ᠬᠠᠲᠤᠨ ᠬᠠᠨ- ᠰᠥᠷᠦᠯᠲᠦ ᠂ ᠲᠦᠮᠡᠨ᠌ᠥ᠌ᠯᠵᠡᠢSurult Tumenulzii - Hatan Han Хатан Хан-Сөрөлт Түмэн-Өлзий - Хатан Хан ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠲᠤᠨ ᠬᠠᠨ- ᠰᠥᠷᠦᠯᠲᠦ ᠂ ᠲᠦᠮᠡᠨ᠌ᠥ᠌ᠯᠵᠡᠢSurult Tumenulzii - Hatan Han Хатан Хан-Сөрөлт Түмэн-Өлзий - Хатан Хан

ᠬᠠᠲᠤᠨ ᠬᠠᠨ- ᠰᠥᠷᠦᠯᠲᠦ ᠂ ᠲᠦᠮᠡᠨ᠌ᠥ᠌ᠯᠵᠡᠢSurult Tumenulzii - Hatan Han Хатан Хан-Сөрөлт Түмэн-Өлзий - Хатан Хан

ᠠᠩᠭᠢᠯᠠᠯ:ᠳᠠᠭᠤᠤ ᠬᠥᠭᠵᠢᠮ
2026-05-01

2324

ᠬᠠᠲᠤᠨ ᠬᠠᠨ


         ᠦᠭᠡ᠄ ᠫ᠊᠂ ᠪᠠᠲᠣᠰᠠᠢᠬᠠᠨ 
         ᠠᠶ᠎ᠠ᠄ ᠨ᠂ ᠵᠠᠩᠴᠢᠨᠨᠣᠷᠪᠤ 
         ᠳᠠᠭᠤᠴᠢᠨ᠄ ᠲᠦᠮᠡᠡᠡᠥ᠋ᠯᠵᠡᠢ᠂ ᠰᠦᠷᠦᠯᠲᠦ 

ᠰᠠᠷᠠᠨ ᠤ᠋ ᠮᠥᠩᠭᠥᠨ ᠰᠢᠭᠦᠳᠡᠷᠢ ᠶ᠋ᠢ 
ᠴᠡᠴᠡᠭᠡᠰ ᠪᠦᠪᠡᠢᠯᠡᠬᠦ ᠦᠳᠡᠰᠢ ᠪᠡᠷ 
ᠰᠠᠨᠠᠵᠤ ᠯᠠ ᠵᠠᠳᠠᠭᠠᠢᠯᠠᠬᠤ ᠰᠠᠪᠰᠢᠶᠠᠨ ᠦ᠌ 
ᠦᠨᠦᠷ ᠠᠩᠬᠢᠯᠤᠭᠤᠨ ᠳ᠋ᠤ᠌ ᠰᠣᠭᠲᠣᠯ᠎ᠠ ᠪᠢ 
ᠬᠠᠢᠷ᠎ᠠ ᠶᠠᠭᠤᠲᠠᠢ ᠲᠠᠩᠰᠤᠭ ᠦᠨᠦᠷ ᠲᠡᠢ ᠪᠣᠢ 
ᠬᠠᠨ ᠬᠦᠦ ᠴᠢ ᠶᠠᠭᠤᠲᠠᠢ ᠰᠠᠢᠬᠠᠨ ᠨᠥᠮᠥᠷᠢ ᠲᠡᠢ ᠪᠣᠢ 
ᠬᠠᠢᠷᠠᠲᠤ ᠮᠢᠨᠢ

ᠴᠡᠴᠡᠭ ᠴᠡᠴᠡᠭᠡᠰ ᠦ᠋ᠨ ᠳᠡᠯᠪᠡᠭᠡ ᠶ᠋ᠢ
ᠢᠯᠢᠭᠡᠳ ᠠᠪᠤᠮᠠᠷ ᠵᠥᠭᠡᠯᠡᠨ ᠴᠦ᠍
ᠴᠡᠪᠡᠷ ᠢᠴᠢᠮᠡᠬᠡᠢ ᠴᠢᠨᠦᠬᠢ ᠪᠡᠨ
ᠤᠷᠤᠭᠤᠯ ᠤ᠋ᠨ ᠠᠮᠲᠠᠨ ᠳ᠋ᠤ᠌ ᠨᠢᠯᠬᠠᠷᠠᠯ᠎ᠠ ᠪᠢ
ᠬᠠᠢᠷ᠎ᠠ ᠶᠠᠭᠤᠲᠠᠢ ᠵᠥᠭᠡᠯᠡᠨ ᠪᠦᠯᠢᠶᠡᠨ ᠪᠣᠢ
ᠬᠠᠲᠤᠨ ᠴᠢ ᠶᠠᠭᠤᠲᠠᠢ ᠭᠤᠸ᠎ᠠ ᠦᠵᠡᠰᠬᠦᠯᠡᠩ ᠪᠣᠢ
ᠬᠠᠢᠷᠠᠲᠤ ᠮᠢᠨᠢ

ᠳᠠᠭᠤᠨ ᠳ᠋ᠠᠭᠠᠨ ᠤᠶᠠᠷᠠᠵᠤ ᠰᠠᠭᠤᠬᠤ ᠳ᠋ᠤ᠌
ᠤᠬᠢᠯᠠᠵᠤ ᠤᠬᠠᠭᠠᠷᠠᠵᠤ ᠵᠢᠷᠭᠠᠳᠠᠭ
ᠳᠠᠭᠤᠨ ᠤ᠋ ᠡᠨᠡᠬᠡᠨ ᠣᠷᠴᠢᠯᠠᠩ ᠳ᠋ᠤ᠌
ᠪᠦᠪᠡᠢ ᠶ᠋ᠢᠨ ᠳᠠᠭᠤᠨ ᠤ᠋ ᠲᠦᠷᠡᠯᠭᠡ ᠲᠡᠢ
ᠬᠠᠢᠷ᠎ᠠ ᠶᠠᠭᠤᠲᠠᠢ ᠤᠶᠠᠩᠭᠠᠯᠢᠭ ᠠᠶᠠᠯᠭᠤ ᠪᠣᠢ
ᠬᠣᠣᠰ ᠬᠣᠶᠠᠷ ᠶᠠᠭᠤᠲᠠᠢ ᠰᠠᠢᠬᠠᠨ ᠵᠠᠶᠠᠭ᠎ᠠ ᠪᠣᠢ
ᠬᠠᠢᠷᠠᠲᠤ ᠮᠢᠨᠢ᠁

       ᠦᠰᠦᠭ ᠬᠠᠲᠠᠵᠤ ᠠᠮᠢᠯᠠᠭᠤᠯᠤᠭᠰᠠᠨ ᠨᠢ ᠠᠯᠲᠠᠨᠴᠢᠮᠡᠭ
       ᠬᠢᠨᠠᠭᠴᠢ᠄ ᠭᠦᠩᠭᠠᠷ