ᠦᠷ᠎ᠡ ᠮᠢᠨᠢ ᠬᠦᠦ ᠮᠢᠨᠢ - ᠴ· ᠪᠠᠲᠤᠡᠷᠳᠡᠨᠢÜr mini khüü mini-Ts·Bat-ErdenҮр минь хүү минь-Ц·Бат-Эрдэн ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠦᠷ᠎ᠡ ᠮᠢᠨᠢ ᠬᠦᠦ ᠮᠢᠨᠢ - ᠴ· ᠪᠠᠲᠤᠡᠷᠳᠡᠨᠢÜr mini khüü mini-Ts·Bat-ErdenҮр минь хүү минь-Ц·Бат-Эрдэн

ᠦᠷ᠎ᠡ ᠮᠢᠨᠢ ᠬᠦᠦ ᠮᠢᠨᠢ - ᠴ· ᠪᠠᠲᠤᠡᠷᠳᠡᠨᠢÜr mini khüü mini-Ts·Bat-ErdenҮр минь хүү минь-Ц·Бат-Эрдэн

ᠠᠩᠭᠢᠯᠠᠯ:ᠳᠠᠭᠤᠤ ᠬᠥᠭᠵᠢᠮ
2026-04-25

12

ᠦᠷ᠎ᠡ ᠮᠢᠨᠢ ᠬᠦᠦ ᠮᠢᠨᠢ


      ᠦᠭᠡ᠄ ᠵ· ᠲᠦᠮᠡᠨᠵᠢᠷᠭᠠᠯ 
      ᠠᠶ᠎ᠠ᠄ ᠭ· ᠡᠩᠬᠡᠪᠠᠶᠠᠷ 
      ᠳᠠᠭᠤᠴᠢᠨ᠄ ᠴ· ᠪᠠᠲᠤᠡᠷᠳᠡᠨᠢ   

ᠢᠲᠡᠭᠡᠯ ᠰᠠᠢᠲᠤ ᠶ᠋ᠢᠨ ᠦᠷ᠎ᠡ ᠪᠢᠯᠡ  
ᠰᠡᠳᠬᠢᠯ ᠰᠠᠢᠲᠤ ᠶ᠋ᠢᠨ ᠦᠷᠭᠦᠯᠵᠢᠯᠡᠯ ᠪᠢᠯᠡ  
ᠡᠬᠡ ᠶ᠋ᠢᠨ ᠬᠠᠢᠷ᠎ᠠ ᠪᠠᠷ ᠴᠠᠩᠭᠠᠭ᠎ᠠ ᠦᠭᠡᠢ ᠪᠢᠯᠡ  
ᠡᠴᠢᠭᠡ ᠶ᠋ᠢᠨ ᠨᠥᠮᠥᠷᠢ ᠪᠡᠷ ᠳᠤᠲᠠᠭ᠎ᠠ ᠦᠭᠡᠢ ᠪᠢᠯᠡ  
ᠤᠳᠤᠮ ᠢ᠋ ᠮᠢᠨᠢ ᠪᠢᠲᠡᠭᠡᠢ ᠰᠡᠪᠲᠦᠭᠡᠷᠡᠢ  
ᠤᠷᠮ᠎ᠠ ᠶ᠋ᠢ ᠮᠢᠨᠢ ᠪᠢᠲᠡᠭᠡᠢ ᠬᠤᠭᠤᠯᠤᠭᠠᠷᠠᠢ ᠬᠦᠦ ᠮᠢᠨᠢ  
ᠬᠦᠰᠡᠯ ᠦ᠋ᠨ ᠵᠢᠯᠣᠭᠣ ᠶ᠋ᠢ ᠡᠷᠭᠦᠭᠡᠷᠡᠢ ᠦᠶ᠎ᠡ ᠮᠢᠨᠢ  
ᠬᠥᠮᠦᠨ ᠦ᠌ ᠲᠠᠢᠲᠠᠢ ᠶᠠᠪᠤᠭᠠᠷᠠᠢ ᠬᠦᠦ ᠮᠢᠨᠢ   
ᠵᠠᠶᠠᠭ᠎ᠠ ᠰᠠᠢᠲᠤ ᠶ᠋ᠢᠨ ᠦᠷ᠎ᠡ ᠪᠢᠯᠡ  
ᠰᠠᠨᠠᠭ᠎ᠠ ᠰᠠᠢᠲᠤ ᠶ᠋ᠢᠨ ᠦᠷᠭᠦᠯᠵᠢᠯᠡᠯ ᠪᠣᠯ  
ᠨᠠᠷᠠᠨ ᠤ᠋ ᠳᠣᠣᠷ᠎ᠠ ᠭᠠᠩᠰᠠᠷᠠᠭ᠎ᠠ ᠦᠭᠡᠢ ᠪᠢᠯᠡ  
ᠰᠠᠷᠠᠨ ᠤ᠋ ᠳᠣᠣᠷ᠎ᠠ ᠭᠠᠭᠴᠠᠭᠠᠷᠳᠠᠭ᠎ᠠ ᠦᠭᠡᠢ ᠪᠢᠯᠡ  
ᠤᠳᠤᠮ ᠢ᠋ ᠮᠢᠨᠢ ᠪᠢᠲᠡᠭᠡᠢ ᠰᠡᠪᠲᠦᠭᠡᠷᠡᠢ  
ᠤᠷᠮ᠎ᠠ ᠶ᠋ᠢ ᠮᠢᠨᠢ ᠪᠢᠲᠡᠭᠡᠢ ᠬᠤᠭᠤᠯᠤᠭᠠᠷᠠᠢ ᠬᠦᠦ ᠮᠢᠨᠢ  
ᠬᠦᠰᠡᠯ ᠦ᠋ᠨ ᠵᠢᠯᠣᠭᠣ ᠶ᠋ᠢ ᠡᠷᠭᠦᠭᠡᠷᠡᠢ ᠦᠶ᠎ᠡ ᠮᠢᠨᠢ  
ᠬᠥᠮᠦᠨ ᠦ᠌ ᠲᠠᠢᠲᠠᠢ ᠶᠠᠪᠤᠭᠠᠷᠠᠢ ᠬᠦᠦ ᠮᠢᠨᠢ   
ᠦᠢᠯᠡ ᠰᠠᠢᠲᠤ ᠶ᠋ᠢᠨ ᠤᠳᠤᠮ ᠪᠢᠯᠡ  
ᠦᠢᠯᠡᠰ ᠰᠠᠢᠲᠤ ᠶ᠋ᠢᠨ ᠤᠭᠰᠠᠭ᠎ᠠ ᠪᠢᠯᠡ
ᠢᠷᠦᠭᠡᠯ ᠢ᠋ᠶ᠋ᠡᠷ ᠮᠥᠷᠥᠭᠡᠳᠦᠯ ᠢ᠋ᠶ᠋ᠡᠷ ᠥᠰᠬᠡᠭᠰᠡᠨ ᠪᠢᠯᠡ  
ᠶᠠᠭᠤ ᠪᠠᠷ ᠶᠠᠭᠤ ᠪᠠᠷ ᠴᠤ᠌ ᠳᠤᠲᠠᠭ᠎ᠠ ᠦᠭᠡᠢ ᠪᠢᠯᠡ  
ᠤᠳᠤᠮ ᠢ᠋ ᠮᠢᠨᠢ ᠪᠢᠲᠡᠭᠡᠢ ᠰᠡᠪᠲᠦᠭᠡᠷᠡᠢ  
ᠤᠷᠮ᠎ᠠ ᠶ᠋ᠢ ᠮᠢᠨᠢ ᠪᠢᠲᠡᠭᠡᠢ ᠬᠤᠭᠤᠯᠤᠭᠠᠷᠠᠢ ᠬᠦᠦ ᠮᠢᠨᠢ  
ᠬᠦᠰᠡᠯ ᠦ᠋ᠨ ᠵᠢᠯᠣᠭᠣ ᠶ᠋ᠢ ᠡᠷᠭᠦᠭᠡᠷᠡᠢ ᠦᠶ᠎ᠡ ᠮᠢᠨᠢ  
ᠬᠥᠮᠦᠨ ᠦ᠌ ᠲᠠᠢᠲᠠᠢ ᠠᠮᠢᠳᠤᠷᠠᠭᠠᠷᠠᠢ ᠬᠦᠦ ᠮᠢᠨᠢ  
ᠤᠳᠤᠮ ᠢ᠋ ᠮᠢᠨᠢ ᠪᠢᠲᠡᠭᠡᠢ ᠰᠡᠪᠲᠦᠭᠡᠷᠡᠢ  
ᠤᠷᠮ᠎ᠠ ᠶ᠋ᠢ ᠮᠢᠨᠢ ᠪᠢᠲᠡᠭᠡᠢ ᠬᠤᠭᠤᠯᠤᠭᠠᠷᠠᠢ ᠬᠦᠦ ᠮᠢᠨᠢ  
ᠬᠦᠰᠡᠯ ᠦ᠋ᠨ ᠵᠢᠯᠣᠭᠣ ᠶ᠋ᠢ ᠡᠷᠭᠦᠭᠡᠷᠡᠢ ᠦᠶ᠎ᠡ ᠮᠢᠨᠢ  
ᠬᠥᠮᠦᠨ ᠦ᠌ ᠲᠠᠢᠲᠠᠢ ᠠᠮᠢᠳᠤᠷᠠᠭᠠᠷᠠᠢ ᠬᠦᠦ ᠮᠢᠨᠢ   
ᠬᠥᠮᠦᠨ ᠦ᠌ ᠲᠠᠢᠲᠠᠢ ᠠᠮᠢᠳᠤᠷᠠᠭᠠᠷᠠᠢ ᠬᠦᠦ ᠮᠢᠨᠢ   
       
    ᠦᠰᠦᠭ ᠠᠮᠢᠯᠠᠭᠤᠯᠤᠭᠴᠢ᠄ ᠪᠦᠷᠢᠨᠵᠢᠷᠭᠠᠯ
    ᠦᠰᠦᠭ ᠬᠠᠳᠠᠭᠰᠠᠨ᠄ ᠪᠦᠷᠢᠨᠵᠢᠷᠭᠠᠯ
    ᠬᠢᠨᠠᠭᠴᠢ᠄ ᠡᠷᠳᠡᠨᠢᠪᠢᠯᠢᠭ