ᠪᠦᠯᠵᠢᠬᠢᠨ ᠬᠠᠲᠤᠨ– [ᠮᠣᠩᠭᠣᠯ] ᠳᠠᠮᠪᠠ ᠶᠢᠨ ᠲᠥᠷᠥᠪᠠᠲᠤ <ᠳᠣᠯᠣᠳᠤᠭᠠᠷ ᠪᠦᠯᠦᠭ 1-2> Бүлжхэн хатан– [монгол] Дамбын Төрбат <долдугаар бүлэг 1-2> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠦᠯᠵᠢᠬᠢᠨ ᠬᠠᠲᠤᠨ– [ᠮᠣᠩᠭᠣᠯ] ᠳᠠᠮᠪᠠ ᠶᠢᠨ ᠲᠥᠷᠥᠪᠠᠲᠤ <ᠳᠣᠯᠣᠳᠤᠭᠠᠷ ᠪᠦᠯᠦᠭ 1-2> Бүлжхэн хатан– [монгол] Дамбын Төрбат <долдугаар бүлэг 1-2>

ᠪᠦᠯᠵᠢᠬᠢᠨ ᠬᠠᠲᠤᠨ– [ᠮᠣᠩᠭᠣᠯ] ᠳᠠᠮᠪᠠ ᠶᠢᠨ ᠲᠥᠷᠥᠪᠠᠲᠤ <ᠳᠣᠯᠣᠳᠤᠭᠠᠷ ᠪᠦᠯᠦᠭ 1-2> Бүлжхэн хатан– [монгол] Дамбын Төрбат <долдугаар бүлэг 1-2>

ᠠᠩᠭᠢᠯᠠᠯ:ᠲᠤᠭᠤᠵᠢ ᠷᠣᠮᠠᠨ
2026-04-27

74

ᠪᠦᠯᠵᠢᠬᠢᠨ ᠬᠠᠲᠤᠨ– <ᠳᠣᠯᠣᠳᠤᠭᠠᠷ ᠪᠦᠯᠦᠭ 1-2>


                ᠳᠣᠯᠣᠳᠤᠭᠠᠷ ᠪᠦᠯᠦᠭ   
                  《ᠠᠭᠤᠤ ᠶᠡᠬᠡ ᠰᠦᠯᠳᠡ ᠬᠡᠢ ᠮᠣᠷᠢ ᠠᠢᠰᠤᠢ ᠶ᠋ᠢ ᠪᠢ ᠮᠡᠳᠡᠷᠡᠵᠦ ᠪᠠᠢᠨ᠎ᠠ》  

           ᠁ᠪᠣᠱᠣᠭ᠎ᠠ ᠶ᠋ᠢᠨ ᠴᠢᠨᠢ  
           ᠪᠣᠭᠣᠯ ᠪᠣᠯᠲᠤᠭᠠᠢ! 
           ᠪᠣᠱᠣᠭᠠᠨ ᠠ᠋ᠴᠠ ᠴᠢᠨᠢ  
           ᠪᠤᠯᠲᠠᠵᠤ ᠵᠠᠢᠯᠠᠪᠠᠯ 
           ᠪᠣᠷᠪᠢ ᠶ᠋ᠢ ᠨᠢ ᠤᠭᠲᠤᠯ! 
           ᠡᠭᠦᠳᠡᠨ ᠦ᠌ ᠴᠢᠨᠢ  ᠥᠮᠴᠢ ᠪᠣᠯᠲᠤᠭᠠᠢ!  
           ᠡᠭᠦᠳᠡᠨ ᠡᠴᠡ ᠴᠢᠨᠢ  
           ᠳᠤᠲᠠᠭᠠᠵᠤ ᠵᠠᠢᠯᠠᠪᠠᠯ  
           ᠡᠯᠢᠭᠡ ᠶ᠋ᠢ ᠨᠢ ᠡᠮᠳᠡᠯᠡ!     
                  《ᠮᠣᠩᠭᠣᠯ ᠤ᠋ᠨ ᠨᠢᠭᠤᠴᠠ ᠲᠣᠪᠴᠢᠶᠠᠨ》    

               1      

       ᠲᠦᠭᠰᠢᠭᠦᠷᠢᠲᠦ ᠡᠳᠦᠷ ᠬᠣᠨᠣᠭ ᠤ᠋ᠳ ᠲᠤ᠌ ᠪᠦᠯᠵᠢᠭᠡᠨ ᠢᠵᠢᠢ ᠱᠠᠩᠬᠤᠨ ᠠ᠋ᠴᠠ ᠪᠠᠨ ᠪᠤᠭᠤᠷᠤᠯᠲᠤᠵᠤ᠂ ᠰᠡᠳᠬᠢᠯ ᠡᠴᠡ ᠪᠡᠨ ᠰᠡᠮᠡᠷᠡᠵᠦ ᠨᠠᠷᠠᠨ ᠤᠷᠭᠤᠬᠤ ᠵᠦᠭ ᠡᠴᠡ ᠴᠢᠮᠡᠭᠡ ᠴᠢᠩᠨᠠᠨ᠂ ᠪᠢᠲᠡᠭᠦᠦ ᠰᠢᠨᠠᠯᠤᠨ ᠰᠠᠭᠤᠪᠠᠢ᠃ ᠬᠠᠩᠬᠠᠯ ᠮᠣᠷᠢᠳ ᠢ᠋ᠶ᠋ᠠᠨ ᠬᠠᠨᠲᠠᠢᠷᠠᠨ ᠲᠠᠲᠠᠵᠤ ᠬᠠᠳᠠᠨ ᠢᠯᠳᠦ ᠪᠡᠨ ᠢᠷᠯᠡᠵᠦ ᠮᠣᠷᠳᠠᠭᠰᠠᠨ ᠲᠦᠮᠡ ᠲᠦᠮᠡᠨ ᠡᠷᠡᠰ ᠮᠠᠭᠤ ᠬᠦᠦ ᠶ᠋ᠢᠨ ᠬᠢᠨᠢ ᠠᠮᠢ ᠶ᠋ᠢ ᠶᠡᠭᠦᠳᠬᠡᠬᠦ ᠭᠡᠵᠦ ᠶᠠᠪᠤᠵᠤ ᠪᠣᠢ ᠬᠡᠷᠡᠭ ᠶᠦᠮ᠃ ᠲᠡᠷᠭᠡ ᠲᠡᠷᠭᠡ ᠴᠠᠴᠠᠷ ᠠᠴᠢᠶᠠᠯᠠᠵᠤ᠂ ᠰᠠᠭᠤᠷᠢ ᠰᠠᠭᠤᠷᠢ ᠬᠣᠨᠢ ᠲᠠᠭᠤᠵᠤ᠂ ᠭᠠᠵᠠᠷ ᠲᠩᠷᠢ ᠶ᠋ᠢᠨ ᠰᠠᠪᠰᠠᠯᠭ᠎ᠠ ᠰᠦᠪᠡᠯᠡᠨ ᠣᠳᠤᠭᠰᠠᠨ ᠮᠣᠷᠢᠲᠠᠨ ᠳᠠᠢᠴᠢᠳ ᠮᠢᠬ᠎ᠠ ᠴᠢᠰᠤᠨ ᠤ᠋ ᠲᠠᠰᠤᠷᠬᠠᠢ ᠦᠭᠡ ᠦᠷ᠎ᠡ ᠶ᠋ᠢᠨ ᠬᠢᠨᠢ ᠯᠡ ᠮᠠᠭᠤ ᠶ᠋ᠢ ᠦᠵᠡᠬᠦ ᠭᠡᠵᠦ ᠶᠠᠪᠤᠭ᠎ᠠ ᠬᠡᠷᠡᠭ ᠶᠦᠮ᠃ ᠲᠡᠷᠡ ᠪᠡᠷ ᠨᠢᠯᠪᠤᠰᠤ ᠪᠠᠨ ᠨᠢᠭᠤᠨ ᠵᠠᠯᠭᠢᠵᠤ᠂ ᠬᠢᠮᠤᠰᠤ ᠪᠠᠨ ᠬᠤᠭᠤᠷᠠᠲᠠᠯ᠎ᠠ ᠠᠯᠠᠭ᠎ᠠ ᠪᠠᠨ ᠮᠠᠭᠠᠵᠢᠯᠠᠨ ᠪᠠᠢᠵᠤ ᠬᠣᠷᠬᠤᠨᠤᠭ ᠵᠢᠪᠦᠷ ᠡᠴᠡ ᠶᠡᠬᠡ ᠴᠡᠷᠢᠭ ᠢ᠋ᠶ᠋ᠡᠨ ᠦᠳᠡᠭᠰᠡᠨ ᠪᠢᠯᠡ᠃ ᠲᠥᠷᠥ ᠶ᠋ᠢᠨ ᠬᠥᠮᠦᠨ ᠲᠡᠢ ᠬᠠᠨᠢᠯᠠᠭᠰᠠᠨ ᠤ᠋ ᠵᠣᠪᠠᠯᠠᠩ ᠢ᠋ ᠪᠡᠶ᠎ᠡ ᠪᠡᠷ ᠠᠮᠰᠠᠵᠤ᠂ ᠵᠢᠷᠦᠬᠡ ᠵᠦᠰᠦᠬᠦ ᠠᠭᠱᠠᠨ ᠢ᠋ ᠢᠨᠢᠶᠡᠵᠦ ᠦᠳᠡᠭᠰᠡᠨ ᠪᠣᠯᠠᠢ᠃ ᠪᠦᠯᠵᠢᠭᠡᠨ ᠬᠠᠲᠤᠨ ᠡᠨᠡᠯᠦᠨ ᠰᠢᠨᠠᠯᠵᠤ᠂ ᠡᠮᠲᠡᠷᠡᠨ ᠬᠡᠯᠲᠡᠷᠡᠬᠦ ᠶ᠋ᠢᠨ ᠴᠠᠭ ᠲᠤ᠌ ᠲᠣᠬᠣᠢ ᠶ᠋ᠢᠨ ᠴᠢᠨᠡᠭᠡ ᠦᠷ᠎ᠡ ᠪᠡᠨ ᠡᠩᠭᠡᠷ ᠲᠡᠭᠡᠨ ᠲᠡᠪᠡᠷᠢᠵᠦ᠂ 
       一 ᠠᠯᠢ ᠪᠣᠢ᠂ ᠮᠢᠨᠦ ᠮᠡᠷᠭᠡᠨ ᠪᠥᠭᠡᠳᠡᠢ ᠬᠡᠯᠡᠭᠡᠷᠡᠢ᠁ ᠬᠡᠯᠡᠭᠡᠷᠡᠢ᠁ ᠦᠭᠡ ᠠᠬ᠎ᠠ ᠨᠢ ᠬᠠᠮᠢᠭ᠎ᠠ ᠪᠠᠢᠨ᠎ᠠ᠃ ᠦᠬᠦᠭᠰᠡᠨ ᠪᠣᠯᠪᠠ ᠤᠤ᠂ ᠠᠮᠢᠳᠤ ᠪᠣᠯᠪᠠ ᠤᠤ? ᠭᠡᠵᠦ ᠠᠰᠠᠭᠤᠨ᠎ᠠ᠃ ᠨᠢᠳᠦ ᠳᠦᠭᠦᠷᠡᠩ ᠮᠠᠨᠳᠠᠭᠠᠷ ᠴᠠᠭᠠᠨ ᠬᠦᠦ ᠨᠢ ᠨᠢᠭᠡ ᠶᠡᠬᠡ ᠰᠢᠲᠦ ᠦᠭᠡᠢ ᠠᠮᠠ ᠭᠠᠷᠭᠠᠨ  ᠮᠠᠭᠠᠰᠠᠢᠲᠠᠯ᠎ᠠ  ᠢᠨᠢᠶᠡᠵᠦ᠂ 
       一 ᠢᠵᠢᠢ ᠠ᠋᠁ ᠢᠵᠢᠢ ᠠ᠋᠁ ᠭᠡᠬᠦ ᠪᠣᠯᠵᠤ ᠪᠥᠯᠥᠭᠡ᠃ 
       一 ᠲᠡᠷᠡ ᠠ᠋ ᠬᠥᠶᠢ᠂ ᠡᠷ᠎ᠡ ᠬᠥᠮᠦᠨ! ᠵᠠ᠂ ᠠᠯᠢ ᠪᠣᠢ᠂ ᠠᠬ᠎ᠠ ᠶ᠋ᠢᠨ ᠢ᠋ᠶ᠋ᠡᠨ ᠰᠤᠷᠠᠭ ᠢ᠋ ᠡᠵᠢ ᠳ᠋ᠡᠭᠡᠨ ᠬᠡᠯᠡ ᠳᠡ! ᠬᠡᠮᠡᠬᠦ ᠳ᠋ᠦ᠍ ᠱᠣᠷᠴᠢᠭᠢᠨᠠᠲᠠᠯ᠎ᠠ ᠡᠪᠦᠷ ᠳᠡᠭᠡᠷ᠎ᠡ ᠨᠢ ᠭᠣᠳᠣᠭᠣᠨᠠᠭᠤᠯᠬᠤ ᠨᠢ ᠪᠣᠢ᠃ ᠪᠦᠯᠵᠢᠭᠡᠨ ᠬᠠᠲᠤᠨ ᠮᠥᠨᠥᠬᠢ ᠵᠣᠪᠠᠨᠢᠯ ᠢ᠋ᠶ᠋ᠠᠨ ᠲᠦᠷ ᠵᠠᠭᠤᠷ᠎ᠠ ᠮᠠᠷᠲᠠᠵᠤ ᠴᠠᠭᠠᠨ ᠴᠠᠢᠯᠭᠠᠨ ᠢ᠋ᠶ᠋ᠠᠷ ᠳᠡᠰ ᠳᠡᠰ ᠢᠨᠢᠶᠡᠬᠦ ᠪᠢᠯᠡ᠃ ᠰᠢᠭᠡᠴᠢᠬᠡᠭᠰᠡᠨ ᠬᠣᠢᠨ᠎ᠠ ᠪᠠᠨ ᠵᠣᠬᠣᠢᠲᠠᠯ᠎ᠠ ᠬᠠᠷᠠᠵᠤ ᠮᠠᠭᠠᠰᠠᠢᠲᠠᠯ᠎ᠠ ᠢᠨᠢᠶᠡᠬᠦ ᠳ᠋ᠦ᠍ᠨᠢ ᠪᠦᠷ ᠨᠢᠯᠪᠤᠰᠤ ᠪᠠᠨ ᠭᠠᠷᠲᠠᠯ᠎ᠠ ᠬᠥᠬᠥᠷᠡᠬᠦ ᠨᠢ ᠪᠣᠢ᠃ ᠡᠨᠡ ᠦᠶᠡᠰ ᠢ᠋ ᠲᠠᠭᠠᠷᠠᠭᠤᠯᠵᠤ ᠬᠣᠲᠣᠯᠠ ᠨᠣᠶᠠᠨ ᠣᠷᠣᠵᠤ ᠢᠷᠡᠬᠦ ᠪᠢᠯᠡ᠃ ᠲᠡᠷᠡ ᠪᠡᠷ ᠪᠠᠰᠠ ᠬᠦ᠌ ᠲᠠᠲᠠᠪᠤᠷᠢ ᠬᠠᠲᠤᠨ ᠤ᠋ ᠪᠠᠨ ᠡᠮᠦᠨ᠎ᠡ ᠪᠤᠷᠤᠭᠤ ᠲᠠᠢ ᠮᠡᠲᠦ ᠬᠡᠯᠪᠡᠯᠵᠡᠬᠦ ᠠᠭᠠᠳ ᠥᠪᠡᠷ ᠦ᠋ᠨ ᠬᠢᠨᠢ ᠵᠠᠷᠯᠢᠭ ᠢ᠋ᠶ᠋ᠠᠷ᠂ ᠥᠪᠡᠷ ᠦ᠋ᠨ ᠬᠢᠨᠢ ᠲᠤᠭ ᠤ᠋ᠨ ᠴᠡᠷᠢᠭ ᠦ᠋ᠳ ᠬᠦᠦ ᠶ᠋ᠢ ᠨᠢ ᠠᠯᠠᠬᠤ ᠪᠠᠷ ᠶᠠᠪᠤᠭᠰᠠᠨ ᠮᠡᠲᠦ ᠰᠠᠨᠠᠭᠳᠠᠵᠤ ᠡᠮᠵᠡᠭᠯᠡᠨ᠎ᠡ᠃ ᠴᠢᠩᠭᠢᠭᠡᠳ ᠴᠢᠷᠠᠢ ᠳᠠᠷᠤᠨ ᠪᠣᠳᠣᠯ ᠳ᠋ᠤ᠌ ᠠᠪᠲᠠᠬᠤ ᠳ᠋ᠤᠨᠢ ᠴᠢᠮᠡᠭᠡ ᠦᠭᠡᠢ ᠭᠠᠷᠤᠭᠠᠳ ᠶᠠᠪᠤᠴᠢᠬᠠᠳᠠᠭ ᠬᠠᠭᠠᠨᠲᠠᠨ᠂ ᠰᠠᠨᠠᠭ᠎ᠠ ᠲᠠᠯᠪᠢᠭᠤᠷᠠᠵᠤ ᠭᠡᠷ ᠳᠦᠭᠦᠷᠡᠩ ᠢᠨᠢᠶᠡᠬᠦ ᠳ᠋ᠦ᠍ᠨᠢ ᠣᠷᠣᠭᠠᠳ ᠢᠷᠡᠬᠦ ᠨᠢ ᠪᠣᠢ᠃ ᠡᠢᠨ ᠬᠦᠦ ᠪᠡᠨ ᠬᠠᠷᠠᠨ ᠢᠨᠢᠶᠡᠵᠦ ᠬᠥᠭᠵᠢᠵᠦ ᠰᠠᠭᠤᠭᠰᠠᠨ ᠢ᠋ᠶ᠋ᠠᠨ᠂ ᠲᠠᠲᠠᠪᠤᠷᠢ ᠬᠠᠲᠤᠨ ᠤ᠋ ᠴᠢᠷᠠᠢ ᠪᠠᠷᠤᠰᠬᠢᠵᠦ  ᠭᠤᠨᠢᠭᠲᠠᠶ᠎ᠠ ᠰᠠᠨᠠᠭ᠎ᠠ ᠠᠯᠳᠠᠬᠤ ᠳ᠋ᠤ᠌᠂ 
