ᠪᠦᠷᠭᠦᠳ ᠬᠠᠷᠢ ᠳᠤ ᠡᠭᠦᠷᠯᠡᠳᠡᠭ ᠦᠭᠡᠢ – ᠵ ᠂ ᠫᠦᠷᠪᠦ<ᠬᠣᠶᠠᠳᠤᠭᠠᠷ ᠪᠦᠯᠦᠭ –1>᠂ᠬᠠᠷ᠎ᠠ ᠬᠣᠷᠣᠮ ᠤᠨ ᠬᠢᠯᠢᠩ Бүргэд харьд үүрэлдэггүй – Ж᠂ Пүрэв <2-р бүлэг ~1>. хар хормын хилэн
ᠬᠣᠶᠠᠳᠤᠭᠠᠷ ᠪᠦᠯᠦᠭ – ᠭᠣᠯᠣᠮᠲᠠ ᠲᠦᠰᠢᠭᠰᠡᠨ ᠡᠵᠡᠨ
ᠨᠢᠭᠡ᠂ ᠬᠠᠷᠠᠬᠣᠷᠣᠮ ᠤ᠋ᠨ ᠬᠢᠯᠢᠩ
ᠶᠡᠬᠡ ᠬᠠᠭᠠᠨ ᠤ᠋ ᠱᠠᠷᠢᠯ ᠢ᠋ ᠠᠴᠢᠭᠰᠠᠨ ᠲᠡᠮᠡᠭᠡᠨ ᠲᠡᠷᠭᠡᠨ ᠦ᠌ ᠴᠤᠪᠤᠭ᠎ᠠ ᠵᠠᠮ ᠤ᠋ᠨ ᠤᠷᠲᠤ ᠶ᠋ᠢ ᠲᠤᠭᠤᠯᠠᠯᠠ᠃
ᠬᠠᠭᠠᠨ ᠠᠬ᠎ᠠ ᠶ᠋ᠢ ᠪᠡᠨ ᠲᠠᠭᠠᠯᠠᠯ ᠲᠡᠭᠦᠰᠦᠭᠰᠡᠨ ᠭᠠᠵᠠᠷ ᠲᠤ᠌ ᠨᠢ ᠶᠠᠭᠠᠷᠠᠨ ᠳᠣᠪᠲᠣᠯᠭᠠᠵᠤ ᠢᠷᠡᠭᠰᠡᠨ ᠲᠥᠷᠥᠭᠰᠡᠨ ᠳᠡᠭᠦᠦ ᠠᠷᠢᠬᠪᠦ᠋ᠬᠡ ᠤᠭ ᠴᠤᠪᠤᠭ᠎ᠠ ᠶ᠋ᠢ ᠳᠠᠭᠠᠭᠠᠨ ᠬᠥᠳᠡᠯᠭᠡᠭᠡᠳ ᠥᠪᠡᠷ ᠢ᠋ᠶ᠋ᠡᠨ ᠲᠡᠷᠢᠭᠦᠯᠡᠨ ᠬᠠᠷᠠᠬᠣᠷᠣᠮ ᠳ᠋ᠤ᠌ ᠢᠷᠡᠵᠦ᠂ ᠱᠠᠷᠢᠯ ᠶᠠᠭᠠᠬᠢᠵᠤ ᠬᠦᠯᠢᠶᠡᠨ ᠠᠪᠬᠤ᠂ ᠶᠠᠮᠠᠷ ᠵᠢᠷᠤᠮ ᠢ᠋ᠶ᠋ᠠᠷ ᠣᠷᠣᠰᠢᠭᠤᠯᠬᠤ ᠪᠡᠯᠡᠳᠬᠡᠯ ᠬᠢᠯᠭᠡᠵᠦ ᠪᠠᠢᠪᠠ᠃
ᠮᠥᠩᠬᠡ ᠶ᠋ᠢ ᠨᠠᠰᠤ ᠪᠠᠷᠠᠭᠰᠠᠨ ᠮᠡᠳᠡᠭᠡ ᠶ᠋ᠢ ᠠᠪᠤᠮᠠᠭᠴᠠ ᠬᠠᠷᠠᠬᠣᠷᠣᠮ ᠬᠣᠲᠠ ᠪᠦᠬᠦᠯᠢ ᠳ᠋ᠦ᠍ ᠪᠡᠨ ᠡᠮᠭᠡᠨᠢᠯ ᠦ᠋ᠨ ᠪᠠᠢᠳᠠᠯ ᠲᠠᠢ ᠪᠣᠯᠤᠭᠰᠠᠨ ᠠᠵᠢ᠃
ᠲᠡᠨᠳᠡ ᠪᠠᠢᠭ᠎ᠠ ᠣᠯᠠᠨ ᠱᠠᠰᠢᠨ ᠤ᠋ ᠰᠦᠮ᠎ᠡ ᠳᠤᠭᠠᠩ ᠪᠦᠷᠢ ᠳ᠋ᠦ᠍ ᠬᠤᠷᠠᠯ ᠬᠤᠷᠠᠵᠤ ᠨᠣᠮ ᠤᠩᠰᠢᠨ᠂ ᠵᠠᠬ᠎ᠠ ᠵᠡᠭᠡᠯᠢ ᠳ᠋ᠦ᠍ ᠪᠠᠢᠳᠠᠭ ᠬᠤᠳᠠᠯᠳᠤᠭᠠᠴᠢᠳ ᠳᠡᠯᠭᠡᠭᠦᠷ ᠶᠠᠭᠤᠮ᠎ᠠ ᠪᠠᠨ ᠬᠤᠷᠢᠶᠠᠵᠤ ᠳᠠᠭᠤ ᠱᠣᠣ ᠦᠭᠡᠢ ᠪᠣᠯᠤᠭᠠᠳ᠂ ᠨᠠᠢᠷ ᠨᠠᠭᠠᠳᠤᠮ ᠬᠤᠭᠤᠷ ᠤ᠋ᠨ ᠴᠢᠮᠡᠭᠡ ᠰᠣᠨᠣᠰᠤᠭᠳᠠᠬᠤ ᠪᠠᠨ ᠪᠣᠯᠢᠪᠠ᠃
ᠬᠡᠨ ᠴᠦ᠍ ᠢᠩᠭᠢ ᠭᠡᠰᠡᠨ ᠦᠭᠡᠢ ᠠᠲᠠᠯ᠎ᠠ ᠠᠶᠠᠨᠳᠠᠭᠠᠨ ᠲᠡᠢᠮᠦ ᠪᠠᠢᠳᠠᠯ ᠪᠣᠢ ᠪᠣᠯᠤᠯ᠎ᠠ᠃
ᠬᠥᠮᠦᠰ ᠮᠠᠯᠠᠭᠠᠢ᠂ ᠳᠡᠪᠡᠯ ᠦ᠋ᠨ ᠬᠠᠨᠴᠤᠢ ᠳᠡᠭᠡᠷ᠎ᠡ ᠪᠡᠨ ᠡᠯᠳᠡᠪ ᠥᠩᠭᠡ ᠶ᠋ᠢᠨ ᠳᠠᠪᠤᠤ ᠬᠠᠳᠠᠨ ᠡᠮᠭᠡᠨᠢᠵᠦ ᠪᠠᠢᠭ᠎ᠠ ᠪᠠᠨ ᠢᠯᠡᠷᠬᠡᠢᠯᠡᠨ᠎ᠡ᠃
ᠵᠠᠷᠢᠮ ᠰᠦᠮ᠎ᠡ ᠳᠤᠭᠠᠩ ᠪᠣᠯᠤᠨ ᠮᠣᠩᠭᠣᠯ ᠠᠢᠯ ᠤ᠋ᠨ ᠭᠠᠳᠠᠭ᠎ᠠ ᠦᠳᠡᠰᠢ ᠶ᠋ᠢᠨ ᠪᠦᠷᠦᠢ ᠪᠡᠷ ᠵᠤᠯᠠ ᠠᠰᠠᠭᠠᠵᠤ᠂ ᠥᠭᠡᠳᠡ ᠪᠣᠯᠤᠭᠴᠢ ᠬᠠᠭᠠᠨ ᠤ᠋ ᠪᠠᠨ ᠲᠥᠯᠥᠭᠡ ᠪᠤᠶᠠᠨ ᠦᠢᠯᠡᠳᠴᠦ ᠪᠠᠢᠭ᠎ᠠ ᠨᠢ ᠢᠯᠡᠳᠲᠡ ᠮᠡᠳᠡᠭᠳᠡᠨ᠎ᠡ᠃
ᠶᠡᠷᠦ ᠨᠢ ᠳᠠᠭᠤ ᠲᠠᠢ ᠱᠣᠣ ᠲᠠᠢ᠂ ᠢᠨᠢᠶᠡᠵᠦ ᠪᠠᠶᠠᠰᠤᠭᠰᠠᠨ ᠬᠥᠮᠦᠨ ᠦᠯᠦ ᠦᠵᠡᠭᠳᠡᠬᠦ ᠠᠵᠢ᠃ ᠬᠠᠷᠠᠬᠣᠷᠣᠮ① ᠬᠣᠲᠠ ᠶ᠋ᠢᠨ ᠶᠡᠬᠡ ᠵᠠᠬᠢᠷᠤᠭᠴᠢ ᠠᠷᠢᠬᠪᠦ᠋ᠬᠡ ᠬᠥᠮᠦᠨ ᠬᠥᠮᠦᠨ ᠡᠴᠡ ᠢᠯᠡᠭᠦᠦ ᠲᠡᠢ ᠣᠢ ᠭᠠᠰᠢᠭᠤᠳᠠᠯ ᠳ᠋ᠤ᠌ ᠣᠷᠣᠵᠤ ᠨᠢᠳᠦ ᠪᠡᠨ ᠪᠦᠯᠲᠡᠢᠲᠡᠯᠡ ᠤᠬᠢᠯᠠᠭᠠᠳ
— ᠣᠳᠣ ᠪᠢᠳᠡ ᠶᠠᠭᠠᠬᠢᠵᠤ ᠪᠠᠢᠬᠤ ᠶᠤᠮ ᠪᠣᠢ? ᠭᠡᠮᠡᠨ ᠥᠭᠦᠯᠡᠵᠦ ᠪᠠᠢᠪᠠ᠃
ᠤᠭ ᠨᠢ ᠬᠠᠷᠠᠪᠠᠰᠤ ᠨᠡᠩ ᠰᠡᠷᠭᠦᠯᠡᠩ᠂ ᠪᠡᠶ᠎ᠡ ᠪᠢᠯᠳᠠᠷ ᠰᠠᠢᠬᠠᠨ᠂ ᠭᠤᠸᠠᠯᠢᠭ ᠥᠨᠳᠥᠷ ᠨᠢᠷᠤᠭᠤ ᠪᠦᠬᠦᠢ᠂ ᠵᠢᠰᠦ ᠴᠢᠷᠠᠢ ᠨᠢ ᠥᠩᠭᠡᠯᠢᠭ᠂ ᠬᠡᠨ ᠴᠦ᠍ ᠬᠠᠷᠠᠭᠰᠠᠨ ᠡᠷᠬᠢᠮ ᠰᠠᠢᠬᠠᠨ ᠡᠷ᠎ᠡ ᠪᠢᠯᠡ᠃ ᠲᠡᠭᠦᠨ ᠢ᠋ ᠦᠵᠡᠭᠰᠡᠨ ᠬᠡᠨ ᠪᠣᠯᠪᠠᠴᠤ ᠠᠷᠭ᠎ᠠ ᠦᠭᠡᠢ ᠠᠯᠲᠠᠨ ᠤᠷᠤᠭ ᠤ᠋ᠨ ᠢᠵᠠᠭᠤᠷᠲᠠᠨ ᠪᠣᠯᠬᠤ ᠨᠢ ᠣᠯᠠᠨ ᠤ᠋ ᠳᠣᠲᠣᠷ᠎ᠠ ᠢᠯᠭᠠᠷᠠᠨ ᠪᠠᠢᠳᠠᠭ᠃
ᠪᠤᠯᠠᠭᠠᠨ ᠤ᠋ ᠠᠷᠠᠰᠤ ᠪᠠᠷ ᠡᠮᠵᠢᠭᠰᠡᠨ ᠴᠠᠭᠠᠨ ᠴᠢᠰᠴᠡᠦ ᠳᠡᠪᠡᠯ ᠡᠮᠦᠰᠴᠦ᠂ ᠠᠯᠲᠠ᠂ ᠮᠥᠩᠭᠥᠨ ᠲᠣᠨᠣᠭᠲᠠᠢ ᠬᠢᠲᠤᠭ᠎ᠠ ᠰᠡᠯᠲᠡ ᠶ᠋ᠢ ᠵᠡᠭᠦᠨ ᠭᠠᠩᠭᠠᠯᠠᠵᠤ ᠶᠠᠪᠤᠳᠠᠭ ᠡᠨᠡ ᠡᠷ᠎ᠡ ᠶ᠋ᠢ ᠬᠡᠨ ᠴᠦ᠍ ᠬᠠᠷᠠᠭᠰᠠᠨ ᠴᠡᠴᠡᠨ ᠴᠡᠯᠮᠡᠭ ᠤᠬᠠᠭᠠᠨᠲᠠᠢ᠂ ᠵᠣᠯᠪᠣᠭᠠᠯᠢᠭ ᠭᠡᠵᠦ ᠬᠡᠯᠡᠨ᠎ᠡ᠃
ᠭᠠᠳᠠᠭᠠᠳᠤ ᠣᠷᠣᠨ ᠤ᠋ ᠭᠡᠢᠴᠢᠨ ᠵᠣᠴᠢᠨ ᠨᠤᠭᠤᠳ ᠴᠦ᠍ ᠠᠷᠢᠬᠪᠦᠢ᠍ᠬᠡ ᠶ᠋ᠢᠨ ᠬᠡᠢᠮᠥᠷᠢᠯᠢᠭ ᠰᠦᠷ ᠲᠦ᠍ ᠳᠠᠷᠤᠭᠳᠠᠨ᠂ ᠠᠢᠯᠠᠳᠬᠠᠯ ᠶᠠᠷᠢᠶ᠎ᠠ ᠪᠠᠨ ᠪᠦᠷᠢᠨ ᠬᠢᠵᠦ ᠴᠢᠳᠠᠯ ᠦᠭᠡᠢ ᠦᠷᠭᠦᠭᠡᠨ ᠡᠴᠡ ᠭᠠᠷᠳᠠᠭ ᠭᠡᠳᠡᠭ ᠦᠭᠡ ᠪᠠᠢᠳᠠᠭ ᠠᠵᠢ᠃ ᠶᠡᠬᠡ ᠵᠠᠬᠢᠷᠤᠭᠴᠢ ᠶ᠋ᠢᠨ ᠡᠬᠡ ᠰᠤᠷᠬᠤᠭᠲᠠᠨᠢ② ᠬᠠᠲᠤᠨ ᠠᠪᠠᠭᠠᠢ ᠶᠡᠬᠡ ᠬᠦᠦ ᠪᠡᠨ ᠨᠠᠰᠤ ᠪᠠᠷᠠᠯ᠎ᠠ ᠭᠡᠵᠦ ᠰᠣᠨᠣᠰᠤᠮᠠᠭᠴᠠ
— ᠡᠢᠮᠦ ᠡᠨᠡᠷᠢᠯ ᠦᠭᠡᠢ ᠣᠷᠴᠢᠯᠠᠩ ᠪᠠᠢᠳᠠᠭ ᠠ᠋ ᠭᠡᠵᠦ ᠬᠡᠯᠡᠭᠡᠳ ᠤᠬᠠᠭᠠᠨ ᠠᠯᠲᠠᠨ ᠤᠨᠠᠵᠤ᠂ ᠪᠠᠷᠤᠭ ᠡᠯᠡᠢ ᠪᠠᠯᠠᠢ ᠰᠢᠬᠠᠮ ᠪᠣᠯᠤᠭᠠᠳ ᠣᠷᠳᠣᠨ ᠳ᠋ᠤ᠌ ᠪᠠᠨ ᠬᠤᠴᠢᠯᠭᠠᠨ ᠳ᠋ᠤ᠌ ᠣᠷᠣᠵᠤ ᠬᠡᠪᠲᠡᠪᠡ᠃
ᠠᠷᠢᠬᠪᠦ᠋ᠬᠡ ᠪᠦᠬᠦ ᠠᠬ᠎ᠠ ᠳᠡᠭᠦᠦ᠂ ᠤᠷᠤᠭ ᠤᠳᠤᠮ ᠤ᠋ᠨ ᠢ᠋ᠶ᠋ᠠᠨ ᠬᠥᠮᠦᠨ ᠢ᠋ ᠴᠤᠭᠯᠠᠭᠤᠯᠤᠨ᠂ ᠶᠠᠭᠠᠬᠢᠪᠠᠯ ᠠᠬ᠎ᠠ ᠶ᠋ᠢᠨ ᠢ᠋ᠶ᠋ᠡᠨ ᠱᠠᠷᠢᠯ ᠢ᠋ ᠵᠥᠪ ᠰᠠᠢᠬᠠᠨ ᠣᠷᠣᠰᠢᠭᠤᠯᠬᠤ ᠪᠣᠢ? ᠶᠠᠭᠠᠬᠢᠵᠤ ᠲᠡᠭᠦᠨ ᠦ᠌ ᠠᠯᠳᠠᠷ ᠢ᠋ ᠬᠠᠳᠠᠭᠠᠯᠠᠨ ᠬᠢᠲᠠᠳ ᠤ᠋ᠨ ᠨᠤᠲᠤᠭ ᠲᠤ᠌ ᠬᠤᠪᠢᠯᠠᠢ ᠵᠠᠬᠢᠷᠤᠭᠴᠢ ᠠ᠋ᠴᠠ ᠡᠮᠭᠡᠨᠢᠯ ᠢᠯᠡᠷᠬᠡᠢᠯᠡᠨ ᠵᠠᠷᠤᠵᠤ ᠶᠠᠪᠤᠭᠤᠯᠤᠭᠰᠠᠨ ᠡᠯᠴᠢ ᠪᠢᠯᠢᠭᠦᠨ ᠲᠡᠢ ᠠᠶᠠᠨ ᠤ᠋ ᠵᠠᠮ ᠳ᠋ᠤ᠌ ᠠᠭᠤᠯᠵᠠᠭᠠᠳ᠂ ᠲᠡᠭᠦᠨ ᠦ᠌ ᠦᠭᠡ ᠶ᠋ᠢ ᠰᠣᠨᠣᠰᠴᠤ ᠪᠣᠳᠣᠯ ᠪᠣᠯᠤᠭᠰᠠᠨ ᠢ᠋ᠶ᠋ᠠᠨ᠂ ᠬᠠᠴᠠᠷ ᠤᠷᠤᠭᠤ ᠪᠠᠨ ᠤᠷᠤᠰᠴᠤ ᠪᠠᠢᠭ᠎ᠠ ᠳᠤᠰᠤᠯ ᠢ᠋ ᠠᠯᠠᠭ᠎ᠠ ᠪᠠᠷ ᠢ᠋ᠶ᠋ᠠᠨ ᠠᠷᠴᠢᠨ᠄
