ᠪᠦᠷᠭᠦᠳ ᠬᠠᠷᠢ ᠳᠤ ᠡᠭᠦᠷᠯᠡᠳᠡᠭ ᠦᠭᠡᠢ – ᠵ ᠂ ᠫᠦᠷᠪᠦ<ᠬᠣᠶᠠᠳᠤᠭᠠᠷ ᠪᠦᠯᠦᠭ –2>᠂ ᠬᠤᠯᠠᠨ ᠤ ᠤᠨᠠᠭ᠎ᠠ Бүргэд харьд үүрэлдэггүй – Ж᠂ Пүрэв <2-р бүлэг ~2>. хулангийн унага ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠦᠷᠭᠦᠳ ᠬᠠᠷᠢ ᠳᠤ ᠡᠭᠦᠷᠯᠡᠳᠡᠭ ᠦᠭᠡᠢ – ᠵ ᠂ ᠫᠦᠷᠪᠦ<ᠬᠣᠶᠠᠳᠤᠭᠠᠷ ᠪᠦᠯᠦᠭ –2>᠂ ᠬᠤᠯᠠᠨ ᠤ ᠤᠨᠠᠭ᠎ᠠ Бүргэд харьд үүрэлдэггүй – Ж᠂ Пүрэв <2-р бүлэг ~2>. хулангийн унага

ᠪᠦᠷᠭᠦᠳ ᠬᠠᠷᠢ ᠳᠤ ᠡᠭᠦᠷᠯᠡᠳᠡᠭ ᠦᠭᠡᠢ – ᠵ ᠂ ᠫᠦᠷᠪᠦ<ᠬᠣᠶᠠᠳᠤᠭᠠᠷ ᠪᠦᠯᠦᠭ –2>᠂ ᠬᠤᠯᠠᠨ ᠤ ᠤᠨᠠᠭ᠎ᠠ Бүргэд харьд үүрэлдэггүй – Ж᠂ Пүрэв <2-р бүлэг ~2>. хулангийн унага

ᠠᠩᠭᠢᠯᠠᠯ:ᠲᠤᠭᠤᠵᠢ ᠷᠣᠮᠠᠨ
2026-05-01

50

ᠬᠣᠶᠠᠳᠤᠭᠠᠷ ᠪᠦᠯᠦᠭ - ᠭᠣᠯᠣᠮᠲᠠ ᠳᠦᠰᠢᠬᠰᠡᠨ ᠡᠵᠡᠨ

ᠬᠣᠶᠠᠷ᠂ ᠬᠤᠯᠠᠨ ᠤ᠋ ᠤᠨᠠᠭ᠎ᠠ


       ᠬᠠᠭᠠᠨ ᠤ᠋ ᠶᠡᠬᠡ ᠣᠷᠳᠣᠨ ᠤ᠋ ᠨᠢᠭᠡᠨ ᠰᠠᠷᠠᠭᠤᠯᠬᠠᠨ ᠲᠠᠰᠤᠯᠭᠠᠨ ᠳ᠋ᠤ᠌ ᠠᠬ᠎ᠠ ᠳᠡᠭᠦᠦ ᠬᠡᠳᠦ ᠨᠡᠢᠯᠡᠨ ᠰᠠᠭᠤᠵᠤ᠂ ᠬᠡᠷᠡᠭ ᠦᠢᠯᠡᠰ ᠢ᠋ᠶ᠋ᠡᠨ ᠵᠥᠪᠯᠡᠯᠳᠦᠨ ᠶᠠᠷᠢᠯᠴᠠᠪᠠ᠃ ᠮᠣᠩᠭᠣᠯ ᠬᠡ ᠤᠭᠠᠯᠵᠠ ᠰᠦᠯᠵᠢᠭᠦᠯᠦᠨ ᠰᠡᠷᠡᠭᠰᠡᠨ ᠴᠠᠭᠠᠨ ᠢᠰᠡᠭᠡᠢ ᠳᠡᠪᠢᠰᠬᠡᠷ᠂ ᠫᠧᠷᠰ ᠬᠡᠪᠢᠰ ᠠᠯᠠᠭᠯᠠᠭᠤᠯᠤᠨ ᠳᠡᠪᠢᠰᠴᠦ᠂ ᠤᠷᠠᠴᠤᠳ ᠤ᠋ᠨ ᠤᠬᠠᠭᠠᠨ ᠰᠣᠷᠢᠵᠤ ᠣᠷᠣᠯᠳᠣᠭᠤᠯᠤᠨ ᠬᠢᠭᠰᠡᠨ ᠰᠠᠪᠠ ᠰᠠᠭᠤᠯᠠᠭ᠎ᠠ ᠪᠠᠷ ᠲᠣᠨᠣᠭᠯᠠᠭᠰᠠᠨ ᠲᠡᠷᠡ ᠣᠷᠳᠣᠨ ᠳ᠋ᠤ᠌ ᠪᠥᠷᠲᠥᠢᠬᠦ ᠴᠦ᠍ ᠲᠣᠭᠣᠰᠣ ᠦᠭᠡᠢ᠂ ᠦᠭᠡ ᠰᠠᠮᠠᠭᠤᠷᠠᠭᠤᠯᠤᠨ ᠨᠢᠰᠬᠦ ᠢᠯᠠᠭ᠎ᠠ ᠴᠦ᠍ ᠦᠭᠡᠢ ᠪᠢᠯᠡ᠃ 
       — ᠬᠠᠭᠠᠨ ᠠᠬ᠎ᠠ ᠨᠢᠭᠡᠨᠲᠡ ᠪᠠᠢᠬᠤ ᠦᠭᠡᠢ ᠪᠣᠯᠤᠭᠰᠠᠨ ᠤᠴᠢᠷ ᠤᠯᠤᠰ ᠭᠦᠷᠦᠨ ᠦ᠌ ᠬᠡᠷᠡᠭ ᠶᠠᠪᠤᠳᠠᠯ ᠴᠠᠯᠠᠭᠠᠷᠳᠠᠨ ᠰᠤᠯᠠᠷᠠᠬᠤ ᠪᠠᠢᠳᠠᠯ ᠳ᠋ᠤ᠌ ᠣᠷᠣᠨ᠎ᠠ᠃ ᠲᠡᠢᠮᠦ ᠪᠠᠢᠳᠠᠯ ᠢ᠋ ᠶᠠᠭᠠᠬᠢᠵᠤ ᠭᠠᠷᠭᠠᠭᠤᠯᠬᠤ ᠦᠭᠡᠢ ᠪᠠᠢᠬᠤ ᠪᠢᠯᠡ ᠭᠡᠬᠦ ᠡᠴᠡ ᠶᠠᠰᠤ ᠬᠠᠪᠲᠠᠢᠵᠤ ᠪᠠᠢᠨ᠎ᠠ ᠭᠡᠵᠦ ᠰᠠᠷᠬᠤᠳ᠂ ᠠᠢᠷᠠᠭ ᠠᠶᠠᠭᠠᠯᠠᠨ ᠲᠠᠯᠪᠢᠭᠰᠠᠨ ᠰᠢᠷᠡᠭᠡᠨ ᠦ᠌ ᠠᠷᠤ ᠠ᠋ᠴᠠ ᠠᠷᠢᠬᠪᠦ᠋ᠬᠡ ᠬᠡᠯᠡᠯ᠎ᠡ᠃ ᠪᠤᠰᠤᠳ ᠠᠬ᠎ᠠ ᠳᠡᠭᠦᠦ ᠨᠢ ᠡᠨᠡ ᠦᠭᠡ ᠶ᠋ᠢ ᠲᠠᠭᠠᠯᠠᠨ ᠰᠣᠨᠣᠰᠤᠭᠠᠳ ᠴᠢᠷᠠᠢ ᠳ᠋ᠤ᠌ ᠪᠠᠨ ᠵᠣᠪᠠᠭᠤᠷᠢᠲᠤ ᠪᠠᠢᠳᠠᠯ ᠳᠤᠰᠬᠠᠨ᠎ᠠ᠃ 
       ᠬᠥᠯᠡᠬᠦ ᠬᠠᠨ ᠥᠨᠳᠡᠢᠵᠦ᠄ 
       — ᠲᠥᠷᠥ ᠶ᠋ᠢᠨ ᠵᠠᠬᠢᠷᠭ᠎ᠠ ᠥᠪᠡᠷ ᠢ᠋ᠶ᠋ᠡᠨ ᠶᠡᠬᠡ ᠡᠮᠬᠢ ᠴᠡᠭᠴᠡᠲᠡᠢ᠂ ᠴᠢᠩᠭᠠᠬᠠᠨ ᠳᠢᠭᠯᠢᠮ ᠲᠡᠢ ᠪᠠᠢᠬᠤ ᠶ᠋ᠢ ᠬᠢᠴᠢᠶᠡᠬᠦ ᠶᠣᠰᠣᠲᠠᠢ ᠪᠣᠯᠤᠨ᠎ᠠ ᠪᠢᠵᠡ ᠭᠡᠵᠦ ᠬᠡᠯᠡᠯ᠎ᠡ᠃ 
       ᠬᠤᠪᠢᠯᠠᠢ ᠵᠢᠱ᠌ᠢᠮ᠎ᠡ ᠦᠭᠡᠢ ᠴᠢᠷᠠᠢ ᠭᠠᠷᠭᠠᠨ ᠲᠣᠮᠣ ᠬᠤᠯᠤ ᠲᠠᠢ ᠠᠢᠷᠠᠭ ᠠ᠋ᠴᠠ ᠪᠠᠨ ᠬᠡᠳᠦ ᠪᠠᠯᠭᠤᠨ ᠵᠠᠯᠭᠢᠯᠠᠭᠠᠳ᠄ 
       — ᠵᠠ ᠶᠠᠭᠠᠬᠢᠬᠤ ᠪᠣᠢ ᠳᠠ᠂ ᠲᠥᠷᠥ ᠪᠠᠷᠢᠬᠤ ᠶᠡᠬᠡ ᠬᠠᠭᠠᠨ ᠤ᠋ ᠤᠬᠠᠭᠠᠨ ᠰᠠᠨᠠᠭ᠎ᠠ ᠮᠡᠳᠡᠬᠦ ᠬᠡᠷᠡᠭ ᠭᠡᠪᠡ᠃ ᠡᠨᠡ ᠦᠭᠡ ᠪᠤᠰᠤᠳ ᠳᠤ ᠣᠢᠯᠠᠭᠠᠮᠵᠢ ᠦᠭᠡᠢ ᠪᠠᠢᠯ᠎ᠠ᠃ 
       ᠠᠷᠢᠬᠪᠦ᠋ᠬᠡ ᠡᠭᠦᠨ ᠡᠴᠡ ᠰᠠᠳᠤᠨ
       — ᠲᠥᠷᠥ ᠶ᠋ᠢ ᠬᠡᠨ ᠪᠠᠷᠢᠬᠤ ᠪᠣᠯᠵᠤ ᠪᠠᠢᠨ᠎ᠠ ᠪᠣᠢ? ᠭᠡᠵᠦ ᠬᠡᠨᠡᠭ ᠦᠭᠡᠢᠬᠡᠨ ᠴᠢᠷᠠᠢ ᠭᠠᠷᠭᠠᠨ ᠠᠰᠠᠭᠤᠪᠠ᠃ 
       — ᠲᠠᠨ ᠳ᠋ᠤ᠌ ᠯᠠ ᠠᠬ᠎ᠠ ᠬᠠᠭᠠᠨ ᠢᠲᠡᠭᠡᠯ ᠬᠠᠢᠷᠠᠯᠠᠵᠤ᠂ ᠡᠬᠡ ᠨᠤᠲᠤᠭ ᠢ᠋ᠶ᠋ᠠᠨ ᠵᠠᠬᠢᠷᠤᠭᠤᠯᠤᠭᠰᠠᠨ ᠪᠢᠰᠢ ᠤᠤ ᠭᠡᠵᠦ ᠲᠠᠯᠢᠢᠭᠴᠢ ᠬᠠᠭᠠᠨ ᠤ᠋ ᠨᠢᠭᠡ ᠳᠡᠭᠦᠦ ᠨᠢ ᠤᠷᠢᠲᠠᠵᠤ ᠠᠮᠠ ᠳᠤᠤᠭᠠᠷᠤᠯ᠎ᠠ᠃ 
       ᠬᠤᠪᠢᠯᠠᠢ ᠶᠡᠬᠡᠮᠰᠦᠭ ᠶᠠᠩᠵᠤ ᠪᠠᠷ ᠲᠠᠮᠰᠢᠶᠠᠯᠠᠨ᠂ ᠰᠠᠬᠠᠯ ᠠᠮᠠ ᠪᠠᠷ ᠢ᠋ᠶ᠋ᠠᠨ ᠤᠷᠤᠯᠳᠤᠨ ᠰᠠᠭᠤᠭᠰᠠᠨ ᠢ᠋ᠶ᠋ᠠᠨ ᠨᠠᠮᠬᠠᠨ ᠳᠠᠭᠤ ᠪᠠᠷ᠄ 
       — ᠲᠥᠷᠥ ᠶ᠋ᠢ ᠪᠠᠷᠢᠵᠤ ᠬᠥᠲᠥᠯᠦᠨ ᠶᠠᠪᠤᠭᠤᠯᠤᠨ᠎ᠠ ᠭᠡᠳᠡᠭ ᠠᠮᠠᠷ ᠶᠠᠭᠤᠮ᠎ᠠ ᠪᠢᠰᠢ ᠭᠡᠵᠦ ᠪᠣᠭᠳᠠ ᠡᠵᠡᠨ ᠤᠳᠠᠭ᠎ᠠ ᠳᠠᠷᠠᠭᠠᠯᠠᠨ ᠵᠠᠷᠯᠢᠭᠯᠠᠵᠤ ᠪᠠᠢᠭᠰᠠᠨ᠃ ᠶᠡᠬᠡ ᠤᠬᠠᠭᠠᠨ᠂ ᠵᠣᠷᠢᠭ ᠰᠠᠮᠪᠠᠭ᠎ᠠ᠂ ᠨᠢᠭᠡᠨ ᠴᠢᠭ ᠢ᠋ ᠪᠠᠷᠢᠭᠰᠠᠨ ᠲᠤᠭᠤᠰᠢᠲᠠᠢ ᠪᠣᠳᠣᠯᠭ᠎ᠠ ᠭᠠᠷᠭᠠᠵᠤ ᠬᠥᠲᠥᠯᠬᠦ ᠶᠣᠰᠣᠲᠠᠢ᠃ ᠭᠦᠶᠦᠭ ᠠᠬ᠎ᠠ ᠲᠡᠭᠡᠵᠦ ᠴᠢᠳᠠᠭ᠎ᠠ ᠦᠭᠡᠢ ᠡᠴᠡ ᠤᠯᠤᠰ ᠭᠦᠷᠦᠨ ᠪᠦᠬᠦᠯᠢ ᠳ᠋ᠦ᠍ ᠪᠡᠨ ᠡᠮᠬᠢ ᠵᠠᠮᠪᠠᠷᠠᠭ᠎ᠠ ᠪᠠᠨ ᠠᠯᠲᠠᠨ᠂ ᠬᠥᠮᠦᠨ ᠬᠥᠮᠦᠨ ᠳᠤᠷ᠎ᠠ ᠳᠤᠷ᠎ᠠ ᠪᠠᠷ ᠢ᠋ᠶ᠋ᠠᠨ ᠪᠣᠯᠤᠭᠰᠠᠨ ᠰᠢᠦ ᠳᠡ᠃ ᠬᠢᠷᠢ ᠶ᠋ᠢᠨ ᠬᠥᠮᠦᠨ ᠲᠥᠷᠥ ᠶ᠋ᠢ ᠪᠠᠷᠢᠬᠤ ᠬᠡᠷᠡᠭ ᠪᠢᠰᠢ ᠭᠡᠵᠦ ᠬᠡᠯᠡᠬᠦ ᠨᠢ《ᠪᠢ ᠬᠠᠭᠠᠨ ᠰᠠᠭᠤᠪᠠᠯ ᠤᠭ ᠬᠡᠷᠡᠭ ᠢ᠋ ᠳᠥᠩᠭᠡᠬᠦ ᠪᠢᠵᠡ》 ᠭᠡᠰᠡᠨ ᠰᠠᠨᠠᠭ᠎ᠠ ᠶ᠋ᠢ ᠢᠯᠡᠷᠬᠡᠢᠯᠡᠪᠡ᠃ ᠡᠭᠦᠨ ᠦ᠌ ᠤᠴᠢᠷ ᠢ᠋ ᠳᠡᠭᠦᠦ ᠨᠠᠷ ᠨᠢ ᠣᠢᠯᠠᠭᠠᠵᠤ ᠮᠡᠳᠡᠯ᠎ᠡ᠃ 
