ᠴᠢᠮ᠎ᠠ ᠪᠠᠷ ᠢ᠋ᠶ᠋ᠠᠨ ᠭᠠᠩᠭᠠᠷᠠᠨ᠎ᠠ- ᠡ᠊·ᠠᠮᠤᠭᠤᠯᠠᠩᠪᠠᠭᠠᠲᠤᠷЧамаараа гангарна-Э Амгаланбаатар ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠢᠮ᠎ᠠ ᠪᠠᠷ ᠢ᠋ᠶ᠋ᠠᠨ ᠭᠠᠩᠭᠠᠷᠠᠨ᠎ᠠ- ᠡ᠊·ᠠᠮᠤᠭᠤᠯᠠᠩᠪᠠᠭᠠᠲᠤᠷЧамаараа гангарна-Э Амгаланбаатар

ᠴᠢᠮ᠎ᠠ ᠪᠠᠷ ᠢ᠋ᠶ᠋ᠠᠨ ᠭᠠᠩᠭᠠᠷᠠᠨ᠎ᠠ- ᠡ᠊·ᠠᠮᠤᠭᠤᠯᠠᠩᠪᠠᠭᠠᠲᠤᠷЧамаараа гангарна-Э Амгаланбаатар

ᠠᠩᠭᠢᠯᠠᠯ:ᠳᠠᠭᠤᠤ ᠬᠥᠭᠵᠢᠮ
2026-04-28

124

ᠴᠢᠮ᠎ᠠ ᠪᠠᠷ ᠢ᠋ᠶ᠋ᠠᠨ ᠭᠠᠩᠭᠠᠷᠠᠨ᠎ᠠ


            ᠦᠭᠡ᠄ ᠴ· ᠨᠠᠨᠳᠢᠨᠴᠡᠴᠡᠭ 
            ᠠᠶ᠎ᠠ᠄ ᠫ· ᠭᠠᠩᠪᠣᠯᠣᠳ 
            ᠳᠠᠭᠤᠴᠢᠨ᠄ ᠡ᠊· ᠠᠮᠤᠭᠤᠯᠠᠩᠪᠠᠭᠠᠲᠤᠷ 

ᠬᠠᠮᠤᠭ ᠤ᠋ᠨ ᠭᠣᠶᠣ ᠥᠩᠭᠡ ᠪᠡᠷ ᠠᠮᠢᠳᠤᠷᠠᠯ ᠢ᠋ ᠮᠢᠨᠢ ᠪᠣᠳᠣᠵᠤ 
ᠬᠠᠯᠠᠮᠵᠢ ᠡᠨᠡᠷᠢᠯ ᠦ᠋ᠨ ᠳᠡᠭᠡᠳᠦ ᠪᠡᠷ ᠰᠡᠳᠬᠢᠯ ᠢ᠋ ᠮᠢᠨᠢ ᠴᠢᠮᠡᠭᠰᠡᠨ 
ᠵᠣᠪᠠᠯᠠᠩ ᠵᠢᠷᠭᠠᠯ ᠤ᠋ᠨ ᠠᠯᠢᠨ ᠳ᠋ᠤ᠌ ᠨᠢ ᠴᠦ᠍ ᠨᠥᠮᠥᠷᠢᠯᠡᠵᠦ ᠲᠠᠩᠳᠠ ᠲᠦᠰᠢᠭᠰᠡᠨ 
ᠵᠣᠯ ᠢ᠋ᠶ᠋ᠠᠷ ᠤᠴᠠᠷᠠᠭᠰᠠᠨ ᠠᠮᠠᠷᠠᠭ ᠨᠠᠰᠤᠨ ᠤ᠋ ᠭᠠᠭᠴᠠᠬᠠᠨ ᠬᠠᠨᠢ ᠮᠢᠨᠢ 

ᠦᠢᠯᠡᠳᠦᠯ ᠪᠦᠬᠦᠨ ᠡᠴᠡ ᠲᠠᠨᠢ ᠰᠡᠳᠬᠢᠯ ᠦᠨᠦᠷᠲᠦᠵᠦ 
ᠦᠨᠡᠨ ᠳ᠋ᠦ᠍ ᠪᠡᠨ ᠬᠠᠮᠤᠭ ᠤ᠋ᠨ ᠵᠢᠷᠭᠠᠯᠲᠠᠢ
ᠦᠭᠡ ᠪᠦᠬᠦᠨ ᠡᠴᠡ ᠲᠠᠨᠢ ᠬᠠᠢᠷ᠎ᠠ ᠶ᠋ᠢ ᠪᠢ ᠮᠡᠳᠡᠷᠡᠵᠦ
ᠦᠬᠦᠨ ᠦᠬᠦᠲᠡᠯ᠎ᠡ ᠪᠡᠨ ᠪᠢ ᠴᠢᠮ᠎ᠠ ᠪᠠᠷ ᠢ᠋ᠶ᠋ᠠᠨ ᠭᠠᠩᠭᠠᠷᠠᠨ᠎ᠠ

ᠠᠳᠠ ᠲᠠᠢ ᠬᠥᠭᠡᠷᠦᠬᠦᠨ ᠦᠷᠡᠰ ᠢ᠋ᠶ᠋ᠡᠷ ᠤᠳᠤᠮ ᠢ᠋ ᠮᠢᠨᠢ ᠲᠠᠮᠠᠭᠠᠯᠠᠵᠤ
ᠠᠪᠤ ᠡᠵᠢ ᠶ᠋ᠢᠨ ᠬᠠᠢᠷ᠎ᠠ ᠪᠠᠷ ᠠᠰᠢᠳᠠ ᠮᠥᠩᠬᠡ ᠢᠪᠡᠭᠡᠭᠰᠡᠨ
ᠮᠢᠨᠦ ᠰᠡᠳᠬᠢᠯ ᠦ᠋ᠨ ᠨᠠᠭᠤᠷ ᠲᠤ᠌  ᠡᠷᠬᠡ ᠳᠤᠷ᠎ᠠ ᠪᠠᠷ ᠢ᠋ᠶ᠋ᠠᠨ ᠬᠥᠭᠯᠡᠭᠰᠡᠨ 
ᠮᠥᠩᠬᠡᠳᠡ ᠬᠠᠢᠷᠠᠯᠠᠬᠤ ᠠᠮᠠᠷᠠᠭ ᠨᠠᠰᠤᠨ ᠤ᠋ ᠭᠠᠭᠴᠠᠬᠠᠨ ᠬᠠᠨᠢ ᠮᠢᠨᠢ

ᠦᠢᠯᠡᠳᠦᠯ ᠪᠦᠬᠦᠨ ᠡᠴᠡ ᠲᠠᠨᠢ ᠰᠡᠳᠬᠢᠯ ᠦᠨᠦᠷᠲᠦᠵᠦ
ᠦᠨᠡᠨ ᠳ᠋ᠦ᠍ ᠪᠡᠨ ᠪᠢ ᠬᠠᠮᠤᠭ ᠤ᠋ᠨ ᠵᠢᠷᠭᠠᠯᠲᠠᠢ
ᠦᠭᠡ ᠪᠦᠬᠦᠨ ᠡᠴᠡ ᠲᠠᠨᠢ ᠬᠠᠢᠷ᠎ᠠ ᠶ᠋ᠢ ᠪᠢ ᠮᠡᠳᠡᠷᠡᠵᠦ
ᠦᠬᠦᠨ ᠦᠬᠦᠲᠡᠯ᠎ᠡ ᠪᠡᠨ ᠪᠢ ᠴᠢᠮ᠎ᠠ ᠪᠠᠷ ᠢ᠋ᠶ᠋ᠠᠨ ᠭᠠᠩᠭᠠᠷᠠᠨ᠎ᠠ

ᠰᠡᠪ ᠦᠭᠡᠢ ᠶᠡᠬᠡ ᠬᠠᠢᠷ᠎ᠠ ᠪᠠᠷ ᠰᠡᠳᠬᠢᠯ ᠢ᠋ᠶ᠋ᠡᠨ ᠭᠥᠭᠯᠡᠵᠦ
ᠰᠠᠢᠨ ᠠ᠋ᠴᠠ ᠰᠠᠢᠬᠠᠨ ᠠᠮᠢᠳᠤᠷᠠᠯ ᠳ᠋ᠤ᠌ ᠪᠡᠶ᠎ᠡ ᠪᠡᠶ᠎ᠡ ᠪᠡᠨ ᠲᠦᠰᠢᠭᠰᠡᠨ
ᠬᠣᠪᠢᠬᠠᠨ ᠵᠠᠶᠠᠭᠠᠨ ᠤ᠋ ᠬᠠᠷᠭᠤᠢ ᠳ᠋ᠤ᠌ ᠳᠠᠮ ᠳᠠᠮ ᠳ᠋ᠤ᠌ ᠪᠠᠨ ᠲᠤᠭᠤᠯᠤᠭᠰᠠᠨ
ᠬᠠᠮᠤᠭ ᠤ᠋ᠨ ᠨᠠᠨᠳᠢᠨ ᠰᠢᠲᠦᠭᠡᠨ ᠨᠠᠰᠤᠨ ᠤ᠋ ᠭᠠᠭᠴᠠᠬᠠᠨ ᠬᠠᠨᠢ ᠮᠢᠨᠢ

ᠦᠢᠯᠡᠳᠦᠯ ᠪᠦᠬᠦᠨ ᠡᠴᠡ ᠲᠠᠨᠢ ᠰᠡᠳᠬᠢᠯ ᠦᠨᠦᠷᠲᠦᠵᠦ
ᠦᠨᠡᠨ ᠳ᠋ᠦ᠍ ᠪᠡᠨ ᠪᠢ ᠬᠠᠮᠤᠭ ᠤ᠋ᠨ ᠵᠢᠷᠭᠠᠯᠲᠠᠢ
ᠦᠭᠡ ᠪᠦᠬᠦᠨ ᠡᠴᠡ ᠲᠠᠨᠢ ᠬᠠᠢᠷ᠎ᠠ ᠶ᠋ᠢ ᠪᠢ ᠮᠡᠳᠡᠷᠡᠵᠦ
ᠦᠬᠦᠨ ᠦᠬᠦᠲᠡᠯ᠎ᠡ ᠪᠡᠨ ᠪᠢ ᠴᠢᠮ᠎ᠠ ᠪᠠᠷ ᠢ᠋ᠶ᠋ᠠᠨ ᠭᠠᠩᠭᠠᠷᠠᠨ᠎ᠠ
ᠦᠬᠦᠨ ᠦᠬᠦᠲᠡᠯ᠎ᠡ ᠪᠡᠨ ᠪᠢ ᠴᠢᠮ᠎ᠠ ᠪᠠᠷ ᠢ᠋ᠶ᠋ᠠᠨ ᠭᠠᠩᠭᠠᠷᠠᠨ᠎ᠠ

  ᠦᠰᠦᠭ ᠠᠮᠢᠯᠠᠭᠤᠯᠤᠭᠴᠢ᠄ ᠬᠠᠨ ᠱᠢ ᠵᠢᠶᠦ᠋ᠨ
  ᠦᠰᠦᠭ ᠬᠠᠲᠠᠭᠴᠢ᠄ ᠬᠠᠨ ᠱᠢ ᠵᠢᠶᠦ᠋ᠨ
  ᠬᠢᠨᠠᠭᠴᠢ᠄ ᠣᠳᠬᠠᠨᠰᠣ᠎ᠠ