ᠪᠦᠷᠭᠦᠳ ᠬᠠᠷᠢ ᠳᠤ ᠡᠭᠦᠷᠯᠡᠳᠡᠭ ᠦᠭᠡᠢ – ᠵ ᠂ ᠫᠦᠷᠪᠦ<ᠨᠢᠭᠡᠳᠦᠭᠡᠷ ᠪᠦᠯᠦᠭ –4>᠂ ᠶᠡᠬᠡ ᠬᠥᠯ ᠦᠨ ᠲᠣᠭᠣᠰᠣ Бүргэд харьд үүрэлдэггүй – Ж᠂ Пүрэв <1-р бүлэг ~4>. их хөлийн тоос ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠦᠷᠭᠦᠳ ᠬᠠᠷᠢ ᠳᠤ ᠡᠭᠦᠷᠯᠡᠳᠡᠭ ᠦᠭᠡᠢ – ᠵ ᠂ ᠫᠦᠷᠪᠦ<ᠨᠢᠭᠡᠳᠦᠭᠡᠷ ᠪᠦᠯᠦᠭ –4>᠂ ᠶᠡᠬᠡ ᠬᠥᠯ ᠦᠨ ᠲᠣᠭᠣᠰᠣ Бүргэд харьд үүрэлдэггүй – Ж᠂ Пүрэв <1-р бүлэг ~4>. их хөлийн тоос

ᠪᠦᠷᠭᠦᠳ ᠬᠠᠷᠢ ᠳᠤ ᠡᠭᠦᠷᠯᠡᠳᠡᠭ ᠦᠭᠡᠢ – ᠵ ᠂ ᠫᠦᠷᠪᠦ<ᠨᠢᠭᠡᠳᠦᠭᠡᠷ ᠪᠦᠯᠦᠭ –4>᠂ ᠶᠡᠬᠡ ᠬᠥᠯ ᠦᠨ ᠲᠣᠭᠣᠰᠣ Бүргэд харьд үүрэлдэггүй – Ж᠂ Пүрэв <1-р бүлэг ~4>. их хөлийн тоос

ᠠᠩᠭᠢᠯᠠᠯ:ᠲᠤᠭᠤᠵᠢ ᠷᠣᠮᠠᠨ
2026-04-24

83

ᠨᠢᠭᠡᠳᠦᠭᠡᠷ ᠪᠦᠯᠦᠭ –ᠤᠮᠠᠷ᠎ᠠ ᠶᠢ ᠵᠣᠷᠢᠭᠰᠠᠨ ᠭᠠᠯᠠᠭᠤᠨ ᠴᠤᠪᠤᠭ᠎ᠠ

ᠳᠥᠷᠪᠡ᠂ ᠶᠡᠬᠡ ᠬᠥᠯ ᠦ᠋ᠨ ᠲᠣᠭᠣᠰᠣ


       ᠶᠡᠷᠦᠩᠬᠡᠢ ᠵᠠᠬᠢᠷᠤᠭᠴᠢ ᠥᠪᠡᠷ ᠦ᠋ᠨ ᠪᠠᠢᠭ᠎ᠠ ᠲᠦᠷ ᠰᠠᠭᠤᠷᠢᠨ ᠳ᠋ᠤ᠌ ᠪᠠᠨ ᠲᠦᠮᠡᠲᠦ᠂ ᠮᠢᠩᠭᠠᠲᠤ ᠶ᠋ᠢᠨ ᠵᠠᠬᠢᠷᠤᠭᠴᠢ ᠳᠠᠭᠠᠭᠠᠮᠠᠯ ᠤ᠋ᠳ ᠢ᠋ ᠴᠤᠭᠯᠠᠭᠤᠯᠵᠠᠢ᠃ ᠡᠨᠡ ᠨᠢ ᠡᠵᠡᠨ ᠬᠠᠭᠠᠨ ᠲᠠᠭᠠᠯᠠᠯ ᠪᠣᠯᠤᠭᠰᠠᠨ ᠲᠠᠢ ᠬᠣᠯᠪᠣᠭᠠᠲᠠᠢ ᠨᠢ ᠮᠡᠳᠡᠭᠡᠵᠢ᠂ ᠨᠡᠷ᠎ᠡ ᠵᠢᠭᠰᠠᠭᠠᠭᠰᠠᠨ ᠪᠦᠬᠦ ᠬᠥᠮᠦᠨ ᠢ᠋ ᠴᠤᠭᠯᠠᠷᠠᠬᠤ ᠳ᠋ᠤ᠌ ᠬᠤᠪᠢᠯᠠᠢ ᠬᠡᠯᠲᠡᠭᠡᠢ ᠵᠠᠬ᠎ᠠ ᠲᠠᠢ ᠬᠤᠸᠠ ᠲᠣᠷᠭᠠᠨ ᠳᠡᠪᠡᠯ ᠳᠡᠭᠡᠷ᠎ᠡ ᠥᠷᠭᠡᠨ ᠥᠷᠭᠡᠨ ᠪᠦᠰᠡ ᠪᠦᠰᠡᠯᠡᠵᠦ᠂ ᠲᠠᠬᠢᠷ ᠰᠡᠯᠡᠮ᠎ᠡ ᠲᠠᠰᠢᠶᠠᠨ ᠳ᠋ᠤ᠌ ᠪᠠᠨ ᠵᠡᠭᠦᠭᠰᠡᠭᠡᠷ ᠬᠦᠷᠦᠯᠴᠡᠨ ᠢᠷᠡᠯ᠎ᠡ᠃ ᠲᠡᠭᠦᠨ ᠦ᠌ ᠴᠢᠷᠠᠢᠨ ᠳ᠋ᠤ᠌ ᠡᠮᠭᠡᠨᠢᠯᠲᠦ ᠭᠤᠨᠢᠭ ᠲᠣᠳᠣᠷᠠᠨ᠎ᠠ᠃ ᠲᠡᠷᠡ ᠭᠤᠨᠢᠭᠯᠠᠯ ᠦᠨᠡᠨ ᠬᠦ᠌ ᠰᠡᠳᠬᠢᠯ ᠡᠴᠡ ᠪᠡᠨ ᠡᠰᠡᠬᠦ ᠶ᠋ᠢ ᠬᠡᠨ ᠥᠩᠭᠡᠢᠵᠦ ᠬᠠᠷᠠᠬᠤ ᠪᠢᠯᠡ᠃ ᠲᠡᠷᠡ ᠪᠡᠷ ᠵᠥᠭᠡᠯᠡᠨ ᠠᠯᠬᠤᠵᠤ᠂ ᠬᠤᠷᠠᠭᠰᠠᠨ ᠨᠣᠶᠠᠳ ᠳᠠᠭᠠᠭᠠᠮᠠᠯ ᠤ᠋ᠳ ᠤ᠋ᠨ ᠡᠮᠦᠨ᠎ᠡ ᠢᠷᠡᠵᠦ ᠪᠥᠬᠥᠢᠨ ᠶᠣᠰᠣ ᠬᠢᠭᠰᠡᠨ ᠢ᠋ᠶ᠋ᠡᠨ ᠵᠣᠷᠢᠭᠤᠳᠠ ᠳᠠᠭᠤ ᠪᠠᠨ ᠨᠠᠮ ᠪᠣᠯᠭᠠᠨ ᠰᠥᠭᠡᠩᠭᠢᠲᠦᠭᠰᠡᠨ ᠬᠣᠭᠣᠯᠠᠢ ᠪᠠᠷ 
       — ᠶᠡᠬᠡ ᠬᠠᠭᠠᠨ ᠲᠠᠭᠠᠯᠠᠯ ᠲᠡᠭᠦᠰᠦᠯ᠎ᠡ ᠭᠡᠰᠡᠨ ᠭᠤᠨᠢᠭᠲᠤ ᠮᠠᠭᠤ ᠦᠭᠡ ᠶ᠋ᠢ ᠪᠢ ᠰᠣᠨᠣᠰᠤᠯ᠎ᠠ᠃ ᠶᠠᠭᠤᠲᠠᠢ ᠭᠠᠰᠢᠭᠤᠨ ᠴᠢᠮᠡᠭᠡ ᠪᠣᠢ᠃ ᠬᠠᠭᠠᠨ ᠠᠬ᠎ᠠ ᠢᠳᠡᠷ ᠨᠠᠰᠤᠨ ᠳ᠋ᠤ᠌ ᠪᠠᠨ ᠴᠣᠭ ᠵᠣᠯᠪᠣᠭ᠎ᠠ ᠶ᠋ᠢ ᠪᠠᠳᠠᠷᠠᠭᠤᠯᠤᠨ ᠶᠠᠪᠤᠵᠤ᠂ ᠪᠢᠳᠡᠨ ᠦ᠌ ᠣᠯᠠᠨ ᠴᠡᠷᠢᠭ ᠡᠷᠡᠰ ᠦ᠋ᠳ ᠲᠦ᠍ ᠠᠯᠲᠠᠨ ᠰᠤᠷᠭᠠᠯ ᠬᠠᠢᠷᠠᠯᠠᠵᠤ ᠪᠠᠢᠭᠰᠠᠨ ᠨᠢ ᠰᠠᠶᠢᠬᠠᠨ ᠰᠢᠦ ᠳᠡ᠃ ᠠᠬ᠎ᠠ ᠶ᠋ᠢᠨ ᠳᠠᠭᠤ ᠬᠣᠭᠣᠯᠠᠢ ᠮᠢᠨᠦ ᠴᠢᠬᠢᠨ ᠳ᠋ᠦ᠍ ᠬᠠᠳᠠᠭᠠᠰᠤᠲᠠᠢ ᠬᠡᠪ ᠢ᠋ᠶ᠋ᠡᠷ ᠢ᠋ᠶ᠋ᠡᠨ ᠪᠠᠢᠨ᠎ᠠ᠁ ᠭᠡᠵᠦ ᠬᠡᠯᠡᠪᠡ᠃ ᠶᠡᠷᠦᠩᠬᠡᠢ ᠵᠠᠬᠢᠷᠤᠭᠴᠢ ᠦᠭᠡ ᠬᠡᠯᠡᠵᠦ ᠪᠠᠢᠬᠤ ᠳ᠋ᠤ᠌ ᠪᠠᠨ ᠪᠠᠷᠤᠭ ᠴᠢᠳᠠᠬᠤ ᠦᠭᠡᠢ᠂ ᠤᠬᠢᠯᠠᠴᠢᠬᠠᠬᠤ ᠭᠡᠳ ᠪᠠᠢᠭ᠎ᠠ ᠶᠠᠩᠵᠤᠲᠠᠢ ᠬᠠᠷᠠᠭᠳᠠᠬᠤ ᠨᠢ ᠬᠡᠨ ᠳ᠋ᠦ᠍ ᠴᠦ᠍ ᠵᠦᠢ ᠪᠤᠰᠤ ᠵᠦᠢᠯ ᠪᠢᠰᠢ ᠪᠢᠯᠡ᠃ 