       ᠡᠭᠦᠨ ᠳ᠋ᠦ᠍ ᠠᠷᠢᠬᠪᠦ᠋ᠬᠡ ᠳᠤᠷ᠎ᠠ ᠦᠭᠡᠢ ᠬᠦᠷᠴᠦ《ᠪᠢᠳᠡ ᠬᠣᠶᠠᠷ ᠤ᠋ᠨ ᠳᠤᠮᠳᠠ ᠬᠡᠷᠡᠭᠦᠯ ᠦ᠋ᠨ ᠦᠷ᠎ᠡ ᠰᠣᠶᠣᠭᠠᠯᠠᠵᠤ ᠪᠠᠢᠭ᠎ᠠ ᠶᠤᠮ ᠪᠢᠰᠢ ᠪᠢᠵᠡ ᠠ᠋?》 ᠭᠡᠮᠡᠨ ᠪᠣᠳᠣᠭᠠᠳ ᠵᠢᠪᠡᠭᠦᠷᠡᠭᠰᠡᠨ ᠰᠡᠳᠬᠢᠯ ᠢ᠋ᠶ᠋ᠡᠨ ᠪᠠᠷᠢᠵᠤ ᠲᠠᠢᠯᠤᠯ ᠦᠭᠡᠢ 
       — ᠪᠣᠭᠳᠠ ᠡᠪᠦᠭᠡ ᠶ᠋ᠢᠨ ᠵᠠᠷᠯᠢᠭᠯᠠᠵᠤ ᠪᠠᠢᠭᠰᠠᠨ ᠵᠠᠷᠯᠢᠭ ᠤ᠋ᠳ ᠢ᠋ ᠪᠢᠳᠡ ᠮᠠᠲᠠᠯ ᠦᠭᠡᠢ ᠶᠠᠭᠠᠬᠢᠬᠤ ᠪᠣᠢ᠃ ᠬᠠᠭᠠᠨ ᠡᠪᠦᠭᠡ ᠳ᠋ᠦ᠍ ᠶᠸᠯᠣᠢ ᠴᠦᠰᠠᠢ ᠨᠣᠶᠠᠨ ᠠ᠋ᠴᠠ ᠮᠣᠷᠢᠨ ᠳᠡᠯ ᠳᠡᠭᠡᠷ᠎ᠡ ᠪᠠᠢᠭᠤᠯᠤᠭᠰᠠᠨ ᠤᠯᠤᠰ ᠢ᠋ ᠮᠣᠷᠢᠨ ᠠ᠋ᠴᠠ ᠪᠠᠨ ᠪᠠᠭᠤᠯ ᠦᠭᠡᠢ ᠤᠳᠤᠷᠢᠳᠤᠨ ᠶᠠᠪᠤᠵᠤ ᠪᠣᠯᠬᠤ ᠦᠭᠡᠢ ᠭᠡᠵᠦ ᠵᠥᠪᠯᠡᠨ ᠠᠢᠯᠠᠳᠬᠠᠵᠤ ᠪᠠᠢᠭᠰᠠᠨ ᠢ᠋ ᠪᠢᠳᠡ ᠮᠡᠳᠡᠨ᠎ᠡ᠃ ᠭᠦᠶᠦᠭ ᠠᠬ᠎ᠠ ᠶ᠋ᠢ ᠪᠠᠷᠠᠭᠤᠨ ᠭᠠᠵᠠᠷ᠂ ᠣᠷᠣᠰ ᠨᠤᠲᠤᠭ ᠲᠤ ᠳᠠᠢᠳᠤᠵᠤ ᠶᠠᠪᠤᠭᠠᠳ ᠢᠷᠡᠬᠦ ᠳ᠋ᠦ᠍ ᠬᠠᠭᠠᠨ ᠠᠭᠤᠯᠵᠠᠭᠠᠳ ᠴᠢ ᠠᠶᠠᠨ ᠳ᠋ᠤ᠌ ᠶᠠᠪᠤᠬᠤ ᠴᠡᠷᠢᠭ ᠦ᠋ᠨ ᠳᠣᠲᠣᠷ᠎ᠠ ᠡᠷᠡᠭᠦᠯ ᠪᠥᠭᠰᠡ ᠲᠡᠢ ᠬᠥᠮᠦᠨ ᠡᠰᠡ ᠦᠯᠡᠳᠡᠭᠡᠰᠡ ᠭᠡᠨ᠎ᠡ᠃ ᠴᠡᠷᠢᠭ ᠬᠥᠮᠦᠨ ᠦ᠌ ᠨᠢᠷᠤᠭᠤᠨ ᠤ᠋ ᠠᠷᠠᠰᠤ ᠶ᠋ᠢ ᠬᠠᠭᠤᠯᠵᠤ ᠶᠠᠪᠤᠭᠰᠠᠨ ᠭᠡᠨ᠎ᠡ ᠴᠢ᠃ ᠶᠠᠭᠠᠬᠢᠭᠰᠠᠨ ᠶᠡᠬᠡ ᠣᠮᠣᠭᠲᠠᠢ᠂ ᠴᠢᠳᠠᠯᠲᠠᠢ ᠬᠥᠮᠦᠨ ᠪᠣᠢ ᠭᠡᠮᠡᠨ ᠳᠣᠩᠭᠣᠳᠤᠨ ᠵᠢᠮᠡᠯᠡᠵᠦ ᠪᠠᠢᠭᠰᠠᠨ ᠢ᠋ ᠴᠦ᠍ ᠪᠢᠳᠡ ᠴᠥᠮ ᠮᠡᠳᠡᠨ᠎ᠡ ᠳᠠ᠃ ᠡᠪᠦᠭᠡ ᠮᠢᠨᠢ ᠬᠠᠭᠠᠨ ᠬᠥᠮᠦᠨ ᠴᠣᠬᠣᠮ ᠶᠠᠮᠠᠷ ᠤᠬᠠᠭᠠᠨ ᠵᠠᠷᠤᠵᠤ᠂ ᠶᠠᠮᠠᠷ ᠪᠠᠭᠤᠷᠢ ᠰᠠᠭᠤᠷᠢ ᠭᠠᠷᠭᠠᠵᠤ ᠪᠠᠢᠪᠠᠯ ᠵᠣᠬᠢᠬᠤ ᠲᠤᠬᠠᠢ ᠵᠠᠷᠯᠢᠭᠳᠠᠵᠤ ᠪᠠᠢᠭᠰᠠᠨ ᠵᠦᠢᠯ ᠣᠳᠣ ᠮᠡᠷᠭᠡᠨ ᠲᠦᠰᠢᠮᠡᠳ ᠦ᠋ᠨ ᠪᠢᠴᠢᠭ ᠲᠦ᠍ ᠪᠠᠢᠵᠤ ᠯᠠ ᠪᠠᠢᠨ᠎ᠠ᠃《 ᠶᠡᠬᠡ ᠵᠠᠰᠠᠭ》 ᠬᠠᠤᠯᠢ ᠭᠡᠵᠦ ᠲᠥᠷᠥ ᠶ᠋ᠢᠨ ᠭᠣᠣᠯ ᠪᠠᠭᠰᠢ ᠴᠦ᠍ ᠪᠠᠢᠵᠤ ᠪᠠᠢᠭ᠎ᠠ᠃ ᠲᠠ ᠴᠦ᠍ ᠲᠡᠭᠦᠨ ᠢ᠋ ᠪᠣᠯᠭᠣᠭᠠᠵᠤ ᠪᠠᠢᠭ᠎ᠠ ᠪᠢᠵᠡ ᠭᠡᠵᠦ ᠰᠢᠭᠤᠳᠬᠠᠨ ᠬᠡᠯᠡᠪᠡ᠃ 
       ᠬᠤᠪᠢᠯᠠᠢ ᠳᠡᠭᠦᠦ ᠶ᠋ᠢᠨ ᠢ᠋ᠶ᠋ᠡᠨ ᠡᠨᠡ ᠦᠭᠡ ᠶ᠋ᠢ ᠰᠣᠨᠣᠰᠤᠭᠠᠳ ᠲᠠᠮᠰᠢᠶᠠᠯᠠᠨ ᠳᠡᠭᠡᠭᠦᠷ ᠬᠠᠷᠠᠵᠤ᠄ 
       — ᠬᠠᠭᠠᠨ ᠡᠵᠡᠨ ᠦ᠌ ᠲᠤᠬᠠᠢ ᠳ᠋ᠤ᠌ ᠪᠣᠯ ᠪᠢᠳᠡ ᠤᠯᠠ ᠰᠠᠭᠤᠷᠢᠲᠠᠢ᠂ ᠨᠠᠷᠢᠨ ᠪᠣᠳᠣᠯ ᠵᠠᠷᠤᠵᠤ ᠲᠠᠪᠠᠲᠠᠢ ᠰᠠᠢᠨ ᠬᠡᠯᠡᠯᠴᠡᠬᠦ ᠶᠣᠰᠣᠲᠠᠢ ᠪᠠᠢᠬᠤ᠃ ᠣᠯᠠᠨ ᠨᠣᠶᠠᠨ ᠡᠭᠦᠨ ᠳ᠋ᠦ᠍ ᠣᠷᠣᠯᠴᠠᠬᠤ ᠨᠢ ᠵᠦᠢ᠃ ᠶᠠᠭᠠᠷᠠᠭᠠᠳ ᠶᠠᠭᠠᠬᠢᠬᠤ ᠪᠣᠢ᠃ ᠪᠢᠳᠡ ᠠᠭᠠᠵᠢᠭᠤ ᠠᠭᠠᠵᠢᠭᠤᠬᠠᠨ ᠳᠠᠬᠢᠭᠠᠳ ᠰᠠᠢᠨ ᠪᠣᠳᠣᠵᠤ ᠶᠠᠷᠢᠯᠴᠠᠪᠠᠯ ᠳᠡᠭᠡᠷ᠎ᠡ ᠳᠡ ᠭᠡᠯ᠎ᠡ᠃ 
       ᠠᠷᠢᠬᠪᠦ᠋ᠬᠡ ᠶ᠋ᠢᠨ ᠰᠠᠨᠠᠭ᠎ᠠ ᠠᠬ᠎ᠠ ᠶ᠋ᠢᠨ ᠬᠢᠨᠢ ᠦᠭᠡ ᠲᠡᠢ ᠵᠥᠷᠢᠵᠦ᠂ ᠲᠡᠭᠦᠨ ᠢ᠋ ᠪᠡᠨ ᠲᠠᠢᠯᠪᠤᠷᠢᠯᠠᠪᠠ᠃ 
       — ᠠᠬ᠎ᠠ᠂ ᠳᠡᠭᠦᠦ ᠨᠠᠷ ᠮᠢᠨᠢ! ᠲᠠ ᠪᠦᠬᠦᠨ ᠮᠡᠳᠡᠵᠦ ᠪᠠᠢᠭ᠎ᠠ᠃ ᠶᠡᠬᠡ ᠡᠪᠦᠭᠡ ᠶ᠋ᠢᠨ ᠪᠠᠢᠭᠤᠯᠤᠭᠰᠠᠨ ᠲᠥᠷᠥ ᠤᠯᠤᠰ ᠢ᠋ᠶ᠋ᠠᠷ ᠵᠠᠷᠢᠮ ᠰᠠᠮᠠᠭᠤᠨ ᠡᠮ᠎ᠡ ᠳᠣᠭᠣᠭᠢᠯᠠᠨ ᠰᠤᠯᠠᠳᠠᠭᠤᠯᠵᠤ《ᠶᠡᠬᠡ ᠵᠠᠰᠠᠭ》 ᠬᠠᠤᠯᠢ ᠶ᠋ᠢ ᠭᠠᠳᠤᠴᠢᠬᠰᠠᠨ ᠠᠶᠤᠯ ᠭᠠᠷᠤᠭᠰᠠᠭᠠᠷ ᠢᠷᠡᠭᠰᠡᠨ᠃ ᠣᠳᠣ ᠲᠡᠢᠮᠦ ᠳ᠋ᠦ᠍ ᠬᠦᠷᠭᠡᠬᠦ ᠦᠭᠡᠢ ᠪᠠᠢᠬᠤ ᠶ᠋ᠢ ᠪᠢᠳᠡ ᠬᠢᠴᠢᠶᠡᠬᠦ ᠤᠴᠢᠷᠲᠠᠢ ᠪᠠᠢᠨ᠎ᠠ ᠭᠡᠯ᠎ᠡ᠃ 
       — ᠴᠢᠨᠦ ᠴᠤᠬᠤᠯᠵᠠᠭᠤᠯᠵᠤ ᠪᠠᠢᠭ᠎ᠠ ᠦᠭᠡᠨ ᠦ᠌ ᠤᠴᠢᠷ ᠨᠠᠳᠠᠳᠤ ᠣᠢᠯᠠᠭᠠᠭᠳᠠᠵᠤ ᠪᠠᠢᠨ᠎ᠠ᠃ ᠴᠢ ᠶᠠᠷᠢᠬᠤ ᠶᠠᠭᠤᠮ᠎ᠠ ᠪᠠᠢᠪᠠᠯ ᠬᠡᠯᠡ ᠯᠡ ᠳᠡ ᠭᠡᠵᠦ ᠬᠤᠪᠢᠯᠠᠢ ᠥᠭᠦᠯᠡᠪᠡ᠃ 
       ᠭᠡᠷ ᠲᠦ᠍ ᠬᠥᠬᠥᠯ ᠦ᠋ᠨ ᠲᠠᠩᠰᠤᠭ ᠦᠨᠦᠷ ᠬᠠᠩᠬᠤᠯᠤᠨ᠎ᠠ᠂ ᠭᠠᠳᠠᠨ᠎ᠠ ᠠ᠋ᠴᠠ ᠠᠮᠲᠠᠲᠤ ᠢᠳᠡᠭᠡᠨ᠂ ᠰᠡᠷᠢᠭᠦᠨ ᠤᠮᠳᠠᠭᠠᠨ᠂ ᠪᠠᠷᠠᠭᠤᠨ᠂ ᠳᠤᠮᠳᠠᠳᠤ ᠣᠷᠣᠨ ᠳ᠋ᠤ᠌ ᠨᠡᠷᠡᠭᠰᠡᠨ ᠪᠠᠯ ᠤ᠋ᠨ ᠠᠮᠲᠠᠲᠤ ᠳᠠᠷᠠᠰᠤ ᠰᠡᠯᠲᠡ ᠶ᠋ᠢ ᠰᠢᠪᠡᠭᠴᠢᠨ ᠨᠦ᠍ᠭᠦᠳ ᠣᠷᠣᠭᠤᠯᠤᠨ ᠢᠷᠡᠵᠦ ᠪᠠᠢᠯ᠎ᠠ᠃ 
       ᠠᠷᠢᠬᠪᠦ᠋ᠬᠡ ᠳᠦᠷᠯᠡᠭᠡᠷ ᠬᠤᠷᠴᠠ ᠨᠢᠳᠦ ᠪᠡᠷ ᠢ᠋ᠶ᠋ᠡᠨ ᠬᠤᠪᠢᠯᠠᠢ ᠶ᠋ᠢ ᠰᠢᠷᠳᠡᠨ ᠬᠠᠷᠠᠵᠤ᠄ 
