ᠰᠠᠯᠬᠢᠨ ᠤ᠋ ᠬᠡSalchny heСалхны хэ
ᠰᠠᠯᠬᠢᠨ ᠤ᠋ ᠬᠡ
ᠦᠭᠡ᠄ ᠱ· ᠭᠦᠷᠦᠪᠠᠽᠠᠷ
ᠠᠶ᠎ᠠ᠄ ᠯ· ᠪᠠᠯᡁᠬᠠᠵᠠᠪ
ᠲᠠᠩᠳᠠ ᠯᠠ ᠥᠪᠡᠷᠲᠡᠭᠡᠨ ᠨᠠᠮᠢᠷᠠᠭᠠᠳ ᠪᠠᠢᠨ᠎ᠠ
ᠳᠠᠪᠤᠤ ᠳᠡᠪᠡᠯ ᠦ᠋ᠨ ᠮᠢᠨᠢ ᠬᠡ ᠤᠤ ᠳᠧ
ᠳᠠᠪᠠᠭᠠᠨ ᠤ᠋ ᠰᠠᠯᠬᠢ ᠨᠢ ᠢᠯᠪᠢᠭᠡᠳ ᠯᠡ ᠪᠠᠢᠨ᠎ᠠ
ᠳᠣᠭᠳᠣᠯᠬᠤ ᠰᠡᠳᠬᠢᠯ ᠦ᠋ᠨ ᠮᠢᠨᠢ ᠥᠩᠭᠡ ᠤᠤ ᠳᠧ
ᠳᠡᠩᠰᠡᠯᠡᠬᠦ ᠵᠢᠷᠦᠬᠡᠨ ᠦ᠌ ᠮᠢᠨᠢ ᠠᠶᠠᠰ ᠤᠤ ᠳᠠ
ᠳᠡᠪᠡᠯ ᠦ᠋ᠨ ᠵᠦᠭ ᠦᠭᠡᠢᠬᠡᠨ ᠬᠡ ᠤᠤ ᠳᠧ
ᠳᠡᠨᠵᠢ ᠶ᠋ᠢᠨ ᠴᠡᠩᠬᠡᠷᠬᠡᠨ ᠰᠠᠯᠬᠢ ᠤᠤ ᠳᠠ᠃
ᠥᠭᠡᠳᠡᠰᠦᠨ ᠳᠡᠪᠡᠯ ᠬᠡᠢᠰᠬᠡᠨ ᠪᠠᠢᠭ᠎ᠠ
ᠰᠠᠯᠬᠢᠨ ᠤ᠋ ᠬᠢᠨᠢ ᠴᠦ᠍ ᠦᠵᠦᠭᠦᠷ ᠤᠤ ᠳᠧ
ᠥᠩᠭᠡ ᠥᠩᠭᠡ ᠶ᠋ᠢ ᠡᠷᠭᠢᠴᠡᠨ ᠪᠠᠢᠭ᠎ᠠ
ᠰᠠᠨᠠᠭᠠᠨ ᠤ᠋ ᠬᠢᠨᠢ ᠰᠢᠭ ᠰᠡᠵᠢᠭᠦᠷ ᠤᠤ ᠳᠧ
ᠬᠡ ᠬᠡ ᠳ᠋ᠡᠭᠡᠨ ᠥᠭᠰᠥᠨ ᠪᠠᠢᠭ᠎ᠠ
ᠲᠣᠷᠭ᠎ᠠ ᠰᠢᠭ᠋ ᠲᠣᠷᠭ᠎ᠠ ᠤᠤ ᠳᠠ
ᠬᠡᠨ ᠬᠡᠨ ᠳ᠋ᠡᠭᠡᠨ ᠳᠠᠰᠤᠨ ᠪᠠᠢᠭ᠎ᠠ
ᠳᠣᠲᠣᠨᠣ ᠰᠢᠭ᠋ ᠬᠠᠢᠷ᠎ᠠ ᠤᠤ ᠳᠠ᠃
ᠠᠯᠴᠢᠭᠤᠷ ᠤᠷᠤᠭᠤ ᠬᠡᠢᠰᠭᠡᠳ ᠪᠠᠢᠨ᠎ᠠ
ᠠᠶ᠎ᠠ ᠶ᠋ᠢᠨ ᠰᠠᠯᠬᠢᠨ ᠤ᠋ ᠠᠭᠠᠰᠢ ᠤᠤ ᠳᠠ
ᠠᠯᠳᠠᠩᠬᠠᠨ ᠰᠠ ᠨᠢ ᠭᠡᠭᠡᠭᠳᠡᠭᠡᠳ ᠪᠠᠢᠨ᠎ᠠ
ᠠᠶᠠᠰᠬᠠᠨ ᠪᠣᠳᠣᠯ ᠤ᠋ᠨ ᠮᠢᠨᠢ ᠤᠶᠠᠷᠠᠯ ᠤᠤ ᠳᠠ
ᠠᠮᠢᠨ ᠰᠠᠨᠠᠭᠠᠨ ᠤ᠋ ᠮᠢᠨᠢ ᠬᠦᠰᠡᠯ ᠤᠤ ᠳᠧ
ᠠᠯᠴᠢᠭᠤᠷ ᠤ᠋ᠨ ᠨᠢᠮᠭᠡᠨ ᠠᠭᠠᠰᠢ ᠤᠤ ᠳᠠ
ᠠᠵᠠ ᠶ᠋ᠢᠨ ᠴᠡᠩᠬᠡᠷᠬᠡᠨ ᠰᠠᠯᠬᠢ ᠤᠤ ᠳᠠ᠃