— ᠠᠬ᠎ᠠ ᠢᠷᠡᠬᠦ ᠦᠭᠡᠢ ᠭᠡᠨ᠎ᠡ ᠤᠤ? ᠭᠡᠵᠦ ᠭᠠᠭᠴᠠ ᠦᠭᠡ ᠠᠰᠠᠭᠤᠯ᠎ᠠ᠃
ᠵᠠᠷᠤᠭᠤᠯ ᠤ᠋ᠨ ᠲᠦᠰᠢᠮᠡᠯ ᠠᠷᠢᠬᠪᠦ᠋ᠬᠡ ᠶ᠋ᠢ ᠬᠠᠷᠠᠭᠠᠳ ᠶᠡᠬᠡᠳᠡ ᠦᠷᠦ ᠡᠪᠡᠳᠦᠭᠰᠡᠨ ᠪᠣᠯᠪᠠᠴᠤ ᠪᠡᠶ᠎ᠡ ᠪᠠᠷᠢᠨ ᠵᠣᠭᠰᠣᠵᠤ᠄
— ᠪᠣᠯᠭᠣᠭ᠎ᠠ᠂ ᠡᠵᠡᠨ ᠵᠠᠬᠢᠷᠤᠭᠴᠢ ᠮᠢᠨᠢ! ᠲᠠᠨ ᠤ᠋ ᠠᠬ᠎ᠠ ᠬᠠᠷᠠᠬᠣᠷᠣᠮ ᠳ᠋ᠤ᠌ ᠣᠴᠢᠨ᠎ᠠ ᠭᠡᠵᠦ ᠠᠢᠯᠠᠳᠤᠭᠰᠠᠨ᠃ ᠡᠮᠦᠨ᠎ᠡ ᠵᠦᠭ ᠲᠦ᠍ ᠶᠠᠪᠤᠭᠤᠯᠵᠤ ᠪᠣᠢ ᠲᠡᠢᠨ ᠢ᠋ᠶ᠋ᠡᠨ ᠡᠷᠴᠢᠲᠡᠢ ᠪᠣᠯᠭᠠᠭᠠᠳ ᠬᠣᠢᠰᠢ ᠪᠠᠨ ᠬᠥᠳᠡᠯᠦᠨ᠎ᠡ ᠭᠡᠰᠡᠨ ᠭᠡᠪᠡ᠃
— ᠲᠡᠢᠨ ᠶᠠᠮᠠᠷ ᠬᠠᠮᠢᠶ᠎ᠠ ᠪᠠᠢᠬᠤ ᠪᠣᠢ᠂ ᠲᠡᠭᠦᠨ ᠢ᠋ ᠪᠡᠨ ᠬᠠᠶᠠᠵᠤ ᠣᠷᠬᠢᠭᠠᠳ ᠨᠠᠭᠠᠰᠢ ᠪᠠᠨ ᠶᠠᠪᠤᠬᠤ ᠰᠠᠨᠠᠭ᠎ᠠ ᠠᠬ᠎ᠠ ᠳ᠋ᠤ᠌ ᠲᠥᠷᠥᠭᠰᠡᠨ ᠦᠭᠡᠢ ᠳᠡ᠃ ᠪᠢᠳᠡᠨ ᠢ᠋ ᠶᠠᠭᠠᠬᠢ ᠭᠡᠬᠦ ᠭᠡᠰᠡᠨ ᠶᠦᠮ ᠪᠣᠯ? ᠭᠡᠵᠦ ᠠᠷᠢᠬᠪᠦ᠋ᠬᠡ ᠬᠡᠯᠡᠭᠡᠳ᠂
— ᠲᠦᠰᠢᠮᠡᠯ ᠴᠢ ᠨᠠᠳᠠᠲᠠᠢ ᠳᠠᠬᠢᠨ ᠠᠭᠤᠯᠵᠠᠬᠤ ᠪᠢᠵᠡ᠃ ᠣᠳᠣ ᠪᠢᠳᠡᠨ ᠲᠡᠢ ᠬᠠᠮᠲᠤ ᠨᠤᠲᠤᠭ ᠲᠤ ᠪᠠᠨ ᠣᠴᠢ! ᠭᠡᠯᠡ᠃
ᠪᠢᠯᠢᠭᠦᠨ ᠭᠡᠷ ᠦ᠋ᠨ ᠵᠦᠭ ᠶᠠᠪᠤᠬᠤ ᠶ᠋ᠢ ᠬᠦᠰᠡᠯ ᠦᠭᠡᠢ ᠶᠠᠭᠠᠬᠢᠬᠤ ᠪᠣᠢ᠃ ᠤᠴᠢᠷ ᠨᠢ ᠲᠡᠭᠦᠨ ᠦ᠌ ᠰᠡᠳᠬᠢᠯ ᠳ᠋ᠦ᠍ ᠪᠦᠰᠡᠭᠦᠢ᠂ ᠦᠵᠡᠰᠭᠦᠯᠡᠩ ᠭᠤᠸ᠎ᠠ ᠮᠣᠷᠢᠨᠱᠠᠭᠠᠢ ᠨᠢ ᠬᠠᠷᠠᠬᠣᠷᠣᠮ ᠳ᠋ᠤ᠌ ᠡᠴᠢᠭᠡ ᠡᠬᠡ᠂ ᠳᠡᠭᠦᠦ ᠨᠠᠷ ᠤ᠋ᠨ ᠢ᠋ᠶ᠋ᠠᠨ ᠬᠠᠮᠲᠤ ᠴᠥᠭᠡᠨ ᠮᠠᠯ ᠠᠳᠤᠭᠤᠯᠠᠨ ᠠᠮᠢᠳᠤᠷᠠᠳᠠᠭ ᠪᠢᠯᠡ᠃
ᠠᠵᠢᠭᠯᠠᠪᠠᠰᠤ ᠣᠢ ᠭᠠᠰᠢᠭᠤᠳᠠᠯ ᠳ᠋ᠤ᠌ ᠥᠷᠲᠥᠭᠰᠡᠨ ᠬᠥᠮᠦᠰ ᠳᠣᠲᠣᠷ᠎ᠠ ᠲᠩᠷᠢ ᠳ᠋ᠦ᠍ ᠬᠠᠯᠢᠭᠰᠠᠨ ᠶᠡᠬᠡ ᠬᠠᠭᠠᠨ ᠤ᠋ ᠳᠡᠭᠦᠦ ᠠᠷᠢᠬᠪᠦ᠋ᠬᠡ ᠲᠡᠢ ᠠᠳᠠᠯᠢ ᠲᠡᠢᠮᠦ ᠭᠤᠨᠢᠭ ᠲᠤ᠌ ᠠᠪᠲᠠᠭᠰᠠᠨ ᠬᠥᠮᠦᠨ ᠬᠣᠪᠣᠷ ᠪᠣᠯᠪᠠ ᠤᠤ ᠭᠡᠮᠡᠷ᠂ ᠪᠠᠢᠨ ᠪᠠᠢᠨ ᠤᠷᠲᠤ ᠪᠠᠷ ᠰᠠᠨᠠᠭ᠎ᠠ ᠠᠯᠲᠠᠨ᠂ ᠰᠡᠪ ᠯᠠ ᠬᠢᠪᠡᠯ ᠪᠣᠰᠴᠤ ᠲᠦᠷᠭᠡᠨ ᠲᠦᠷᠭᠡᠨ ᠠᠯᠬᠤᠭᠠᠳ᠂ ᠪᠤᠰᠤᠳ ᠢ᠋ ᠶᠠᠭᠤᠮ᠎ᠠ ᠯᠠᠪᠯᠠᠬᠤ ᠳ᠋ᠤ᠌ ᠤᠷᠢᠳ ᠨᠢ ᠬᠡᠯᠡᠵᠦ ᠵᠠᠩᠰᠢᠭᠰᠠᠨ ᠶᠣᠰᠣᠭᠠᠷ《ᠴᠢ ᠥᠪᠡᠷ ᠡᠴᠡ ᠪᠡᠨ ᠠᠰᠠᠭᠤ》 ᠭᠡᠳᠡᠭ ᠦᠭᠡ ᠪᠡᠨ ᠬᠡᠯᠡᠵᠦ ᠪᠣᠳᠣᠯ ᠳ᠋ᠤ᠌ ᠳᠠᠷᠤᠭᠳᠠᠨ᠎ᠠ᠃
ᠡᠨᠡ ᠵᠠᠬᠢᠷᠤᠭᠴᠢ ᠰᠠᠢᠬᠠᠨ ᠲᠤᠩᠭᠠᠯᠠᠭ ᠴᠢᠷᠠᠢ ᠶ᠋ᠢ ᠤᠷᠤᠰᠤᠭᠰᠠᠨ ᠨᠢᠯᠪᠤᠰᠤᠨ ᠤ᠋ ᠣᠷᠣ ᠬᠠᠯᠲᠠᠷᠳᠠᠭᠤᠯᠤᠮᠠ ᠦᠵᠡᠰᠭᠦᠯᠡᠩ ᠭᠤᠸ᠎ᠠ ᠪᠠᠢᠳᠠᠯ ᠢ᠋ ᠨᠢ ᠭᠬᠢᠷᠲᠦᠭᠡᠭᠰᠡᠨ ᠨᠢ ᠦᠷᠦ ᠡᠪᠡᠳᠬᠦ ᠦᠭᠡᠢ ᠪᠠᠢᠬᠤ ᠶ᠋ᠢᠨ ᠠᠷᠭ᠎ᠠ ᠦᠭᠡᠢ᠃
ᠪᠢᠯᠢᠭᠦᠨ ᠵᠠᠬᠢᠷᠤᠭᠴᠢ ᠨᠣᠶᠠᠨ ᠢ᠋ ᠬᠠᠷᠠᠭᠠᠳ ᠬᠠᠷᠠᠮᠴᠢ ᠨᠢᠳᠦᠨ ᠡᠴᠡ ᠳᠤᠰᠤᠯ ᠤᠨᠠᠭᠠᠵᠤ᠂ ᠶᠠᠭᠤ ᠬᠡᠯᠡᠬᠦ ᠶ᠋ᠢ ᠨᠢ ᠴᠢᠩᠨᠠᠨ ᠬᠦᠯᠢᠶᠡᠵᠦ ᠪᠢᠯᠡ᠃ ᠲᠡᠭᠡᠬᠦ ᠳ᠋ᠦ᠍ ᠠᠷᠢᠬᠪᠦ᠋ᠬᠡ ᠬᠡᠳᠦᠢ ᠭᠤᠨᠢᠭ ᠲᠤ᠌ ᠳᠠᠷᠤᠭᠳᠠᠨ ᠶᠠᠪᠤᠭ᠎ᠠ ᠴᠦ᠍ ᠭᠡᠰᠡᠨ ᠪᠡᠶ᠎ᠡ ᠪᠡᠨ ᠪᠠᠷᠢᠬᠤ ᠲᠡᠩᠬᠡᠭᠡ ᠭᠠᠷᠭᠠᠨ᠄
— ᠴᠢ ᠴᠡᠷᠢᠭ ᠦ᠋ᠨ ᠠᠩᠭᠢ ᠨᠤᠭᠤᠳ ᠢ᠋ᠶ᠋ᠠᠷ ᠶᠠᠪᠤᠭᠠᠳ《ᠶᠠᠮᠠᠷ ᠴᠦ᠍ ᠪᠠᠢᠯ᠎ᠠ ᠭᠡᠰᠡᠨ ᠡᠮᠬᠢ ᠵᠢᠷᠤᠮ ᠢ᠋ᠶ᠋ᠠᠨ ᠠᠯᠳᠠᠵᠤ ᠪᠣᠯᠬᠤ ᠦᠭᠡᠢ᠃ ᠪᠢᠳᠡᠨ ᠳ᠋ᠦ᠍ ᠴᠢᠩᠭ᠎ᠠ ᠲᠢᠭ ᠳᠢᠭᠯᠢᠮ ᠴᠢᠬᠤᠯᠠ》 ᠭᠡᠵᠦ ᠨᠠᠮᠠᠶ᠋ᠢ ᠬᠡᠯᠡᠭᠦᠯᠵᠦ ᠪᠠᠢᠨ᠎ᠠ ᠭᠡᠮᠡᠨ ᠵᠠᠬᠢᠷᠤᠭᠴᠢ ᠨᠠᠷ ᠲᠤ᠌ ᠨᠢ ᠠᠢᠯᠠᠳᠬᠠᠭᠠᠳ ᠢᠷ᠎ᠡ! ᠲᠡᠭᠡᠭᠡᠳ ᠨᠠᠳᠠᠲᠠᠢ ᠠᠭᠤᠯᠵᠠᠵᠤ᠂ ᠣᠢᠷ᠎ᠠ ᠪᠠᠢᠬᠤ ᠶ᠋ᠢ ᠬᠢᠴᠢᠶᠡᠭᠡᠷᠡᠢ! ᠭᠡᠮᠡᠨ ᠵᠠᠬᠢᠯ᠎ᠠ᠃
ᠪᠢᠯᠢᠭᠦᠨ ᠠᠷᠢᠬᠪᠦ᠋ᠬᠡ ᠶ᠋ᠢᠨ ᠡᠨᠡ ᠵᠠᠷᠯᠢᠭ ᠢ᠋ ᠭᠦᠢᠴᠡᠯᠳᠦᠭᠦᠯᠬᠦ ᠪᠡᠷ ᠮᠣᠷᠳᠠᠪᠠ᠃
ᠬᠠᠷᠠᠬᠣᠷᠣᠮ ᠳ᠋ᠤ᠌ ᠬᠡᠳᠦᠨ ᠲᠦᠮᠡᠨ ᠴᠡᠷᠢᠭ ᠢᠷᠡᠵᠦ ᠬᠤᠷᠠᠯᠳᠤᠭᠰᠠᠨ ᠪᠠᠢᠭ᠎ᠠ᠃
ᠡᠨᠡ ᠦᠶ᠎ᠡ ᠳ᠋ᠦ᠍ ᠬᠢᠲᠠᠳ ᠣᠷᠣᠨ ᠠ᠋ᠴᠠ ᠬᠠᠭᠠᠰ ᠰᠠᠷ᠎ᠠ ᠶ᠋ᠢᠨ ᠲᠤᠷᠰᠢ ᠠᠶᠠᠯᠠᠭᠤᠯᠤᠭᠰᠠᠨ ᠶᠡᠬᠡ ᠬᠠᠭᠠᠨ ᠤ᠋ ᠱᠠᠷᠢᠯ ᠨᠡᠢᠰᠯᠡᠯ ᠳ᠋ᠦ᠍ ᠬᠦᠷᠦᠯᠴᠡᠨ ᠢᠷᠡᠪᠡ᠃
ᠬᠠᠷᠠᠬᠣᠷᠣᠮ ᠤ᠋ᠨ ᠠᠭᠤᠳᠠᠮ ᠬᠥᠨᠳᠡᠢ ᠬᠥᠭᠰᠢᠨ ᠣᠷᠬᠣᠨ ᠳᠠᠶᠠᠭᠠᠷ ᠶᠡᠬᠡ ᠴᠡᠷᠢᠭ ᠵᠢᠭᠰᠠᠨ᠂ ᠨᠡᠢᠲᠡ ᠢᠷᠭᠡᠨ᠂ ᠭᠠᠳᠠᠭᠠᠳᠤ ᠣᠷᠣᠨ ᠨᠤᠭᠤᠳ ᠠ᠋ᠴᠠ ᠡᠨᠳᠡ ᠰᠠᠭᠤᠭ᠎ᠠ ᠡᠯᠴᠢᠨ ᠰᠠᠢᠳ᠂ ᠣᠯᠠᠨ ᠰᠦᠮ᠎ᠡ ᠬᠡᠢᠳ ᠦ᠋ᠨ ᠲᠡᠷᠢᠭᠦᠨ ᠪᠣᠯᠤᠨ ᠪᠤᠰᠤᠳ ᠯᠠᠮᠠ ᠬᠤᠸᠠᠷᠠᠭ ᠴᠥᠮ ᠭᠠᠰᠢᠭᠤᠳᠠᠯ ᠤ᠋ᠨ ᠬᠤᠪᠴᠠᠰᠤ ᠡᠮᠦᠰᠦᠨ ᠠᠷᠪᠠᠨ ᠳᠠᠭᠤᠨ ᠤ᠋ ᠭᠠᠵᠠᠷ ᠬᠦᠷᠴᠦ ᠱᠠᠷᠢᠯ ᠢ᠋ ᠤᠭᠲᠤᠯ᠎ᠠ᠃
ᠡᠯᠴᠢᠨ ᠨᠦ᠍ᠭᠦᠳ᠂ ᠣᠷᠣᠰᠢᠭᠤᠯᠭᠠᠨ ᠳ᠋ᠤ᠌ ᠣᠷᠣᠯᠴᠠᠬᠤ ᠪᠠᠷ ᠢᠷᠡᠭᠰᠡᠨ ᠭᠠᠳᠠᠭᠠᠳᠤ ᠶ᠋ᠢᠨ ᠡᠯᠴᠢ ᠨᠠᠷ ᠤ᠋ᠨ ᠮᠣᠯᠴᠣᠭ ᠴᠢᠮᠡᠭᠲᠡᠢ ᠰᠡᠦᠬᠡ ᠲᠡᠷᠭᠡ ᠵᠠᠮ ᠢ᠋ᠶ᠋ᠠᠷ ᠪᠠᠭᠲᠠᠬᠤ ᠦᠭᠡᠢ ᠴᠢᠬᠢᠯᠳᠦᠨ᠂ ᠮᠣᠷᠢᠲᠠᠢ ᠶᠠᠪᠠᠭᠠᠨ ᠬᠥᠮᠦᠰ ᠥᠷᠭᠡᠨ ᠬᠥᠨᠳᠡᠢ᠂ ᠠᠭᠤᠯᠠ ᠳᠠᠪᠠᠭ᠎ᠠ ᠶ᠋ᠢ ᠪᠦᠷᠬᠦᠭᠰᠡᠨ ᠪᠠᠢᠪᠠ᠃