       ᠬᠤᠪᠢᠯᠠᠢ ᠡᠨᠡ ᠦᠶ᠎ᠡ ᠳ᠋ᠦ᠍ ᠰᠡᠳᠬᠢᠯ ᠦ᠋ᠨ ᠢ᠋ᠶ᠋ᠡᠨ ᠭᠦᠨ ᠳ᠋ᠦ᠍《ᠶᠠᠭᠠᠬᠢᠪᠠᠯ ᠪᠢ ᠣᠯᠠᠨ ᠨᠣᠶᠠᠳ ᠲᠤ ᠵᠥᠪ ᠠᠶᠠᠲᠠᠢᠬᠠᠨ ᠬᠠᠷᠠᠭᠳᠠᠨ ᠦᠷᠦ ᠡᠪᠡᠳᠦᠭᠦᠯᠬᠦ ᠪᠡᠷ ᠪᠠᠢᠬᠤ ᠪᠢᠯᠡ》 ᠭᠡᠰᠡᠨ ᠪᠣᠳᠣᠯ ᠳ᠋ᠤ᠌ ᠠᠪᠲᠠᠭᠰᠠᠨ ᠪᠠᠢᠯ᠎ᠠ᠃ 
       — ᠶᠡᠬᠡ ᠬᠠᠭᠠᠨ ᠤ᠋ ᠱᠠᠷᠢᠯ ᠢ᠋ ᠪᠣᠳᠣᠪᠠᠯ ᠬᠠᠷ᠎ᠠ ᠬᠣᠷᠣᠮ ᠳ᠋ᠤ᠌ ᠵᠠᠯᠠᠵᠤ ᠲᠠᠭᠠᠷᠠᠨ᠎ᠠ᠃ ᠲᠡᠭᠡᠬᠦ ᠳ᠋ᠦ᠍ ᠶᠡᠷᠦᠩᠬᠡᠢ ᠵᠠᠬᠢᠷᠤᠭᠴᠢ ᠲᠠ ᠲᠠᠢᠰᠢ ᠪᠠᠨ ᠮᠣᠷᠢᠯᠠᠨ ᠣᠴᠢᠬᠤ ᠪᠢᠵᠡ ᠳᠡ? ᠭᠡᠰᠡᠨ ᠠᠰᠠᠭᠤᠯᠲᠠ ᠨᠤᠭᠤᠳ ᠭᠠᠷᠴᠤ ᠪᠠᠢᠯ᠎ᠠ᠃ 
       ᠬᠤᠪᠢᠯᠠᠢ ᠡᠮᠭᠡᠨᠢᠯ ᠳ᠋ᠦ᠍ ᠠᠪᠲᠠᠭᠰᠠᠨ ᠴᠢᠷᠠᠢ ᠭᠠᠷᠭᠠᠨ᠂ ᠨᠢᠳᠦ ᠪᠡᠨ ᠭᠥᠯᠥᠢᠯᠭᠡᠭᠰᠡᠭᠡᠷ᠄ 
       — ᠶᠡᠬᠡ ᠬᠠᠯᠠᠭᠤᠨ ᠳ᠋ᠤ᠌ ᠴᠡᠷᠢᠭ ᠦ᠋ᠨ ᠳᠣᠲᠣᠷ᠎ᠠ ᠬᠠᠯᠳᠠᠪᠤᠷᠢᠲᠤ ᠬᠠᠨᠢᠶᠠᠳᠤ ᠳᠡᠯᠭᠡᠷᠡᠭᠡᠳ᠂ ᠬᠠᠭᠠᠨ ᠠᠬ᠎ᠠ ᠰᠤᠷᠤᠭᠰᠠᠨ ᠵᠠᠩ ᠢ᠋ᠶ᠋ᠠᠷ ᠢ᠋ᠶ᠋ᠠᠨ ᠴᠡᠷᠢᠭ ᠲᠡᠢ ᠪᠡᠨ ᠬᠠᠮᠲᠤ ᠪᠠᠢᠨ᠎ᠠ ᠭᠡᠵᠦ ᠲᠡᠳᠡᠨ ᠦ᠌ ᠳᠣᠲᠣᠷ᠎ᠠ ᠬᠤᠳᠬᠤᠯᠳᠤᠨ ᠶᠠᠪᠤᠭᠰᠠᠨ ᠤᠴᠢᠷ ᠬᠠᠯᠳᠠᠪᠤᠷᠢ ᠠᠪᠴᠠᠢ ᠭᠡᠵᠦ ᠲᠠᠢᠯᠪᠤᠷᠢᠯᠠᠨ᠂ ᠥᠪᠡᠷ ᠢ᠋ᠶ᠋ᠡᠨ ᠬᠠᠷ᠎ᠠ ᠬᠣᠷᠣᠮ ᠳ᠋ᠤ᠌ ᠨᠢᠭᠡ ᠣᠴᠢᠭᠠᠳ ᠢᠷᠡᠨ᠎ᠡ᠃ ᠲᠠ ᠨᠠᠷ ᠢ᠋ ᠪᠢ ᠡᠨᠳᠡ ᠤᠳᠠᠭᠠᠨ ᠣᠷᠬᠢᠵᠤ ᠴᠢᠳᠠᠬᠤ ᠦᠭᠡᠢ ᠪᠠᠢᠨ᠎ᠠ ᠭᠡᠪᠡ᠃ ᠡᠮᠭᠡᠨᠢᠯ ᠢᠯᠡᠷᠬᠡᠢᠯᠡᠭᠰᠡᠨ ᠪᠠᠢᠳᠠᠯᠲᠠᠢ ᠡᠨᠡ ᠴᠤᠭᠯᠠᠭᠠᠨ ᠤ᠋ ᠲᠡᠭᠦᠰᠬᠡᠯ ᠳ᠋ᠦ᠍ ᠶᠡᠷᠦᠩᠬᠡᠢ ᠵᠠᠬᠢᠷᠤᠭᠴᠢ ᠰᠢᠢᠳ ᠵᠠᠷᠯᠢᠭ ᠪᠠᠭᠤᠯᠭᠠᠯ᠎ᠠ᠃ ᠨᠢᠭᠡᠨᠲᠡ ᠶᠡᠬᠡ ᠬᠠᠭᠠᠨ ᠪᠠᠢᠬᠤ ᠦᠭᠡᠢ ᠪᠣᠯᠤᠭᠰᠠᠨ ᠴᠠᠭ ᠲᠤᠯᠠ ᠬᠤᠪᠢᠯᠠᠢ ᠡᠨᠡ ᠦᠶ᠎ᠡ ᠳ᠋ᠦ᠍ ᠲᠠᠯᠢᠢᠭᠴᠢ ᠶ᠋ᠢᠨ ᠬᠠᠮᠤᠭ ᠤ᠋ᠨ ᠲᠣᠮᠣ ᠳᠡᠭᠦᠦ ᠶ᠋ᠢᠨ ᠬᠤᠪᠢ ᠳ᠋ᠤ᠌ ᠴᠦ᠍᠂ ᠵᠡᠭᠦᠨ ᠭᠠᠷ ᠤ᠋ᠨ ᠶᠡᠬᠡ ᠳᠠᠭᠠᠭᠠᠮᠠᠯ᠂ ᠶᠡᠷᠦᠩᠬᠡᠢ ᠵᠠᠬᠢᠷᠤᠭᠴᠢ ᠶ᠋ᠢᠨ ᠬᠤᠪᠢ ᠳ᠋ᠤ᠌ ᠴᠦ᠍᠂ ᠬᠢᠲᠠᠳ ᠨᠤᠲᠤᠭ ᠢ᠋ ᠮᠡᠳᠡᠭᠴᠢ ᠪᠣᠯᠵᠤ ᠡᠷᠬᠡ ᠣᠯᠤᠭᠰᠠᠨ ᠤ᠋ ᠬᠤᠪᠢ ᠳ᠋ᠤ᠌ ᠴᠦ᠍᠂ ᠰᠥᠩ ᠤᠯᠤᠰ ᠲᠤ ᠳᠣᠪᠲᠣᠯᠭᠠᠨ ᠶᠠᠪᠤᠭᠤᠯᠤᠨ ᠲᠡᠭᠦᠨ ᠢ᠋ ᠲᠦᠪᠰᠢᠳᠬᠡᠬᠦ ᠲᠡᠷᠢᠭᠦᠨ ᠳᠠᠭᠠᠭᠠᠮᠠᠯ ᠤ᠋ᠨ ᠠᠯᠪᠠ ᠶ᠋ᠢ ᠬᠦᠯᠢᠶᠡᠬᠦ ᠪᠣᠯᠵᠤ ᠪᠣᠢ ᠶ᠋ᠢᠨ ᠬᠤᠪᠢ ᠳ᠋ᠤ᠌ ᠳᠤᠤᠭᠠᠷᠴᠤ ᠪᠠᠢᠭ᠎ᠠ ᠳᠠᠭᠤ ᠨᠢ ᠡᠳᠦᠭᠡ ᠡᠵᠡᠨ ᠬᠠᠭᠠᠨ ᠤ᠋ ᠬᠡᠮᠵᠢᠶᠡᠨ ᠳ᠋ᠦ᠍ ᠬᠦᠷᠦᠭᠰᠡᠨ ᠮᠡᠲᠦ ᠪᠤᠰᠤᠳ ᠲᠤ ᠰᠣᠨᠣᠰᠤᠭᠳᠠᠵᠤ ᠪᠠᠢᠪᠠ᠃ ᠡᠨᠡ ᠨᠢ ᠴᠦ᠍ ᠲᠤᠬᠠᠢ ᠶ᠋ᠢᠨ ᠴᠠᠭ ᠲᠤ ᠪᠠᠨ ᠠᠷᠭ᠎ᠠ ᠦᠭᠡᠢ ᠪᠠᠢᠯ᠎ᠠ᠃ 
       ᠬᠤᠪᠢᠯᠠᠢ ᠪᠦᠬᠦ ᠨᠣᠶᠠᠨ ᠳᠠᠭᠠᠭᠠᠮᠠᠯ ᠳ᠋ᠤ᠌ ᠬᠠᠨᠳᠤᠨ ᠲᠤᠰᠢᠶᠠᠯ ᠪᠣᠯᠭᠠᠨ ᠬᠡᠯᠡᠭᠰᠡᠨ ᠨᠢ᠄ 
       — ᠨᠣᠶᠠᠳ ᠵᠠᠩᠵᠤᠨ ᠨᠠᠷ ᠮᠢᠨᠢ ᠪᠣᠯᠭᠣᠭᠠᠵᠤ ᠳᠠᠭᠠᠯᠠᠭᠠᠴᠢ! ᠮᠢᠨᠦ ᠠᠬ᠎ᠠ ᠬᠠᠭᠠᠨᠲᠠᠨ ᠪᠣᠭᠳᠠ ᠡᠪᠦᠭᠡ ᠶ᠋ᠢᠨ ᠵᠠᠬᠢᠶᠠᠰᠤ ᠶᠣᠰᠣᠭᠠᠷ ᠰᠥᠩ ᠤᠯᠤᠰ ᠢ᠋ ᠲᠦᠪᠰᠢᠳᠬᠡᠨ ᠥᠪᠡᠷ ᠦ᠋ᠨ ᠣᠷᠣᠨ ᠤᠯᠤᠰ ᠢ᠋ᠶ᠋ᠠᠨ ᠠᠶᠤᠬᠤ ᠠᠶᠤᠯ ᠦᠭᠡᠢ ᠪᠣᠯᠭᠠᠬᠤ ᠬᠡᠷᠡᠭ ᠢ᠋ ᠰᠠᠳᠤᠨ ᠶᠠᠪᠤᠭᠤᠯᠵᠤ ᠪᠠᠢᠭᠰᠠᠨ᠃ ᠡᠪᠦᠭᠡ ᠮᠢᠨᠢ ᠲᠡᠷᠡ ᠬᠡᠷᠡᠭ ᠲᠦ᠍ ᠪᠡᠨ ᠪᠡᠶ᠎ᠡ ᠪᠡᠷ ᠵᠢᠳᠬᠦᠨ ᠶᠠᠪᠤᠭᠠᠳ ᠠᠯᠲᠠᠨ ᠠᠮᠢ ᠪᠠᠨ ᠠᠯᠳᠠᠯ᠎ᠠ᠃ ᠢᠩᠭᠢᠬᠦ ᠪᠡᠷ ᠪᠢᠳᠡᠨ ᠦ᠌ ᠶᠡᠬᠡ ᠴᠡᠷᠢᠭ ᠶᠡᠬᠡ ᠬᠠᠭᠠᠨᠲᠠᠨ ᠤ᠋ ᠵᠣᠷᠢᠵᠤ ᠶᠠᠪᠤᠭᠰᠠᠨ ᠬᠡᠷᠡᠭ ᠢ᠋ ᠲᠤᠢᠯ ᠳ᠋ᠤ᠌ ᠨᠢ ᠬᠦᠷᠭᠡᠬᠦ ᠶᠣᠰᠣᠲᠠᠢ ᠪᠣᠯᠪᠠ᠃ ᠪᠢᠳᠡ ᠣᠳᠣ ᠡᠷ᠎ᠡ ᠵᠣᠷᠢᠭ ᠭᠠᠷᠭᠠᠨ ᠰᠥᠩ ᠤᠷᠤᠭᠤ ᠬᠢᠬᠦ ᠳᠣᠪᠲᠣᠯᠭᠠᠨ ᠢ᠋ᠶ᠋ᠠᠨ ᠰᠢᠭᠤᠷᠬᠠᠢᠯᠠᠬᠤ ᠶᠣᠰᠣᠲᠠᠢ ᠪᠣᠯᠤᠯ᠎ᠠ᠃ ᠪᠢᠳᠡ ᠡᠬᠢᠯᠡᠭᠡᠳ ᠳ᠋ᠠᠯᠢ ᠤᠯᠤᠰ ᠢ᠋ ᠪᠦᠷᠢᠨ᠎ᠡ ᠲᠦᠪᠰᠢᠳᠬᠡᠵᠦ ᠳᠠᠭᠤᠰᠬᠠᠬᠤ ᠤᠴᠢᠷᠲᠠᠢ᠃ ᠲᠡᠷᠡ ᠵᠢᠵᠢᠭ ᠸᠠᠩᠲᠤ ᠤᠯᠤᠰ ᠪᠢᠳᠡᠨ ᠦ᠌ ᠳᠣᠪᠲᠣᠯᠭᠠᠨ ᠤ᠋ ᠬᠡᠷᠡᠭ ᠲᠦ᠍ ᠰᠠᠭᠠᠳ ᠪᠡᠷᠬᠡᠰᠢᠶᠡᠯ ᠤᠴᠠᠷᠠᠭᠤᠯᠵᠤ ᠴᠢᠳᠠᠬᠤ ᠦᠭᠡᠢ ᠴᠦ᠍ ᠭᠡᠰᠡᠨ ᠭᠠᠵᠠᠷ ᠤ᠋ᠨ ᠪᠡᠲᠡᠭᠢ ᠣᠷᠬᠢᠭᠰᠠᠨ ᠲᠡᠢᠮᠦ ᠨᠢᠭᠡ ᠶᠠᠭᠤᠮ᠎ᠠ ᠵᠠᠮ ᠳᠡᠭᠡᠷ᠎ᠡ ᠵᠣᠭᠰᠣᠵᠤ ᠪᠠᠢᠬᠤ ᠨᠢ ᠬᠠᠴᠢᠷᠬᠠᠯᠲᠠᠢ ᠰᠠᠨᠠᠭᠳᠠᠨ᠎ᠠ᠁ ᠭᠡᠵᠦ ᠬᠡᠯᠡᠬᠦ ᠳ᠋ᠦ᠍ ᠲᠦᠮᠡᠲᠦ ᠶ᠋ᠢᠨ ᠳᠠᠷᠤᠭ᠎ᠠ ᠨᠠᠷ ᠨᠢᠭᠡ ᠲᠠᠯ᠎ᠠ ᠪᠠᠷ ᠮᠥᠩᠬᠡ ᠬᠠᠭᠠᠨ ᠢ᠋ ᠠᠯᠳᠠᠭᠰᠠᠨ ᠳ᠋ᠤ᠌ ᠪᠠᠨ ᠡᠮᠭᠡᠨᠢᠵᠦ ᠪᠠᠢᠭ᠎ᠠ ᠪᠣᠯᠪᠠᠴᠤ ᠨᠥᠭᠦᠭᠡ ᠲᠠᠯ᠎ᠠ ᠪᠠᠷ ᠰᠥᠩ ᠢ᠋ ᠲᠦᠪᠰᠢᠳᠬᠡᠬᠦ ᠰᠢᠢᠳᠪᠦᠷᠢᠯᠡᠬᠦ ᠲᠤᠯᠤᠯᠳᠤᠭᠠᠨ ᠳ᠋ᠤ᠌ ᠣᠷᠣᠨ᠎ᠠ ᠭᠡᠬᠦ ᠳ᠋ᠦ᠍ ᠰᠡᠳᠬᠢᠯ ᠨᠢ ᠬᠥᠭᠡᠷᠦᠭᠰᠡᠨ ᠶᠠᠩᠵᠤᠲᠠᠢ ᠪᠠᠢᠪᠠ᠃ 
       ᠨᠠᠰᠤᠨ ᠠᠬᠢᠮᠠᠭ ᠪᠣᠯᠵᠤ ᠶᠠᠪᠤᠭ᠎ᠠ ᠪᠠᠶᠠᠨ ᠵᠠᠩᠵᠤᠨ ᠪᠣᠰᠴᠤ᠂ ᠴᠢᠩᠭ᠎ᠠ ᠣᠷᠢᠶᠠᠭᠰᠠᠨ ᠰᠤᠷ ᠤ᠋ᠨ ᠪᠦᠰᠡ ᠪᠡᠨ ᠠᠳᠬᠤᠵᠤ ᠵᠣᠭᠰᠣᠭᠠᠳ᠂ ᠳᠣᠣᠷ᠎ᠠ ᠪᠠᠨ ᠬᠡᠳᠦ ᠬᠣᠯᠬᠢᠭᠰᠠᠨ ᠢ᠋ᠶ᠋ᠠᠨ᠂ ᠬᠥᠬᠥᠯ ᠭᠡᠵᠢᠭᠡ ᠪᠡᠨ ᠠᠳᠬᠤᠭᠠᠳ᠄ 
       — ᠲᠡᠭᠡᠵᠦ ᠳᠡ᠃ ᠶᠡᠷᠦᠩᠬᠡᠢ ᠵᠠᠬᠢᠷᠤᠭᠴᠢ ᠶ᠋ᠢᠨ ᠪᠣᠳᠣᠯ ᠢ᠋ ᠪᠢᠰᠢᠷᠡᠵᠦ ᠪᠠᠢᠨ᠎ᠠ᠃ ᠪᠢᠳᠡ ᠬᠠᠢᠷᠠᠨ ᠬᠠᠭᠠᠨ ᠢ᠋ᠶ᠋ᠠᠨ ᠠᠯᠳᠠᠯ᠎ᠠ᠃ ᠥᠭᠡᠳᠡ ᠪᠣᠯᠤᠭᠴᠢ ᠬᠠᠭᠠᠨᠲᠠᠨ ᠤᠯᠤᠰ ᠣᠷᠣᠨ ᠢ᠋ᠶ᠋ᠠᠨ ᠨᠢᠭᠡᠳᠬᠡᠨ ᠵᠠᠬᠢᠷᠴᠤ ᠡᠮᠬᠢ ᠴᠡᠭᠴᠡᠲᠡᠢ ᠪᠣᠯᠭᠠᠭᠰᠠᠨ ᠰᠠᠨ᠃ ᠣᠳᠣ ᠳᠠᠬᠢᠭᠠᠳ ᠪᠦᠦ ᠵᠠᠳᠠᠷᠠᠭᠠᠰᠠᠢ᠃ ᠲᠡᠢᠨ ᠦ᠌ ᠬᠤᠪᠢ ᠳ᠋ᠤ᠌ ᠭᠡᠪᠡᠯ ᠳ᠋ᠠᠯᠢ ᠤᠯᠤᠰ ᠴᠦ᠍ ᠪᠠᠭᠤᠵᠤ ᠴᠠᠢ ᠠᠮᠰᠠᠭᠠᠳ ᠮᠣᠷᠳᠠᠬᠤ ᠲᠡᠳᠦᠢ ᠭᠠᠵᠠᠷ᠃ ᠰᠥᠩ ᠤᠯᠤᠰ ᠪᠣᠯ ᠲᠤᠩ ᠴᠦ᠍ ᠠᠮᠠᠷ ᠦᠭᠡᠢ ᠳᠠᠢᠰᠤᠨ ᠰᠢᠦ᠃ ᠪᠢᠳᠡ ᠶᠠᠭᠠᠬᠢᠵᠤ ᠠᠯᠲᠠᠨ ᠤᠯᠤᠰ ᠢ᠋ ᠲᠦᠪᠰᠢᠳᠬᠡᠯ᠎ᠡ᠃ ᠲᠡᠷᠡ ᠴᠠᠭ ᠲᠤ ᠪᠣᠭᠳᠠ ᠡᠵᠡᠨ ᠦ᠌ ᠥᠪᠡᠷ ᠢ᠋ᠶ᠋ᠡᠨ ᠪᠣᠯᠪᠠᠰᠤᠷᠠᠭᠤᠯᠤᠭᠰᠠᠨ ᠲᠡᠷᠡ ᠠᠷᠭ᠎ᠠ ᠤᠬᠠᠭᠠᠨ ᠢ᠋ᠶ᠋ᠠᠷ ᠶᠠᠪᠤᠬᠤ ᠠ᠋ᠴᠠ ᠥᠭᠡᠷ᠎ᠡ ᠵᠠᠮ ᠪᠠᠢᠬᠤ ᠦᠭᠡᠢ᠃ ᠲᠤᠯᠤᠢ ᠠᠬ᠎ᠠ᠂ ᠮᠤᠬᠤᠯᠠᠢ ᠵᠠᠩᠵᠤᠨ ᠬᠣᠶᠠᠷ ᠠᠢᠬᠤᠪᠲᠤᠷ ᠤᠷᠠᠨ ᠠᠷᠭ᠎ᠠ ᠨᠤᠭᠤᠳ ᠬᠡᠷᠡᠭᠯᠡᠵᠦ ᠥᠰᠢᠶᠡᠲᠦ ᠡᠲᠡᠭᠡᠳ ᠢ᠋ ᠳᠠᠷᠤᠭᠰᠠᠨ ᠳᠠ᠃ ᠲᠡᠷᠡ ᠪᠦᠬᠦᠨ ᠢ᠋ ᠪᠢᠳᠡ ᠳᠠᠬᠢᠨ ᠡᠷᠭᠢᠵᠦ ᠰᠠᠨᠠᠬᠤ ᠶᠣᠰᠣᠲᠠᠢ ᠪᠢᠵᠡ ᠭᠡᠵᠦ ᠬᠡᠯᠡᠭᠡᠳ ᠭᠦᠨ ᠪᠣᠳᠣᠯ ᠳ᠋ᠤ᠌ ᠠᠪᠲᠠᠭᠰᠠᠨ ᠶᠠᠩᠵᠤ ᠪᠠᠷ ᠭᠠᠵᠠᠷ ᠰᠢᠷᠳᠡᠨ᠎ᠡ᠃ 
       ᠪᠠᠶᠠᠨ ᠵᠠᠩᠵᠤᠨ ᠤ᠋ ᠬᠡᠯᠡᠭᠰᠡᠨ ᠦᠭᠡ ᠶ᠋ᠢ ᠪᠣᠳᠣᠬᠤ ᠦᠭᠡᠢ᠂ ᠲᠡᠭᠦᠨ ᠦ᠌ ᠳᠠᠢᠨᠴᠢ ᠰᠡᠳᠬᠢᠯ ᠢ᠋ ᠮᠡᠳᠡᠬᠦ ᠦᠭᠡᠢ ᠬᠥᠮᠦᠨ ᠬᠣᠪᠣᠷ ᠪᠢᠯᠡ᠃  
       ᠡᠨᠡ ᠵᠠᠩᠵᠤᠨ ᠶᠡᠷᠦᠩᠬᠡᠢ ᠵᠠᠬᠢᠷᠤᠭᠴᠢ ᠲᠠᠢ ᠣᠢᠷ᠎ᠠ ᠳᠣᠲᠣᠨᠣ ᠪᠠᠢᠳᠠᠭ ᠢ᠋ᠶ᠋ᠠᠷ ᠢ᠋ᠶ᠋ᠠᠨ ᠪᠢᠰᠢ᠂ ᠰᠢᠯᠤᠭᠤᠨ ᠰᠢᠳᠤᠷᠭᠤ ᠵᠠᠩ ᠠᠪᠤᠷᠢ ᠪᠡᠷ ᠢ᠋ᠶ᠋ᠡᠨ ᠪᠤᠰᠤᠳ ᠢ᠋ ᠥᠪᠡᠷ ᠦ᠋ᠨ ᠲᠠᠯ᠎ᠠ ᠳ᠋ᠤ᠌ ᠲᠠᠲᠠᠵᠤ ᠴᠢᠳᠠᠳᠠᠭ᠂ ᠮᠢᠩᠭᠠᠲᠤ᠂ ᠲᠦᠮᠡᠲᠦ ᠶ᠋ᠢᠨ ᠳᠠᠷᠤᠭᠠᠴᠢ ᠨᠠᠷ ᠪᠠᠶᠠᠨ ᠤ᠋ ᠠᠮᠠ ᠶ᠋ᠢ ᠬᠠᠷᠠᠳᠠᠭ ᠪᠢᠯᠡ᠃
       — ᠣᠳᠣ ᠪᠢᠳᠡ ᠬᠢᠬᠦ ᠳᠣᠪᠲᠣᠯᠭᠠᠨ ᠳ᠋ᠤ᠌ ᠪᠠᠨ ᠶᠠᠭᠤ ᠶ᠋ᠢ ᠭᠣᠣᠯ ᠴᠢᠭ ᠪᠠᠷᠢᠮᠵᠢᠶ᠎ᠠ ᠪᠣᠯᠭᠠᠬᠤ ᠪᠣᠢ? ᠶᠠᠮᠠᠷ ᠰᠢᠨ᠎ᠡ ᠠᠷᠭ᠎ᠠ ᠪᠠᠢᠨ᠎ᠠ ᠪᠣᠢ? ᠭᠡᠵᠦ ᠬᠤᠪᠢᠯᠠᠢ ᠨᠡᠢᠲᠡ ᠳᠤᠮᠳᠠ ᠠᠰᠠᠭᠤᠯᠲᠠ ᠲᠠᠯᠪᠢᠯ᠎ᠠ᠃ 
       ᠬᠡᠰᠡᠭ ᠵᠠᠭᠤᠷ᠎ᠠ ᠴᠢᠮᠡᠭᠡ ᠦᠭᠡᠢ᠂ ᠬᠥᠮᠦᠨ ᠲᠤᠰ ᠪᠦᠷᠢ ᠪᠣᠳᠣᠯᠬᠢᠯᠠᠨ ᠪᠠᠢᠭᠰᠠᠨ ᠢ᠋ᠶ᠋ᠠᠨ ᠨᠢᠭᠡᠨ ᠳᠠᠷᠤᠭ᠎ᠠ ᠪᠣᠰᠴᠤ ᠢᠷᠡᠭᠡᠳ ᠮᠥᠩᠬᠡ ᠬᠠᠭᠠᠨ ᠢ᠋ ᠲᠠᠭᠠᠯᠠᠯ ᠲᠡᠭᠦᠰᠦᠭᠰᠡᠨ ᠳ᠋ᠦ᠍ ᠡᠮᠭᠡᠨᠢᠯ ᠦ᠋ᠨ ᠦᠭᠡ ᠬᠡᠯᠡᠵᠦ᠄ 
       — ᠪᠢᠳᠡ ᠪᠦᠬᠦ ᠭᠠᠵᠠᠷ ᠢ᠋ᠶ᠋ᠠᠷ ᠨᠢᠭᠡᠨ ᠵᠡᠷᠭᠡ ᠶᠡᠬᠡ ᠳᠣᠪᠲᠣᠯᠭᠠᠨ ᠬᠢᠵᠦ᠂ ᠰᠥᠩ ᠦ᠋ᠨ ᠴᠡᠷᠢᠭ ᠦ᠋ᠨ ᠰᠦᠷ ᠬᠦᠴᠦ ᠶ᠋ᠢ ᠤᠨᠠᠭᠠᠨ ᠲᠩᠷᠢ ᠳ᠋ᠦ᠍ ᠬᠠᠯᠢᠭᠰᠠᠨ ᠶᠡᠬᠡ ᠬᠠᠭᠠᠨ ᠤ᠋ ᠪᠠᠨ ᠰᠠᠨᠠᠭ᠎ᠠ ᠶ᠋ᠢ ᠭᠦᠢᠴᠡᠭᠡᠬᠦ ᠶ᠋ᠢ ᠬᠢᠴᠢᠶᠡᠬᠦ ᠶᠣᠰᠣᠲᠠᠢ᠃ ᠳᠠᠢᠰᠤᠨ ᠡᠲᠡᠭᠡᠳ ᠪᠢᠳᠡᠨ ᠡᠴᠡ ᠠᠶᠤᠵᠤ ᠪᠠᠢᠭ᠎ᠠ ᠨᠢ ᠲᠡᠳᠡᠨ ᠦ᠌ ᠲᠠᠯ᠎ᠠ ᠠ᠋ᠴᠠ ᠣᠯᠵᠠᠯᠠᠭᠳᠠᠭᠰᠠᠨ ᠳᠠᠭᠠᠭᠠᠮᠠᠯ ᠤ᠋ᠳ ᠤ᠋ᠨ ᠥᠴᠢᠭ ᠡᠴᠡ ᠮᠡᠳᠡᠭᠳᠡᠵᠦ ᠪᠠᠢᠨ᠎ᠠ᠃ ᠲᠡᠭᠡᠬᠦ ᠳ᠋ᠦ᠍ ᠪᠡᠨ ᠲᠡᠳᠡ ᠡᠵᠸᠤ ᠴᠤ᠌᠂ ᠪᠤᠰᠤᠳ ᠬᠣᠲᠠ ᠨᠢ ᠪᠡᠬᠢᠯᠡᠯᠲᠡ ᠬᠢᠨ᠂《ᠡᠴᠦᠰ ᠦ᠋ᠨ ᠭᠠᠭᠴᠠ ᠬᠥᠮᠦᠨ ᠦᠯᠡᠲᠡᠯ᠎ᠡ ᠭᠡᠬᠦ ᠳ᠋ᠦ᠍ ᠵᠢᠳᠠ ᠪᠠᠨ ᠭᠠᠵᠠᠷ ᠲᠤ ᠬᠥᠰᠡᠷ ᠬᠠᠶᠠᠬᠤ ᠦᠭᠡᠢ》 ᠭᠡᠵᠦ ᠲᠠᠩᠭᠠᠷᠢᠭᠯᠠᠵᠤ ᠪᠠᠢᠭ᠎ᠠ ᠭᠡᠨ᠎ᠡ ᠪᠢᠯᠡ᠃ ᠪᠢᠳᠡ ᠶᠠᠭ ᠦᠭᠡᠢ ᠳᠠᠢᠰᠤᠨ ᠲᠠᠢ ᠵᠢᠭᠤᠷᠠᠯᠳᠤᠵᠤ ᠪᠠᠢᠵᠤ ᠮᠡᠳᠡᠬᠦ ᠪᠣᠢ᠃ ᠣᠳᠣ ᠬᠢᠲᠠᠳ ᠭᠡᠬᠦ ᠪᠡᠷ ᠰᠡᠭᠦᠯᠴᠢ ᠶ᠋ᠢᠨ ᠢ᠋ᠶ᠋ᠡᠨ ᠨᠣᠷᠮ᠎ᠠ ᠶ᠋ᠢ ᠰᠠᠬᠢᠵᠤ ᠦᠯᠡᠳᠡᠭᠰᠡᠨ ᠨᠢ ᠰᠥᠩ ᠤᠯᠤᠰ ᠯᠠ ᠪᠠᠢᠨ᠎ᠠ᠁ ᠭᠡᠪᠡ᠃ 
       ᠴᠡᠷᠢᠭ ᠦ᠋ᠨ ᠣᠯᠠᠨ ᠳᠠᠭᠠᠭᠠᠮᠠᠯ ᠵᠠᠩᠵᠤᠨ ᠦᠭᠡ ᠬᠡᠯᠡᠬᠦ ᠪᠣᠯᠤᠯ᠎ᠠ᠃ 
       ᠡᠨᠡ ᠴᠤᠭᠯᠠᠷᠠᠯᠲᠠ ᠨᠢ ᠬᠡᠷᠡᠭ ᠳᠡᠭᠡᠷ᠎ᠡ ᠪᠡᠨ ᠶᠡᠬᠡ ᠬᠠᠭᠠᠨ ᠢ᠋ ᠲᠠᠭᠠᠯᠠᠯ ᠲᠡᠭᠦᠰᠦᠭᠰᠡᠨ ᠳ᠋ᠦ᠍ ᠵᠣᠷᠢᠭᠤᠯᠤᠭᠰᠠᠨ ᠡᠮᠭᠡᠨᠢᠯ ᠦ᠋ᠨ ᠴᠤᠭᠯᠠᠷᠠᠯᠲᠠ ᠲᠡᠳᠦᠢ ᠪᠤᠰᠤ᠂ ᠰᠥᠩ ᠤᠯᠤᠰ ᠢ᠋ ᠬᠡᠷᠬᠢᠨ ᠲᠥᠪᠬᠢᠨᠡᠭᠦᠯᠬᠦ ᠲᠤᠬᠠᠢ ᠬᠡᠷᠡᠭ ᠢ᠋ ᠬᠡᠯᠡᠯᠴᠡᠭᠰᠡᠨ ᠨᠢᠭᠡᠨ ᠶᠣᠰᠣᠨ ᠤ᠋ ᠴᠡᠷᠢᠭ ᠦ᠋ᠨ ᠡᠷᠬᠡᠲᠡᠨ ᠨᠦ᠍ᠭᠦᠳ ᠦ᠋ᠨ ᠬᠤᠷᠠᠯᠳᠠᠢ ᠪᠣᠯᠪᠠ᠃ 
       — ᠰᠥᠩ ᠤᠯᠤᠰ ᠢ᠋ ᠪᠠᠰᠤᠵᠤ ᠪᠣᠯᠬᠤ ᠦᠭᠡᠢ᠂ ᠢᠷᠮᠡᠭᠦᠨ ᠬᠦᠴᠦᠲᠡᠢ ᠰᠢᠦ᠃ ᠲᠡᠳᠡ ᠤᠯᠤᠰ ᠢ᠋ᠶ᠋ᠠᠨ ᠬᠠᠮᠠᠭᠠᠯᠠᠵᠤ ᠦᠯᠡᠳᠡᠨ᠎ᠡ ᠭᠡᠰᠡᠨ ᠬᠠᠲᠠᠭᠤ ᠵᠣᠷᠢᠭ ᠡᠷᠡᠮᠡᠯᠵᠡᠯ ᠲᠡᠢ᠂ ᠪᠠᠷᠤᠭ ᠪᠦᠬᠦ ᠬᠥᠮᠦᠨ ᠠᠮᠠ ᠨᠢ ᠲᠡᠷᠡ ᠵᠣᠷᠢᠯᠭ᠎ᠠ ᠳ᠋ᠤ᠌ ᠨᠢᠭᠡᠳᠦᠭᠰᠡᠨ ᠰᠡᠳᠬᠢᠯᠲᠡᠢ ᠪᠠᠢᠨ᠎ᠠ᠃ ᠶᠠᠭ ᠦᠭᠡᠢ ᠳᠠᠢᠰᠤᠨ ᠳᠠ᠃ 
       — ᠲᠡᠢᠮᠦ ᠠ᠋᠃ ᠪᠢᠳᠡ ᠰᠥᠩ ᠦ᠋ᠨ ᠬᠦᠴᠦ ᠴᠢᠳᠠᠯ ᠢ᠋ ᠮᠡᠳᠡᠵᠦ ᠪᠠᠢᠭ᠎ᠠ᠃ ᠲᠡᠳᠡ ᠰᠡᠭᠦᠯ ᠦ᠋ᠨ ᠬᠣᠶᠠᠷ ᠵᠢᠯ ᠦ᠋ᠨ ᠲᠤᠷᠰᠢ ᠬᠣᠲᠠ ᠨᠤᠭᠤᠳ ᠢ᠋ᠶ᠋ᠠᠨ ᠪᠡᠬᠢᠯᠡᠨ᠂ ᠬᠡᠷᠡᠮ ᠪᠠᠷᠢᠵᠤ᠂ ᠬᠦᠨᠡᠰᠦ ᠲᠡᠵᠢᠭᠡᠯ ᠢ᠋ᠶ᠋ᠡᠨ ᠨᠥᠭᠡᠴᠡᠯᠡᠵᠦ ᠪᠠᠢᠨ᠎ᠠ᠃ ᠶᠠᠩᠵᠤ ᠪᠦᠷᠢ ᠶ᠋ᠢᠨ ᠰᠢᠯᠲᠠᠭᠠᠨ ᠭᠠᠷᠭᠠᠭᠠᠳ ᠬᠠᠭᠠᠨ ᠢ᠋ᠶ᠋ᠠᠨ ᠣᠯᠠᠨ ᠳᠠᠬᠢᠨ ᠰᠣᠯᠢᠵᠤ᠂ ᠶᠡᠬᠡ ᠴᠢᠳᠠᠯᠲᠠᠢ᠂ ᠲᠡᠭᠦᠯᠳᠡᠷ ᠤᠬᠠᠭᠠᠲᠠᠢ ᠲᠡᠷᠢᠭᠦᠯᠡᠬᠦ ᠬᠥᠮᠦᠨ ᠢ᠋ ᠡᠷᠢᠭᠰᠡᠭᠡᠷ ᠪᠠᠢᠭ᠎ᠠ᠃ ᠲᠠᠪᠤᠬᠠᠨ ᠵᠢᠯ ᠦ᠋ᠨ ᠳᠣᠲᠣᠷ᠎ᠠ ᠵᠢᠷᠭᠤᠭᠠᠨ ᠬᠠᠭᠠᠨ ᠰᠣᠯᠢᠭᠳᠠᠯ᠎ᠠ᠃ ᠬᠣᠲᠠ ᠬᠠᠮᠠᠭᠠᠯᠠᠬᠤ ᠵᠡᠪᠰᠡᠭ ᠦᠢᠯᠡᠳᠬᠦ ᠪᠡᠷ ᠠᠵᠢᠯᠯᠠᠵᠤ ᠪᠠᠢᠭ᠎ᠠ ᠰᠤᠷᠠᠭ ᠪᠠᠢᠨ᠎ᠠ᠃ ᠲᠡᠮᠦᠷ ᠬᠠᠢᠯᠭᠠᠵᠤ ᠵᠡᠪᠰᠡᠭ ᠬᠢᠳᠡᠭ ᠤᠯᠤᠰ ᠭᠡᠪᠡᠯ ᠬᠢᠲᠠᠳ ᠤ᠋ᠨ ᠳᠣᠲᠣᠷ᠎ᠠ ᠰᠥᠩ ᠯᠡ ᠰᠢᠦ ᠳᠡ ᠭᠡᠰᠡᠨ ᠦᠭᠡ ᠨᠦ᠍ᠭᠦᠳ ᠰᠣᠨᠣᠰᠤᠭᠳᠠᠵᠤ ᠪᠠᠢᠯ᠎ᠠ᠃ 
       ᠬᠤᠪᠢᠯᠠᠢ ᠳᠠᠭᠤ ᠦᠭᠡᠢ ᠰᠠᠭᠤᠵᠤ ᠵᠠᠩᠵᠤᠨ ᠨᠤᠭᠤᠳ ᠤ᠋ᠨ ᠦᠭᠡ ᠶ᠋ᠢ ᠴᠢᠩᠨᠠᠨ᠎ᠠ᠃ 
       ᠲᠡᠭᠡᠭᠡᠳ ᠠᠮᠠᠨ ᠳᠣᠲᠣᠷ᠎ᠠ ᠪᠠᠨ《ᠰᠢᠭᠦᠨ ᠲᠤᠩᠭᠠᠭᠠᠵᠦ ᠪᠣᠳᠣᠬᠤ ᠶᠣᠰᠣᠲᠠᠢ》 ᠭᠡᠵᠦ ᠬᠡᠯᠡᠵᠦ ᠰᠤᠷᠤᠭᠰᠠᠨ ᠦᠭᠡ ᠪᠡᠨ ᠰᠢᠪᠡᠨᠡᠭᠰᠡᠭᠡᠷ  ᠰᠢᠷᠪᠡᠭᠡ ᠰᠠᠬᠠᠯ ᠢ᠋ᠶ᠋ᠠᠨ ᠢᠯᠪᠢᠨ ᠪᠣᠳᠣᠯᠬᠢᠯᠠᠵᠤ ᠪᠠᠢᠭᠰᠠᠨ ᠢ᠋ᠶ᠋ᠠᠨ᠄ 
