ᠬᠣᠯᠠ ᠶ᠋ᠢᠨ ᠴᠢ ᠮᠢᠨᠢ -ᠣ᠂ ᠭᠠᠩᠲᠤᠯᠭ᠎ᠠ Холын чи минь-О,Гантулга
ᠬᠣᠯᠠ ᠶ᠋ᠢᠨ ᠴᠢ ᠮᠢᠨᠢ
ᠦᠭᠡ᠂ ᠠᠶ᠎ᠠ᠄ ᠠ᠊᠂ ᠮᠥᠩᠭᠦᠨᠱᠠᠭᠠᠢ
ᠳᠠᠭᠤᠴᠢᠨ᠄ ᠣ᠂ ᠭᠠᠩᠲᠤᠯᠭ᠎ᠠ
ᠳᠡᠩᠳᠡᠭᠦᠦ ᠬᠣᠯᠠ ᠠ᠋ᠴᠠ ᠴᠢᠮᠠᠶ᠋ᠢ ᠳᠤᠷᠠᠰᠤᠨ ᠰᠠᠭᠤᠨ᠎ᠠ ᠪᠢ
ᠳᠡᠷᠭᠡᠳᠡ ᠴᠢᠨᠢ ᠪᠠᠢᠨ᠎ᠠ ᠭᠡᠵᠦ ᠮᠥᠷᠥᠭᠡᠳᠬᠦ ᠶᠤᠮ ᠳ᠋ᠠ ᠪᠢ ᠴᠢᠨᠢ
ᠲᠠᠩᠳᠠ ᠴᠢᠮᠠᠶ᠋ᠢ ᠪᠣᠳᠣᠳᠠᠭ ᠰᠢᠦ ᠪᠦᠰᠡᠭᠦᠢ ᠮᠢᠨᠢ
ᠳᠠᠷᠤᠤᠬᠠᠨ ᠵᠠᠩ ᠴᠢᠨᠢ ᠨᠠᠳᠠ ᠳ᠋ᠤ᠌ ᠲᠠᠭᠠᠯᠠᠭᠳᠠᠭᠰᠠᠨ ᠰᠢᠦ ᠬᠠᠢᠷᠠᠲᠤ ᠮᠢᠨᠢ
ᠬᠠᠷᠠᠭᠠᠳ ᠬᠠᠷᠠᠭᠠᠳ ᠬᠠᠩᠬᠤ ᠦᠭᠡᠢ ᠶᠤᠮ ᠳ᠋ᠠ ᠵᠢᠷᠤᠭ ᠢ᠋ ᠴᠢᠨᠢ
ᠬᠠᠢᠷᠠᠯᠠᠭᠠᠳ ᠬᠠᠢᠷᠠᠯᠠᠭᠠᠳ ᠤᠴᠠᠷᠠᠬᠤ ᠦᠭᠡᠢ ᠶᠤᠮ ᠳ᠋ᠠ ᠬᠣᠷᠸ᠎ᠠ ᠮᠢᠨᠢ
ᠬᠥᠮᠦᠨ ᠦ᠌ ᠬᠢ ᠪᠢᠰᠢ ᠮᠢᠨᠦᠬᠢ ᠪᠠᠢᠭᠠᠷᠠᠢ ᠴᠢ ᠮᠢᠨᠢ
ᠬᠦᠰᠡᠯ ᠰᠡᠳᠬᠢᠯ ᠢ᠋ ᠮᠢᠨᠢ ᠬᠦᠯᠢᠶᠡᠵᠦ ᠠᠪᠤᠭᠠᠷᠠᠢ ᠬᠠᠢᠷᠠᠲᠤ ᠮᠢᠨᠢ
ᠬᠣᠯᠠ ᠶ᠋ᠢᠨ ᠴᠢ ᠮᠢᠨᠢ ᠬᠦᠷᠦᠭᠡᠳ ᠢᠷᠡᠳᠡᠭ ᠴᠦ᠍ ᠪᠣᠯᠤᠭᠠᠰᠠᠢ
ᠬᠣᠩᠭᠣᠷ ᠴᠢᠮ᠎ᠠ ᠲᠠᠢ ᠪᠠᠨ ᠮᠥᠳᠳᠥᠬᠡᠨ ᠠᠭᠤᠯᠵᠠᠬᠤ ᠶᠤᠮᠰᠠᠨ
ᠠᠯᠤᠰ ᠤ᠋ᠨ ᠠᠯᠤᠰ ᠠ᠋ᠴᠠ ᠴᠢᠮᠠᠶ᠋ᠢ ᠳᠤᠷᠠᠰᠴᠤ ᠰᠠᠭᠤᠨ᠎ᠠ ᠪᠢ