ᠬᠠᠭᠠᠨ ᠤ᠋ ᠴᠣᠭᠴᠠᠰ ᠢ᠋ ᠬᠠᠯᠠᠭᠤᠨ ᠴᠠᠭ ᠪᠣᠯᠬᠣᠷ ᠮᠠᠭᠤᠳᠠᠬᠤ ᠠ᠋ᠴᠠ ᠬᠠᠮᠠᠭᠠᠯᠠᠨ ᠮᠣᠩᠭᠣᠯ ᠠᠷᠭ᠎ᠠ ᠪᠠᠷ ᠽᠠᠨᠳᠠᠨᠰᠢᠭᠤᠯᠤᠨ ᠪᠢᠲᠡᠭᠦᠦ ᠵᠡᠰ ᠠᠪᠳᠠᠷ᠎ᠠ ᠳ᠋ᠤ᠌ ᠬᠢᠵᠦ᠂ ᠭᠠᠳᠠᠨ᠎ᠠ ᠲᠠᠯ᠎ᠠ ᠪᠠᠷ ᠨᠢ ᠽᠠᠨᠳᠠᠨ ᠬᠠᠢᠷᠴᠠᠭ ᠲᠤ᠌ ᠳᠠᠪᠬᠤᠷ ᠰᠠᠭᠤᠯᠭᠠᠵᠠᠢ᠃ ᠨᠢᠭᠡᠨ ᠲᠦᠮᠡᠲᠦ ᠴᠡᠷᠢᠭ ᠢ᠋ᠶ᠋ᠡᠷ ᠬᠠᠮᠠᠭᠠᠯᠠᠭᠤᠯᠤᠭᠰᠠᠨ ᠭᠠᠰᠢᠭᠤᠳᠠᠯ ᠤ᠋ᠨ ᠶᠡᠬᠡ ᠴᠤᠪᠤᠭ᠎ᠠ ᠠᠯᠭᠤᠷᠬᠠᠨ ᠶᠠᠪᠤᠭᠰᠠᠭᠠᠷ ᠤᠭ ᠱᠠᠷᠢᠯ ᠢ᠋ ᠨᠡᠢᠰᠯᠡᠯ ᠦ᠋ᠨ ᠲᠥᠪ ᠲᠡᠬᠢ ᠬᠠᠭᠠᠨ ᠤ᠋ ᠶᠡᠬᠡ ᠣᠷᠳᠣᠨ ᠳ᠋ᠤ᠌ ᠪᠠᠢᠷᠢᠯᠠᠭᠤᠯᠤᠨ ᠲᠠᠯᠪᠢᠯ᠎ᠠ᠃
ᠬᠥᠬᠥᠯ᠂ ᠬᠦᠵᠢᠰ ᠦ᠋ᠨ ᠦᠨᠦᠷ ᠬᠠᠩᠬᠤᠯᠤᠭᠰᠠᠨ ᠲᠡᠷᠡ ᠣᠷᠳᠣᠨ ᠳ᠋ᠤ᠌ ᠭᠠᠰᠢᠭᠤᠳᠠᠯ ᠤ᠋ᠨ ᠴᠢᠮᠡᠭᠲᠡᠢ ᠲᠤᠭ ᠬᠢᠭᠢᠷᠢ ᠡᠯᠭᠦᠭᠰᠡᠨ ᠪᠠᠢᠪᠠ᠃ ᠶᠠᠩᠵᠤ ᠪᠦᠷᠢ ᠶ᠋ᠢᠨ ᠱᠠᠰᠢᠨ ᠤ᠋ ᠯᠠᠮᠠ ᠨᠠᠷ ᠡᠳᠦᠷ ᠪᠣᠯᠭᠠᠨ ᠲᠡᠨᠳᠡ ᠢᠷᠡᠵᠦ ᠪᠤᠶᠠᠨ ᠤ᠋ ᠨᠣᠮ ᠤᠩᠰᠢᠨ᠎ᠠ᠃
ᠤᠭ ᠱᠠᠷᠢᠯ ᠢ᠋ ᠬᠠᠲᠤᠳ ᠤ᠋ᠨ ᠦᠷᠭᠦᠭᠡᠨ ᠳ᠋ᠦ᠍ ᠡᠭᠡᠯᠵᠢ ᠪᠡᠷ ᠨᠢᠭᠡ ᠨᠢᠭᠡ ᠬᠣᠨᠣᠭᠤᠯᠤᠭᠰᠠᠨ ᠪᠠᠢᠨ᠎ᠠ᠃ ᠢᠩᠭᠢᠵᠦ ᠶᠣᠰᠣ ᠬᠢ ᠭᠡᠵᠦ ᠬᠣᠲᠠ ᠶ᠋ᠢᠨ ᠵᠠᠬᠢᠷᠤᠭᠴᠢ ᠲᠤᠰᠢᠶᠠᠭᠰᠠᠨ ᠠᠵᠢ᠃
— ᠣᠯᠠᠨ ᠨᠣᠶᠠᠨ᠂ ᠢᠷᠭᠡᠨ ᠦ᠌ ᠬᠠᠢᠷ᠎ᠠ ᠬᠦᠨᠳᠦᠳᠬᠡᠯ ᠢ᠋ ᠬᠦᠯᠢᠶᠡᠨ᠂ ᠲᠡᠷᠰᠡᠭᠦᠳ ᠡᠲᠡᠭᠡᠳ ᠢ᠋ ᠨᠣᠮᠣᠬᠠᠳᠬᠠᠨ ᠳᠠᠷᠤᠬᠤ ᠶ᠋ᠢᠨ ᠲᠥᠯᠥᠭᠡ ᠲᠤᠯᠤᠯᠳᠤᠵᠤ ᠶᠠᠪᠤᠭᠰᠠᠨ ᠡᠨᠡ ᠬᠠᠭᠠᠨ ᠤ᠋ ᠰᠦᠨᠡᠰᠦ ᠬᠣᠢᠲᠤ ᠨᠠᠰᠤᠨ ᠳ᠋ᠤ᠌ ᠪᠠᠨ ᠰᠠᠨᠰᠠᠷ ᠤ᠋ᠨ ᠬᠢᠵᠠᠭᠠᠷ ᠦᠭᠡᠢ ᠳ᠋ᠦ᠍ ᠪᠠᠢᠳᠠᠭ ᠪᠤᠷᠬᠠᠨ ᠤ᠋ ᠣᠷᠣᠨ ᠳ᠋ᠤ᠌ ᠣᠴᠢᠵᠤ ᠰᠠᠢᠨ ᠲᠥᠷᠥᠯ ᠳ᠋ᠦ᠍ ᠲᠥᠷᠥᠨ᠎ᠡ ᠭᠡᠵᠦ ᠯᠠᠮᠠ ᠨᠠᠷ ᠠᠢᠯᠠᠳᠤᠯ᠎ᠠ ᠬᠡᠮᠡᠭᠰᠡᠨ ᠦᠭᠡ ᠣᠯᠠᠨ ᠤ᠋ ᠳᠤᠮᠳᠠ ᠲᠠᠷᠬᠠᠵᠠᠢ᠃
ᠰᠠᠯᠬᠤ ᠶᠣᠰᠣ ᠦᠢᠯᠡᠳᠦᠭᠰᠡᠭᠡᠷ ᠪᠠᠢᠪᠠ᠃
ᠬᠠᠭᠠᠨ ᠤ᠋ ᠪᠦᠬᠦ ᠠᠬ᠎ᠠ ᠳᠡᠭᠦᠦ ᠳᠣᠲᠣᠷ᠎ᠠ ᠠ᠋ᠴᠠ ᠭᠠᠭᠴᠠᠬᠠᠨ ᠬᠤᠪᠢᠯᠠᠢ ᠢᠷᠡᠭᠡ ᠦᠭᠡᠢ ᠪᠠᠢᠭᠰᠠᠨ ᠢ᠋ᠶ᠋ᠠᠨ ᠱᠠᠷᠢᠯ ᠣᠷᠳᠣᠨ ᠳ᠋ᠤ᠌ ᠵᠠᠯᠠᠭᠳᠠᠭᠰᠠᠨ ᠠ᠋ᠴᠠ ᠬᠣᠢᠰᠢ ᠲᠠᠪᠤᠨ ᠬᠣᠨᠣᠭ ᠳᠡᠭᠡᠷ᠎ᠡ ᠪᠡᠨ ᠵᠠᠭᠤᠨ ᠴᠡᠷᠢᠭ ᠢ᠋ᠶ᠋ᠡᠷ ᠪᠡᠶ᠎ᠡ ᠪᠡᠨ ᠬᠠᠮᠠᠭᠠᠯᠠᠭᠤᠯᠤᠨ᠂ ᠴᠠᠭᠠᠨ ᠵᠠᠩᠵᠤᠨ ᠢ᠋ ᠳᠠᠭᠠᠭᠤᠯᠤᠨ ᠢᠷᠡᠯ᠎ᠡ᠃
ᠲᠡᠭᠦᠨ ᠢ᠋ ᠬᠣᠶᠠᠷ ᠳᠡᠭᠦᠦ ᠨᠢ ᠤᠭᠲᠤᠨ ᠠᠭᠤᠯᠵᠠᠪᠠ᠃ ᠲᠡᠳᠡ ᠪᠡᠶ᠎ᠡ ᠪᠡᠶ᠎ᠡ ᠪᠡᠨ ᠲᠡᠪᠡᠷᠢᠨ ᠠᠪᠴᠤ ᠬᠠᠴᠠᠷ ᠨᠡᠢᠯᠡᠭᠦᠯᠦᠨ ᠵᠣᠭᠰᠣᠬᠤ ᠳ᠋ᠤ᠌ ᠠᠷᠢᠭᠪᠦ᠋ᠬᠡ ᠯᠡ ᠬᠠᠮᠤᠭ ᠤ᠋ᠨ ᠲᠡᠷᠢᠭᠦᠨ ᠳ᠋ᠦ᠍ ᠨᠢᠯᠪᠤᠰᠤ ᠠᠰᠬᠠᠷᠠᠭᠤᠯᠤᠨ ᠰᠡᠳᠬᠢᠯ ᠦ᠋ᠨ ᠰᠢᠨᠠᠯᠭᠠᠨ ᠳ᠋ᠤ᠌ ᠣᠷᠣᠭᠰᠠᠨ ᠢ᠋ᠶ᠋ᠠᠨ ᠢᠯᠡᠷᠬᠡᠢᠯᠡᠨ ᠪᠠᠢᠪᠠ᠃
ᠬᠤᠪᠢᠯᠠᠢ ᠣᠨᠢᠭᠠᠷ ᠨᠢᠳᠦ ᠪᠡᠨ ᠵᠢᠷᠲᠠᠢᠯᠭᠠᠨ᠂ ᠳᠠᠭᠤ ᠱᠣᠣ ᠴᠤᠤ ᠦᠭᠡᠢ ᠢᠷᠪᠠᠢᠨ ᠵᠣᠭᠰᠣᠬᠤ ᠨᠢ ᠦᠯᠦ ᠲᠠᠭᠠᠭᠳᠠᠬᠤ ᠣᠨᠢᠰᠣᠭ᠎ᠠ ᠠᠳᠠᠯᠢ ᠨᠢᠭᠡᠨ ᠵᠦᠢᠯ ᠳᠣᠲᠣᠷ᠎ᠠ ᠪᠠᠨ ᠬᠠᠳᠠᠭᠠᠯᠠᠵᠤ ᠪᠣᠳᠣᠭᠰᠠᠨ ᠰᠢᠨᠵᠢᠲᠡᠢ ᠪᠣᠯᠪᠠᠴᠤ ᠲᠡᠭᠦᠨ ᠢ᠋ ᠨᠢ ᠳᠠᠭᠠᠵᠤ ᠣᠯᠬᠤ ᠭᠡᠵᠦ ᠪᠣᠳᠣᠬᠤ ᠵᠠᠪᠲᠠᠢ ᠬᠥᠮᠦᠨ ᠬᠡᠨ ᠪᠠᠢᠬᠤ ᠪᠣᠢ᠃
ᠬᠤᠪᠢᠯᠠᠢ ᠤᠭ ᠤ᠋ᠨ ᠳᠠᠭᠤᠨ ᠴᠥᠭᠡᠨ ᠲᠡᠢ᠂ ᠲᠡᠭᠦᠨ ᠳᠡᠭᠡᠷ᠎ᠡ ᠪᠡᠨ ᠡᠦᠲᠦ ᠲᠡᠷᠡ ᠳᠠᠯᠳᠠ ᠪᠣᠳᠣᠯ ᠳ᠋ᠤ᠌ ᠪᠠᠨ ᠠᠪᠲᠠᠨ ᠪᠦᠷ ᠴᠦ᠍ ᠳᠠᠭᠤ ᠪᠠᠨ ᠬᠤᠷᠢᠶᠠᠭᠰᠠᠨ ᠪᠠᠢᠪᠠ᠃
ᠠᠷᠢᠬᠪᠦ᠋ᠬᠡ ᠠᠬ᠎ᠠ ᠳ᠋ᠤ᠌ ᠪᠠᠨ ᠬᠠᠨᠳᠤᠵᠤ᠄
— ᠲᠠ ᠵᠢᠭᠠᠬᠠᠨ ᠲᠦᠷᠦᠭᠦᠬᠡᠨ ᠢᠷᠡᠬᠦ ᠶ᠋ᠢ ᠪᠣᠳᠣᠬᠤ ᠦᠭᠡᠢ ᠶᠠᠭᠠᠬᠢᠪᠠ ᠳᠠ᠃ ᠪᠢᠳᠡ ᠴᠢᠨᠢ ᠲᠤᠯᠭᠠᠮᠳᠠᠭᠠᠳ ᠲᠠᠨ ᠤ᠋ ᠠᠮᠠ ᠶ᠋ᠢ ᠬᠠᠷᠠᠮᠠᠷ ᠵᠦᠢᠯ ᠪᠢᠰᠢᠭᠦᠢ ᠭᠠᠷᠬᠤ ᠶᠤᠮ᠃ ᠡᠵᠢ ᠶ᠋ᠢᠨ ᠪᠡᠶ᠎ᠡ ᠪᠠᠰᠠ ᠮᠠᠭᠤᠳᠠᠭᠰᠠᠨ ᠰᠢᠦ ᠭᠡᠵᠦ ᠬᠡᠯᠡᠪᠡᠯ᠂
ᠬᠤᠪᠢᠯᠠᠢ ᠰᠠᠬᠠᠯ ᠢ᠋ᠶ᠋ᠠᠨ ᠢᠯᠪᠢᠵᠦ᠂ ᠳᠣᠣᠷ᠎ᠠ ᠪᠠᠨ ᠬᠣᠯᠬᠢᠭᠠᠳ᠄
— ᠪᠢ ᠠᠬ᠎ᠠ ᠬᠠᠭᠠᠨ ᠤ᠋ ᠨᠡᠷ᠎ᠡ ᠪᠡᠷ ᠶᠠᠪᠤᠭ᠎ᠠ ᠪᠣᠯᠬᠣᠷ ᠰᠥᠩ ᠤᠯᠤᠰ ᠲᠠᠢ ᠬᠢᠵᠦ ᠪᠣᠢ ᠲᠡᠢᠨ ᠢ᠋ ᠵᠦᠭᠡᠷ ᠣᠷᠬᠢᠵᠤ ᠪᠣᠯᠬᠤ ᠦᠭᠡᠢ ᠪᠠᠢᠯ᠎ᠠ᠃ ᠪᠠᠰᠠ ᠪᠥᠭᠰᠡ ᠥᠨᠳᠡᠢᠬᠦ ᠪᠡᠷ ᠬᠢᠲᠠᠳ ᠤ᠋ᠳ᠂ ᠬᠠᠷ᠎ᠠ ᠬᠢᠲᠠᠳ ᠤ᠋ᠳ ᠶᠠᠭᠠᠬᠢᠬᠤ ᠪᠣᠯ ᠭᠡᠵᠦ ᠪᠣᠳᠣᠭᠳᠠᠭᠠᠳ ᠨᠠᠯᠢᠶᠠᠨ ᠤᠳᠠᠯ᠎ᠠ᠃ ᠲᠠ ᠨᠠᠷ ᠢ᠋ ᠨᠠᠳᠠ ᠪᠠᠷ ᠶᠠᠭᠤᠨ ᠳᠤᠲᠠᠪᠠ ᠭᠡᠵᠢ ᠳᠡ ᠭᠡᠮᠡᠨ ᠰᠠᠨᠠᠭᠰᠠᠨ ᠭᠡᠵᠦ ᠬᠡᠯᠡᠪᠡ᠃
ᠬᠤᠪᠢᠯᠠᠢ ᠶ᠋ᠢᠨ ᠠᠮᠠᠨ ᠠ᠋ᠴᠠ ᠰᠡᠪ ᠯᠠ ᠬᠢᠪᠡᠯ ᠬᠢᠲᠠᠳ ᠭᠡᠳᠡᠭ ᠦᠭᠡ ᠴᠤᠪᠤᠷᠠᠨ᠎ᠠ᠃ ᠠᠷᠭ᠎ᠠ ᠴᠦ᠍ ᠦᠭᠡᠢ ᠶᠦᠮ ᠪᠣᠯᠪᠠ᠃ ᠨᠢᠭᠡᠨᠲᠡᠭᠦᠷ ᠡᠵᠡᠨ ᠬᠠᠭᠠᠨ ᠠ᠋ᠴᠠ ᠬᠢᠲᠠᠳ ᠣᠷᠣᠨ ᠢ᠋ ᠵᠠᠬᠢᠷᠤᠨ ᠲᠦᠪᠰᠢᠳᠬᠡᠬᠦ ᠡᠭᠦᠷᠭᠡ ᠶ᠋ᠢ ᠲᠡᠭᠦᠨ ᠳ᠋ᠦ᠍ ᠦᠭᠭᠦᠭᠰᠡᠨ ᠪᠣᠯᠬᠣᠷ᠂ ᠲᠡᠭᠦᠨ ᠢ᠋ ᠪᠡᠨ ᠭᠡᠯ ᠦᠭᠡᠢ ᠴᠣ ᠶᠠᠭᠠᠬᠢᠬᠤ ᠪᠣᠢ᠃