ᠬᠥᠨᠳᠡᠢ ᠶ᠋ᠢᠨ ᠰᠠᠯᠬᠢ ᠨᠢ ᠦᠯᠢᠶᠡᠭᠡᠳ ᠪᠠᠢᠨ᠎ᠠ
ᠨᠠᠪᠴᠢᠨ ᠤ᠋ ᠴᠢᠮᠡᠭᠡ ᠭᠠᠷᠤᠯᠭᠦᠢ ᠳᠧ
ᠬᠥᠭᠡᠷᠦᠭᠰᠡᠨ ᠰᠡᠳᠬᠢᠯ ᠮᠢᠨᠢ ᠳᠡᠩᠰᠡᠯᠡᠭᠡᠳ ᠪᠠᠢᠨ᠎ᠠ
ᠨᠡᠷᠡᠲᠦ ᠳ᠋ᠦ᠍ ᠨᠢᠭᠡᠨ ᠳ᠋ᠡᠭᠡᠨ ᠬᠠᠢᠷᠠᠯᠠᠯ ᠦᠭᠡᠢ ᠳᠧ᠃
ᠥᠭᠡᠳᠡᠰᠦᠨ ᠳᠡᠪᠡᠯ ᠬᠡᠢᠰᠭᠡᠳ ᠪᠠᠢᠭ᠎ᠠ
ᠰᠠᠯᠬᠢᠨ ᠤ᠋ ᠬᠢᠨᠢ ᠴᠦ᠍ ᠦᠵᠦᠭᠦᠷ ᠤᠤ ᠳᠧ
ᠥᠩᠭᠡ ᠥᠩᠭᠡ ᠶ᠋ᠢ ᠡᠷᠭᠢᠴᠡᠨ ᠪᠠᠢᠭ᠎ᠠ
ᠰᠠᠨᠠᠭᠠᠨ ᠤ᠋ ᠬᠢᠨᠢ ᠰᠢᠭ ᠰᠡᠵᠢᠭᠦᠷ ᠤᠤ ᠳᠧ
ᠬᠡ ᠬᠡ ᠳ᠋ᠡᠭᠡᠨ ᠥᠭᠰᠥᠨ ᠪᠠᠢᠭ᠎ᠠ
ᠲᠣᠷᠭ᠎ᠠ ᠰᠢᠭ᠋ ᠲᠣᠷᠭ᠎ᠠ ᠤᠤ ᠳᠠ
ᠬᠡᠨ ᠬᠡᠨ ᠳ᠋ᠡᠭᠡᠨ ᠳᠠᠰᠤᠨ ᠪᠠᠢᠭ᠎ᠠ
ᠳᠣᠲᠣᠨᠣ ᠰᠢᠭ᠋ ᠬᠠᠢᠷ᠎ᠠ ᠶ᠋ᠢᠨ ᠰᠠᠯᠬᠢ ᠨᠢ ᠦᠯᠢᠶᠡᠭᠡᠳ ᠪᠠᠢᠨ᠎ᠠ᠃
ᠨᠠᠪᠴᠢᠨ ᠤ᠋ ᠴᠢᠮᠡᠭᠡ ᠭᠠᠷᠤᠯᠭᠦᠢ ᠳᠧ
ᠬᠠᠲᠤᠨ ᠰᠠᠨᠠᠭ᠎ᠠ ᠮᠢᠨᠢ ᠤᠶᠠᠷᠠᠭᠠᠳ ᠪᠠᠢᠨ᠎ᠠ
ᠨᠡᠷᠡᠲᠦ ᠳ᠋ᠦ᠍ ᠨᠢᠭᠡᠨ ᠳ᠋ᠡᠭᠡᠨ ᠬᠠᠢᠷᠠᠯᠠᠯ ᠦᠭᠡᠢ ᠳᠧ
ᠥᠭᠡᠳᠡᠰᠦᠨ ᠳᠡᠪᠡᠯ ᠬᠡᠢᠰᠬᠡᠨ ᠪᠠᠢᠭ᠎ᠠ
ᠰᠠᠯᠬᠢᠨ ᠤ᠋ ᠬᠢᠨᠢ ᠴᠦ᠍ ᠦᠵᠦᠭᠦᠷ ᠤᠤ ᠳᠧ
ᠥᠩᠭᠡ ᠥᠩᠭᠡ ᠶ᠋ᠢ ᠡᠷᠭᠢᠴᠡᠨ ᠪᠠᠢᠭ᠎ᠠ
ᠰᠠᠨᠠᠭᠠᠨ ᠤ᠋ ᠬᠢᠨᠢ ᠰᠢᠭ ᠰᠡᠵᠢᠭᠦᠷ ᠤᠤ ᠳᠧ
ᠬᠡ ᠬᠡ ᠳ᠋ᠡᠭᠡᠨ ᠥᠭᠰᠥᠨ ᠪᠠᠢᠭ᠎ᠠ
ᠲᠣᠷᠭ᠎ᠠ ᠰᠢᠭ᠋ ᠲᠣᠷᠭ᠎ᠠ ᠤᠤ ᠳᠠ
ᠬᠡᠨ ᠬᠡᠨ ᠳ᠋ᠡᠭᠡᠨ ᠳᠠᠰᠤᠨ ᠪᠠᠢᠭ᠎ᠠ
ᠳᠣᠲᠣᠨᠣ ᠰᠢᠭ᠋ ᠬᠠᠢᠷ᠎ᠠ ᠤᠤ ᠳᠠ᠃
ᠦᠰᠦᠭ ᠠᠮᠢᠯᠠᠭᠤᠯᠤᠭᠴᠢ᠄ ᠤᠤᠭᠠᠨᠵᠢᠳ
ᠬᠢᠨᠠᠭᠴᠢ᠄ ᠮᠡᠷᠭᠡᠨᠪᠢᠯᠢᠭ