ᠠᠮᠠᠷᠠᠭ ᠪᠣᠯᠵᠤ ᠬᠣᠶᠠᠭᠤᠯᠠ ᠠᠮᠢᠳᠤᠷᠠᠨ ᠵᠢᠷᠭᠠᠵᠤ ᠰᠠᠭᠤᠬᠤ ᠰᠠᠨ
ᠲᠥᠭᠡᠷᠭᠡ ᠲᠠᠪᠢᠯᠠᠩ ᠢ᠋ᠶ᠋ᠠᠷ ᠠᠭᠤᠯᠵᠠᠨ ᠤᠴᠠᠷᠠᠭᠠᠳ ᠬᠡᠯᠡᠬᠦ ᠳ᠋ᠦ᠍
ᠲᠡᠭᠦᠰ ᠰᠠᠢᠬᠠᠨ ᠰᠡᠳᠬᠢᠯ ᠢ᠋ ᠮᠢᠨᠢ ᠬᠦᠯᠢᠶᠡᠵᠦ ᠠᠪᠤᠭᠠᠷᠠᠢ
ᠬᠣᠯᠠ ᠶ᠋ᠢᠨ ᠴᠢ ᠮᠢᠨᠢ ᠬᠦᠷᠦᠭᠡᠳ ᠢᠷᠡᠳᠡᠭ ᠴᠦ᠍ ᠪᠣᠯᠤᠭᠠᠰᠠᠢ
ᠬᠣᠩᠭᠣᠷ ᠴᠢᠮ᠎ᠠ ᠲᠠᠢ ᠪᠠᠨ ᠮᠥᠳᠳᠥᠬᠡᠨ ᠠᠭᠤᠯᠵᠠᠬᠤ ᠶᠤᠮᠰᠠᠨ
ᠬᠣᠯᠠ ᠶ᠋ᠢᠨ ᠴᠢ ᠮᠢᠨᠢ ᠲᠡᠷᠲᠡᠭᠡ ᠳ᠋ᠦ᠍ ᠪᠠᠢᠭ᠎ᠠ
ᠬᠣᠩᠭᠣᠷ ᠴᠢᠮ᠎ᠠ ᠳ᠋ᠠᠭᠠᠨ ᠪᠢ ᠬᠦᠷᠦᠭᠡᠳ ᠣᠴᠢᠨ᠎ᠠ
ᠬᠠᠢᠷᠠᠲᠠᠢ ᠪᠢ ᠴᠢᠮ᠎ᠠ ᠳ᠋ᠠᠭᠠᠨ ᠬᠠᠢᠷᠠᠲᠠᠢ
ᠬᠠᠷᠢ ᠶ᠋ᠢᠨ ᠨᠤᠲᠤᠭ ᠠ᠋ᠴᠠ ᠳᠠᠭᠤᠯᠠᠵᠤ ᠰᠠᠭᠤᠨ᠎ᠠ ᠳ᠋ᠠ
ᠬᠣᠯᠠ ᠶ᠋ᠢᠨ ᠴᠢ ᠮᠢᠨᠢ ᠬᠦᠷᠦᠭᠡᠳ ᠢᠷᠡᠳᠡᠭ ᠴᠦ᠍ ᠪᠣᠯᠤᠭᠠᠰᠠᠢ
ᠬᠣᠩᠭᠣᠷ ᠴᠢᠮ᠎ᠠ ᠲᠠᠢ ᠪᠠᠨ ᠮᠥᠳᠳᠥᠬᠡᠨ ᠠᠭᠤᠯᠵᠠᠬᠤ ᠶᠤᠮᠰᠠᠨ
ᠬᠣᠯᠠ ᠶ᠋ᠢᠨ ᠴᠢ ᠮᠢᠨᠢ ᠬᠦᠷᠦᠭᠡᠳ ᠢᠷᠡᠳᠡᠭ ᠴᠦ᠍ ᠪᠣᠯᠤᠭᠠᠰᠠᠢ
ᠬᠣᠩᠭᠣᠷ ᠴᠢᠮ᠎ᠠ ᠲᠠᠢ ᠪᠠᠨ ᠮᠥᠳᠳᠥᠬᠡᠨ ᠠᠭᠤᠯᠵᠠᠬᠤ ᠶᠤᠮᠰᠠᠨ
ᠬᠣᠯᠠ ᠶ᠋ᠢᠨ ᠴᠢᠮ᠎ᠠ ᠪᠠᠨ ᠳᠤᠷᠠᠰᠴᠤ ᠰᠠᠭᠤᠨ᠎ᠠ ᠪᠢ ᠴᠢᠨᠢ
ᠦᠰᠦᠭ ᠬᠠᠲᠠᠵᠤ ᠠᠮᠢᠯᠠᠭᠤᠯᠤᠭᠰᠠᠨ ᠨᠢ ᠠᠯᠲᠠᠨᠴᠢᠮᠡᠭ
ᠬᠢᠨᠠᠭᠴᠢ᠄ ᠭᠦᠩᠭᠠᠷ