ᠨᠡᠢᠰᠯᠡᠯ ᠬᠠᠷ᠎ᠠ ᠬᠣᠷᠣᠮ ᠪᠣᠯᠤᠨ ᠮᠣᠩᠭᠣᠯ ᠣᠷᠣᠨ ᠢ᠋ᠶ᠋ᠠᠨ ᠡᠵᠡᠩᠨᠡᠨ ᠵᠠᠬᠢᠷᠴᠤ ᠪᠠᠢᠬᠤ ᠡᠭᠦᠷᠭᠡ ᠶ᠋ᠢ ᠶᠡᠬᠡ ᠬᠠᠭᠠᠨ ᠠ᠋ᠴᠠ ᠬᠦᠯᠢᠶᠡᠭᠰᠡᠨ ᠦ᠌ ᠬᠤᠪᠢ ᠳ᠋ᠤ᠌ ᠪᠣᠯᠵᠤ ᠪᠠᠢᠭ᠎ᠠ ᠬᠡᠷᠡᠭ ᠢ᠋ ᠮᠡᠳᠡᠨ ᠰᠢᠢᠳᠬᠡᠵᠦ ᠶᠠᠪᠤᠭᠤᠯᠬᠤ᠂ ᠣᠷᠣᠰᠢᠭᠤᠯᠭ᠎ᠠ ᠶ᠋ᠢᠨ ᠬᠣᠯᠪᠣᠭᠳᠠᠯᠲᠠᠢ ᠪᠣᠯᠤᠨ ᠪᠤᠰᠤᠳ ᠬᠡᠷᠡᠭ ᠢ᠋ᠶ᠋ᠡᠨ ᠠᠷᠢᠬᠪᠦ᠋ᠬᠡ ᠥᠪᠡᠷ ᠦ᠋ᠨ ᠰᠢᠢᠳᠪᠦᠷᠢ ᠪᠡᠷ ᠶᠠᠪᠤᠭᠤᠯᠵᠤ ᠪᠠᠢᠯ᠎ᠠ᠃
ᠲᠡᠭᠦᠨ ᠳ᠋ᠦ᠍ ᠨᠢ ᠬᠤᠪᠢᠯᠠᠢ ᠵᠠᠬᠢᠷᠤᠭᠴᠢ ᠲᠡᠢᠮᠦ ᠴᠦ᠍ ᠶᠡᠬᠡ ᠳᠤᠷᠠᠲᠠᠢ ᠪᠢᠰᠢ ᠪᠣᠯᠪᠠ ᠤᠤ ᠭᠡᠮᠡᠷ᠂ ᠳᠠᠭᠤ ᠱᠣᠣ ᠪᠠᠨ ᠤᠯᠠᠮ ᠬᠤᠷᠢᠶᠠᠭᠰᠠᠭᠠᠷ᠂ ᠵᠠᠷᠢᠮ ᠨᠢᠭᠡ ᠵᠦᠢᠯ ᠢ᠋ ᠠᠰᠠᠭᠤᠬᠤ ᠭᠡᠬᠦ ᠳ᠋ᠦ᠍᠄
— ᠥᠪᠡᠷ ᠢ᠋ᠶ᠋ᠡᠨ ᠯᠡ ᠮᠡᠳᠡᠬᠦ ᠦᠭᠡᠢ ᠤᠤ ᠭᠡᠵᠦ ᠤᠴᠠᠭᠠᠷᠳᠠᠭᠠᠳ ᠳᠤᠤᠭᠠᠷᠤᠨ᠎ᠠ᠃
ᠠᠬ᠎ᠠ ᠶ᠋ᠢᠨ ᠢ᠋ᠶ᠋ᠡᠨ ᠡᠨᠡ ᠪᠠᠢᠳᠠᠯ ᠢ᠋ ᠠᠷᠢᠬᠪᠦ᠋ᠬᠡ ᠠᠵᠢᠭᠠᠳ 《ᠭᠠᠰᠢᠭᠤᠳᠠᠯ ᠳ᠋ᠤ᠌ ᠠᠪᠲᠠᠭᠠᠳ᠂ ᠰᠡᠳᠬᠢᠯ ᠨᠢ ᠡᠪ ᠦᠭᠡᠢ ᠪᠠᠢᠭ᠎ᠠ ᠶᠤᠮ ᠪᠣᠯᠪᠠ ᠤᠤ?》 ᠭᠡᠮᠡᠨ ᠴᠠᠢᠯᠭᠠᠨ ᠪᠣᠳᠣᠵᠤ ᠪᠠᠢᠪᠠ᠃
ᠪᠠᠰᠠ ᠬᠤᠪᠢᠯᠠᠢ ᠨᠢ ᠮᠥᠩᠬᠡ ᠠᠬ᠎ᠠ ᠶ᠋ᠢ ᠣᠷᠣ ᠰᠠᠭᠤᠯᠭᠠᠬᠤ ᠳ᠋ᠤ᠌ ᠪᠡᠷᠬᠡ ᠨᠣᠶᠠᠨ ᠤ᠋ ᠰᠠᠨᠠᠯ ᠢ᠋ᠶ᠋ᠠᠷ ᠶᠡᠬᠡ ᠬᠤᠷᠠᠯᠳᠠᠢ ᠶ᠋ᠢ ᠳᠠᠷᠤᠭᠠᠯᠠᠨ ᠲᠡᠷᠢᠭᠦᠯᠡᠵᠦ ᠪᠠᠢᠭᠰᠠᠨ᠂ ᠵᠠᠯᠠᠭᠤ ᠠ᠋ᠴᠠ ᠪᠠᠨ ᠡᠷᠳᠡᠮ ᠤᠬᠠᠭᠠᠨ ᠢ᠋ᠶ᠋ᠠᠷ ᠶᠠᠭ ᠦᠭᠡᠢ ᠭᠡᠵᠦ ᠨᠡᠷ᠎ᠡ ᠳ᠋ᠦ᠍ ᠭᠠᠷᠴᠤ ᠢᠷᠡᠭᠰᠡᠨ ᠪᠣᠯᠬᠣᠷ ᠶᠡᠬᠡᠮᠰᠦᠭᠳᠡᠭᠦᠦ ᠪᠠᠢᠬᠤ ᠨᠢ ᠵᠦᠢ ᠴᠦ᠍ ᠪᠣᠯᠪᠠ ᠤᠤ ᠭᠡᠵᠦ ᠳᠡᠭᠦᠦ ᠨᠠᠷ ᠨᠢ ᠰᠠᠨᠠᠵᠤ ᠪᠠᠢᠯ᠎ᠠ᠃
ᠨᠥᠭᠦᠭᠡ ᠲᠠᠯ᠎ᠠ ᠪᠠᠷ ᠲᠤᠯᠤᠢ ᠵᠠᠩᠵᠤᠨ ᠤ᠋ ᠬᠦᠦ ᠨᠦ᠍ᠭᠦᠳ ᠦ᠋ᠨ ᠳᠣᠲᠣᠷ᠎ᠠ ᠡᠦᠲᠦ ᠬᠠᠮᠤᠭ ᠤ᠋ᠨ ᠠᠬ᠎ᠠ ᠨᠢ ᠬᠤᠪᠢᠯᠠᠢ ᠪᠣᠯᠵᠤ ᠦᠯᠡᠳᠡᠵᠡᠢ᠃
ᠳᠡᠭᠦᠦ ᠠᠷᠢᠬᠪᠦ᠋ᠬᠡ ᠨᠢ ᠬᠠᠷᠷᠠᠬᠣᠷᠣᠮ ᠢ᠋ ᠬᠠᠭᠠᠨ ᠠᠬ᠎ᠠ ᠶ᠋ᠢᠨ ᠲᠤᠰᠢᠶᠠᠯ ᠢ᠋ᠶ᠋ᠠᠷ ᠵᠠᠬᠢᠷᠴᠤ ᠪᠠᠢᠬᠤ ᠳ᠋ᠤ᠌ ᠪᠠᠨ ᠨᠡᠢᠰᠯᠡᠯ ᠡᠴᠡ ᠲᠡᠳᠦᠢᠯᠡ ᠬᠣᠯᠠ ᠦᠭᠡᠢ ᠵᠠᠢᠲᠠᠢ ᠠᠯᠲᠠᠨ ᠭᠣᠷᠣᠬ᠎ᠠ③ ᠭᠡᠳᠡᠭ ᠭᠠᠵᠠᠷ ᠤᠷᠲᠤ ᠪᠠᠢᠭᠤᠯᠤᠨ ᠡᠬᠡ ᠰᠤᠷᠬᠤᠭᠳᠠᠨᠢ ᠪᠡᠬᠢ ᠶ᠋ᠢᠨ ᠬᠠᠮᠲᠤ ᠬᠡᠰᠡᠭ ᠵᠠᠭᠤᠷ᠎ᠠ ᠰᠠᠭᠤᠨ᠂ ᠪᠠᠢᠨ ᠪᠠᠢᠨ ᠨᠡᠢᠰᠯᠡᠯ ᠳ᠋ᠦ᠍ ᠢᠷᠡᠵᠦ ᠬᠡᠷᠡᠭ ᠢ᠋ᠶ᠋ᠡᠨ ᠶᠠᠪᠤᠭᠤᠯᠤᠨ ᠪᠠᠢᠵᠠᠢ᠃
ᠲᠡᠭᠡᠵᠦ ᠪᠠᠢᠬᠤ ᠦᠶ᠎ᠡ ᠳ᠋ᠦ᠍ ᠪᠡᠨ ᠬᠡᠰᠡᠭ ᠪᠦᠰᠡᠭᠦᠢ ᠶ᠋ᠢ ᠲᠡᠨᠳᠡ ᠪᠡᠨ ᠠᠪᠠᠴᠢᠨ ᠥᠪᠡᠷ ᠲᠦ᠍ ᠪᠡᠨ ᠪᠣᠯᠤᠨ ᠡᠬᠡ᠂ ᠡᠬᠡᠨᠡᠷ ᠬᠡᠦᠬᠡᠳ ᠲᠦ᠍ ᠪᠡᠨ ᠦᠢᠯᠡᠴᠢᠯᠡᠭᠦᠯᠵᠦ ᠪᠠᠢᠭᠰᠠᠨ ᠤ᠋ ᠳᠣᠲᠣᠷ᠎ᠠ ᠪᠠᠭ᠎ᠠ ᠳᠠᠭᠠᠭᠠᠮᠠᠯ ᠪᠢᠯᠢᠭᠦᠨ ᠦ᠌ ᠰᠡᠳᠬᠢᠯᠲᠦ ᠬᠡᠦᠬᠡᠨ ᠮᠤᠷᠢᠨᠱᠠᠭᠠᠢ ᠪᠠᠢᠵᠠᠢ᠃ ᠡᠨᠡ ᠪᠦᠰᠡᠭᠦᠢ ᠤᠢᠯᠠᠨ ᠳ᠋ᠤ᠌ ᠤᠷᠠᠨ᠂ ᠬᠣᠭᠣᠯᠠ ᠤᠮᠳᠠ ᠬᠢᠬᠦ ᠳ᠋ᠦ᠍ ᠪᠡᠨ ᠶᠠᠮᠠᠷ ᠴᠦ᠍ ᠲᠣᠭᠣᠭᠠᠴᠢ ᠠ᠋ᠴᠠ ᠡᠰᠡ ᠳᠤᠲᠠᠳᠠᠭ ᠤᠴᠢᠷ ᠰᠤᠷᠬᠤᠭᠳᠠᠨᠢ ᠬᠠᠲᠤᠨ ᠡᠬᠡ ᠳ᠋ᠦ᠍ ᠪᠣᠯᠤᠨ ᠶᠡᠬᠡ ᠵᠠᠬᠢᠷᠤᠭᠴᠢ ᠶ᠋ᠢᠨ ᠬᠠᠲᠤᠨ ᠳ᠋ᠤ᠌ ᠲᠣᠭᠣᠭᠳᠠᠭᠰᠠᠨ ᠪᠠᠢᠯ᠎ᠠ᠃ ᠤᠷᠲᠤ ᠱᠠᠩᠬᠤᠨ ᠭᠡᠵᠢᠭᠡᠲᠡᠢ᠂ ᠨᠢᠭᠤᠷ ᠲᠤ᠌ ᠪᠠᠨ ᠣᠪᠣ ᠲᠣᠪᠣᠬᠠᠨ ᠰᠡᠪᠬᠡᠲᠡᠢ᠂ ᠠᠭᠠᠰᠢ ᠵᠠᠩ ᠨᠢ ᠪᠤᠯᠠᠭ᠎ᠠ ᠬᠠᠯᠢᠭᠤ ᠪᠣᠯᠤᠭᠰᠠᠨ ᠡᠨᠡ ᠬᠤᠨᠳᠠᠭᠠᠴᠢᠨ ᠪᠦᠰᠡᠭᠦᠢ ᠠᠯᠢᠪᠠ ᠳ᠋ᠤ᠌ ᠣᠪᠯᠢᠭ᠂ ᠤᠬᠠᠭᠠᠨ ᠰᠠᠷᠠᠭᠤᠯ᠂ ᠪᠡᠶ᠎ᠡ ᠪᠢᠯᠳᠠᠷ ᠭᠤᠸ᠎ᠠ ᠦᠵᠡᠰᠬᠦᠯᠡᠩᠲᠡᠢ ᠤᠴᠢᠷ ᠬᠠᠷᠠᠭᠰᠠᠨ᠂ ᠬᠠᠪᠢᠳᠠᠭᠰᠠᠨ ᠨᠣᠶᠠᠳ ᠳᠠᠭᠠᠭᠠᠮᠠᠯ ᠤ᠋ᠳ ᠲᠡᠭᠦᠨ ᠳ᠋ᠦ᠍ ᠲᠠᠯ᠎ᠠ ᠥᠭᠬᠦ ᠶᠠᠩᠵᠤ ᠦᠵᠡᠭᠦᠯᠳᠡᠭ ᠪᠣᠯᠪᠠᠴᠤ ᠠᠷᠢᠬᠪᠦ᠋ᠬᠡ ᠲᠡᠢᠮᠦ ᠵᠠᠩ ᠭᠠᠷᠭᠠᠳᠠᠭ ᠦᠭᠡᠢ᠂ ᠲᠡᠭᠡᠵᠦ ᠱᠠᠯᠢᠭᠯᠠᠨ ᠶᠠᠪᠤᠬᠤ ᠵᠠᠪ ᠴᠢᠯᠥᠭᠡ ᠴᠦ᠍ ᠮᠠᠭᠤᠲᠠᠢ᠂ ᠴᠠᠭ ᠦᠷᠭᠦᠯᠵᠢᠳᠡ ᠮᠣᠷᠢᠨ ᠤ᠋ ᠰᠠᠢᠬᠠᠨ ᠢ᠋ ᠤᠨᠤᠭᠠᠳ᠂ ᠬᠡᠳᠦᠨ ᠬᠢᠶ᠎ᠡ ᠳᠠᠭᠠᠭᠤᠯᠤᠨ ᠠᠯᠪᠠᠨ ᠬᠡᠷᠡᠭ ᠢ᠋ᠶ᠋ᠡᠨ ᠬᠥᠭᠡᠭᠡᠴᠡᠯᠳᠦᠨ ᠶᠠᠪᠤᠳᠠᠭ ᠪᠢᠯᠡ᠃
ᠪᠠᠢᠳᠠᠯ ᠡᠢᠮᠦ ᠡᠴᠡ ᠪᠢᠯᠢᠭᠦᠨ ᠲᠦᠰᠢᠮᠡᠯ ᠥᠪᠡᠷ ᠦ᠋ᠨ ᠬᠠᠢᠷᠠᠲᠤ ᠬᠥᠮᠦᠨ ᠢ᠋ᠶ᠋ᠡᠷ ᠳᠠᠮᠵᠢᠭᠤᠯᠤᠨ ᠬᠠᠭᠠᠨ ᠤ᠋ ᠳᠡᠭᠦᠦ᠂ ᠡᠬᠡ ᠬᠣᠶᠠᠷ ᠤ᠋ᠨ ᠲᠥᠷᠬᠦ ᠪᠠᠢᠳᠠᠯ ᠢ᠋ ᠵᠡᠬᠡᠭᠰᠡᠨ ᠭᠠᠳᠠᠷᠯᠠᠵᠤ ᠪᠠᠢᠭᠰᠠᠨ ᠪᠥᠭᠡᠳ ᠡᠵᠡᠨ ᠦ᠌ ᠵᠠᠷᠯᠢᠭ ᠢ᠋ᠶ᠋ᠠᠷ ᠬᠤᠪᠢᠯᠠᠢ ᠵᠠᠬᠢᠷᠤᠭᠴᠢ ᠶ᠋ᠢᠨ ᠳᠡᠷᠭᠡᠳᠡ ᠶ᠋ᠢᠨ ᠰᠢᠳᠠᠷ ᠲᠦᠰᠢᠮᠡᠯ ᠦ᠋ᠨ ᠠᠯᠪᠠ ᠪᠠᠷ ᠲᠡᠢᠰᠢ ᠪᠡᠨ ᠣᠴᠢᠭᠰᠠᠨ ᠨᠢᠭᠡ ᠵᠢᠯ ᠦ᠋ᠨ ᠬᠤᠭᠤᠴᠠᠭᠠᠨ ᠳ᠋ᠤ᠌ ᠶᠠᠭᠤ ᠪᠣᠯᠵᠤ ᠪᠠᠢᠭ᠎ᠠ ᠶ᠋ᠢ ᠮᠡᠳᠡᠬᠦ ᠦᠭᠡᠢ ᠪᠠᠢᠯ᠎ᠠ᠃