       — ᠲᠡᠢᠮᠦ ᠠ᠋᠃ ᠥᠭᠡᠳᠡᠢ ᠠᠬ᠎ᠠ ᠶ᠋ᠢᠨ ᠳᠠᠷᠠᠭ᠎ᠠ ᠳᠥᠷᠪᠡᠨ ᠵᠢᠯ ᠳᠣᠷᠠᠺᠢᠨ᠎ᠠ① ᠠᠪᠠᠭᠠᠢ ᠲᠥᠷᠥ ᠪᠠᠷᠢᠵᠤ ᠪᠠᠢᠬᠤ ᠳ᠋ᠤ᠌ ᠪᠠᠨ ᠫᠧᠷᠰ ᠦ᠋ᠨ ᠬᠤᠳᠠᠯᠳᠤᠭᠠᠴᠢᠨ ᠱᠠᠩ ᠭᠡᠭᠴᠢ ᠲᠡᠢ ᠰᠦᠯᠪᠡᠭᠡᠯᠳᠦᠨ ᠡᠯᠳᠡᠪ ᠬᠠᠴᠢᠨ ᠠᠯᠪᠠ ᠭᠠᠷᠭᠠᠵᠤ ᠢᠯᠡᠭᠦᠦ ᠶᠡᠬᠡ ᠲᠠᠲᠠᠪᠤᠷᠢ ᠠᠪᠤᠨ᠂ ᠪᠦᠷ ᠲᠡᠷᠡ ᠬᠤᠳᠠᠯᠳᠤᠭᠠᠴᠢᠨ ᠤ᠋ ᠥᠷᠢ ᠰᠢᠷᠢ ᠶ᠋ᠢ ᠠᠯᠪᠠ ᠪᠣᠯᠭᠠᠨ ᠬᠥᠭᠡᠯᠭᠡᠬᠦ ᠵᠡᠷᠭᠡ ᠰᠠᠨᠠᠭᠠᠨ ᠳ᠋ᠤ᠌ ᠣᠷᠣᠮᠠᠷ ᠦᠭᠡᠢ ᠮᠠᠭᠤᠬᠠᠢ ᠶᠠᠭᠤᠮ᠎ᠠ ᠬᠢᠵᠦ᠂ ᠤᠯᠤᠰ ᠭᠦᠷᠦᠨ ᠦ᠌ ᠨᠡᠷ᠎ᠡ ᠶ᠋ᠢ ᠭᠤᠲᠤᠭᠠᠭᠰᠠᠨ᠃ ᠳᠠᠷᠠᠭ᠎ᠠ ᠨᠢ ᠪᠠᠰᠠ ᠹᠢᠲ᠋ᠢᠮ ᠭᠡᠳᠡᠭ ᠲᠡᠨᠦᠭᠦᠯᠴᠢᠨ ᠠᠪᠠᠭᠠᠢ ᠳᠣᠷᠠᠺᠢᠨ᠎ᠠ ᠳ᠋ᠤ᠌ ᠵᠢᠰᠤᠷᠳᠠᠨ ᠨᠠᠭᠠᠯᠳᠤᠵᠤ ᠦᠢᠮᠡᠭᠦᠯᠦᠭᠡᠳ᠂ ᠳᠡᠭᠡᠳᠦ ᠡᠷᠬᠡᠨ ᠳ᠋ᠦ᠍ ᠪᠠᠢᠭᠰᠠᠨ ᠨᠣᠶᠠᠳ ᠪᠥᠬᠡ ᠨᠠᠷ ᠤ᠋ᠨ ᠳᠤᠮᠳᠠ ᠡᠯᠳᠡᠪ ᠬᠣᠪ ᠵᠥᠭᠡᠭᠡᠨ ᠬᠤᠳᠬᠤᠨ ᠦᠢᠮᠡᠭᠦᠯᠵᠦ᠂ ᠲᠥᠷᠥ ᠶ᠋ᠢᠨ ᠬᠡᠷᠡᠭ ᠪᠠᠷᠢᠵᠤ ᠪᠠᠢᠭ᠎ᠠ ᠬᠥᠮᠦᠰ ᠦ᠋ᠨ ᠡᠪ ᠰᠠᠨᠠᠭ᠎ᠠ ᠶ᠋ᠢ ᠪᠤᠵᠠᠷᠯᠠᠨ ᠪᠠᠢᠵᠤ ᠴᠠᠭᠠᠵᠠᠯᠠᠭᠤᠯᠪᠠ᠃ ᠬᠥᠶᠦᠭ ᠠᠬ᠎ᠠ ᠶ᠋ᠢᠨ ᠶᠡᠬᠡ ᠬᠠᠲᠤᠨ ᠤᠭᠤᠯ ᠺᠠᠢᠮᠢᠰᠢ② ᠠᠪᠠᠭᠠᠢ ᠤᠯᠤᠰ ᠣᠷᠣᠨ ᠢ᠋ᠶ᠋ᠠᠷ ᠪᠠᠰᠠ ᠲᠣᠭᠯᠠᠵᠤ᠂ ᠬᠦᠦ ᠬᠡᠦᠬᠡᠳ ᠦ᠋ᠳ ᠲᠦ᠍ ᠪᠡᠨ ᠪᠣᠭᠳᠠ ᠡᠵᠡᠨ ᠦ᠌ ᠪᠠᠢᠳᠠᠯᠲᠠᠢ ᠪᠠᠢᠯᠭᠠᠬᠤ᠂ ᠬᠠᠭᠠᠨ ᠡᠵᠡᠨ ᠢ᠋ ᠵᠠᠯᠭᠠᠮᠵᠢᠯᠠᠬᠤ ᠶᠣᠰᠣ ᠶ᠋ᠢ ᠥᠪᠡᠷ ᠦ᠋ᠨ ᠥᠮᠴᠢ ᠮᠠᠲᠠᠯ ᠤ᠋ᠨ ᠬᠡᠷᠡᠭ ᠪᠣᠯᠭᠠᠬᠤ ᠭᠡᠵᠦ ᠲᠣᠢᠮᠣ ᠦᠭᠡᠢ ᠶᠡᠬᠡ ᠦᠢᠮᠡᠭᠦᠯᠦᠭᠰᠡᠨ᠃ ᠲᠡᠭᠡᠬᠦ ᠪᠡᠷ ᠲᠥᠷᠥ ᠶ᠋ᠢᠨ ᠬᠡᠷᠡᠭ ᠨᠢᠭᠡᠨ ᠰᠠᠪᠠᠭ᠎ᠠ ᠦᠭᠡᠢ ᠡᠮ᠎ᠡ ᠶ᠋ᠢᠨ ᠭᠠᠷ ᠲᠤ ᠣᠷᠣᠭᠠᠳ ᠭᠠᠷ ᠤ᠋ᠨ ᠤᠬᠢᠶᠠᠭᠤᠷ ᠠᠳᠠᠯᠢ ᠶᠠᠭᠤᠮ᠎ᠠ ᠪᠣᠯᠤᠭᠤᠵᠠᠢ ᠭᠡᠵᠦ ᠪᠢ ᠰᠡᠳᠬᠢᠯ ᠵᠣᠪᠠᠨᠢᠵᠤ ᠪᠠᠢᠨ᠎ᠠ ᠭᠡᠪᠡ᠃ 
       ᠪᠦᠬᠦ ᠢᠷᠡᠨ ᠦ᠌ ᠬᠠᠨ ᠰᠠᠭᠤᠷᠢᠨ ᠳ᠋ᠤ᠌ ᠰᠠᠭᠤᠭᠰᠠᠨ ᠵᠠᠯᠠᠮᠠᠭᠡᠷ ᠴᠠᠭᠠᠨ ᠴᠢᠷᠠᠢᠲᠤ ᠬᠦᠦ ᠬᠥᠯᠡᠬᠦ ᠨᠢ ᠠᠬ᠎ᠠ ᠳᠡᠭᠦᠦ ᠬᠣᠶᠠᠷ ᠤ᠋ᠨ ᠢ᠋ᠶ᠋ᠠᠨ ᠨᠢᠭᠤᠷ ᠢ᠋ ᠡᠭᠡᠯᠵᠢᠯᠡᠨ ᠬᠠᠷᠠᠵᠤ᠂ ᠬᠡᠨ ᠨᠢ ᠶᠠᠭᠤ ᠭᠡᠬᠦ ᠨᠢ ᠪᠣᠢ ᠭᠡᠰᠡᠨ ᠶᠠᠩᠵᠤᠲᠠᠢ ᠰᠠᠭᠤᠭᠰᠠᠨ ᠢ᠋ᠶ᠋ᠠᠨ᠄ 
       — ᠮᠠᠨ ᠤ᠋ ᠬᠠᠭᠠᠨ ᠠᠬ᠎ᠠ ᠶ᠋ᠢᠨ ᠬᠠᠲᠤᠳ ᠴᠦ᠍ ᠡᠳᠦᠭᠡ ᠳᠤᠷᠠᠺᠢᠨ᠎ᠠ᠂ ᠤᠭᠤᠯ ᠺᠠᠢᠮᠢᠰᠠᠢ ᠨᠠᠷ ᠲᠠᠢ ᠠᠳᠠᠯᠢ ᠣᠯᠠᠨ ᠢ᠋ ᠦᠢᠮᠡᠭᠦᠯᠵᠦ ᠳᠠᠪᠬᠢᠬᠤ ᠦᠭᠡᠢ ᠪᠠᠢᠬᠤ ᠰᠢᠦ᠃ ᠬᠥᠭᠡᠷᠦᠬᠦᠢ ᠲᠡᠳᠡ ᠨᠠᠷ ᠲᠣᠯᠣᠭᠠᠢ ᠥᠭᠡᠳᠡ ᠲᠠᠲᠠᠬᠤ ᠦᠭᠡᠢ ᠪᠡᠶ᠎ᠡ ᠪᠡᠶ᠎ᠡ ᠪᠡᠨ ᠤᠷᠤᠭᠤ ᠨᠢ ᠲᠡᠳᠡᠨ ᠤᠬᠢᠯᠠᠭᠰᠠᠭᠠᠷ ᠪᠠᠢᠬᠤ ᠶᠤᠮ᠃ ᠬᠠᠷᠠᠬᠤ ᠠ᠋ᠴᠠ ᠰᠡᠳᠬᠢᠯ ᠡᠪᠡᠳᠦᠨ ᠡᠯᠢᠭᠡ ᠡᠮᠲᠡᠷᠡᠭᠡᠳ ᠭᠣᠷᠢ ᠦᠭᠡᠢ ᠪᠠᠢᠨ᠎ᠠ ᠭᠡᠵᠦ ᠬᠡᠯᠡᠪᠡ᠃ ᠬᠤᠪᠢᠯᠠᠢ ᠬᠠᠭᠠᠨ ᠪᠢᠳ ᠬᠢᠨ ᠢᠨᠢᠶᠡᠵᠦ᠄ 
       — ᠪᠢ ᠠᠬ᠎ᠠ ᠶ᠋ᠢᠨ ᠪᠠᠭ᠎ᠠ ᠬᠠᠲᠤᠨ ᠰᠤ ᠶ᠋ᠢ ᠮᠡᠳᠡᠳᠡᠭ ᠦᠭᠡᠢ ᠶᠦᠮ᠃ ᠨᠢᠳᠦ ᠨᠢ ᠵᠢᠷᠲᠠᠯᠵᠠᠭᠠᠳ ᠴᠠᠭᠠᠨ᠎ᠠ ᠪᠠᠨ ᠨᠢᠭᠡ ᠠᠭᠠᠯᠢ ᠦᠭᠡᠢ ᠰᠢᠨᠵᠢᠲᠡᠢ ᠰᠢᠦ᠃ ᠤᠭ ᠭᠠᠷᠤᠯ ᠢ᠋ᠶ᠋ᠠᠷ ᠢ᠋ᠶ᠋ᠠᠨ ᠤᠢᠭᠤᠷ ᠬᠢᠳᠠᠨ ᠡᠬᠡᠨᠡᠷ ᠪᠣᠯᠬᠣᠷ ᠢ᠋ᠶ᠋ᠠᠨ ᠡᠯᠢᠭᠡ ᠨᠢ ᠲᠡᠢᠮᠦ ᠴᠦ᠍ ᠶᠡᠬᠡ ᠨᠠᠭᠠᠰᠢ ᠪᠠᠨ ᠪᠠᠢᠵᠤ ᠮᠠᠭᠠᠳ ᠦᠭᠡᠢ ᠳᠡ ᠭᠡᠯ᠎ᠡ᠃ 
       — ᠠᠬ᠎ᠠ ᠶ᠋ᠢᠨ ᠬᠡᠯᠡᠵᠦ ᠪᠠᠢᠭ᠎ᠠ ᠵᠥᠪ ᠰᠢᠦ᠃ ᠪᠢᠳᠡ ᠠᠩᠬᠠᠷᠤᠯᠲᠠᠢ ᠯᠠ ᠪᠠᠢᠬᠤ ᠶᠣᠰᠣᠲᠠᠢ᠃ ᠬᠠᠮᠤᠭ ᠤ᠋ᠨ ᠭᠣᠣᠯ ᠨᠢ ᠭᠦᠷᠦᠨ ᠦ᠌ ᠠᠯᠪᠠ ᠶ᠋ᠢ ᠴᠠᠯᠠᠭᠠᠷᠳᠠᠭᠤᠯᠤᠨ᠂ ᠰᠠᠪᠠᠭ᠎ᠠ ᠦᠭᠡᠢ ᠬᠥᠮᠦᠰ ᠦ᠋ᠨ ᠵᠤᠭ᠎ᠠ ᠶ᠋ᠢᠨ ᠬᠡᠷᠡᠭ ᠪᠣᠯᠭᠠᠵᠤ ᠣᠷᠬᠢᠬᠤ ᠪᠣᠢ ᠭᠡᠵᠦ ᠪᠢ ᠵᠣᠪᠠᠵᠤ ᠪᠠᠢᠨ᠎ᠠ ᠭᠡᠵᠦ ᠠᠷᠢᠬᠪᠥ᠋ᠬᠡ ᠪᠠᠰᠠ ᠥᠭᠦᠯᠡᠪᠡ᠃ 
       ᠠᠬ᠎ᠠ᠂ ᠳᠡᠭᠦᠦ ᠨᠠᠷ ᠤ᠋ᠨ ᠠᠭᠤᠯᠵᠠᠯᠲᠠ ᠡᠭᠦᠨ ᠢ᠋ᠶ᠋ᠡᠷ ᠳᠠᠭᠤᠰᠬᠤ ᠳ᠋ᠤ᠌ ᠪᠠᠨ ᠲᠣᠮᠣ᠂ ᠪᠠᠭ᠎ᠠ ᠬᠣᠶᠠᠷ ᠤ᠋ᠨ ᠬᠣᠭᠣᠷᠣᠨᠳᠣ ᠶᠠᠷᠢᠶ᠎ᠠ ᠨᠡᠢᠯᠡᠬᠦ ᠦᠭᠡᠢ ᠪᠠᠢᠭ᠎ᠠ ᠶ᠋ᠢ ᠬᠦᠯᠡᠬᠦ ᠠᠵᠢᠵᠤ᠂ ᠴᠠᠭᠠᠰᠢᠳᠠ ᠪᠠᠨ ᠶᠠᠭᠠᠬᠢᠳᠠᠭ ᠪᠣᠯ? ᠭᠡᠮᠡᠨ ᠠᠶᠤᠯ᠎ᠠ᠃ ᠬᠤᠪᠢᠯᠠᠢ ᠰᠥᠩ ᠤᠯᠤᠰ ᠢ᠋ ᠮᠥᠬᠥᠭᠡᠨ᠎ᠡ ᠭᠡᠵᠦ ᠭᠡᠳᠡᠷᠭᠦ ᠪᠡᠨ ᠶᠠᠭᠠᠷᠠᠨ ᠪᠤᠴᠠᠬᠤ ᠭᠡᠵᠦ ᠲᠡᠮᠡᠦᠯᠦᠭᠰᠡᠭᠡᠷ ᠡᠬᠡ ᠲᠡᠢ ᠪᠡᠨ ᠶᠠᠭᠠᠷᠠᠤᠬᠠᠨ ᠠᠭᠤᠯᠵᠠᠭᠠᠳ ᠬᠠᠷ᠎ᠠ ᠬᠣᠷᠣᠮ ᠠ᠋ᠴᠠ ᠡᠮᠦᠨ᠎ᠡ ᠶ᠋ᠢ ᠵᠣᠷᠢᠨ ᠬᠥᠳᠡᠯᠬᠦ ᠳ᠋ᠦ᠍ ᠳᠡᠭᠦᠦ ᠨᠠᠷ ᠨᠢ ᠦᠳᠡᠵᠦ ᠱᠠᠩᠬᠤ ᠶ᠋ᠢᠨ ᠬᠥᠲᠥᠯ ᠳᠡᠭᠡᠷ᠎ᠡ ᠭᠠᠷᠭᠠᠭᠠᠳ᠂ ᠬᠡᠭᠡᠷ᠎ᠡ ᠰᠡᠦᠬᠡ ᠲᠡᠷᠭᠡᠨ ᠦ᠌ ᠢᠷᠣᠭᠠᠷ ᠲᠤ ᠰᠢᠷᠢᠳᠡᠭ ᠳᠡᠪᠢᠰᠦᠭᠦᠯᠦᠨ ᠰᠠᠭᠤᠵᠤ ᠴᠠᠢ ᠪᠠᠷᠢᠪᠠ᠃ ᠠᠷᠢᠬᠪᠦ᠋ᠬᠡ ᠶᠡᠬᠡ ᠠᠬ᠎ᠠ ᠶ᠋ᠢ ᠪᠡᠨ ᠠᠷᠭᠠᠳᠠᠩᠭᠤᠢ ᠪᠠᠢᠳᠠᠯ ᠢ᠋ᠶ᠋ᠠᠷ ᠠᠶ᠎ᠠ ᠲᠠᠯᠪᠢᠨ ᠪᠠᠢᠵᠤ᠄ 
       — ᠲᠠ ᠬᠢᠲᠠᠳ ᠤᠷᠤᠭᠤ ᠪᠤᠴᠠᠬᠤ ᠭᠡᠵᠦ ᠳᠡᠩᠳᠡᠭᠦᠦ ᠶᠠᠭᠠᠷᠠᠯ᠎ᠠ᠃ ᠵᠦᠢ ᠨᠢ ᠡᠨᠳᠡᠬᠢ ᠶ᠋ᠢᠨ ᠪᠠᠢᠳᠠᠯ ᠢ᠋ ᠨᠡᠯᠢᠶᠡᠳ ᠲᠥᠪᠬᠢᠨᠡᠭᠦᠯᠦᠭᠡᠳ ᠪᠤᠴᠠᠬᠤ ᠶᠣᠰᠣᠲᠠᠢ ᠪᠠᠢᠭᠰᠠᠨ ᠭᠡᠪᠡ᠃ 
       ᠬᠤᠪᠢᠯᠠᠢ ᠲᠣᠯᠣᠭᠠᠢ ᠰᠡᠭᠰᠦᠷᠦᠨ᠂ ᠴᠢᠷᠠᠢ ᠪᠠᠨ ᠬᠤᠪᠢᠷᠠᠭᠠᠭᠠᠳ᠂ ᠬᠥᠮᠥᠭᠡᠢ ᠵᠠᠭᠤᠨ ᠰᠠᠭᠤᠵᠤ᠄ 