       —  ᠪᠦᠯᠵᠢᠭᠡᠨ ᠠ᠋᠁ ᠭᠡᠵᠦ ᠨᠢᠭᠡ ᠶᠡᠬᠡ ᠴᠢᠬᠤᠯᠠ ᠶᠠᠭᠤᠮ᠎ᠠ ᠬᠡᠯᠡᠬᠦ ᠭᠡᠵᠦ ᠪᠣᠢ ᠮᠡᠲᠦ ᠳᠠᠭᠤᠳᠠᠭᠰᠠᠨ ᠢ᠋ᠶ᠋ᠠᠨ ᠰᠠᠢᠬᠠᠨ ᠨᠢᠳᠦ ᠤᠷᠤᠭᠤ ᠨᠢ ᠬᠠᠷᠠᠵᠤ ᠬᠠᠷᠠᠵᠤ ᠴᠢᠮᠡᠭᠡ ᠦᠭᠡᠢ ᠭᠠᠷᠴᠤ ᠣᠳᠤᠨ᠎ᠠ᠃ ᠴᠢᠩᠭᠢᠵᠦ ᠭᠠᠨᠢᠬᠠᠷᠠᠭᠰᠠᠨ ᠰᠡᠳᠬᠢᠯ ᠠᠷᠭᠠᠳᠠᠬᠤ ᠨᠠᠮ ᠭᠦᠮᠬᠡᠨ ᠡᠳᠦᠷ ᠦ᠋ᠳ ᠢ᠋ᠶ᠋ᠡᠷ ᠬᠣᠲᠣᠯᠠ ᠬᠠᠭᠠᠨ ᠬᠥᠩᠬᠥᠷ ᠬᠣᠷᠴᠢ ᠶ᠋ᠢ ᠵᠠᠯᠠᠵᠤ ᠢᠷᠡᠭᠦᠯᠵᠡᠢ᠃ ᠲᠡᠷᠡ ᠪᠡᠷ ᠪᠠᠷᠤᠭ ᠪᠡᠶ᠎ᠡ ᠪᠡᠶ᠎ᠡ ᠶ᠋ᠢᠨ ᠢ᠋ᠶ᠋ᠡᠨ ᠬᠡᠯᠡ ᠶ᠋ᠢ ᠮᠡᠳᠡᠬᠦ ᠪᠣᠯᠤᠭᠰᠠᠨ ᠰᠣᠯᠵᠢᠷ ᠡᠪᠡᠷ ᠲᠡᠢ ᠬᠤᠸᠠ ᠰᠠᠷᠯᠤᠭ ᠢ᠋ᠶ᠋ᠠᠨ ᠤᠨᠤᠵᠤ᠂ ᠬᠣᠲᠠᠨ ᠤ᠋ ᠨᠣᠬᠠᠳ ᠱᠤᠤᠭᠢᠭᠤᠯᠤᠨ᠂ ᠬᠣᠨᠢ ᠮᠠᠯ ᠦᠷᠭᠦᠭᠡᠨ ᠢᠷᠡᠵᠦ ᠲᠤᠬᠠᠯᠠᠭᠰᠠᠨ ᠠᠪᠠᠢ᠃ ᠬᠠᠭᠠᠨ ᠡᠵᠡᠨ ᠶᠡᠬᠡ ᠦᠷᠭᠦᠭᠡᠨ ᠳ᠋ᠡᠭᠡᠨ ᠡᠪᠦᠭᠡᠨ ᠬᠣᠷᠴᠢ ᠪᠠᠨ ᠤᠷᠢᠵᠤ᠂ 
       — ᠬᠣᠷᠴᠢ ᠮᠢᠨᠢ᠂ ᠪᠠᠭ᠎ᠠ ᠦᠷᠭᠦᠭᠡᠨ ᠦ᠌ ᠬᠡᠷᠡᠭ ᠢ᠋ᠶ᠋ᠡᠷ ᠶᠡᠬᠡ  ᠦᠷᠭᠦᠭᠡᠨ ᠳ᠋ᠦ᠍ ᠤᠷᠢᠪᠠ᠂ ᠲᠠᠨ ᠢ᠋ ᠭᠡᠬᠦ ᠳ᠋ᠦ᠍ ᠵᠤᠨ ᠤ᠋ ᠭᠤᠷᠪᠠᠨ ᠰᠠᠷ᠎ᠠ ᠦᠯᠦ ᠲᠠᠢᠯᠬᠤ ᠦᠰᠦ ᠲᠡᠢ ᠳᠡᠪᠡᠯ ᠢ᠋ᠶ᠋ᠡᠨ ᠬᠥᠭᠯᠡᠷᠡᠭᠦᠯᠦᠭᠰᠡᠨ ᠬᠣᠷᠴᠢ ᠰᠥᠭᠥᠳᠦᠨ᠂ 
       — ᠠᠯᠢ ᠠᠯᠢ ᠥᠷᠭᠥᠭᠡ ᠬᠠᠭᠠᠨ ᠲᠠᠨ ᠤ᠋ ᠬᠢ᠂ ᠠᠮᠢ ᠨᠠᠰᠤ ᠮᠢᠨᠢ ᠳᠡᠭᠡᠷ᠎ᠡ ᠨᠢ ᠲᠠᠨ ᠤ᠋ ᠬᠢ᠃ ᠬᠠᠮᠢᠭ᠎ᠠ ᠪᠠᠨ ᠤᠷᠢᠵᠤ᠂ ᠶᠠᠭᠤᠨ ᠳ᠋ᠠᠭᠠᠨ ᠬᠡᠷᠡᠭᠯᠡᠬᠦ ᠨᠢ ᠬᠠᠭᠠᠨ ᠲᠠᠨ ᠤ᠋ ᠬᠡᠷᠡᠭ ᠭᠡᠬᠦ ᠳ᠋ᠦ᠍ ᠬᠣᠲᠣᠯᠠ ᠬᠥᠭᠵᠢᠯᠲᠡᠢ ᠢᠨᠢᠶᠡᠵᠦ᠂ 
       — ᠭᠦᠶᠦᠯᠭᠡᠨ ᠤᠬᠠᠭᠠᠨ ᠲᠠᠢ᠂ ᠴᠠᠢᠯᠭᠠᠨ ᠰᠡᠳᠬᠢᠯ ᠲᠡᠢ ᠡᠷ᠎ᠡ ᠰᠠᠨᠵᠠᠢ᠂ ᠲᠠ ᠭᠡᠰᠡᠨ ᠢ᠋ᠶ᠋ᠡᠨ ᠤᠬᠤᠰᠬᠢᠨ ᠪᠣᠰᠬᠤ ᠳ᠋ᠤ᠌ ᠬᠠᠭᠠᠨ ᠠᠪᠤ ᠶ᠋ᠢᠨ ᠢ᠋ᠶ᠋ᠡᠨ ᠬᠥᠳᠡᠯᠬᠦ ᠠᠶᠠᠭᠯᠠᠬᠤ ᠪᠦᠬᠦᠨ ᠢ᠋ ᠠᠵᠢᠨ ᠰᠠᠭᠤᠭᠰᠠᠨ ᠠᠯᠲᠠᠨ ᠬᠥᠪᠡᠭᠦᠨ᠂  
       — ᠪᠢ ᠦᠯᠢᠭᠡᠷ ᠰᠣᠨᠣᠰᠰᠤ! ᠭᠡᠪᠡ᠃ ᠡᠨᠡ ᠦᠭᠡ ᠬᠥᠪᠡᠭᠦᠨ ᠦ᠌ ᠥᠪᠡᠷ ᠦ᠋ᠨ ᠬᠢᠨᠢ ᠦᠭᠡ ᠪᠢᠰᠢ ᠠᠭᠠᠳ ᠶᠡᠬᠡ ᠬᠠᠲᠤᠨ ᠤ᠋ ᠵᠢᠭᠠᠵᠤ ᠦᠭᠭᠦᠭᠰᠡᠨ ᠰᠠᠨᠠᠭ᠎ᠠ ᠮᠥᠨ ᠲᠤᠯᠠ ᠬᠣᠲᠣᠯᠠ᠂ 
       一 ᠬᠠᠨ ᠬᠦᠦ ᠲᠣᠭᠲᠠᠵᠤ ᠬᠠᠢᠷᠠᠯᠠ! ᠬᠦᠦ ᠶ᠋ᠢᠨ ᠢ᠋ᠶ᠋ᠡᠨ ᠡᠷᠡᠭᠦᠯ ᠰᠠᠯᠬᠢ ᠦᠨᠦᠷᠲᠦᠭᠰᠡᠨ ᠵᠤᠯᠠᠢ ᠳᠡᠭᠡᠷ᠎ᠡ ᠦᠨᠦᠷᠯᠡᠭᠰᠡᠨ ᠢ᠋ᠶ᠋ᠡᠨ᠂ 一 ᠲᠤᠯᠭᠠᠲᠠᠢ ᠣᠳᠴᠢᠬᠢᠨ ᠳ᠋ᠤ᠌ ᠰᠣᠨᠣᠰᠬᠠᠬᠤ ᠶᠤᠮ᠃ ᠮᠢᠨᠦ ᠬᠦᠦ ᠪᠦᠭᠡᠴᠦᠭ ᠨᠢᠰᠠᠯᠵᠤ ᠪᠠᠢ ᠬᠡᠮᠡᠭᠡᠳ ᠭᠠᠷᠴᠤ ᠪᠢᠯᠡ᠃ ᠡᠢᠨ ᠲᠠᠲᠠᠪᠤᠷᠢ ᠬᠠᠲᠤᠨ ᠬᠠᠷᠴᠠᠭᠠᠢ ᠳ᠋ᠤ᠌ ᠡᠭᠡᠷᠡᠭᠦᠯᠦᠭᠰᠡᠨ ᠪᠣᠯᠵᠣᠮᠣᠷ ᠰᠢᠭ᠋ ᠪᠦᠯᠲᠡᠭᠡᠨᠡᠨ ᠰᠠᠭᠤᠬᠤ ᠪᠠᠭ᠎ᠠ ᠦᠷᠭᠦᠭᠡᠨ ᠳ᠋ᠡᠭᠡᠨ ᠢᠷᠡᠬᠦ ᠳ᠋ᠦ᠍ ᠪᠦᠯᠵᠢᠭᠡᠨ ᠭᠤᠸ᠎ᠠ ᠵᠦᠯᠲᠦ ᠮᠢᠬ᠎ᠠ ᠴᠢᠨᠠᠨ ᠲᠠᠪᠠᠭᠯᠠᠵᠤ ᠵᠢᠷᠦᠬᠡᠨ ᠭᠦᠴᠡᠨ ᠳ᠋ᠦ᠍ ᠰᠢᠷ᠎ᠠ ᠲᠣᠰᠣ ᠲᠠᠢ ᠬᠠᠯᠠᠭᠠᠭᠰᠠᠨ ᠠᠷᠢᠬᠢ ᠬᠢᠵᠦ ᠲᠠᠯᠪᠢᠭᠰᠠᠨ ᠪᠠᠢᠪᠠ᠃ ᠬᠠᠮᠤᠭ ᠮᠣᠩᠭᠣᠯ ᠤ᠋ᠨ ᠬᠠᠭᠠᠨ ᠬᠣᠲᠣᠯᠠ ᠪᠠᠷᠰ ᠤ᠋ᠨ ᠠᠷᠠᠰᠤᠨ ᠲᠦᠰᠢᠯᠭᠡ ᠲᠣᠬᠣᠢᠯᠳᠠᠨ ᠬᠠᠵᠠᠭᠤᠯᠳᠠᠵᠤ᠂ ᠮᠥᠩᠭᠥᠨ ᠲᠠᠭᠱᠠ ᠲᠠᠢ ᠰᠢᠮ᠎ᠡ ᠶ᠋ᠢᠨ ᠶᠠᠭᠤᠮ᠎ᠠ ᠰᠢᠮᠡᠵᠦ ᠭᠤᠷᠪᠠᠨ ᠡᠳᠦᠷ᠂ ᠭᠤᠷᠪᠠᠨ ᠰᠥᠨᠢ ᠦᠦᠬᠡ ᠲᠡᠦᠬᠡ ᠰᠣᠨᠣᠰᠴᠤ ᠠᠪᠠᠢ᠃ ᠡᠯᠦᠨᠴᠡ ᠬᠤᠯᠤᠨᠴᠠ ᠶ᠋ᠢᠨ ᠡᠪᠦᠳᠦᠭ ᠲᠦᠰᠢᠭᠰᠡᠨ ᠡᠭᠡᠰᠢᠭ ᠦ᠋ᠨ ᠪᠤᠷᠬᠠᠨ ᠡᠪᠦᠭᠡᠨ ᠬᠣᠷᠴᠢ ᠦᠶ᠎ᠡ ᠳᠠᠮᠵᠢᠭᠤᠯᠤᠨ ᠶᠠᠷᠢᠵᠤ᠂ ᠦᠷ᠎ᠡ ᠳᠠᠮᠨᠠᠭᠤᠯᠤᠨ ᠬᠡᠯᠡᠵᠦ ᠴᠡᠭᠡᠵᠢᠨ ᠳ᠋ᠦ᠍ᠨᠢ ᠪᠠᠷᠢᠨᠲᠠᠭᠯᠠᠵᠤ ᠢᠷᠡᠭᠰᠡᠨ ᠦᠨᠡᠨ ᠲᠡᠦᠬᠡ ᠶ᠋ᠢ ᠵᠥᠪ ᠶᠠᠷᠢᠬᠤ ᠠᠷᠢᠭᠤᠨ ᠵᠠᠶᠢᠭ ᠲᠠᠢ ᠶᠤᠮ᠃ 
       ᠲᠡᠷᠡ ᠯᠠ ᠶᠣᠰᠣᠭᠠᠷ ᠬᠥᠩᠬᠥᠷ ᠬᠣᠷᠴᠢ ᠮᠠᠨᠳᠤᠵᠤ ᠪᠠᠭᠤᠷᠠᠭᠰᠠᠨ ᠶᠡᠬᠡ ᠲᠡᠦᠬᠡ ᠶ᠋ᠢ ᠬᠤᠨ ᠬᠤᠭᠤᠷ ᠤ᠋ᠨ ᠭᠠᠩᠭᠠᠨᠠᠨ ᠭᠤᠩᠭᠠᠨᠠᠬᠤ ᠠᠶᠠᠯᠭᠤᠨ ᠳ᠋ᠤ᠌ ᠨᠠᠮᠤᠭᠤᠬᠠᠨ ᠬᠦᠦᠷᠨᠢᠵᠦ ᠠᠪᠠᠢ᠃ ᠲᠤᠯᠭᠠᠨ ᠤ᠋ ᠭᠠᠯ ᠪᠣᠳᠣᠯᠭᠠᠰᠢᠷᠠᠨ ᠰᠣᠨᠣᠰᠬᠤ ᠮᠡᠲᠦ ᠠᠶᠠᠳᠠᠭᠤᠬᠠᠨ ᠪᠠᠳᠮᠠᠯᠠᠵᠤ᠂ ᠨᠣᠶᠠᠨ ᠤ᠋ ᠰᠡᠭᠦᠳᠡᠷ ᠨᠢ ᠬᠠᠨ᠎ᠠ ᠳᠠᠮᠵᠢᠨ ᠤᠷᠲᠤᠰᠬᠤ ᠳ᠋ᠠᠭᠠᠨ ᠪᠥᠬᠥᠢᠨ ᠴᠢᠬᠢ ᠲᠠᠯᠪᠢᠵᠤ ᠰᠣᠨᠣᠰᠪᠠ᠃ ᠬᠣᠲᠣᠯᠠ ᠬᠥᠭᠵᠢᠯᠲᠡᠢ ᠦᠶ᠎ᠡ ᠳ᠋ᠦ᠍ ᠬᠡᠦᠬᠡᠳ ᠰᠢᠭ ᠬᠥᠬᠥᠷᠡᠵᠦ᠂ ᠭᠤᠨᠢᠭ ᠲᠠᠢ ᠦᠶ᠎ᠡ ᠳ᠋ᠦ᠍ᠨᠢ ᠨᠢᠯᠪᠤᠰᠤ ᠮᠡᠯᠲᠡᠭᠡᠨᠡᠭᠦᠯᠦᠨ ᠲᠠᠭᠠᠯᠠᠵᠤ ᠠᠵᠤᠭᠤ᠃ ᠲᠡᠷᠡ ᠪᠡᠷ ᠢᠨᠢᠶᠡᠬᠦ ᠳ᠋ᠡᠭᠡᠨ ᠴᠦ᠍᠂ ᠤᠬᠢᠯᠠᠬᠤ ᠳ᠋ᠠᠭᠠᠨ ᠴᠤ᠌ ᠨᠢᠳᠦᠨ ᠦ᠌ ᠪᠡᠨ ᠪᠤᠯᠤᠩ ᠢ᠋ᠶ᠋ᠠᠷ ᠪᠦᠯᠵᠢᠭᠡᠨ ᠬᠠᠲᠤᠨ ᠢ᠋ ᠬᠢᠯᠠᠮ ᠬᠢᠯᠠᠮᠬᠢᠨ ᠬᠠᠷᠠᠵᠤ᠂ ᠭᠤᠨᠢᠭ ᠢ᠋ᠶ᠋ᠠᠨ ᠮᠠᠷᠲᠠᠨ ᠮᠢᠰᠢᠯᠵᠡᠵᠦ ᠪᠠᠢᠪᠠᠯ ᠭᠠᠭᠴᠠ ᠨᠠᠷᠠ ᠨᠢ ᠭᠠᠷᠬᠤ ᠪᠢᠯᠡ᠃ ᠶᠡᠷᠦ ᠪᠦᠯᠵᠢᠭᠡᠨ  ᠦ᠌ ᠭᠤᠳᠤᠷᠠᠭᠰᠠᠨ ᠰᠡᠳᠬᠢᠯ ᠢ᠋ ᠦᠯᠢᠭᠡᠷ ᠲᠡᠦᠬᠡ ᠪᠡᠷ ᠰᠠᠲᠠᠭᠠᠷᠠᠭᠤᠯᠬᠤ ᠭᠡᠵᠦ ᠰᠠᠨᠠᠭᠰᠠᠨ ᠶᠤᠮ ᠰᠠᠨᠵᠠᠢ᠃ ᠪᠠᠰᠠ ᠲᠠᠲ᠋ᠠᠷ ᠤᠷᠤᠭᠤ ᠴᠡᠷᠢᠭ ᠲᠡᠷᠢᠭᠦᠯᠡᠵᠦ ᠮᠣᠷᠳᠠᠭᠰᠠᠨ ᠠᠬᠠᠨ ᠳᠡᠭᠦᠦᠰ ᠦ᠋ᠨ ᠢ᠋ᠶ᠋ᠡᠨ ᠠᠷᠤ ᠠ᠋ᠴᠠ ᠪᠢᠲᠡᠭᠦᠬᠡᠨ ᠪᠡᠲᠡᠭᠢᠷᠡᠬᠦ ᠰᠡᠳᠬᠢᠯ ᠢ᠋ᠶ᠋ᠡᠨ ᠠᠷᠭᠠᠳᠠᠵᠤ᠂ ᠠᠷᠤ ᠳ᠋ᠠᠭᠠᠨ ᠠᠮᠢᠳᠤᠷᠠᠯ ᠲᠠᠢ ᠬᠡᠳᠦᠢ ᠴᠦ᠍ ᠠᠷᠪᠠᠲᠤ ᠠᠷᠪᠠᠲᠤ ᠪᠠᠷ ᠢ᠋ᠶ᠋ᠠᠨ ᠭᠠᠯ ᠪᠣᠯᠵᠤ ᠣᠳᠤᠭᠰᠠᠨ ᠡᠷᠡᠰ ᠦ᠋ᠨ ᠢ᠋ᠶ᠋ᠡᠨ ᠬᠣᠢᠨ᠎ᠠ ᠠ᠋ᠴᠠ ᠵᠣᠪᠠᠨᠢᠨ ᠰᠢᠨᠠᠯᠬᠤ ᠪᠠᠨ ᠮᠠᠷᠲᠠᠩᠨᠠᠬᠤ ᠪᠣᠳᠣᠯ ᠲᠠᠢ ᠪᠠᠢᠪᠠ᠃ ᠶᠡᠷᠦ ᠠᠯᠢ ᠨᠢ ᠦᠬᠦᠵᠦ ᠦᠷᠡᠭᠳᠡᠬᠦ ᠶ᠋ᠢ ᠬᠡᠨ ᠮᠡᠳᠡᠬᠦ ᠪᠢᠯᠡ᠃ ᠬᠣᠲᠣᠯᠠ ᠬᠠᠭᠠᠨ ᠤ᠋ ᠬᠦᠷᠢᠶᠡᠨ ᠳ᠋ᠦ᠍ ᠨᠢᠴᠦᠭᠦᠨ ᠱᠠᠯᠳᠠᠩ ᠭᠦᠶᠦᠯᠳᠦᠬᠦ ᠪᠤᠷᠵᠢᠭᠢᠷ ᠪᠣᠷᠣ ᠵᠢᠭᠠᠯ ᠤ᠋ᠳ ᠤ᠋ᠨ ᠬᠡᠨ ᠨᠢ ᠥᠨᠥᠴᠢᠷᠡᠬᠦ ᠶ᠋ᠢ ᠶᠠᠭᠠᠬᠢᠵᠤ ᠮᠡᠳᠡᠨ᠎ᠡ᠃ ᠰᠡᠩᠬᠦᠷ ᠭᠣᠷᠣᠬᠠᠨ ᠠ᠋ᠴᠠ ᠳᠠᠰᠢᠮᠠᠭ ᠳᠠᠰᠢᠮᠠᠭ ᠤᠰᠤ ᠵᠥᠭᠡᠭᠡᠨ ᠱᠠᠭᠠᠵᠠᠭᠠᠢ ᠰᠢᠭ᠋ ᠱᠤᠯᠤᠭᠠᠨᠠᠯᠳᠤᠬᠤ ᠡᠬᠡᠨᠡᠷ ᠡᠮᠡᠰ ᠦ᠋ᠨ ᠠᠯᠢ ᠨᠢ ᠪᠡᠯᠪᠡᠰᠦᠷᠡᠬᠦ ᠶ᠋ᠢ ᠶᠠᠭᠠᠬᠢᠨ ᠬᠡᠯᠡᠵᠦ ᠮᠡᠳᠡᠨ᠎ᠡ᠃ ᠲᠡᠢᠨ ᠪᠣᠳᠣᠬᠤ ᠠ᠋ᠴᠠ ᠭᠤᠨᠢᠭ ᠲᠠᠢ ᠠᠭᠠᠳ ᠤᠭ ᠤ᠋ᠨ ᠦᠷᠦ ᠵᠥᠭᠡᠯᠡᠨ ᠬᠣᠲᠣᠯᠠ ᠬᠠᠭᠠᠨ ᠦᠦᠬᠡ ᠲᠡᠦᠬᠡ ᠶ᠋ᠢᠨ ᠠᠯᠤᠰ  ᠲᠤ᠌ ᠶᠠᠭᠠᠷᠠᠭᠰᠠᠨ ᠤᠴᠢᠷ ᠡᠢᠮᠦ ᠶᠦᠮ᠃ ᠲᠡᠷᠡ ᠪᠡᠷ ᠮᠣᠳᠣᠨ ᠮᠡᠷᠭᠡᠨ ᠴᠠᠨ ᠢᠦᠢ ᠲᠡᠢ ᠵᠠᠬ᠎ᠠ ᠶ᠋ᠢᠨ ᠬᠠᠷ᠎ᠠ ᠣᠪᠣᠭᠠᠨ ᠳᠡᠭᠡᠷ᠎ᠡ ᠨᠢᠭᠡ᠂ ᠬᠠᠨ ᠤᠯᠤᠰ ᠤ᠋ᠨ ᠭᠦᠩᠵᠦ ᠶ᠋ᠢᠨ ᠬᠢᠨᠢ ᠦᠷᠭᠦᠭᠡᠨ ᠳ᠋ᠦ᠍ ᠨᠢᠭᠡ ᠠᠭᠤᠯᠵᠠᠬᠤ ᠰᠢᠭ᠋ ᠪᠣᠯᠵᠤ《ᠡᠷ᠎ᠡ ᠬᠥᠮᠦᠨ᠂ ᠡᠬᠡ ᠬᠥᠮᠦᠨ ᠦ᠌ ᠡᠩᠭᠡᠷ ᠲᠦ᠍ ᠤᠷᠭᠤᠵᠤ᠂ ᠡᠮ᠎ᠡ ᠬᠥᠮᠦᠨ ᠦ᠌ ᠡᠪᠦᠷ ᠲᠦ᠍ ᠤᠨᠠᠳᠠᠭ ᠭᠡᠵᠦ ᠦᠨᠡᠨ ᠶᠦᠮ ᠳᠡ》 ᠭᠡᠮᠡᠨ ᠪᠣᠳᠣᠭᠰᠠᠨ ᠨᠢ ᠪᠣᠢ᠃ ᠲᠡᠷᠡ ᠪᠡᠷ ᠴᠢᠯᠮ᠎ᠠ ᠰᠡᠴᠡᠨ ᠡᠪᠦᠭᠡ ᠲᠡᠢ ᠪᠡᠨ ᠤᠨᠤᠨ ᠮᠥᠷᠡᠨ ᠦ᠌ ᠡᠬᠢ ᠣᠯᠠᠨ ᠭᠣᠷᠣᠬ᠎ᠠ ᠶ᠋ᠢᠨ ᠴᠢᠳᠬᠤᠯᠠᠩ ᠳᠡᠭᠡᠷ᠎ᠡ ᠨᠢᠭᠡ ᠠᠭᠤᠯᠵᠠᠵᠤ᠂ ᠶᠡᠬᠡ ᠬᠣᠷᠢᠭ ᠤ᠋ᠨ ᠬᠥᠬᠡ ᠠᠭᠤᠯᠠᠰ ᠤ᠋ᠨ ᠪᠠᠯ ᠳ᠋ᠤ᠌ ᠲᠥᠷᠥᠭ ᠦ᠋ᠳ ᠲᠡᠢ ᠨᠦᠳᠦᠯᠳᠦᠵᠦ ᠪᠠᠢᠬᠤ ᠳ᠋ᠤᠨᠢ ᠨᠢᠭᠡ ᠲᠠᠭᠠᠷᠠᠬᠤ ᠰᠢᠭ᠋ ᠪᠣᠯᠵᠤ《ᠬᠠᠭᠠᠨ ᠬᠥᠮᠦᠨ ᠦ᠌ ᠤᠯᠠᠭᠠᠨ ᠭᠣᠣᠯ ᠬᠠᠷᠠᠴᠤ ᠬᠥᠮᠦᠨ ᠦ᠌ ᠬᠢ ᠡᠴᠡ ᠨᠠᠷᠢᠨ ᠪᠠᠢᠬᠤ ᠶᠤᠮ ᠳᠠ》 ᠭᠡᠵᠦ ᠰᠠᠨᠠᠭᠰᠠᠨ ᠨᠢ ᠪᠣᠢ᠃ ᠬᠤᠨ ᠬᠤᠭᠤᠷ ᠬᠦᠯᠦᠭᠯᠡᠵᠦ ᠢᠷᠡᠭᠰᠡᠨ ᠡᠯᠦᠨᠴᠡ ᠬᠤᠯᠤᠨᠴᠠ ᠲᠠᠢ ᠡᠢᠨ ᠠᠭᠤᠯᠵᠠᠬᠤ ᠳ᠋ᠤ᠌ ᠬᠡᠢ ᠮᠣᠷᠢ ᠰᠡᠷᠭᠦᠵᠦ᠂ ᠤᠬᠠᠭᠠᠨ ᠴᠠᠯᠮᠠᠨ᠎ᠠ᠃ ᠴᠢᠩᠭᠢᠲᠡᠯ᠎ᠡ ᠬᠠᠭᠠᠨ ᠬᠦᠷᠢᠶᠡᠨ ᠦ᠌ ᠡᠮᠡᠰ ᠬᠡᠦᠬᠡᠨ ᠨᠦ᠍ᠭᠦᠳ ᠪᠤᠵᠢᠭᠢᠨᠠᠨ ᠰᠢᠪᠡᠷ ᠠᠪᠢᠷ ᠭᠡᠯᠴᠡᠨ᠂ ᠲᠦᠳᠡᠬᠡᠨ ᠬᠠᠭᠠᠨ ᠤ᠋ ᠬᠥᠲᠥᠴᠢ ᠪᠠᠭᠠᠲᠤᠷ ᠣᠷᠣᠵᠤ ᠢᠷᠡᠨ᠂ 
       — ᠡᠯᠴᠢ ᠢᠷᠡᠯ᠎ᠡ! ᠭᠡᠵᠦ ᠠᠢᠯᠠᠳᠬᠠᠬᠤ ᠦᠶᠡᠰ ᠶᠡᠬᠡ ᠬᠠᠲᠤᠨ ᠤ᠋ ᠤᠬᠢᠯᠠᠨ ᠴᠢᠷᠠᠯᠠᠬᠤ᠂ ᠠᠯᠲᠠᠨ ᠠᠶᠤᠭᠰᠠᠨ ᠳ᠋ᠠᠭᠠᠨ ᠳᠠᠭᠠᠵᠤ ᠪᠠᠷᠬᠢᠷᠠᠬᠤ ᠰᠣᠨᠣᠰᠳᠠᠪᠠ᠃ ᠬᠣᠲᠣᠯᠠ ᠲᠦᠭᠰᠢᠨ ᠥᠨᠳᠡᠢᠲᠡᠯ᠎ᠡ ᠡᠯᠴᠢ ᠪᠣᠱᠣᠭ᠎ᠠ ᠳᠠᠪᠠᠨ ᠰᠥᠭᠥᠳᠴᠦ᠂ 
       — ᠬᠠᠭᠠᠨ ᠲᠠ ᠥᠷᠥᠰᠢᠶᠡ! ᠬᠠᠷ᠎ᠠ ᠬᠡᠷᠢᠶ᠎ᠡ ᠮᠡᠲᠦ ᠬᠠᠷ᠎ᠠ ᠶᠠᠯ᠎ᠠ ᠠᠪᠴᠢᠷᠠᠪᠠ᠂ ᠪᠢ ᠭᠡᠬᠦ ᠳ᠋ᠦ᠍ ᠪᠦᠯᠵᠢᠭᠡᠨ ᠬᠠᠲᠤᠨ ᠵᠢᠭᠠᠯ ᠬᠦᠦ ᠶ᠋ᠢ ᠡᠯᠢᠭᠡᠨ ᠳ᠋ᠡᠭᠡᠨ ᠲᠠᠰᠤ ᠲᠡᠪᠡᠷᠢᠨ ᠭᠠᠯ ᠤ᠋ᠨ ᠢᠯᠴᠢ ᠪᠡᠷ ᠠᠷᠢᠭᠤᠯᠠᠪᠠ᠃ ᠡᠯᠴᠢ᠂ 
       — ᠲᠣᠳᠣᠢᠨ ᠣᠳᠴᠢᠬᠢᠨ ᠲᠠᠲ᠋ᠠᠷ  ᠲᠤ᠌ ᠠᠯᠠᠭᠳᠠᠪᠠ! ᠭᠡᠬᠦ ᠳ᠋ᠦ᠍ ᠬᠣᠲᠣᠯᠠ ᠬᠠᠭᠠᠨ ᠤᠬᠤᠰᠬᠢᠨ ᠪᠣᠰᠴᠤ᠂ 
       — ᠶᠠᠭᠤ ᠭᠡᠨ᠎ᠡ ᠠ᠋? ᠬᠡᠮᠡᠭᠰᠡᠨ ᠢ᠋ᠶ᠋ᠡᠨ ᠬᠥᠮᠥᠭᠡᠢ ᠵᠠᠭᠤᠨ ᠬᠥᠮᠥᠰᠬᠡ ᠵᠠᠩᠭᠢᠳᠴᠤ᠂ 
       — ᠬᠠᠪᠤᠯ ᠤ᠋ᠨ ᠳᠣᠯᠣᠭᠠᠨ ᠬᠦᠦ ᠶ᠋ᠢ ᠠᠯᠠᠨ ᠪᠠᠷᠠᠬᠤ ᠎ᠠ᠋ᠴᠠ ᠪᠤᠰᠤ ᠢᠯᠠᠨ ᠳᠡᠢᠯᠬᠦ ᠪᠢᠰᠢ ᠳᠡ! ᠭᠡᠵᠦ ᠰᠢᠵᠠᠷᠠᠭᠤᠨ ᠥᠭᠦᠯᠡᠭᠰᠡᠨ ᠢ᠋ᠶ᠋ᠡᠨ ᠰᠠᠯᠬᠢ ᠲᠠᠲᠠᠭᠤᠯᠤᠨ ᠭᠠᠷᠬᠤ ᠳ᠋ᠤ᠌ ᠪᠦᠭᠦᠳᠡ ᠭᠠᠳᠠᠭᠠᠯᠠᠪᠠ᠃ ᠬᠦᠷᠢᠶ᠎ᠡ ᠲᠡᠷᠡ ᠠᠶ᠎ᠠ ᠪᠠᠷ ᠢ᠋ᠶ᠋ᠠᠨ ᠬᠥᠯ ᠪᠣᠯᠵᠠᠢ᠃ ᠬᠠᠲᠤᠨ ᠤ᠋ ᠵᠠᠷᠯᠢᠭ ᠢ᠋ᠶ᠋ᠠᠷ ᠬᠦᠷᠢᠶ᠎ᠡ ᠳᠠᠭᠠᠭᠠᠭᠰᠠᠨ ᠪᠢᠨᠲᠠ ᠨᠣᠶᠠᠨ ᠪᠦᠭᠦᠳᠡ ᠶ᠋ᠢ ᠪᠤᠰᠬᠠᠵᠤ᠂ ᠬᠣᠷᠢᠭ ᠣᠷᠣᠬᠤ ᠬᠥᠰᠬᠡ ᠠᠴᠢᠶᠠᠯᠠᠵᠤ᠂ ᠬᠦᠯᠦᠭ ᠮᠣᠷᠢᠳ ᠪᠡᠷᠢᠯᠡᠨ ᠬᠠᠵᠠᠭᠠᠷᠯᠠᠵᠤ ᠪᠠᠢᠯ᠎ᠠ᠃ ᠲᠡᠷᠡ ᠪᠡᠷ ᠬᠠᠭᠠᠨ ᠤ᠋ ᠪᠡᠶ᠎ᠡ ᠪᠡᠷ ᠭᠦᠶᠦᠨ ᠢᠷᠡᠵᠦ᠂ 
       — ᠬᠠᠭᠠᠨᠲᠠᠨ ᠮᠢᠨᠢ᠂ ᠲᠣᠳᠣᠢᠨ ᠣᠳᠴᠢᠭᠢᠨ᠁ ᠭᠡᠬᠦ ᠳ᠋ᠦ᠍ ᠬᠣᠲᠣᠯᠠ ᠦᠭᠡ ᠶ᠋ᠢ ᠨᠢ ᠲᠠᠰᠤᠯᠤᠨ᠂ 
       — ᠪᠢᠨᠲᠠ ᠨᠣᠶᠠᠨ᠂ ᠲᠠ ᠮᠣᠷᠳᠠᠨ᠎ᠠ ᠤᠤ ᠳᠠ᠃ ᠬᠠᠷᠯᠢ ᠺᠤ ᠬᠠᠲᠤᠨ ᠢᠵᠢᠢ ᠶ᠋ᠢᠨ ᠬᠦᠷᠢᠶ᠎ᠡ ᠰᠡᠩᠬᠦᠷ ᠭᠣᠷᠣᠬᠠᠨ ᠤ᠋ ᠬᠥᠯ ᠳ᠋ᠦ᠍ ᠨᠤᠲᠤᠭᠯᠠᠵᠤ ᠪᠣᠢ᠃ ᠢᠵᠢᠢ ᠳ᠋ᠦ᠍ ᠰᠤᠷᠠᠭ ᠲᠤᠭᠤᠯᠭ᠎ᠠ! ᠭᠡᠰᠡᠨ ᠢ᠋ᠶ᠋ᠡᠨ ᠭᠡᠷ ᠦ᠋ᠨ ᠪᠠᠷ᠎ᠠ ᠬᠠᠷᠠᠬᠤ ᠦᠭᠡᠢ ᠮᠣᠷᠢᠨ ᠳᠡᠯ ᠳᠡᠭᠡᠷ᠎ᠡ ᠬᠡᠢᠰᠴᠦ ᠶᠠᠪᠤᠳᠠᠭ ᠪᠠᠭ᠎ᠠ ᠬᠠᠲᠤᠨ ᠢ᠋ᠶ᠋ᠠᠨ ᠳᠠᠭᠤᠳᠠᠨ᠂ 
       — ᠳᠡᠯᠡᠮᠡᠨ ᠮᠢᠨᠢ᠂ ᠬᠠᠷᠯᠢ ᠺᠤ ᠢᠵᠢᠢ ᠳ᠋ᠦ᠍ ᠰᠤᠷᠠᠭ ᠳᠣᠭᠣᠯᠭᠠᠬᠤ ᠪᠠᠭ ᠲᠡᠷᠢᠭᠦᠯᠡᠵᠦ ᠶᠠᠪᠤᠨ᠎ᠠ ᠤᠤ ᠳᠠ᠃ ᠤᠬᠠᠭᠠᠨ ᠠᠯᠳᠠᠭᠠᠳ ᠤᠨᠠᠴᠢᠬᠠᠳᠠᠭ ᠶᠤᠮ ᠭᠡᠬᠦ ᠳ᠋ᠦ᠍ ᠲᠣᠯᠣᠭᠠᠢ ᠶ᠋ᠢ ᠨᠢ ᠲᠦᠰᠢᠬᠦ ᠪᠡᠷᠭᠡᠨ ᠳᠡᠷᠭᠡᠳᠡ ᠨᠢ ᠪᠠᠢᠪᠠᠯ ᠵᠦᠭᠡᠷ ᠰᠠᠨᠵᠢ ᠭᠡᠬᠦ ᠳ᠋ᠦ᠍ ᠬᠠᠲᠤᠨ ᠰᠢᠯᠪᠡᠯᠵᠡᠨ᠂ 
       — ᠪᠦᠯᠵᠢᠭᠡᠨ ᠡᠮ᠎ᠡ ᠶᠠᠪᠤᠬᠤ ᠦᠭᠡᠢ ᠶᠦᠮ ᠰᠠᠨ ᠤᠤ? ᠬᠡᠮᠡᠵᠡᠢ᠃ ᠬᠣᠲᠣᠯᠠ ᠨᠣᠶᠠᠨ ᠪᠥᠭᠡᠷᠡᠨ ᠳ᠋ᠦ᠍ᠨᠢ ᠪᠦᠯᠲᠡᠭᠡᠨᠡᠨ ᠨᠠᠭᠠᠯᠳᠤᠬᠤ ᠲᠠᠲᠠᠪᠤᠷᠢ ᠬᠠᠲᠤᠨ ᠢ᠋ᠶ᠋ᠠᠨ ᠬᠠᠷᠠᠪᠠᠯ᠂ ᠠᠶᠤᠵᠤ ᠰᠢᠷᠪᠡᠭᠡᠲᠦᠭᠰᠡᠨ ᠪᠦᠰᠡᠭᠦᠢ ᠠᠮᠢᠲᠠᠨ ᠠᠯᠠᠭ ᠦᠷ᠎ᠡ ᠪᠡᠨ ᠲᠠᠰᠤ ᠲᠡᠪᠡᠷᠢᠨ ᠬᠥᠮᠦᠨ ᠬᠥᠮᠦᠨ ᠢ᠋ ᠴᠢᠷᠠᠢᠴᠢᠯᠠᠩᠭᠤᠢ ᠬᠠᠷᠠᠵᠤ ᠵᠣᠭᠰᠣᠪᠠ᠃ ᠲᠡᠷᠡ ᠪᠡᠷ ᠥᠪᠡᠷ ᠢ᠋ᠶ᠋ᠡᠨ ᠯᠡ ᠲᠣᠳᠣᠢᠨ ᠨᠣᠶᠠᠨ ᠢ᠋ ᠠᠯᠠᠴᠢᠬᠠᠭᠰᠠᠨ ᠶᠤᠮ ᠰᠢᠭ᠋ ᠭᠡᠮ ᠵᠢᠮ᠎ᠡ ᠶ᠋ᠢ ᠮᠡᠳᠡᠷᠡᠵᠦ᠂ ᠶᠠᠯ᠎ᠠ ᠶᠠᠩᠬᠠᠨ ᠢ᠋ ᠡᠭᠦᠷᠴᠦ ᠪᠠᠢᠪᠠ᠃ ᠲᠡᠭᠦᠨ ᠦ᠌ ᠱᠠᠩᠬᠤᠨ ᠳ᠋ᠤ᠌ ᠨᠠᠰᠤᠨ ᠤ᠋ ᠴᠠᠭᠠᠨ ᠰᠢᠪᠠᠭᠤᠳ ᠡᠭᠦᠷ ᠢ᠋ᠶ᠋ᠡᠨ ᠵᠠᠰᠠᠭᠰᠠᠨ ᠢ᠋ ᠰᠠᠶᠢ ᠯᠠ ᠠᠩᠵᠠᠭᠠᠷᠠᠭᠰᠠᠨ ᠬᠣᠲᠣᠯᠠ《ᠵᠢᠷᠭᠠᠵᠤ ᠴᠢᠳᠠᠯ ᠦᠭᠡᠢ ᠥᠲᠡᠯᠦᠯ᠎ᠡ ᠳᠡ》 ᠭᠡᠵᠦ ᠬᠠᠷᠠᠭᠤᠰᠤᠨ ᠪᠣᠳᠣᠭᠰᠠᠨ ᠢ᠋ᠶ᠋ᠠᠨ ᠭᠠᠯ ᠳᠥᠯᠥ ᠰᠢᠭ ᠠᠭᠠᠰᠢᠯᠠᠬᠤ ᠡᠷᠬᠡ ᠬᠠᠲᠤᠨ ᠳ᠋ᠤ᠌ ᠬᠠᠨᠳᠤᠨ᠂ 
       — ᠪᠦᠯᠵᠢᠭᠡᠨ ᠨᠢᠯᠬ᠎ᠠ ᠨᠣᠢᠲᠠᠨ ᠬᠡᠦᠬᠡᠳ ᠲᠡᠢ ᠶᠠᠭᠠᠬᠢᠵᠤ ᠶᠠᠪᠤᠬᠤ ᠪᠣᠢ ᠳᠠ᠃ ᠴᠢ ᠶᠠᠪᠤᠲᠤᠭᠠᠢ! ᠬᠡᠮᠡᠪᠡ᠃ ᠲᠠᠯᠠᠮᠠᠨ ᠬᠠᠲᠤᠨ《ᠬᠡᠩ》 ᠭᠡᠵᠦ ᠬᠠᠮᠠᠷ ᠳᠣᠣᠷ᠎ᠠ ᠪᠠᠨ ᠳᠤᠷᠠᠮᠵᠢᠬᠠᠨ ᠳᠤᠤᠭᠠᠷᠤᠭᠰᠠᠨ ᠢ᠋ᠶ᠋ᠠᠨ ᠪᠥᠭᠰᠡ ᠪᠡᠨ ᠬᠠᠶᠠᠯᠠᠨ ᠠᠯᠬᠤᠵᠤ᠂ 
       — ᠪᠢᠨᠳᠠᠨ ᠠᠬᠠᠢ᠂ ᠣᠳᠣ ᠶᠠᠪᠤᠰᠤ ᠭᠡᠮᠡᠨ ᠳᠡᠯ ᠢ᠋ ᠨᠢ ᠱᠠᠩᠬᠤᠯᠠᠵᠤ ᠵᠠᠰᠠᠭᠰᠠᠨ ᠬᠥᠭᠡᠷᠦᠬᠦᠨ ᠬᠠᠯᠢᠭᠤᠨ ᠮᠣᠷᠢᠨ ᠳ᠋ᠤ᠌ ᠮᠣᠷᠳᠠᠬᠤ ᠳ᠋ᠤ᠌ ᠡᠪᠦᠭᠡᠨ ᠪᠢᠨᠳᠠᠨ ᠨᠣᠶᠠᠨ ᠰᠠᠨᠳᠤᠷᠤᠨ ᠮᠠᠢᠵᠢᠭᠢ ᠮᠠᠢᠵᠢᠭᠢ ᠭᠦᠶᠦᠵᠦ᠂ ᠲᠦᠳᠡᠬᠡᠨ ᠬᠡᠯᠡ ᠳᠣᠭᠣᠯᠭᠠᠬᠤ ᠪᠠᠭ ᠪᠡᠯᠡᠨ ᠪᠣᠯᠪᠠ᠃ ᠡᠷᠬᠡ ᠬᠠᠲᠤᠨ ᠬᠥᠯᠥᠰᠥ ᠪᠡᠨ ᠴᠢᠳᠬᠤᠨ ᠭᠦᠶᠦᠬᠦ ᠪᠢᠨᠳᠠᠨ ᠠᠬᠠᠢ ᠶ᠋ᠢ ᠰᠢᠪᠠᠳᠠᠭᠤᠯᠤᠨ᠂ 