ᠠᠷᠢᠬᠪᠦ᠋ᠬᠡ ᠪᠣᠯ ᠱᠠᠯᠢᠭ ᠰᠠᠮᠠᠭᠤᠨ ᠵᠠᠩ ᠦᠭᠡᠢ᠂ ᠡᠷᠡᠰ ᠰᠢᠯᠤᠭᠤᠬᠠᠨ ᠵᠠᠩᠲᠠᠢ ᠡᠷ᠎ᠡ ᠪᠢᠯᠡ᠃ ᠪᠢᠯᠳᠠᠯᠢᠭ ᠰᠠᠢᠬᠠᠨ ᠪᠡᠶᠡᠲᠡᠢ᠂ ᠬᠥᠷᠥᠰᠥᠯᠢᠭ ᠪᠤᠷᠤᠪᠳᠤᠷᠬᠠᠨ ᠴᠢᠷᠠᠢ ᠳ᠋ᠤ᠌ ᠪᠠᠨ ᠴᠠᠭ ᠦᠷᠭᠦᠯᠵᠢᠳᠡ ᠲᠥᠯᠥᠪ ᠪᠠᠢᠳᠠᠯ ᠳᠤᠰᠬᠠᠨ᠂ ᠶᠡᠬᠡ ᠪᠠᠭ᠎ᠠ ᠭᠡᠬᠦ ᠦᠭᠡᠢ ᠪᠡᠷ ᠪᠤᠰᠤᠳ ᠤ᠋ᠨ ᠦᠭᠡ ᠶ᠋ᠢ ᠰᠣᠨᠣᠰᠬᠤ ᠭᠡᠵᠦ ᠴᠢᠷᠮᠠᠢᠨ ᠶᠠᠪᠤᠳᠠᠭ ᠡᠨᠡ ᠵᠠᠬᠢᠷᠤᠭᠴᠢ ᠶᠠᠮᠠᠷ ᠴᠦ᠍ ᠵᠠᠪ ᠦᠭᠡᠢ ᠪᠠᠢᠭᠰᠠᠨ ᠡᠳᠦᠷ ᠪᠣᠯᠭᠠᠨ ᠮᠣᠷᠢᠨ ᠳ᠋ᠤ᠌ ᠮᠣᠷᠳᠠᠨ ᠳᠠᠪᠬᠢᠭᠠᠳ ᠨᠤᠮᠤ ᠪᠠᠷᠢᠵᠤ ᠰᠤᠮᠤ ᠬᠠᠷᠪᠤᠬᠤ᠂ ᠢᠯᠳᠦ ᠡᠷᠭᠢᠭᠦᠯᠬᠦ᠂ ᠮᠣᠷᠢᠨ ᠳ᠋ᠤ᠌ ᠪᠠᠨ ᠦᠰᠦᠷᠴᠦ ᠮᠣᠷᠳᠠᠬᠤ ᠵᠡᠷᠭᠡ ᠪᠡᠷ ᠳᠠᠢᠳᠤᠬᠤ ᠰᠤᠷᠭᠠᠭᠤᠯᠢ ᠵᠠᠪᠠᠯ ᠬᠢᠳᠡᠭ ᠵᠠᠩᠲᠠᠢ ᠨᠢ ᠪᠤᠰᠤᠳ ᠬᠥᠮᠦᠰ ᠡᠴᠡ ᠣᠨᠴᠠᠭᠠᠢ ᠪᠢᠯᠡ᠃
ᠡᠢᠮᠦ ᠡᠷ᠎ᠡ ᠡᠵᠡᠨ ᠵᠠᠷᠯᠢᠭ ᠢ᠋ᠶ᠋ᠠᠷ ᠮᠣᠩᠭᠣᠯ ᠨᠤᠲᠤᠭ ᠢ᠋ᠶ᠋ᠠᠨ ᠵᠠᠬᠢᠷᠤᠭᠰᠠᠭᠠᠷ ᠪᠦᠲᠦᠨ ᠬᠣᠶᠠᠷ ᠵᠢᠯ ᠰᠠᠭᠤᠵᠤ᠂ ᠭᠠᠳᠠᠭᠠᠳᠤ ᠳᠣᠲᠣᠭᠠᠳᠤ ᠶ᠋ᠢᠨ ᠪᠦᠬᠦ ᠠᠯᠪᠠ ᠶ᠋ᠢ ᠳᠣᠭᠣᠯᠳᠠᠭᠤᠯᠤᠯ ᠦᠭᠡᠢ ᠵᠠᠯᠭᠠᠭᠤᠯᠤᠭᠰᠠᠭᠠᠷ ᠪᠠᠢᠪᠠ᠃
ᠠᠷᠢᠬᠪᠦ᠋ᠬᠡ ᠥᠪᠡᠷ ᠦ᠋ᠨ ᠠᠬ᠎ᠠ ᠳᠡᠭᠦᠦ ᠨᠠᠷ ᠢ᠋ᠶ᠋ᠠᠨ ᠬᠠᠨ ᠤ᠋ ᠳᠡᠷᠭᠡᠳᠡᠬᠢ ᠶᠡᠬᠡ ᠵᠠᠬᠢᠷᠤᠭᠴᠢ ᠶ᠋ᠢᠨ ᠠᠯᠪᠠ ᠪᠠᠨ ᠶᠠᠪᠤᠭᠤᠯᠳᠠᠭ ᠦᠷᠭᠦᠭᠡᠨ ᠳ᠋ᠦ᠍ ᠤᠷᠢᠨ ᠠᠭᠤᠯᠵᠠᠵᠤ᠂ ᠭᠠᠰᠢᠭᠤᠳᠠᠯ ᠲᠠᠢ ᠪᠠᠢᠭ᠎ᠠ ᠴᠦ᠍ ᠭᠡᠰᠡᠨ ᠮᠣᠩᠭᠣᠯ ᠶᠣᠰᠣ ᠪᠠᠷ ᠢ᠋ᠶ᠋ᠠᠨ ᠵᠣᠭᠣᠭ ᠪᠠᠷᠢᠵᠤ᠂ ᠵᠣᠪᠠᠯᠠᠩ ᠵᠢᠷᠭᠠᠯ᠂ ᠤᠯᠤᠰ ᠭᠦᠷᠦᠨ ᠦ᠌ ᠡᠮᠦᠨ᠎ᠡ ᠲᠤᠯᠭᠠᠷᠠᠵᠤ ᠪᠠᠢᠭ᠎ᠠ ᠬᠡᠷᠡᠭ ᠦ᠋ᠳ ᠢ᠋ ᠵᠥᠪᠯᠡᠯᠳᠦᠨ ᠶᠠᠷᠢᠯᠴᠠᠭᠰᠠᠭᠠᠷ ᠰᠢᠢᠳᠪᠡ᠃
ᠠᠯᠤᠰ ᠢᠷᠡᠨ ᠣᠷᠣᠨ ᠠ᠋ᠴᠠ ᠬᠥᠯᠡᠬᠦ ᠬᠠᠨ ᠢᠷᠡᠭᠰᠡᠨ ᠪᠠᠢᠯ᠎ᠠ᠃
ᠲᠡᠳᠡ ᠮᠣᠩᠭᠣᠯ ᠥᠳᠬᠡᠨ ᠰᠢᠷ᠎ᠠ ᠴᠠᠢ ᠪᠠᠨ ᠤᠤᠭᠤᠵᠤ᠂ ᠬᠣᠨᠢᠨ ᠤ᠋ ᠲᠠᠷᠭᠤᠨ ᠮᠢᠬ᠎ᠠ ᠨᠢᠮᠭᠡᠨ ᠵᠦᠰᠦᠵᠦ ᠡᠮᠬᠦᠭᠡᠳ᠂ ᠲᠣᠮᠣ ᠬᠤᠯᠤ ᠳᠦᠭᠦᠷᠡᠩ ᠠᠢᠷᠠᠭ ᠵᠠᠯᠭᠢᠯᠠᠨ ᠰᠠᠭᠤᠭᠠᠳ᠂ ᠡᠳᠦᠭᠡ ᠪᠠ ᠬᠣᠢᠴᠢ ᠶ᠋ᠢ ᠶᠠᠷᠢᠯᠴᠠᠵᠤ ᠡᠬᠢᠯᠡᠪᠡ᠃
ᠲᠡᠨᠳᠡ ᠣᠯᠠᠨ ᠴᠦ᠍ ᠬᠥᠮᠦᠨ ᠪᠠᠢᠭᠰᠠᠨ ᠦᠭᠡᠢ᠂ ᠠᠬ᠎ᠠ ᠳᠡᠭᠦᠦ ᠳᠥᠷᠪᠡ ᠯᠡ ᠨᠢᠭᠤᠷ ᠨᠢᠭᠤᠷ ᠢ᠋ᠶ᠋ᠠᠨ ᠬᠠᠷᠠᠨ ᠰᠠᠭᠤᠵᠤ ᠪᠠᠢᠪᠠ᠃
ᠠᠷᠢᠬᠪᠦ᠋ᠬᠡ ᠬᠠᠮᠤᠭ ᠶᠠᠷᠢᠬᠤ ᠵᠦᠢᠯ ᠢ᠋ ᠰᠡᠳᠦᠵᠦ ᠡᠬᠢᠯᠡᠯ᠎ᠡ᠃
ᠬᠤᠪᠢᠯᠠᠢ ᠶᠡᠬᠡᠮᠰᠦᠭᠳᠡᠭᠦᠦ ᠠᠭᠠᠳ᠂ ᠪᠢ ᠠᠬ᠎ᠠ ᠨᠢ ᠤᠴᠢᠷ ᠠ᠋ᠴᠠ ᠪᠦᠬᠦᠨ ᠢ᠋ ᠮᠡᠳᠡᠬᠦ ᠶᠣᠰᠣᠲᠠᠢ ᠭᠡᠰᠡᠨ ᠴᠢᠷᠠᠢ ᠭᠠᠷᠭᠠᠨ᠂ ᠰᠢᠷᠪᠡᠭᠡ ᠰᠠᠬᠠᠯ ᠢ᠋ᠶ᠋ᠠᠨ ᠢᠮᠡᠷᠦᠭᠰᠡᠭᠡᠷ᠂ ᠵᠥᠪᠬᠡᠨ ᠠᠰᠠᠭᠤᠭᠰᠠᠨ ᠵᠦᠢᠯ ᠢ᠋ ᠳᠤᠷᠠᠮᠵᠢᠬᠠᠨ ᠶᠠᠩᠵᠤ ᠪᠠᠷ ᠬᠠᠷᠢᠭᠤᠯᠤᠨ᠎ᠠ᠃
ᠤᠭ ᠨᠢ ᠭᠦᠷᠦᠨ ᠮᠠᠨᠢ ᠡᠮᠬᠢᠷᠡᠵᠦ᠂ ᠡᠦᠲᠦ ᠯᠡ ᠬᠠᠮᠤᠭ ᠬᠡᠷᠡᠭ ᠦᠢᠯᠡ ᠡᠵᠡᠨ ᠪᠣᠭᠳᠠ ᠡᠪᠦᠭᠡ ᠶ᠋ᠢᠨ ᠵᠢᠭᠠᠵᠤ ᠲᠣᠭᠲᠠᠭᠠᠭᠰᠠᠨ 《ᠶᠡᠬᠡ ᠵᠠᠰᠠᠭ》 ᠬᠠᠤᠯᠢ ᠶ᠋ᠢᠨ ᠶᠣᠰᠣᠭᠠᠷ ᠶᠠᠪᠤᠵᠤ᠂ ᠲᠡᠭᠦᠨ ᠦ᠌ ᠡᠬᠢᠯᠡᠯ ᠢ᠋ ᠠᠬ᠎ᠠ ᠮᠠᠨᠢ ᠲᠣᠭᠲᠠᠭᠠᠭᠠᠳ ᠶᠠᠭᠤᠮ᠎ᠠ ᠶᠠᠭᠤᠮ᠎ᠠ ᠶᠡᠬᠡ ᠬᠥᠭᠵᠢᠨ ᠪᠡᠬᠢᠵᠢᠬᠦ ᠶ᠋ᠢᠨ ᠦᠶ᠎ᠡ ᠳ᠋ᠦ᠍ ᠪᠡᠨ ᠣᠷᠣᠬᠤ ᠪᠠᠷ ᠲᠠᠭᠠᠯᠠᠯ ᠲᠡᠭᠦᠰᠴᠦ ᠣᠷᠬᠢᠯ᠎ᠠ᠃ ᠶᠠᠭᠠᠬᠢᠶ᠎ᠠ ᠭᠡᠬᠦ ᠪᠣᠢ? ᠪᠢᠳᠡ ᠬᠠᠮᠤᠭ ᠬᠡᠷᠡᠭ ᠢ᠋ ᠪᠠᠯᠠᠯᠵᠤ ᠣᠷᠬᠢᠬᠤ ᠦᠭᠡᠢ ᠪᠠᠢᠬᠤ ᠶᠣᠰᠣᠲᠠᠢ ᠪᠣᠯᠬᠤ ᠰᠢᠪ ᠳᠡ ᠭᠡᠮᠡᠨ ᠠᠷᠢᠬᠪᠦ᠋ᠬᠡ ᠶᠠᠷᠢᠶ᠎ᠠ ᠡᠭᠦᠰᠬᠡᠪᠡ᠃
— ᠠᠬ᠎ᠠ ᠶ᠋ᠢ ᠪᠡᠶ᠎ᠡ ᠪᠠᠷᠠᠬᠤ ᠳ᠋ᠤ᠌ ᠡᠪᠡᠳᠴᠢᠨ ᠡᠴᠡ ᠥᠭᠡᠷ᠎ᠡ ᠡᠯᠳᠡᠪ ᠰᠢᠯᠲᠠᠭᠠᠨ ᠪᠠᠢᠭᠰᠠᠨ ᠦᠭᠡᠢ ᠤᠤ? ᠭᠡᠵᠦ ᠰᠠᠶᠢ ᠠᠯᠤᠰ ᠬᠣᠯᠠ ᠶ᠋ᠢᠨ ᠢᠷᠡᠨ ᠡᠴᠡ ᠣᠷᠣᠰᠢᠭᠤᠯᠭᠠᠨ ᠳ᠋ᠤ᠌ ᠣᠷᠣᠯᠴᠠᠬᠤ ᠪᠠᠷ ᠢᠷᠡᠭᠰᠡᠨ ᠬᠠᠨ ᠳᠡᠭᠦᠦ ᠬᠦᠯᠡᠬᠦ ᠶᠡᠷᠦ ᠶ᠋ᠢᠨ ᠲᠠᠢᠪᠤᠩ ᠴᠢᠷᠠᠢ ᠭᠠᠷᠭᠠᠨ ᠠᠰᠠᠭᠤᠯ᠎ᠠ᠃
ᠲᠡᠭᠦᠨ ᠳ᠋ᠦ᠍ ᠬᠠᠷᠢᠭᠤ ᠬᠡᠯᠡᠬᠦ ᠬᠥᠮᠦᠨ ᠠᠷᠢᠬᠪᠦ᠋ᠬᠡ ᠯᠡ ᠪᠣᠯᠤᠯᠲᠠᠢ᠂ ᠬᠣᠶᠠᠷ ᠶᠡᠬᠡ ᠠᠬ᠎ᠠ ᠪᠡᠶ᠎ᠡ ᠪᠡᠶ᠎ᠡ ᠪᠡᠨ ᠬᠠᠷᠠᠭᠠᠳ ᠬᠡᠰᠡᠭ ᠵᠠᠭᠤᠷ᠎ᠠ ᠳᠠᠭᠤ ᠦᠭᠡᠢ ᠪᠠᠢᠬᠤ ᠳ᠋ᠤ᠌᠂
ᠬᠤᠪᠢᠯᠠᠢ ᠵᠢᠱᠢᠮᠠ ᠦᠭᠡᠢ ᠴᠢᠷᠠᠢ ᠭᠠᠷᠭᠠᠨ᠄
— ᠪᠢ ᠡᠦᠲᠦ ᠬᠡᠯᠡᠵᠦ ᠮᠡᠳᠡᠬᠦ ᠦᠭᠡᠢ ᠪᠠᠢᠨ᠎ᠠ᠃ ᠲᠡᠢᠨ ᠳᠣᠯᠣᠭᠠᠨ ᠤ᠋ ᠬᠡᠷᠡᠭ ᠬᠥᠭᠡᠭᠡᠴᠡᠯᠳᠦᠵᠦ ᠶᠠᠪᠤᠭᠰᠠᠨ ᠪᠣᠯᠬᠣᠷ ᠲᠡᠨᠳᠡ ᠪᠡᠨ ᠠᠮᠢ ᠲᠠᠯᠪᠢᠨ ᠬᠡᠯᠲᠦᠷᠢᠵᠦ ᠪᠠᠢᠯ᠎ᠠ᠃ ᠠᠷᠢᠬᠪᠦ᠋ᠬᠡ ᠯᠡ ᠮᠡᠳᠡᠵᠦ ᠪᠠᠢᠭ᠎ᠠ᠃ ᠰᠢᠨᠵᠢᠭᠡᠴᠢ ᠪᠡᠷ ᠠᠬ᠎ᠠ ᠶ᠋ᠢᠨ ᠴᠣᠭᠴᠠᠰ ᠢ᠋ ᠦᠵᠡᠭᠦᠯᠦᠭᠰᠡᠨ ᠪᠢᠵᠡ ᠳᠡ ᠭᠡᠯᠡ᠃
— ᠪᠢ ᠱᠠᠷᠢᠯ ᠢ᠋ ᠵᠠᠯᠠᠵᠤ ᠠᠪᠴᠢᠷᠠᠭᠠᠳ ᠰᠢᠨᠵᠢᠭᠡᠴᠢ ᠨᠠᠷ ᠢ᠋ᠶ᠋ᠠᠷ ᠬᠡᠳᠦ ᠳᠠᠬᠢᠨ ᠦᠵᠡᠭᠦᠯᠵᠦ ᠮᠠᠭᠠᠳᠯᠠᠭᠰᠠᠨ᠃ ᠪᠢᠳᠡᠨ ᠤ ᠡᠰᠡᠷᠭᠦ ᠪᠠᠢᠳᠠᠭ ᠬᠥᠮᠦᠰ ᠶᠠᠮᠠᠷ ᠨᠢᠭᠡ ᠶᠠᠭᠤᠮ᠎ᠠ ᠬᠢᠵᠦ ᠬᠣᠣᠷᠯᠠᠭᠠ ᠪᠣᠯᠪᠠ ᠤᠤ ᠭᠡᠵᠦ ᠬᠠᠷᠠᠳᠠᠭᠰᠠᠨ ᠤᠬᠠᠭᠠᠨᠲᠠᠢ᠃ ᠲᠡᠭᠡᠭᠡᠳ ᠶᠠᠭᠤᠮ᠎ᠠ ᠣᠯᠤᠭ᠎ᠠ ᠦᠭᠡᠢ᠃
ᠪᠥᠬᠡ ᠨᠠᠷ 《ᠬᠠᠷ᠎ᠠ ᠯᠤᠤᠰ ᠤ᠋ᠨ ᠬᠣᠣᠷᠯᠠᠯ ᠪᠣᠯᠵᠤ᠂ ᠠᠳᠠ ᠠ᠋ᠴᠠ ᠬᠠᠷᠢᠶᠠᠯ ᠵᠢᠳᠬᠠ ᠬᠢᠵᠦ ᠬᠣᠯᠪᠣᠭ ᠭᠦᠶᠦᠯᠭᠡᠭᠰᠡᠨ ᠪᠠᠢᠨ᠎ᠠ》 ᠭᠡᠵᠦ ᠬᠡᠯᠡᠭᠰᠡᠨ᠃