       — ᠴᠢ ᠶᠠᠭᠤ ᠴᠦ᠍ ᠮᠡᠳᠡᠬᠦ ᠦᠭᠡᠢ ᠪᠠᠢᠨ᠎ᠠ᠃ ᠥᠭᠡᠳᠡ ᠪᠣᠯᠤᠭᠴᠢ ᠠᠬ᠎ᠠ ᠨᠠᠮᠠᠶ᠋ᠢ ᠬᠢᠲᠠᠳ ᠭᠠᠵᠠᠷ ᠵᠦᠭᠡᠷ ᠵᠤᠭᠠᠴᠠᠭᠤᠯᠬᠤ ᠪᠠᠷ ᠰᠠᠭᠤᠯᠭᠠᠭᠰᠠᠨ ᠶᠤᠮ ᠪᠢᠰᠢ᠃ ᠬᠢᠲᠠᠳ ᠤ᠋ᠳ ᠶᠡᠬᠡ ᠬᠡᠴᠡᠭᠦᠦ ᠬᠥᠮᠦᠰ᠃《ᠵᠠ》᠂《ᠵᠠ》 ᠭᠡᠵᠦ ᠪᠠᠢᠭᠠᠳ ᠯᠠ ᠪᠥᠭᠰᠡ ᠵᠢᠭᠠᠬᠠᠨ ᠥᠨᠳᠡᠢᠬᠦ ᠪᠡᠷ ᠨᠢᠭᠡ ᠡᠪ ᠦᠭᠡᠢ ᠶᠠᠭᠤᠮ᠎ᠠ ᠬᠢᠵᠦ ᠪᠠᠢᠳᠠᠭ ᠵᠠᠩᠲᠠᠢ᠃ ᠠᠶ᠎ᠠ ᠦᠭᠡᠢ ᠪᠣᠯ ᠪᠢᠳᠡᠨ ᠢ᠋ ᠣᠩᠬᠣᠯᠢᠳᠤᠭᠤᠯᠬᠤ ᠭᠡᠵᠦ ᠠᠷᠭ᠎ᠠ ᠡᠷᠢᠨ᠎ᠡ᠃ ᠠᠯᠲᠠᠨ ᠤᠯᠤᠰ ᠢ᠋ ᠮᠥᠬᠥᠭᠡᠭᠰᠡᠨ ᠦ᠌ ᠬᠣᠨᠵᠢᠩ ᠢ᠋ ᠲᠡᠳᠡ ᠭᠡᠭᠡᠬᠦ ᠶᠠᠭᠠᠬᠢᠭ᠎ᠠ ᠴᠤ᠌ ᠦᠭᠡᠢ᠂ ᠵᠢᠷᠦᠬᠡᠨ ᠦ᠌ ᠪᠡᠨ ᠮᠤᠬᠤᠷ ᠲᠤ ᠦᠰ ᠪᠣᠯᠭᠠᠨ ᠲᠡᠭᠡᠭᠡᠭᠰᠡᠭᠡᠷ ᠶᠠᠪᠤᠭ᠎ᠠ ᠶ᠋ᠢ ᠴᠢ ᠣᠢᠯᠠᠭᠠᠬᠤ ᠬᠡᠷᠡᠭᠲᠡᠢ ᠪᠣᠯᠵᠤ ᠰᠢᠦ᠃ ᠲᠡᠭᠡᠭᠡᠳ ᠴᠦ᠍ ᠶᠡᠷᠦ ᠨᠢ ᠬᠢᠲᠠᠳ ᠣᠷᠣᠨ ᠪᠣᠯ ᠠᠯᠢ ᠴᠦ᠍ ᠲᠠᠯ᠎ᠠ ᠪᠠᠷ ᠢ᠋ᠶ᠋ᠠᠨ ᠪᠢᠳᠡᠨ ᠦ᠌ ᠨᠢᠭᠡ ᠭᠣᠣᠯ ᠲᠦᠰᠢᠴᠡ ᠪᠣᠯᠬᠤ ᠶᠣᠰᠣᠲᠠᠢ ᠭᠠᠵᠠᠷ ᠮᠥᠨ᠃ ᠬᠢᠲᠠᠳ ᠢ᠋ ᠲᠣᠭᠲᠠᠭᠠᠨ ᠠᠳᠬᠤᠵᠤ ᠪᠠᠢᠬᠤ ᠦᠭᠡᠢ ᠪᠡᠷ ᠮᠠᠨ ᠤ᠋ ᠭᠦᠷᠦᠨ ᠤᠯᠤᠰ ᠣᠷᠣᠰᠢᠨ ᠪᠠᠢᠬᠤ ᠳ᠋ᠤ᠌ ᠪᠡᠷᠬᠡ ᠪᠣᠯᠤᠨ᠎ᠠ ᠭᠡᠵᠦ ᠰᠢᠭᠤᠳᠬᠠᠨ ᠬᠡᠯᠡᠪᠡ᠃ ᠠᠷᠢᠬᠪᠥ᠋ᠬᠡ ᠬᠤᠪᠢᠯᠠᠢ ᠶ᠋ᠢᠨ ᠡᠨᠡ ᠦᠭᠡᠨ ᠳ᠋ᠦ᠍ ᠵᠢᠪᠡᠭᠦᠴᠡᠬᠦ ᠶᠠᠩᠵᠤ ᠪᠠᠷ ᠳᠠᠭᠤ ᠪᠠᠨ ᠦᠯᠦ ᠮᠡᠳᠡᠭ ᠥᠨᠳᠥᠷᠯᠡᠨ᠂ ᠴᠢᠷᠠᠢ ᠪᠠᠨ ᠤᠯᠠᠢᠯᠭᠠᠭᠠᠳ᠂ ᠰᠠᠭᠤᠳᠠᠯ ᠳᠡᠭᠡᠷ᠎ᠡ ᠪᠡᠨ ᠥᠨᠳᠡᠢᠵᠦ᠄ 
       — ᠲᠠ ᠬᠢᠲᠠᠳ ᠦᠭᠡᠢ ᠪᠡᠷ ᠪᠢᠳᠡᠨ ᠦ᠌ ᠤᠯᠤᠰ ᠢ᠋ ᠣᠷᠣᠰᠢᠨ ᠪᠠᠢᠵᠤ ᠴᠢᠳᠠᠬᠤ ᠦᠭᠡᠢ ᠭᠡᠵᠦ ᠳᠡᠩᠳᠡᠭᠦᠦ ᠪᠦᠳᠦᠭᠦᠨ ᠦᠭᠡ ᠳᠤᠤᠭᠠᠷᠴᠤ ᠪᠠᠢᠨ᠎ᠠ᠃ ᠮᠣᠩᠭᠣᠯ ᠤᠯᠤᠰ ᠬᠢᠲᠠᠳ ᠦᠭᠡᠢ ᠪᠠᠢᠵᠤ ᠴᠢᠳᠠᠬᠤ ᠦᠭᠡᠢ ᠭᠡᠵᠦ ᠬᠡᠯᠡᠳᠡᠭ ᠬᠥᠮᠦᠨ ᠪᠠᠢᠭ᠎ᠠ ᠳ᠋ᠤ᠌ ᠪᠢ ᠢᠴᠢᠬᠦ ᠰᠢᠭ ᠪᠣᠯᠤᠯ᠎ᠠ᠃ ᠶᠠᠮᠠᠷ ᠤᠬᠠᠭᠠᠨ ᠦᠭᠡᠢ ᠪᠣᠢ᠃  ᠪᠢᠳᠡ ᠬᠢᠲᠠᠳ ᠠᠳᠬᠤᠭᠠᠳ ᠪᠠᠢᠵᠤ ᠳᠥᠩᠭᠡᠬᠦ ᠦᠭᠡᠢ ᠭᠡᠵᠢ ᠤᠤ? ᠭᠡᠯ᠎ᠡ᠃ 
       ᠬᠤᠪᠢᠯᠠᠢ ᠪᠡᠶ᠎ᠡ ᠪᠡᠨ ᠪᠠᠷᠢᠨ᠂ ᠦᠭᠡ ᠶᠠᠷᠢᠶ᠎ᠠ ᠶ᠋ᠢ ᠬᠤᠷᠴᠠᠳᠬᠠᠬᠤ ᠦᠭᠡᠢ ᠪᠠᠢᠬᠤ ᠶ᠋ᠢ ᠬᠢᠴᠢᠶᠡᠪᠡ ᠪᠣᠯᠤᠯᠲᠠᠢ ᠬᠡᠰᠡᠭ ᠵᠠᠭᠤᠷ᠎ᠠ ᠳᠠᠭᠤ ᠦᠭᠡᠢ ᠰᠠᠭᠤᠭᠰᠠᠨ ᠢ᠋ᠶ᠋ᠠᠨ ᠨᠢᠭᠡ ᠭᠠᠷ ᠢ᠋ᠶ᠋ᠠᠷ ᠢ᠋ᠶ᠋ᠠᠨ ᠨᠥᠭᠦᠭᠡ ᠶ᠋ᠢ ᠴᠢᠩᠭ᠎ᠠ ᠠᠳᠬᠤᠭᠠᠳ᠄ 
       — ᠠᠷᠢᠬᠪᠥ᠋ᠬᠡ ᠠ᠋! ᠴᠢ ᠶᠠᠭᠤᠨ ᠳ᠋ᠤ᠌ ᠰᠡᠳᠬᠢᠯ ᠢ᠋ᠶ᠋ᠡᠨ ᠵᠣᠪᠠᠭᠠᠭᠠᠳ ᠪᠠᠢᠭ᠎ᠠ ᠶᠤᠮ ᠪᠣᠢ? ᠣᠳᠣ ᠠᠬ᠎ᠠ ᠶ᠋ᠢᠨ ᠣᠷᠣ ᠶ᠋ᠢ ᠬᠡᠯᠡᠯᠴᠡᠬᠦ ᠴᠠᠭ ᠪᠢᠰᠢ ᠰᠢᠦ ᠳᠡ ᠭᠡᠪᠡ᠂ ᠠᠷᠢᠬᠪᠦ᠋ᠬᠡ ᠬᠢᠯᠢᠩᠲᠡᠢ ᠪᠡᠷ᠄ 
       — ᠲᠠᠨ ᠳ᠋ᠤ᠌ ᠪᠣᠳᠣᠯ ᠠᠯᠠᠭ᠎ᠠ ᠭᠡᠵᠢ ᠤᠤ? ᠨᠠᠳᠠᠳᠤ ᠪᠣᠳᠣᠬᠤ ᠶᠠᠭᠤᠮ᠎ᠠ ᠶᠡᠬᠡ ᠪᠠᠢᠨ᠎ᠠ᠃ ᠥᠭᠡᠳᠡᠢ ᠠᠬ᠎ᠠ ᠶ᠋ᠢᠨ ᠤᠳᠤᠮ ᠤ᠋ᠨ ᠬᠢᠨ ᠬᠠᠭᠠᠨ ᠤ᠋ ᠣᠷᠣ ᠶ᠋ᠢ ᠡᠷᠭᠢᠭᠦᠯᠦᠨ ᠠᠪᠬᠤ ᠶ᠋ᠢᠨ ᠲᠤᠯᠠᠳᠠ ᠳᠠᠯᠳᠠᠭᠤᠷ ᠶᠠᠮᠠᠷ ᠴᠦ᠍ ᠬᠤᠤᠪᠢᠯᠳᠤᠭᠠᠨ ᠬᠢᠬᠦ ᠡᠴᠡ ᠪᠤᠴᠠᠬᠤ ᠦᠭᠡᠢ ᠪᠠᠢᠳᠠᠯᠲᠠᠢ ᠴᠠᠭᠠᠨ᠎ᠠ ᠪᠠᠨ ᠨᠢᠭᠡ ᠬᠠᠴᠢᠨ ᠪᠠᠢᠭ᠎ᠠ᠃ ᠤᠭ ᠨᠢ ᠲᠡᠭᠡᠮ᠎ᠡ ᠦᠭᠡᠢ ᠯᠡ ᠪᠠᠢᠮᠠᠷ ᠰᠠᠨ᠃ ᠥᠭᠡᠳᠡᠢ ᠠᠪᠠᠭ᠎ᠠ ᠶ᠋ᠢ ᠰᠢᠷᠡᠭᠡᠨ ᠳ᠋ᠦ᠍ ᠪᠠᠢᠵᠤ ᠪᠡᠶ᠎ᠡ ᠨᠢ ᠡᠪᠡᠳᠦᠭᠡᠳ ᠮᠠᠭᠤᠳᠠᠬᠤ ᠳ᠋ᠤ᠌ ᠪᠢᠳᠡᠨ ᠦ᠌ ᠠᠪᠤ ᠣᠴᠢᠵᠤ ᠠᠭᠤᠯᠵᠠᠭᠠᠳ《ᠪᠢ ᠴᠢᠨᠦ ᠣᠷᠣᠨ ᠳ᠋ᠤ᠌ ᠦᠬᠦᠶ᠎ᠡ᠃ ᠪᠤᠷᠬᠠᠨ ᠲᠩᠷᠢ ᠢᠩᠭᠢᠵᠦ ᠬᠠᠢᠷᠠᠯᠠ!》 ᠭᠡᠵᠦ ᠵᠠᠯᠪᠠᠷᠢᠵᠤ ᠪᠠᠢᠭᠰᠠᠨ᠃ ᠡᠭᠦᠨ ᠢ᠋ ᠲᠦᠮᠡᠨ ᠣᠯᠠᠨ ᠮᠡᠳᠡᠨ᠎ᠡ᠃ ᠶᠡᠷᠦ ᠨᠢ ᠤᠯᠤᠰ ᠤ᠋ᠨ ᠬᠠᠭᠠᠨ ᠪᠣᠯ ᠮᠠᠨ ᠤ᠋ ᠠᠪᠤ ᠶ᠋ᠢᠨ ᠤᠳᠤᠮ ᠠ᠋ᠴᠠ ᠪᠠᠢᠬᠤ  ᠶᠣᠰᠣᠲᠠᠢ᠃ ᠢᠩᠭᠢ ᠭᠡᠵᠦ ᠪᠣᠭᠳᠠ ᠡᠪᠦᠭᠡ ᠲᠠᠭᠠᠯᠠᠭᠰᠠᠨ ᠬᠡᠷᠡᠭ᠃ ᠲᠠ ᠨᠠᠷ ᠪᠣᠳᠣᠭᠠᠳ ᠦᠵᠡ! 
       ᠬᠠᠭᠠᠨ ᠡᠪᠦᠭᠡ ᠬᠠᠮᠤᠭ ᠭᠠᠵᠠᠷ ᠨᠤᠲᠤᠭ ᠢ᠋ᠶ᠋ᠠᠨ ᠬᠡᠦᠬᠡᠳ ᠦ᠋ᠳ ᠲᠦ᠍ ᠪᠡᠨ ᠬᠤᠪᠢᠶᠠᠵᠤ ᠥᠭᠬᠦ ᠳ᠋ᠦ᠍ ᠪᠡᠨ ᠪᠢᠳᠡᠨ ᠦ᠌ ᠠᠪᠤ ᠶ᠋ᠢᠨ ᠥᠮᠴᠢᠨ ᠳ᠋ᠦ᠍ ᠡᠨᠡ ᠮᠣᠩᠭᠣᠯ ᠨᠤᠲᠤᠭ ᠢ᠋ᠶ᠋ᠠᠨ ᠦᠯᠡᠳᠡᠭᠡᠨ᠂ ᠥᠭᠡᠷ᠎ᠡ ᠬᠡᠨ ᠳ᠋ᠦ᠍ ᠴᠦ᠍ ᠭᠣᠯᠣᠮᠲᠠ ᠪᠠᠨ ᠥᠭᠴᠦ ᠰᠠᠬᠢᠭᠤᠰᠤᠭᠰᠠᠨ ᠦᠭᠡᠢ᠃ ᠶᠡᠷᠦ ᠡᠴᠡ ᠪᠡᠨ ᠮᠣᠩᠭᠣᠯ ᠵᠠᠩᠰᠢᠯ ᠪᠣᠯ ᠣᠳᠬᠣᠨ ᠬᠦᠦ ᠨᠢ ᠭᠠᠯ ᠭᠣᠯᠣᠮᠲᠠ ᠪᠠᠨ ᠰᠠᠬᠢᠳᠠᠭ ᠭᠡᠳᠡᠭ ᠪᠢᠵᠡ ᠳᠡ᠃ ᠡᠨᠡ ᠴᠢᠨᠢ ᠠᠪᠤ ᠶ᠋ᠢᠨ ᠦᠷ᠎ᠡ ᠬᠡᠦᠬᠡᠳ ᠦ᠋ᠳ ᠢ᠋ ᠡᠬᠡ ᠨᠤᠲᠤᠭ ᠢ᠋ᠶ᠋ᠠᠨ ᠮᠡᠳᠡᠨ ᠵᠠᠬᠢᠷᠴᠤ ᠪᠠᠢᠭ ᠭᠡᠰᠡᠨ ᠬᠡᠷᠡᠭ ᠪᠢᠰᠢ  ᠭᠡᠵᠢ ᠤᠤ? ᠡᠢᠮᠦ ᠪᠠᠢᠭᠰᠠᠭᠠᠷ ᠪᠠᠢᠲᠠᠯ᠎ᠠ ᠲᠣᠷᠠᠺᠢᠨ᠎ᠠ ᠭᠡᠳᠡᠭ ᠤᠪᠠᠢ ᠦᠭᠡᠢ ᠬᠠᠲᠤᠨ ᠠ᠋ᠴᠠ ᠪᠣᠯᠵᠤ ᠠᠬ᠎ᠠ ᠳᠡᠭᠦᠦ ᠶ᠋ᠢᠨ ᠬᠣᠭᠣᠷᠣᠨᠳᠣ ᠳᠠᠭᠤᠰᠤᠰᠢ ᠦᠭᠡᠢ ᠥᠰᠢᠶ᠎ᠡ ᠶ᠋ᠢ ᠪᠣᠢ ᠪᠣᠯᠭᠠᠭᠰᠠᠨ᠃ ᠡᠭᠦᠨ ᠢ᠋ ᠪᠢᠳᠡ ᠵᠦᠭᠡᠷ ᠬᠠᠷᠠᠭᠠᠳ ᠰᠠᠭᠤᠵᠤ ᠪᠠᠢᠬᠤ ᠶᠣᠰᠣᠲᠠᠢ ᠭᠡᠵᠢ ᠤᠤ? ᠭᠡᠮᠡᠨ ᠬᠢᠯᠢᠩᠲᠡᠢ ᠪᠠᠢᠳᠠᠯ ᠢ᠋ᠶ᠋ᠠᠷ ᠬᠡᠯᠡᠪᠡ᠃ 