       — ᠲᠡᠭᠡᠭᠡᠳ ᠪᠢᠳᠡ ᠶᠠᠭᠠᠬᠢᠵᠤ ᠪᠠᠢᠯᠳᠤᠬᠤ ᠶᠤᠮ ᠪᠣᠢ? ᠭᠡᠰᠡᠨ ᠠᠰᠠᠭᠤᠯᠲᠠ ᠶ᠋ᠢ ᠪᠠᠰᠠ ᠨᠡᠢᠲᠡ ᠳᠤᠮᠳᠠ ᠬᠠᠶᠠᠵᠤ ᠲᠠᠯᠪᠢᠯ᠎ᠠ᠃ 
       — ᠲᠡᠢᠮᠦ ᠠ᠋᠃ ᠰᠢᠨ᠎ᠡ ᠠᠷᠭ᠎ᠠ ᠬᠠᠢᠨ᠎ᠠ ᠭᠡᠳᠡᠭ ᠲᠤᠢᠯ ᠠ᠋ᠴᠠ ᠴᠢᠬᠤᠯᠠ᠃ ᠮᠤᠬᠤᠯᠠᠢ ᠵᠠᠩᠵᠤᠨ ᠠᠯᠲᠠᠨ ᠤᠯᠤᠰ ᠲᠠᠢ ᠪᠠᠢᠯᠳᠤᠬᠤ ᠶ᠋ᠢᠨ ᠡᠮᠦᠨ᠎ᠡ ᠪᠣᠭᠳᠠ ᠡᠵᠡᠨ ᠳ᠋ᠦ᠍ ᠪᠠᠷᠠᠯᠬᠠᠭᠠᠳ《ᠣᠯᠠᠨ ᠢ᠋ᠶ᠋ᠠᠷ ᠴᠥᠭᠡᠨ ᠢ᠋ ᠴᠣᠬᠢᠨ ᠤᠰᠠᠳᠬᠠᠵᠤ ᠪᠠᠢᠬᠤ ᠶ᠋ᠢ ᠪᠣᠭᠣᠯ ᠪᠢ ᠦᠵᠡᠭᠰᠡᠨ ᠦᠭᠡᠢ᠂ ᠰᠢᠯᠢᠳᠡᠭ ᠴᠥᠭᠡᠨ ᠢ᠋ᠶ᠋ᠡᠷ ᠣᠯᠠᠨ ᠢ᠋ ᠨᠣᠮᠣᠬᠠᠳᠬᠠᠬᠤ ᠨᠢ ᠢᠯᠡᠭᠦᠦ  ᠠᠰᠢᠭᠲᠠᠢ ᠶ᠋ᠢ ᠰᠣᠶᠣᠷᠬᠠᠵᠤ ᠪᠣᠯᠭᠣᠭᠠᠬᠤ ᠪᠢᠵᠡ》 ᠭᠡᠵᠦ ᠠᠢᠯᠠᠳᠬᠠᠵᠤ ᠪᠠᠢᠭᠰᠠᠨ ᠭᠡᠳᠡᠭ ᠢ᠋ ᠰᠠᠨᠠᠶ᠎ᠠ᠃ ᠰᠥᠩ ᠦ᠋ᠨ ᠴᠡᠷᠢᠭ ᠣᠯᠠᠨ ᠰᠢᠦ᠃ ᠰᠠᠶ᠎ᠠ ᠪᠠᠷ ᠲᠣᠭᠠᠯᠠᠵᠤ ᠶᠠᠷᠢᠨ᠎ᠠ᠃ ᠪᠢᠳᠡ ᠲᠡᠳᠡᠨ ᠦ᠌ ᠣᠯᠠᠨ ᠠ᠋ᠴᠠ ᠠᠶᠤᠬᠤ ᠤᠴᠢᠷ ᠦᠭᠡᠢ᠃ ᠤᠷᠠᠨ ᠤᠬᠠᠭᠠᠨ ᠵᠠᠷᠤᠵᠤ ᠴᠢᠳᠠᠪᠠᠯ ᠠᠷᠪᠠᠨ ᠴᠡᠷᠢᠭ ᠲᠦᠮᠡᠨ ᠳᠠᠢᠰᠤᠨ ᠢ᠋ ᠬᠠᠤ ᠲᠠᠲᠠᠵᠤ ᠬᠠᠶᠠᠨ᠎ᠠ᠃ ᠲᠤᠯᠤᠢ᠂ ᠮᠤᠬᠤᠯᠠᠢ ᠬᠣᠶᠠᠷ ᠶᠠᠭᠠᠬᠢᠵᠤ ᠴᠠᠭᠠᠨ ᠬᠡᠷᠡᠮ ᠢ᠋ ᠳᠠᠪᠠᠯ᠎ᠠ᠃ ᠲᠡᠢᠮᠦ ᠤᠬᠠᠭᠠᠨ ᠬᠡᠷᠡᠭᠲᠡᠢ ᠭᠡᠵᠦ ᠪᠠᠶᠠᠨ ᠵᠠᠩᠵᠤᠨ ᠬᠡᠯᠡᠯ᠎ᠡ᠃ 
       — ᠥᠷᠥᠰᠢᠶᠡᠵᠦ ᠪᠣᠯᠭᠣᠭ᠎ᠠ᠂ ᠶᠡᠬᠡ ᠵᠠᠬᠢᠷᠤᠭᠴᠢ ᠮᠢᠨᠢ! ᠪᠢᠳᠡᠨ ᠳ᠋ᠦ᠍ ᠠᠶᠤᠬᠤ ᠶᠠᠭᠤᠮ᠎ᠠ ᠠᠯᠠᠭ᠎ᠠ᠃ ᠭᠡᠬᠦ ᠳ᠋ᠦ᠍ ᠪᠡᠨ ᠴᠡᠷᠢᠭ᠂ ᠮᠣᠷᠢ ᠬᠣᠶᠠᠷ ᠢ᠋ᠶ᠋ᠠᠨ ᠬᠠᠢᠷᠠᠯᠠᠬᠤ ᠶᠣᠰᠣᠲᠠᠢ᠃ ᠪᠢ ᠬᠦᠴᠦᠷᠬᠡᠭ ᠠᠯᠲᠠᠨ ᠤᠯᠤᠰ ᠢ᠋ ᠮᠥᠬᠥᠭᠡᠬᠦ ᠳ᠋ᠦ᠍ ᠪᠡᠨ ᠤᠷᠢᠳ ᠢ᠋ᠶ᠋ᠠᠷ ᠰᠥᠩ ᠤᠯᠤᠰ ᠲᠠᠢ ᠡᠪ ᠦ᠋ᠨ ᠭᠡᠷ᠎ᠡ ᠪᠠᠢᠭᠤᠯᠤᠭᠠᠳ ᠲᠡᠳᠡᠨ ᠦ᠌ ᠵᠦᠭ ᠡᠴᠡ ᠳᠠᠢᠰᠤᠨ ᠳ᠋ᠤ᠌ ᠲᠤᠰᠠ ᠳᠡᠮᠵᠢᠯᠭᠡ ᠪᠣᠯᠬᠤ ᠵᠦᠢᠯ ᠬᠢᠬᠦ ᠦᠭᠡᠢ ᠪᠡᠷ ᠪᠣᠯᠭᠠᠵᠤ ᠴᠢᠳᠠᠭᠰᠠᠨ ᠰᠢᠦ ᠳᠡ᠃ ᠡᠨᠡ ᠪᠣᠯ  ᠳᠠᠢᠰᠤᠨ ᠤ᠋ ᠪᠠᠨ ᠭᠠᠷ ᠬᠥᠯ ᠢ᠋ ᠲᠤᠱᠠᠵᠤ ᠪᠠᠢᠭ᠎ᠠ ᠭᠡᠰᠡᠨ ᠦᠭᠡ᠃ ᠲᠡᠭᠡᠬᠦ ᠪᠡᠷ ᠪᠢᠳᠡ ᠶᠡᠬᠡ ᠵᠠᠬᠢᠷᠤᠭᠴᠢ ᠶ᠋ᠢᠨ ᠡᠴᠢᠭᠡ ᠵᠠᠩᠵᠤᠨ ᠲᠤᠯᠤᠢ ᠶ᠋ᠢᠨ ᠮᠡᠷᠭᠡᠨ ᠤᠬᠠᠭᠠᠨ ᠢ᠋ ᠬᠡᠷᠡᠭᠯᠡᠨ ᠰᠥᠩ ᠦ᠋ᠨ ᠬᠠᠭᠠᠨ ᠤ᠋ ᠭᠠᠷ ᠬᠥᠯ ᠢ᠋ ᠬᠠᠮᠢᠭᠠᠰᠢ ᠨᠢ ᠴᠦ᠍ ᠬᠥᠳᠡᠯᠬᠦ ᠠᠷᠭ᠎ᠠ ᠦᠭᠡᠢ ᠪᠡᠷ ᠲᠤᠱᠠᠵᠤ ᠪᠠᠭᠯᠠᠬᠤ ᠠᠷᠭ᠎ᠠ ᠪᠠᠢᠨ᠎ᠠ ᠤᠤ? ᠪᠦᠰᠡᠯᠡᠵᠦ ᠠᠪᠬᠤ ᠶ᠋ᠢ ᠯᠡ ᠪᠣᠳᠣᠬᠤ ᠶᠣᠰᠣᠲᠠᠢ ᠪᠠᠢᠬᠤ᠃ ᠰᠥᠩ ᠦ᠋ᠨ ᠴᠡᠷᠢᠭ ᠤᠯᠠᠢᠷᠠᠨ ᠳᠠᠭᠠᠷᠢᠬᠤ ᠪᠠᠷ ᠢ᠋ᠶ᠋ᠠᠨ ᠡᠪᠡᠰᠦ ᠰᠢᠷᠣᠢ᠂ ᠮᠣᠳᠣ ᠰᠢᠭᠤᠢ᠂ ᠬᠠᠳᠠ ᠠᠰᠬ᠎ᠠ ᠬᠠᠮᠢᠭ᠎ᠠ ᠠ᠋ᠴᠠ ᠴᠤ᠌ ᠬᠠᠮᠢᠶ᠎ᠠ ᠦᠭᠡᠢ ᠭᠠᠷᠴᠤ ᠢᠷᠡᠭᠡᠳ ᠨᠦᠳᠦᠯᠳᠦᠳᠡᠭ ᠠᠷᠭᠠᠲᠠᠢ ᠶ᠋ᠢ ᠰᠠᠨᠠᠬᠤ ᠶᠣᠰᠣᠲᠠᠢ ᠪᠠᠢᠨ᠎ᠠ᠃ 