       一 ᠬᠤᠷᠳᠤᠯᠠᠭᠠᠴᠢ ᠠ᠋᠂ ᠬᠤᠷᠳᠤᠨ! ᠬᠣᠷᠮᠣᠢ ᠪᠠᠨ ᠴᠢᠷᠦᠭᠡᠳ ᠶᠠᠭᠤᠨ ᠳ᠋ᠤ᠌ ᠤᠳᠠᠨ᠎ᠠ᠂ ᠴᠢ! ᠭᠠᠢ ᠲᠠᠷᠢᠭᠰᠠᠳ ᠪᠠᠭᠠᠳᠠᠭ᠎ᠠ ᠦᠭᠡᠢ ᠪᠠᠢᠭ᠎ᠠ ᠪᠤᠰᠤ ᠤᠤ ᠭᠡᠮᠡᠨ ᠲᠠᠴᠢᠭᠢᠨᠠᠵᠤ ᠠᠪᠠᠢ᠃ ᠭᠠᠢ ᠭᠡᠳᠡᠭ ᠦᠭᠡ ᠪᠦᠯᠵᠢᠭᠡᠨ ᠬᠠᠲᠤᠨ ᠢ᠋ ᠴᠢᠭᠯᠡᠭᠰᠡᠨ ᠰᠤᠮᠤ ᠪᠠᠢᠪᠠ᠃ ᠬᠥᠭᠡᠷᠦᠬᠦᠢ ᠡᠬᠡ᠂ ᠰᠦ ᠦᠨᠦᠷᠲᠦᠭᠰᠡᠨ ᠨᠢᠯᠬ᠎ᠠ ᠪᠠᠨ ᠡᠩᠭᠡᠷ ᠲᠡᠭᠡᠨ ᠲᠡᠪᠡᠷᠢᠨ ᠬᠤᠷᠤᠢᠯᠠᠵᠤ ᠬᠥᠮᠥᠭᠡᠢ ᠵᠠᠭᠤᠪᠠᠴᠤ ᠨᠢᠯᠪᠤᠰᠤ ᠨᠢ ᠴᠢᠮᠡᠭᠡ ᠦᠭᠡᠢ ᠤᠷᠤᠰᠤᠨ᠎ᠠ᠃ ᠴᠢᠩᠭᠢᠲᠡᠯ᠎ᠡ ᠶᠡᠬᠡ ᠬᠠᠲᠤᠨ ᠳᠡᠭᠡᠷ᠎ᠡ ᠨᠢ ᠳᠠᠪᠤᠰᠤ ᠨᠡᠮᠡᠵᠦ᠂《ᠴᠣᠬᠣᠮ ᠠ᠋᠂ ᠴᠣᠬᠣᠮ! ᠬᠡᠯᠡᠭᠡᠳ ᠶᠠᠭᠠᠬᠢᠬᠤ ᠪᠣᠢ᠃ ᠭᠠᠢ ᠮᠤᠩᠳᠠᠬᠤ ᠪᠢᠰᠢ᠂ ᠬᠠᠶᠠᠭᠠᠨ ᠳ᠋ᠤ᠌ ᠢᠷᠡᠵᠦ ᠰᠠᠭᠤᠴᠢᠬᠠᠭᠠᠳ ᠬᠠᠮᠤᠭ ᠤ᠋ᠨ ᠬᠢᠨᠢ ᠲᠣᠯᠣᠭᠠᠢ ᠶ᠋ᠢ ᠵᠠᠯᠭᠢᠵᠤ ᠭᠦᠢᠴᠡᠬᠦ ᠨᠢ ᠰᠢᠪ ᠳᠡ! ᠭᠡᠯ᠎ᠡ᠃ ᠪᠦᠯᠵᠢᠭᠡᠨ ᠲᠡᠰᠴᠦ ᠦᠯᠦ ᠴᠢᠳᠠᠨ ᠮᠡᠭᠰᠢᠨ ᠤᠬᠢᠯᠠᠬᠤ ᠳ᠋ᠤ᠌ ᠬᠣᠲᠣᠯᠠ ᠨᠣᠶᠠᠨ᠂
       一 ᠰᠡᠳᠬᠢᠯ ᠢ᠋ᠶ᠋ᠡᠨ ᠪᠡᠷᠢ ᠳᠠ ᠭᠡᠵᠦ ᠠᠷᠭᠠᠳᠠᠬᠤ ᠶ᠋ᠢ ᠦᠵᠡᠭᠰᠡᠨ ᠬᠣᠶᠠᠷ ᠬᠠᠲᠤᠨ ᠤ᠋ ᠬᠣᠷᠣ ᠰᠢᠷ᠎ᠠ ᠪᠦᠷ ᠳᠡᠯᠪᠡ ᠲᠠᠲᠠᠵᠤ᠂ 
       一 ᠬᠠᠶᠠᠭ᠎ᠠ ᠪᠠᠨ ᠬᠠᠳᠤᠷᠴᠤ᠂ ᠵᠠᠶᠠᠭ᠎ᠠ ᠪᠠᠨ ᠱᠤᠯᠤᠭᠰᠠᠨ ᠮᠠᠭᠤ ᠢᠷᠣ᠎ᠠ ᠶ᠋ᠢᠨ ᠠᠮᠢᠲᠠᠨ᠃ 
       一 ᠭᠠᠯ ᠰᠠᠬᠢᠵᠤ᠂ ᠭᠠᠢ ᠲᠠᠷᠢᠭᠰᠠᠨ ᠱᠤᠯᠤᠮ! ᠦᠷ᠎ᠡ ᠲᠥᠷᠥᠭᠦᠯᠵᠦ ᠦᠬᠦᠯ ᠳᠠᠭᠤᠳᠠᠭᠰᠠᠨ ᠲᠠᠢᠷᠠᠩ! ᠭᠡᠮᠡᠨ ᠠᠮᠠ ᠣᠷᠣᠯᠳᠣᠭᠤᠯᠤᠨ ᠬᠠᠷᠢᠶᠠᠪᠠ᠃ ᠪᠦᠯᠵᠢᠭᠡᠨ ᠬᠠᠲᠤᠨ ᠤ᠋ ᠴᠢᠬᠢ ᠤᠷᠤᠭᠤ ᠬᠠᠯᠠᠭᠤᠨ ᠲᠤᠭᠤᠯᠭ᠎ᠠ ᠴᠢᠳᠬᠤᠬᠤ ᠰᠢᠭ᠋ ᠪᠣᠯᠬᠤ ᠳ᠋ᠤ᠌ ᠦᠷ᠎ᠡ ᠪᠡᠨ ᠲᠡᠪᠡᠷᠢᠨ ᠪᠤᠰᠢᠭᠤᠬᠠᠨ ᠭᠡᠷ ᠲᠡᠭᠡᠨ ᠰᠢᠷᠭᠤᠯ᠎ᠠ᠃ ᠡᠷᠬᠡ ᠬᠠᠲᠤᠨ ᠠᠳᠠᠲᠠᠶ᠎ᠠ ᠨᠢᠳᠦ ᠨᠢ ᠭᠢᠯᠠᠯᠵᠠᠨ᠂ 
       —ᠴᠦ ᠭᠡᠰᠡᠨ ᠢ᠋ᠶ᠋ᠡᠨ ᠲᠣᠭᠣᠰᠣ ᠲᠠᠲᠠᠭᠤᠯᠤᠨ ᠳᠠᠪᠬᠢᠵᠤ ᠣᠳᠬᠤ ᠳ᠋ᠤ᠌ ᠪᠢᠨᠲᠠ ᠨᠣᠶᠠᠨ ᠰᠢᠳᠠᠷ ᠴᠡᠷᠢᠭ ᠢ᠋ᠶ᠋ᠡᠨ ᠵᠢᠭᠰᠠᠭᠠᠨ ᠬᠣᠢᠨ᠎ᠠ᠎ᠠ᠋ᠴᠠ ᠨᠢ ᠫᠦᠭ ᠫᠦᠭ ᠪᠠᠷᠠᠳᠠᠨ ᠱᠣᠭᠰᠢᠪᠠ᠃ ᠶᠡᠬᠡ ᠬᠠᠲᠤᠨ ᠮᠤᠬᠤᠯᠠᠭ ᠲᠡᠷᠭᠡᠨ᠎ᠡ ᠠᠯᠲᠠᠨ ᠬᠥᠪᠡᠭᠦᠨ ᠢ᠋ᠶ᠋ᠡᠨ ᠰᠠᠭᠤᠯᠭᠠᠬᠤ ᠳ᠋ᠤ᠌ ᠬᠣᠲᠣᠯᠠ᠂ 
       一 ᠬᠠᠷ᠎ᠠ ᠨᠢᠯᠬ᠎ᠠ᠎ᠠ᠋ᠴᠠ ᠨᠢ ᠪᠢᠨᠳᠦᠷᠯᠡᠭᠡᠳ ᠶᠠᠭᠠᠬᠢᠬᠤ ᠨᠢ ᠪᠣᠢ᠃ ᠮᠣᠷᠢ ᠲᠠᠢ ᠶᠠᠪᠤᠭᠤᠯ! ᠭᠡᠬᠦ ᠳ᠋ᠦ᠍ ᠰᠢᠷᠪᠢ ᠲᠡᠳᠡᠨ᠂ ᠰᠡᠭᠡᠷ ᠢ᠋ᠶ᠋ᠡᠨ ᠱᠦᠷᠭᠦᠭᠡᠵᠦ᠂ 
       — ᠲᠤᠯᠭᠠᠲᠠᠢ ᠣᠳᠴᠢᠬᠢᠨ ᠢ᠋ᠶ᠋ᠠᠨ ᠲᠠ ᠬᠢᠴᠢᠶᠡ! ᠠᠯᠲᠠᠨ ᠬᠥᠪᠡᠭᠦᠨ ᠢ᠋ᠶ᠋ᠡᠨ ᠪᠢ ᠬᠢᠴᠢᠶᠡᠶ᠎ᠡ ᠭᠡᠰᠡᠨ ᠢ᠋ᠶ᠋ᠡᠨ ᠬᠠᠭᠠᠯᠭ᠎ᠠ ᠪᠠᠨ ᠳᠡᠰ ᠬᠢᠲᠡᠯ᠎ᠡ ᠬᠠᠭᠠᠬᠤ ᠳ᠋ᠤ᠌ ᠬᠠᠲᠤᠨ ᠲᠡᠷᠭᠡ ᠵᠤᠭᠤᠤᠬᠠᠨ ᠬᠥᠳᠡᠯᠪᠡ᠃ ᠵᠣᠴᠢ᠂ ᠬᠢᠷᠮᠡᠦ ᠬᠣᠶᠠᠷ ᠬᠥᠯᠲᠥᠷᠭᠡ ᠲᠡᠢ ᠠᠴᠢᠶ᠎ᠠ ᠪᠦᠬᠦᠢ ᠰᠤᠯᠠ ᠮᠣᠷᠢᠳ ᠢ᠋ᠶ᠋ᠠᠨ ᠬᠥᠲᠥᠯᠦᠨ ᠢᠵᠢᠢ ᠬᠠᠲᠤᠨ ᠢ᠋ᠶ᠋ᠠᠨ ᠳᠠᠭᠠᠯ᠎ᠠ᠃ ᠡᠨᠡ ᠦᠶᠡᠰ ᠬᠥᠲᠥᠴᠢ ᠪᠠᠭᠠᠲᠤᠷ ᠬᠠᠭᠠᠨ ᠬᠦᠯᠦᠭ ᠦ᠋ᠨ ᠴᠤᠯᠪᠤᠭᠤᠷ ᠠᠪᠴᠢᠷᠠᠵᠤ ᠥᠭᠬᠦ ᠳ᠋ᠦ᠍ ᠬᠣᠲᠣᠯᠠ᠂ 
       一 ᠬᠣᠷᠴᠢ ᠭᠤᠸᠠᠢ ᠲᠠ ᠬᠠᠲᠤᠨ᠂ ᠠᠭᠡ ᠬᠣᠶᠠᠷ ᠲᠤ᠌ ᠬᠠᠨᠢ ᠪᠠᠷ᠎ᠠ ᠪᠣᠯᠵᠤ ᠪᠠᠢᠪᠠᠯ ᠰᠠᠢᠨ ᠶᠤᠮ ᠰᠠᠨ ᠭᠡᠪᠡᠯ ᠬᠣᠷᠴᠢ ᠡᠪᠦᠭᠡᠨ ᠮᠡᠬᠦᠰᠬᠢᠨ᠂ 
       — ᠡᠪᠦᠭᠡᠨ ᠬᠣᠷᠴᠢ ᠪᠢ ᠪᠠᠢᠲᠤᠭᠠᠢ ᠦᠯᠢᠭᠡᠷ ᠳᠣᠮᠣᠭ ᠤ᠋ᠨ ᠲᠦᠮᠡᠨ ᠨᠣᠶᠠᠳ ᠪᠠᠷ᠎ᠠ ᠪᠣᠯᠵᠤ ᠦᠯᠡᠲᠡᠯ᠎ᠡ᠃ ᠲᠠ ᠰᠡᠳᠬᠢᠯ ᠠᠮᠤᠭᠤᠯᠠᠩ ᠮᠣᠷᠢᠯᠠ! ᠬᠡᠮᠡᠵᠡᠢ᠃ ᠬᠣᠲᠣᠯᠠ ᠶ᠋ᠢᠨ ᠪᠥᠭᠯᠡᠷᠡᠨ ᠠᠭᠰᠠᠨ ᠳᠣᠲᠣᠷ᠎ᠠ ᠡᠷᠬᠡᠪᠰᠢ ᠣᠩᠭᠣᠢᠵᠤ ᠠᠭᠤᠵᠢᠮᠬᠠᠨ ᠠᠮᠢᠰᠬᠤᠯ ᠠᠪᠤᠭᠠᠳ᠂ 
       — ᠪᠥᠷᠲᠡ ᠴᠢᠨᠣ᠎ᠠ ᠡᠪᠦᠭᠡ ᠶ᠋ᠢᠨ ᠲᠠᠩᠭᠢᠰ ᠳᠠᠯᠠᠢ ᠭᠠᠲᠤᠯᠤᠨ ᠢᠷᠡᠵᠦ᠂ ᠤᠨᠤᠨ ᠮᠥᠷᠡᠨ ᠦ᠌ ᠡᠬᠢ ᠪᠤᠷᠬᠠᠨ ᠬᠠᠯᠳᠤᠨ ᠠᠭᠤᠯᠠᠨ᠎ᠠ ᠨᠤᠲᠤᠭᠯᠠᠵᠤ ᠰᠠᠭᠤᠭᠰᠠᠨ ᠳᠣᠮᠣᠭ ᠶᠠᠷᠢᠵᠤ ᠥᠭᠪᠡᠯ ᠵᠦᠭᠡᠷ ᠶᠦᠮ ᠰᠠᠨ᠃ ᠶᠡᠷᠦ ᠨᠢ ᠲᠠᠨ ᠳ᠋ᠤ᠌ ᠭᠡᠵᠦ ᠬᠡᠯᠡᠬᠦ ᠳ᠋ᠦ᠍ ᠲᠤᠯᠭᠠᠲᠠᠢ ᠣᠳᠴᠢᠬᠢᠨ ᠬᠦᠦ ᠪᠡᠨ ᠬᠣᠷᠴᠢ ᠪᠣᠯᠭᠠᠬᠤ ᠰᠠᠨᠠᠭ᠎ᠠ ᠪᠠᠢᠨ᠎ᠠ ᠰᠠᠨᠵᠠᠢ ᠭᠡᠯ᠎ᠡ᠃ ᠬᠥᠩᠬᠥᠷ ᠬᠣᠷᠴᠢ ᠵᠣᠪᠠᠭᠰᠠᠨ ᠡᠴᠢᠭᠡ ᠬᠥᠮᠦᠨ ᠦ᠌ ᠠᠷᠭ᠎ᠠ ᠶᠠᠳᠠᠭᠰᠠᠨ ᠰᠠᠨᠠᠭ᠎ᠠ ᠶ᠋ᠢ ᠰᠠᠶᠢ ᠯᠠ ᠤᠬᠠᠭᠠᠷᠠᠵᠤ᠂ ᠠᠯᠠᠭ ᠦᠷ᠎ᠡ ᠪᠡᠨ ᠠᠮᠢᠳᠤ ᠠᠪᠴᠤ ᠦᠯᠡᠳᠡᠬᠦ ᠶ᠋ᠢ ᠬᠢᠴᠢᠶᠡᠭᠰᠡᠨ ᠬᠣᠯᠠ ᠶ᠋ᠢᠨ ᠪᠣᠳᠣᠯ ᠢ᠋ ᠨᠢ ᠡᠷᠬᠢᠮᠯᠡᠵᠦ᠂ 
       — ᠬᠢᠴᠢᠶᠡᠶ᠎ᠡ᠂ ᠬᠠᠭᠠᠨᠲᠠᠨ ᠠ᠋ ᠭᠡᠮᠡᠨ ᠦᠯᠡᠳᠡᠵᠡᠢ᠃ ᠬᠡᠭᠡᠷ᠎ᠡ ᠶ᠋ᠢᠨ ᠨᠣᠶᠠᠳ ᠥᠪᠡᠷᠰᠡᠳ ᠢ᠋ᠶ᠋ᠡᠨ ᠦᠬᠦᠬᠦ ᠡᠴᠡ ᠦᠯᠦ ᠠᠶᠤᠬᠤ ᠪᠥᠯᠥᠭᠡ᠃ ᠬᠠᠷᠢᠨ ᠦᠦᠬᠡ ᠲᠡᠦᠬᠡ ᠦᠷᠡᠭᠳᠡᠵᠦ ᠠᠯᠠᠭ᠎ᠠ ᠪᠣᠯᠬᠤ ᠎ᠠ᠋ᠴᠠ ᠡᠮᠢᠶᠡᠬᠦ ᠪᠥᠯᠥᠭᠡ᠃ ᠡᠢᠨ ᠵᠦᠹᠦ᠋ ᠠᠷᠪᠠᠨ ᠨᠠᠢ᠍ᠮᠠᠨ ᠠᠢᠮᠠᠭ ᠭᠠᠭᠴᠠ ᠬᠣᠷᠴᠢ ᠪᠠᠨ ᠦᠬᠡᠷ ᠤᠨᠤᠭᠤᠯᠵᠤ᠂ ᠢᠯᠭᠢ ᠨᠥᠮᠥᠷᠥᠭᠦᠯᠵᠦ ᠦᠬᠦᠯ ᠡᠴᠡ ᠨᠢᠭᠤᠵᠤ ᠡᠳᠦᠢ ᠬᠦᠷᠭᠡᠪᠡ᠃ ᠬᠣᠲᠣᠯᠠ ᠨᠣᠶᠠᠨ ᠲᠠᠲᠠᠪᠤᠷᠢ ᠡᠮ᠎ᠡ ᠡᠴᠡ ᠭᠠᠷᠤᠭᠰᠠᠨ ᠴᠢᠰᠤᠨ ᠤᠷᠤᠭ ᠢ᠋ᠶ᠋ᠠᠨ ᠦᠦᠬᠡ ᠲᠡᠦᠬᠡ ᠡᠪᠦᠷᠲᠦᠯᠡᠭᠦᠯᠦᠨ ᠦᠬᠦᠯ ᠡᠴᠡ ᠨᠢᠭᠤᠬᠤ ᠨᠢ ᠡᠨᠡ ᠠᠵᠤᠭᠤ᠃ ᠬᠠᠭᠠᠨ ᠲᠡᠷᠢᠭᠦᠯᠡᠭᠰᠡᠨ ᠬᠥᠰᠬᠡ ᠰᠢᠭᠤᠷᠬᠠᠢ ᠤᠷᠤᠭᠰᠢᠯᠠᠵᠤ ᠲᠦᠳᠡᠬᠡᠨ ᠵᠤᠨ ᠤ᠋ ᠨᠠᠷᠠᠨ ᠳᠤᠨᠢᠶᠠᠷᠲᠤᠬᠤ ᠬᠥᠬᠡ ᠲᠡᠷᠯᠡᠨ ᠠᠭᠤᠯᠠ ᠶ᠋ᠢᠨ ᠬᠥᠪᠴᠢ ᠤᠷᠤᠭᠤ ᠰᠢᠷᠭᠤᠨ ᠣᠷᠣᠪᠠᠢ᠃ ᠡᠢᠨ ᠵᠦᠭ ᠵᠦᠭ ᠤᠷᠤᠭᠤ ᠬᠥᠮᠦᠨ ᠬᠠᠷ᠎ᠠ ᠳᠡᠷᠡᠨ ᠣᠳᠴᠤ᠂ ᠬᠠᠭᠠᠨ ᠬᠦᠷᠢᠶ᠎ᠡ ᠨᠠᠮ ᠭᠦᠮ ᠪᠣᠯᠬᠤ ᠳ᠋ᠤ᠌ ᠰᠣᠯᠵᠢᠷ ᠬᠤᠸᠠ ᠰᠠᠷᠯᠤᠭ ᠨᠢ ᠭᠠᠢᠬᠠᠭᠰᠠᠨ ᠮᠡᠲᠦ ᠮᠥᠭᠡᠷᠡᠵᠦ ᠡᠵᠡᠨ ᠬᠣᠷᠴᠢ ᠳ᠋ᠠᠭᠠᠨ ᠳᠣᠬᠢᠶ᠎ᠠ ᠥᠭᠴᠡᠢ᠃ ᠲᠡᠷᠡ ᠪᠡᠷ ᠬᠤᠨ ᠬᠤᠭᠤᠷ ᠢ᠋ᠶ᠋ᠠᠨ ᠮᠥᠷᠦᠨ ᠡᠴᠡ ᠪᠡᠨ ᠮᠤᠯᠲᠤᠯᠤᠨ ᠠᠪᠴᠤ ᠡᠷᠭᠢᠭᠰᠡᠨ ᠢ᠋ᠶ᠋ᠡᠨ ᠣᠳᠣ ᠬᠢᠷᠢ ᠳᠡᠷᠭᠡᠳᠡ ᠨᠢ ᠵᠣᠭᠰᠣᠵᠤ᠂ ᠠᠶᠠᠨ ᠤ᠋ ᠬᠢᠨᠢ ᠪᠣᠭᠴᠣ ᠶ᠋ᠢ ᠪᠠᠷᠢᠨ ᠪᠠᠢᠬᠤ ᠰᠢᠪᠡᠭᠴᠢᠨ ᠡᠮ᠎ᠡ ᠳ᠋ᠦ᠍᠂ 
       — ᠬᠠᠭᠠᠨ ᠵᠠᠷᠯᠢᠭ ᠰᠣᠨᠣᠰᠪᠠ ᠤᠤ? ᠭᠡᠪᠡᠯ ᠵᠠᠯᠠᠭᠤ ᠥᠬᠢᠨ᠂ 
       — ᠵᠠ᠂ ᠪᠢ ᠰᠣᠨᠣᠰᠤᠭᠰᠠᠨ ᠪᠢᠯᠡ ᠬᠡᠮᠡᠯ᠎ᠡ᠃ ᠬᠥᠩᠬᠥᠷ ᠬᠣᠷᠴᠢ ᠠᠶᠠᠨ ᠤ᠋ ᠪᠣᠭᠴᠣ ᠪᠠᠨ ᠭᠠᠷ ᠳᠡᠭᠡᠷ᠎ᠡ ᠡᠴᠡ ᠨᠢ ᠠᠪᠴᠤ ᠭᠡᠷ ᠲᠦᠰᠢᠭᠦᠯᠵᠦ ᠲᠠᠯᠪᠢᠭᠠᠳ᠂ 
       — ᠵᠠ᠂ ᠲᠡᠢᠮᠦ ᠪᠣᠯ ᠴᠢ ᠶᠠᠪᠤᠵᠤ ᠰᠣᠯᠵᠢᠷ ᠬᠤᠸᠠ ᠰᠠᠷᠯᠤᠭ ᠢ᠋ ᠮᠢᠨᠢ ᠪᠡᠯᠴᠢᠭᠡᠷ ᠲᠦ᠍ ᠢᠳᠡᠭᠡᠰᠢᠯᠡᠭᠦᠯ! ᠠᠭᠡ ᠨᠣᠶᠠᠨ ᠳ᠋ᠤ᠌ ᠬᠠᠨᠢ ᠪᠣᠯᠵᠤ ᠠᠬ᠎ᠠ ᠨᠢ ᠬᠡᠳᠦ ᠬᠣᠨᠣᠬᠤ ᠳ᠋ᠠᠭ ᠭᠡᠵᠡᠢ᠃ ᠡᠢᠨ ᠥᠭᠦᠯᠡᠭᠡᠳ ᠬᠠᠭᠠᠨ ᠬᠥᠰᠬᠡ ᠶ᠋ᠢᠨ ᠲᠣᠭᠣᠰᠣ ᠨᠠᠮᠵᠢᠭᠰᠠᠨ ᠬᠥᠬᠡ ᠠᠭᠤᠯᠠᠰ ᠤᠷᠤᠭᠤ ᠬᠠᠷᠠᠴᠠ ᠪᠡᠯᠴᠢᠭᠡᠪᠡᠯ ᠲᠤᠩᠭᠠᠯᠠᠭ ᠣᠭᠲᠠᠷᠭᠤᠢ ᠰᠠᠢᠬᠠᠨ ᠤᠴᠠᠷᠠᠯ ᠬᠦᠯᠢᠶᠡᠬᠦ ᠮᠡᠲᠦ ᠪᠥᠷᠲᠥᠢᠬᠦ ᠴᠦ᠍ ᠡᠭᠦᠯᠡ ᠦᠭᠡᠢ ᠮᠡᠯᠲᠡᠢᠵᠦ ᠪᠠᠢᠯ᠎ᠠ᠃ ᠬᠠᠭᠠᠨ ᠬᠦᠷᠢᠶᠡᠨ ᠦ᠌ ᠬᠠᠶᠠᠭ᠎ᠠ ᠡᠮᠵᠢᠵᠦ ᠤᠷᠤᠰᠬᠤ ᠰᠡᠩᠬᠦᠷ ᠦ᠋ᠨ ᠭᠣᠷᠣᠬ᠎ᠠ ᠬᠣᠷᠴᠢᠭᠢᠨᠠᠬᠤ ᠨᠢ ᠳᠡᠭᠡᠷ᠎ᠡ ᠴᠠᠭ ᠲᠤ᠌ ᠠᠷᠢᠭᠤᠨ ᠬᠤᠨ ᠤ᠋ ᠭᠣᠷᠣᠬ᠎ᠠ ᠡᠭᠡᠰᠢᠭᠯᠡᠵᠦ ᠤᠷᠤᠰᠳᠠᠭ ᠭᠡᠮᠡᠨ ᠳᠣᠮᠣᠭ ᠲᠤ᠌ ᠥᠭᠦᠯᠡᠳᠡᠭ ᠨᠢ ᠪᠦᠦᠷ ᠲᠦᠦᠷᠬᠡᠨ ᠰᠠᠨᠠᠭᠳᠠᠵᠤ᠂ ᠬᠠᠲᠤᠨ ᠳ᠋ᠤ᠌ ᠶᠠᠷᠢᠬᠤ ᠦᠯᠢᠭᠡᠷ ᠦ᠋ᠨ ᠣᠷᠣᠰᠢᠯ ᠠᠶᠠᠯᠭᠤ ᠰᠣᠨᠣᠰᠳᠠᠨ ᠠᠵᠤᠭᠤ᠃

                2

       ᠭᠣᠯᠣᠮᠲᠠ ᠵᠠᠯᠭᠠᠬᠤ ᠣᠳᠬᠣᠨ ᠨᠣᠶᠠᠨ ᠢ᠋ᠶ᠋ᠠᠨ ᠠᠯᠳᠠᠵᠤ᠂ ᠠᠯᠲᠠᠨ ᠤᠷᠤᠭ ᠳᠠᠶᠠᠭᠠᠷ ᠣᠢ ᠭᠠᠰᠢᠭᠤ ᠪᠣᠯᠤᠭᠰᠠᠨ ᠬᠡᠳᠦᠢ ᠴᠦ᠍ ᠬᠤᠲᠤᠭᠲᠤ ᠨᠣᠶᠠᠨ ᠤ᠋ ᠲᠡᠷᠢᠭᠦᠯᠡᠵᠦ ᠮᠣᠷᠳᠠᠭᠰᠠᠨ ᠭᠤᠷᠪᠠᠨ ᠵᠠᠮ ᠤ᠋ᠨ ᠶᠡᠬᠡ ᠴᠡᠷᠢᠭ ᠦᠯᠦ ᠪᠤᠴᠠᠪᠠ᠃ ᠶᠢᠰᠦᠨ ᠲᠠᠲ᠋ᠠᠷ ᠤ᠋ᠨ ᠦᠭᠡ ᠨᠣᠶᠠᠨ ᠥᠪᠡᠷ ᠦ᠋ᠨ ᠴᠡᠷᠢᠭ ᠢ᠋ ᠣᠷᠱᠣᠨ ᠮᠥᠷᠡᠨ ᠦ᠌ ᠡᠬᠢ ᠥᠭᠡᠳᠡ ᠲᠠᠲᠠᠵᠤ ᠬᠤᠸᠠᠷᠠᠩᠨᠠᠨ ᠴᠢᠮᠡᠭᠡ ᠴᠢᠩᠨᠠᠵᠤ ᠠᠪᠠᠢ᠃ ᠡᠪᠦᠯ ᠴᠠᠰᠤ ᠶᠡᠬᠡ ᠤᠨᠠᠵᠤ ᠮᠠᠯ ᠰᠦᠷᠦᠭ ᠵᠢᠳᠬᠦᠭᠦᠦ ᠣᠷᠣᠭᠰᠠᠨ ᠲᠤᠯᠠ ᠮᠣᠷᠢᠳ ᠤ᠋ᠨ ᠲᠠᠷᠭᠤ ᠲᠡᠪᠡᠭᠡᠷᠡᠭ ᠮᠠᠭᠤ᠂ ᠴᠡᠷᠢᠭ ᠡᠷᠡᠰ ᠦ᠋ᠨ ᠬᠣᠭᠣᠯᠠ ᠬᠦᠨᠡᠰᠦ ᠬᠣᠮᠰᠠ ᠪᠠᠢᠵᠠᠢ᠃ ᠶᠡᠷᠦ ᠬᠠᠮᠤᠭ ᠮᠣᠩᠭᠣᠯ ᠤ᠋ᠨ ᠬᠠᠨᠯᠢᠭ ᠡᠢᠨ ᠶᠡᠬᠡ ᠰᠦᠷ ᠬᠦᠴᠦ ᠪᠡᠷ ᠳᠠᠭᠠᠷᠢᠨ ᠣᠷᠣᠬᠤ ᠶ᠋ᠢᠨ ᠴᠢᠨᠡᠭᠡ ᠪᠣᠳᠣᠵᠤ ᠶᠠᠪᠤᠭᠰᠠᠨ ᠦᠭᠡᠢ᠃ ᠲᠡᠢᠮᠦ ᠶ᠋ᠢᠨ ᠤᠴᠢᠷ ᠬᠦᠴᠦ ᠰᠡᠯᠪᠢᠵᠦ᠂ ᠴᠠᠭ ᠬᠣᠵᠢᠵᠤ ᠣᠷᠱᠤᠨ ᠮᠥᠷᠡᠨ ᠦ᠌ ᠬᠠᠷ᠎ᠠ ᠰᠢᠭᠤᠢ ᠳ᠋ᠤ᠌ ᠪᠦᠭᠭᠦᠨ ᠲᠤᠷᠰᠢᠭᠤᠯ ᠢᠯᠡᠭᠡᠬᠦ ᠪᠣᠯᠪᠠ᠃ ᠭᠡᠲᠡᠯ᠎ᠡ ᠬᠣᠲᠣᠯᠠ ᠬᠠᠭᠠᠨ ᠴᠣ ᠴᠡᠷᠢᠭ ᠢ᠋ᠶ᠋ᠡᠨ ᠪᠠᠭᠤᠯᠭᠠᠬᠤ ᠲᠤᠬᠠᠢ ᠡᠰᠡ ᠪᠣᠳᠣᠵᠤ᠂《ᠲᠠᠪᠤᠨ ᠬᠤᠷᠤᠭᠤᠨ ᠤ᠋ ᠬᠢᠮᠤᠰᠤ ᠪᠠᠨ ᠲᠠᠮᠲᠤᠷᠠᠲᠠᠯ᠎ᠠ᠂ ᠲᠠᠬᠠᠯᠠᠢ ᠵᠢᠭᠠᠬᠠᠨ ᠪᠡᠶ᠎ᠡ ᠪᠡᠨ ᠳᠠᠭᠤᠰᠲᠠᠯ᠎ᠠ᠂ ᠲᠠᠲ᠋ᠠᠷ ᠠ᠋ᠴᠠ ᠦᠰ ᠠᠪᠤᠭᠲᠤᠨ》 ᠭᠡᠰᠡᠨ ᠠᠮᠪᠠᠭᠠᠢ ᠬᠠᠭᠠᠨ ᠤ᠋ ᠦᠭᠡ ᠶ᠋ᠢ ᠡᠯᠴᠢ ᠳ᠋ᠦ᠍ ᠴᠡᠭᠡᠵᠢᠯᠡᠭᠦᠯᠵᠦ ᠢᠯᠡᠭᠡᠭᠰᠡᠨ ᠰᠤᠷᠠᠭ ᠰᠣᠨᠣᠰᠴᠠᠢ᠃ ᠦᠭᠡ ᠨᠣᠶᠠᠨ ᠲᠠᠰᠢᠶᠠᠯᠳᠠᠵᠤ ᠬᠡᠪᠲᠡᠭᠡᠳ ᠭᠠᠯ ᠰᠢᠷᠳᠡᠨ ᠴᠢᠮᠡᠭᠡ ᠦᠭᠡᠢ ᠰᠠᠭᠤᠵᠤ ᠰᠠᠭᠤᠵᠤ᠂ 
       — ᠶᠢᠰᠦᠭᠡᠢ ᠪᠣᠯ ᠴᠢᠨᠣ᠎ᠠ ᠶ᠋ᠢᠨ ᠪᠡᠯᠲᠡᠷᠭᠡ! ᠭᠡᠵᠦ ᠥᠪᠡᠷ ᠲᠡᠭᠡᠨ ᠴᠢᠩᠭ᠎ᠠ ᠥᠭᠦᠯᠡᠭᠡᠳ᠂ 
       — ᠮᠡᠯᠲᠡᠭ ᠢ᠋ ᠳᠠᠭᠤᠳᠠ! ᠭᠡᠯ᠎ᠡ᠃ ᠡᠭᠦᠳᠡᠴᠢ ᠴᠡᠷᠢᠭ ᠬᠦ ᠬᠤᠶᠠᠭ ᠢ᠋ᠶ᠋ᠠᠨ ᠬᠠᠩᠭᠢᠷ ᠵᠢᠩᠭᠢᠷ ᠬᠢᠯᠭᠡᠨ ᠭᠠᠷᠴᠤ ᠣᠳᠤᠭᠰᠠᠨ ᠢ᠋ᠶ᠋ᠠᠨ ᠲᠦᠳᠡᠬᠡᠨ ᠥᠮᠥᠳᠥ ᠴᠠᠮᠴᠠ᠎ᠠ᠋ᠴᠠ ᠨᠢ ᠤᠰᠤ ᠰᠠᠪᠢᠷᠠᠭᠰᠠᠨ ᠮᠠᠯᠲᠠᠭ ᠬᠢᠶ᠎ᠡ ᠶ᠋ᠢ ᠣᠷᠣᠭᠤᠯᠵᠤ ᠢᠷᠡᠪᠡ᠃ ᠲᠡᠭᠦᠨ ᠦ᠌ ᠪᠤᠭᠤᠷᠤᠯ ᠦᠰᠦ ᠨᠣᠷᠤᠨ ᠨᠠᠯᠮᠠᠢᠵᠤ᠂ ᠪᠠᠳᠬ᠎ᠠ ᠰᠢᠪᠠᠭᠰᠠᠨ ᠬᠠᠷ᠎ᠠ ᠴᠢᠷᠠᠢ ᠨᠢ ᠦᠷᠦ ᠡᠪᠡᠳᠦᠯᠲᠡᠢ ᠦᠷᠴᠢᠢᠵᠡᠢ᠃ ᠡᠪᠦᠭᠡᠨ ᠬᠢᠶ᠎ᠡ ᠣᠷᠣᠵᠤ ᠢᠷᠡᠩᠭᠦᠲᠡ ᠶᠠᠭ ᠬᠢᠲᠡᠯ᠎ᠡ ᠡᠪᠦᠳᠦᠭ ᠰᠥᠭᠥᠳᠦᠨ᠂ 
       — ᠢᠱ᠌ᠢ᠂ ᠦᠭᠡ ᠨᠣᠶᠠᠨ ᠮᠢᠨᠢ! ᠥᠴᠦᠬᠡᠨ ᠬᠥᠮᠦᠨ ᠪᠢ ᠲᠠᠨ ᠤ᠋ ᠲᠥᠯᠥᠭᠡ ᠮᠣᠷᠢ ᠨᠣᠬᠠᠢ ᠮᠡᠲᠦ ᠵᠢᠳᠬᠦᠵᠦ ᠡᠨᠡ ᠬᠦᠷᠦᠭᠰᠡᠨ ᠪᠢᠯᠡ᠃ ᠭᠡᠲᠡᠯ᠎ᠡ ᠨᠠᠮᠠᠶ᠋ᠢ ᠶᠠᠭᠤᠨ ᠳ᠋ᠤ᠌ ᠪᠠᠷᠢᠵᠤ ᠳᠥᠩᠭᠡᠯᠡᠵᠦ᠂ ᠬᠦᠯᠢᠵᠦ ᠭᠠᠪᠠᠯᠠᠵᠤ ᠤᠷᠤᠰᠬᠠᠯ ᠤᠰᠤᠨ ᠳ᠋ᠤ᠌ ᠣᠢᠨ᠎ᠠ ᠪᠣᠢ? ᠬᠠᠷ᠎ᠠ ᠨᠢᠯᠬ᠎ᠠ᠎ᠠ᠋ᠴᠠ ᠲᠠᠨᠢ ᠬᠠᠵᠠᠭᠤ ᠳ᠋ᠠᠭᠠᠨ ᠠᠪᠴᠤ᠂ ᠪᠦᠷ ᠨᠢᠯᠬ᠎ᠠ᠎ᠠ᠋ᠴᠠ ᠲᠠᠨᠢ ᠪᠥᠭᠡᠷᠡᠨ ᠳ᠋ᠡᠭᠡᠨ ᠠᠪᠴᠤ ᠡᠳᠦᠢ ᠵᠡᠷᠭᠡ ᠳ᠋ᠦ᠍ ᠬᠦᠷᠭᠡᠭᠰᠡᠨ ᠪᠤᠰᠤ ᠤᠤ? ᠭᠡᠬᠦ ᠳ᠋ᠦ᠍ ᠦᠭᠡ ᠨᠣᠶᠠᠨ ᠢᠳᠡᠵᠦ ᠠᠭᠰᠠᠨ ᠴᠢᠪᠠᠭᠠᠨ ᠤ᠋ ᠪᠠᠨ ᠶᠠᠰᠤ ᠶ᠋ᠢ ᠬᠣᠯᠠ ᠨᠤᠯᠮᠤᠭᠠᠳ ᠲᠠᠴᠢᠭᠢᠨᠠᠲᠠᠯ᠎ᠠ ᠬᠥᠬᠥᠷᠡᠪᠡ᠃ ᠪᠦᠷ ᠭᠠᠯ ᠳᠠᠯᠳᠢᠷᠠᠲᠠᠯ᠎ᠠ ᠢᠨᠢᠶᠡᠬᠦ ᠳ᠋ᠦ᠍ ᠮᠡᠯᠲᠡᠭ ᠬᠢᠶ᠎ᠡ ᠭᠠᠪᠠ ᠭᠢᠨᠵᠢ ᠪᠡᠨ ᠬᠠᠷᠴᠢᠭᠢᠨᠠᠭᠤᠯᠤᠨ ᠤᠷᠤᠭᠰᠢ ᠮᠥᠯᠬᠥᠵᠦ᠂ 
       — ᠦᠭᠡ ᠮᠢᠨᠢ᠂ ᠵᠣᠪᠠᠯᠠᠩ ᠮᠡᠳᠡᠬᠦ ᠬᠥᠮᠦᠨ ᠪᠢᠯᠡ ᠴᠢ᠃ ᠠᠢᠯ ᠠᠢᠯ ᠤ᠋ᠨ ᠲᠣᠭᠣᠭ᠎ᠠ ᠥᠩᠭᠡᠢᠵᠦ ᠠᠮᠢ ᠵᠢᠭᠤᠬᠤ ᠶᠠᠯ᠎ᠠ ᠶᠠᠩᠬᠠᠨ ᠳᠣᠣᠷ᠎ᠠ ᠲᠣᠯᠣᠭᠠᠢ ᠡᠪᠦᠳᠦᠭ ᠲᠦ᠍᠂ ᠲᠣᠬᠣᠢ ᠰᠢᠷᠤᠢᠨ ᠳ᠋ᠤ᠌ ᠪᠠᠢᠬᠤ ᠳ᠋ᠤ᠌ ᠴᠢᠨᠢ ᠬᠥᠮᠦᠨ ᠭᠡᠵᠦ ᠬᠠᠷᠠᠭᠰᠠᠨ ᠨᠢ ᠪᠢ ᠪᠤᠰᠤ ᠤᠤ? ᠠᠮᠢ ᠥᠷᠥᠰᠢᠶᠡ! ᠭᠡᠪᠡᠯ ᠦᠭᠡ ᠨᠣᠶᠠᠨ ᠨᠢᠯᠪᠤᠰᠤ ᠪᠠᠨ ᠭᠠᠷᠲᠠᠯ᠎ᠠ ᠢᠨᠢᠶᠡᠵᠦ᠂ ᠲᠡᠭᠡᠭᠰᠡᠨ ᠢ᠋ᠶ᠋ᠡᠨ ᠨᠢᠭᠡ ᠶᠡᠬᠡ ᠲᠣᠮᠣ ᠬᠠᠷᠠᠭᠠᠳ ᠠᠬᠢᠨ ᠡᠯᠢᠭᠡ ᠪᠡᠨ ᠬᠥᠰᠢᠲᠡᠯ᠎ᠡ ᠢᠨᠢᠶᠡᠪᠡ᠃ ᠮᠡᠯᠲᠡᠭ ᠬᠢᠶ᠎ᠡ ᠶ᠋ᠢᠨ ᠠᠶᠠᠳᠠᠰᠤ ᠪᠦᠷ ᠨᠡᠮᠡᠭᠳᠡᠵᠦ᠂ 
       — ᠦᠭᠡ ᠮᠢᠨᠢ᠂ ᠦᠭᠡ ᠮᠢᠨᠢ! ᠴᠠᠭᠠᠨ ᠲᠣᠯᠣᠭᠠᠢ ᠲᠠᠢ ᠡᠬᠡᠨᠡᠷ᠂ ᠴᠠᠷᠴᠠᠭ᠎ᠠ ᠰᠢᠭ᠋ ᠱᠠᠭᠠᠬᠢᠭᠰᠠᠨ ᠬᠦᠦ ᠨᠦ᠍ᠭᠦᠳ ᠮᠢᠨᠢ ᠴᠢᠮᠠᠶ᠋ᠢ ᠳᠠᠭᠠᠵᠤ ᠢᠷᠡᠭᠰᠡᠨ ᠪᠢᠯᠡ᠃ ᠠᠮᠢ ᠥᠷᠥᠰᠢᠶᠡ! ᠭᠡᠬᠦ ᠳ᠋ᠦ᠍ ᠦᠭᠡ ᠨᠣᠶᠠᠨ ᠭᠡᠨᠡᠳᠲᠡ ᠢᠨᠢᠶᠡᠬᠦ ᠪᠡᠨ ᠪᠣᠯᠢᠵᠤ ᠲᠥᠪ ᠳᠥᠯᠭᠡᠨ ᠬᠠᠷᠠᠭᠰᠠᠨ ᠢ᠋ᠶ᠋ᠠᠨ᠂ 
       — ᠲᠠ ᠶᠠᠭᠤ ᠶᠠᠭᠤ ᠦᠭᠡᠢ ᠠᠯᠠᠬᠤ ᠨᠢ ᠭᠡᠵᠦ ᠪᠣᠳᠣᠪᠠ ᠤᠤ? ᠭᠡᠯ᠎ᠡ᠃ ᠡᠷᠬᠡᠪᠰᠢ ᠰᠡᠳᠬᠢᠯ ᠴᠡᠯᠮᠡᠭᠡᠬᠦ ᠦᠭᠡ ᠰᠣᠨᠣᠰᠤᠭᠰᠠᠨ ᠮᠡᠯᠲᠡᠭ ᠬᠢᠶ᠎ᠡ ᠤᠴᠢᠷ ᠦᠭᠡᠢ ᠲᠣᠮᠣ ᠬᠠᠷᠠᠭᠰᠠᠨ ᠢ᠋ᠶ᠋ᠠᠨ᠂ ᠫᠠᠷᠯᠢᠭᠠᠷ ᠲᠣᠮᠣ ᠨᠢᠭᠤᠷ ᠢ᠋ᠶ᠋ᠠᠨ ᠡᠪ ᠬᠠᠪᠤ ᠦᠭᠡᠢ ᠦᠷᠴᠢᠢᠯᠭᠡᠨ ᠫᠠᠷᠭᠢᠶ᠎ᠠ ᠳᠠᠭᠤ ᠪᠠᠷ ᠡᠬᠡᠷ ᠲᠡᠳᠡᠨ ᠤᠬᠢᠯᠠᠯ᠎ᠠ᠃ ᠡᠢᠨ ᠠᠰᠬᠠᠷᠠᠭᠤᠯᠬᠤ ᠶ᠋ᠢ ᠨᠢ ᠶᠡᠷᠦ ᠶᠠᠭᠤ ᠴᠣ ᠪᠣᠯᠤᠭ᠎ᠠ ᠦᠭᠡᠢ ᠮᠡᠲᠦ ᠬᠠᠷᠠᠨ ᠮᠣᠷᠢᠨ ᠴᠢᠪᠠᠭ᠎ᠠ ᠪᠠᠭ᠎ᠠ ᠪᠠᠭ᠎ᠠ ᠪᠠᠷ ᠵᠠᠵᠢᠯᠤᠨ ᠰᠠᠭᠤᠪᠠ᠃ ᠮᠠᠯᠲᠠᠭ ᠬᠢᠶ᠎ᠡ ᠤᠳᠠᠭᠠᠨ ᠲᠠᠢᠳᠬᠤᠷᠠᠵᠠᠢ᠃ ᠠᠯᠠᠬᠤ ᠶ᠋ᠢ ᠠᠶᠤᠬᠤ ᠠ᠋ᠴᠠ ᠪᠠᠨ ᠢᠯᠡᠭᠦᠦ ᠭᠣᠮᠣᠳᠠᠭᠰᠠᠨ ᠶᠤᠮ ᠰᠠᠨᠵᠠᠢ᠃ ᠲᠡᠭᠡᠵᠦ ᠲᠡᠭᠡᠵᠦ ᠮᠡᠭᠰᠢᠨ ᠲᠠᠢᠳᠬᠤᠷᠠᠬᠤ ᠳ᠋ᠤ᠌ 
       — ᠲᠠ ᠬᠤᠯᠠᠨ ᠪᠠᠭᠠᠲᠤᠷ ᠤ᠋ᠨ ᠬᠦᠷᠢᠶᠡᠨ ᠳ᠋ᠦ᠍ ᠣᠴᠢᠨ᠎ᠠ ᠠ᠋ ᠭᠡᠯ᠎ᠡ᠃ ᠮᠡᠯᠲᠡᠭ ᠬᠢᠶ᠎ᠡ ᠤᠯᠠᠢᠵᠤ ᠪᠦᠯᠲᠡᠢᠭᠰᠡᠨ ᠨᠢᠳᠦ ᠪᠡᠷ ᠮᠡᠯᠲᠡᠰᠬᠢᠨ ᠬᠠᠷᠠᠵᠤ᠂ 
       — ᠶᠠᠭᠠᠬᠢᠬᠤ ᠭᠡᠵᠦ? ᠭᠡᠪᠡᠯ ᠦᠭᠡ ᠨᠣᠶᠠᠨ ᠮᠣᠷᠢᠨ ᠴᠢᠪᠠᠭᠠᠨ ᠤ᠋ ᠬᠣᠭᠣᠰᠣᠨ ᠶᠠᠰᠤ ᠮᠡᠷᠡᠨ ᠣᠭᠲᠣ ᠥᠭᠡᠷ᠎ᠡ ᠶ᠋ᠢ ᠪᠣᠳᠣᠵᠤ᠂ 
       — ᠮᠠᠨ ᠤ᠋ ᠬᠦᠷᠢᠶᠡᠨ ᠡᠴᠡ ᠤᠷᠭᠤᠭᠰᠠᠨ ᠬᠥᠮᠦᠨ ᠰᠢᠦ! ᠲᠡᠳᠡᠨ ᠦ᠌ ᠬᠦᠷᠢᠶᠡᠨ ᠳ᠋ᠦ᠍ ᠠᠮᠢ ᠬᠣᠷᠭᠣᠳᠠᠬᠤ ᠭᠡᠵᠦ ᠣᠴᠢᠨ᠎ᠠ᠃ ᠨᠠᠮᠠᠶ᠋ᠢ ᠴᠠᠭ ᠴᠠᠭ ᠲᠤ᠌ ᠲᠡᠮᠦᠯᠡᠨ ᠲᠠᠷᠴᠢᠯᠠᠭᠠᠵᠤ ᠪᠠᠢᠪᠠ ᠭᠡᠵᠦ ᠭᠦᠳᠬᠡᠨ᠎ᠡ᠃ ᠦᠭᠡ ᠨᠣᠶᠠᠨ ᠴᠡᠷᠢᠭ ᠢ᠋ᠶ᠋ᠡᠨ ᠠᠪᠴᠤ ᠡᠷᠭᠦᠨ᠎ᠡ ᠮᠥᠷᠡᠨ ᠤᠷᠤᠭᠤ ᠵᠢᠭᠤᠲᠠᠭᠰᠠᠨ ᠭᠡᠵᠦ ᠬᠡᠯᠡᠨ᠎ᠡ᠃ ᠮᠢᠨᠦ ᠮᠥᠷ ᠢ᠋ᠶ᠋ᠡᠷ ᠵᠠᠮᠴᠢᠯᠠᠵᠤ ᠠᠪᠴᠢᠷᠠᠨ᠎ᠠ ᠭᠡᠯ᠎ᠡ᠃ ᠮᠡᠯᠲᠡᠭ ᠬᠢᠶ᠎ᠡ᠂ 
       — ᠨᠠᠳᠠ ᠳ᠋ᠤ᠌ ᠢᠲᠡᠭᠡᠨ᠎ᠡ ᠪᠢᠯᠡ ᠤᠤ᠂ ᠨᠣᠶᠠᠨᠲᠠᠨ ᠠ᠋ ᠭᠡᠬᠦ ᠳ᠋ᠦ᠍ ᠦᠭᠡ ᠨᠣᠶᠠᠨ᠂ 
       — ᠢᠲᠡᠭᠡᠭᠦᠯᠦᠨ᠎ᠡ ᠳᠡ! ᠭᠡᠮᠡᠨ ᠲᠤᠯᠭᠠᠭᠠᠳ ᠠᠶᠠᠨ ᠤ᠋ ᠴᠠᠴᠠᠷ ᠤ᠋ᠨ ᠬᠠᠶᠠᠭᠠᠨ ᠠ᠋ᠴᠠ ᠴᠢᠨᠠᠭᠠᠳ ᠰᠡᠪᠡᠷᠡᠭᠡᠭᠰᠡᠨ ᠮᠣᠳᠣᠨ ᠲᠠᠪᠠᠭ ᠲᠠᠢ ᠮᠢᠬ᠎ᠠ ᠭᠠᠷᠭᠠᠵᠤ ᠤᠢᠰᠤᠨ ᠡᠰᠢ ᠲᠡᠢ ᠬᠢᠲᠤᠭ᠎ᠠ ᠳᠡᠭᠡᠷ᠎ᠡ ᠨᠢ ᠲᠠᠯᠪᠢᠭᠠᠳ ᠪᠠᠷᠢᠯ᠎ᠠ᠃ ᠥᠯᠥᠰᠴᠦ ᠴᠠᠩᠭᠠᠬᠤ ᠶ᠋ᠢᠨ ᠲᠤᠢᠯ ᠳ᠋ᠤ᠌ ᠬᠦᠷᠦᠭᠰᠡᠨ ᠮᠡᠯᠲᠡᠭ ᠬᠢᠶ᠎ᠡ ᠭᠠᠪᠠ ᠭᠢᠨᠵᠢ ᠪᠡᠨ ᠬᠠᠷᠵᠢᠭᠢᠨᠠᠭᠤᠯᠤᠨ ᠡᠮᠬᠦᠯᠡᠵᠦ ᠭᠠᠷᠬᠤ ᠳ᠋ᠤ᠌ ᠦᠭᠡ ᠨᠣᠶᠠᠨ ᠳᠡᠷᠡᠨ ᠦ᠌ ᠪᠡᠨ ᠳᠡᠷᠭᠡᠳᠡ ᠡᠴᠡ ᠬᠤᠰᠤᠨ ᠤ᠋ ᠤᠢᠰᠤᠨ ᠪᠣᠷᠲᠣᠭᠣ ᠲᠠᠢ ᠳᠠᠷᠠᠰᠤ ᠠᠪᠴᠤ ᠳᠤᠮᠳᠠ ᠭᠠᠷ ᠤ᠋ᠨ ᠮᠥᠩᠭᠥᠨ ᠠᠶᠠᠭ᠎ᠠ ᠮᠡᠯᠲᠡᠯᠵᠡᠭᠦᠯᠵᠦ ᠥᠭᠪᠡ᠃ ᠮᠡᠯᠲᠡᠭ ᠬᠢᠶ᠎ᠡ ᠨᠢᠭᠡ ᠠᠮᠢᠰᠬᠤᠭ᠎ᠠ ᠪᠠᠷ ᠲᠠᠲᠠᠵᠤ ᠣᠷᠬᠢᠯ᠎ᠠ᠃ ᠴᠢᠩᠭᠢᠭᠡᠳ ᠥᠭᠡᠬᠦ ᠠᠯᠠᠭᠯᠠᠭᠰᠠᠨ ᠬᠣᠨᠢᠨ ᠤ᠋ ᠬᠠᠪᠢᠷᠭ᠎ᠠ ᠬᠤ᠌ ᠲᠡᠳᠡᠨ ᠡᠮᠬᠦᠯᠡᠵᠦ᠂ ᠵᠠᠪᠠᠵᠢ ᠪᠠᠷ ᠨᠢ ᠲᠣᠰᠣ ᠰᠠᠪᠢᠷᠠᠨ ᠠᠵᠢ᠃ 
       — ᠬᠠᠷᠢᠨ ᠳᠠᠢᠰᠤᠨ ᠢ᠋ ᠳᠠᠭᠠᠭᠤᠯᠵᠤ ᠢᠷᠡᠬᠦ ᠦᠭᠡᠢ ᠪᠣᠯ ᠳᠠᠬᠢᠵᠤ ᠮᠢᠨᠦ ᠨᠢᠭᠤᠷ ᠢ᠋ ᠪᠢᠲᠡᠭᠡᠢ ᠬᠠᠷᠠᠭᠠᠷᠠᠢ! ᠭᠡᠮᠡᠨ ᠦᠭᠡ ᠨᠣᠶᠠᠨ ᠬᠠᠲᠠᠭᠤ ᠥᠭᠦᠯᠡᠭᠡᠳ ᠤᠢᠰᠤᠨ ᠪᠣᠷᠲᠣᠭᠣ ᠲᠠᠢ ᠠᠷᠢᠬᠢ ᠪᠠᠨ ᠰᠠᠷᠪᠠᠢᠵᠤ᠂ 
       — ᠮᠠᠢ᠂ ᠠᠪᠤᠭᠠᠳ ᠶᠠᠪᠤ! ᠭᠡᠪᠡ᠃ ᠮᠡᠯᠲᠡᠭ ᠬᠢᠶ᠎ᠡ ᠶ᠋ᠢᠨ ᠵᠠᠵᠢᠯᠵᠤ ᠵᠠᠯᠭᠢᠭᠰᠠᠨ ᠮᠢᠬ᠎ᠠ ᠬᠣᠭᠣᠯᠠᠢ ᠳᠡᠭᠡᠷ᠎ᠡ ᠨᠢ ᠲᠡᠭᠡᠭᠯᠡᠴᠢᠬᠡᠬᠦ ᠰᠢᠭ ᠪᠣᠯᠤᠯ᠎ᠠ᠃ ᠬᠠᠮᠤᠭ ᠤ᠋ᠨ ᠲᠦᠷᠦᠭᠦᠦ ᠮᠠᠭᠤ ᠬᠠᠨᠢ ᠪᠠᠨ ᠪᠣᠳᠣᠪᠠ᠃ ᠦᠰᠦ ᠪᠡᠨ ᠴᠠᠢᠲᠠᠯ᠎ᠠ᠂ ᠦᠷ᠎ᠡ ᠪᠡᠨ ᠦᠰᠲᠡᠯ᠎ᠡ ᠭᠠᠭᠴᠠᠬᠠᠨ ᠮᠡᠯᠲᠡᠭ ᠤ᠋ᠨ ᠲᠥᠯᠥᠭᠡ ᠪᠦᠬᠦᠨ ᠢ᠋ᠶ᠋ᠡᠨ ᠵᠣᠷᠢᠭᠤᠯᠤᠭᠰᠠᠨ ᠠᠮᠢᠲᠠᠨ ᠪᠢᠯᠡ᠃ ᠲᠣᠵᠢᠭ ᠬᠥᠪᠡᠭᠦᠨ ᠡᠯ᠎ᠡ ᠨᠣᠶᠠᠨ ᠳ᠋ᠤ᠌ ᠰᠢᠳᠠᠷ ᠬᠥᠮᠦᠨ ᠶᠦᠮ᠃ ᠲᠣᠪᠣᠭᠣᠴᠢ ᠬᠦᠦ ᠨᠢ ᠴᠡᠷᠢᠭ ᠦ᠋ᠨ ᠠᠭᠲᠠᠨ ᠤ᠋ ᠳᠠᠭᠠᠭᠠᠮᠠᠯ ᠶᠤᠮ᠃ ᠮᠠᠭᠤ ᠪᠠᠭ᠎ᠠ ᠬᠦᠦ ᠨᠢ ᠢᠵᠢᠢ ᠲᠡᠢ ᠪᠡᠨ ᠣᠷᠣᠮᠵᠢ ᠪᠠᠨ ᠰᠠᠬᠢᠵᠤ᠂ ᠭᠣᠯᠣᠮᠲᠠ ᠪᠠᠨ ᠮᠠᠨᠠᠨ ᠪᠠᠢᠳᠠᠭ ᠠᠪᠠᠢ᠃ ᠲᠡᠳᠡ ᠪᠠᠷᠢᠴᠠᠭᠠᠨ ᠤ᠋ ᠤᠯᠤᠰ ᠪᠣᠯᠵᠤ ᠦᠯᠡᠳᠡᠬᠦ ᠠᠵᠤᠭᠤ᠃ ᠦᠭᠡ ᠨᠣᠶᠠᠨ ᠬᠠᠷᠠᠭᠤᠰᠤᠯ ᠤ᠋ᠨ ᠰᠠᠯᠬᠢᠨ ᠳ᠋ᠤ᠌ ᠨᠤᠷᠠᠨ ᠤᠨᠠᠵᠤ ᠪᠣᠢ ᠰᠡᠳᠬᠢᠯ ᠦ᠋ᠨ ᠰᠤᠪᠤᠷᠭ᠎ᠠ ᠶ᠋ᠢ ᠨᠢ ᠥᠩᠭᠡᠢᠵᠦ ᠬᠠᠷᠠᠭᠰᠠᠨ ᠮᠡᠲᠦ᠂ 
       一 ᠡᠭᠡᠴᠢ ᠠᠪᠠᠭᠠᠢ ᠮᠢᠨᠦ ᠬᠠᠶᠠᠭᠠᠨ ᠳ᠋ᠤ᠌ ᠪᠠᠢᠵᠤ ᠯᠠ ᠪᠠᠢᠭ᠃ ᠠᠯᠵᠠᠬᠤ ᠦᠭᠡᠢ ᠠ᠋ ᠭᠡᠬᠦ ᠨᠢ《ᠠᠯᠠᠴᠢᠬᠠᠬᠤ ᠦᠭᠡᠢ ᠠ᠋》ᠭᠡᠰᠡᠨ ᠦᠭᠡ ᠰᠢᠭ ᠰᠠᠨᠠᠭᠳᠠᠨ᠎ᠠ᠃ ᠶᠡᠷᠦ ᠨᠢ ᠯᠡ ᠴᠢᠨᠣ᠎ᠠ ᠶ᠋ᠢᠨ ᠰᠠᠨᠠᠭ᠎ᠠ ᠲᠠᠢ ᠨᠣᠶᠠᠨ ᠶᠤᠮ᠃ 
       一 ᠵᠠ! ᠭᠡᠳ ᠮᠡᠬᠦᠰᠬᠢᠭᠰᠡᠨ ᠢ᠋ᠶ᠋ᠡᠨ ᠭᠠᠷ ᠤ᠋ᠨ ᠢ᠋ᠶ᠋ᠠᠨ ᠲᠣᠰᠣ ᠶ᠋ᠢ ᠳᠣᠲᠣᠭᠠᠳᠤ ᠬᠣᠷᠮᠣᠢ ᠳ᠋ᠠᠭᠠᠨ ᠱᠤᠳᠤᠷᠬᠤ ᠳ᠋ᠤ᠌ ᠦᠭᠡ ᠨᠣᠶᠠᠨ ᠬᠡᠨ ᠨᠢᠭᠡᠨ ᠳ᠋ᠦ᠍ ᠳᠣᠬᠢᠶ᠎ᠠ ᠥᠭᠬᠦ ᠪᠣᠯᠤᠯᠲᠠᠢ ᠬᠣᠭᠣᠯᠠᠢ ᠵᠠᠰᠠᠯ᠎ᠠ᠃ ᠴᠠᠴᠠᠷ ᠤ᠋ᠨ ᠰᠡᠬᠦᠭᠡᠰᠦᠲᠡᠢ ᠡᠭᠦᠳᠡ ᠪᠡᠷ ᠨᠠᠬᠢᠯᠵᠠᠭᠰᠠᠨ ᠭᠤᠸ᠎ᠠ ᠪᠦᠰᠡᠭᠦᠢ ᠴᠡᠴᠡᠭ ᠦ᠋ᠨ ᠦᠨᠦᠷ ᠰᠡᠩᠭᠢᠨᠡᠭᠦᠯᠦᠨ ᠣᠷᠣᠵᠤ ᠢᠷᠡᠬᠦ ᠨᠢ ᠮᠥᠨᠳᠥᠷ ᠮᠥᠨ ᠰᠠᠨᠵᠠᠢ᠃ 
       一 ᠬᠥᠶᠢ ᠠ᠋᠂ ᠮᠥᠨᠳᠥᠷ ᠴᠢ ᠬᠡᠵᠢᠶ᠎ᠡ ᠢᠷᠡᠪᠡ? ᠭᠡᠮᠡᠨ ᠥᠪᠡᠷ ᠦ᠋ᠨ ᠭᠤᠨᠢᠭ ᠢ᠋ ᠮᠠᠷᠲᠠᠵᠤ᠂ ᠥᠷᠥᠭᠡᠯ ᠦ᠋ᠨ ᠵᠢᠷᠭᠠᠯ ᠳ᠋ᠤ᠌ ᠪᠠᠶᠠᠷᠯᠠᠨ ᠳᠠᠭᠤ ᠱᠣᠣ ᠪᠣᠯᠬᠤ ᠳ᠋ᠤ᠌ ᠮᠥᠨᠥᠬᠡᠨ ᠬᠡᠯᠡ ᠦᠭᠡᠢ ᠪᠦᠰᠡᠭᠦᠢ ᠢᠨᠢᠶᠡᠬᠦ ᠡᠴᠡ ᠥᠭᠡᠷ᠎ᠡ ᠶ᠋ᠢ ᠬᠦᠦᠷᠨᠢᠵᠦ ᠦᠯᠦ ᠴᠢᠳᠠᠵᠠᠢ᠃ ᠦᠭᠡ ᠨᠣᠶᠠᠨ᠂ 
       一 ᠮᠥᠨᠳᠥᠷ ᠢᠷᠡᠭᠰᠡᠨ ᠭᠡᠳ ᠬᠠᠭᠤᠴᠢᠨ ᠲᠠᠨᠢᠯ ᠤ᠋ᠳ ᠢ᠋ᠶ᠋ᠠᠨ ᠲᠣᠭᠲᠠᠭᠠᠨ ᠬᠠᠷᠠᠵᠤ᠂ 
       一 ᠮᠥᠨᠳᠥᠷ᠂ ᠴᠢ ᠡᠭᠦᠨ ᠢ᠋ ᠥᠪᠡᠷ ᠦ᠋ᠨ ᠴᠠᠴᠠᠷ ᠲᠤ᠌ ᠠᠮᠠᠷᠠᠭ᠎ᠠ! ᠭᠡᠪᠡ᠃ ᠮᠥᠨᠳᠥᠷ ᠰᠣᠴᠢᠨ ᠪᠣᠨᠲᠤᠭᠤᠰᠬᠢᠵᠤ ᠠᠶᠤᠭᠰᠠᠨ᠂ ᠭᠠᠢᠬᠠᠭᠰᠠᠨ ᠨᠢᠳᠦ ᠪᠡᠷ ᠦᠭᠡ ᠨᠣᠶᠠᠨ ᠢ᠋ ᠬᠠᠷᠠᠬᠤ ᠳ᠋ᠤ᠌᠂ 
       一 ᠶᠠᠪᠤᠵᠠᠭ᠎ᠠ! ᠬᠡᠮᠡᠵᠡᠢ᠃ ᠮᠡᠯᠲᠡᠭ ᠬᠢᠶ᠎ᠡ ᠭᠠᠪᠠ ᠭᠢᠨᠵᠢ ᠪᠡᠨ ᠬᠠᠷᠵᠢᠭᠢᠨᠠᠭᠤᠯᠤᠨ ᠥᠨᠳᠡᠢᠬᠦ ᠳ᠋ᠦ᠍ ᠮᠥᠨᠳᠥᠷ ᠰᠤᠭᠤᠨ ᠎ᠠ᠋ᠴᠠ ᠨᠢ ᠳᠥᠰᠢᠨ ᠪᠣᠰᠬᠠᠯ᠎ᠠ᠃ ᠮᠡᠯᠲᠡᠭ ᠬᠢᠶ᠎ᠡ ᠦᠭᠡ ᠬᠡᠯᠡᠬᠦ ᠪᠡᠷ ᠲᠦᠳᠡᠨ ᠵᠣᠭᠰᠣᠲᠠᠯ᠎ᠠ᠂ 
       一 ᠰᠠᠢᠬᠠᠨ ᠠᠮᠠᠷᠠ᠃ ᠲᠠ ᠦᠷ ᠢ᠋ᠶ᠋ᠡᠷ ᠬᠤᠲᠤᠭᠲᠤ ᠮᠣᠩᠬᠣᠷ ᠤ᠋ᠨ ᠬᠦᠷᠢᠶ᠎ᠡ ᠤᠷᠤᠭᠤ ᠶᠠᠪᠤᠲᠤᠭᠠᠢ ᠭᠡᠯ᠎ᠡ᠃ ᠶᠠᠳᠠᠷᠠᠭᠰᠠᠨ ᠬᠣᠶᠠᠷ ᠠᠮᠢᠲᠠᠨ ᠰᠡᠯᠳᠦᠷᠬᠢᠯᠡᠨ ᠬᠡᠯᠲᠦᠷᠢᠭᠰᠡᠭᠡᠷ ᠮᠥᠨᠳᠥᠷ ᠬᠡᠦᠬᠡᠨ ᠦ᠌ ᠴᠠᠴᠠᠷ ᠲᠤ᠌ ᠢᠷᠡᠪᠡᠯ ᠶᠡᠷᠦ ᠭᠠᠭᠴᠠ ᠬᠥᠮᠦᠨ ᠯᠡ ᠲᠣᠯᠣᠭᠠᠢ ᠬᠣᠷᠭᠣᠳᠠᠬᠤ ᠲᠡᠳᠦᠢ ᠵᠢᠵᠢᠭᠬᠡᠨ ᠬᠡᠳᠦᠢ ᠴᠦ᠍ ᠪᠠᠰᠠ ᠬᠦ᠌ ᠬᠢᠷᠢ ᠳ᠋ᠡᠭᠡᠨ ᠬᠡᠭᠡᠨᠴᠢᠷ ᠲᠣᠬᠢᠯᠢᠭ ᠠᠵᠢ᠃ ᠮᠥᠨᠳᠥᠷ ᠴᠢᠮᠡᠭᠡ ᠦᠭᠡᠢ ᠱᠤᠤᠬᠢᠲᠤᠨᠠᠨ ᠴᠠᠴᠠᠷ ᠤ᠋ᠨ ᠬᠠᠶᠠᠭᠠᠨ ᠠ᠋ᠴᠠ ᠰᠠᠭᠰᠤ ᠳᠦᠭᠦᠷᠡᠩ ᠵᠢᠮᠢᠰ ᠭᠠᠷᠭᠠᠨ ᠡᠮᠦᠨ᠎ᠡ ᠨᠢ ᠲᠠᠯᠪᠢᠭᠠᠳ᠂ ᠵᠢᠵᠢᠭᠬᠡᠨ ᠴᠣᠵᠢᠭᠠᠷ ᠸᠠᠭᠠᠷ ᠲᠠᠢ ᠠᠷᠢᠬᠢ ᠬᠤᠨᠳᠠᠭᠠᠯᠠᠨ ᠪᠠᠷᠢᠪᠠ᠃ ᠴᠢᠩᠭᠢᠬᠦ ᠳ᠋ᠦ᠍ ᠠᠷᠢᠯᠭᠠᠭᠰᠠᠨ ᠰᠣᠩᠭᠢᠨ᠎ᠠ ᠰᠢᠭ᠋ ᠠᠷᠪᠠᠨ ᠬᠤᠷᠤᠭᠤ ᠨᠢ ᠴᠡᠴᠡᠷᠬᠢᠯᠡᠨ᠂ ᠰᠢᠭᠦᠰᠦ ᠨᠢ ᠪᠦᠷᠢᠯᠳᠦᠨ ᠴᠣᠭᠴᠠᠯᠠᠭᠰᠠᠨ ᠨᠠᠮᠤᠷ ᠣᠷᠣᠢ ᠶ᠋ᠢᠨ ᠵᠢᠮᠢᠰ ᠰᠢᠭ ᠪᠤᠯᠴᠢᠭᠠᠷ ᠶᠠᠭᠠᠬᠠᠨ ᠤᠷᠤᠭᠤᠯ ᠨᠢ ᠦᠯᠦ ᠮᠡᠳᠡᠭᠬᠡᠨ ᠴᠣᠷᠪᠣᠯᠵᠠᠵᠤ ᠠᠪᠠᠢ᠃ ᠶᠡᠷᠦ ᠡᠨᠡ ᠵᠢᠭᠵᠢᠭᠡᠷᠬᠡᠨ ᠠᠮᠢᠲᠠᠨ ᠭᠠᠳᠠᠨ᠎ᠠ ᠠ᠋ᠴᠠ ᠨᠢ ᠬᠠᠷᠠᠬᠤ ᠳ᠋ᠤ᠌ ᠬᠠᠷᠢᠭᠤ ᠦᠭᠡᠢ ᠲᠤᠷᠢᠬᠠᠨ ᠬᠡᠳᠦᠢ ᠴᠦ᠍ ᠳᠣᠲᠣᠷ᠎ᠠ ᠰᠡᠳᠬᠢᠯ ᠨᠢ ᠬᠠᠲᠠᠭᠠᠭᠳᠠᠵᠤ ᠭᠦᠢᠴᠡᠭᠰᠡᠨ ᠭᠠᠩ ᠰᠢᠭ᠋ ᠠᠮᠢᠲᠠᠨ ᠪᠣᠯᠬᠤ ᠶ᠋ᠢ ᠭᠠᠭᠴᠠ ᠬᠦ᠌ ᠮᠡᠯᠲᠡᠭ ᠬᠢᠶ᠎ᠡ ᠯᠠ ᠮᠡᠳᠡᠬᠦ ᠪᠢᠯᠡ᠃ ᠲᠡᠷᠡ ᠪᠡᠷ ᠡᠢᠨ ᠠᠷᠢᠬᠢ ᠬᠤᠨᠳᠠᠭᠠᠯᠠᠵᠤ ᠥᠭᠭᠦᠭᠡᠳ ᠭᠤᠨᠵᠢᠨ ᠰᠤᠭᠤ ᠰᠢᠭ᠋ ᠰᠠᠢᠬᠠᠨ ᠪᠡᠶ᠎ᠡ ᠪᠡᠷ ᠳᠥᠷᠪᠡᠨ ᠬᠥᠯᠯᠡᠨ ᠮᠥᠯᠬᠥᠵᠦ ᠬᠣᠣᠰ ᠲᠣᠷᠭᠠᠨ ᠳᠡᠷ᠎ᠡ ᠲᠠᠯᠪᠢᠵᠤ᠂ ᠬᠠᠵᠢ ᠳᠤᠷᠳᠤᠩ ᠬᠤᠴᠢᠯᠭ᠎ᠠ ᠳᠡᠯᠭᠡᠵᠦ ᠣᠷᠣ ᠵᠠᠰᠠᠪᠠᠢ᠃ ᠲᠡᠭᠦᠨ ᠦ᠌ ᠬᠢᠯ ᠬᠠᠷᠠᠬᠠᠨ ᠦᠰᠦ᠂ ᠴᠠᠰᠤ ᠴᠠᠭᠠᠨ ᠴᠢᠷᠠᠢ ᠪᠠᠨ ᠲᠠᠯ᠎ᠠ ᠪᠦᠲᠡᠭᠡᠨ ᠤᠨᠠᠬᠤ ᠳ᠋ᠤ᠌ ᠨᠢᠭᠤᠷ ᠨᠢ ᠰᠡᠭᠦᠳᠡᠷᠲᠦᠨ ᠭᠤᠨᠢᠭ ᠲᠠᠢ ᠠᠪᠠᠴᠤ ᠦᠵᠡᠰᠬᠦᠯᠡᠩ ᠲᠡᠢ ᠪᠣᠯᠵᠤ ᠬᠠᠷᠠᠭᠳᠠᠬᠤ ᠠᠵᠢ᠃ ᠬᠦᠰᠡᠯ ᠡᠴᠡ ᠭᠠᠳᠠᠭᠤᠷ ᠤᠢᠯᠠᠨ ᠳ᠋ᠤ᠌ ᠬᠦᠴᠦ ᠪᠡᠷ ᠥᠪᠡᠷ ᠢ᠋ ᠪᠡᠨ ᠪᠠᠷᠢᠵᠤ ᠥᠭᠴᠦ ᠪᠣᠢ ᠵᠣᠪᠠᠯᠠᠩᠲᠤ ᠪᠦᠰᠡᠭᠦᠢ ᠶ᠋ᠢᠨ ᠬᠥᠳᠡᠯᠬᠦ ᠨᠢ ᠬᠥᠰᠢᠭᠦᠨ ᠠᠭᠠᠳ ᠤᠳᠠᠭᠠᠨ᠂ ᠰᠠᠨᠠᠭ᠎ᠠ ᠠᠯᠳᠠᠬᠤ ᠨᠢ ᠣᠢ ᠲᠠᠢ ᠠᠭᠠᠳ ᠰᠡᠷᠢᠭᠦᠬᠡᠨ ᠮᠡᠲᠦ ᠪᠥᠯᠥᠭᠡ᠃ ᠲᠡᠭᠡᠵᠦ ᠲᠡᠭᠡᠵᠦ ᠳ᠋ᠧᠩ ᠦ᠋ᠨ ᠭᠣᠣᠯ ᠢ᠋ᠶ᠋ᠠᠨ ᠴᠢᠮᠬᠢᠨ ᠤᠨᠲᠠᠷᠠᠭᠠᠭᠠᠳ ᠬᠤᠪᠴᠠᠰᠤ ᠪᠠᠨ ᠳᠠᠢᠴᠢᠨ ᠱᠠᠯᠳᠠᠩᠨᠠᠬᠤ ᠳ᠋ᠤ᠌ ᠵᠤᠯᠠ ᠶ᠋ᠢᠨ ᠭᠣᠣᠯ ᠰᠢᠭ᠋ ᠭᠠᠨᠢᠬᠠᠨ ᠴᠠᠭᠠᠨ ᠪᠡᠶ᠎ᠡ ᠡᠴᠡ ᠬᠠᠷᠠᠩᠭᠤᠢ ᠴᠠᠴᠠᠷ ᠲᠤ᠌ ᠭᠡᠭᠡ ᠲᠣᠰᠴᠤ ᠪᠠᠢᠬᠤ ᠰᠢᠭ᠋ ᠰᠠᠨᠠᠭᠳᠠᠵᠠᠢ᠃ 
       ᠮᠥᠨᠳᠥᠷ ᠬᠡᠦᠬᠡᠨ ᠲᠡᠢᠨ ᠴᠢᠮᠡᠭᠡ ᠲᠠᠰᠤᠷᠠᠪᠠ᠃ ᠠᠬᠢᠮᠠᠭ ᠡᠷ᠎ᠡ ᠬᠡᠵᠢᠶ᠎ᠡ ᠣᠷᠣᠵᠤ ᠢᠷᠡᠵᠦ ᠥᠪᠡᠷ ᠦ᠋ᠨ ᠳᠤᠷ᠎ᠠ ᠪᠠᠷ ᠬᠤᠮᠬᠢᠨ ᠦᠩᠭᠡᠬᠦ ᠶ᠋ᠢ ᠬᠦᠯᠢᠶᠡᠨ ᠬᠡᠪᠲᠡᠵᠦ ᠠᠪᠠᠢ᠃ ᠶᠡᠷᠦ ᠲᠡᠮᠦᠵᠢᠨ ᠦᠭᠡ ᠲᠡᠭᠦᠨ ᠢ᠋ ᠬᠡᠷᠡᠭᠲᠡᠢ ᠬᠥᠮᠦᠨ ᠳ᠋ᠡᠭᠡᠨ ᠳᠡᠪᠢᠰᠴᠦ ᠦᠭᠭᠦᠭᠰᠡᠭᠡᠷ ᠥᠨᠥ ᠶ᠋ᠢ ᠬᠦᠷᠦᠭᠰᠡᠨ ᠶᠦᠮ ᠰᠠᠨᠵᠠᠢ᠃ ᠲᠡᠷᠡ ᠵᠣᠪᠠᠯᠠᠩ ᠢ᠋ ᠳᠣᠲᠣᠷ᠎ᠠ ᠨᠢ ᠣᠷᠣᠭᠰᠠᠨ ᠶᠤᠮ ᠰᠢᠭ᠋ ᠮᠡᠳᠡᠬᠦ ᠭᠠᠭᠴᠠ ᠬᠥᠮᠦᠨ ᠪᠣᠯ ᠮᠡᠯᠲᠡᠭ ᠬᠢᠶ᠎ᠡ ᠥᠪᠡᠷ ᠢ᠋ᠶ᠋ᠡᠨ ᠪᠢᠯᠡ᠃ ᠵᠣᠯᠢᠶᠠᠨ ᠳ᠋ᠤ᠌ ᠣᠴᠢᠵᠤ᠂ ᠪᠠᠷᠢᠴᠠᠭᠠᠨ ᠳ᠋ᠤ᠌ ᠦᠯᠡᠳᠡᠭᠰᠡᠨ ᠬᠠᠷ᠎ᠠ ᠡᠳᠦᠷ ᠦ᠋ᠳ ᠦ᠋ᠨ ᠭᠠᠭᠴᠠ ᠭᠡᠷᠡᠯ ᠡᠨᠡ ᠪᠦᠰᠡᠭᠦᠢ ᠪᠠᠢᠭᠰᠠᠨ ᠶᠤᠮ᠃ ᠲᠡᠷᠡ ᠪᠡᠷ ᠬᠡᠷᠡᠢᠳ ᠨᠣᠶᠠᠳ ᠤ᠋ᠨ ᠬᠠᠷᠠᠴᠤ ᠪᠠᠷ ᠰᠦ ᠳᠣᠯᠢᠶᠠᠭᠰᠠᠨ ᠭᠥᠯᠥᠭᠡ ᠰᠢᠭ ᠨᠠᠬᠢᠯᠵᠠᠨ ᠭᠦᠶᠦᠵᠦ᠂ ᠮᠡᠬᠦᠯᠵᠡᠨ ᠪᠠᠢᠪᠠᠴᠤ ᠳᠣᠲᠣᠷ᠎ᠠ ᠰᠡᠳᠬᠢᠯ ᠳ᠋ᠡᠭᠡᠨ ᠣᠭᠲᠣ ᠥᠭᠡᠷ᠎ᠡ ᠶ᠋ᠢ ᠪᠣᠳᠣᠵᠤ ᠪᠥᠯᠥᠭᠡ᠃ ᠮᠥᠨᠳᠥᠷ ᠪᠦᠰᠡᠭᠦᠢ ᠴᠣᠣᠵᠢ ᠦᠭᠡᠢ ᠪᠣᠯᠬᠤ ᠠ᠋ᠴᠠ ᠱᠣᠷᠣᠩ ᠮᠡᠲᠦ ᠣᠷᠳᠣᠨ ᠳ᠋ᠤ᠌᠂ ᠭᠠᠪᠠ ᠦᠭᠡᠢ ᠯᠡ ᠪᠣᠯᠬᠤ ᠠ᠋ᠴᠠ ᠶᠠᠯᠠᠲᠠᠨ ᠮᠡᠲᠦ ᠴᠠᠭᠳᠠᠭᠤᠯᠤᠨ ᠰᠠᠭᠤᠬᠤ ᠮᠡᠯᠲᠡᠭ ᠬᠢᠶ᠎ᠡ ᠶ᠋ᠢᠨ ᠬᠣᠭᠣᠯᠠ ᠴᠠᠢ ᠶ᠋ᠢ ᠣᠢᠷᠠᠲᠤᠭᠤᠯᠬᠤ ᠠᠯᠪᠠᠨ ᠳ᠋ᠤ᠌ ᠲᠣᠬᠤᠭᠠᠭᠳᠠᠵᠤ ᠠᠪᠠᠢ᠃ ᠦᠭᠡ ᠬᠥᠪᠡᠭᠦᠨ ᠬᠠᠨ ᠬᠣᠯᠠ ᠶ᠋ᠢ ᠤᠨᠤᠵᠤ᠂ ᠬᠠᠪᠤᠯ ᠬᠠᠭᠠᠨ ᠢ᠋ ᠵᠣᠷᠢᠭᠰᠠᠨ ᠠ᠋ᠴᠠ ᠬᠣᠢᠰᠢ ᠯᠠᠪᠲᠠᠶ᠎ᠠ ᠬᠠᠭᠠᠰ ᠰᠠᠷ᠎ᠠ ᠨᠢᠰᠦᠨ ᠣᠳᠬᠤ ᠳ᠋ᠤ᠌ ᠰᠤᠷᠠᠭ ᠠᠵᠢᠭ ᠡᠰᠡ ᠰᠣᠨᠣᠰᠳᠠᠵᠠᠢ᠃ ᠲᠠᠲ᠋ᠠᠷ ᠬᠥᠪᠡᠭᠦᠨ ᠦᠭᠡ ᠨᠣᠶᠠᠨ ᠬᠠᠷᠠᠴᠤ ᠬᠢᠶ᠎ᠡ ᠶ᠋ᠢ ᠮᠠᠷᠲᠠᠭᠰᠠᠨ ᠬᠡᠷᠡᠭ ᠤᠤ᠂ ᠨᠣᠶᠠᠳ ᠳᠡᠭᠡᠳᠦᠰ ᠭᠡᠷ ᠦ᠋ᠨ ᠡᠵᠡᠨ ᠪᠣᠯᠬᠤ ᠠ᠋ᠴᠠ ᠲᠥᠷᠥ ᠶ᠋ᠢᠨ ᠡᠵᠡᠨ ᠪᠢᠰᠢ ᠮᠡᠯᠲᠡᠭ ᠤ᠋ᠨ ᠲᠥᠯᠥᠭᠡᠨ᠎ᠡ ᠴᠠᠭ ᠵᠠᠪ ᠦᠷᠡᠬᠦ ᠶᠠᠭᠤᠨ ᠭᠡᠮᠡᠨ ᠣᠷᠬᠢᠭᠰᠠᠨ ᠬᠡᠷᠡᠭ ᠤᠤ᠂ ᠪᠤᠷᠬᠠᠨ ᠯᠠ ᠮᠡᠳᠡᠨ᠎ᠡ᠃ ᠡᠢᠨ ᠬᠥᠨᠳᠡᠭᠦᠷ ᠰᠡᠳᠬᠢᠯ ᠲᠥᠩᠬᠢᠵᠦ ᠤᠷᠤᠰᠤᠭᠰᠠᠨ ᠡᠳᠦᠷ ᠬᠣᠨᠣᠭ᠂ ᠮᠥᠨᠳᠥᠷ ᠥᠬᠢᠨ ᠦ᠌ ᠵᠣᠷᠢᠭ ᠢ᠋ ᠬᠤᠷᠴᠠᠯᠠᠵᠤ ᠥᠭᠭᠦᠭᠰᠡᠨ ᠢ᠋ ᠬᠤᠷᠵᠠᠬᠤᠰ ᠪᠣᠶᠣᠷᠤᠭ ᠤ᠋ᠨ ᠬᠡᠷᠡᠢᠳ ᠦ᠋ᠳ ᠪᠠᠢᠲᠤᠭᠠᠢ ᠠᠪᠴᠢᠷᠠᠭᠰᠠᠨ ᠬᠣᠭᠣᠯᠠ ᠶ᠋ᠢ ᠨᠢ ᠳᠤᠷᠠᠲᠠᠢ ᠳᠤᠷ᠎ᠠ ᠦᠭᠡᠢ ᠴᠥᠯᠮᠥᠵᠦ ᠰᠠᠭᠤᠬᠤ ᠮᠡᠯᠲᠡᠭ ᠬᠢᠶ᠎ᠡ ᠬᠦᠷᠲᠡᠯ᠎ᠡ ᠮᠡᠳᠡᠭᠡ ᠦᠭᠡᠢ ᠪᠣᠯᠠᠢ᠃ ᠡᠢᠨ ᠪᠠᠢᠲᠠᠯ᠎ᠠ ᠨᠢᠭᠡᠨ ᠣᠷᠣᠢ ᠪᠦᠰᠡᠭᠦᠢ ᠴᠠᠷ᠎ᠠ ᠳᠦᠭᠦᠷᠡᠩ ᠴᠢᠨᠠᠭᠰᠠᠨ ᠮᠢᠬ᠎ᠠ ᠠᠪᠴᠢᠷᠠᠵᠤ ᠡᠮᠦᠨ᠎ᠡ ᠨᠢ ᠲᠠᠯᠪᠢᠭᠠᠳ᠂ ᠳᠡᠷᠭᠡᠳᠡ ᠨᠢ ᠰᠥᠭᠥᠳᠦᠨ ᠰᠠᠭᠤᠭᠰᠠᠨ ᠢ᠋ᠶ᠋ᠠᠨ ᠮᠥᠩᠭᠥᠨ ᠲᠣᠨᠣᠭ ᠲᠠᠢ ᠤᠢᠰᠤᠨ ᠡᠰᠢ ᠲᠡᠢ ᠬᠢᠲᠤᠭ᠎ᠠ ᠥᠭᠬᠦ ᠶ᠋ᠢᠨ ᠮᠠᠭᠤ ᠪᠠᠷ ᠥᠭᠴᠡᠢ᠃ ᠬᠢᠲᠤᠭ᠎ᠠ ᠠᠪᠬᠤ ᠪᠠᠷ ᠰᠠᠷᠪᠠᠢᠭᠰᠠᠨ ᠮᠡᠯᠲᠡᠭ ᠤᠬᠤᠰᠬᠢᠨ ᠰᠣᠴᠢᠵᠤ ᠬᠠᠷᠠᠪᠠᠯ ᠮᠥᠨᠳᠥᠷ ᠬᠡᠦᠬᠡᠨ ᠦ᠌ ᠨᠢᠳᠦ ᠤᠴᠢᠷ ᠦᠭᠡᠢ ᠳᠦᠷᠯᠡᠭᠡᠨᠡᠨ ᠲᠣᠷᠮᠣᠯᠵᠠᠵᠤ᠂ ᠡᠷᠡᠦ ᠪᠡᠷ ᠢ᠋ᠶ᠋ᠡᠨ ᠲᠠᠪᠠᠭ ᠲᠠᠢ ᠮᠢᠬ᠎ᠠ ᠤᠷᠤᠭᠤ ᠳᠣᠬᠢᠪᠠ᠃ ᠮᠥᠩᠭᠥᠨ ᠴᠡᠷᠡᠨ ᠳᠡᠭᠡᠷ᠎ᠡ ᠴᠢᠨᠠᠵᠤ ᠲᠠᠯᠪᠢᠭᠰᠠᠨ ᠮᠥᠴᠢ ᠮᠢᠬ᠎ᠠ ᠶ᠋ᠢ ᠪᠦᠭᠦᠳᠡ ᠶ᠋ᠢ ᠨᠢ ᠶᠣᠰᠣ ᠪᠤᠷᠤᠭᠤ ᠲᠠᠯᠪᠢᠭᠰᠠᠨ ᠨᠢ ᠶᠣᠭᠲᠠ ᠤᠴᠢᠷ ᠠᠭᠤᠯᠤᠭᠰᠠᠨ ᠢ᠋ ᠮᠡᠯᠲᠡᠭ ᠬᠢᠶ᠎ᠡ ᠰᠠᠶᠢ ᠯᠠ ᠤᠬᠠᠭᠠᠷᠠᠵᠠᠢ᠃ ᠡᠢᠨ ᠬᠣᠵᠢᠭᠤ ᠣᠢᠯᠠᠭᠠᠭᠰᠠᠨ ᠭᠡᠭᠡ ᠬᠢᠯᠠᠰᠬᠢᠬᠦ ᠳ᠋ᠦ᠍ ᠬᠡᠦᠬᠡᠨ ᠦ᠌ ᠴᠢᠷᠠᠢ ᠳ᠋ᠤ᠌ ᠤᠷᠮᠠᠰᠢᠨ ᠪᠠᠶᠠᠰᠬᠤ ᠶᠠᠩᠵᠤ ᠲᠥᠯᠥᠪ ᠢᠯᠡᠷᠡᠵᠦ᠂ ᠪᠣᠭᠲᠣᠭᠣᠰᠣ ᠠᠪᠤᠭᠰᠠᠨ ᠢ᠋ᠶ᠋ᠠᠨ ᠭᠡᠵᠢᠭᠡ ᠶ᠋ᠢ ᠨᠢ ᠣᠭᠲᠣᠯᠵᠤ᠂ ᠭᠡᠳᠡᠰᠦ ᠶ᠋ᠢ ᠨᠢ ᠬᠠᠭᠠᠯᠵᠤ ᠣᠷᠬᠢᠭᠠᠳ ᠮᠡᠯᠲᠡᠭ ᠢ᠋ ᠬᠠᠷᠠᠯ᠎ᠠ᠃ ᠮᠥᠨᠥᠬᠡᠨ ᠬᠡᠯᠡ ᠦᠭᠡᠢ ᠬᠡᠦᠬᠡᠨ ᠦ᠌ ᠶᠣᠭᠲᠠ ᠤᠳᠬ᠎ᠠ ᠶ᠋ᠢ ᠬᠠᠭᠠᠰ ᠳᠤᠲᠠᠭᠤ ᠤᠬᠠᠭᠠᠷᠠᠭᠰᠠᠨ ᠮᠡᠯᠲᠡᠭ᠂ 
       — ᠨᠠᠮᠠᠶ᠋ᠢ ᠤᠤ? ᠭᠡᠪᠡᠯ ᠥᠬᠢᠨ ᠪᠥᠩᠵᠢᠭᠡᠨᠡᠲᠡᠯ᠎ᠡ ᠲᠣᠯᠣᠭᠠᠢ ᠳᠣᠬᠢᠨ᠂ ᠬᠣᠭᠣᠯᠠᠢ ᠪᠠᠨ ᠬᠡᠷᠴᠢᠵᠦ ᠦᠵᠡᠭᠦᠯᠦᠨ ᠪᠠᠲᠤᠯᠠᠵᠠᠢ᠃ 
       — ᠬᠡᠵᠢᠶ᠎ᠡ? ᠥᠬᠢᠨ ᠰᠠᠨᠳᠤᠷᠤᠨ ᠲᠠᠬᠢᠯᠵᠠᠵᠤ᠂ ᠡᠭᠦᠳᠡ ᠤᠷᠤᠭᠤ ᠵᠢᠭᠠᠨ ᠥᠨᠳᠡᠯᠵᠡᠭᠰᠡᠨ ᠢ᠋ᠶ᠋ᠡᠨ ᠲᠣᠯᠣᠭᠠᠢ ᠶ᠋ᠢᠨ ᠢ᠋ᠶ᠋ᠡᠨ ᠠᠯᠴᠢᠭᠤᠷ ᠢ᠋ ᠬᠠᠭᠤ ᠲᠡᠳᠡᠨ ᠠᠪᠴᠤ ᠳᠡᠯᠭᠡᠵᠦ ᠲᠠᠯᠪᠢᠭᠰᠠᠨ ᠢ᠋ᠶ᠋ᠠᠨ ᠠᠭᠤᠷ ᠰᠠᠪᠰᠠᠭᠰᠠᠨ ᠬᠠᠯᠠᠭᠤᠨ ᠮᠢᠬ᠎ᠠ ᠶ᠋ᠢ ᠰᠡᠷ ᠬᠢᠲᠡᠯ᠎ᠡ ᠠᠰᠬᠠᠭᠠᠳ ᠲᠡᠮᠲᠡᠴᠢᠨ ᠪᠣᠭᠣᠵᠤ ᠣᠷᠬᠢᠪᠠ᠃ ᠴᠢᠩᠭᠢᠭᠡᠳ ᠣᠳᠣ ᠬᠦᠷᠲᠡᠯ᠎ᠡ ᠠᠩᠭᠠᠢᠨ ᠰᠠᠭᠤᠬᠤ ᠮᠡᠯᠲᠡᠭ ᠬᠢᠶ᠎ᠡ ᠶ᠋ᠢ ᠶᠠᠭᠠᠷᠠᠭᠤᠯᠵᠤ᠂ ᠸᠴᠢᠷ ᠵᠠᠩᠭᠢᠳᠴᠤ ᠡᠪᠬᠡᠭᠰᠡᠨ ᠳᠤᠷᠳᠤᠩ ᠪᠦᠰᠡ ᠶ᠋ᠢ ᠨᠢ ᠡᠪᠦᠷ ᠳᠡᠭᠡᠷ᠎ᠡ ᠨᠢ ᠴᠢᠯᠠᠭᠤᠳᠠᠯ᠎ᠠ᠃ ᠮᠡᠯᠲᠡᠭ ᠬᠢᠶ᠎ᠡ ᠦᠷᠭᠦᠨ ᠪᠣᠰᠬᠤ ᠬᠥᠭᠰᠢᠨ ᠠᠳᠠ ᠮᠡᠲᠦ ᠨᠥᠮᠥᠭᠡᠨ ᠳᠡᠪᠡᠯ ᠢ᠋ᠶ᠋ᠡᠨ ᠤᠨᠠᠭᠠᠨ ᠪᠠᠷᠢᠨ ᠪᠣᠰᠤᠨ ᠬᠠᠷᠠᠢᠵᠠᠢ᠃ ᠮᠥᠨᠳᠥᠷ ᠡᠴᠢᠭᠡ ᠶ᠋ᠢᠨ ᠢ᠋ᠶ᠋ᠡᠨ ᠳᠡᠪᠡᠯ ᠢ᠋ ᠪᠦᠰᠡᠯᠡᠵᠦ ᠥᠭᠴᠦ ᠪᠠᠢᠭ᠎ᠠ ᠶᠤᠮ ᠰᠢᠭ᠋ ᠭᠠᠷ ᠢ᠋ ᠨᠢ ᠠᠯᠳᠠᠯᠠᠭᠤᠯᠤᠨ ᠪᠠᠢᠵᠤ ᠪᠦᠰᠡ ᠶ᠋ᠢ ᠨᠢ ᠵᠠᠪᠬᠠᠢᠳᠠᠯ᠎ᠠ ᠣᠷᠢᠶᠠᠪᠠ᠃ ᠴᠢᠩᠭᠢᠭᠡᠳ ᠪᠣᠭᠣᠭᠰᠠᠨ ᠠᠯᠴᠢᠭᠤᠷ ᠨᠢ ᠲᠣᠰᠣ ᠳᠠᠭᠠᠭᠠᠭᠰᠠᠨ ᠮᠥᠨᠥᠬᠡᠨ ᠵᠠᠮ ᠤ᠋ᠨ ᠬᠦᠨᠡᠰᠦ ᠪᠡᠨ ᠭᠠᠷ ᠲᠤᠨᠢ ᠠᠳᠬᠤᠭᠤᠯᠤᠯ᠎ᠠ᠃ ᠶᠡᠷᠦ ᠮᠡᠯᠲᠡᠩ ᠬᠢᠶ᠎ᠡ ᠬᠣᠪᠣᠰᠣᠳᠠᠭᠤᠯᠤᠭᠰᠠᠨ ᠮᠡᠲᠦ ᠥᠬᠢᠨ ᠦ᠌ ᠮᠠᠲᠠᠯ ᠳ᠋ᠤ᠌ ᠪᠦᠷᠢᠨ ᠣᠷᠣᠴᠢᠬᠠᠵᠤ ᠠᠪᠠᠢ᠃ ᠮᠥᠨᠳᠥᠷ ᠲᠡᠭᠦᠨ ᠢ᠋ ᠬᠥᠲᠥᠯᠦᠨ ᠪᠠᠯᠭᠠᠰᠤᠨ ᠤ᠋ ᠵᠠᠬ᠎ᠠ ᠶ᠋ᠢᠨ ᠬᠠᠷ᠎ᠠ ᠬᠠᠷᠰᠢ ᠠ᠋ᠴᠠ ᠪᠣᠯᠭᠣᠮᠵᠢ ᠲᠠᠢ ᠴᠤᠬᠤᠢᠪᠠ᠃ ᠲᠡᠷᠡ ᠪᠡᠷ ᠬᠠᠷᠠᠭᠤᠯ ᠤ᠋ᠨ ᠴᠡᠷᠢᠭ᠂ ᠭᠠᠯ ᠤ᠋ᠨ ᠡᠷᠭᠢᠭᠦᠯ ᠢ᠋ ᠠᠯᠢ ᠨᠢᠭᠡ ᠵᠦᠭ ᠲᠦ᠍ ᠶᠠᠮᠠᠷ ᠨᠢᠭᠡᠨ ᠬᠤᠳᠠᠯ ᠬᠡᠯᠡ ᠥᠭᠴᠦ ᠶᠠᠪᠤᠭᠤᠯᠤᠭᠰᠠᠨ ᠪᠣᠯᠤᠯᠲᠠᠢ᠃ ᠭᠠᠳᠠᠭ᠎ᠠ ᠬᠥᠮᠦᠨ ᠦ᠌ ᠪᠠᠷ᠎ᠠ ᠬᠥᠯ ᠦ᠋ᠨ ᠴᠢᠮᠡᠭᠡ ᠠᠯᠢ ᠠᠯᠢ ᠨᠢ ᠦᠭᠡᠢ ᠨᠠᠮ ᠬᠦᠮᠬᠡᠨ ᠠᠵᠢ᠃ ᠬᠡᠯᠡ ᠦᠭᠡᠢ ᠥᠬᠢᠨ ᠲᠡᠭᠦᠨ ᠢ᠋ ᠬᠡᠦᠬᠡᠳ ᠰᠢᠭ ᠬᠥᠲᠥᠯᠦᠨ ᠭᠦᠶᠦᠵᠡᠢ᠃ ᠪᠤᠷᠭᠠᠰᠤ ᠲᠠᠰᠢᠭᠤᠯᠳᠠᠨ ᠱᠣᠭᠰᠢᠵᠤ᠂ ᠣᠷᠣᠢ ᠶ᠋ᠢᠨ ᠤᠰᠤᠨ ᠳ᠋ᠤ᠌ ᠢᠳᠡᠭᠳᠡᠭᠰᠡᠨ ᠵᠢᠯᠠᠭ᠎ᠠ ᠳᠠᠭᠠᠵᠤ ᠭᠦᠶᠦᠭᠰᠡᠭᠡᠷ ᠨᠡᠯᠢᠶᠡᠳ ᠬᠣᠯᠠ ᠳ᠋ᠤ᠌ ᠢᠷᠡᠬᠦ ᠳ᠋ᠦ᠍ ᠮᠤᠬᠤᠷ ᠭᠠᠩᠭ᠎ᠠ ᠶ᠋ᠢᠨ ᠨᠥᠮᠥᠷᠢ ᠳ᠋ᠦ᠍ ᠬᠣᠶᠠᠷ ᠮᠣᠷᠢ ᠴᠢᠳᠥᠷ ᠲᠡᠢ ᠪᠠᠢᠯ᠎ᠠ᠃ ᠶᠡᠷᠦ ᠵᠣᠯ ᠦᠭᠡᠢ ᠵᠠᠶᠠᠭᠠᠨ ᠳ᠋ᠤ᠌ ᠬᠡᠯᠡ ᠦᠭᠡᠢ ᠲᠥᠷᠥᠭᠰᠡᠨ ᠬᠡᠳᠦᠢ ᠴᠦ᠍ ᠭᠦᠶᠦᠬᠦ ᠤᠬᠠᠭᠠᠨ ᠲᠡᠭᠦᠰ ᠨᠢᠭᠡᠨ ᠠᠵᠢ᠃ ᠲᠡᠷᠡ ᠪᠡᠷ ᠦᠷᠭᠦᠨ ᠬᠤᠤᠬᠢᠷᠠᠬᠤ ᠰᠠᠭᠠᠷᠠᠯ ᠮᠣᠷᠢᠨ ᠤ᠋ ᠵᠢᠯᠣᠭᠣ ᠳᠠᠮᠵᠢᠨ ᠲᠤᠱᠠ ᠶ᠋ᠢ ᠨᠢ ᠲᠠᠢᠯᠵᠤ᠂ ᠴᠢᠳᠥᠷ ᠠᠪᠴᠤ ᠭᠠᠨᠵᠤᠭᠠᠯᠠᠨ ᠳᠥᠷᠥᠭᠡ ᠰᠢᠭᠦᠷᠡᠯ᠎ᠡ᠃ ᠰᠠᠢᠬᠠᠨ ᠬᠡᠭᠡᠷ᠎ᠡ ᠮᠣᠷᠢᠨ ᠤ᠋ ᠵᠣ ᠳᠡᠭᠡᠷ᠎ᠡ ᠭᠠᠷᠬᠤ ᠳ᠋ᠤ᠌ ᠮᠡᠯᠲᠡᠭ ᠬᠢᠶ᠎ᠡ ᠳ᠋ᠦ᠍ ᠵᠢᠭᠦᠷ ᠤᠷᠭᠤᠭᠰᠠᠨ ᠮᠡᠲᠦ ᠰᠠᠨᠠᠭᠳᠠᠭᠰᠠᠨ ᠨᠢ ᠪᠣᠢ᠃ ᠡᠢᠨ ᠬᠡᠷᠡᠢᠳ ᠦ᠋ᠨ ᠴᠣᠣᠵᠢᠨ ᠠ᠋ᠴᠠ ᠭᠠᠷᠴᠤ᠂ ᠬᠡᠭᠡᠷ ᠮᠣᠷᠢᠨ ᠤ᠋ ᠬᠤᠷᠳᠤ ᠮᠡᠳᠡᠨ ᠳᠣᠪᠲᠣᠯᠭᠠᠭᠰᠠᠭᠠᠷ ᠬᠡᠷᠦᠯᠦᠨ ᠮᠥᠷᠡᠨ ᠦ᠌ ᠪᠠᠷ᠎ᠠ ᠬᠠᠷᠠᠬᠤ ᠳ᠋ᠤ᠌ ᠲᠡᠮᠦᠵᠢᠨ ᠦᠭᠡ ᠳᠣᠪᠵᠢᠭ᠂ ᠲᠤᠪᠤᠭᠤᠴᠢ ᠬᠣᠶᠠᠷ ᠢ᠋ ᠳᠠᠭᠠᠭᠤᠯᠤᠨ ᠲᠣᠰᠴᠤ ᠪᠢᠯᠡ᠃ ᠶᠡᠷᠦ ᠨᠢᠭᠡᠨ ᠴᠠᠭ ᠲᠤ᠌ ᠲᠠᠰᠤᠷᠠᠭᠰᠠᠨ ᠠᠮᠢᠳᠤᠷᠠᠯ ᠤ᠋ᠨ ᠬᠠᠷᠭᠤᠢ ᠶ᠋ᠢ ᠵᠠᠯᠭᠠᠵᠤ ᠥᠭᠭᠦᠭᠰᠡᠨ ᠬᠥᠮᠦᠨ ᠪᠣᠯ ᠮᠥᠨᠳᠥᠷ ᠥᠬᠢᠨ ᠮᠥᠨ ᠶᠦᠮ ᠳᠡ᠃ ᠠᠴᠢ ᠶ᠋ᠢ ᠪᠠᠴᠢ ᠪᠠᠷ ᠭᠡᠭᠴᠢ ᠪᠡᠷ ᠨᠢᠴᠦᠭᠦᠨ ᠪᠦᠰᠡᠭᠦᠢ ᠶ᠋ᠢᠨ ᠢᠯᠴᠢ ᠶ᠋ᠢ ᠮᠡᠳᠡᠷᠡᠵᠦ᠂ ᠦᠰᠦ ᠶ᠋ᠢ ᠢᠯᠢᠬᠦ ᠡᠴᠡ ᠬᠡᠲᠦᠷᠡᠭᠰᠡᠨ ᠦᠭᠡᠢ ᠪᠢᠯᠡ᠃ ᠮᠡᠯᠲᠡᠭ ᠶᠡᠷᠦ ᠬᠥᠮᠦᠨ ᠦ᠌ ᠲᠤᠰᠠ ᠶ᠋ᠢ ᠤᠰᠤ ᠪᠠᠷ ᠬᠠᠷᠢᠭᠤᠯᠠᠬᠤ ᠡᠷ᠎ᠡ ᠪᠢᠰᠢ ᠶᠦᠮ᠃ ᠡᠢᠨ ᠳᠠᠶᠠᠩ ᠳᠡᠯᠡᠬᠡᠢ ᠶ᠋ᠢᠨ ᠡᠷᠢᠶᠡᠨ ᠪᠠᠷᠠᠭᠠᠨ ᠢ᠋ ᠡᠷᠭᠢᠭᠦᠯᠵᠦ ᠬᠥᠷᠪᠡᠭᠦᠯᠵᠦ ᠪᠣᠳᠣᠨ ᠨᠢᠭᠡ ᠮᠡᠳᠡᠬᠦ ᠳ᠋ᠦ᠍ ᠨᠠᠮ ᠤᠨᠲᠠᠵᠠᠢ᠃ ᠴᠠᠴᠠᠷ ᠤ᠋ᠨ ᠳᠡᠭᠡᠪᠦᠷ ᠱᠠᠷᠵᠢᠭᠢᠨᠠᠨ ᠬᠣᠶᠠᠷ ᠨᠢᠭᠡᠨ ᠪᠣᠷᠣᠭ᠎ᠠ ᠲᠤᠰᠬᠤ ᠳ᠋ᠤ᠌ ᠰᠡᠷᠡᠯ᠎ᠡ᠃ ᠨᠠᠮ ᠬᠦᠮᠬᠡᠨ ᠥᠷᠯᠥᠭᠡ ᠠᠵᠢ᠃ ᠴᠡᠯᠮᠡᠭ ᠬᠥᠬᠡ ᠲᠩᠷᠢ ᠳ᠋ᠦ᠍ ᠪᠢᠯᠵᠤᠤᠬᠠᠢ ᠵᠢᠷᠭᠢᠵᠦ᠂ ᠬᠣᠯᠠ ᠶ᠋ᠢᠨ ᠬᠣᠯᠠ ᠳ᠋ᠤ᠌ ᠣᠷᠱᠣᠨ ᠮᠥᠷᠡᠨ ᠦᠦᠬᠡ ᠲᠡᠦᠬᠡ ᠬᠦᠦᠷᠨᠢᠨ ᠠᠪᠠᠢ᠃ ᠮᠡᠯᠲᠡᠭ ᠬᠢᠶ᠎ᠡ ᠦᠭᠡ ᠨᠣᠶᠠᠨ ᠤ᠋ ᠦᠭᠡ ᠶ᠋ᠢ ᠰᠠᠨᠠᠨ ᠭᠡᠨᠡᠳᠲᠡ ᠤᠬᠤᠰᠬᠢᠨ ᠥᠨᠳᠡᠢᠪᠡᠯ᠂ ᠨᠢᠯᠬ᠎ᠠ ᠶ᠋ᠢᠨ ᠭᠡᠨᠡᠨ ᠢᠨᠢᠶᠡᠮᠰᠦᠭᠯᠡᠯ ᠤᠷᠤᠭᠤᠯ ᠳ᠋ᠤᠨᠢ ᠲᠣᠳᠣᠷᠠᠭᠰᠠᠨ ᠮᠥᠨᠳᠥᠷ ᠪᠦᠰᠡᠭᠦᠢ ᠤᠬᠠᠭᠠᠨ ᠦᠭᠡᠢ ᠤᠨᠲᠠᠵᠤ ᠪᠠᠢᠯ᠎ᠠ᠃ ᠴᠢᠩᠭᠢᠭᠡᠳ ᠠᠮᠢᠨ ᠳ᠋ᠤᠨᠢ ᠣᠷᠣᠭᠰᠠᠨ ᠬᠥᠭᠡᠷᠦᠬᠦᠨ ᠥᠬᠢᠨ ᠢ᠋ ᠰᠡᠭᠦᠯᠴᠢ ᠶ᠋ᠢᠨ ᠤᠳᠠᠭ᠎ᠠ ᠬᠠᠷᠠᠵᠤ ᠪᠠᠢᠨ᠎ᠠ ᠪᠣᠢ ᠮᠡᠲᠦ ᠰᠢᠮᠳᠠᠨ ᠤᠳᠠᠭᠠᠨ ᠰᠢᠷᠳᠡᠵᠡᠢ᠃ ᠮᠡᠯᠲᠡᠭ ᠬᠢᠶ᠎ᠡ ᠶ᠋ᠢᠨ ᠪᠠᠳᠬ᠎ᠠ ᠰᠢᠪᠠᠭᠰᠠᠨ ᠬᠠᠷ᠎ᠠ ᠨᠢᠭᠤᠷᠤᠨ ᠳ᠋ᠤ᠌ ᠬᠠᠢᠷ᠎ᠠ ᠤᠶᠠᠷᠠᠯ ᠤ᠋ᠨ ᠭᠡᠭᠡ ᠬᠠᠷᠪᠤᠵᠤ᠂ ᠨᠢᠳᠦᠨ ᠳ᠋ᠦ᠍ ᠨᠢᠯᠪᠤᠰᠤ ᠴᠢᠢᠯᠭᠡᠨᠡᠨ᠂ ᠬᠣᠭᠣᠯᠠᠢ ᠨᠢ ᠵᠠᠩᠭᠢᠷᠠᠵᠤ᠂ 
       一 ᠥᠬᠢᠨ ᠮᠢᠨᠢ᠁ ᠭᠡᠵᠦ ᠰᠢᠪᠡᠨᠡᠯ᠎ᠡ᠃ ᠬᠤᠪᠴᠠᠰᠤ ᠪᠠᠨ ᠴᠤ᠌ ᠲᠠᠢᠯᠤᠭ᠎ᠠ ᠦᠭᠡᠢ ᠤᠨᠲᠠᠭᠰᠠᠨ ᠮᠡᠯᠲᠡᠭ ᠬᠢᠶ᠎ᠡ ᠵᠥᠭᠡᠯᠡᠬᠡᠨ ᠪᠣᠰᠴᠤ ᠳᠥᠷᠪᠡᠨ ᠬᠥᠯᠯᠡᠨ ᠴᠠᠴᠠᠷ ᠠ᠋ᠴᠠ ᠭᠠᠷᠴᠠᠢ᠃ ᠴᠢᠩᠭᠢᠭᠡᠳ ᠦᠷ ᠦ᠋ᠨ ᠴᠠᠭᠠᠨ ᠮᠠᠨᠠᠨ ᠨᠠᠪᠰᠠᠢᠨ ᠪᠠᠭᠤᠭᠰᠠᠨ ᠶᠡᠬᠡ ᠲᠠᠯ᠎ᠠ ᠪᠠᠷ ᠠᠷᠭᠠᠮᠵᠢᠶ᠎ᠠ ᠲᠠᠢ ᠮᠣᠷᠢᠳ ᠳᠣᠷᠭᠢᠯᠠᠬᠤ ᠵᠦᠭ ᠤᠷᠤᠭᠤ ᠭᠦᠶᠦᠵᠦ ᠣᠳᠪᠠ᠃