       ᠬᠤᠪᠢᠯᠠᠢ ᠲᠠᠭ ᠳᠠᠭᠤ ᠦᠭᠡᠢ ᠪᠣᠳᠣᠯ ᠳ᠋ᠤ᠌ ᠳᠠᠷᠤᠭᠳᠠᠨ ᠪᠠᠢᠬᠤ ᠨᠢ ᠤᠭ ᠬᠡᠷᠡᠭ ᠢ᠋ ᠥᠪᠡᠷ ᠲᠦ᠍ ᠪᠡᠨ ᠶᠠᠭᠠᠬᠢᠵᠤ ᠠᠰᠢᠭᠲᠠᠢ ᠪᠠᠷ ᠡᠷᠭᠢᠭᠦᠯᠬᠦ ᠪᠣᠢ ᠭᠡᠵᠦ ᠪᠣᠳᠣᠵᠤ ᠰᠠᠭᠤᠭ᠎ᠠ ᠨᠢ ᠢᠯᠡᠳᠲᠡ᠃ ᠬᠥᠯᠡᠬᠦ ᠪᠣᠯᠤᠨ ᠠᠬ᠎ᠠ ᠳᠡᠭᠦᠦ ᠨᠠᠷ ᠨᠢ ᠴᠢᠮᠡᠭᠡ ᠦᠭᠡᠢ᠂ ᠠᠢᠷᠠᠭ ᠤᠤᠭᠤᠵᠤ ᠪᠠᠢᠯ᠎ᠠ᠃ ᠲᠡᠳᠡᠨ  ᠭᠡᠳᠡᠰᠦ ᠰᠠᠢᠬᠠᠨ ᠠᠢᠷᠠᠭ ᠲᠤ ᠬᠠᠨᠤᠬᠤ ᠭᠡᠵᠦ ᠪᠠᠢᠬᠤ ᠪᠢᠰᠢ᠃ ᠬᠠᠭᠠᠨ ᠤ᠋ ᠬᠡᠦᠬᠡᠳ ᠦ᠋ᠳ ᠲᠦ᠍ ᠶᠠᠭᠠᠬᠢᠵᠤ ᠴᠦ᠍ ᠮᠠᠭᠤ ᠠᠢᠷᠠᠭ ᠬᠡᠨ ᠴᠦ᠍ ᠠᠪᠴᠤ ᠢᠷᠡᠵᠦ ᠪᠠᠷᠢᠬᠤ ᠪᠢᠯᠡ᠃ 
       ᠠᠷᠢᠬᠪᠥ᠋ᠬᠡ ᠪᠠᠴᠢᠭᠤᠳᠠᠭᠰᠠᠨ ᠬᠡᠪ ᠢ᠋ᠶ᠋ᠡᠷ ᠬᠤᠪᠢᠯᠠᠢ ᠳ᠋ᠤ᠌ ᠬᠠᠨᠳᠤᠨ᠂ ᠴᠢᠷᠠᠢ ᠪᠠᠨ ᠤᠯᠠᠯᠵᠠᠭᠤᠯᠵᠤ᠄ 
       — ᠲᠠ ᠡᠨᠡ ᠪᠠᠢᠳᠠᠯ ᠢ᠋ ᠬᠠᠷᠠᠭᠰᠠᠭᠠᠷ ᠪᠠᠢᠭᠠᠳ ᠥᠪᠡᠷ ᠢ᠋ᠶ᠋ᠡᠨ ᠰᠠᠮ ᠪᠡᠶ᠎ᠡ ᠵᠠᠢᠯᠠᠨ᠂ ᠨᠠᠮᠠᠶ᠋ᠢ ᠪᠤᠷᠤᠭᠤ ᠰᠠᠨᠠᠭ᠎ᠠ ᠡᠪᠦᠷᠯᠡᠭᠰᠡᠨ ᠬᠥᠮᠦᠰ ᠲᠡᠢ ᠬᠠᠯᠵᠠ ᠲᠤᠯᠤᠯᠳᠤᠭᠤᠯᠬᠤ ᠪᠠᠷ ᠪᠣᠳᠣᠵᠤ ᠶᠠᠪᠤᠭ᠎ᠠ ᠴᠢᠨᠢ ᠵᠠᠢᠯᠠᠰᠢ ᠦᠭᠡᠢ ᠪᠣᠯᠤᠯ᠎ᠠ᠃ ᠲᠡᠭᠡᠭᠡᠳ ᠲᠠ ᠪᠢᠳᠡᠨ ᠢ᠋ ᠦᠷᠡᠭᠳᠡᠪᠡᠯ ᠴᠦ᠍ ᠦᠷᠡᠭᠳᠡᠭ ᠭᠡᠵᠦ ᠪᠣᠳᠣᠵᠤ ᠪᠠᠢᠵᠤ ᠮᠠᠭᠠᠳ ᠦᠭᠡᠢ ᠰᠢᠪ ᠭᠡᠵᠦ ᠰᠢᠭᠤᠳᠬᠠᠨ ᠬᠡᠯᠡᠵᠦ ᠣᠷᠬᠢᠪᠠ᠃ ᠡᠢᠨ ᠬᠦ᠌ ᠶᠠᠩᠵᠤ ᠪᠠᠷ ᠶᠠᠷᠢᠶ᠎ᠠ ᠨᠡᠢᠯᠡᠯ ᠦᠭᠡᠢ ᠠᠭᠤᠯᠵᠠᠯᠲᠠ ᠲᠡᠭᠦᠰᠴᠦ᠂ ᠬᠤᠪᠢᠯᠠᠢ ᠪᠡᠶ᠎ᠡ ᠵᠠᠢᠯᠠᠨ ᠰᠠᠯᠵᠤ ᠰᠡᠦᠬᠡ ᠲᠡᠷᠭᠡᠨ ᠳ᠋ᠦ᠍ ᠪᠡᠨ ᠣᠷᠣᠵᠤ ᠰᠠᠭᠤᠭᠠᠳ ᠶᠠᠪᠤᠬᠤ ᠳ᠋ᠤ᠌ ᠪᠠᠨ ᠨᠢᠭᠡ ᠴᠦ᠍ ᠤᠳᠠᠭ᠎ᠠ ᠢᠨᠢᠶᠡᠭᠰᠡᠨ ᠦᠭᠡᠢ᠂ ᠪᠣᠳᠣᠯᠭᠠᠰᠢᠷᠠᠨ ᠪᠠᠢᠪᠠ᠃ ᠬᠤᠪᠢᠯᠠᠢ ᠶ᠋ᠢ ᠦᠳᠡᠵᠦ ᠶᠠᠪᠤᠭ᠎ᠠ ᠳᠡᠭᠦᠦ ᠨᠠᠷ ᠨᠢ ᠱᠠᠩᠬᠤᠨ ᠤ᠋ ᠳᠥᠷᠪᠡᠯᠵᠢᠨ ᠳᠡᠭᠡᠷ᠎ᠡ ᠡᠴᠡ ᠪᠤᠴᠠᠯ᠎ᠠ᠃
       ᠬᠤᠪᠢᠯᠠᠢ ᠳᠥᠷᠪᠡᠨ ᠮᠣᠷᠢ ᠬᠣᠣᠰᠯᠠᠨ ᠬᠥᠯᠯᠡᠵᠦ᠂ ᠨᠠᠢ᠍ᠮᠠᠨ ᠮᠣᠷᠢᠲᠠᠨ ᠬᠠᠰᠢᠭᠰᠠᠨ ᠲᠡᠷᠭᠡ ᠪᠡᠷ᠂ ᠵᠠᠭᠤᠨ ᠴᠡᠷᠢᠭ ᠢ᠋ᠶ᠋ᠡᠷ ᠪᠡᠶ᠎ᠡ ᠪᠡᠨ ᠬᠠᠮᠠᠭᠠᠯᠠᠭᠤᠯᠤᠨ ᠡᠮᠦᠨᠡᠲᠦ ᠶ᠋ᠢ ᠵᠣᠷᠢᠵᠤ ᠬᠠᠲᠠᠷᠢᠭᠤᠯᠪᠠ᠃ ᠲᠡᠷᠡ ᠪᠡᠷ ᠤᠷᠢᠳ ᠨᠢ ᠵᠠᠷᠤᠵᠤ ᠮᠥᠩᠬᠡ ᠶ᠋ᠢᠨ ᠱᠠᠷᠢᠯ ᠳᠡᠭᠡᠷ᠎ᠡ ᠢᠷᠡᠭᠦᠯᠦᠭᠰᠡᠨ ᠪᠢᠯᠢᠭᠦᠨ ᠲᠦᠰᠢᠮᠡᠯ ᠢ᠋ ᠳᠠᠭᠠᠭᠤᠯᠤᠨ ᠡᠷᠭᠢᠭᠰᠡᠨ᠃ ᠵᠠᠭᠤᠲᠤ ᠶ᠋ᠢᠨ ᠳᠠᠷᠤᠭ᠎ᠠ ᠠᠯᠪᠠ ᠲᠠᠢ ᠡᠨᠡ ᠲᠦᠰᠢᠮᠡᠯ ᠲᠡᠢ ᠬᠤᠪᠢᠯᠠᠢ ᠬᠠᠷ᠎ᠠ ᠬᠣᠷᠣᠮ ᠳ᠋ᠤ᠌ ᠪᠠᠢᠬᠤ ᠳ᠋ᠤ᠌ ᠪᠠᠨ ᠲᠠᠪᠠᠲᠠᠢ ᠠᠭᠤᠯᠵᠠᠨ᠂ ᠦᠭᠡ ᠶ᠋ᠢ ᠨᠢ ᠰᠣᠨᠣᠰᠴᠤ ᠴᠢᠳᠠᠭ᠎ᠠ ᠦᠭᠡᠢ ᠶᠠᠪᠤᠭ᠎ᠠ ᠪᠣᠯᠬᠣᠷ ᠬᠡᠭᠡᠷ᠎ᠡ ᠭᠠᠷᠴᠤ ᠶᠠᠷᠢᠯᠴᠠᠬᠤ ᠶ᠋ᠢ ᠵᠣᠷᠢᠵᠠᠢ᠃ ᠲᠡᠳᠡ ᠣᠩ ᠤ᠋ᠨ ᠭᠣᠣᠯ ᠤ᠋ᠨ ᠬᠥᠪᠡᠭᠡᠨ ᠳ᠋ᠦ᠍ ᠢᠷᠡᠵᠦ ᠪᠠᠭᠤᠳᠠᠯᠯᠠᠨ᠂ ᠨᠣᠭᠣᠭᠠᠨ ᠤ᠋ ᠦᠨᠦᠷ ᠬᠠᠩᠬᠤᠯᠤᠭᠰᠠᠨ ᠠᠭᠤᠳᠠᠮ ᠬᠥᠨᠳᠡᠢ ᠳ᠋ᠦ᠍ ᠬᠣᠨᠣᠭᠯᠠᠬᠤ ᠪᠣᠯᠪᠠ᠃ ᠬᠤᠪᠢᠯᠠᠢ ᠣᠷᠣᠢ ᠶ᠋ᠢᠨ ᠬᠣᠭᠣᠯᠠᠨ ᠤ᠋ ᠳᠠᠷᠠᠭ᠎ᠠ ᠪᠢᠯᠢᠭᠦᠨ ᠢ᠋ ᠳᠠᠭᠠᠭᠤᠯᠤᠨ ᠭᠣᠣᠯ ᠤ᠋ᠨ ᠬᠥᠪᠡᠭᠡᠨ ᠳ᠋ᠦ᠍ ᠣᠴᠢᠵᠤ ᠵᠢᠭᠠᠬᠠᠨ ᠶᠠᠷᠢᠯᠴᠠᠯ᠎ᠠ᠃ ᠵᠠᠭᠤᠲᠤ ᠶ᠋ᠢᠨ ᠳᠠᠷᠤᠭ᠎ᠠ ᠳ᠋ᠤ᠌ ᠶᠠᠷᠢᠬᠤ ᠶᠠᠭᠤᠮ᠎ᠠ ᠬᠣᠪᠣᠷᠬᠠᠨ ᠪᠢᠯᠡ᠃ 
       ᠬᠤᠪᠢᠯᠠᠢ ᠤᠰᠤᠨ ᠤ᠋ ᠤᠷᠤᠰᠬᠠᠯ ᠰᠢᠷᠳᠡᠨ ᠬᠡᠰᠡᠭ ᠵᠠᠭᠤᠷ᠎ᠠ ᠵᠣᠭᠰᠣᠭᠰᠠᠨ ᠢ᠋ᠶ᠋ᠠᠨ ᠰᠤᠯᠠᠬᠠᠨ ᠢᠨᠢᠶᠡᠵᠦ᠄ 
       — ᠴᠢ ᠨᠠᠳᠠᠲᠠᠢ ᠬᠠᠷ᠎ᠠ ᠬᠣᠷᠣᠮ ᠳ᠋ᠤ᠌ ᠪᠠᠵᠠᠭᠠᠲᠠᠢ ᠠᠭᠤᠯᠵᠠᠵᠤ ᠴᠢᠳᠠᠭᠰᠠᠨ ᠦᠭᠡᠢ ᠰᠢᠪ᠃ ᠰᠣᠨᠢᠨ ᠬᠠᠴᠢᠨ ᠶᠠᠭᠤᠮ᠎ᠠ ᠶᠠᠭᠤ ᠰᠣᠨᠣᠰᠴᠤ ᠶᠠᠪᠤᠪᠠ ᠳᠠ? ᠭᠡᠮᠡᠨ ᠠᠶ᠎ᠠ ᠲᠠᠯᠪᠢᠩᠭᠤᠢ ᠪᠠᠷ ᠠᠰᠠᠭᠤᠯ᠎ᠠ᠃ 
       — ᠥᠷᠥᠰᠢᠶᠡᠵᠦ ᠪᠣᠯᠭᠣᠭ᠎ᠠ ᠳᠡᠭᠡᠳᠦᠰ ᠮᠢᠨᠢ! ᠲᠠᠨ ᠳ᠋ᠤ᠌ ᠪᠣᠭᠣᠯ ᠪᠢ ᠰᠢᠳᠠᠷᠯᠠᠬᠤ ᠵᠠᠪ ᠭᠠᠷᠤᠭ᠎ᠠ ᠦᠭᠡᠢ ᠰᠢᠦ ᠳᠡ᠃ ᠲᠠ ᠴᠠᠭ ᠦᠷᠭᠦᠯᠵᠢᠳᠡ ᠵᠠᠢ ᠵᠠᠪ ᠦᠭᠡᠢ ᠮᠣᠷᠢᠯᠠᠵᠤ ᠪᠠᠢᠪᠠ ᠳᠠ᠃ 
       — ᠲᠡᠢᠮᠦ ᠲᠡᠢᠮᠦ᠃ ᠵᠠ ᠴᠢ ᠮᠢᠨᠦ ᠲᠠᠯ᠎ᠠ ᠪᠠᠷ ᠠᠮᠢᠲᠠᠨ ᠣᠯᠠᠨ ᠠ᠋ᠴᠠ ᠶᠠᠭᠤ ᠰᠣᠨᠣᠰᠴᠤ ᠪᠠᠢᠪᠠ ᠠ᠋?  
       — ᠱᠠᠯᠢᠬᠤ ᠶᠠᠭᠤᠮ᠎ᠠ ᠦᠭᠡᠢ ᠳᠡ᠃ ᠶᠡᠬᠡ ᠵᠠᠬᠢᠷᠤᠭᠴᠢ ᠮᠢᠨᠢ᠃ ᠲᠠᠨ ᠢ᠋ ᠬᠢᠲᠠᠳ ᠬᠥᠮᠦᠰ ᠦ᠋ᠨ ᠠᠷᠭ᠎ᠠ ᠶ᠋ᠢ ᠣᠯᠵᠤ᠂ ᠨᠣᠮᠣᠬᠠᠳᠬᠠᠨ ᠵᠠᠬᠢᠷᠴᠤ ᠪᠠᠢᠬᠤ ᠲᠠᠯ᠎ᠠ ᠪᠠᠷ ᠶᠡᠬᠡ ᠤᠬᠠᠭᠠᠨ ᠵᠠᠷᠤᠵᠤ ᠴᠢᠳᠠᠵᠤ ᠪᠠᠢᠨ᠎ᠠ ᠭᠡᠰᠡᠨ ᠠᠮᠠ ᠲᠠᠢ ᠯᠠ ᠪᠠᠢᠬᠤ ᠶᠤᠮ᠃ ᠪᠢ ᠲᠡᠷᠡ ᠦᠭᠡᠨ ᠳ᠋ᠦ᠍ ᠪᠡᠶᠡᠰᠴᠦ ᠪᠠᠢᠯ᠎ᠠ᠃ 
       — ᠮᠠᠨ ᠤ᠋ ᠳᠡᠭᠦᠦ ᠨᠠᠷ ᠶᠠᠭᠤ ᠶᠠᠷᠢᠵᠤ ᠪᠠᠢᠨ᠎ᠠ ᠪᠣᠢ? ᠴᠢ ᠶᠠᠭᠤ ᠰᠣᠨᠣᠰᠪᠠ ᠠ᠋? 
       — ᠲᠠᠨ ᠤ᠋ ᠠᠯᠢ ᠴᠦ᠍ ᠳᠡᠭᠦᠦ ᠨᠠᠷ ᠲᠠᠨ ᠤ᠋ ᠲᠤᠬᠠᠢ ᠶᠠᠭᠤ ᠴᠦ᠍ ᠶᠠᠷᠢᠭ᠎ᠠ ᠦᠭᠡᠢ᠂ ᠶᠠᠷᠢᠬᠤ ᠴᠦ᠍ ᠵᠠᠪ ᠪᠠᠢᠭᠰᠠᠨ ᠦᠭᠡᠢ᠃ ᠨᠠᠳᠠᠲᠠᠢ ᠶᠠᠭᠤ ᠪᠠᠨ ᠴᠦ᠍ ᠶᠠᠷᠢᠬᠤ ᠶᠤᠮ ᠪᠢᠯᠡ ᠳᠠ᠃ ᠪᠢ ᠥᠴᠦᠬᠡᠨ ᠪᠣᠭᠣᠯ ᠰᠢᠦ ᠳᠡ᠃ 
       — ᠠᠩᠬᠠᠨ ᠴᠢᠮᠠᠶ᠋ᠢ ᠣᠴᠢᠬᠤ ᠳ᠋ᠤ᠌ ᠠᠷᠢᠬᠪᠦ᠋ᠬᠡ ᠶᠠᠭᠤ ᠴᠦ᠍ ᠬᠡᠯᠡᠭᠰᠡᠨ ᠦᠭᠡᠢ ᠤᠤ? 
       — ᠨᠠᠮᠠᠶ᠋ᠢ ᠲᠡᠷᠡ ᠬᠣᠲᠠ ᠳ᠋ᠤ᠌ ᠣᠴᠢᠬᠤ ᠳ᠋ᠤ᠌ ᠶᠡᠬᠡ ᠵᠠᠬᠢᠷᠤᠭᠴᠢ ᠠᠷᠢᠬᠪᠦ᠋ᠬᠡ ᠨᠣᠶᠠᠨ ᠢᠷᠡᠭᠡ ᠦᠭᠡᠢ ᠪᠠᠢᠭᠰᠠᠨ᠃ ᠨᠠᠳᠠ ᠠ᠋ᠴᠠ ᠬᠣᠢᠰᠢ ᠬᠣᠶᠠᠷ ᠬᠣᠨᠣᠭᠠᠳ ᠳᠠᠪᠬᠢᠵᠤ ᠢᠷᠡᠭᠰᠡᠨ᠃ ᠨᠣᠶᠠᠨᠲᠠᠨ ᠶᠡᠬᠡ ᠯᠡ ᠬᠠᠢᠯᠠᠨ《ᠠᠬ᠎ᠠ ᠮᠢᠨᠢ ᠶᠠᠭᠠᠬᠢᠭᠠᠳ ᠠᠯᠠᠭ᠎ᠠ ᠪᠣᠯᠵᠤ ᠣᠷᠬᠢᠪᠠ ᠠ᠋? ᠶᠠᠭᠠᠬᠢᠭᠠᠳ ᠪᠢᠳᠡᠨ ᠢ᠋ ᠪᠡᠨ ᠢᠩᠭᠢᠵᠦ ᠥᠨᠦᠴᠢᠷᠡᠭᠦᠯᠦᠨ ᠣᠷᠬᠢᠵᠤ ᠪᠠᠢᠭ᠎ᠠ ᠶᠤᠮ ᠪᠣᠢ? ᠬᠥᠬᠡ ᠲᠩᠷᠢ ᠶᠠᠭᠠᠬᠢᠭᠰᠠᠨ ᠥᠷᠥᠰᠢᠶᠡᠯ ᠦᠭᠡᠢ ᠪᠣᠢ?》 ᠭᠡᠵᠦ ᠴᠤᠷᠬᠢᠷᠠᠵᠤ ᠪᠠᠢᠬᠤ ᠶ᠋ᠢ ᠨᠢ ᠪᠢ ᠰᠣᠨᠣᠰᠤᠭᠰᠠᠨ᠃ ᠲᠠᠨ ᠤ᠋ ᠠᠯᠳᠠᠷ ᠤ᠋ᠨ ᠡᠮᠦᠨ᠎ᠡ ᠡᠴᠡ ᠨᠠᠮᠠᠶ᠋ᠢ ᠡᠮᠭᠡᠨᠢᠯ ᠢᠯᠡᠷᠬᠡᠢᠯᠡᠨ ᠶᠡᠬᠡ ᠬᠠᠳᠠᠭ ᠡᠷᠭᠦᠬᠦ ᠳ᠋ᠦ᠍ ᠠᠷᠢᠬᠪᠦ᠋ᠬᠡ ᠵᠠᠬᠢᠷᠤᠭᠴᠢ ᠰᠢᠷᠦᠭᠦᠨ ᠬᠠᠷᠠᠭᠠᠳ《ᠠᠬ᠎ᠠ ᠥᠪᠡᠷ ᠢ᠋ᠶ᠋ᠡᠨ ᠢᠷᠡᠬᠦ ᠦᠭᠡᠢ ᠭᠡᠨ᠎ᠡ ᠤᠤ?》 ᠭᠡᠵᠦ ᠠᠰᠠᠭᠤᠭᠰᠠᠨ᠃ ᠪᠢ ᠶᠡᠬᠡ ᠵᠠᠬᠢᠷᠤᠭᠴᠢ ᠶ᠋ᠢ ᠨᠠᠭᠠᠰᠢ ᠨᠢ ᠶᠠᠪᠤᠭᠤᠯᠬᠤ ᠪᠣᠯᠤᠯᠴᠠᠭ᠎ᠠ ᠶ᠋ᠢ ᠰᠥᠩ ᠤᠯᠤᠰ ᠤ᠋ᠨ ᠴᠡᠷᠢᠭ ᠭᠠᠷᠭᠠᠭᠤᠯᠬᠤ ᠦᠭᠡᠢ ᠪᠠᠢᠭ᠎ᠠ ᠤᠴᠢᠷ ᠢ᠋ ᠠᠢᠯᠠᠳᠬᠠᠭᠰᠠᠨ᠃ ᠲᠡᠭᠡᠬᠦ ᠳ᠋ᠦ᠍ ᠠᠷᠢᠬᠪᠦ᠋ᠬᠡ ᠨᠣᠶᠠᠨ ᠴᠢᠷᠠᠢ ᠪᠠᠨ ᠬᠤᠪᠢᠷᠠᠭᠠᠭᠠᠳ《ᠶᠠᠭᠠᠬᠢᠭᠰᠠᠨ ᠴᠦ᠍ ᠶᠡᠬᠡ ᠲᠤᠨᠢᠷᠠᠬᠤ ᠪᠢᠯᠡ ᠳᠠ᠃ ᠰᠥᠩ ᠦ᠋ᠨ ᠴᠡᠷᠢᠭ ᠢ᠋ ᠪᠢᠳᠡ ᠡᠨᠡ ᠶᠠᠪᠤᠳᠠᠯ ᠢ᠋ᠶ᠋ᠠᠨ ᠥᠩᠭᠡᠷᠡᠭᠡᠭᠡᠳ ᠳᠠᠷᠠᠭ᠎ᠠ ᠳ᠋ᠤ᠌ ᠨᠢ ᠠᠪᠴᠤ ᠪᠣᠯᠤᠯ ᠦᠭᠡᠢ ᠶᠠᠭᠠᠬᠢᠬᠤ ᠪᠣᠢ᠃ ᠡᠢᠮᠦ ᠬᠦᠨᠳᠦ ᠶᠠᠪᠤᠳᠠᠯ ᠪᠣᠯᠵᠤ ᠪᠠᠢᠬᠤ ᠳ᠋ᠤ᠌ ᠪᠡᠶ᠎ᠡ ᠪᠡᠷ ᠢ᠋ᠶ᠋ᠡᠨ ᠶᠠᠪᠤᠭᠠᠳ ᠢᠷᠡᠬᠦ ᠦᠭᠡᠢ᠂ ᠵᠠᠩ ᠨᠢ ᠶᠠᠭᠠᠬᠢᠭᠰᠠᠨ ᠶᠡᠬᠡ ᠬᠤᠪᠢᠷᠠᠭ᠎ᠠ ᠪᠣᠢ》 ᠭᠡᠵᠦ ᠪᠠᠢᠨ᠎ᠠ ᠯᠠᠢ᠃ ᠥᠭᠡᠷ᠎ᠡ ᠶᠠᠭᠤᠮ᠎ᠠ ᠶᠠᠷᠢᠬᠤ ᠪᠣᠯᠤᠮᠵᠢ ᠭᠠᠷᠤᠭ᠎ᠠ ᠦᠭᠡᠢ ᠭᠡᠵᠦ ᠪᠢᠯᠢᠭᠦᠨ ᠬᠡᠯᠡᠯ᠎ᠡ᠃ 
       ᠬᠤᠪᠢᠯᠠᠢ ᠬᠡᠰᠡᠭ ᠵᠠᠭᠤᠷ᠎ᠠ ᠳᠣᠣᠷ᠎ᠠ ᠪᠠᠨ ᠬᠣᠯᠬᠢᠨ᠂ ᠨᠣᠭᠣᠭᠠᠨ ᠳᠡᠭᠡᠷ᠎ᠡ ᠨᠠᠭᠠᠰᠢ ᠴᠠᠭᠠᠰᠢ ᠠᠯᠬᠤᠵᠤ ᠪᠠᠢᠭᠠᠳ ᠵᠠᠭᠤᠲᠤ ᠶ᠋ᠢᠨ ᠳᠠᠭᠠᠭᠠᠮᠠᠯ ᠳ᠋ᠤ᠌ ᠣᠢᠷᠠᠲᠤᠨ ᠢᠷᠡᠵᠦ᠂ ᠨᠢᠭᠤᠷ ᠥᠭᠡᠳᠡ ᠨᠢ ᠡᠭᠴᠡᠯᠡᠨ ᠬᠠᠷᠠᠵᠤ ᠵᠣᠭᠰᠣᠭᠠᠳ᠄ 
       — ᠴᠢ ᠨᠠᠳᠠᠳᠤ ᠦᠨᠡᠨᠴᠢ ᠰᠢᠳᠤᠷᠭᠤ ᠳᠠᠭᠠᠭᠠᠮᠠᠯ ᠳᠠ᠃ ᠪᠢ ᠡᠨᠳᠡᠭᠦᠷᠡᠭᠡ ᠦᠭᠡᠢ ᠶᠦᠮ ᠪᠠᠢᠨ᠎ᠠ᠃ ᠴᠢ ᠶᠡᠷᠦ ᠨᠢ ᠭᠣᠪᠢ ᠳ᠋ᠤ᠌ ᠣᠴᠢᠵᠤ ᠠᠩ ᠵᠢᠭᠠᠬᠠᠨ ᠬᠢᠯᠴᠡᠭᠡᠳ ᠡᠷᠭᠢᠵᠦ ᠶᠠᠪᠤᠨ᠎ᠠ ᠪᠠᠢᠬ᠎ᠠ᠃ ᠮᠢᠨᠦ ᠲᠥᠯᠥᠭᠡᠨ ᠦ᠌ ᠨᠢᠭᠡ ᠬᠥᠮᠦᠨ ᠬᠠᠷ᠎ᠠ ᠬᠣᠷᠣᠮ ᠳ᠋ᠤ᠌ ᠪᠠᠢᠬᠤ ᠤᠴᠢᠷᠲᠠᠢ ᠪᠠᠢᠨ᠎ᠠ᠃ ᠪᠢ ᠴᠢᠮ᠎ᠠ ᠳ᠋ᠤ᠌ ᠴᠢᠮᠠᠯᠠᠯ ᠦᠭᠡᠢ ᠪᠡᠷ ᠫᠦᠩᠯᠦ ᠥᠭᠭᠦᠨ᠎ᠡ᠃ ᠣᠳᠣ ᠴᠦ᠍ ᠪᠢ ᠴᠢᠮᠠᠲᠤ ᠬᠢᠲᠠᠳ ᠤ᠋ᠨ ᠲᠠᠩᠰᠤᠭ ᠬᠣᠷᠭᠣᠢ᠂ ᠲᠣᠷᠭᠠᠨ ᠠ᠋ᠴᠠ ᠪᠠᠭ᠎ᠠ ᠰᠠᠭ᠎ᠠ ᠶ᠋ᠢ ᠥᠭᠭᠦᠨ᠎ᠡ᠃ ᠴᠢ ᠲᠡᠨᠳᠡ ᠡᠷᠭᠢᠵᠦ ᠣᠴᠢᠭᠠᠳ《ᠪᠡᠶ᠎ᠡ ᠪᠠᠷᠤᠭᠲᠠᠢ ᠪᠣᠯᠤᠭᠠᠳ ᠴᠢᠯᠥᠭᠡ ᠮᠡᠳᠡᠭᠦᠯᠵᠦ ᠢᠷᠡᠭᠰᠡᠨ᠃ ᠬᠠᠯᠠᠭᠤᠨ ᠭᠠᠵᠠᠷ ᠨᠠᠳᠠᠳᠤ ᠲᠠᠭᠠᠷᠠᠬᠤ ᠦᠭᠡᠢ ᠪᠠᠢᠨ᠎ᠠ》 ᠭᠡᠵᠦ ᠬᠡᠯᠡᠬᠦ ᠪᠢᠵᠡ᠃ ᠲᠡᠭᠡᠭᠡᠳ ᠪᠣᠯᠪᠠᠯ ᠠᠷᠢᠬᠪᠦ᠋ᠬᠡ ᠳ᠋ᠦ᠍ ᠣᠢᠷ᠎ᠠ ᠪᠠᠢᠬᠤ ᠠᠯᠪᠠᠨ ᠳ᠋ᠤ᠌ ᠣᠷᠣᠬᠤ ᠶ᠋ᠢ ᠬᠢᠴᠢᠶᠡᠬᠦ ᠬᠡᠷᠡᠭᠲᠡᠢ᠃ ᠪᠢ ᠴᠢᠮᠠᠶ᠋ᠢ ᠳᠡᠷᠭᠡᠳᠡ ᠪᠡᠨ ᠪᠠᠢᠯᠭᠠᠭᠠᠷᠠᠢ ᠭᠡᠵᠦ ᠠᠷᠢᠬᠪᠦ᠋ᠬᠡ ᠳ᠋ᠦ᠍ ᠬᠡᠯᠡᠵᠦ ᠪᠣᠯᠬᠤ ᠦᠭᠡᠢ ᠪᠠᠢᠨ᠎ᠠ᠃ ᠲᠡᠭᠡᠪᠡᠯ ᠴᠠᠭᠠᠳᠤᠬᠢ ᠴᠢᠨᠢ ᠬᠠᠷ᠎ᠠ ᠠᠪᠤᠭᠠᠳ ᠴᠢᠮᠠᠶ᠋ᠢ ᠰᠦᠢᠳ ᠬᠢᠨ᠎ᠡ᠃ ᠴᠢ ᠮᠢᠨᠦ ᠲᠠᠯ᠎ᠠ ᠪᠠᠷ ᠬᠡᠨ ᠶᠠᠭᠤ ᠬᠡᠯᠡᠵᠦ ᠪᠠᠢᠭ᠎ᠠ ᠶ᠋ᠢ ᠰᠠᠢᠨ ᠮᠡᠳᠡᠭᠡᠳ ᠨᠠᠳᠠᠳᠤ ᠬᠡᠯᠡᠵᠦ ᠪᠠᠢᠬᠤ ᠤᠴᠢᠷᠲᠠᠢ ᠪᠣᠯᠵᠤ ᠪᠠᠢᠨ᠎ᠠ ᠰᠢᠦ᠃ ᠪᠢ ᠴᠢᠮᠠᠶ᠋ᠢ ᠬᠠᠷᠠᠵᠤ ᠬᠠᠮᠠᠭᠠᠯᠠᠬᠤ ᠪᠣᠯᠤᠨ᠎ᠠ᠃ ᠴᠢ ᠪᠠᠢᠨ ᠪᠠᠢᠨ ᠨᠠᠳᠠᠲᠠᠢ ᠰᠡᠮᠬᠡᠨ ᠠᠭᠤᠯᠵᠠᠵᠤ ᠪᠠᠢᠬᠤ ᠪᠢᠵᠡ᠃ ᠵᠠ ᠡᠢᠮᠦ ᠳᠡ᠃ ᠤᠳᠠᠯ ᠦᠭᠡᠢ ᠪᠢᠵᠡ᠃ ᠴᠢ ᠨᠠᠮᠠᠶ᠋ᠢ ᠰᠠᠢᠨ ᠬᠡᠯᠡᠵᠦ ᠪᠣᠯᠬᠤ ᠦᠭᠡᠢ᠃ ᠮᠠᠭᠤ ᠴᠦ᠍ ᠬᠡᠯᠡᠭᠡᠳ ᠳᠡᠮᠡᠢ᠃ ᠪᠢ ᠴᠢᠮᠠᠶ᠋ᠢ ᠪᠠᠰᠠ ᠲᠡᠢᠮᠦ ᠯᠡ ᠪᠠᠢᠬᠤ ᠪᠣᠯᠤᠨ᠎ᠠ ᠭᠡᠯ᠎ᠡ᠃ ᠪᠢᠯᠢᠭᠦᠨ ᠵᠠᠬᠢᠷᠤᠭᠴᠢ ᠶ᠋ᠢᠨ ᠦᠭᠡ ᠶ᠋ᠢ ᠦᠭᠡᠢ ᠭᠡᠬᠦ ᠶ᠋ᠢᠨ ᠠᠷᠭ᠎ᠠ ᠦᠭᠡᠢ ᠲᠤᠯᠠ《ᠵᠠ》 ᠭᠡᠵᠦ ᠲᠣᠯᠣᠭᠠᠢ ᠪᠥᠬᠥᠢᠯᠭᠡᠪᠡ᠃ ᠲᠡᠭᠡᠬᠦ ᠳ᠋ᠦ᠍ ᠪᠡᠨ ᠳᠣᠲᠣᠷ᠎ᠠ ᠪᠠᠨ ᠨᠢᠭᠡ ᠲᠠᠯ᠎ᠠ ᠪᠠᠷ ᠬᠠᠢᠷᠠᠲᠤ ᠪᠦᠰᠡᠭᠦᠢ ᠳ᠋ᠦ᠍ ᠪᠡᠨ ᠣᠢᠷ᠎ᠠ ᠪᠠᠢᠨ᠎ᠠ ᠭᠡᠳᠡᠭ ᠲᠦ᠍ ᠪᠠᠶᠠᠷᠯᠠᠪᠠᠴᠤ ᠨᠥᠭᠦᠭᠡ ᠲᠠᠯ᠎ᠠ ᠪᠠᠷ ᠬᠣᠵᠢᠮ ᠠᠬ᠎ᠠ ᠳᠡᠭᠦᠦ ᠬᠥᠮᠦᠰ ᠦ᠋ᠨ ᠳᠤᠮᠳᠠ ᠪᠤᠳᠠᠩ ᠬᠤᠳᠬᠤᠬᠤ ᠬᠡᠷᠡᠭ ᠲᠦ᠍ ᠬᠣᠯᠪᠣᠭᠳᠠᠨ ᠲᠣᠯᠣᠭᠠᠢ ᠪᠠᠨ ᠭᠡᠭᠡᠬᠦ ᠪᠠᠢᠬ᠎ᠠ ᠭᠡᠬᠦ ᠡᠴᠡ ᠠᠶᠤᠯ᠎ᠠ᠃ 
       ᠬᠤᠪᠢᠯᠠᠢ ᠶ᠋ᠢ ᠪᠤᠴᠠᠭᠰᠠᠨ ᠤ᠋ ᠳᠠᠷᠠᠭ᠎ᠠ ᠬᠥᠯᠡᠬᠦ ᠬᠠᠨ ᠬᠠᠷ᠎ᠠ ᠬᠣᠷᠣᠮ ᠳ᠋ᠤ᠌ ᠠᠷᠪᠠᠭᠠᠳ ᠬᠣᠨᠣᠭ ᠰᠠᠭᠠᠳᠠᠨ ᠠᠷᠢᠬᠪᠦ᠋ᠬᠡ ᠲᠡᠢ ᠪᠡᠨ ᠬᠡᠳᠦ ᠬᠡᠳᠦ ᠠᠭᠤᠯᠵᠠᠨ ᠶᠠᠷᠢᠯᠴᠠᠵᠤ ᠪᠠᠢᠭᠠᠳ ᠢᠷᠡᠨ ᠣᠷᠣᠨ ᠤᠷᠤᠭᠤ ᠪᠠᠨ ᠪᠤᠴᠠᠬᠤ ᠪᠣᠯᠪᠠ᠃ ᠲᠡᠷᠡ ᠪᠡᠷ ᠳᠡᠭᠦᠦ ᠵᠠᠬᠢᠷᠤᠭᠴᠢ ᠳ᠋ᠤ᠌ ᠪᠠᠨ ᠲᠤᠩ ᠳᠣᠲᠣᠨᠣ ᠪᠠᠢᠳᠠᠯᠲᠠᠢ ᠪᠠᠢᠵᠤ 