       — ᠶᠡᠬᠡ ᠵᠠᠬᠢᠷᠤᠭᠴᠢ ᠥᠷᠥᠰᠢᠶᠡᠵᠦ ᠪᠣᠯᠭᠣᠭ᠎ᠠ᠃ ᠠᠯᠲᠠᠨ ᠤᠯᠤᠰ᠂ ᠰᠥᠩ ᠤᠯᠤᠰ ᠬᠣᠶᠠᠷ ᠬᠣᠭᠣᠷᠣᠨᠳᠣ ᠪᠠᠨ ᠥᠰᠢᠶᠡᠲᠡᠨ ᠪᠠᠢᠭᠰᠠᠨ ᠤᠴᠢᠷ ᠠ᠋ᠴᠠ ᠲᠡᠭᠦᠨ ᠢ᠋ ᠨᠢ ᠲᠤᠯᠤᠢ ᠵᠠᠩᠵᠤᠨ ᠠᠰᠢᠭᠯᠠᠨ᠂ ᠲᠡᠳᠡᠨ ᠦ᠌ ᠠᠷᠪᠠᠨ ᠲᠦᠮᠡ ᠭᠠᠷᠤᠢ ᠴᠡᠷᠢᠭ ᠢ᠋ ᠭᠠᠭᠴᠠᠭᠠᠷᠳᠠᠭᠤᠯᠵᠤ ᠪᠠᠢᠭᠠᠳ ᠨᠢᠭᠡ ᠲᠦᠮᠡᠨ ᠴᠡᠷᠢᠭ ᠢ᠋ᠶ᠋ᠡᠷ ᠨᠢᠷᠭᠢᠭᠦᠯᠵᠣ ᠣᠷᠬᠢᠭᠰᠠᠨ᠃ ᠲᠠᠯ᠎ᠠ ᠳ᠋ᠤ᠌ ᠳᠠᠪᠬᠢᠵᠤ ᠶᠠᠪᠤᠭ᠎ᠠ ᠭᠥᠷᠥᠭᠡᠰᠦ ᠶ᠋ᠢ ᠠᠩᠴᠢᠨ ᠪᠦᠷᠭᠦᠳ ᠶᠠᠭᠠᠬᠢᠵᠤ ᠳᠠᠷᠤᠵᠤ ᠠᠪᠳᠠᠭ ᠪᠢᠯᠡ᠂ ᠴᠢᠳᠠᠯᠲᠠᠢ ᠴᠥᠭᠡᠨ ᠴᠡᠷᠢᠭ ᠳᠠᠢᠰᠤᠨ ᠢ᠋ ᠶᠠᠭ ᠯᠠ ᠲᠡᠭᠦᠨ ᠰᠢᠭ ᠪᠣᠯᠭᠠᠵᠤ ᠠᠪᠳᠠᠭ᠃ 
       — ᠲᠡᠢᠮᠦ ᠠ᠋᠃ ᠰᠥᠩ ᠤᠯᠤᠰ ᠪᠣᠯ ᠠᠯᠲᠠᠨ ᠤᠯᠤᠰ ᠠ᠋ᠴᠠ ᠣᠭᠲᠣ ᠥᠭᠡᠷ᠎ᠡ ᠴᠢᠨᠠᠷᠲᠠᠢ ᠶ᠋ᠢ ᠰᠠᠨᠠᠬᠤ ᠪᠢᠵᠡ᠃ ᠠᠯᠲᠠᠨ ᠤᠯᠤᠰ ᠤ᠋ᠨ ᠬᠠᠭᠠᠨ ᠨᠢ ᠰᠢᠤᠳᠠᠨ ᠵᠦᠩ ᠮᠠᠨ ᠤ᠋ ᠪᠣᠭᠳᠠ ᠡᠵᠡᠨ ᠦ᠌ ᠦᠷᠭᠦᠭᠡᠨ ᠳ᠋ᠦ᠍ ᠡᠯᠴᠢ ᠵᠠᠷᠤᠨ ᠠᠯᠪᠠ ᠪᠡᠷᠢ᠂ ᠮᠢᠨᠦ ᠬᠠᠷᠢᠶᠠᠲᠤ ᠪᠠᠢ ᠭᠡᠵᠦ ᠱᠠᠭᠠᠷᠳᠠᠵᠤ ᠪᠠᠢᠭᠠᠳ ᠶᠠᠭ ᠬᠠᠯᠵᠠ ᠲᠤᠯᠤᠯᠳᠤᠬᠤ ᠪᠠᠷ ᠶᠠᠭᠠᠬᠢᠵᠤ ᠴᠦ᠍ ᠴᠢᠳᠠᠯ ᠦᠭᠡᠢ᠂ ᠨᠥᠭᠦᠭᠡ ᠲᠠᠯᠪᠢᠬᠤ ᠪᠠᠢᠭᠰᠠᠨ ᠱᠠᠭᠠᠷᠳᠠᠯᠭ᠎ᠠ ᠠ᠋ᠴᠠ ᠪᠠᠨ ᠬᠣᠢᠰᠢ ᠲᠥᠯᠥᠵᠦ ᠲᠠᠪᠤᠨ ᠵᠢᠯ ᠪᠣᠯᠤᠭᠠᠳ ᠥᠪᠡᠷ ᠢ᠋ᠶ᠋ᠡᠨ ᠨᠤᠷᠠᠨ ᠤᠨᠠᠵᠤ᠂ ᠪᠢᠳᠡᠨ ᠦ᠌ ᠮᠣᠷᠢᠳ ᠢ᠋ ᠲᠠᠬᠠᠯᠠᠭᠴᠢᠳ ᠪᠣᠯᠵᠤ ᠪᠠᠭᠤᠨ ᠥᠭᠪᠡ ᠳᠡ᠃ ᠶᠠᠭᠤᠮ᠎ᠠ ᠴᠠᠭ ᠢ᠋ᠶ᠋ᠠᠨ ᠢᠷᠡᠬᠦ ᠪᠡᠷ ᠶᠡᠬᠡ ᠮᠥᠷᠡᠨ ᠭᠣᠣᠯ ᠤ᠋ᠨ ᠬᠠᠪᠤᠷ ᠤ᠋ᠨ ᠰᠥᠩ ᠲᠦᠷᠢᠬᠦ ᠠᠳᠠᠯᠢ ᠠᠶᠠᠨᠳᠠᠭᠠᠨ ᠥᠪᠡᠷ ᠢ᠋ᠶ᠋ᠡᠨ ᠬᠠᠭ᠎ᠠ ᠦᠰᠦᠷᠦᠨ ᠤᠷᠤᠰᠤᠭᠠᠳ ᠠᠯᠠᠭ᠎ᠠ ᠪᠣᠯᠳᠠᠭ ᠵᠢᠮ᠎ᠡ ᠲᠡᠢ᠃ ᠰᠥᠩ ᠤᠯᠤᠰ ᠲᠤ ᠲᠡᠢᠮᠦ ᠴᠠᠭ ᠨᠢ ᠢᠷᠡᠭᠰᠡᠨ ᠪᠠᠢᠬᠤ ᠭᠡᠵᠦ ᠪᠣᠳᠣᠵᠤ ᠪᠠᠢᠨ᠎ᠠ᠁ ᠭᠡᠬᠦᠴᠢᠯᠡᠨ ᠶᠠᠷᠢᠶ᠎ᠠ ᠪᠣᠯᠵᠤ᠂ ᠵᠠᠩᠵᠤᠨ ᠨᠤᠭᠤᠳ ᠲᠤᠯᠤᠯᠳᠤᠭᠠᠨ ᠳ᠋ᠤ᠌ ᠶᠠᠭᠠᠬᠢᠵᠤ ᠣᠷᠣᠬᠤ ᠪᠠᠨ ᠪᠣᠳᠣᠨ ᠵᠥᠪᠯᠡᠯᠳᠦᠵᠦ ᠪᠠᠢᠯ᠎ᠠ᠃ 
       ᠶᠡᠷᠦᠩᠬᠡᠢ ᠵᠠᠬᠢᠷᠤᠭᠴᠢ ᠬᠤᠪᠢᠯᠠᠢ ᠪᠤᠰᠤᠳ ᠤ᠋ᠨ ᠦᠭᠡ ᠴᠢᠩᠨᠠᠨ ᠳᠠᠭᠤ ᠦᠭᠡᠢ ᠰᠠᠭᠤᠭᠰᠠᠨ ᠢ᠋ᠶ᠋ᠠᠨ᠄ 
       — ᠵᠠ ᠪᠢ ᠲᠠ ᠨᠠᠷ ᠤ᠋ᠨ ᠦᠭᠡ ᠶ᠋ᠢ ᠣᠢᠯᠠᠭᠠᠵᠤ ᠮᠡᠳᠡᠯ᠎ᠡ᠃ ᠮᠠᠨ ᠤ᠋ ᠴᠡᠷᠢᠭ᠂ ᠮᠣᠷᠢ ᠠᠯᠢ ᠠᠯᠢ ᠨᠢ ᠣᠳᠣ ᠬᠡᠳᠦ ᠬᠣᠨᠣᠭ ᠰᠤᠯᠠ ᠪᠠᠢᠵᠤ᠂ ᠡᠴᠡᠭᠡ ᠪᠡᠨ ᠲᠠᠢᠯᠤᠭ᠎ᠠ ᠪᠢᠵᠡ᠃  ᠪᠢᠳᠡ ᠥᠭᠡᠳᠡ ᠪᠣᠯᠤᠭᠴᠢ ᠠᠬ᠎ᠠ ᠬᠠᠭᠠᠨ ᠤ᠋ ᠪᠠᠨ ᠵᠣᠷᠢᠭᠰᠠᠨ① ᠢ᠋ ᠭᠦᠢᠴᠡᠭᠡᠬᠦ ᠶ᠋ᠢᠨ ᠲᠥᠯᠥᠭᠡᠨ᠎ᠡ ᠳᠠᠢᠳᠤᠨ᠎ᠠ᠃ ᠳᠣᠯᠣᠭ᠎ᠠ ᠬᠣᠨᠣᠭᠠᠳ ᠯᠠ ᠰᠢᠭᠤᠳ ᠳᠣᠪᠲᠣᠯᠭᠠᠨ ᠳ᠋ᠤ᠌ ᠣᠷᠣᠶ᠎ᠠ ᠃ ᠲᠡᠭᠡᠬᠦ ᠳ᠋ᠦ᠍ ᠪᠡᠨ ᠰᠥᠩ ᠤᠯᠤᠰ ᠭᠡᠭᠴᠢ ᠶ᠋ᠢ ᠬᠡᠳᠦᠨ ᠲᠠᠯ᠎ᠠ ᠠ᠋ᠴᠠ ᠨᠢ ᠬᠠᠭᠠᠵᠤ ᠪᠦᠰᠡᠯᠡᠨ ᠠᠪᠤᠭᠠᠳ ᠣᠷᠢᠶᠠᠨ ᠳᠤᠭᠲᠤᠢᠯᠠᠵᠤ ᠴᠣᠬᠢᠬᠤ ᠠᠷᠭ᠎ᠠ ᠬᠡᠷᠡᠭᠯᠡᠶ᠎ᠡ ᠭᠡᠵᠦ ᠬᠡᠯᠡᠭᠡᠳ᠂ ᠶᠠᠮᠠᠷ ᠵᠠᠩᠵᠤᠨ ᠤ᠋ ᠴᠡᠷᠢᠭ ᠬᠠᠮᠢᠭᠠᠭᠤᠷ ᠶᠠᠭᠠᠬᠢᠵᠤ ᠳᠣᠪᠲᠣᠯᠬᠤ ᠲᠤᠬᠠᠢ ᠪᠠᠨ ᠵᠢᠭᠠᠵᠤ ᠥᠭᠦᠯᠡᠪᠡ᠃ ᠪᠦᠬᠦ ᠴᠡᠷᠢᠭ ᠢ᠋ ᠤᠷᠢᠶᠠᠩᠬᠠᠢᠳᠠᠢ ᠵᠠᠬᠢᠷᠴᠤ᠂ ᠭᠣᠣᠯ ᠬᠦᠴᠦ ᠶ᠋ᠢ ᠪᠤᠶᠠᠨ ᠵᠠᠩᠵᠤᠨ ᠲᠡᠷᠢᠭᠦᠯᠡᠨ ᠵᠠᠬᠢᠷᠤᠭᠰᠠᠨ ᠲᠦᠮᠡᠲᠦ ᠬᠣᠰᠢᠭᠤᠴᠢᠯᠠᠨ᠂ ᠡᠬᠢᠯᠡᠭᠡᠳ ᠳᠠᠢᠰᠤᠨ ᠤ᠋ ᠲᠦᠰᠢᠴᠡ ᠭᠠᠵᠠᠷ ᠡᠵᠸᠦ ᠬᠣᠲᠠ ᠪᠣᠯᠤᠨ ᠰᠧᠴᠤᠸᠠᠨ ᠢ᠋ ᠡᠵᠡᠯᠡᠬᠦ ᠶᠣᠰᠣᠲᠠᠢ ᠭᠡᠵᠦ ᠶᠡᠷᠦᠩᠬᠡᠢ ᠵᠠᠬᠢᠷᠤᠭᠴᠢ ᠲᠤᠰᠢᠶᠠᠯ ᠪᠠᠭᠤᠯᠭᠠᠪᠠ᠃ ᠡᠨᠡ ᠦᠶ᠎ᠡ ᠳ᠋ᠦ᠍ ᠬᠤᠪᠢᠯᠠᠢ ᠶ᠋ᠢᠨ ᠬᠠᠷᠢᠶᠠᠨ ᠳ᠋ᠤ᠌ ᠠᠷᠪᠠᠨ ᠲᠦᠮᠡ ᠭᠠᠷᠤᠢ ᠮᠣᠩᠭᠣᠯ ᠴᠡᠷᠢᠭ ᠬᠤᠷᠠᠯᠳᠤᠭᠰᠠᠨ ᠪᠠᠢᠭᠰᠠᠨ ᠤ᠋ ᠳᠡᠭᠡᠷ᠎ᠡ ᠬᠠᠭᠤᠴᠢᠨ ᠠᠯᠲᠠᠨ ᠤᠯᠤᠰ ᠭᠡᠵᠦ ᠪᠠᠢᠭᠰᠠᠨ ᠤ᠋ ᠨᠡᠯᠢᠶᠡᠳ ᠴᠡᠷᠢᠭ ᠢ᠋ ᠵᠡᠭᠦᠨ ᠭᠠᠷ ᠤᠨ ᠵᠠᠬᠢᠷᠤᠭᠴᠢ ᠵᠣᠬᠢᠶᠠᠨ ᠪᠠᠢᠭᠤᠯᠤᠯᠲᠠ ᠲᠠᠢ ᠬᠡᠪ ᠢ᠋ᠶ᠋ᠡᠷ ᠨᠢ ᠪᠠᠢᠯᠭᠠᠨ᠂ ᠲᠡᠳᠡᠨ ᠢ᠋ ᠲᠡᠢᠨ ᠳ᠋ᠦ᠍ ᠠᠰᠢᠭᠯᠠᠵᠤ ᠪᠣᠯᠤᠨ᠎ᠠ ᠭᠡᠮᠡᠨ ᠦᠵᠡᠭᠰᠡᠨ ᠤᠴᠢᠷ ᠵᠡᠪᠰᠡᠭ᠂ ᠴᠢᠳᠠᠪᠤᠷᠢ ᠰᠤᠯᠠᠲᠠᠢ ᠴᠦ᠍ ᠭᠡᠰᠡᠨ ᠮᠣᠩᠭᠣᠯ ᠴᠡᠷᠢᠭ ᠦ᠋ᠨ ᠲᠠᠯ᠎ᠠ ᠬᠤᠪᠢ ᠲᠠᠢ ᠲᠡᠩᠴᠡᠬᠦ ᠲᠣᠭᠠᠨ ᠤ᠋ ᠬᠢᠲᠠᠳ ᠴᠡᠷᠢᠭ ᠮᠠᠲᠠᠯ ᠳ᠋ᠤ᠌ ᠨᠢ ᠪᠠᠢᠯ᠎ᠠ᠃ 
       ᠤᠷᠢᠳ ᠨᠢ ᠰᠥᠩ ᠤᠯᠤᠰ ᠠᠯᠲᠠᠨ ᠤᠯᠤᠰ ᠬᠣᠶᠠᠷ ᠬᠣᠭᠣᠷᠣᠨᠳᠣ ᠪᠠᠨ ᠣᠯᠠᠨᠲᠠ ᠪᠠᠢᠯᠳᠤᠵᠤ᠂ ᠡᠪ ᠨᠡᠢᠯᠡᠬᠦ ᠠᠷᠭ᠎ᠠ ᠲᠠᠰᠤᠷᠠᠨ ᠪᠡᠶ᠎ᠡ ᠪᠡᠶ᠎ᠡ ᠪᠡᠨ ᠦᠵᠡᠨ ᠶᠠᠳᠠᠬᠤ ᠪᠠᠢᠳᠠᠯ ᠪᠣᠯᠤᠭᠰᠠᠨ ᠲᠡᠷᠡ ᠪᠠᠢᠳᠠᠯ ᠢ᠋ ᠮᠣᠩᠭᠣᠯ ᠤ᠋ᠨ ᠬᠠᠭᠠᠨ ᠤᠬᠠᠭᠠᠯᠢᠭ ᠢ᠋ᠶ᠋ᠠᠷ ᠠᠰᠢᠭᠯᠠᠵᠤ ᠴᠢᠳᠠᠭᠰᠠᠨ ᠪᠠᠢᠪᠠ᠃ ᠠᠷᠪᠠ ᠬᠣᠷᠢᠨ ᠵᠢᠯ ᠦ᠋ᠨ ᠡᠮᠦᠨ᠎ᠡ ᠮᠤᠬᠤᠯᠠᠢ᠂ ᠰᠦᠪᠡᠭᠡᠲᠡᠢ ᠵᠠᠩᠵᠤᠨ ᠨᠠᠷ ᠵᠦᠷᠴᠢᠳ ᠦ᠋ᠨ ᠠᠯᠲᠠᠨ ᠤᠯᠤᠰ ᠲᠠᠢ ᠳᠠᠢᠳᠤᠵᠤ ᠲᠡᠭᠦᠨ ᠢ᠋ ᠮᠥᠬᠥᠭᠡᠬᠦ ᠳ᠋ᠦ᠍ ᠪᠡᠨ ᠰᠥᠩ ᠤᠯᠤᠰ ᠲᠠᠢ ᠭᠡᠷ᠎ᠡ ᠬᠢᠵᠦ ᠴᠡᠷᠢᠭ ᠦ᠋ᠨ ᠲᠤᠰᠠᠯᠠᠮᠵᠢ ᠶ᠋ᠢ ᠠᠯᠲᠠᠨ ᠤᠯᠤᠰ ᠲᠤ᠌ ᠦᠵᠡᠭᠦᠯᠬᠦ ᠦᠭᠡᠢ ᠭᠡᠰᠡᠨ ᠪᠠᠲᠤᠯᠠᠭ᠎ᠠ ᠶ᠋ᠢ ᠪᠣᠢ ᠪᠣᠯᠭᠠᠭᠰᠠᠨ ᠪᠠᠢᠪᠠ᠃ ᠶᠡᠷᠦ ᠨᠢ ᠪᠣᠭᠳᠠ ᠴᠢᠩᠭᠢᠰ ᠳᠤᠮᠳᠠᠳᠤ ᠠᠽᠢᠶ᠎ᠠ ᠶ᠋ᠢᠨ ᠣᠷᠣᠨ ᠨᠤᠭᠤᠳ ᠲᠠᠢ ᠳᠠᠢᠳᠤᠬᠤ ᠳ᠋ᠤ᠌ ᠪᠠᠨ ᠲᠡᠷᠡ ᠪᠠᠢᠯᠳᠤᠵᠤ ᠪᠠᠢᠭ᠎ᠠ ᠤᠯᠤᠰ ᠤ᠋ᠨ ᠴᠠᠭᠠᠳᠤ ᠲᠠᠯ᠎ᠠ ᠶ᠋ᠢᠨ ᠣᠷᠣᠨ ᠤ᠋ ᠵᠠᠰᠠᠭ ᠤ᠋ᠨ ᠭᠠᠵᠠᠷ ᠲᠠᠢ ᠡᠪ ᠦ᠋ᠨ ᠭᠡᠷ᠎ᠡ ᠪᠠᠢᠭᠤᠯᠤᠨ᠂ ᠳᠠᠢᠰᠤᠨ ᠪᠣᠯᠤᠭᠰᠠᠨ ᠤᠯᠤᠰ ᠲᠤ᠌ ᠲᠤᠰᠠ ᠳᠡᠮᠵᠢᠯᠭᠡ ᠦᠵᠡᠭᠦᠯᠬᠦ ᠦᠭᠡᠢ᠂ ᠲᠡᠭᠦᠨ ᠦ᠌ ᠴᠡᠷᠢᠭ ᠵᠡᠪᠰᠡᠭ ᠢ᠋ ᠥᠪᠡᠷ ᠦ᠋ᠨ ᠨᠤᠲᠤᠭ ᠲᠤ᠌ ᠣᠷᠣᠭᠤᠯᠬᠤ ᠦᠭᠡᠢ ᠪᠠᠢᠬᠤ ᠪᠣᠯᠭᠠᠳᠠᠭ ᠠᠷᠭ᠎ᠠ ᠤᠬᠠᠭᠠᠨ ᠢ᠋ ᠭᠠᠷᠭᠠᠵᠤ ᠴᠢᠳᠠᠳᠠᠭ ᠪᠠᠢᠭᠰᠠᠨ᠃  ᠲᠡᠷᠡ ᠯᠠ ᠠᠷᠭ᠎ᠠ ᠪᠠᠷ ᠬᠢᠲᠠᠳ ᠤ᠋ᠨ ᠭᠠᠵᠠᠷ ