨ᠂ ᠲᠠᠨᠢᠬᠤ ᠲᠠᠨᠢᠬᠤ ᠦᠭᠡᠢ ᠣᠯᠠᠨ ᠬᠥᠮᠦᠨ ᠲᠡᠢ ᠠᠭᠤᠯᠵᠠᠭᠠᠳ ᠲᠤᠩ ᠰᠣᠨᠢᠨ ᠪᠠᠢᠯ᠎ᠠ᠃ ᠪᠢᠯᠢᠭᠦᠨ ᠳ᠋ᠦ᠍ ᠬᠢᠲᠠᠳ ᠭᠠᠵᠠᠷ ᠶᠠᠪᠤᠵᠤ ᠦᠵᠡᠭᠡᠳ ᠢᠷᠡᠭᠰᠡᠨ ᠬᠣᠲᠠ ᠨᠤᠭᠤᠳ ᠠ᠋ᠴᠠ ᠬᠠᠷ᠎ᠠ ᠬᠣᠷᠣᠮ ᠳᠤᠲᠠᠬᠤ ᠶᠠᠭᠤᠮ᠎ᠠ ᠦᠭᠡᠢ᠂ ᠬᠠᠷᠢᠨ ᠶᠡᠬᠡ ᠭᠦᠷᠦᠨ ᠦ᠌ ᠨᠡᠢᠰᠯᠡᠯ ᠦ᠋ᠨ ᠬᠤᠪᠢ ᠳ᠋ᠤ᠌ ᠥᠩᠭᠡᠯᠢᠭ᠂ ᠬᠥᠯ ᠬᠥᠰᠬᠡᠨ ᠶᠡᠬᠡᠲᠡᠢ ᠰᠣᠨᠢᠨ ᠪᠠᠢᠪᠠ᠃  ᠬᠠᠷ᠎ᠠ ᠬᠣᠷᠣᠮ ᠰᠡᠭᠦᠯ ᠦ᠋ᠨ ᠦᠶ᠎ᠡ ᠳ᠋ᠦ᠍ ᠪᠦᠷ ᠲᠣᠮᠣ ᠪᠣᠯᠵᠠᠢ᠃  ᠲᠥᠪ ᠦ᠋ᠨ ᠬᠡᠰᠡᠭ ᠨᠢ ᠡᠷᠭᠢᠨ ᠲᠣᠭᠣᠷᠢᠨ ᠨᠢ ᠰᠢᠪᠡᠷ ᠬᠡᠷᠡᠮ ᠬᠠᠰᠢᠶ᠎ᠠ ᠲᠠᠢ᠂ ᠲᠡᠷᠡ ᠳᠤᠮᠳᠠ ᠪᠠᠨ ᠮᠣᠷᠢᠲᠠᠨ ᠨᠤᠭᠤᠳ᠂ ᠲᠡᠷᠭᠡ ᠴᠢᠷᠭ᠎ᠠ ᠲᠠᠢ ᠬᠥᠮᠦᠰ ᠢ᠋ ᠶᠠᠪᠤᠭᠤᠯᠳᠠᠭ ᠦᠭᠡᠢ᠂ ᠬᠠᠰᠢᠶᠠᠨ ᠤ᠋ ᠬᠡᠳᠦᠨ ᠬᠠᠭᠠᠯᠭᠠᠨ ᠳᠡᠭᠡᠷ᠎ᠡ ᠴᠠᠭᠳᠠᠴᠢ ᠬᠠᠷᠠᠭᠤᠯ ᠤ᠋ᠨ ᠬᠥᠮᠦᠰ ᠵᠣᠭᠰᠣᠨ᠎ᠠ᠃ ᠶᠡᠬᠡ ᠬᠡᠷᠡᠮ ᠬᠠᠰᠢᠶᠠᠨ ᠳᠣᠲᠣᠷ᠎ᠠ ᠲᠢᠭ ᠵᠢᠷᠤᠮ ᠴᠢᠩᠳᠠ᠂ ᠭᠤᠳᠤᠮᠵᠢ ᠲᠠᠯᠠᠪᠠᠢ᠂ ᠰᠦᠮ᠎ᠡ ᠳᠤᠭᠠᠩ ᠤ᠋ᠨ ᠡᠭᠦᠳᠡ ᠪᠡᠷ ᠨᠣᠭᠣᠭᠠᠨ ᠮᠣᠳᠣᠳ ᠲᠠᠷᠢᠵᠤ ᠤᠷᠭᠤᠭᠤᠯᠤᠭᠰᠠᠨ ᠨᠢ ᠬᠡᠭᠡᠷ᠎ᠡ ᠶ᠋ᠢᠨ ᠰᠢᠭᠤᠢ ᠠ᠋ᠴᠠ ᠪᠠᠷᠤᠭ ᠳᠤᠲᠠᠮ᠎ᠠ ᠦᠭᠡᠢ ᠥᠨᠢᠷ ᠦᠵᠡᠰᠬᠦᠯᠡᠩᠲᠡᠢ᠃ ᠨᠠᠮᠤᠷ ᠤ᠋ᠨ ᠡᠬᠢᠨ ᠰᠠᠷ᠎ᠠ ᠶ᠋ᠢᠨ ᠬᠠᠯᠠᠭᠤᠨ ᠡᠳᠦᠷ ᠦ᠋ᠳ ᠢᠷᠡᠵᠦ ᠪᠣᠢ ᠲᠤᠯᠠ ᠬᠣᠲᠠ ᠪᠠᠷ ᠵᠤᠭᠠᠴᠠᠭᠴᠢᠳ᠂ ᠲᠠᠷᠢᠮᠠᠯ ᠮᠣᠳᠣᠨ ᠤ᠋ ᠰᠡᠭᠦᠳᠡᠷ ᠲᠦ᠍ ᠰᠠᠭᠤᠨ ᠰᠡᠷᠢᠭᠦᠴᠡᠬᠦ᠂ ᠶᠡᠬᠡ ᠬᠠᠭᠠᠨ ᠤ᠋ ᠣᠷᠳᠣᠨ ᠤ᠋ ᠡᠮᠦᠨᠡᠲᠦ ᠲᠠᠯᠠᠪᠠᠢ ᠳ᠋ᠤ᠌ ᠪᠠᠢᠭ᠎ᠠ ᠮᠥᠩᠭᠥᠨ ᠮᠣᠳᠣᠨ ᠳ᠋ᠤ᠌ ᠣᠴᠢᠵᠤ ᠴᠠᠩᠭᠠᠭ᠎ᠠ ᠭᠠᠷᠭᠠᠨ᠎ᠠ᠃ 
       ᠶᠡᠬᠡ ᠲᠠᠯᠠᠪᠠᠢ ᠳᠡᠭᠡᠷ᠎ᠡ ᠭᠠᠳᠠᠭᠠᠳᠤ ᠶ᠋ᠢᠨ ᠪᠣᠯᠤᠨ ᠳᠣᠲᠣᠭᠠᠳᠤ ᠶ᠋ᠢᠨ ᠤᠷᠠᠨ ᠳᠠᠷᠬᠠᠴᠤᠤᠯ① ᠤ᠋ᠨ ᠤᠷᠠᠯᠠᠵᠤ ᠬᠢᠭᠰᠡᠨ᠂ ᠠᠷᠪᠠ ᠣᠷᠴᠢᠮ ᠠᠯᠲᠠ ᠥᠨᠳᠥᠷ ᠮᠥᠩᠭᠥᠨ ᠮᠣᠳᠣ ᠪᠠᠢᠨ᠎ᠠ᠃ ᠲᠡᠷᠡ ᠮᠣᠳᠣᠨ ᠤ᠋ ᠮᠥᠴᠢᠷ ᠪᠠᠶᠠᠯᠢᠭ᠂ ᠡᠯᠳᠡᠪ ᠲᠥᠷᠥᠯ ᠦ᠋ᠨ ᠵᠢᠮᠢᠰ᠂ ᠨᠠᠪᠴᠢ ᠴᠡᠴᠡᠭ ᠰᠡᠢᠯᠦᠨ ᠮᠣᠳᠣ ᠪᠠᠷ ᠭᠤᠶᠤᠭᠰᠠᠨ ᠨᠢ ᠦᠵᠡᠰᠬᠦᠯᠡᠩᠲᠡᠢ᠃  ᠤᠭ ᠮᠣᠳᠣᠨ ᠤ᠋ ᠣᠷᠣᠢ ᠠ᠋ᠴᠠ ᠮᠥᠩᠭᠥᠨ ᠭᠤᠤᠷᠰᠤ ᠪᠠᠷ ᠨᠡᠷᠡᠮᠡᠯ ᠠᠷᠢᠬᠢ᠂ ᠭᠡᠬᠦᠨ ᠦ᠌ ᠢᠰᠬᠦᠯᠡᠩ ᠠᠢᠷᠠᠭ᠂ ᠬᠥᠭᠡᠷᠦᠭᠦᠯᠦᠭᠰᠡᠨ ᠰᠦ ᠭᠣᠭᠣᠵᠢᠵᠤ᠂ ᠬᠥᠮᠦᠰ ᠲᠡᠭᠦᠨ ᠢ᠋ ᠨᠢ ᠠᠶᠠᠭ᠎ᠠ ᠪᠠᠷ ᠲᠣᠰᠣᠨ ᠠᠪᠴᠤ ᠤᠤᠭᠤᠵᠤ ᠠᠩᠭᠠᠭ᠎ᠠ ᠪᠠᠨ ᠭᠠᠷᠭᠠᠨ᠎ᠠ᠃ ᠣᠯᠠᠨ ᠬᠣᠲᠠ ᠣᠷᠣᠨ ᠢ᠋ᠶ᠋ᠠᠷ ᠶᠠᠪᠤᠵᠤ ᠦᠵᠡᠭᠰᠡᠨ ᠬᠠᠷᠢ ᠭᠠᠵᠠᠷ ᠤ᠋ᠨ ᠬᠥᠮᠦᠰ ᠲᠡᠷᠡ ᠮᠥᠩᠭᠥᠨ ᠮᠣᠳᠣ᠂ ᠲᠡᠭᠦᠨ ᠡᠴᠡ ᠭᠣᠭᠣᠵᠢᠵᠤ ᠪᠠᠢᠳᠠᠭ ᠤᠮᠳᠠᠭ᠎ᠠ ᠶ᠋ᠢ ᠦᠵᠡᠭᠡᠳ ᠱᠠᠭᠰᠢᠨ ᠭᠠᠢᠬᠠᠵᠤ᠄ 
       — ᠡᠨᠡ ᠪᠣᠯ ᠬᠥᠮᠦᠨ ᠦ᠌ ᠰᠠᠨᠠᠭᠠᠨ ᠳ᠋ᠤ᠌ ᠪᠠᠭᠤᠵᠤ ᠣᠯᠳᠠᠰᠢ ᠦᠭᠡᠢ ᠭᠠᠢᠬᠠᠮᠰᠢᠭ ᠮᠥᠨ᠃ 
       — ᠮᠣᠩᠭᠣᠯ ᠤ᠋ᠨ ᠨᠡᠢᠰᠯᠡᠯ ᠳ᠋ᠦ᠍ ᠡᠢᠮᠦ ᠪᠠᠢᠬᠤ ᠠ᠋ᠴᠠ ᠪᠢᠰᠢ ᠥᠭᠡᠷ᠎ᠡ ᠶᠠᠭᠠᠬᠢᠵᠤ ᠪᠠᠢᠬᠤ ᠪᠣᠢ᠃ 
       — ᠳᠡᠯᠡᠬᠡᠢ ᠶᠢᠷᠲᠢᠨᠴᠦ ᠶ᠋ᠢᠨ ᠳᠠᠩ ᠬᠠᠭᠠᠰ ᠢ᠋ ᠡᠷᠬᠡᠨ ᠳ᠋ᠦ᠍ ᠪᠡᠨ ᠣᠷᠣᠭᠤᠯᠤᠭᠰᠠᠨ ᠭᠦᠷᠦᠨ ᠡᠢᠮᠦ ᠶᠠᠭᠤᠮ᠎ᠠ ᠬᠢᠬᠦ ᠡᠴᠡ ᠥᠭᠡᠷ᠎ᠡ ᠶᠠᠭᠠᠬᠢᠬᠤ ᠪᠢᠯᠡ ᠭᠡᠮᠡᠨ ᠬᠢᠲᠠᠳ᠂ ᠲᠥᠪᠡᠳ᠂ ᠬᠢᠨᠳᠡᠢ᠂ ᠠᠷᠠᠪ᠂ ᠰᠣᠯᠣᠩᠭᠣᠰ᠂ ᠫᠧᠷᠰ᠂ ᠣᠷᠣᠰ᠂ ᠢᠲ᠋ᠠᠯᠢ᠂ ᠹᠷᠠᠨᠼᠢ ᠬᠡᠯᠡ ᠪᠡᠷ ᠶᠠᠷᠢᠯᠴᠠᠵᠤ᠂ ᠮᠣᠳᠣᠨ ᠤ᠋ ᠳᠡᠷᠭᠡᠳᠡ ᠵᠣᠭᠰᠣᠭᠠᠳ ᠵᠢᠷᠤᠭ ᠢ᠋ᠶ᠋ᠠᠨ ᠵᠢᠷᠤᠭᠤᠯᠬᠤ ᠭᠡᠵᠦ ᠪᠠᠢᠭ᠎ᠠ ᠭᠡᠢᠴᠢᠨ ᠴᠦ᠍ ᠦᠵᠡᠭᠳᠡᠨ᠎ᠡ᠃  