ᠰᠢᠷ᠎ᠠ ᠶ᠋ᠢᠨ ᠯᠠᠮᠠ ᠨᠠᠷ ᠠ᠋ᠴᠠ ᠠᠰᠠᠭᠤᠬᠤ ᠳ᠋ᠤ᠌ 《ᠦᠬᠦᠭᠡᠷ ᠦ᠋ᠨ ᠪᠤᠵᠠᠷ ᠠ᠋ᠴᠠ ᠪᠣᠯᠵᠠᠢ᠂ ᠦᠬᠦᠭᠰᠡᠨ ᠬᠥᠮᠦᠨ ᠦ᠌ ᠬᠡᠭᠦᠷ ᠲᠦ᠍ ᠣᠢᠷᠠᠲᠤᠭᠰᠠᠨ ᠪᠠᠢᠨ᠎ᠠ》 ᠭᠡᠵᠦ ᠪᠠᠢᠭ᠎ᠠ᠃
ᠦᠨᠡᠨ ᠳ᠋ᠦ᠍ ᠪᠡᠨ ᠠᠬ᠎ᠠ ᠴᠦ᠍ ᠡᠪᠡᠳᠦᠭᠰᠡᠨ᠂ ᠨᠠᠰᠤ ᠪᠠᠷᠠᠭᠰᠠᠨ ᠴᠡᠷᠢᠭ ᠦ᠋ᠳ ᠳᠤᠮᠳᠠ ᠣᠷᠣᠨ᠂ ᠲᠡᠳᠡᠨ ᠢ᠋ ᠲᠤᠰᠠᠭᠠᠷᠯᠠᠨ ᠡᠮᠴᠢᠯᠡᠭᠦᠯᠵᠦ ᠭᠡᠵᠦ ᠳᠠᠪᠬᠢᠵᠤ ᠪᠠᠢᠭᠰᠠᠨ ᠶᠤᠮ ᠪᠢᠯᠡ᠃
ᠢᠰᠯᠠᠮ ᠤ᠋ᠨ ᠬᠤᠸᠠᠷᠠᠭ ᠯᠠᠮᠠ ᠠ᠋ᠴᠠ ᠠᠰᠠᠭᠤᠬᠤ ᠳ᠋ᠤ᠌《ᠤᠰᠤᠨ ᠤ᠋ ᠨᠢᠯᠴᠠᠭᠠᠢ ᠪᠡᠶᠡᠲᠡᠢ ᠠᠮᠢᠲᠠᠨ ᠢᠳᠡᠭᠰᠡᠨ ᠪᠠᠢᠨ᠎ᠠ᠃ ᠭᠠᠵᠠᠷ ᠤᠰᠤᠨ ᠠ᠋ᠴᠠ ᠪᠣᠯᠵᠤ ᠡᠪᠡᠳᠴᠢᠯᠡᠭᠰᠡᠨ ᠪᠣᠯᠤᠯᠲᠠᠢ᠃ ᠬᠣᠢᠲᠤ ᠲᠥᠷᠥᠯ ᠳ᠋ᠦ᠍ ᠪᠡᠨ ᠳᠡᠭᠡᠳᠦ ᠲᠩᠷᠢ ᠳ᠋ᠦ᠍ ᠬᠤᠲᠤᠭ ᠢ᠋ ᠣᠯᠵᠤ ᠲᠥᠷᠥᠨ᠎ᠡ》 ᠭᠡᠮᠡᠨ ᠥᠭᠦᠯᠡᠭᠰᠡᠨ᠃
ᠶᠠᠭᠠᠬᠢᠬᠤ ᠶ᠋ᠢᠨ ᠠᠷᠭ᠎ᠠ ᠦᠭᠡᠢ ᠯᠡ ᠡᠪᠡᠳᠴᠦ ᠨᠠᠰᠤ ᠪᠠᠷᠠᠭᠰᠠᠨ ᠨᠢ ᠣᠯᠠᠨ ᠰᠢᠳᠠᠷ ᠲᠦᠰᠢᠮᠡᠯ ᠦ᠋ᠨ ᠦᠭᠡ ᠪᠡᠷ ᠨᠤᠲᠠᠯᠠᠭᠳᠠᠵᠤ ᠪᠠᠢᠨ᠎ᠠ ᠭᠡᠵᠦ ᠠᠷᠢᠬᠪᠦ᠋ᠬᠡ ᠰᠡᠭᠦᠷᠡᠰᠦ ᠠᠯᠲᠠᠨ ᠬᠡᠯᠡᠯ᠎ᠡ᠃
ᠲᠡᠳᠡ ᠬᠡᠰᠡᠭ ᠵᠠᠭᠤᠷ᠎ᠠ ᠳᠠᠭᠤ ᠦᠭᠡᠢ ᠰᠠᠭᠤᠪᠠ᠃
ᠪᠠᠰᠠ ᠯᠠ ᠠᠷᠢᠬᠪᠦ᠋ᠬᠡ ᠠᠮᠠ ᠬᠠᠭᠠᠯᠤᠨ ᠳᠤᠤᠭᠠᠷᠴᠤ ᠲᠣᠮᠣ ᠶᠠᠷᠢᠶ᠎ᠠ ᠡᠭᠦᠰᠬᠡᠬᠦ ᠳ᠋ᠦ᠍ ᠪᠡᠨ ᠰᠡᠳᠬᠢᠯ ᠲᠥᠪᠳᠡᠭᠰᠡᠨ ᠪᠠᠢᠳᠠᠯ ᠢ᠋ᠶ᠋ᠠᠷ᠄
— ᠠᠬ᠎ᠠ ᠶᠡᠬᠡ ᠬᠠᠲᠠᠭᠤ ᠵᠠᠬᠢᠷᠭ᠎ᠠ ᠲᠠᠢ ᠬᠠᠭᠠᠨ ᠪᠠᠢᠯ᠎ᠠ᠃ ᠲᠠ ᠨᠠᠷ ᠮᠡᠳᠡᠨ᠎ᠡ ᠳᠠ᠃ ᠲᠡᠭᠡᠬᠦ ᠡᠴᠡ ᠥᠭᠡᠷ᠎ᠡ ᠠᠷᠭ᠎ᠠ ᠦᠭᠡᠢ ᠪᠠᠢᠪᠠ᠃ ᠮᠠᠨ ᠤ᠋ ᠬᠣᠶᠠᠷ ᠠᠪᠠᠭ᠎ᠠ ᠠᠬ᠎ᠠ ᠳᠠᠷᠠᠭᠠᠯᠠᠨ ᠬᠠᠭᠠᠨ ᠰᠠᠭᠤᠬᠤ ᠳ᠋ᠤ᠌ ᠪᠠᠨ ᠵᠠᠬᠢᠷᠭ᠎ᠠ ᠰᠤᠯᠠ ᠲᠠᠢ ᠪᠠᠢᠵᠤ ᠨᠡᠢᠲᠡ ᠭᠦᠷᠦᠨ ᠦ᠌ ᠪᠠᠢᠳᠠᠯ ᠢ᠋ ᠴᠠᠯᠠᠭᠠᠷ ᠪᠣᠯᠭᠠᠭᠰᠠᠨ᠃ ᠲᠡᠭᠦᠨ ᠢ᠋ ᠨᠢ ᠡᠮᠬᠢᠯᠡᠬᠦ ᠭᠡᠵᠦ ᠶᠡᠬᠡ ᠠᠬ᠎ᠠ ᠬᠠᠭᠠᠨ ᠰᠢᠷᠡᠭᠡᠨ ᠳ᠋ᠦ᠍ ᠰᠠᠭᠤᠭᠰᠠᠨ ᠡᠳᠦᠷ ᠡᠴᠡ ᠪᠡᠨ ᠰᠢᠭᠤᠳ ᠲᠤᠯᠤᠯᠳᠤᠭᠰᠠᠨ᠃ ᠲᠡᠷᠡ ᠪᠦᠬᠦᠨ ᠢ᠋ ᠪᠢᠳᠡ ᠶᠠᠭᠤᠨ ᠡᠰᠡ ᠠᠨᠳᠠᠬᠤ ᠪᠣᠢ᠃ ᠬᠠᠷ᠎ᠠ ᠰᠠᠨᠠᠭᠠᠲᠠᠢ ᠬᠥᠮᠦᠰ ᠪᠦᠷ ᠡᠬᠢᠯᠡᠭᠡᠳ ᠯᠡ ᠬᠠᠭᠠᠨ ᠤ᠋ ᠵᠠᠷᠯᠢᠭ ᠢ᠋ ᠪᠠᠢᠳᠠᠭ ᠢ᠋ᠶ᠋ᠠᠷ ᠢ᠋ᠶ᠋ᠠᠨ ᠡᠰᠡᠷᠭᠦᠴᠡᠪᠡ ᠳᠡ᠃ ᠶᠠᠭᠤᠮ᠎ᠠ ᠲᠡᠢᠮᠦ ᠪᠠᠢᠬᠤ ᠶᠣᠰᠣᠲᠠᠢ ᠶᠤᠮ ᠤᠤ ᠮᠡᠳᠡᠬᠦ ᠦᠭᠡᠢ ᠭᠡᠬᠦ ᠳ᠋ᠦ᠍᠂
ᠬᠥᠯᠡᠬᠦ ᠤᠷᠲᠤ ᠠ᠋ᠴᠠ ᠰᠠᠨᠠᠭ᠎ᠠ ᠠᠯᠳᠠᠭᠠᠳ ᠬᠤᠯᠤ ᠲᠠᠢ ᠠᠢᠷᠠᠭ ᠠᠪᠴᠤ ᠵᠠᠯᠭᠢᠯᠠᠭᠰᠠᠨ ᠢ᠋ᠶ᠋ᠠᠨ᠄
— ᠪᠢ ᠠᠬ᠎ᠠ ᠶ᠋ᠢ ᠵᠦᠭᠡᠷ ᠡᠪᠡᠳᠴᠢᠨ ᠢ᠋ᠶ᠋ᠡᠷ ᠨᠠᠰᠤ ᠪᠠᠷᠠᠵᠤ ᠤᠤ ᠭᠡᠵᠦ ᠠᠰᠠᠭᠤᠭᠠᠳ ᠪᠠᠢᠭ᠎ᠠ ᠶ᠋ᠢᠨ ᠤᠴᠢᠷ ᠨᠢ ᠲᠡᠷᠡ᠃ ᠥᠭᠡᠳᠡᠢ ᠠᠪᠠᠭ᠎ᠠ ᠶ᠋ᠢᠨ ᠤᠳᠤᠮ ᠬᠠᠭᠠᠨ ᠤ᠋ ᠣᠷᠣ ᠶ᠋ᠢ ᠥᠪᠡᠷ ᠦ᠋ᠨ ᠤᠭᠰᠠᠭᠠᠨ ᠳ᠋ᠤ᠌ ᠡᠷᠭᠢᠭᠦᠯᠦᠨ ᠠᠪᠬᠤ ᠭᠡᠳ ᠯᠡ ᠵᠦᠢᠯ ᠵᠦᠢᠯ ᠢ᠋ᠶ᠋ᠡᠷ ᠣᠷᠣᠯᠳᠣᠭᠰᠠᠭᠠᠷ ᠪᠠᠢᠭ᠎ᠠ ᠶ᠋ᠢ ᠲᠠ ᠨᠠᠷ ᠡᠰᠡ ᠮᠡᠳᠡᠬᠦ ᠪᠢᠰᠢ᠃ ᠣᠳᠣ ᠴᠦ᠍ ᠲᠡᠷᠡ ᠬᠡᠷᠡᠭ ᠲᠠᠰᠤᠷᠠᠭ᠎ᠠ ᠦᠭᠡᠢ ᠭᠡᠵᠦ ᠰᠠᠨᠠᠵᠤ ᠪᠠᠢᠪᠠᠯ ᠢᠯᠡᠭᠦᠦ ᠦᠭᠡᠢ ᠪᠠᠢᠬᠤ ᠰᠢᠦ ᠭᠡᠵᠦ ᠰᠠᠨᠠᠭᠤᠯᠭ᠎ᠠ ᠮᠠᠶᠢᠭ ᠢ᠋ᠶ᠋ᠠᠷ ᠥᠭᠦᠯᠡᠪᠡ᠃
— ᠠᠬ᠎ᠠ ᠶ᠋ᠢᠨ ᠬᠡᠯᠡᠵᠦ ᠪᠠᠢᠭ᠎ᠠ ᠦᠭᠡ ᠵᠥᠪ ᠠ᠋᠃ ᠲᠤᠷᠠᠭᠢᠨᠠ ᠠᠬᠠᠢᠲᠠᠨ ᠤ᠋ ᠳᠠᠷᠠᠭ᠎ᠠ ᠪᠠᠷ ᠲᠡᠭᠦᠨ ᠦ᠌ ᠰᠢᠭᠤᠳ ᠳᠡᠮᠵᠢᠯᠭᠡ ᠪᠡᠷ ᠣᠷᠣ ᠰᠠᠭᠤᠭᠰᠠᠨ ᠭᠦᠶᠦᠭ ᠠᠬ᠎ᠠ ᠴᠦ᠍ ᠤᠬᠠᠪᠤᠷᠢ ᠮᠥᠴᠢᠳ ᠵᠠᠩ ᠭᠠᠷᠭᠠᠨ ᠳᠠᠪᠬᠢᠵᠤ ᠶᠠᠪᠤᠭᠠᠳ ᠪᠡᠶ᠎ᠡ ᠪᠠᠷᠠᠭᠰᠠᠨ᠃ ᠲᠡᠷᠡ ᠬᠠᠭᠠᠨ ᠵᠠᠯᠠᠭᠤ ᠪᠠᠢᠪᠠ ᠳᠠ᠃ ᠪᠠᠲᠤ ᠠᠬ᠎ᠠ ᠶ᠋ᠢ ᠪᠡᠶ᠎ᠡ ᠳᠠᠭᠠᠭᠠᠭᠰᠠᠨ ᠪᠠᠢᠳᠠᠯ ᠢ᠋ᠶ᠋ᠠᠷ ᠥᠪᠡᠷ ᠦ᠋ᠨ ᠵᠠᠬᠢᠷᠭᠠᠨ ᠤ᠋ ᠠᠯᠲᠠᠨ ᠣᠷᠳᠣᠨ ᠤ᠋ ᠤᠯᠤᠰ ᠢ᠋ ᠡᠮᠬᠢᠯᠡᠵᠦ ᠠᠪᠬᠤ ᠭᠡᠰᠡᠨ ᠰᠠᠨᠠᠭ᠎ᠠ ᠶ᠋ᠢ ᠨᠢ ᠲᠠᠰᠤᠯᠤᠨ ᠵᠣᠭᠰᠣᠭᠠᠬᠤ᠂ ᠲᠡᠭᠦᠨ ᠢ᠋ ᠭᠠᠷ ᠤ᠋ᠨ ᠢ᠋ᠶ᠋ᠠᠨ ᠳᠣᠣᠷ᠎ᠠ ᠳᠠᠭᠤᠯᠭᠠᠪᠤᠷᠢᠲᠠᠢᠬᠠᠨ ᠪᠠᠢᠯᠭᠠᠬᠤ ᠭᠡᠵᠦ ᠲᠡᠷᠲᠡᠭᠡ ᠪᠠᠷᠠᠭᠤᠨ ᠵᠦᠭ ᠤᠷᠤᠭᠤ ᠴᠡᠷᠢᠭ ᠠᠪᠴᠤ ᠳᠠᠪᠬᠢᠭ᠎ᠠ ᠦᠭᠡᠢ ᠪᠣᠯ ᠤᠯᠤᠰ ᠣᠷᠣᠨ ᠤ᠋ ᠪᠠᠢᠳᠠᠯ ᠱᠠᠯᠠ ᠳ᠋ᠤ᠌ ᠪᠠᠨ ᠪᠠᠭᠤᠲᠠᠯ᠎ᠠ ᠵᠠᠳᠠᠷᠠᠨ ᠰᠤᠯᠠᠷᠠᠬᠤ ᠦᠭᠡᠢ ᠪᠠᠢᠭᠰᠠᠨ ᠪᠢᠵᠡ᠃ ᠡᠢᠮᠦ ᠤᠬᠠᠭᠠᠨ ᠮᠠᠭᠤᠲᠠᠢ ᠬᠡᠷᠡᠭ ᠦ᠋ᠳ ᠢ᠋ ᠪᠣᠭᠳᠠ ᠡᠵᠡᠨ ᠦ᠌ ᠳᠠᠷᠠᠭ᠎ᠠ ᠯᠠ ᠮᠠᠨ ᠤ᠋ ᠠᠪᠠᠭ᠎ᠠ ᠨᠠᠷ᠂ ᠲᠡᠭᠦᠨ ᠦ᠌ ᠰᠢᠷᠡᠭᠡ ᠶ᠋ᠢ ᠲᠦᠷ ᠵᠠᠭᠤᠷ᠎ᠠ ᠲᠦᠰᠢᠵᠦ ᠪᠠᠢᠭᠰᠠᠨ ᠬᠠᠲᠤᠳ ᠭᠠᠷᠭᠠᠵᠤ ᠤᠯᠤᠰ ᠢ᠋ ᠶᠡᠬᠡᠳᠡ ᠬᠣᠬᠢᠷᠠᠭᠠᠭᠰᠠᠨ᠃ ᠪᠢᠳᠡ ᠯᠠ ᠣᠳᠣ ᠲᠡᠷᠡ ᠵᠦᠢᠯ ᠦ᠋ᠳ ᠡᠴᠡ ᠰᠠᠨᠠᠭ᠎ᠠ ᠠᠪᠴᠤ ᠪᠠᠢᠳᠠᠯ ᠢ᠋ ᠵᠥᠪ ᠵᠠᠯᠠᠵᠤ ᠶᠠᠪᠤᠬᠤ ᠶᠣᠰᠣᠲᠠᠢ ᠪᠠᠢᠨ᠎ᠠ ᠭᠡᠵᠦ ᠠᠷᠢᠬᠪᠦ᠋ᠬᠡ ᠬᠡᠯᠡᠭᠡᠳ ᠰᠠᠨᠠᠭ᠎ᠠ ᠠᠯᠳᠠᠪᠠ᠃
ᠬᠤᠪᠢᠯᠠᠢ ᠰᠠᠬᠠᠯ ᠢ᠋ᠶ᠋ᠠᠨ ᠢᠯᠪᠢᠨ ᠰᠠᠭᠤᠵᠤ᠄