       — ᠲᠥᠷᠥ ᠶ᠋ᠢᠨ ᠬᠡᠷᠡᠭ ᠢ᠋ᠶ᠋ᠡᠷ ᠪᠢ ᠲᠠᠨ ᠲᠠᠢ ᠦᠷᠭᠦᠯᠵᠢ ᠬᠠᠷᠢᠯᠴᠠᠭᠠᠲᠠᠢ ᠪᠠᠢᠬᠤ ᠪᠣᠯᠤᠨ᠎ᠠ᠃ ᠡᠯᠳᠡᠪ ᠣᠯᠠᠨ ᠠᠯᠪᠠᠨ ᠳ᠋ᠤ᠌ ᠴᠢ ᠰᠠᠮᠭᠠᠷᠳᠠᠨ ᠬᠥᠮᠦᠨ ᠣᠯᠠᠨ ᠳ᠋ᠤ᠌ ᠪᠠᠨ ᠬᠠᠷᠰᠢ ᠰᠢᠢᠳᠪᠦᠷᠢ ᠭᠠᠷᠭᠠᠵᠤ ᠠᠯᠳᠠᠪᠠ ᠠ᠋! ᠳᠣᠣᠷᠠᠲᠤ ᠣᠯᠠᠨ ᠴᠢᠨᠢ ᠳᠡᠭᠡᠳᠦ ᠲᠥᠷᠥ ᠶ᠋ᠢᠨ ᠰᠢᠢᠳ ᠢ᠋ ᠲᠠᠩᠨᠠᠨ ᠵᠢᠳᠬᠦᠵᠦ ᠪᠠᠢᠳᠠᠭ᠃ ᠶᠠᠯᠢᠮ ᠦᠭᠡᠢ ᠪᠠᠭ᠎ᠠ ᠴᠦ᠍ ᠪᠠᠢᠭᠰᠠᠨ ᠥᠪᠡᠷᠰᠡᠳ ᠦ᠋ᠨ ᠢ᠋ᠶ᠋ᠡᠨ ᠲᠤᠰᠠ ᠳ᠋ᠤ᠌ ᠬᠠᠷᠰᠢᠯᠠᠭᠰᠠᠨ ᠰᠢᠢᠳᠦᠯ ᠭᠠᠷᠭᠠᠬᠤ ᠶ᠋ᠢ ᠠᠨᠳᠠᠬᠤ ᠦᠭᠡᠢ ᠳᠣᠣᠷ᠎ᠠ ᠨᠢ ᠮᠡᠳᠡᠭᠡᠳ ᠯᠡ ᠡᠰᠡᠷᠭᠦᠴᠡᠯ ᠪᠣᠯᠳᠠᠭ ᠰᠢᠦ᠃ ᠬᠠᠭᠠᠨ᠂ ᠵᠠᠬᠢᠷᠤᠭᠴᠢ ᠬᠥᠮᠦᠨ ᠲᠠᠩᠳᠠ ᠯᠠ ᠥᠪᠡᠷ ᠦ᠋ᠨ ᠬᠠᠷᠢᠶᠠᠯᠠᠬᠤ ᠲᠦᠮᠡᠨ ᠳ᠋ᠦ᠍ ᠲᠤᠰᠠᠲᠠᠢ ᠵᠦᠢᠯ ᠬᠠᠢᠨ ᠣᠯᠵᠤ᠂ ᠬᠡᠷᠡᠭᠵᠢᠭᠦᠯᠵᠦ ᠪᠠᠢᠬᠤ ᠶ᠋ᠢ ᠬᠢᠴᠢᠶᠡᠬᠦ ᠶᠣᠰᠣᠲᠠᠢ ᠪᠣᠯᠤᠯᠲᠠᠢ᠃ ᠳᠡᠷᠭᠡᠳᠡ ᠪᠡᠨ ᠡᠮ᠎ᠡ ᠬᠣᠰᠢᠭᠤᠲᠠᠢ᠂ ᠬᠣᠪ ᠵᠢᠪ ᠬᠥᠭᠡᠭᠡᠴᠡᠯᠳᠦᠵᠦ ᠪᠠᠢᠳᠠᠭ᠂ ᠤᠷᠪᠠᠭᠴᠢ ᠡᠯᠳᠡᠪ ᠨᠣᠪᠰᠢ ᠶ᠋ᠢᠨ ᠠᠮᠢᠲᠠᠳ ᠰᠢᠷᠭᠤᠭᠤᠯᠪᠠᠯ ᠶᠡᠬᠡ ᠠᠶᠤᠯᠲᠠᠢ᠁ ᠭᠡᠬᠦᠴᠢᠯᠡᠨ ᠦ᠌ ᠵᠦᠢᠯ ᠵᠠᠬᠢᠶᠠᠰᠤ ᠪᠣᠯᠭᠠᠨ ᠠᠷᠢᠬᠪᠦ᠋ᠬᠡ ᠳ᠋ᠦ᠍ ᠬᠡᠯᠡᠭᠡᠳ᠂ ᠬᠤᠪᠢᠯᠠᠢ ᠠᠬ᠎ᠠ ᠥᠪᠡᠷ ᠢ᠋ ᠪᠠᠨ ᠯᠠ ᠥᠨᠳᠥᠷ ᠳᠡᠭᠡᠳᠦ ᠡᠵᠡᠨ ᠪᠠᠢᠯᠭᠠᠬᠤ ᠰᠠᠨᠠᠭᠠᠲᠠᠢ ᠪᠣᠯᠤᠯᠲᠠᠢ᠃ ᠲᠡᠭᠦᠨ ᠲᠡᠢ ᠬᠠᠷᠢᠯᠴᠠᠬᠤ ᠳ᠋ᠤ᠌ ᠪᠠᠨ ᠪᠣᠯᠭᠣᠮᠵᠢᠲᠠᠢ᠂ ᠬᠦᠯᠢᠴᠡᠲᠡᠢ ᠪᠠᠢᠬᠤ ᠶ᠋ᠢ ᠬᠢᠴᠢᠶᠡᠬᠦ ᠶᠣᠰᠣᠲᠠᠢ ᠪᠢᠵᠡ᠃ ᠬᠥᠮᠦᠨ ᠲᠠᠨ ᠲᠠᠢ ᠶᠠᠭᠠᠬᠢᠵᠤ ᠬᠠᠷᠢᠯᠴᠠᠨ᠎ᠠ᠂ ᠲᠡᠷᠡ ᠯᠠ ᠪᠠᠢᠳᠠᠯ ᠢ᠋ᠶ᠋ᠠᠷ ᠨᠢ ᠬᠠᠷᠢᠯᠴᠠᠬᠤ ᠨᠢ ᠵᠥᠪ ᠪᠣᠯᠤᠨ᠎ᠠ ᠪᠢᠵᠡ ᠭᠡᠵᠦ ᠮᠥᠩᠬᠡ ᠠᠬ᠎ᠠ ᠶ᠋ᠢᠨ ᠬᠢᠨᠢ ᠬᠡᠯᠡᠵᠦ ᠪᠠᠢᠭᠰᠠᠨ ᠲᠠᠢ ᠠᠳᠠᠯᠢ ᠦᠭᠡ ᠬᠡᠯᠡᠯ᠎ᠡ᠃ ᠲᠡᠭᠡᠭᠡᠳ ᠴᠦ᠍ ᠬᠥᠯᠡᠬᠦ ᠭᠤᠷᠪᠠᠨ ᠵᠠᠭᠤᠨ ᠳᠠᠭᠠᠭᠤᠯ ᠤ᠋ᠨ ᠢ᠋ᠶ᠋ᠠᠨ ᠬᠠᠮᠲᠤ ᠪᠤᠴᠠᠬᠤ ᠪᠣᠯᠵᠤ᠂ ᠠᠷᠢᠬᠪᠦ᠋ᠬᠡ ᠲᠡᠭᠦᠨ ᠢ᠋ ᠣᠷᠬᠣᠨ ᠭᠣᠣᠯ ᠤ᠋ᠨ ᠶᠡᠬᠡ ᠭᠠᠷᠠᠮ ᠳᠡᠭᠡᠷ᠎ᠡ ᠬᠡᠭᠡᠷ᠎ᠡ ᠶ᠋ᠢᠨ ᠴᠠᠢ ᠵᠣᠭᠣᠭᠯᠠᠭᠤᠯᠤᠭᠠᠳ᠂ ᠦᠳᠡᠨ ᠮᠣᠷᠳᠠᠭᠤᠯᠪᠠ᠃ ᠲᠡᠭᠡᠬᠦ ᠳ᠋ᠦ᠍ ᠪᠠᠭ᠎ᠠ ᠠᠬ᠎ᠠ ᠬᠦᠯᠡᠬᠦ ᠨᠢ ᠨᠤᠲᠤᠭ ᠲᠤ ᠪᠠᠨ ᠬᠣᠷᠭᠣᠳᠠᠨ ᠶᠠᠪᠤᠬᠤ ᠳᠤᠷᠠᠲᠠᠢ ᠪᠢᠰᠢ ᠪᠠᠢᠳᠠᠯᠲᠠᠢ ᠨᠢ ᠢᠯᠡᠳᠲᠡ ᠮᠡᠳᠡᠭᠳᠡᠵᠦ ᠪᠠᠢᠵᠠᠢ᠃ ᠠᠬ᠎ᠠ ᠳᠡᠭᠦᠦ ᠬᠣᠶᠠᠷ ᠬᠡᠭᠡᠷ᠎ᠡ ᠶ᠋ᠢᠨ ᠵᠠᠮ ᠳᠡᠭᠡᠷ᠎ᠡ ᠰᠠᠯᠵᠤ ᠶᠠᠳᠠᠨ ᠤᠳᠠᠭᠠᠨ ᠲᠡᠪᠡᠷᠢᠯᠳᠦᠵᠦ ᠵᠣᠭᠰᠣᠬᠤ ᠳ᠋ᠤ᠌ ᠪᠠᠨ ᠬᠦᠯᠡᠬᠦ ᠠᠷᠢᠬᠪᠦ᠋ᠬᠡ ᠶ᠋ᠢ ᠦᠷᠦ ᠡᠪᠡᠳᠦᠨ 
       — ᠴᠢ ᠮᠢᠨᠢ ᠭᠠᠯ ᠭᠣᠯᠣᠮᠲᠠ ᠪᠠᠨ ᠰᠠᠬᠢᠭᠠᠳ᠂ ᠠᠴᠢᠶᠠᠨ ᠤ᠋ ᠬᠦᠨᠳᠦ ᠶ᠋ᠢ ᠡᠭᠦᠷᠬᠦ ᠪᠣᠯᠵᠤ ᠳᠠ᠃ ᠪᠢ ᠶᠡᠬᠡ ᠲᠤᠰᠠ ᠦᠵᠡᠭᠦᠯᠵᠦ ᠴᠢᠳᠠᠬᠤ ᠦᠭᠡᠢ᠃ ᠰᠠᠭᠤᠳᠠᠭ ᠨᠤᠲᠤᠭ ᠮᠠᠨᠢ ᠳᠡᠩᠳᠡᠭᠦᠦ ᠬᠣᠯᠠ ᠪᠠᠢᠨ᠎ᠠ ᠳᠠ ᠭᠡᠳ ᠬᠠᠴᠠᠷ ᠤᠷᠤᠭᠤ ᠪᠠᠨ ᠬᠣᠪᠣᠷ ᠦᠵᠡᠭᠳᠡᠳᠡᠭ ᠰᠤᠪᠤᠳ ᠤ᠋ᠨ ᠳᠤᠰᠤᠯ ᠪᠥᠮᠪᠥᠷᠢᠭᠦᠯᠵᠦ ᠪᠢᠯᠡ᠃ ᠢᠩᠭᠢᠵᠦ ᠲᠡᠷᠡ ᠠᠬ᠎ᠠ ᠳᠡᠭᠦᠦ ᠬᠣᠶᠠᠷ ᠬᠠᠭᠠᠴᠠᠬᠤ ᠳ᠋ᠤ᠌ ᠪᠠᠨ ᠳᠠᠬᠢᠨ ᠠᠭᠤᠯᠵᠠᠬᠤ ᠲᠠᠪᠢᠯᠠᠩ ᠦᠭᠡᠢ ᠪᠣᠯᠵᠤ ᠪᠠᠢᠭ᠎ᠠ ᠪᠠᠨ ᠠᠯᠢ ᠠᠯᠢ ᠨᠢ ᠶᠠᠭᠠᠬᠢᠨ ᠤᠷᠢᠲᠠᠵᠤ ᠮᠡᠳᠡᠬᠦ ᠪᠣᠢ᠃ ᠢᠩᠭᠢᠭᠡᠳ ᠠᠷᠭ᠎ᠠ ᠦᠭᠡᠢ ᠰᠠᠯᠠᠭ᠎ᠠ ᠵᠠᠮ ᠤ᠋ᠨ ᠡᠷᠬᠡ ᠪᠡᠷ ᠲᠡᠳᠡ ᠰᠠᠯᠵᠤ᠂ ᠪᠡᠶ᠎ᠡ ᠪᠡᠶ᠎ᠡ ᠳ᠋ᠦ᠍ ᠪᠡᠨ ᠬᠦᠨᠳᠦᠳᠬᠡᠯ ᠢᠯᠡᠷᠬᠡᠢᠯᠡᠨ ᠪᠥᠬᠥᠢᠵᠦ᠂ ᠮᠣᠳᠣᠷ ᠢ᠋ᠶ᠋ᠠᠷ ᠢ᠋ᠶ᠋ᠠᠨ ᠳᠠᠯᠳᠠ ᠣᠷᠣᠲᠠᠯ᠎ᠠ ᠨᠢ ᠳᠠᠯᠠᠯᠤᠨ ᠬᠠᠭᠠᠴᠠᠪᠠ᠃ ᠪᠦᠰᠡᠭᠦᠢᠴᠦᠳ ᠠᠷᠢᠬᠪᠦ᠋ᠬᠡ ᠶ᠋ᠢᠨ ᠬᠠᠲᠤᠳ ᠬᠥᠯᠡᠬᠦ ᠶ᠋ᠢᠨ ᠬᠣᠢᠨ᠎ᠠ ᠠ᠋ᠴᠠ ᠰᠠᠴᠤᠯᠢ ᠪᠠᠷ ᠰᠦ ᠡᠷᠭᠦᠨ ᠠᠯᠲᠠᠨ ᠰᠢᠷ᠎ᠠ ᠵᠠᠮ ᠳ᠋ᠤ᠌ ᠪᠠᠨ ᠰᠠᠢᠨ ᠶᠠᠪᠤᠵᠤ ᠬᠦᠷᠬᠦ ᠶ᠋ᠢ ᠪᠡᠯᠭᠡᠳᠡᠨ ᠢᠷᠥᠭᠡᠵᠦ ᠬᠣᠴᠣᠷᠤᠯ᠎ᠠ᠃ ᠬᠦᠯᠡᠬᠦ ᠬᠠᠨ ᠢᠷᠡᠭᠰᠡᠨ ᠲᠡᠢ ᠪᠡᠨ ᠠᠳᠠᠯᠢ ᠪᠠᠷ ᠬᠠᠭᠠᠰ ᠰᠠᠷ᠎ᠠ ᠭᠠᠷᠤᠢ ᠥᠷᠲᠡᠭᠡ ᠵᠠᠮ ᠢ᠋ᠶ᠋ᠠᠷ ᠵᠢᠤᠵᠠᠨ ᠳ᠋ᠤ᠌ ᠪᠦᠪᠡᠢᠯᠡᠭᠳᠡᠨ ᠳᠣᠪᠲᠣᠯᠭᠠᠬᠤ ᠠᠵᠢ᠃
       ᠬᠤᠪᠢᠯᠠᠢ ᠪᠠᠷ᠎ᠠ ᠪᠣᠯᠤᠭᠴᠢᠳ ᠤ᠋ᠨ ᠬᠠᠮᠲᠤ ᠡᠮᠦᠨᠡᠲᠦ ᠶ᠋ᠢ ᠵᠣᠷᠢᠨ ᠳᠠᠪᠬᠢᠭᠰᠠᠭᠠᠷ ᠬᠣᠶᠠᠷ ᠲᠠᠬᠢ ᠬᠣᠨᠣᠭ ᠳᠡᠭᠡᠷ᠎ᠡ ᠪᠡᠨ ᠱᠠᠯᠠ ᠶ᠋ᠢᠨ ᠬᠣᠭᠣᠯᠠᠢ ᠳ᠋ᠤ᠌ ᠣᠷᠣᠵᠤ ᠢᠷᠡᠯ᠎ᠡ ᠃ ᠡᠨᠡ ᠨᠢ ᠠᠩ ᠤ᠋ᠨ ᠮᠥᠷ ᠬᠥᠭᠡᠭᠡᠵᠦ ᠵᠠᠮ ᠠ᠋ᠴᠠ ᠪᠠᠨ ᠪᠠᠷᠠᠭᠤᠨ ᠲᠡᠢᠰᠢ ᠬᠠᠵᠠᠢᠭᠰᠠᠨ ᠬᠡᠷᠡᠭ ᠃  ᠡᠯᠡᠰᠦᠨ ᠬᠥᠷᠥᠰᠥ ᠲᠡᠢ᠂ ᠵᠠᠭ ᠮᠣᠳᠣᠨ ᠤ᠋ ᠰᠢᠭᠤᠢ ᠨᠣᠭᠣᠭᠠᠷᠠᠭᠰᠠᠨ ᠡᠨᠡ ᠭᠣᠪᠢ ᠳ᠋ᠤ᠌ ᠬᠤᠯᠠᠨ᠂ ᠳᠠᠬᠢ᠂ ᠪᠥᠬᠥᠩ ᠭᠥᠷᠥᠭᠡᠰᠦ ᠭᠠᠵᠠᠷ ᠤ᠋ᠨ ᠬᠥᠷᠥᠰᠥ ᠬᠥᠳᠡᠯᠵᠦ ᠪᠠᠢᠭ᠎ᠠ ᠠᠳᠠᠯᠢ ᠠᠵᠢ᠃  ᠬᠠᠷᠢᠨ ᠬᠠᠪᠲᠠᠭᠠᠢ ᠲᠡᠮᠡᠭᠡ ᠴᠥᠭᠡᠬᠡᠨ ᠦᠵᠡᠭᠳᠡᠵᠦ ᠪᠠᠢᠯ᠎ᠠ᠃  ᠬᠤᠪᠢᠯᠠᠢ ᠰᠠᠷ᠎ᠠ ᠲᠡᠭᠡᠭᠡᠭᠰᠡᠨ ᠤᠰᠤ ᠪᠠᠨ ᠤᠤᠭᠤᠵᠤ ᠬᠡᠭᠡᠷ᠎ᠡ ᠬᠣᠨᠣᠭᠯᠠᠭᠠᠳ ᠥᠷᠯᠥᠭᠡ ᠡᠷᠲᠡ ᠠᠪᠠ ᠳ᠋ᠤ᠌ ᠭᠠᠷᠴᠤ᠂ ᠡᠬᠢᠯᠡᠭᠡᠳ ᠬᠡᠰᠡᠭ ᠬᠤᠯᠠᠨ ᠢ᠋ ᠴᠡᠷᠢᠭ ᠢ᠋ᠶ᠋ᠡᠷ ᠠᠯᠤᠰ ᠢ᠋ᠶ᠋ᠠᠷ ᠲᠣᠭᠣᠷᠢᠨ ᠪᠦᠰᠡᠯᠡᠵᠦ ᠠᠪᠤᠭᠠᠳ ᠨᠠᠮᠨᠠᠬᠤ ᠪᠣᠯᠪᠠ᠃ ᠲᠡᠷᠡ ᠮᠠᠩᠬᠠᠲᠤ ᠬᠥᠨᠳᠡᠢ ᠳ᠋ᠦ᠍ ᠬᠤᠯᠠᠨ ᠤ᠋ ᠬᠥᠯ ᠢ᠋ᠶ᠋ᠡᠷ ᠪᠣᠰᠤᠭᠰᠠᠨ ᠲᠣᠭᠣᠰᠣ ᠲᠡᠭᠷᠢ ᠳ᠋ᠦ᠍ ᠲᠤᠯᠵᠤ ᠪᠠᠢᠯ᠎ᠠ᠃ ᠡᠨᠡ ᠠᠮᠢᠲᠠᠨ ᠤ᠋ ᠣᠮᠣᠭᠯᠠᠩ ᠬᠤᠷᠳᠤᠨ ᠢ᠋ ᠵᠦᠢᠷᠯᠡᠵᠦ ᠬᠡᠯᠡᠬᠦ ᠶᠠᠭᠤᠮ᠎ᠠ ᠠᠯᠠᠭ᠎ᠠ ᠃ ᠨᠢᠭᠡᠨᠲᠡ ᠪᠦᠰᠡᠯᠡᠭᠳᠡᠭᠰᠡᠨ ᠵᠡᠷᠯᠢᠭ ᠠᠳᠤᠭᠤ ᠬᠠᠮᠢᠭᠠᠰᠢ ᠪᠠᠨ ᠴᠦ᠍ ᠳᠠᠢᠵᠢᠵᠤ ᠵᠢᠭᠤᠲᠠᠭᠠᠭᠰᠠᠨ ᠬᠥᠮᠦᠨ ᠦ᠌ ᠭᠠᠷ ᠲᠤ᠌ ᠥᠷᠲᠥᠬᠦ ᠪᠠᠢᠲᠠᠯᠲᠠᠢ ᠠᠵᠢ᠃  ᠬᠤᠪᠢᠯᠠᠢ ᠰᠡᠦᠬᠡ ᠲᠡᠷᠭᠡ ᠪᠡᠨ ᠶᠠᠢᠵᠢᠭᠢᠨᠠᠭᠤᠯᠤᠨ ᠠᠩ ᠤ᠋ᠨ ᠰᠦᠷᠦᠭ ᠳᠤᠮᠳᠠ ᠬᠡᠳᠦ ᠬᠡᠳᠦ ᠤᠮᠪᠠᠨ ᠣᠷᠣᠭᠠᠳ ᠂ ᠪᠥᠭᠡᠮ ᠲᠣᠭᠣᠰᠣᠨ ᠳᠣᠲᠣᠷ᠎ᠠ ᠬᠠᠷᠠᠭᠳᠠᠭᠰᠠᠨ ᠪᠥᠬᠥᠩ ᠤᠷᠤᠭᠤ ᠬᠠᠷᠪᠤᠵᠤ ᠪᠠᠢᠪᠠ᠃  ᠵᠠᠬᠢᠷᠤᠭᠴᠢ ᠶ᠋ᠢᠨ ᠪᠠᠷᠢᠭᠰᠠᠨ ᠨᠤᠮᠤ ᠰᠤᠮᠤ ᠴᠦ᠍ ᠡᠵᠡᠨ ᠨᠢ ᠲᠠᠲᠠᠵᠤ ᠴᠢᠳᠠᠳᠠᠭ ᠶᠤᠮ ᠪᠣᠯ ᠪᠠᠷᠤᠭ ᠥᠪᠡᠷ ᠢ᠋ᠶ᠋ᠡᠨ ᠣᠴᠢᠭᠠᠳ ᠤᠨᠠᠴᠢᠬᠠᠬᠤ ᠰᠢᠬᠠᠮ ᠰᠠᠢᠨ ᠵᠡᠪᠰᠡᠭ ᠪᠢᠯᠡ᠃  ᠲᠡᠷᠭᠡᠨ ᠦ᠌ ᠪᠡᠨ ᠮᠣᠷᠢᠳ ᠢ᠋ ᠬᠠᠷ᠎ᠠ ᠬᠤᠷᠳᠤ ᠪᠠᠷ ᠢ᠋ᠶ᠋ᠠᠨ ᠳᠠᠪᠬᠢᠵᠤ ᠪᠠᠢᠬᠤ ᠳ᠋ᠤ᠌ ᠬᠤᠪᠢᠯᠠᠢ ᠪᠤᠰᠢᠭᠤᠯᠠ!  ᠶᠠᠪᠤᠭᠠᠴᠢ!  ᠭᠡᠵᠦ ᠵᠠᠩᠳᠤᠷᠤᠭᠰᠠᠭᠠᠷ ᠪᠠᠢᠪᠠ᠃  ᠢᠩᠭᠢᠵᠦ ᠳᠠᠪᠬᠢᠵᠤ ᠪᠠᠢᠭᠠᠳ ᠬᠡᠰᠡᠭ ᠵᠠᠭ ᠤ᠋ᠨ ᠰᠢᠭᠤᠢ ᠲᠣᠭᠣᠷᠢᠨ ᠥᠰᠥᠷᠬᠡᠬᠦ ᠳ᠋ᠦ᠍ ᠪᠡᠨ ᠬᠤᠪᠢᠯᠠᠢ ᠶ᠋ᠢᠨ ᠲᠡᠷᠭᠡ ᠣᠩᠬᠣᠯᠢᠳᠤᠨ ᠤᠨᠠᠯ᠎ᠠ᠃  ᠵᠤᠵᠠᠭᠠᠨ ᠡᠯᠡᠰᠦᠨ ᠳᠡᠭᠡᠷ᠎ᠡ ᠪᠡᠨ ᠨᠠᠮᠢᠷᠠᠭᠤᠯᠤᠨ ᠪᠣᠰᠤᠭᠠᠳ ᠨᠤᠮᠤ ᠰᠤᠮᠤ ᠪᠠᠨ ᠪᠠᠷᠢᠭᠠᠳ ᠭᠦᠶᠦᠵᠦ ᠬᠠᠷᠠᠭᠳᠠᠪᠠ ᠃ ᠲᠡᠷᠡ ᠪᠡᠷ ᠲᠡᠷᠭᠡ᠂ ᠬᠥᠯᠯᠡᠭᠡᠨ ᠦ᠌ ᠮᠣᠷᠢᠳ ᠶᠠᠭᠤ ᠪᠣᠯᠵᠤ ᠪᠠᠢᠭ᠎ᠠ ᠶ᠋ᠢ ᠠᠩᠵᠠᠭᠠᠷᠠᠵᠤ ᠬᠠᠷᠠᠯ ᠦᠭᠡᠢ᠂ ᠬᠡᠳᠦᠨ ᠬᠤᠯᠠᠨ ᠤ᠋ ᠠᠷᠤ ᠠ᠋ᠴᠠ ᠰᠤᠮᠤ ᠲᠠᠯᠪᠢᠵᠤ᠂ ᠥᠪᠡᠷ ᠢ᠋ᠶ᠋ᠡᠨ ᠤᠨᠤᠭᠰᠠᠨ ᠶᠤᠮ ᠤᠤ᠂ ᠠᠯᠢ ᠪᠤᠰᠤᠳ ᠬᠥᠮᠦᠨ ᠴᠦ᠍ ᠬᠠᠷᠪᠤᠵᠤ ᠤᠨᠠᠭᠠᠭᠰᠠᠨ ᠶᠤᠮ ᠤᠤ᠂ ᠨᠢᠭᠡᠨ ᠬᠤᠯᠠᠨ ᠤ᠋ ᠤᠨᠠᠭ᠎ᠠ ᠭᠠᠵᠠᠷᠳᠠᠭᠤᠯᠵᠠᠢ᠃ ᠬᠤᠪᠢᠯᠠᠢ ᠲᠡᠭᠦᠨ ᠤᠷᠤᠭᠤ ᠬᠠᠷᠠᠢᠯᠭᠠᠨ ᠣᠴᠢᠪᠠ᠃ ᠬᠣᠢᠲᠤ ᠬᠣᠶᠠᠷ ᠬᠥᠯ ᠢ᠋ ᠨᠢ ᠲᠠᠰᠢᠷ ᠢ᠋ᠶ᠋ᠠᠷ ᠨᠢ ᠬᠤᠭᠤ ᠬᠠᠷᠪᠤᠭᠰᠠᠨ ᠲᠡᠷᠡ ᠠᠮᠢᠲᠠᠨ ᠡᠯᠡᠰᠦᠨ ᠳᠡᠭᠡᠷ᠎ᠡ ᠮᠥᠯᠬᠥᠨ ᠲᠡᠮᠡᠦᠯᠵᠦ᠂ ᠠᠮᠠ ᠨᠢ ᠠᠩᠭᠠᠯᠵᠠᠭᠠᠳ᠂ ᠵᠢᠷᠦᠬᠡ ᠨᠢ ᠳᠡᠯᠪᠡᠷᠡᠬᠦ ᠭᠡᠵᠦ ᠪᠠᠢᠭ᠎ᠠ ᠪᠣᠯᠪᠠ ᠤᠤ  ᠭᠡᠮᠡᠷ ᠦᠷᠦ ᠡᠪᠡᠳᠦᠯᠲᠡᠢ ᠮᠥᠯᠬᠥᠵᠦ ᠪᠠᠢᠪᠠ᠃ ᠣᠢᠷᠠᠬᠠᠨ ᠣᠴᠢᠭᠰᠠᠨ ᠪᠢᠯᠢᠭᠦᠨ ᠲᠡᠭᠦᠨ ᠢ᠋ ᠬᠠᠷᠠᠭᠠᠳ  《ᠳᠠᠩᠴᠢ ᠨᠢᠯᠬ᠎ᠠ ᠠᠮᠢᠲᠠᠨ ᠪᠠᠢᠨ᠎ᠠ ᠰᠢᠦ ᠳᠡ》 ᠭᠡᠵᠦ ᠠᠮᠠᠨ ᠳᠣᠲᠣᠷ᠎ᠠ ᠪᠠᠨ ᠬᠡᠯᠡᠭᠡᠳ ᠨᠢᠯᠪᠤᠰᠤ ᠤᠨᠠᠭᠠᠬᠤ ᠰᠢᠬᠠᠯ᠎ᠠ᠃ ᠬᠠᠷ᠎ᠠ ᠬᠣᠷᠣᠮ ᠳ᠋ᠤ᠌ ᠣᠴᠢᠭᠠᠳ ᠨᠢᠭᠡ ᠴᠦ᠍ ᠢᠨᠢᠶᠡᠬᠦ ᠦᠭᠡᠢ ᠶᠠᠪᠤᠭᠰᠠᠨ ᠬᠤᠪᠢᠯᠠᠢ ᠲᠡᠷᠡ ᠴᠢᠰᠤ ᠪᠠᠨ ᠰᠠᠪᠢᠷᠠᠭᠤᠯᠤᠭᠰᠠᠨ᠂ ᠤᠷᠲᠤ ᠬᠣᠶᠠᠷ ᠬᠥᠯ ᠳᠡᠭᠡᠷ᠎ᠡ ᠪᠡᠨ ᠣᠴᠣᠢᠭᠠᠳ ᠡᠬᠡ ᠶ᠋ᠢᠨ ᠢ᠋ᠶ᠋ᠡᠨ ᠠᠷᠤ ᠠ᠋ᠴᠠ ᠲᠡᠮᠡᠦᠯᠦᠨ ᠪᠠᠢᠭ᠎ᠠ ᠤᠨᠠᠭᠠᠨ ᠳᠡᠭᠡᠷ᠎ᠡ ᠢᠷᠡᠵᠦ ᠢᠨᠢᠶᠡᠭᠰᠡᠭᠡᠷ᠂ ᠰᠠᠬᠠᠯ ᠢ᠋ᠶ᠋ᠠᠨ ᠰᠡᠷᠪᠡᠯᠵᠡᠭᠦᠯᠦᠨ ᠰᠡᠳᠬᠢᠯ ᠬᠠᠨᠤᠭᠰᠠᠨ ᠶᠠᠩᠵᠤ ᠪᠠᠷ ᠬᠠᠷᠠᠵᠤ᠂ ᠨᠢᠭᠡ ᠲᠣᠭᠣᠷᠢᠵᠤ ᠦᠵᠡᠭᠰᠡᠨ ᠢ᠋ᠶ᠋ᠡᠨ᠂ ᠨᠤᠮᠤ ᠪᠠᠨ ᠬᠥᠪᠴᠢᠯᠡᠨ᠄ 
       — ᠳᠠᠪᠬᠢᠭᠠᠳ ᠶᠠᠪᠤᠴᠢᠬᠠᠬᠤ ᠰᠠᠨᠠᠭᠠᠲᠠᠢ ᠪᠣᠯᠤᠯᠲᠠᠢ ᠰᠢᠦ ᠭᠡᠵᠦ ᠬᠡᠯᠡᠭᠰᠡᠨ ᠢ᠋ᠶ᠋ᠡᠨ ᠴᠡᠭᠡᠵᠢ ᠤᠷᠤᠭᠤ ᠨᠢ ᠬᠠᠷᠪᠤᠨ ᠨᠠᠮ ᠤᠨᠠᠭᠠᠯ᠎ᠠ᠃  ᠪᠢᠯᠢᠭᠦᠨ ᠲᠡᠭᠦᠨ ᠢ᠋ ᠬᠠᠷᠠᠭᠠᠳ ᠲᠡᠰᠦᠭᠰᠡᠨ ᠦᠭᠡᠢ᠄ 
       — ᠡᠷᠯᠢᠭᠯᠡᠬᠦ ᠠᠮᠢᠲᠠᠨ ᠢ᠋ᠶ᠋ᠠᠨ ᠣᠯᠵᠤ ᠡᠷᠯᠢᠭᠯᠡᠪᠡ ᠭᠡᠵᠦ ᠬᠡᠯᠡᠵᠦ ᠣᠷᠬᠢᠪᠠ᠃ ᠡᠨᠡ ᠡᠷ᠎ᠡ ᠶ᠋ᠢᠨ ᠲᠡᠷᠡ ᠦᠭᠡ ᠶ᠋ᠢ ᠪᠥᠭᠡᠮ ᠱᠤᠤᠭᠢᠶᠠᠨ ᠳᠣᠲᠣᠷ᠎ᠠ ᠬᠡᠨ ᠴᠦ᠍ ᠣᠯᠵᠤ ᠰᠣᠨᠣᠰᠤᠭᠰᠠᠨ ᠦᠭᠡᠢ ᠨᠢ ᠠᠵᠠ ᠪᠢᠯᠡ᠃ 
       ᠣᠷᠣᠢᠬᠠᠨ ᠠᠩ ᠤ᠋ᠨ ᠶᠠᠪᠤᠳᠠᠯ ᠳᠠᠭᠤᠰᠴᠤ᠂ ᠨᠢᠭᠤᠷ ᠢ᠋ᠶ᠋ᠠᠷ ᠢ᠋ᠶ᠋ᠠᠨ ᠭᠠᠵᠠᠷ ᠱᠦᠷᠭᠦᠨ ᠬᠠᠴᠠᠷ ᠳᠡᠭᠡᠷ᠎ᠡ ᠪᠡᠨ ᠰᠢᠯᠪᠤᠯᠠᠭᠰᠠᠨ ᠵᠢᠭᠠᠬᠠᠨ ᠰᠢᠷᠬ᠎ᠠ ᠪᠠᠨ ᠬᠤᠪᠢᠯᠠᠢ ᠰᠠᠶᠢ ᠮᠡᠳᠡᠪᠡ ᠪᠣᠯᠤᠯᠲᠠᠢ ᠠᠷᠴᠢᠵᠤ ᠦᠵᠡᠭᠡᠳ ᠭᠠᠢᠬᠠᠰᠢᠷᠠᠬᠤ ᠳ᠋ᠤ᠌ ᠨᠢ ᠪᠠᠷ᠎ᠠ ᠪᠣᠯᠤᠭᠴᠢᠳ ᠨᠢ ᠠᠯᠴᠢᠭᠤᠷ ᠪᠠᠷᠢᠨ ᠲᠡᠭᠦᠨ ᠤᠷᠤᠭᠤ ᠬᠣᠰᠢᠭᠤᠷᠠᠵᠤ ᠡᠬᠢᠯᠡᠪᠡ᠃ ᠵᠠᠬᠢᠷᠤᠭᠴᠢ ᠬᠡᠭᠡᠷ᠎ᠡ ᠳᠡᠪᠢᠰᠦᠭᠰᠡᠨ ᠣᠯᠪᠣᠭ ᠳᠡᠭᠡᠷ᠎ᠡ ᠰᠠᠭᠤᠵᠤ ᠪᠡᠶ᠎ᠡ ᠶ᠋ᠢᠨ ᠴᠢᠯᠡᠭᠡ ᠭᠠᠷᠭᠠᠬᠤ ᠢᠯᠳᠠᠮ ᠳ᠋ᠤ᠌ ᠪᠠᠭ᠎ᠠ ᠲᠦᠰᠢᠮᠡᠯ ᠪᠢᠯᠢᠭᠦᠨ ᠢ᠋ ᠣᠯᠵᠤ ᠬᠠᠷᠠᠭᠠᠳ᠂ ᠰᠠᠶᠢ ᠤᠬᠠᠭᠠᠨ ᠣᠷᠣᠵᠤ ᠪᠠᠢᠭ᠎ᠠ ᠶᠤᠮ ᠰᠢᠭ᠋ ᠨᠢᠳᠦ ᠪᠡᠨ ᠲᠣᠮᠣ ᠪᠣᠯᠭᠠᠨ᠄ 
       — ᠵᠠᠭᠤᠲᠤ ᠶ᠋ᠢᠨ ᠳᠠᠭᠠᠭᠠᠮᠠᠯ ᠴᠢ ᠪᠤᠴᠠᠵᠤ ᠶᠠᠪᠤᠭ᠎ᠠ ᠦᠭᠡᠢ ᠪᠠᠢᠭ᠎ᠠ ᠬᠡᠷᠡᠭ ᠤᠤ?  ᠭᠡᠵᠦ ᠠᠰᠠᠭᠤᠪᠠ᠃ 
       — ᠡᠵᠡᠨ ᠳᠡᠭᠡᠳᠦᠰ ᠮᠢᠨᠢ! ᠲᠠ ᠨᠠᠳᠠᠳᠤ ᠪᠤᠴᠠᠬᠤ ᠴᠠᠭ ᠢ᠋ ᠵᠠᠷᠯᠢᠭᠯᠠᠨ᠎ᠠ ᠭᠡᠰᠡᠨ ᠰᠢᠦ ᠳᠡ ᠭᠡᠵᠦ ᠪᠢᠯᠢᠭᠦᠨ ᠬᠠᠷᠢᠭᠤ ᠠᠢᠯᠠᠳᠬᠠᠬᠤ ᠪᠥᠯᠥᠭᠡ᠃ 
       — ᠠ᠂ ᠲᠡᠢᠮᠦ ᠪᠢᠯᠡ ᠤᠤ᠃  ᠴᠢ ᠡᠦᠲᠦ ᠬᠠᠷ᠎ᠠ ᠬᠣᠷᠣᠮ ᠤᠷᠤᠭᠤ ᠪᠠᠨ ᠪᠤᠴᠠ!  ᠮᠠᠷᠭᠠᠰᠢ ᠠᠳᠠ ᠠ᠋ᠴᠠ ᠪᠠᠨ ᠮᠣᠷᠢ ᠬᠣᠣᠰᠯᠠᠵᠤ ᠤᠨᠤᠭᠠᠳ ᠶᠠᠪᠤ!  ᠪᠢ ᠴᠢᠮ᠎ᠠ ᠤᠷᠤᠭᠤ ᠬᠠᠶᠠ ᠨᠢᠭᠡ ᠬᠥᠮᠦᠨ ᠵᠠᠷᠤᠵᠤ ᠠᠭᠤᠯᠵᠠᠭᠤᠯᠤᠨ ᠪᠠᠢᠬᠤ ᠪᠣᠯᠤᠨ᠎ᠠ ᠁ᠭᠡᠵᠦ ᠬᠡᠯᠡᠯ᠎ᠡ᠃

— — — —
① ᠳᠣᠷᠠᠺᠢᠨ᠎ᠠ1242 — 1245 ᠣᠨ ᠳ᠋ᠤ᠌4 ᠵᠢᠯ ᠲᠥᠷᠥ ᠪᠠᠷᠢᠵᠠᠢ᠃ 
② ᠤᠭᠤᠯ ᠺᠡᠢᠮᠢᠰᠢ 1248 —1251 ᠣᠨ ᠳ᠋ᠤ᠌ ᠲᠥᠷᠥ ᠪᠠᠷᠢᠵᠠᠢ᠃  


             ᠦᠰᠦᠭ ᠠᠮᠢᠯᠠᠭᠤᠯᠤᠭᠰᠠᠨ ᠨᠢ᠄ ᠲᠡᠭᠷᠢ ᠡᠵᠢ᠂ ᠪᠠᠭᠠᠲᠤᠷ᠂ ᠭᠠᠷᠮ᠎ᠠ᠂ ᠴᠣᠯᠮᠣᠨᠲᠤᠶᠠᠭ᠎ᠠ