       ᠪᠢᠯᠢᠭᠦᠨ ᠮᠤᠷᠢᠨᠱᠠᠭᠠᠢ ᠨᠠᠷ ᠮᠥᠩᠭᠥᠨ ᠮᠣᠳᠣᠨ ᠳᠡᠭᠡᠷ᠎ᠡ ᠢᠷᠡᠵᠦ ᠠᠢᠷᠠᠭ ᠵᠠᠯᠭᠢᠯᠠᠭᠠᠳ᠂ ᠬᠦᠦ ᠳ᠋ᠦ᠍ ᠪᠡᠨ ᠰᠦ ᠤᠤᠭᠤᠯᠭᠠᠵᠤ ᠦᠨ᠎ᠡ ᠶ᠋ᠢ ᠲᠥᠯᠥᠬᠦ ᠳ᠋ᠦ᠍ ᠪᠡᠨ ᠰᠡᠳᠬᠢᠯ ᠲᠡᠨᠢᠭᠦᠨ ᠶᠠᠩᠵᠤ ᠪᠠᠷ ᠬᠦᠦᠷᠨᠢᠯᠳᠦᠵᠦ ᠪᠠᠢᠪᠠ᠃ ᠮᠤᠷᠢᠨᠱᠠᠭᠠᠢ ᠱᠠᠩᠬᠤᠨ ᠭᠡᠵᠢᠭᠡ ᠪᠡᠨ ᠵᠠᠰᠠᠵᠤ ᠵᠣᠭᠰᠣᠭᠠᠳ ᠪᠢᠯᠢᠭᠦᠨ ᠳ᠋ᠦ᠍ ᠬᠠᠨᠳᠤᠨ᠄  
       — ᠰᠡᠳᠬᠢᠯ ᠪᠠᠶᠠᠰᠬᠤ ᠪᠠᠷ ᠰᠣᠨᠢᠨ ᠶᠠᠭᠤᠮ᠎ᠠ ᠪᠢ ᠬᠢᠲᠠᠳ ᠤ᠋ᠨ ᠬᠣᠲᠠ ᠳ᠋ᠤ᠌ ᠦᠵᠡᠭᠡ ᠦᠭᠡᠢ᠃  ᠬᠥᠮᠦᠰ ᠨᠢ ᠴᠥᠮ ᠢ᠋ᠶ᠋ᠡᠷ ᠢ᠋ᠶ᠋ᠡᠨ ᠰᠢᠪᠠᠷ ᠪᠠᠢᠰᠢᠩ ᠳ᠋ᠤ᠌ ᠰᠠᠭᠤᠵᠤ ᠠᠵᠤ ᠲᠥᠷᠥᠳᠡᠭ ᠪᠣᠯᠬᠣᠷ ᠢ᠋ᠶ᠋ᠠᠨ ᠳᠠᠯᠤᠤ ᠰᠢᠭ᠋ ᠬᠡᠯᠪᠡᠷᠢᠲᠡᠢ ᠵᠢᠵᠢᠭ ᠰᠢᠪᠠᠷ ᠪᠠᠢᠰᠢᠩ ᠤ᠋ᠳ ᠪᠡᠶ᠎ᠡ ᠪᠡᠶ᠎ᠡ ᠪᠡᠨ ᠳᠡᠷᠡᠯᠡᠭᠡᠳ ᠤᠷᠲᠤ ᠭᠤᠲᠤᠮᠤᠢ ᠭᠠᠷᠭᠠᠨ ᠪᠠᠷᠢᠵᠤ ᠣᠷᠬᠢᠭᠰᠠᠨ ᠪᠠᠢᠳᠠᠭ᠃ ᠭᠣᠣᠯᠳᠠᠭᠤ ᠬᠣᠲᠠ ᠶ᠋ᠢᠨ ᠲᠥᠪ ᠦ᠋ᠨ ᠬᠡᠰᠡᠭ ᠨᠢ ᠬᠠᠭᠠᠳ ᠨᠣᠶᠠᠨ ᠤ᠋ ᠣᠷᠳᠣᠨ ᠪᠠᠶᠠᠴᠤᠳ ᠤ᠋ᠨ ᠭᠡᠷ ᠪᠠᠢᠰᠢᠩ ᠢ᠋ᠶ᠋ᠠᠷ ᠳᠦᠭᠦᠷᠴᠦ᠂ ᠨᠡᠯᠢᠶᠡᠨ ᠦᠵᠡᠰᠬᠦᠯᠡᠩᠲᠡᠢ ᠬᠠᠷᠠᠭᠳᠠᠬᠤ ᠪᠠᠷ ᠪᠠᠢᠳᠠᠭ᠃ ᠲᠡᠭᠡᠬᠦ ᠳ᠋ᠦ᠍ ᠪᠡᠨ ᠮᠠᠨ ᠤ᠋ ᠡᠨᠡ ᠬᠣᠲᠠ ᠰᠢᠭ᠋ ᠭᠣᠶᠣ ᠭᠠᠵᠠᠷ ᠬᠠᠮᠢᠭ᠎ᠠ ᠴᠦ᠍ ᠪᠠᠢᠬᠤ ᠦᠭᠡᠢ᠃ ᠬᠠᠯᠠᠭᠤᠨ ᠪᠣᠯᠬᠣᠷ ᠬᠣᠲᠠ ᠶ᠋ᠢᠨ ᠬᠡᠦᠬᠡᠳ ᠦ᠋ᠳ ᠨᠢ ᠱᠠᠯᠳᠠᠩ ᠨᠢᠴᠦᠭᠦᠨ ᠭᠦᠶᠦᠵᠦ ᠪᠠᠢᠨ᠎ᠠ᠃ ᠶᠠᠳᠠᠭᠤᠴᠤᠳ ᠶᠡᠬᠡ ᠣᠯᠠᠨ᠂ ᠲᠡᠳᠡ ᠪᠠᠰᠠ ᠬᠤᠪᠴᠠᠰᠤ ᠦᠭᠡᠢ ᠪᠣᠯᠬᠣᠷ ᠦᠷᠦ ᠡᠪᠡᠳᠦᠮᠡᠷ ᠠᠮᠢᠲᠠᠨ ᠣᠯᠠᠨ ᠲᠠᠭᠠᠷᠠᠯᠳᠤᠨ᠎ᠠ᠃ ᠲᠣᠮᠣ ᠬᠣᠲᠠ ᠨᠤᠭᠤᠳ ᠤ᠋ᠨ ᠭᠤᠶᠤᠯᠭᠠᠴᠢᠨ ᠨᠡᠩ ᠣᠯᠠᠨ ᠰᠢᠦ ᠳᠡ᠃ ᠲᠡᠳᠡᠨ ᠢ᠋ ᠬᠠᠷᠠᠬᠤ ᠪᠠᠷ ᠰᠡᠳᠬᠢᠯ ᠰᠢᠮᠰᠢᠷᠡᠭᠡᠳ ᠭᠣᠷᠢ ᠦᠭᠡᠢ ᠪᠠᠢᠳᠠᠭ ᠭᠡᠮᠡᠨ ᠶᠠᠷᠢᠪᠠ᠃ 
       — ᠠᠪᠤ ᠠ᠋! ᠲᠡᠭᠦᠨ ᠢ᠋ ᠶᠠᠭᠤ ᠭᠡᠳᠡᠭ ᠶᠦᠮ ᠪᠣᠢ? ᠭᠡᠵᠦ ᠵᠢᠭᠠᠯ ᠬᠦᠦ ᠨᠢ ᠨᠢᠳᠦᠨ ᠳ᠋ᠦ᠍ ᠪᠡᠨ ᠬᠠᠷᠠᠭᠳᠠᠭᠰᠠᠨ ᠭᠣᠶᠣᠮᠰᠣᠭ ᠪᠠᠷᠢᠯᠭ᠎ᠠ ᠨᠤᠭᠤᠳ ᠢ᠋ ᠵᠢᠭᠠᠵᠤ ᠠᠰᠠᠭᠤᠨ᠎ᠠ᠃ ᠬᠡᠦᠬᠡᠳ ᠦ᠋ᠨ ᠪᠠᠢᠲᠤᠭᠠᠢ ᠥᠥᠭᠡᠳ ᠦ᠋ᠨ ᠨᠢᠳᠦ ᠪᠤᠯᠢᠶᠠᠬᠤ ᠶᠠᠭᠤᠮ᠎ᠠ ᠬᠠᠷᠠᠬᠤᠷᠤᠮ ᠳ᠋ᠤ᠌ ᠵᠠᠬ᠎ᠠ ᠠ᠋ᠴᠠ ᠠᠪᠤᠨ᠎ᠠ᠃ ᠠᠰᠠᠷ ᠣᠷᠣᠢ ᠲᠠᠢ ᠪᠤᠷᠬᠠᠨ ᠤ᠋ ᠱᠠᠰᠢᠨ ᠤ᠋ ᠰᠦᠮ᠎ᠡ᠂ ᠳᠥᠷᠪᠡᠯᠵᠢᠨ ᠣᠷᠣᠢ ᠲᠠᠢ ᠯᠠᠯᠤ ᠶ᠋ᠢᠨ ᠰᠦᠮ᠎ᠡ᠂ ᠱᠣᠮᠪᠣᠭᠣᠷ ᠪᠥᠭᠡᠷᠡᠩᠬᠡᠢ ᠣᠷᠣᠢ ᠲᠠᠢ ᠢᠰᠯᠠᠮ ᠤ᠋ᠨ ᠰᠦᠮ᠎ᠡ ᠪᠠᠰᠠ ᠭᠣᠶᠣᠬᠠᠨ ᠬᠠᠷᠠᠭᠳᠠᠨ᠎ᠠ᠃ ᠾᠷᠢᠰᠲ᠋ᠣᠰ ᠤ᠋ᠨ ᠱᠠᠰᠢᠨ ᠤ᠋ ᠰᠦᠮ᠎ᠡ ᠡᠴᠡ ᠪᠠᠢᠨ ᠪᠠᠢᠨ ᠬᠣᠩᠬᠣ ᠨᠦᠷᠭᠢᠯᠡᠨ ᠳᠤᠤᠭᠠᠷᠴᠤ ᠰᠣᠨᠣᠰᠤᠭᠳᠠᠬᠤ ᠨᠢ ᠴᠢᠬᠢᠨ ᠳ᠋ᠦ᠍ ᠴᠢᠮᠡᠭᠲᠡᠢ ᠠᠵᠢ᠃ ᠨᠣᠭᠣᠭᠠᠨ ᠮᠣᠳᠣᠨ ᠤ᠋ ᠰᠡᠭᠦᠳᠡᠷ ᠳᠣᠣᠷ᠎ᠠ ᠰᠠᠭᠤᠭᠠᠳ ᠪᠤᠷᠬᠠᠨ ᠤ᠋ ᠬᠥᠷᠥᠭ ᠵᠢᠷᠤᠵᠤ ᠪᠣᠢ ᠵᠢᠷᠤᠭᠠᠴᠢ ᠲᠠᠢᠪᠤᠩ ᠤᠷᠠᠯᠠᠵᠤ ᠪᠠᠢᠨ᠎ᠠ᠃ 
       ᠮᠣᠩᠭᠣᠯ ᠰᠦᠮ᠎ᠡ ᠳᠤᠭᠠᠩ ᠤ᠋ᠨ ᠳᠡᠭᠡᠪᠦᠷ ᠨᠢ ᠭᠡᠷ ᠬᠡᠯᠪᠡᠷᠢᠲᠡᠢ᠂ ᠰᠠᠷᠠᠪᠴᠢ ᠨᠢ ᠠᠰᠠᠷ ᠬᠡᠯᠪᠡᠷᠢᠲᠡᠢ ᠪᠠᠢᠨ᠎ᠠ᠃ ᠬᠥᠬᠡ ᠲᠣᠭᠣᠰᠬᠠᠨ ᠬᠠᠨ᠎ᠠ ᠲᠠᠢ᠂ ᠨᠣᠭᠣᠭᠠᠨ ᠥᠩᠭᠡ ᠶ᠋ᠢᠨ ᠳᠡᠭᠡᠪᠦᠷ ᠲᠡᠢ ᠪᠠᠢᠰᠢᠩ ᠣᠯᠠᠨ ᠲᠠᠭᠠᠷᠠᠯᠳᠤᠨ᠎ᠠ᠃ ᠳᠤᠭᠠᠩ ᠰᠦᠮ᠎ᠡ ᠶ᠋ᠢᠨ ᠬᠠᠨ᠎ᠠ ᠲᠤᠭᠤᠷᠭᠠᠨ ᠤ᠋ ᠳᠡᠭᠡᠭᠦᠷ ᠨᠢᠰᠳᠡᠭ ᠯᠤᠤ᠂ ᠬᠡᠪᠲᠡᠭᠡ ᠪᠤᠭᠤ᠂ ᠮᠠᠷᠠᠯ ᠤ᠋ᠨ ᠲᠣᠯᠣᠭᠠᠢ᠂ ᠰᠠᠭᠰᠠᠷ ᠤ᠋ᠨ ᠬᠦᠷᠳᠦ ᠰᠡᠯᠲᠡ ᠶ᠋ᠢᠨ ᠤᠷᠠᠨ ᠳᠦᠷᠰᠦ ᠲᠡᠢ ᠵᠦᠢᠯ ᠦ᠋ᠳ ᠨᠢᠳᠦ ᠪᠤᠯᠢᠶᠠᠬᠤ ᠦᠭᠡᠢ ᠪᠠᠢᠬᠤ ᠶ᠋ᠢᠨ ᠠᠷᠭ᠎ᠠ ᠦᠭᠡᠢ ᠬᠠᠷᠠᠭᠳᠠᠨ᠎ᠠ᠃ ᠵᠠᠷᠢᠮ ᠰᠦᠮ᠎ᠡ᠂ ᠶᠡᠬᠡ ᠬᠠᠭᠠᠨ ᠤ᠋ ᠤᠷᠲᠤ ᠬᠠᠷᠰᠢ ᠶ᠋ᠢᠨ ᠳᠡᠭᠡᠪᠦᠷ ᠢ᠋ ᠠᠯᠲᠠ ᠰᠢᠷᠠᠮᠠᠯ᠂ ᠡᠷᠳᠡᠨᠢ ᠶ᠋ᠢᠨ ᠴᠢᠯᠠᠭᠤᠨ ᠰᠢᠭᠢᠳᠬᠡᠭᠡ ᠲᠡᠢ ᠵᠦᠢᠯ ᠢ᠋ᠶ᠋ᠡᠷ ᠬᠢᠭᠰᠡᠨ ᠨᠢ ᠨᠠᠷᠠᠨ ᠳ᠋ᠤ᠌ ᠭᠢᠯᠠᠯᠵᠠᠵᠤ᠂ ᠨᠢᠳᠦ ᠭᠢᠯᠪᠠᠭᠤᠯᠤᠨ ᠪᠠᠢᠯ᠎ᠠ᠃ ᠣᠷᠳᠣᠨ ᠤ᠋ ᠬᠠᠭᠠᠯᠭ᠎ᠠ ᠡᠭᠦᠳᠡ᠂ ᠭᠤᠯᠳᠤᠩ ᠤ᠋ᠳ᠂ ᠳᠡᠷᠡᠭᠡᠷ ᠰᠠᠷᠠᠪᠴᠢ ᠶ᠋ᠢ ᠬᠥᠭᠡᠴᠡᠯᠳᠦᠭᠦᠷ ᠤᠭᠠᠯᠵᠠ ᠪᠠᠷ ᠴᠢᠮᠡᠵᠦ ᠭᠤᠶᠤᠭᠰᠠᠨ ᠨᠢ ᠬᠠᠷᠠᠪᠠᠰᠤ ᠭᠠᠢᠬᠠᠮ᠎ᠠ ᠠᠵᠢ᠃ 
       ᠪᠠᠰᠠ ᠭᠠᠢᠬᠠᠵᠤ ᠬᠠᠨᠤᠰᠢ ᠦᠭᠡᠢ ᠨᠢᠭᠡ ᠰᠣᠨᠢᠨ ᠵᠦᠢᠯ ᠨᠢ ᠠᠭᠤᠯᠠ᠂ ᠬᠠᠳᠠᠨ ᠤ᠋ ᠠᠭᠤᠢ ᠮᠠᠶᠢᠭ ᠢ᠋ᠶ᠋ᠠᠷ ᠪᠠᠷᠢᠭᠰᠠᠨ ᠰᠦᠮ᠎ᠡ ᠨᠢᠭᠡ ᠪᠢᠰᠢ ᠪᠠᠢᠨ᠎ᠠ᠃ ᠲᠡᠭᠦᠨ ᠦ᠌ ᠬᠢᠴᠡ ᠨᠢ ᠶᠠᠭ ᠯᠠ ᠬᠡᠭᠡᠷ᠎ᠡ ᠶ᠋ᠢᠨ ᠪᠠᠢᠳᠠᠯᠲᠠᠢ᠂ ᠡᠭᠦᠳᠡ ᠣᠷᠴᠢᠮ ᠳ᠋ᠤ᠌ ᠨᠢ ᠮᠣᠳᠣ᠂ ᠡᠪᠡᠰᠦ ᠨᠣᠭᠣᠭ᠎ᠠ ᠤᠷᠭᠤᠭᠰᠠᠨ ᠨᠢ ᠠᠩᠬᠢᠯᠤᠮ᠎ᠠ ᠦᠨᠦᠷᠲᠡᠢ ᠪᠠᠢᠪᠠ᠃ ᠪᠦᠬᠦ ᠪᠠᠷᠢᠯᠭ᠎ᠠ ᠶ᠋ᠢᠨ ᠳᠣᠲᠣᠷ᠎ᠠ ᠠ᠋ᠴᠠ ᠥᠭᠡᠳᠡᠢ ᠬᠠᠭᠠᠨ ᠤ᠋ ᠪᠠᠷᠢᠭᠤᠯᠤᠭᠰᠠᠨ ᠵᠢᠷᠠᠨ ᠳᠥᠷᠪᠡᠨ ᠪᠠᠭᠠᠨᠠᠲᠤ ᠶᠡᠬᠡ ᠣᠷᠳᠣᠨ ᠢᠯᠭᠠᠷᠠᠵᠤ ᠬᠠᠷᠠᠭᠳᠠᠨ᠎ᠠ᠃ ᠲᠡᠭᠦᠨ ᠳ᠋ᠦ᠍ ᠨᠣᠶᠠᠳ ᠳᠡᠭᠡᠳᠦᠰ ᠦ᠋ᠳ ᠠᠯᠪᠠ ᠶᠠᠪᠤᠭᠤᠯᠬᠤ ᠪᠠᠷ ᠪᠠᠢᠨ ᠪᠠᠢᠨ ᠬᠤᠷᠠᠨ ᠴᠤᠭᠯᠠᠷᠠᠳᠠᠭ᠂ ᠰᠦᠷ ᠵᠢᠪᠬᠤᠯᠠᠩ ᠢ᠋ᠶ᠋ᠠᠷ ᠢ᠋ᠶ᠋ᠠᠨ ᠣᠷᠴᠢᠨ ᠳ᠋ᠤ᠌ ᠪᠠᠨ ᠨᠣᠶᠠᠯᠠᠭᠰᠠᠨ ᠭᠣᠶᠣ ᠪᠠᠢᠰᠢᠩ᠃ ᠲᠡᠳᠡ ᠪᠦᠭᠦᠳᠡ ᠶ᠋ᠢ ᠪᠠᠷᠢᠵᠤ ᠪᠣᠰᠬᠠᠬᠤ ᠳ᠋ᠤ᠌ ᠲᠡᠢᠨ ᠳ᠋ᠦ᠍ ᠣᠯᠵᠠᠯᠠᠭᠳᠠᠵᠤ ᠢᠷᠡᠭᠰᠡᠨ ᠭᠠᠳᠠᠭᠠᠳᠤ ᠶ᠋ᠢᠨ ᠵᠠᠷᠢᠮ ᠰᠢᠯᠢᠳᠡᠭ ᠤᠷᠠᠴᠤᠳ ᠭᠠᠷ ᠪᠡᠶ᠎ᠡ ᠪᠡᠷ ᠢ᠋ᠶ᠋ᠡᠨ ᠣᠷᠣᠯᠴᠠᠭᠰᠠᠨ ᠪᠣᠯᠬᠣᠷ ᠪᠠᠷᠢᠯᠭ᠎ᠠ ᠪᠠᠢᠭᠤᠯᠤᠮᠵᠢ ᠶ᠋ᠢᠨ ᠰᠠᠢᠬᠠᠨ ᠭᠡᠭᠳᠡᠬᠦ ᠪᠦᠬᠦᠨ ᠴᠣᠭᠴᠠᠯᠠᠭᠰᠠᠨ ᠮᠡᠲᠦ ᠪᠠᠢᠪᠠ᠃ ᠬᠠᠭᠠᠨ ᠤ᠋ ᠶᠡᠬᠡ ᠣᠷᠳᠣᠨ ᠤ᠋ ᠬᠠᠵᠠᠭᠤᠬᠠᠨ ᠳ᠋ᠤᠨᠢ ᠮᠠᠢᠬᠠᠨ ᠣᠷᠣᠢ ᠲᠠᠢ᠂ ᠨᠠᠢ᠍ᠮᠠᠨ ᠲᠤᠯᠭᠠᠭᠤᠷᠢ ᠲᠠᠢ ᠪᠠᠢᠰᠢᠩ ᠪᠠᠰᠠ《ᠨᠠᠮᠠᠶ᠋ᠢ ᠲᠣᠭᠣᠬᠤ ᠦᠭᠡᠢ ᠥᠩᠭᠡᠷᠡᠬᠦ ᠬᠡᠨ ᠪᠠᠢᠬᠤ ᠪᠣᠢ》 ᠭᠡᠰᠡᠨ ᠶᠠᠩᠵᠤᠲᠠᠢ ᠲᠠᠰᠢᠶ᠎ᠠ ᠲᠤᠯᠤᠨ ᠵᠣᠭᠰᠣᠨ᠎ᠠ᠃ ᠡᠨᠡ ᠪᠠᠢᠰᠢᠩ ᠤ᠋ᠨ ᠭᠠᠳᠠᠨ᠎ᠠ ᠳᠣᠲᠣᠨ᠎ᠠ ᠶ᠋ᠢᠨ ᠴᠢᠮᠡᠭᠯᠡᠯ ᠨᠢ ᠪᠤᠰᠤᠳ ᠢ᠋ ᠳᠠᠪᠠᠮᠠᠭᠠᠢᠯᠠᠵᠤ ᠪᠠᠢᠬᠤ ᠭᠡᠰᠡᠨ ᠶᠦᠮ ᠰᠢᠭ ᠪᠦᠬᠦᠨ ᠦ᠌ ᠨᠢᠳᠦ ᠶ᠋ᠢ ᠪᠤᠯᠢᠶᠠᠳᠠᠭ᠂ ᠳᠣᠲᠣᠷ᠎ᠠ ᠪᠠᠨ ᠣᠯᠠᠨ ᠰᠠᠭᠤᠳᠠᠯ ᠵᠠᠮ ᠲᠠᠢ᠃ ᠲᠡᠭᠦᠨ ᠳ᠋ᠦ᠍ ᠴᠠᠭ ᠦᠷᠭᠦᠯᠵᠢᠳᠡ ᠵᠠᠭᠤ ᠭᠠᠷᠤᠢ ᠬᠥᠮᠦᠨ ᠡᠯᠳᠡᠪ᠂ ᠬᠥᠭᠵᠢᠮ ᠪᠠᠷᠢᠨ ᠰᠠᠭᠤᠵᠤ ᠰᠤᠷᠭᠠᠭᠤᠯᠢ ᠬᠢᠨ᠎ᠡ᠃ ᠡᠨᠡ ᠶᠡᠬᠡ ᠨᠠᠢᠷᠠᠯ ᠬᠥᠭᠵᠢᠮ ᠳ᠋ᠦ᠍ ᠮᠣᠷᠢᠨ ᠬᠤᠭᠤᠷ᠂ ᠯᠢᠮᠪᠦ᠂ ᠱᠤᠳᠤᠷᠭᠤ᠂ ᠶᠠᠲᠤᠭ᠎ᠠ᠂ ᠶᠣᠣᠴᠢᠨ ᠵᠡᠷᠭᠡ ᠡᠴᠡ ᠭᠠᠳᠠᠨ᠎ᠠ ᠭᠠᠳᠠᠭᠠᠳᠤ ᠣᠷᠣᠨ ᠠ᠋ᠴᠠ ᠠᠪᠴᠢᠷᠠᠭᠰᠠᠨ ᠰᠠᠢᠬᠠᠨ ᠳᠠᠭᠤ ᠲᠠᠢ ᠬᠥᠭᠵᠢᠮ ᠴᠦ᠍ ᠪᠤᠰᠤᠳ ᠬᠥᠭᠵᠢᠮ ᠲᠡᠢ ᠬᠥᠭ ᠨᠠᠢᠷᠴᠤ ᠲᠣᠭᠯᠠᠨ᠎ᠠ᠃ ᠶᠡᠬᠡ ᠨᠠᠢᠷᠠᠯ ᠬᠥᠭᠵᠢᠮ ᠬᠠᠭᠠᠨ ᠤ᠋ ᠵᠣᠭᠠᠯᠠᠭᠠᠨ ᠳ᠋ᠤ᠌ ᠵᠣᠷᠢᠭᠤᠯᠤᠨ ᠲᠣᠭᠯᠠᠬᠤ ᠠ᠋ᠴᠠ ᠭᠠᠳᠠᠨ᠎ᠠ ᠲᠡᠭᠦᠨ ᠦ᠌ ᠠᠯᠪᠠ ᠮᠠᠰᠢ ᠶᠡᠬᠡ᠃ ᠬᠥᠭᠵᠢᠮᠴᠢᠳ ᠪᠦᠭᠦᠳᠡᠭᠡᠷ ᠢ᠋ᠶ᠋ᠡᠨ ᠪᠣᠯᠤᠨ ᠬᠠᠭᠠᠰ ᠪᠦᠷᠢᠯᠳᠦᠬᠦᠨ ᠢ᠋ᠶ᠋ᠡᠷ ᠢ᠋ᠶ᠋ᠡᠨ ᠣᠷᠳᠣᠨ ᠳ᠋ᠤ᠌ ᠪᠣᠯᠳᠠᠭ ᠶᠣᠰᠣᠯᠠᠯ᠂ ᠭᠠᠳᠠᠭᠠᠳᠤ ᠶ᠋ᠢᠨ ᠶᠡᠬᠡ ᠡᠯᠴᠢᠳ᠂ ᠡᠯᠴᠢᠨ ᠰᠠᠢᠳ ᠤ᠋ᠳ ᠢ᠋ ᠬᠦᠯᠢᠶᠡᠨ ᠠᠪᠬᠤ᠂ ᠤᠭᠲᠤᠵᠤ ᠦᠳᠡᠬᠦ ᠵᠡᠷᠭᠡ ᠶᠣᠰᠣᠯᠠᠯ ᠳ᠋ᠤ᠌ ᠨᠠᠭᠠᠳᠴᠤ ᠣᠷᠣᠯᠴᠠᠨ᠎ᠠ᠃ ᠶᠠᠮᠠᠷ ᠬᠥᠭᠵᠢᠮ ᠢ᠋ ᠶᠠᠭᠤᠨ ᠳ᠋ᠤ᠌᠂ ᠶᠠᠭᠠᠬᠢᠵᠤ ᠶᠠᠮᠠᠷ ᠬᠡᠮᠵᠢᠶᠡᠲᠡᠢ ᠲᠣᠭᠯᠠᠬᠤ ᠲᠤᠬᠠᠢ ᠲᠣᠭᠲᠠᠭᠠᠭᠰᠠᠨ ᠵᠢᠷᠤᠮᠲᠠᠢ᠂ ᠲᠡᠭᠦᠨ ᠢ᠋ ᠳᠠᠭᠠᠵᠤ ᠡᠰᠡ ᠲᠡᠳᠬᠦᠭᠴᠢ ᠭᠠᠷᠪᠠᠯ ᠵᠢᠮᠡᠯᠡᠯ ᠲᠣᠷᠭᠠᠭᠤᠯᠢ ᠬᠦᠯᠢᠶᠡᠳᠡᠭ ᠬᠠᠤᠯᠢ ᠲᠠᠢ ᠪᠢᠯᠡ᠃