—《ᠪᠠᠢᠳᠠᠯ ᠢ᠋ ᠵᠥᠪ ᠵᠠᠯᠠᠨ ᠶᠠᠪᠤᠬᠤ》 ᠭᠡᠵᠦ ᠶᠠᠭᠤ ᠪᠠᠢᠬᠤ ᠪᠣᠢ᠃ ᠣᠳᠣ ᠲᠦᠪᠰᠢᠨ ᠯᠡ ᠪᠠᠢᠨ᠎ᠠ᠃ ᠮᠥᠩᠬᠡ ᠠᠬ᠎ᠠ ᠶ᠋ᠢᠨ ᠲᠣᠭᠲᠠᠭᠠᠭᠰᠠᠨ ᠲᠢᠭ ᠵᠢᠷᠤᠮ᠂ ᠪᠠᠢᠳᠠᠯ ᠲᠥᠷᠬᠦ ᠶ᠋ᠢ ᠤᠬᠠᠭᠠᠨᠲᠠᠢᠬᠠᠨ ᠵᠠᠯᠭᠠᠭᠠᠳ᠂ ᠬᠢᠲᠠᠳ ᠢ᠋ ᠴᠢᠩᠭᠠᠬᠠᠨ ᠠᠳᠬᠤᠭᠠᠳ ᠶᠠᠪᠤᠬᠤ ᠳ᠋ᠤ᠌ ᠪᠤᠰᠤᠳ ᠶᠠᠭᠤᠮ᠎ᠠ ᠪᠣᠯᠤᠭᠠᠳ ᠪᠠᠢᠨ᠎ᠠ ᠭᠡᠵᠦ ᠳᠡᠭᠦᠦ ᠠᠷᠢᠬᠪᠦ᠋ᠬᠡ ᠲᠡᠢ ᠪᠡᠨ ᠮᠡᠲᠡᠭᠡᠯᠴᠡᠬᠦ ᠰᠠᠨᠠᠭ᠎ᠠ ᠶ᠋ᠢ ᠠᠩᠬᠠᠨ ᠴᠤᠬᠤᠢᠯᠭᠠᠯᠠ᠃
ᠬᠥᠯᠡᠬᠦ ᠳᠠᠬᠢᠨ ᠳᠤᠤᠭᠠᠷᠤᠭᠰᠠᠨ ᠦᠭᠡᠢ᠂ ᠲᠥᠪ ᠢ᠋ ᠰᠠᠬᠢᠵᠤ ᠪᠠᠢᠪᠠ᠃
ᠠᠬ᠎ᠠ ᠳᠡᠭᠦᠦ ᠬᠡᠳᠦ ᠶ᠋ᠢᠨ ᠡᠨᠡ ᠤᠳᠠᠭ᠎ᠠ ᠶ᠋ᠢᠨ ᠶᠠᠷᠢᠶ᠎ᠠ ᠲᠡᠳᠦᠢ ᠯᠡ ᠨᠡᠢᠯᠡᠮᠵᠢᠲᠡᠢ ᠪᠣᠯᠤᠭᠰᠠᠨ ᠦᠭᠡᠢ ᠲᠠᠷᠬᠠᠪᠠ᠃
ᠤᠭ ᠠᠭᠤᠯᠵᠠᠯᠲᠠ ᠶᠠᠷᠢᠶᠠᠨ ᠤ᠋ ᠡᠬᠢᠨ ᠳ᠋ᠦ᠍ ᠴᠦ᠍ ᠰᠠᠨᠠᠭ᠎ᠠ ᠨᠡᠢᠯᠡᠬᠦ ᠦᠭᠡᠢ ᠨᠢᠭᠡ ᠶᠠᠪᠤᠳᠠᠯ ᠪᠠᠢᠭᠰᠠᠨ ᠨᠢ ᠰᠣᠨᠢᠬᠠᠨ ᠬᠡᠷᠡᠭ᠃
ᠬᠠᠷᠠᠬᠣᠷᠣᠮ ᠬᠣᠲᠠ ᠶ᠋ᠢᠨ ᠲᠥᠪ ᠦ᠋ᠨ ᠬᠡᠰᠡᠭ ᠲᠦ᠍ ᠬᠤᠪᠢᠯᠠᠢ ᠥᠪᠡᠷ ᠦ᠋ᠨ ᠤᠷᠲᠤ ᠲᠠᠢ᠂ ᠤᠭ ᠬᠣᠲᠠ ᠶ᠋ᠢ ᠵᠠᠬᠢᠷᠤᠭᠴᠢ ᠠᠷᠢᠬᠪᠦ᠋ᠬᠡ ᠥᠪᠡᠷ ᠦ᠋ᠨ ᠤᠷᠲᠤ ᠥᠷᠭᠥᠭᠡ ᠲᠡᠢ ᠪᠠᠢᠭ᠎ᠠ ᠨᠢ ᠮᠡᠳᠡᠭᠡᠵᠢ ᠶ᠋ᠢᠨ ᠬᠡᠷᠡᠭ᠃ ᠬᠥᠯᠡᠬᠦ ᠳ᠋ᠦ᠍ ᠪᠠᠰᠠ ᠲᠣᠬᠢᠯᠢᠭ ᠰᠠᠢᠬᠠᠨ ᠥᠷᠭᠥᠭᠡ ᠪᠠᠢᠯ᠎ᠠ᠃
ᠲᠡᠭᠡᠭᠡᠳ ᠬᠤᠪᠢᠯᠠᠢ ᠪᠢ ᠶᠡᠬᠡ ᠠᠬ᠎ᠠ ᠨᠢ ᠪᠣᠯᠬᠣᠷ ᠮᠢᠨᠦ ᠳᠡᠭᠦᠦ ᠨᠠᠷ ᠨᠠᠳᠠᠳᠤ ᠪᠠᠷᠠᠯᠬᠠᠨ ᠢᠷᠡᠬᠦ ᠶᠣᠰᠣᠲᠠᠢ ᠭᠡᠵᠦ ᠪᠤᠰᠤᠳ ᠢ᠋ ᠪᠡᠨ ᠥᠪᠡᠷ ᠦ᠋ᠨ ᠡᠮᠦᠨ᠎ᠡ ᠲᠣᠯᠣᠭᠠᠢ ᠪᠥᠬᠥᠢᠯᠭᠡᠬᠦ ᠰᠠᠨᠠᠭᠠᠲᠠᠢ ᠪᠠᠢᠪᠠ᠃
ᠠᠷᠢᠬᠪᠦ᠋ᠬᠡ ᠪᠢ ᠠᠬ᠎ᠠ ᠬᠠᠭᠠᠨ ᠤ᠋ ᠵᠠᠷᠯᠢᠭ ᠶᠣᠰᠣᠭᠠᠷ ᠨᠡᠢᠰᠯᠡᠯ ᠢ᠋ ᠪᠣᠯᠤᠨ ᠮᠣᠩᠭᠣᠯ ᠦᠨᠳᠦᠰᠦᠨ ᠨᠤᠲᠤᠭ ᠢ᠋ᠶ᠋ᠠᠨ ᠮᠡᠳᠡᠬᠦ ᠵᠠᠬᠢᠷᠤᠭᠴᠢ ᠪᠠᠷ ᠲᠣᠮᠢᠯᠠᠭᠳᠠᠨ ᠰᠠᠭᠤᠵᠤ ᠪᠠᠢᠭ᠎ᠠ ᠪᠣᠯᠬᠣᠷ ᠨᠠᠳᠠ ᠠ᠋ᠴᠠ ᠥᠭᠡᠷ᠎ᠡ ᠡᠨᠡ ᠣᠷᠣᠨ ᠤ᠋ ᠡᠵᠡᠨ ᠣᠳᠣ ᠪᠠᠢᠬᠤ ᠦᠭᠡᠢ ᠲᠤᠯᠠ ᠠᠬᠠᠨ ᠳᠡᠭᠦᠦᠰ ᠠᠯᠢ ᠠᠯᠢ ᠨᠢ ᠨᠠᠳᠠᠳᠤ ᠢᠷᠡᠬᠦ ᠶᠣᠰᠣᠲᠠᠢ! ᠬᠤᠪᠢᠯᠠᠢ ᠠᠬ᠎ᠠ ᠨᠠᠳᠠᠳᠤ ᠪᠦᠳᠦᠭᠦᠨ ᠬᠦᠵᠦᠭᠦᠦ ᠭᠠᠷᠭᠠᠬᠤ ᠦᠭᠡᠢ ᠪᠢᠵᠡ᠃ ᠡᠨᠡ ᠠᠬ᠎ᠠ ᠬᠠᠭᠠᠨ ᠠᠬ᠎ᠠ ᠶ᠋ᠢᠨ ᠵᠠᠷᠯᠢᠭ ᠶᠣᠰᠣᠭᠠᠷ ᠵᠥᠪᠬᠡᠨ ᠬᠢᠲᠠᠳ ᠣᠷᠣᠨ ᠢ᠋ ᠵᠠᠬᠢᠷᠤᠨ ᠮᠡᠳᠡᠭᠴᠢ ᠡᠵᠡᠨ ᠨᠢ ᠮᠥᠨ᠃ ᠲᠡᠷᠡ ᠵᠠᠷᠯᠢᠭ ᠢ᠋ ᠬᠡᠨ ᠴᠦ᠍ ᠴᠤᠴᠠᠯᠠᠭᠠ ᠦᠭᠡᠢ ᠪᠠᠢᠨ᠎ᠠ᠃ ᠴᠤᠴᠠᠯᠠᠬᠤ ᠴᠦ᠍ ᠶᠣᠰᠣ ᠦᠭᠡᠢ ᠭᠡᠮᠡᠨ ᠪᠣᠳᠣᠨ᠂ ᠪᠡᠶ᠎ᠡ ᠪᠡᠶ᠎ᠡ ᠪᠡᠨ ᠬᠦᠯᠢᠶᠡᠭᠡᠳ ᠪᠦᠲᠦᠬᠦ ᠶᠠᠩᠵᠤ ᠦᠭᠡᠢ ᠪᠣᠯᠬᠣᠷ ᠬᠠᠷᠠᠬᠣᠷᠣᠮ ᠤ᠋ᠨ ᠶᠡᠷᠦᠩᠬᠡᠢ ᠵᠠᠬᠢᠷᠤᠭᠴᠢ ᠥᠪᠡᠷ ᠦ᠋ᠨ ᠠᠯᠪᠠ ᠬᠡᠷᠡᠭ ᠢ᠋ᠶ᠋ᠡᠨ ᠰᠢᠢᠳᠬᠡᠨ ᠶᠠᠪᠤᠭᠤᠯᠳᠠᠭ ᠥᠷᠭᠥᠭᠡ ᠶ᠋ᠢ ᠲᠤᠰᠬᠠᠢᠯᠠᠨ ᠪᠡᠯᠡᠳᠬᠡᠭᠡᠳ ᠪᠤᠰᠤᠳ ᠬᠠᠭᠠᠨ᠂ ᠵᠠᠬᠢᠷᠤᠭᠴᠢ ᠨᠠᠷ ᠢ᠋ᠶ᠋ᠠᠨ ᠬᠦᠯᠢᠶᠡᠵᠦ ᠠᠪᠤᠭᠰᠠᠨ ᠠ᠋ᠴᠠ ᠭᠠᠳᠠᠨ᠎ᠠ ᠲᠡᠳᠡ ᠭᠠᠳᠠᠭᠠᠳᠤ ᠭᠦᠷᠦᠨ ᠨᠦ᠍ᠭᠦᠳ ᠡᠴᠡ ᠭᠠᠰᠢᠭᠤᠳᠠᠯ ᠳ᠋ᠤ᠌ ᠣᠷᠣᠯᠴᠠᠬᠤ ᠪᠠᠷ ᠢᠷᠡᠵᠦ ᠪᠣᠢ ᠡᠯᠴᠢ ᠨᠦ᠍ᠭᠦᠳ ᠢ᠋ ᠤᠭᠲᠤᠨ ᠠᠪᠴᠤ ᠠᠭᠤᠯᠵᠠᠨ ᠪᠠᠢᠯ᠎ᠠ᠃
ᠲᠡᠭᠡᠬᠦ ᠳ᠋ᠦ᠍ ᠪᠡᠨ ᠠᠷᠢᠬᠪᠦ᠋ᠬᠡ《ᠰᠠᠨᠳᠤᠷᠴᠤ ᠮᠡᠩᠳᠡᠭᠡᠳ ᠲᠣᠯᠣᠭᠠᠢ ᠬᠥᠯ ᠢ᠋ᠶ᠋ᠡᠨ ᠣᠯᠬᠤ ᠦᠭᠡᠢ ᠪᠠᠢᠳᠠᠯᠲᠠᠢ ᠪᠣᠯᠵᠤ ᠣᠷᠬᠢᠬᠤ ᠦᠭᠡᠢ᠂ ᠶᠣᠰᠣ ᠵᠢᠷᠤᠮ ᠢ᠋ ᠴᠢᠩᠳᠠ ᠰᠠᠨᠠ》 ᠭᠡᠵᠦ ᠪᠦᠬᠦ ᠰᠢᠳᠠᠷ ᠨᠣᠶᠠᠨ᠂ ᠰᠠᠢᠳ ᠴᠢᠩᠰᠠᠩ ᠨᠠᠷ ᠲᠤ ᠪᠠᠨ ᠳᠠᠭᠠᠭᠠᠯᠭᠠᠨ ᠬᠡᠯᠡᠵᠦ ᠪᠠᠢᠪᠠ᠃
ᠶᠡᠬᠡ ᠵᠠᠬᠢᠷᠤᠭᠴᠢ ᠳ᠋ᠤ᠌ ᠲᠤᠰᠠᠯᠠᠬᠤ ᠤᠴᠢᠷ ᠪᠠᠢᠳᠠᠯ ᠢ᠋ ᠰᠡᠬᠡᠭᠡᠷᠡᠭᠦᠯᠦᠨ ᠬᠡᠯᠡᠬᠦ ᠬᠥᠮᠦᠰ ᠴᠦ᠍ ᠪᠠᠢᠵᠤ ᠯᠠ ᠪᠠᠢᠪᠠ᠃ ᠡᠢᠮᠦ ᠵᠦᠢᠯ ᠳᠡᠭᠡᠷ᠎ᠡ ᠤᠬᠠᠭᠠᠨ ᠰᠠᠮᠠᠭᠤᠷᠠᠬᠤ ᠬᠥᠮᠦᠨ ᠠᠷᠢᠬᠪᠦ᠋ᠬᠡ ᠪᠢᠰᠢ ᠠᠵᠢ᠃
ᠶᠡᠬᠡ ᠬᠠᠭᠠᠨ ᠤ᠋ ᠱᠠᠷᠢᠯ ᠢ᠋ ᠬᠠᠭᠠᠰ ᠰᠠᠷ᠎ᠠ ᠶ᠋ᠢᠨ ᠲᠤᠷᠰᠢ ᠬᠠᠷ᠎ᠠ ᠬᠣᠷᠣᠮ ᠳ᠋ᠤ᠌ ᠪᠠᠢᠯᠭᠠᠨ ᠰᠠᠯᠬᠤ ᠶᠣᠰᠣ ᠬᠢᠵᠡᠭᠡᠵᠦ᠂ ᠬᠥᠳᠡᠭᠡᠯᠡᠭᠦᠯᠬᠦ ᠬᠡᠷᠡᠭ ᠢ᠋ ᠬᠡᠯᠡᠯᠴᠡᠬᠦ ᠪᠣᠯᠪᠠ᠃
ᠡᠨᠡ ᠴᠦ᠍ ᠲᠡᠷᠢᠭᠦᠨ ᠶᠠᠷᠢᠭᠳᠠᠵᠤ ᠵᠣᠬᠢᠬᠤ ᠪᠡᠯᠡᠳᠬᠡᠯ ᠢ᠋ ᠨᠢ ᠴᠡᠷᠢᠭ ᠦ᠋ᠳ ᠭᠠᠵᠠᠷ ᠳᠡᠭᠡᠷ᠎ᠡ ᠨᠢ ᠬᠢᠵᠦ ᠪᠠᠢᠭ᠎ᠠ ᠴᠠᠭ᠃
ᠮᠡᠳᠡᠭᠡᠵᠢ ᠶ᠋ᠢᠨ ᠮᠥᠩᠬᠡ ᠬᠠᠭᠠᠨ ᠢ᠋ ᠡᠵᠡᠨ ᠴᠢᠩᠭᠢᠰ᠂ ᠬᠠᠭᠠᠨ ᠥᠭᠡᠳᠡᠢ ᠨᠠᠷ ᠤ᠋ᠨ ᠱᠠᠷᠢᠯ ᠲᠠᠢ ᠵᠡᠷᠭᠡᠴᠡᠭᠦᠯᠦᠨ ᠶᠡᠬᠡ ᠬᠣᠷᠢᠭ ᠤ᠋ᠨ ᠭᠠᠵᠠᠷ ᠲᠤ ᠵᠠᠯᠠᠵᠤ ᠣᠷᠣᠰᠢᠭᠤᠯᠬᠤ ᠶᠣᠰᠣᠲᠠᠢ ᠪᠢᠯᠡ᠃ ᠶᠡᠷᠦ ᠨᠢ ᠲᠡᠨᠳᠡ ᠪᠦᠬᠦ ᠬᠠᠭᠠᠨ᠂ ᠲᠡᠳᠡᠨ ᠦ᠌ ᠴᠢᠰᠤᠨ ᠲᠥᠷᠥᠯ ᠦ᠋ᠨ ᠬᠥᠮᠦᠰ ᠦ᠋ᠨ ᠪᠡᠶ᠎ᠡ ᠴᠣᠭᠴᠠᠰ ᠢ᠋ ᠣᠷᠣᠰᠢᠭᠤᠯᠵᠤ ᠪᠠᠢᠬᠤ ᠪᠠᠷ ᠤᠷᠢᠳ ᠨᠢ ᠲᠣᠭᠲᠠᠭᠠᠭᠰᠠᠨ ᠪᠠᠢᠪᠠ᠃