       ᠪᠢᠯᠢᠭᠦᠨ ᠦ᠌ ᠬᠦᠦ ᠬᠣᠲᠠ ᠳᠤᠮᠳᠠᠭᠤᠷ ᠵᠤᠭᠠᠴᠠᠬᠤ ᠪᠠᠷ ᠶᠠᠪᠤᠬᠤ ᠳ᠋ᠤ᠌ ᠪᠠᠨ ᠲᠡᠭᠦᠨ ᠢ᠋ ᠦᠵᠡᠨ᠎ᠡ᠂ ᠡᠭᠦᠨ ᠢ᠋ ᠴᠦ᠍ ᠬᠠᠷᠠᠨ᠎ᠠ ᠭᠡᠳ ᠡᠬᠡ᠂ ᠡᠴᠢᠭᠡ ᠪᠡᠨ ᠳᠠᠭᠠᠭᠤᠯᠵᠤ ᠭᠦᠶᠦᠭᠡᠳ ᠬᠦᠷᠬᠦ ᠦᠭᠡᠢ ᠶᠠᠭᠤᠮ᠎ᠠ ᠦᠭᠡᠢ᠃ ᠲᠡᠷᠡ ᠪᠡᠷ ᠶᠡᠬᠡ ᠨᠠᠢᠷᠠᠯ ᠤ᠋ᠨ ᠣᠷᠳᠣᠨ ᠳ᠋ᠤ᠌ ᠣᠷᠣᠭᠰᠠᠨ ᠳᠣᠣᠷ᠎ᠠ ᠪᠠᠨ 
       — ᠪᠢ ᠡᠢᠮᠦ ᠶᠠᠭᠤᠮ᠎ᠠ ᠳᠤᠤᠭᠠᠷᠭᠠᠳᠠᠭ ᠬᠥᠮᠦᠨ ᠪᠣᠯᠤᠨ᠎ᠠ ᠭᠡᠵᠦ ᠴᠠᠬᠢᠯᠠᠭᠤᠷ ᠬᠥᠭᠵᠢᠮ᠂ ᠶᠡᠬᠡ ᠬᠡᠩᠭᠡᠷᠭᠡ ᠪᠡᠷ ᠨᠠᠭᠠᠳᠬᠤ ᠶ᠋ᠢ ᠳᠤᠷᠠᠯᠠᠭᠠᠳ ᠰᠠᠯᠳᠠᠭ ᠦᠭᠡᠢ᠃ ᠬᠥᠭᠵᠢᠮ ᠪᠠᠷᠢᠭᠴᠢ ᠨᠢ ᠴᠦ᠍ ᠬᠦᠦ ᠶ᠋ᠢ ᠦᠬᠦᠭᠡᠷᠲᠦᠨ ᠥᠪᠡᠷ ᠦ᠋ᠨ ᠪᠠᠷᠢᠳᠠᠭ ᠬᠥᠭᠵᠢᠮ ᠢ᠋ᠶ᠋ᠡᠨ ᠵᠣᠷᠢᠭᠤᠳᠠ ᠳᠤᠤᠭᠠᠷᠭᠠᠨ ᠰᠣᠨᠢᠷᠬᠠᠭᠤᠯᠵᠤ ᠪᠢᠯᠡ᠃ ᠪᠢᠯᠢᠭᠦᠨ ᠬᠦᠦ ᠪᠡᠨ ᠠᠷᠠᠢ ᠶᠠᠳᠠᠨ ᠲᠡᠷᠡ ᠪᠠᠢᠰᠢᠩ ᠠ᠋ᠴᠠ ᠠᠪᠴᠤ ᠭᠠᠷᠴᠤ᠂ ᠭᠡᠷ ᠦ᠋ᠨ ᠵᠦᠭ ᠠᠯᠬᠤᠪᠠ᠃ ᠡᠨᠡ ᠡᠳᠦᠷ ᠮᠣᠷᠢᠨᠱᠠᠭᠠᠢ᠂ ᠬᠦᠦ ᠬᠣᠶᠠᠷ ᠨᠢ ᠨᠠᠷᠠᠨ ᠭᠠᠷᠬᠤ ᠭᠡᠭᠡᠴᠢ ᠪᠣᠯᠵᠤ᠂ ᠬᠥᠯ ᠢ᠋ᠶ᠋ᠡᠨ ᠴᠢᠯᠡᠲᠡᠯ᠎ᠡ ᠵᠤᠭᠠᠯᠠᠵᠤ ᠢᠷᠡᠭᠡᠳ ᠭᠡᠷ ᠲᠦ᠍ ᠪᠡᠨ ᠬᠣᠨᠢᠨ ᠤ᠋ ᠲᠠᠷᠭᠤᠨ ᠮᠢᠬ᠎ᠠ ᠴᠢᠨᠠᠵᠤ ᠢᠳᠡᠨ᠂ ᠦᠳᠡᠰᠢ ᠡᠯᠢᠭᠡᠨ ᠲᠠᠷᠠᠭ ᠤᠤᠭᠤᠭᠠᠳ ᠠᠮᠠᠷᠠᠯ᠎ᠠ᠃ ᠡᠳᠡᠨ ᠦ᠌ ᠬᠢ ᠬᠡᠳᠦᠨ ᠦᠨᠢᠶ᠎ᠡ ᠲᠡᠢ᠂ ᠣᠪᠣᠭ᠎ᠠ ᠲᠣᠭᠠᠨ ᠤ᠋ ᠠᠳᠤᠭᠤ ᠲᠠᠢ ᠠᠢᠯ᠃ ᠲᠡᠭᠦᠨ ᠢ᠋ ᠨᠢ ᠬᠠᠳᠠᠮ ᠡᠬᠡ᠂ ᠡᠴᠢᠭᠡ ᠨᠢ ᠠᠢᠯ ᠤ᠋ᠨ ᠮᠠᠯ ᠲᠠᠢ ᠨᠡᠢᠯᠡᠭᠦᠯᠦᠨ ᠮᠠᠯᠯᠠᠭᠠᠳ ᠪᠠᠢᠳᠠᠭ ᠪᠣᠯᠬᠣᠷ ᠰᠦ ᠴᠠᠭᠠᠨ ᠢᠳᠡᠭᠡ ᠪᠡᠷ ᠡᠰᠡ ᠲᠠᠰᠤᠷᠠᠨ᠎ᠠ᠃ ᠮᠣᠷᠢᠨᠱᠠᠭᠠᠢ ᠬᠠᠭᠠᠨ ᠤ᠋ ᠣᠷᠳᠣᠨ ᠳ᠋ᠤ᠌ ᠤᠢᠯᠠᠨ ᠳ᠋ᠤ᠌ ᠵᠠᠷᠤᠭᠳᠠᠵᠤ ᠪᠠᠢᠳᠠᠭ ᠤᠴᠢᠷ ᠢᠳᠡᠭᠡ ᠪᠤᠳᠠᠭᠠᠨ ᠤ᠋ ᠬᠡᠰᠢᠭ ᠬᠠᠩᠭᠠᠯᠲᠠᠲᠠᠢ ᠣᠯᠳᠠᠨ᠎ᠠ᠃ ᠪᠠᠰᠠ ᠡᠳᠡᠨ ᠦ᠌ ᠬᠢ ᠲᠡᠢ ᠠᠬ᠎ᠠ ᠬᠦᠯᠦᠭ ᠦ᠋ᠨ ᠭᠡᠷ ᠠᠢᠯ ᠪᠠᠢᠳᠠᠭ᠃ ᠲᠡᠳᠡᠨ ᠦ᠌ ᠬᠢ ᠨᠡᠯᠢᠶᠡᠨ ᠬᠡᠳᠦᠨ ᠬᠡᠦᠬᠡᠳ ᠲᠡᠢ᠂ ᠴᠥᠭᠡᠪᠲᠦᠷ ᠮᠠᠯ ᠲᠠᠢ᠂ ᠲᠡᠭᠦᠨ ᠢ᠋ ᠨᠢ ᠡᠭᠡᠴᠢ᠂ ᠳᠡᠭᠦᠦ ᠨᠠᠷ ᠨᠢ ᠮᠠᠯᠯᠠᠳᠠᠭ᠃ ᠬᠦᠯᠦᠭ ᠥᠪᠡᠷ ᠢ᠋ᠶ᠋ᠡᠨ ᠬᠤᠪᠢᠯᠠᠢ ᠶ᠋ᠢᠨ ᠭᠠᠷ ᠪᠢᠴᠢᠭᠡᠴᠢ ᠤᠴᠢᠷ ᠲᠡᠭᠦᠨ ᠦ᠌ ᠳᠡᠷᠭᠡᠳᠡ ᠪᠠᠷ᠎ᠠ ᠪᠣᠯᠤᠭᠠᠳ ᠭᠡᠷ ᠦ᠋ᠨ ᠪᠠᠷ᠎ᠠ ᠬᠠᠷᠠᠳᠠᠭ ᠦᠭᠡᠢ᠂ ᠵᠢᠯ ᠦ᠋ᠨ ᠳᠥᠷᠪᠡᠨ ᠤᠯᠠᠷᠢᠯ ᠢ᠋ ᠡᠬᠡᠨᠡᠷ ᠬᠡᠦᠬᠡᠳ ᠡᠴᠡ ᠪᠡᠨ ᠠᠩᠭᠢᠳᠠ ᠪᠠᠢᠵᠤ ᠪᠠᠷᠠᠳᠠᠭ ᠦᠢᠯᠡ ᠲᠡᠢ᠃ ᠲᠡᠷᠡ ᠠᠯᠪᠠᠨ ᠳ᠋ᠤ᠌ ᠪᠠᠨ ᠪᠢᠯᠢᠭᠦᠨ ᠦ᠌ ᠠᠬ᠎ᠠ ᠳᠤᠷᠠᠲᠠᠢ ᠪᠢᠰᠢ ᠪᠣᠯᠪᠠᠴᠤ ᠳᠡᠭᠡᠳᠦ ᠶ᠋ᠢᠨ ᠵᠠᠷᠯᠢᠭ ᠢ᠋ ᠡᠰᠡ ᠳᠠᠭᠠᠬᠤ ᠬᠡᠨ ᠪᠠᠢᠬᠤ ᠪᠢᠯᠡ᠃ ᠬᠠᠷᠢᠨ ᠬᠤᠪᠢᠯᠠᠢ ᠬᠦᠯᠦᠭ ᠲᠦ᠍ ᠣᠪᠣᠭ᠎ᠠ ᠵᠡᠬᠡᠭᠰᠡᠨ ᠬᠡᠰᠢᠭ ᠬᠦᠷᠲᠡᠭᠡᠨ᠂ ᠣᠯᠠᠨ ᠬᠡᠦᠬᠡᠳ ᠲᠡᠢ ᠣᠷᠣᠨ ᠭᠡᠷ ᠢ᠋ᠶ᠋ᠡᠨ ᠲᠡᠵᠢᠭᠡᠬᠦ ᠳ᠋ᠦ᠍ ᠨᠢ ᠲᠤᠰᠠ ᠪᠣᠯᠳᠠᠭ ᠨᠢ ᠠᠮᠢ ᠵᠢᠭᠤᠬᠤ ᠤᠢᠯᠠᠨ ᠳ᠋ᠤ᠌ ᠨᠢ ᠰᠠᠯᠪᠠᠭ ᠪᠣᠯᠳᠠᠭ᠃ ᠡᠢᠨ ᠬᠦ᠌ ᠠᠬ᠎ᠠ ᠬᠦᠯᠦᠭ᠂ ᠳᠡᠭᠦᠦ ᠪᠢᠯᠢᠭᠦᠨ ᠦ᠌ ᠬᠠᠮᠲᠤ ᠲᠥᠷᠥ ᠶ᠋ᠢᠨ ᠠᠯᠪᠠᠨ ᠳ᠋ᠤ᠌ ᠵᠢᠳᠬᠦᠳᠡᠭ ᠪᠣᠯᠬᠣᠷ ᠲᠡᠳᠡᠨ ᠦ᠌ ᠠᠷᠤ ᠭᠡᠷ ᠪᠠᠷᠤᠭ ᠯᠠ ᠨᠠᠭᠠᠨ᠎ᠠ ᠭᠡᠬᠦ ᠬᠥᠮᠦᠨ ᠦᠭᠡᠢ᠂ ᠬᠡᠳᠦᠨ ᠮᠠᠯ ᠤ᠋ᠨ ᠰᠢᠮ᠎ᠡ ᠪᠡᠷ ᠠᠵᠤ ᠲᠥᠷᠥᠨ ᠪᠣᠢ ᠴᠠᠭ ᠲᠤ ᠪᠠᠷᠭᠠᠢ ᠶ᠋ᠢᠨ ᠪᠠᠭ᠎ᠠ ᠬᠦᠦ ᠣᠷᠣᠨ ᠭᠡᠷ ᠦ᠋ᠨ ᠭᠠᠵᠠᠷ ᠪᠠᠢᠬᠤ ᠥᠷᠥᠰᠢᠶᠡᠯ ᠬᠦᠷᠲᠡᠨ ᠢᠷᠡᠭᠰᠡᠨ ᠪᠠᠢᠨ᠎ᠠ᠃ ᠡᠭᠦᠨ ᠳ᠋ᠦ᠍ ᠨᠢ ᠡᠨᠡ ᠠᠬ᠎ᠠ ᠳᠡᠭᠦᠦᠰ ᠦ᠋ᠨ ᠳᠣᠲᠣᠷ᠎ᠠ ᠪᠠᠶᠠᠰᠬᠤ ᠦᠭᠡᠢ ᠬᠡᠨ ᠪᠠᠢᠬᠤ ᠪᠢᠯᠡ᠃
      ᠪᠢᠯᠢᠭᠦᠨ ᠠᠯᠪᠠᠨ ᠳ᠋ᠤ᠌ ᠪᠠᠷᠠᠯᠬᠠᠬᠤ ᠪᠠᠷ ᠣᠴᠢᠯ ᠦᠭᠡᠢ ᠬᠣᠶᠠᠷ ᠭᠤᠷᠪᠠᠨ ᠬᠣᠨᠣᠭ ᠭᠡᠷ ᠲᠦ᠍ ᠪᠡᠨ ᠮᠣᠷᠢᠨᠱᠠᠭᠠᠢ ᠲᠠᠢ ᠠᠮᠠᠷᠠᠭᠯᠠᠨ ᠪᠠᠢᠪᠠ᠃ ᠢᠩᠭᠢᠬᠦ  ᠵᠠᠪ ᠢᠳᠡᠷ ᠵᠠᠯᠠᠭᠤ ᠨᠠᠰᠤᠨ ᠤ᠋ ᠡᠷᠡᠴᠦᠳ ᠲᠦ᠍ ᠣᠯᠳᠠᠳᠠᠭ ᠦᠭᠡᠢ ᠨᠢ ᠶᠣᠰᠣ ᠮᠡᠲᠦ ᠪᠠᠢᠯ᠎ᠠ᠃ ᠡᠨᠡ ᠡᠷ᠎ᠡ ᠰᠡᠳᠬᠢᠯᠲᠦ ᠪᠦᠰᠡᠭᠦᠢ ᠪᠡᠨ ᠳᠠᠭᠠᠭᠤᠯᠤᠨ ᠨᠡᠢᠰᠯᠡᠯ ᠬᠣᠲᠠ ᠪᠠᠷ ᠬᠡᠳᠦᠨ ᠬᠣᠨᠣᠭ ᠶᠠᠪᠤᠵᠤ ᠬᠠᠮᠤᠭ ᠢ᠋ ᠦᠵᠡᠬᠦ ᠬᠦᠰᠡᠯ ᠳ᠋ᠦ᠍ ᠬᠥᠲᠥᠯᠦᠭᠳᠡᠨ ᠪᠠᠢᠪᠠ᠃ ᠲᠡᠳᠡ ᠬᠣᠶᠠᠳᠠᠬᠢ ᠤᠳᠠᠭ᠎ᠠ ᠪᠠᠨ ᠬᠣᠲᠠ ᠶ᠋ᠢᠨ ᠶᠡᠬᠡ ᠬᠡᠷᠡᠮ ᠦ᠋ᠨ ᠭᠠᠳᠠᠭᠤᠷ ᠶᠠᠪᠤᠯ᠎ᠠ᠃ ᠬᠠᠭᠠᠯᠭᠠᠨ ᠤ᠋ ᠭᠠᠳᠠᠭ᠎ᠠ ᠪᠠᠢᠬᠤ ᠦᠭᠡᠢ ᠶᠠᠭᠤᠮ᠎ᠠ ᠦᠭᠡᠢ ᠭᠡᠵᠦ ᠬᠡᠯᠡᠮᠡᠷ ᠵᠢᠰᠦᠨ ᠵᠦᠢᠯ ᠦ᠋ᠨ ᠡᠳ᠋ ᠶᠠᠭᠤᠮ᠎ᠠ ᠲᠠᠭᠠᠷᠠᠯᠳᠤᠨ᠎ᠠ᠃ ᠪᠠᠷᠠᠭᠤᠨ ᠬᠠᠭᠠᠯᠭᠠᠨ ᠤ᠋ ᠭᠠᠳᠠᠭ᠎ᠠ ᠰᠠᠯᠬᠢ ᠰᠢᠷᠣᠢ ᠪᠠᠭᠠᠲᠠᠢ ᠥᠷᠭᠡᠨ ᠳᠡᠨᠵᠢ ᠳᠡᠭᠡᠷ᠎ᠡ ᠢᠳᠡᠵᠦ ᠤᠤᠭᠤᠬᠤ ᠶᠠᠭᠤᠮᠠᠨ ᠤ᠋ ᠵᠠᠬ᠎ᠠ ᠪᠠᠢᠨ᠎ᠠ᠃ ᠡᠨᠳᠡ ᠠᠢᠷᠠᠭ᠂ ᠳᠠᠷᠠᠰᠤ᠂ ᠰᠦ ᠪᠤᠰᠤᠳ ᠴᠠᠭᠠᠨ ᠢᠳᠡᠭᠡ᠂ ᠬᠣᠨᠢᠨ ᠤ᠋ ᠴᠢᠨᠠᠭᠰᠠᠨ ᠮᠢᠬ᠎ᠠ ᠳᠡᠯᠭᠡᠰᠦᠲᠠᠢ᠃ ᠠᠪᠴᠤ ᠥᠭᠴᠦ ᠪᠠᠢᠭ᠎ᠠ ᠬᠥᠮᠦᠨ ᠴᠦ᠍ ᠰᠢᠷᠤᠢᠨ ᠲᠦᠮᠡ᠃ ᠲᠣᠪᠣᠷᠤᠤᠲᠤ ᠬᠠᠰᠠᠭ ᠲᠡᠷᠭᠡᠨ ᠳᠡᠭᠡᠷ᠎ᠡ ᠬᠥᠬᠦᠦᠷ ᠲᠡᠢ ᠰᠠᠷᠬᠤᠳ ᠠᠴᠢᠵᠤ ᠠᠮᠲᠠᠲᠠᠢ ᠰᠠᠢᠬᠠᠨ ᠢᠳᠡᠭᠡ ᠰᠢᠦ! ᠠᠪᠤᠭᠠᠷᠠᠢ! ᠭᠡᠵᠦ ᠳᠠᠭᠤᠳᠠᠨ᠎ᠠ᠃  ᠬᠠᠷᠢ ᠭᠠᠵᠠᠷ ᠤ᠋ᠨ ᠠᠮᠲᠠᠲᠤ ᠲᠠᠷᠪᠤᠰ᠂ ᠦᠷᠡᠯ ᠦ᠋ᠨ ᠵᠢᠮᠢᠰ᠂ ᠸᠠᠭᠠᠷ ᠤ᠋ᠨ ᠰᠠᠪᠠ ᠲᠠᠢ ᠴᠡᠩᠭᠡᠭ ᠤᠮᠳᠠᠭ᠎ᠠ ᠬᠠᠷᠠᠭᠰᠠᠨ ᠵᠦᠭ ᠪᠦᠬᠦᠨ ᠳ᠋ᠦ᠍ ᠥᠷᠭᠡᠰᠦᠲᠡᠢ ᠠᠵᠢ᠃ ᠪᠢᠯᠢᠭᠦᠨ ᠠᠢᠷᠠᠭ᠂ ᠳᠠᠷᠠᠰᠤ ᠬᠣᠶᠠᠷ ᠢ᠋ ᠬᠣᠯᠢᠵᠤ ᠤᠤᠭᠤᠭᠰᠠᠨ ᠠ᠋ᠴᠠ ᠪᠣᠯᠤᠭᠠᠳ ᠨᠠᠯᠢᠶᠠᠨ ᠬᠠᠯᠠᠮᠴᠠᠵᠤ᠂ ᠣᠯᠠᠨ ᠤ᠋ ᠳᠣᠲᠣᠷ᠎ᠠ ᠭᠡᠷᠭᠡᠢ ᠪᠡᠨ ᠳᠠᠪᠡᠷᠠᠨ ᠠᠪᠴᠤ ᠣᠵᠣᠬᠤ ᠰᠢᠬᠠᠨ ᠲᠣᠯᠣᠭᠠᠢ ᠭᠠᠨᠵᠤᠭᠠᠯᠠᠨ ᠶᠠᠪᠤᠪᠠ᠃ 
      ᠡᠨᠡ ᠵᠠᠬ᠎ᠠ ᠶ᠋ᠢᠨ ᠣᠢᠷᠠᠯᠴᠠᠭ᠎ᠠ ᠪᠠᠷᠢᠭᠰᠠᠨ ᠢᠰᠡᠭᠡᠢ ᠭᠡᠷ᠂ ᠡᠷᠢᠶᠡᠨ ᠳᠠᠪᠤᠤ ᠮᠠᠢᠬᠠᠨ ᠳ᠋ᠤ᠌ ᠪᠠᠰᠠ ᠯᠠ ᠥᠩᠭᠡ ᠪᠦᠷᠢ ᠶ᠋ᠢᠨ ᠢᠳᠡᠭᠡ ᠵᠡᠬᠡᠭᠡᠰᠦᠲᠡᠢ᠃ ᠤᠭ ᠨᠢ ᠡᠨᠳᠡ ᠳᠠᠭᠤᠤ ᠬᠤᠭᠤᠷ ᠨᠠᠢᠷ ᠨᠠᠷᠭᠢᠶᠠᠨ ᠡᠯᠪᠡᠭ ᠪᠠᠢᠳᠠᠭ ᠪᠣᠯᠪᠠᠴᠤ ᠡᠨᠡ ᠤᠳᠠᠭ᠎ᠠ ᠳ᠋ᠤ᠌ ᠮᠥᠩᠬᠡ ᠬᠠᠭᠠᠨ ᠲᠠᠭᠠᠯᠠᠯ ᠲᠡᠭᠦᠰᠦᠭᠰᠡᠨ ᠦ᠌ ᠳᠥᠴᠢᠨ ᠶᠢᠰᠦ ᠬᠣᠨᠣᠭ ᠭᠦᠢᠴᠡᠭᠡ ᠦᠭᠡᠢ ᠤᠴᠢᠷ ᠨᠠᠷᠭᠢᠶᠠᠨ ᠴᠡᠩᠭᠡᠯ ᠦ᠋ᠨ ᠵᠦᠢᠯ ᠬᠣᠷᠢᠭᠠᠲᠠᠢ ᠪᠠᠢᠪᠠ᠃ 
      ᠬᠠᠷᠢ ᠨᠤᠲᠤᠭ ᠠ᠋ᠴᠠ ᠢᠷᠡᠭᠰᠡᠨ ᠥᠨᠳᠥᠷ ᠬᠠᠮᠠᠷᠲᠤ᠂ ᠶᠡᠬᠡ ᠦᠰᠦᠲᠦ ᠬᠥᠮᠦᠰ ᠵᠠᠬ᠎ᠠ ᠳᠡᠭᠡᠭᠦᠷ ᠬᠡᠰᠦᠨ ᠶᠠᠪᠤᠵᠤ ᠵᠤᠭᠠᠴᠠᠬᠤ ᠨᠢ ᠡᠯᠪᠡᠭ᠃ ᠲᠡᠳᠡ ᠪᠣᠯ ᠲᠡᠷᠲᠡᠭᠡ ᠠᠯᠤᠰ ᠤ᠋ᠨ ᠢᠲ᠋ᠠᠯᠢ᠂ ᠹᠷᠠᠨᠼᠢ᠂ ᠲᠦᠷᠺ᠂ ᠢᠷᠡᠨ᠂ ᠵᠠᠭᠠᠷ ᠤ᠋ᠨ ᠣᠷᠣᠨ ᠠ᠋ᠴᠠ ᠲᠣᠷᠭᠠᠨ ᠵᠠᠮ ᠭᠡᠭᠴᠢ ᠪᠡᠷ ᠢᠷᠡᠭᠰᠡᠨ᠂ ᠭᠣᠣᠯᠳᠠᠭᠤ ᠬᠤᠳᠠᠯᠳᠤᠭᠠᠨ ᠤ᠋ ᠬᠥᠮᠦᠰ ᠪᠠᠢᠪᠠ᠃ ᠤᠯᠠᠭᠠᠨ ᠬᠦᠷᠡᠩ ᠨᠢᠭᠤᠷ ᠲᠠᠢ᠂ ᠰᠡᠭᠰᠡᠭᠡᠷ ᠰᠢᠷ᠎ᠠ ᠦᠰᠦᠲᠡᠢ᠂ ᠬᠠᠴᠢᠨ ᠰᠣᠨᠢᠨ ᠬᠤᠪᠴᠠᠰᠤ ᠡᠮᠦᠰᠴᠦ᠂ ᠭᠠᠷ ᠲᠤ ᠪᠠᠨ ᠬᠠᠪᠲᠠᠭᠠᠢ ᠮᠣᠳᠣᠨ ᠬᠥᠭᠵᠢᠮ ᠪᠠᠷᠢᠭᠰᠠᠨ ᠬᠣᠶᠠᠷ ᠡᠷ᠎ᠡ ᠵᠢᠭᠠᠬᠠᠨ ᠬᠠᠯᠠᠮᠴᠠᠭᠤ ᠴᠦ᠍ ᠪᠣᠯᠪᠠ ᠤᠤ ᠭᠡᠮᠡᠷ ᠵᠠᠬ᠎ᠠ ᠳᠤᠮᠳᠠᠭᠤᠷ ᠬᠥᠭᠵᠢᠯᠳᠦᠨ ᠶᠠᠪᠤᠭᠰᠠᠨ ᠢ᠋ᠶ᠋ᠠᠨ ᠨᠢᠭᠡ ᠨᠢ ᠬᠥᠭᠵᠢᠮ ᠢ᠋ᠶ᠋ᠡᠨ ᠪᠠᠯᠪᠠᠵᠤ᠂ ᠨᠥᠭᠦᠭᠡ ᠨᠢ ᠰᠥᠭᠡᠩᠭᠢᠳᠡᠭᠦᠦ ᠫᠠᠷᠭᠢᠶ᠎ᠠ ᠬᠣᠭᠣᠯᠠᠢ ᠪᠠᠷ ᠮᠣᠩᠭᠣᠯᠴᠤᠳ ᠡᠰᠡ ᠮᠡᠳᠡᠬᠦ ᠳᠠᠭᠤᠤ ᠳᠠᠭᠤᠯᠠᠨ ᠬᠣᠱᠣᠩᠨᠠᠭᠰᠠᠨ ᠦᠭᠡ ᠡᠬᠢᠯᠡᠪᠡᠯ ᠲᠡᠭᠦᠨ ᠢ᠋ ᠡᠷᠢᠶᠡᠨ ᠬᠠᠨᠲᠠᠭᠠᠰᠤ ᠪᠦᠬᠦᠢ ᠳᠦᠷᠢᠮᠲᠦ ᠬᠣᠪᠴᠠᠰᠤᠲᠠᠢ ᠵᠢᠷᠤᠮ ᠰᠠᠬᠢᠭᠤᠯᠤᠭᠴᠢ ᠬᠥᠮᠦᠰ ᠢᠷᠡᠭᠡᠳ᠂ ᠭᠠᠷ ᠢ᠋ ᠨᠢ ᠨᠤᠭᠤᠯᠤᠨ ᠪᠠᠷᠢᠵᠤ ᠠᠪᠬᠤ ᠳ᠋ᠤ᠌ ᠪᠠᠨ᠄
      — ᠶᠡᠬᠡ ᠵᠠᠬᠢᠷᠤᠭᠴᠢ ᠠᠷᠢᠬᠪᠦᠢ᠍ᠬᠡ ᠨᠣᠶᠠᠨ ᠤ᠋ ᠵᠠᠷᠯᠢᠭ ᠢ᠋ᠶ᠋ᠠᠷ ᠲᠦᠷ ᠬᠣᠷᠢᠭᠯᠠᠭᠰᠠᠨ ᠵᠦᠢᠯ ᠢ᠋ ᠦᠢᠯᠡᠳᠦᠯ᠎ᠡ᠃ ᠮᠠᠨ ᠤ᠋ ᠶᠡᠬᠡ ᠡᠵᠡᠨ ᠬᠠᠭᠠᠨ ᠲᠠᠭᠠᠯᠠᠯ ᠲᠡᠭᠦᠰᠦᠭᠡᠳ ᠳᠥᠴᠢᠨ ᠶᠢᠰᠦ ᠬᠣᠨᠣᠭ ᠪᠣᠯᠤᠭ᠎ᠠ ᠦᠭᠡᠢ ᠪᠠᠢᠬᠤ ᠳ᠋ᠤ᠌ ᠰᠡᠪᠰᠡᠭ ᠵᠠᠩ ᠭᠠᠷᠭᠠᠪᠠ ᠭᠡᠵᠦ ᠵᠢᠮᠡᠯᠡᠯ ᠨᠣᠭᠳᠠᠭᠤᠯᠪᠠ᠃ 
      ᠬᠥᠮᠦᠰ ᠬᠠᠷᠢ ᠠ᠋ᠴᠠ ᠶᠠᠪᠤᠭ᠎ᠠ ᠲᠡᠷᠡ ᠬᠣᠶᠠᠷ ᠢ᠋ ᠬᠠᠭᠠᠴᠠᠢᠯᠠᠵᠤ 
    — ᠬᠡᠯᠡ ᠪᠤᠷᠤᠭᠤᠲᠠᠨ ᠶᠠᠭᠤ ᠪᠠᠨ ᠮᠡᠳᠡᠬᠦ ᠪᠣᠢ᠃ ᠰᠠᠷᠬᠤᠳ ᠪᠠᠯᠭᠤᠭᠠᠳ ᠨᠠᠷᠠᠨ ᠳ᠋ᠤ᠌ ᠬᠠᠯᠠᠭᠠᠳ ᠰᠡᠳᠬᠢᠯ ᠨᠢ ᠬᠥᠭᠡᠷᠭᠡ ᠪᠢᠵᠡ᠃ 
    — ᠥᠷᠥᠰᠢᠶᠡᠨ ᠠᠭᠤᠴᠢᠯᠠᠵᠤ ᠪᠣᠯᠭᠣᠭ᠎ᠠ! 
    — ᠳᠠᠬᠢᠨ ᠡᠢᠮᠦ ᠶᠠᠪᠤᠳᠠᠯ ᠭᠠᠷᠭᠠᠬᠤ ᠦᠭᠡᠢ ᠪᠠᠢᠬᠤ ᠶ᠋ᠢ ᠵᠠᠬᠢᠵᠤ ᠥᠭᠭᠦᠭᠡᠳ ᠲᠠᠯᠪᠢᠵᠤ ᠣᠷᠭᠢ! ᠭᠡᠵᠦ ᠭᠤᠶᠤᠵᠤ ᠪᠠᠢᠬᠤ ᠲᠠᠢ ᠲᠠᠭᠠᠷᠠᠯᠳᠤᠪᠠ᠃ ᠪᠢᠯᠢᠭᠦᠨ ᠴᠦ᠍ ᠲᠡᠳᠡᠨ ᠢ᠋ ᠰᠤᠯᠠᠯᠠᠭᠤᠯᠬᠤ ᠭᠡᠵᠦ ᠬᠠᠰᠬᠢᠷᠬᠤ ᠳ᠋ᠤ᠌ ᠨᠢ ᠮᠣᠷᠢᠨᠱᠠᠭᠠᠢ ᠲᠡᠭᠦᠨ ᠦ᠌ ᠠᠮᠠ ᠶ᠋ᠢ ᠲᠠᠭᠯᠠᠨ ᠬᠣᠷᠢᠭᠯᠠᠵᠤ᠄ 
     — ᠪᠣᠯᠢᠵᠤ ᠦᠵᠡ! ᠳᠠᠷᠠᠰᠤ ᠠᠢᠷᠠᠭ ᠲᠤ ᠬᠠᠯᠠᠭᠠᠳ ᠵᠢᠷᠤᠮ ᠰᠠᠬᠢᠭᠤᠯᠤᠭᠴᠢ ᠲᠠᠢ ᠮᠠᠷᠭᠤᠯᠳᠤᠪᠠᠯ ᠴᠢ ᠬᠡᠷᠡᠭ ᠲᠦ᠍ ᠣᠷᠣᠨ᠎ᠠ᠃ ᠪᠣᠯᠬᠤ ᠦᠭᠡᠢ ᠭᠡᠮᠡᠨ ᠬᠣᠷᠢᠭᠯᠠᠨ ᠠᠷᠠᠢ ᠶᠠᠳᠠᠨ ᠲᠡᠷᠡ ᠬᠥᠮᠦᠰ ᠡᠴᠡ ᠬᠣᠯᠠᠳᠠᠭᠤᠯᠪᠠ᠃ ᠬᠡᠷᠡᠮ ᠦ᠋ᠨ ᠭᠠᠳᠠᠨ᠎ᠠ ᠳᠣᠲᠣᠷ᠎ᠠ ᠢᠯᠠᠭ᠎ᠠ ᠦᠭᠡᠢ ᠲᠢᠭ ᠵᠢᠷᠤᠮ ᠢ᠋ ᠴᠢᠩᠳᠠ ᠪᠠᠢᠯᠭᠠᠬᠤ ᠭᠡᠵᠦ ᠰᠦᠷᠡᠬᠡᠢ ᠴᠠᠭᠳᠠᠵᠤ ᠪᠠᠢᠭ᠎ᠠ ᠨᠢ ᠢᠯᠡᠳᠲᠡ᠃ ᠢᠩᠭᠢᠬᠦ ᠴᠦ᠍ ᠶᠣᠰᠣᠲᠠᠢ ᠪᠢᠯᠡ᠃ 
       ᠶᠡᠬᠡ ᠬᠡᠷᠡᠮ ᠦ᠋ᠨ ᠬᠣᠢᠲᠤ ᠬᠠᠭᠠᠯᠭᠠᠨ ᠤ᠋ ᠭᠠᠳᠠᠭ᠎ᠠ ᠮᠠᠯ ᠤ᠋ᠨ ᠵᠠᠬ᠎ᠠ᠂ ᠤᠷᠲᠤ ᠬᠠᠭᠠᠯᠭᠠᠨ ᠤ᠋ ᠭᠠᠳᠠᠭ᠎ᠠ ᠡᠳ᠋ ᠪᠠᠷᠠᠭᠠᠨ ᠤ᠋ ᠵᠠᠬ᠎ᠠ ᠪᠠᠢᠨ᠎ᠠ᠃ ᠡᠨᠡ ᠵᠠᠬ᠎ᠠ ᠨᠤᠭᠤᠳ ᠤ᠋ᠨ ᠠᠯᠢᠨ ᠳ᠋ᠤ᠌ ᠴᠦ᠍ ᠢᠯᠭᠠᠯ ᠦᠭᠡᠢ ᠬᠥᠮᠦᠰ ᠣᠯᠠᠨ᠂ ᠦᠨ᠎ᠡ ᠬᠡᠯᠡᠵᠦ ᠳᠠᠭᠤᠳᠠᠬᠤ ᠳᠠᠭᠤ ᠬᠣᠭᠣᠯᠠᠢ ᠲᠠᠰᠤᠷᠠᠯᠲᠠ ᠦᠭᠡᠢ ᠰᠣᠨᠣᠰᠳᠠᠨ᠎ᠠ᠃ ᠰᠢᠷᠡᠭᠡ ᠪᠦᠬᠦ ᠲᠡᠢ ᠠᠲᠠᠨ ᠲᠡᠮᠡᠭᠡ᠂ ᠵᠢᠷᠣᠭ᠎ᠠ ᠴᠣᠬᠣᠷ ᠮᠣᠷᠢᠳ᠂ ᠲᠤᠭᠤᠯ ᠲᠠᠢ ᠦᠨᠢᠶ᠎ᠡ᠂ ᠢᠳᠡᠰᠢᠨ ᠳ᠋ᠦ᠍ ᠬᠡᠷᠡᠭᠯᠡᠬᠦ ᠬᠣᠨᠢ ᠮᠠᠯ ᠢ᠋ ᠵᠠᠬ᠎ᠠ ᠳᠡᠭᠡᠷ᠎ᠡ ᠡᠴᠡ ᠰᠢᠯᠢᠨ ᠠᠪᠴᠤ ᠪᠣᠯᠤᠨ᠎ᠠ᠃ ᠮᠠᠯ ᠤ᠋ᠨ ᠵᠠᠬ᠎ᠠ ᠳᠡᠭᠡᠷ᠎ᠡ ᠡᠴᠡ ᠲᠡᠷᠭᠡ ᠲᠣᠨᠣᠭ᠂ ᠡᠮᠡᠭᠡᠯ ᠬᠠᠵᠠᠭᠠᠷ ᠵᠡᠷᠭᠡ ᠮᠣᠩᠭᠣᠯ ᠳᠠᠷᠬᠠᠴᠤᠳ ᠤ᠋ᠨ ᠤᠷ᠎ᠠ ᠰᠢᠯᠭᠠᠵᠤ ᠬᠢᠭᠰᠡᠨ ᠵᠦᠢᠯ ᠢ᠋ ᠪᠠᠰᠠ ᠰᠣᠩᠭᠣᠨ ᠠᠪᠴᠤ ᠪᠣᠯᠤᠨ᠎ᠠ᠃ ᠰᠣᠨᠢᠷᠬᠠᠯᠲᠠᠢ ᠨᠢ ᠪᠣᠭᠳᠠ ᠡᠵᠡᠨ ᠦ᠌ ᠳᠠᠷᠠᠭ᠎ᠠ ᠥᠭᠡᠳᠡᠢ ᠶ᠋ᠢᠨ ᠬᠠᠭᠠᠨᠴᠢᠯᠠᠯ ᠤ᠋ᠨ ᠦᠶ᠎ᠡ ᠳ᠋ᠦ᠍ ᠭᠠᠷᠭᠠᠭᠰᠠᠨ ᠴᠠᠭᠠᠰᠤᠨ ᠮᠥᠩᠭᠥ ᠶ᠋ᠢ ᠲᠣᠭᠠᠯᠠᠵᠤ ᠶᠠᠭᠤᠮ᠎ᠠ ᠬᠤᠳᠠᠯᠳᠤᠨ ᠠᠪᠬᠤ ᠨᠢ ᠣᠯᠠᠨᠲᠠᠢ ᠦᠵᠡᠭᠳᠡᠨ᠎ᠡ᠃ ᠴᠢᠯᠠᠭᠤᠨ ᠢ᠋ᠶ᠋ᠠᠷ ᠢ᠋ᠶ᠋ᠠᠷ ᠬᠡᠪᠯᠡᠭᠰᠡᠨ᠂ ᠭᠣᠶᠣ ᠡᠷᠢᠶᠡᠨ ᠵᠢᠷᠤᠭ ᠲᠠᠢ ᠲᠡᠷᠡ ᠴᠠᠭᠠᠰᠤᠨ ᠮᠥᠩᠭᠥ ᠶ᠋ᠢ ᠬᠥᠮᠦᠰ ᠪᠠᠭᠴᠠ ᠪᠠᠷ ᠨᠢ ᠳᠠᠪᠤᠤ ᠳ᠋ᠤ᠌ ᠪᠣᠭᠣᠵᠤ ᠡᠪᠦᠷᠲᠦᠯᠡᠨ 
       — ᠠᠪᠴᠤ ᠬᠡᠷᠡᠭᠯᠡᠵᠦ ᠶᠠᠪᠤᠬᠤ ᠳ᠋ᠤ᠌ ᠬᠢᠯᠪᠠᠷ᠂ ᠦᠨ᠎ᠡ ᠨᠢ ᠶᠠᠮᠠᠷ ᠴᠦ᠍ ᠡᠳ᠋ ᠶᠠᠭᠤᠮ᠎ᠠ ᠶ᠋ᠢ ᠣᠷᠣᠯᠠᠵᠤ ᠴᠢᠳᠠᠳᠠᠭ᠂ ᠤᠬᠠᠭᠠᠨ ᠵᠠᠷᠤᠵᠤ  ᠭᠠᠷᠭᠠᠭᠰᠠᠨ ᠰᠠᠢᠨ ᠡᠳ᠋ ᠭᠡᠵᠦ ᠮᠠᠭᠲᠠᠨ ᠶᠠᠷᠢᠬᠤ ᠨᠢ ᠰᠣᠨᠣᠰᠤᠭᠳᠠᠨ᠎ᠠ᠃  
       ᠡᠳ᠋ ᠪᠠᠷᠠᠭᠠᠨ ᠤ᠋ ᠡᠮᠦᠨ᠎ᠡ ᠵᠠᠬ᠎ᠠ ᠳᠡᠭᠡᠷ᠎ᠡ ᠠᠷᠠᠪ᠂ ᠢᠷᠡᠨ ᠦ᠌ ᠬᠡᠪᠢᠰ᠂ ᠡᠷᠢᠶᠡᠨ ᠲᠣᠷᠭ᠎ᠠ᠂ ᠲᠥᠪᠡᠳ ᠬᠣᠷᠭᠣᠢ᠂ ᠬᠢᠲᠠᠳ ᠭᠠᠩᠭᠠᠷ ᠱᠠᠭᠠᠵᠠᠩ᠂ ᠠᠶᠠᠭ᠎ᠠ ᠲᠠᠪᠠᠭ᠂ ᠫᠧᠷᠰ ᠦ᠋ᠨ ᠨᠡᠬᠡᠮᠡᠯ ᠬᠡᠪᠢᠰ᠂ ᠵᠠᠭᠠᠷ ᠤ᠋ᠨ ᠡᠭᠡᠳᠡᠮ ᠲᠡᠢ ᠰᠢᠷ᠎ᠠ ᠬᠤᠪᠠᠨ ᠴᠢᠮᠡᠭ ᠰᠡᠯᠲᠡ ᠦᠨᠡᠲᠦ ᠪᠠᠷᠠᠭ᠎ᠠ ᠬᠥᠮᠦᠰ ᠦ᠋ᠨ ᠭᠠᠷ ᠳᠡᠭᠡᠷ᠎ᠡ ᠪᠣᠯᠤᠨ ᠲᠡᠷᠭᠡᠨ ᠳᠡᠭᠡᠷ᠎ᠡ ᠥᠷᠭᠡᠰᠦᠲᠡᠢ ᠪᠠᠢᠵᠤ᠂ ᠦᠨ᠎ᠡ ᠳᠠᠭᠤᠳᠠᠭᠤᠯᠤᠨ᠎ᠠ᠃ ᠪᠠᠰᠠ ᠷᠣᠮ ᠤ᠋ᠨ ᠬᠤᠳᠠᠯᠳᠤᠭᠠᠴᠢᠨ᠂ ᠬᠣᠷᠸᠽᠡᠮ᠂ ᠬᠠᠷ᠎ᠠ ᠬᠢᠳᠠᠨ᠂  ᠸᠸᠨ᠋ᠸᠼ᠂ ᠸᠢᠽᠡᠲ᠋᠂ ᠺᠣᠨᠰᠲ᠋ᠠᠨᠲ᠋ᠨᠤᠫᠣᠯ ᠤ᠋ᠨ ᠭᠠᠵᠠᠷ ᠠ᠋ᠴᠠ ᠢᠷᠡᠭᠰᠡᠨ ᠬᠤᠳᠠᠯᠳᠤᠭᠠᠴᠢᠳ ᠪᠤᠰᠤᠳ ᠠ᠋ᠴᠠ ᠪᠠᠨ ᠢᠯᠡᠭᠦᠦ ᠭᠣᠶᠣ ᠴᠢᠨᠠᠷᠯᠢᠭ ᠡᠳ᠋ ᠪᠠᠷᠠᠭ᠎ᠠ ᠲᠠᠢ ᠭᠡᠵᠦ ᠠᠯᠳᠠᠷᠰᠢᠨ᠂ ᠲᠡᠳᠡᠨ ᠲᠡᠢ ᠬᠤᠳᠠᠯᠳᠤᠭ᠎ᠠ ᠮᠠᠢᠮᠠᠢ ᠬᠢᠬᠦ ᠭᠡᠵᠦ ᠮᠣᠩᠭᠣᠯᠴᠤᠳ ᠡᠷᠡᠮᠡᠯᠵᠡᠨ᠎ᠡ᠃ ᠸᠸᠨ᠋ᠸᠼ᠂ ᠸᠢᠽᠡᠲ᠂ ᠺᠤᠨᠰᠲ᠋ᠠᠨᠲ᠋ᠨᠤᠫᠣᠯ ᠤ᠋ᠨ ᠬᠤᠳᠠᠯᠳᠤᠭᠠᠴᠢᠳ ᠠᠯᠲᠠ ᠬᠤᠳᠠᠯᠳᠤᠨ ᠠᠪᠬᠤ ᠳᠤᠷᠠᠲᠠᠢ᠂ ᠰᠠᠢᠨ ᠲᠤᠩᠭᠠᠭᠰᠠᠨ ᠰᠢᠷ᠎ᠠ ᠠᠯᠲᠠ ᠠ᠋ᠴᠠ ᠡᠳ᠋ ᠪᠠᠷᠠᠭ᠎ᠠ ᠪᠠᠨ ᠬᠢᠯᠪᠠᠷ ᠥᠭᠳᠡᠭ ᠭᠡᠵᠦ ᠮᠣᠩᠭᠣᠯᠴᠤᠳ ᠶᠠᠷᠢᠯᠴᠠᠨ᠂ ᠪᠡᠶ᠎ᠡ ᠪᠡᠶ᠎ᠡ ᠡᠴᠡ ᠪᠡᠨ ᠠᠯᠲᠠ ᠠᠪᠴᠤ ᠳᠠᠮᠵᠢᠭᠤᠯᠤᠨ ᠬᠤᠳᠠᠯᠳᠤᠬᠤ ᠨᠢ ᠣᠯᠠᠨᠲᠠ ᠪᠠᠢᠪᠠ᠃ 
       ᠪᠢᠯᠢᠭᠦᠨ ᠬᠢᠲᠠᠳ ᠨᠤᠲᠤᠭ ᠠ᠋ᠴᠠ ᠣᠯᠵᠤ ᠢᠷᠡᠭᠰᠡᠨ ᠬᠡᠳᠦᠨ ᠴᠢᠨ ᠠᠯᠲᠠ ᠪᠠᠷ ᠢ᠋ᠶ᠋ᠠᠨ ᠮᠣᠷᠢᠨᠱᠠᠭᠠᠢ ᠳ᠋ᠤ᠌ ᠳᠡᠪᠡᠯ ᠬᠢᠬᠦ ᠬᠠᠮᠪᠤ ᠲᠣᠷᠭ᠎ᠠ᠂ ᠬᠠᠨᠲᠠᠭᠠᠰᠤ ᠬᠢᠬᠦ ᠬᠣᠷᠭᠣᠢ᠂ ᠬᠠᠳᠠᠮ ᠠᠪᠤ ᠳ᠋ᠤ᠌ ᠪᠠᠨ ᠡᠮᠦᠰᠬᠡᠬᠦ ᠱᠠ ᠵᠤᠯᠵᠠᠭᠠᠨ ᠤ᠋ ᠤᠭᠠᠯᠵᠠᠲᠠᠢ ᠪᠤᠯᠢᠭᠠᠷᠢ ᠭᠤᠲᠤᠯ᠂ ᠬᠦᠦ ᠳ᠋ᠦ᠍ ᠪᠡᠨ ᠡᠮᠦᠰᠦᠭᠦᠯᠬᠦ ᠪᠤᠰᠤᠳ ᠬᠤᠪᠴᠠᠰᠤ᠂ ᠰᠢᠬᠢᠷ ᠵᠢᠮᠢᠰ ᠦ᠋ᠨ ᠵᠦᠢᠯ ᠨᠡᠯᠢᠶᠡᠳ ᠠᠷᠪᠢᠨ ᠢ᠋ ᠠᠪᠤᠭᠠᠳ᠄ 
       — ᠠᠯᠲᠠ ᠪᠠᠨ ᠠᠷᠠᠢ ᠯᠠ ᠬᠢᠮᠳᠠ ᠬᠤᠳᠠᠯᠳᠤᠵᠤ ᠣᠷᠬᠢᠯ᠎ᠠ᠃ ᠣᠳᠣ ᠶᠠᠭᠠᠬᠢᠬᠤ ᠪᠣᠢ᠃ ᠱᠠᠭᠠᠢ ᠳ᠋ᠤ᠌ ᠪᠠᠨ ᠬᠦᠵᠦᠭᠦᠨ ᠦ᠌ ᠰᠤᠪᠤᠳ ᠤ᠋ᠨ ᠴᠢᠮᠡᠭ ᠠᠪᠴᠢᠷᠠᠭᠰᠠᠨ ᠪᠣᠯᠬᠣᠷ ᠰᠡᠳᠬᠢᠯ ᠨᠢ  ᠪᠠᠶᠠᠰᠤᠭ᠎ᠠ ᠪᠢᠵᠡ ᠭᠡᠵᠦ ᠥᠪᠡᠷᠲᠡᠭᠡᠨ ᠬᠡᠯᠡᠵᠦ ᠪᠠᠢᠯ᠎ᠠ᠃ ᠢᠩᠭᠢᠵᠦ ᠬᠠᠷᠠᠬᠣᠷᠣᠮ ᠳ᠋ᠤ᠌ ᠪᠠᠢᠭ᠎ᠠ ᠪᠦᠬᠦ ᠵᠦᠢᠯ ᠢ᠋ ᠬᠡᠳᠦᠬᠡᠨ ᠬᠣᠨᠣᠭ ᠶᠠᠪᠤᠭᠠᠳ ᠦᠵᠡᠵᠦ ᠪᠠᠷᠠᠰᠢ ᠦᠭᠡᠢ ᠠᠷᠪᠢᠨ ᠪᠠᠢᠪᠠ᠃  ᠲᠡᠭᠡᠵᠦ ᠤᠳᠠᠭᠠᠨ ᠢ᠋ᠶ᠋ᠠᠷ ᠲᠡᠨᠦᠨ ᠶᠠᠪᠤᠵᠤ ᠪᠠᠢᠬᠤ ᠵᠡᠪ ᠴᠦ᠍ ᠬᠠᠮᠢᠭ᠎ᠠ ᠪᠣᠢ᠃ 
        ᠪᠢᠯᠢᠭᠦᠨ ᠶᠡᠬᠡ ᠵᠠᠬᠢᠷᠤᠭᠴᠢ ᠶ᠋ᠢᠨ ᠵᠠᠬᠢᠷᠭᠠᠨ ᠤ᠋ ᠭᠠᠵᠠᠷ(ᠲᠠᠮᠠᠭ᠎ᠠ ᠶ᠋ᠢᠨ ᠭᠠᠵᠠᠷ)  ᠲᠤ ᠬᠦᠷᠦᠯᠴᠡᠨ ᠣᠴᠢᠵᠤ ᠪᠠᠷᠠᠯᠬᠠᠭᠠᠳ ᠬᠢᠲᠠᠳ ᠨᠤᠲᠤᠭ ᠤ᠋ᠨ ᠬᠠᠯᠠᠭᠤᠨ ᠠᠭᠠᠷ ᠪᠡᠶ᠎ᠡ ᠳ᠋ᠦ᠍ ᠳᠠᠭᠠᠷᠠᠭ᠎ᠠ ᠦᠭᠡᠢ ᠤᠴᠢᠷ ᠢ᠋ᠶ᠋ᠠᠨ ᠠᠢᠯᠠᠳᠬᠠᠭᠰᠠᠨ ᠳ᠋ᠤ᠌ ᠬᠤᠪᠢᠯᠠᠢ ᠵᠠᠬᠢᠷᠤᠭᠴᠢ ᠮᠢᠨᠦ ᠬᠦᠰᠡᠯᠲᠡ ᠶ᠋ᠢ ᠪᠠᠷ᠎ᠠ ᠪᠣᠯᠤᠭᠴᠢ ᠪᠠᠷ ᠢ᠋ᠶ᠋ᠠᠨ ᠳᠠᠮᠵᠢᠭᠤᠯᠤᠨ ᠰᠣᠨᠣᠰᠤᠭᠠᠳ ᠨᠠᠮᠠᠶ᠋ᠢ ᠨᠤᠲᠤᠭ ᠲᠤ ᠪᠠᠨ ᠰᠠᠭᠤᠬᠤ ᠶ᠋ᠢ ᠵᠥᠪᠰᠢᠶᠡᠷᠡᠵᠦ ᠪᠣᠯᠭᠣᠭᠠᠭᠰᠠᠨ᠃ ᠲᠡᠭᠡᠬᠦ ᠳ᠋ᠦ᠍ ᠪᠡᠨ ᠲᠥᠷᠥ ᠶ᠋ᠢᠨ ᠠᠯᠪᠠᠨ ᠠ᠋ᠴᠠ ᠴᠢᠯᠥᠭᠡᠯᠡᠬᠦ ᠦᠭᠡᠢ ᠭᠡᠰᠡᠨ ᠤᠴᠢᠷ ᠢ᠋ ᠮᠡᠳᠡᠭᠦᠯᠦᠨ ᠠᠢᠯᠠᠳᠬᠠᠯ᠎ᠠ᠃ ᠡᠨᠡ ᠠᠢᠯᠠᠳᠬᠠᠯ ᠳ᠋ᠤ᠌ ᠬᠠᠷᠠᠬᠣᠷᠣᠮ ᠤ᠋ᠨ ᠵᠠᠬᠢᠷᠤᠭᠴᠢ ᠶ᠋ᠢᠨ ᠭᠠᠵᠠᠷ ᠢᠲᠡᠭᠡᠵᠦ᠂ ᠬᠡᠳᠦᠨ ᠬᠣᠨᠣᠭ ᠬᠦᠯᠢᠶᠡᠯᠭᠡᠭᠰᠡᠨ ᠢ᠋ᠶ᠋ᠡᠨ ᠬᠠᠷᠢ ᠨᠤᠲᠤᠭ ᠠ᠋ᠴᠠ ᠢᠷᠡᠳᠡᠭ ᠭᠡᠢᠴᠢᠳ ᠢ᠋ ᠬᠦᠯᠢᠶᠡᠨ ᠠᠪᠴᠤ ᠵᠣᠴᠢᠯᠠᠭᠤᠯᠳᠠᠭ ᠵᠠᠰᠢᠶᠠᠨ ᠳ᠋ᠤ᠌ ᠪᠠᠭ᠎ᠠ ᠳᠠᠭᠠᠭᠠᠮᠠᠯ ᠤ᠋ᠨ ᠠᠯᠪᠠᠨ ᠳ᠋ᠤ᠌ ᠣᠷᠣᠵᠤ ᠵᠢᠳᠬᠦ ᠭᠡᠵᠦ ᠰᠠᠢᠳ ᠪᠠᠭᠤᠯᠭᠠᠯ᠎ᠠ᠃ ᠡᠨᠡ ᠴᠦ᠍ ᠴᠢᠳᠠᠳᠠᠭ ᠯᠠ ᠶᠤᠮ ᠪᠣᠯ ᠰᠠᠢᠬᠠᠨ ᠠᠯᠪᠠ ᠪᠠᠢᠯ ᠦᠭᠡᠢ ᠶᠠᠭᠠᠬᠢᠬᠤ ᠪᠣᠢ᠃  
       ᠬᠠᠷᠢ ᠶ᠋ᠢᠨ ᠣᠯᠠᠨ ᠣᠷᠣᠨ ᠠ᠋ᠴᠠ ᠭᠡᠢᠴᠢᠳ ᠶᠡᠬᠡ ᠢᠷᠡᠳᠡᠭ ᠵᠤᠨ ᠨᠠᠮᠤᠷ ᠤ᠋ᠨ ᠴᠠᠭ ᠲᠤ ᠪᠠᠷᠤᠭ ᠲᠣᠯᠣᠭᠠᠢ ᠳᠡᠷᠡᠨ ᠳᠡᠭᠡᠷ᠎ᠡ ᠲᠠᠯᠪᠢᠬᠤ ᠦᠭᠡᠢ ᠠᠯᠪᠠ ᠲᠠᠢ ᠪᠠᠢᠳᠠᠭ᠃ ᠲᠡᠭᠦᠨ ᠢ᠋ ᠬᠥᠰᠡᠷᠳᠡᠭᠦᠯᠵᠦ ᠪᠣᠯᠬᠤ ᠦᠭᠡᠢ ᠭᠡᠰᠡᠨ ᠠᠩᠬᠠᠷᠤᠭᠤᠯᠭ᠎ᠠ ᠥᠭᠴᠦ ᠪᠢᠯᠡ᠃ ᠭᠠᠳᠠᠭᠠᠳᠤ ᠠ᠋ᠴᠠ ᠢᠷᠡᠵᠦ ᠪᠣᠢ ᠭᠡᠢᠴᠢᠳ ᠢ᠋ ᠬᠦᠯᠢᠶᠡᠨ ᠠᠪᠳᠠᠭ ᠠᠯᠪᠠᠨ ᠤ᠋ ᠬᠥᠮᠦᠰ ᠪᠣᠯ ᠲᠤᠰᠬᠠᠢ ᠳᠦᠷᠢᠮᠲᠦ ᠬᠤᠪᠴᠠᠰᠤ ᠲᠠᠢ᠂ ᠵᠣᠷᠴᠢᠭᠴᠢᠳ ᠢ᠋ᠶ᠋ᠠᠷ ᠶᠣᠰᠣ ᠵᠢᠷᠤᠮ ᠢ᠋ ᠴᠢᠩᠳᠠ ᠪᠠᠷᠢᠮᠲᠠᠯᠠᠨ ᠰᠠᠬᠢᠭᠤᠯᠬᠤ ᠶᠣᠰᠣᠲᠠᠢ ᠭᠡᠨ᠎ᠡ᠃ ᠡᠢᠮᠦ ᠠᠯᠪᠠᠨ ᠳ᠋ᠤ᠌ ᠲᠣᠬᠣᠭᠳᠠᠬᠤ ᠳ᠋ᠤ᠌ ᠪᠠᠨ ᠪᠢᠯᠢᠭᠦᠨ ᠰᠡᠳᠬᠢᠯ  ᠬᠠᠩᠬᠤᠯᠤᠭᠤᠨ ᠪᠠᠢᠭ᠎ᠠ ᠪᠣᠯᠪᠠᠴᠤ ᠬᠤᠪᠢᠯᠠᠢ ᠵᠠᠬᠢᠷᠤᠭᠴᠢ ᠶ᠋ᠢᠨ ᠳᠠᠭᠠᠭᠠᠯᠠᠭᠠᠭᠰᠠᠨ ᠬᠡᠷᠡᠭ ᠢ᠋ ᠶᠠᠭᠠᠬᠢᠵᠤ ᠪᠡᠶᠡᠯᠡᠭᠦᠯᠬᠦ ᠪᠣᠢ? ᠪᠡᠶᠡᠯᠡᠭᠦᠯᠬᠦ ᠤᠤ? ᠪᠠᠢᠬᠤ ᠤᠤ? ᠬᠡᠷᠪᠡ ᠪᠡᠶᠡᠯᠡᠭᠦᠯᠬᠦ ᠦᠭᠡᠢ ᠪᠣᠯ ᠬᠣᠵᠢᠮ ᠤ᠋ᠨ ᠶᠠᠯ᠎ᠠ ᠶ᠋ᠢ ᠬᠡᠷᠬᠢᠨ ᠳᠠᠪᠠᠬᠤ ᠪᠣᠢ? ᠭᠡᠰᠡᠨ ᠠᠰᠠᠭᠤᠯᠲᠠ ᠵᠢᠷᠦᠬᠡ ᠶ᠋ᠢ ᠨᠢ ᠪᠠᠵᠠᠨ ᠦᠭᠲᠡᠭᠡᠵᠦ ᠪᠠᠢᠯ᠎ᠠ᠃ ᠬᠠᠷᠠᠪᠠᠰᠤ᠂ ᠰᠣᠨᠣᠰᠪᠠᠰᠤ ᠲᠡᠷᠡ ᠵᠠᠬᠢᠷᠤᠭᠴᠢ ᠠᠬᠠᠨ ᠳᠡᠭᠦᠦ ᠬᠣᠶᠠᠷ《ᠨᠢᠭᠡᠨ ᠲᠣᠭᠣᠭᠠᠨ ᠳ᠋ᠤ᠌ ᠬᠣᠶᠠᠷ ᠬᠤᠴᠠ ᠶ᠋ᠢᠨ ᠲᠣᠯᠣᠭᠠᠢ ᠪᠠᠭᠲᠠᠬᠤ ᠦᠭᠡᠢ》 ᠭᠡᠭᠴᠢ ᠪᠣᠯᠵᠤ ᠪᠣᠢ ᠨᠢ ᠯᠠᠪᠲᠠᠢ᠃《ᠪᠢ ᠪᠣᠯ ᠬᠤᠪᠢᠯᠠᠢ ᠵᠠᠬᠢᠷᠤᠭᠴᠢ ᠠ᠋ᠴᠠ ᠥᠪᠡᠷ ᠦ᠋ᠨ ᠪᠡᠶ᠎ᠡ ᠪᠡᠷ ᠵᠠᠷᠯᠢᠭ ᠰᠣᠨᠣᠰᠴᠤ ᠬᠦᠯᠢᠶᠡᠨ ᠠᠪᠤᠭᠰᠠᠨ᠂ ᠲᠡᠭᠦᠨ ᠦ᠌ ᠲᠤᠷᠰᠢᠭᠤᠯ ᠤ᠋ᠨ ᠬᠥᠮᠦᠨ ᠮᠥᠨ ᠰᠢᠦ》 ᠭᠡᠵᠦ ᠪᠢᠯᠢᠭᠦᠨ ᠥᠪᠡᠷ ᠲᠡᠢ ᠪᠡᠨ ᠶᠠᠷᠢᠬᠤ ᠪᠠᠷ ᠰᠡᠳᠬᠢᠯ ᠨᠢ ᠬᠢᠮᠤᠷᠠᠯᠳᠤᠵᠤ ᠪᠠᠢᠪᠠ᠃  ᠲᠡᠭᠡᠭᠡᠳ ᠦᠭᠡᠢ ᠭᠡᠬᠦ ᠶ᠋ᠢᠨ ᠡᠷᠬᠡ ᠮᠠᠲᠠᠯ ᠦᠭᠡᠢ ᠨᠢ ᠬᠠᠮᠤᠭ ᠲᠡᠩᠬᠡᠭᠡ ᠶ᠋ᠢ ᠨᠢ ᠪᠠᠷᠠᠭᠳᠠᠭᠤᠯᠤᠨ᠂《ᠪᠢ ᠰᠢᠪᠠᠭᠤ ᠪᠠᠢᠭᠰᠠᠨ ᠪᠣᠯ ᠳᠤᠷᠠᠲᠠᠢ ᠵᠦᠭ ᠤᠷᠤᠭᠤ ᠪᠠᠨ ᠨᠢᠰᠦᠨ ᠶᠠᠪᠤᠭ᠎ᠠ ᠳᠠ᠃ ᠶᠠᠮᠠᠷ ᠵᠢᠷᠭᠠᠯᠲᠠᠢ ᠪᠠᠢᠬᠤ ᠪᠣᠯ?》 ᠭᠡᠵᠦ ᠪᠣᠳᠣᠨ᠎ᠠ᠃ ᠡᠨᠡ ᠪᠣᠳᠣᠯ ᠨᠢ ᠪᠠᠰᠠ ᠲᠡᠭᠦᠨ ᠦ᠌ ᠬᠦᠰᠡᠯᠡᠩ ᠲᠡᠢ ᠬᠠᠷᠰᠢᠯᠳᠤᠵᠤ《ᠪᠢ ᠰᠢᠪᠠᠭᠤ ᠪᠠᠢᠭᠰᠠᠨ ᠪᠣᠯ ᠳᠤᠷ᠎ᠠ ᠪᠠᠷ ᠢ᠋ᠶ᠋ᠠᠨ ᠨᠢᠰᠳᠡᠭ ᠪᠠᠢᠯ᠎ᠠ ᠴᠦ᠍ ᠭᠡᠰᠡᠨ ᠮᠣᠷᠢᠨᠱᠠᠭᠠᠢ ᠲᠠᠢ ᠪᠠᠨ ᠢᠩᠭᠢᠵᠦ ᠬᠠᠮᠲᠤ ᠪᠠᠢᠵᠤ ᠴᠢᠳᠠᠬᠤ ᠦᠭᠡᠢ ᠰᠢᠦ ᠳᠡ᠃ ᠡᠨᠡ ᠮᠢᠨᠦ ᠵᠢᠷᠭᠠᠯ ᠤ᠋ᠨ ᠣᠳᠣ ᠪᠣᠯᠵᠤ ᠪᠠᠢᠭ᠎ᠠ ᠠᠮᠢᠲᠠᠨ᠃ ᠪᠢ ᠬᠦᠦ ᠭᠡᠷᠭᠡᠢ ᠬᠣᠶᠠᠷ ᠢ᠋ ᠪᠡᠨ ᠬᠠᠷᠠᠵᠤ ᠶᠠᠪᠤᠪᠠᠯ ᠪᠣᠯᠤᠭ᠎ᠠ》 ᠭᠡᠵᠦ ᠪᠣᠳᠣᠨ᠎ᠠ᠃ ᠡᠢᠮᠦ ᠰᠡᠳᠬᠢᠯ ᠲᠡᠢ ᠨᠢᠭᠡᠨ ᠡᠷ᠎ᠡ ᠬᠠᠷᠠᠬᠣᠷᠣᠮ ᠤ᠋ᠨ ᠭᠠᠵᠠᠷ ᠲᠤ ᠰᠠᠭᠤᠬᠤ ᠪᠣᠯᠵᠠᠢ᠃

— — — — 
① ᠹᠷᠠᠨᠽᠢ ᠶ᠋ᠢᠨ ᠳᠠᠷᠬᠠᠨ ᠪᠤᠯᠭᠸᠯᠸᠮ ᠪᠤᠱᠸ ᠲᠡᠷᠢᠭᠦᠯᠡᠨ ᠤᠷᠠᠯᠠᠭᠰᠠᠨ ᠭᠡᠳᠡᠭ᠃


           ᠦᠰᠦᠭ ᠠᠮᠢᠯᠠᠭᠤᠯᠤᠭᠰᠠᠨ ᠨᠢ᠄ ᠲᠡᠭᠷᠢ ᠡᠵᠢ᠂ ᠪᠠᠭᠠᠲᠤᠷ᠂ ᠴᠣᠯᠮᠣᠨᠲᠤᠶᠠᠭ᠎ᠠ