ᠬᠠᠷᠢᠨ ᠲᠡᠨᠳᠡ ᠬᠥᠶᠦᠭ ᠬᠠᠭᠠᠨ ᠤ᠋ ᠱᠠᠷᠢᠯ ᠯᠠ ᠣᠴᠢᠭ᠎ᠠ ᠦᠭᠡᠢ᠃ ᠲᠡᠷᠡ ᠬᠠᠭᠠᠨ ᠭᠤᠷᠪᠠᠬᠠᠨ ᠵᠢᠯ ᠬᠠᠭᠠᠨᠴᠢᠯᠠᠭᠠᠳ ᠪᠠᠲᠤ ᠬᠠᠭᠠᠨ ᠢ᠋ ᠰᠠᠮ ᠴᠣᠬᠢᠵᠤ《ᠨᠣᠮᠣᠬᠠᠳᠬᠠᠬᠤ ᠪᠠᠷ》 ᠪᠠᠷᠠᠭᠤᠨ ᠭᠠᠵᠠᠷ ᠰᠠᠮᠠᠷᠺᠠᠨᠳ᠋ ᠣᠷᠴᠢᠮ ᠳ᠋ᠤ᠌ ᠣᠴᠢᠭᠠᠳ ᠨᠠᠰᠤ ᠪᠠᠷᠠᠭᠰᠠᠨ ᠤᠴᠢᠷ ᠲᠡᠨᠳᠡ ᠨᠢ ᠣᠷᠣᠰᠢᠭᠤᠯᠤᠭᠰᠠᠨ ᠬᠡᠷᠡᠭ ᠠᠵᠢ᠃ ᠭᠦᠶᠦᠭ ᠤᠭ ᠨᠢ ᠡᠪᠡᠳᠴᠢᠲᠡᠢ ᠪᠠᠢᠭᠰᠠᠨ᠃
ᠮᠥᠩᠬᠡ ᠬᠠᠭᠠᠨ ᠤ᠋ ᠱᠠᠷᠢᠯ ᠢ᠋ ᠴᠣᠬᠣᠮ ᠣᠷᠣᠰᠢᠭᠤᠯᠬᠤ ᠭᠠᠵᠠᠷ ᠢ᠋ ᠪᠠᠰᠠ ᠬᠥᠮᠦᠨ ᠣᠯᠠᠨ ᠳ᠋ᠤ᠌ ᠵᠠᠷᠯᠠᠨ ᠬᠡᠯᠡᠭᠰᠡᠨ ᠦᠭᠡᠢ᠂ ᠶᠡᠬᠡ ᠬᠠᠩᠭᠠᠢ ᠳ᠋ᠤ᠌ ᠬᠥᠳᠡᠭᠡᠯᠡᠭᠦᠯᠦᠨᠡ ᠭᠡᠳ ᠲᠡᠷᠭᠡᠨ ᠳ᠋ᠦ᠍ ᠠᠴᠢᠨ ᠣᠷᠬᠣᠨ ᠭᠣᠣᠯ ᠢ᠋ ᠤᠷᠤᠭᠤᠳᠠᠭᠤᠯᠤᠨ ᠶᠠᠪᠤᠭᠤᠯᠤᠭᠰᠠᠭᠠᠷ ᠵᠡᠭᠦᠨ ᠢ᠋ᠶ᠋ᠡᠨ ᠡᠷᠭᠢᠭᠦᠯᠦᠨ ᠣᠢ ᠳᠤᠮᠳᠠᠭᠤᠷ ᠣᠷᠣᠭᠤᠯᠵᠤ ᠶᠠᠪᠤᠭᠤᠯᠤᠨ᠂ ᠣᠯᠠᠨ ᠠ᠋ᠴᠠ ᠳᠠᠯᠳᠠ ᠬᠠᠨ ᠬᠡᠨᠲᠡᠢ ᠶ᠋ᠢᠨ ᠠᠭᠤᠯᠠᠨ ᠳ᠋ᠤ᠌ ᠵᠠᠯᠠᠵᠤ ᠠᠪᠠᠴᠢᠭᠠᠳ᠂ ᠲᠤᠩᠭᠠᠯᠠᠭ ᠰᠠᠢᠬᠠᠨ ᠭᠣᠣᠯ ᠮᠥᠷᠡᠨ ᠦ᠌ ᠡᠬᠢ᠂ ᠡᠷᠭᠢᠨ ᠲᠣᠭᠣᠷᠢᠨ ᠳ᠋ᠤ᠌ ᠪᠠᠨ ᠨᠣᠭᠣᠭᠠᠨ ᠣᠢ ᠪᠠᠷ ᠪᠦᠷᠬᠦᠮᠡᠯ᠂ ᠴᠡᠴᠡᠭ ᠨᠠᠪᠴᠢ ᠠᠯᠠᠭᠯᠠᠭᠰᠠᠨ ᠭᠠᠢᠬᠠᠮᠰᠢᠭᠲᠠᠢ ᠰᠠᠢᠬᠠᠨ ᠠᠭᠤᠯᠠ ᠶ᠋ᠢᠨ ᠪᠠᠯ ᠳ᠋ᠤ᠌ ᠣᠷᠣᠰᠢᠭᠤᠯᠤᠯᠠ᠃
ᠲᠡᠷᠡ ᠬᠦ᠌ ᠭᠠᠵᠠᠷ ᠲᠤᠷ ᠪᠠᠢᠭᠤᠯᠤᠭᠰᠠᠨ ᠪᠤᠩᠬᠤᠨ ᠢ᠋ ᠬᠥᠮᠦᠨ ᠳ᠋ᠦ᠍ ᠮᠡᠳᠡᠭᠳᠡᠬᠦ ᠦᠭᠡᠢ ᠪᠡᠷ ᠲᠡᠭᠰᠢᠯᠡᠨ ᠳᠠᠯᠳᠠᠯᠠᠭᠠᠳ᠂ ᠲᠡᠭᠦᠨ ᠢ᠋ ᠪᠡᠨ ᠤᠷᠢᠳ ᠲᠣᠭᠲᠠᠭᠰᠠᠨ ᠵᠠᠩᠰᠢᠯ ᠶᠣᠰᠣᠭᠠᠷ ᠨᠢᠭᠤᠴᠠᠯᠠᠵᠤ ᠣᠷᠬᠢᠭᠰᠠᠨ ᠠᠵᠢ᠃
ᠢᠩᠭᠢᠬᠦ ᠶ᠋ᠢᠨ ᠤᠴᠢᠷ ᠢ᠋ ᠯᠠᠪᠯᠠᠪᠠᠯ ᠡᠵᠡᠨ ᠪᠣᠭᠳᠠ ᠪᠣᠯᠤᠨ ᠪᠤᠰᠤᠳ ᠬᠠᠭᠠᠨ ᠤ᠋ ᠱᠠᠷᠢᠯ ᠢ᠋ ᠥᠰᠢᠶᠡᠲᠡᠨ ᠡᠲᠡᠭᠡᠳ ᠲᠦ᠍ ᠣᠯᠵᠠᠯᠠᠭᠤᠯᠤᠨ ᠳᠣᠷᠣᠮᠵᠢᠯᠠᠭᠤᠯᠬᠤ ᠦᠭᠡᠢ ᠪᠠᠢᠬᠤ ᠤᠴᠢᠷᠲᠠᠢ᠃
ᠲᠡᠢᠮᠦ ᠳ᠋ᠦ᠍ ᠬᠦᠷᠪᠡᠯ ᠪᠤᠶᠠᠨ ᠬᠡᠰᠢᠭ ᠲᠦ᠍ ᠬᠠᠮᠤᠭ ᠤ᠋ᠨ ᠮᠠᠭᠤ ᠶᠠᠪᠤᠳᠠᠯ ᠪᠣᠯᠤᠨ᠎ᠠ ᠭᠡᠵᠦ ᠨᠠᠰᠤᠲᠠᠨ ᠨᠤᠭᠤᠳ ᠲᠠᠢᠯᠪᠤᠷᠢᠯᠠᠵᠤ ᠪᠠᠢᠪᠠ᠃
ᠶᠡᠬᠡ ᠬᠠᠭᠠᠨ ᠤ᠋ ᠱᠠᠷᠢᠯ ᠢ᠋ ᠠᠪᠠᠴᠢᠬᠤ᠂ ᠣᠷᠣᠰᠢᠭᠤᠯᠬᠤ ᠬᠡᠷᠡᠭ ᠪᠦᠲᠦᠨ ᠰᠠᠷ᠎ᠠ ᠶ᠋ᠢᠨ ᠲᠤᠷᠰᠢ ᠦᠷᠭᠦᠯᠵᠢᠯᠡᠬᠦ ᠳ᠋ᠦ᠍ ᠬᠤᠪᠢᠯᠠᠢ ᠯᠠ ᠠᠳᠬᠤᠴᠠᠭᠰᠠᠨ ᠪᠠᠢᠳᠠᠯᠲᠠᠢ《ᠠᠷᠤ ᠲᠠᠯ᠎ᠠ ᠳ᠋ᠤ᠌ ᠬᠡᠷᠡᠭ ᠶᠠᠪᠤᠳᠠᠯ ᠴᠠᠯᠠᠭᠠᠷᠳᠠᠵᠤ ᠭᠦᠢᠴᠡᠯ᠎ᠡ》 ᠭᠡᠬᠦ ᠮᠠᠶᠢᠭ ᠤ᠋ᠨ ᠦᠭᠡ ᠴᠤᠬᠤᠢᠯᠭᠠᠵᠤ ᠪᠠᠢᠪᠠ᠃
ᠣᠷᠣᠰᠢᠭᠤᠯᠭ᠎ᠠ ᠶ᠋ᠢᠨ ᠳᠠᠷᠠᠭ᠎ᠠ ᠬᠠᠭᠠᠨ ᠤ᠋ ᠤᠳᠤᠮ ᠤᠭᠰᠠᠭᠠᠨ ᠤ᠋ ᠬᠢᠨ ᠢ᠋ ᠡᠷᠭᠢᠨ ᠢᠷᠡᠬᠦ ᠳ᠋ᠦ᠍ ᠬᠠᠷᠠᠬᠣᠷᠣᠮ ᠬᠣᠲᠠ ᠶᠠᠭᠠᠬᠢᠵᠤ ᠦᠳᠡᠨ ᠮᠣᠷᠳᠠᠭᠤᠯᠤᠭᠰᠠᠨ ᠪᠢᠯᠡ᠃ ᠶᠠᠭ ᠲᠡᠭᠦᠨ ᠰᠢᠭ ᠬᠥᠮᠥᠰᠬᠡ ᠵᠠᠩᠭᠢᠳᠤᠨ ᠬᠢᠯᠢᠩᠨᠡᠭᠰᠡᠨ ᠮᠡᠲᠦ ᠪᠠᠢᠯ᠎ᠠ᠃
ᠡᠨᠡ ᠨᠢ ᠡᠵᠡᠨ ᠢ᠋ᠶ᠋ᠡᠨ ᠠᠯᠳᠠᠭᠰᠠᠨ ᠨᠡᠢᠰᠯᠡᠯ ᠡᠢᠮᠦ ᠯᠡ ᠪᠠᠢᠬᠤ ᠠ᠋ᠴᠠ ᠥᠭᠡᠷ᠎ᠡ ᠠᠷᠭ᠎ᠠ ᠦᠭᠡᠢ ᠭᠡᠰᠡᠨ ᠪᠣᠳᠣᠯ ᠢ᠋ ᠬᠤᠪᠢᠯᠠᠢ᠂ ᠬᠥᠯᠡᠬᠦ᠂ ᠠᠷᠢᠬᠪᠦ᠋ᠬᠡ ᠨᠠᠷ ᠲᠤ᠌ ᠲᠥᠷᠥᠭᠦᠯᠪᠡ᠃
— — — —
① ᠬᠠᠷᠠᠬᠣᠷᠣᠮ ᠳ᠋ᠤ᠌13 ᠳ᠋ᠤᠭᠠᠷ ᠵᠠᠭᠤᠨ ᠤ᠋ ᠳᠤᠮᠳᠠ ᠦᠶ᠎ᠡ ᠳ᠋ᠦ᠍ ᠪᠥᠬᠡ ᠨᠠᠷ ᠠ᠋ᠴᠠ ᠭᠠᠳᠠᠨ᠎ᠠ ᠪᠤᠷᠬᠠᠨ ᠤ᠋ ᠱᠠᠰᠢᠨ ᠤ᠋ ᠰᠦᠮ᠎ᠡ᠂ ᠯᠠᠯᠤ ᠶ᠋ᠢᠨ ᠱᠠᠰᠢᠨ ᠤ᠋ ᠬᠣᠶᠠᠷ᠂ ᠾᠷᠢᠰᠲ᠋ᠣᠰ ᠤ᠋ᠨ ᠱᠠᠰᠢᠨ ᠤ᠋ ᠨᠢᠭᠡ ᠰᠦᠮ᠎ᠡ ᠣᠷᠣᠰᠢᠵᠤ ᠪᠠᠢᠭᠰᠠᠨ᠃ ᠣᠯᠠᠨ ᠤᠯᠤᠰ ᠤ᠋ᠨ ᠰᠦᠮ᠎ᠡ ᠬᠡᠢᠳ12 ᠪᠠᠢᠯ᠎ᠠ ᠭᠡᠵᠦ ᠵᠢᠭᠤᠯᠴᠢᠳ ᠤ᠋ᠨ ᠳᠡᠪᠲᠡᠷ ᠲᠦ᠍ ᠲᠡᠮᠳᠡᠭᠯᠡᠵᠡᠢ᠃
② ᠰᠤᠷᠬᠤᠭᠲᠠᠨᠢ ᠬᠠᠲᠤᠨ ᠬᠡᠳᠦᠨ ᠰᠠᠢᠬᠠᠨ ᠬᠦᠦ ᠲᠡᠢ(ᠮᠥᠩᠬᠡ ᠬᠠᠭᠠᠨ᠂ ᠬᠤᠪᠢᠯᠠᠢ ᠵᠠᠬᠢᠷᠤᠭᠴᠢ᠂ ᠬᠥᠯᠡᠬᠦ᠂ ᠠᠷᠢᠬᠪᠦᠢ᠍ᠬᠡ ᠬᠠᠨ)᠂ ᠲᠡᠳᠡᠨ ᠢ᠋ ᠥᠰᠬᠡᠨ ᠬᠥᠮᠦᠵᠢᠭᠦᠯᠬᠦ ᠳ᠋ᠦ᠍ ᠭᠡᠷ ᠦ᠋ᠨ ᠬᠥᠮᠦᠵᠢᠯ ᠦ᠋ᠨ ᠠᠷᠭ᠎ᠠ ᠤᠬᠠᠭᠠᠨ ᠨᠢ ᠨᠥᠯᠥᠭᠡᠯᠡᠭᠰᠡᠨ ᠨᠢ ᠮᠡᠳᠡᠭᠡᠴᠢ᠃ ᠬᠠᠲᠤᠨ ᠥᠪᠡᠷ ᠢ᠋ᠶ᠋ᠡᠨ ᠪᠠᠭ᠎ᠠ ᠪᠠᠯᠴᠢᠷ ᠨᠠᠰᠤᠨ ᠠ᠋ᠴᠠ ᠬᠠᠭᠠᠴᠠᠯ ᠦᠵᠡᠵᠦ ᠢᠷᠡᠭᠰᠡᠨ᠃ ᠲᠡᠷᠡ ᠪᠡᠷ ᠬᠡᠷᠡᠢᠳ ᠦ᠋ᠨ ᠸᠠᠩ ᠬᠠᠭᠠᠨ ᠤ᠋ ᠳᠡᠭᠦᠦ ᠵᠠᠭᠬᠠᠮᠪᠣ ᠶ᠋ᠢᠨ ᠥᠬᠢᠨ᠂ ᠡᠴᠢᠭᠡ ᠨᠢ ᠲᠡᠷᠰᠬᠦᠳ ᠦᠢᠯᠡ ᠳ᠋ᠦ᠍ ᠣᠷᠣᠯᠴᠠᠵᠤ ᠶᠠᠪᠤᠭᠠᠳ ᠴᠢᠩᠭᠢᠰ ᠦ᠋ᠨ ᠴᠡᠷᠢᠭ ᠲᠦ᠍ ᠠᠯᠠᠭᠳᠠᠭᠰᠠᠨ᠂ ᠡᠬᠡ ᠨᠢ ᠪᠠᠰᠠ ᠠᠮᠢ ᠦᠷᠡᠭᠳᠡᠭᠰᠡᠨ ᠤᠴᠢᠷ ᠨᠠᠢ᠍ᠮᠠᠨ ᠤ᠋ ᠨᠢᠭᠡ ᠲᠠᠲᠠᠪᠤᠷᠢ ᠡᠮ᠎ᠡ ᠮᠣᠬᠠᠭ ᠤ᠋ᠨ ᠡᠬᠡ ᠳ᠋ᠦ᠍ ᠦᠷᠡᠴᠢᠯᠡᠭᠦᠯᠦᠨ ᠲᠡᠵᠢᠭᠡᠯᠭᠡᠵᠦ ᠪᠣᠢᠵᠢᠭᠰᠠᠨ᠃ ᠲᠡᠭᠦᠨ ᠦ᠌ ᠤᠳᠤᠮ ᠤᠭᠰᠠᠭᠠᠨ ᠤ᠋ ᠬᠢᠨ ᠨᠢ ᠴᠢᠩᠭᠢᠰ ᠦ᠋ᠨ ᠠᠯᠲᠠᠨ ᠤᠷᠤᠭ ᠲᠤ᠌ ᠳᠠᠢᠰᠤᠩᠨᠠᠵᠤ ᠢᠷᠡᠭᠰᠡᠨ ᠠᠵᠢ᠃
③ ᠠᠷᠢᠬᠪᠦ᠋ᠬᠡ ᠶ᠋ᠢᠨ ᠤᠷᠲᠤ ᠪᠠᠢᠭᠤᠯᠤᠭᠰᠠᠨ ᠭᠠᠵᠠᠷ ᠢ᠋ ᠳ᠋ᠣᠺᠲ᠋ᠣᠷ ᠭ ᠂ ᠫᠧᠷᠯᠡᠢ ᠲᠣᠳᠣᠷᠬᠠᠢᠯᠠᠬᠤ ᠳ᠋ᠤ᠌ ᠪᠠᠨ ᠣᠳᠣ ᠶ᠋ᠢᠨ ᠥᠪᠥᠷ ᠬᠠᠩᠭᠠᠢ ᠂ ᠴᠠᠭᠠᠨ ᠰᠦᠮ᠎ᠡ ᠶ᠋ᠢᠨ ᠭᠣᠣᠯ(ᠵᠢᠷᠠᠨᠲᠠᠢ ᠶ᠋ᠢᠨ ᠭᠣᠣᠯ) ᠮᠥᠨ ᠭᠡᠵᠡᠢ᠃
ᠦᠰᠦᠭ ᠠᠮᠢᠯᠠᠭᠤᠯᠤᠭᠰᠠᠨ ᠨᠢ᠄ ᠲᠡᠭᠷᠢ ᠡᠵᠢ᠂ ᠭᠠᠷᠮ᠎ᠠ᠂ ᠴᠣᠯᠮᠣᠨᠲᠤᠶᠠᠭ᠎ᠠ
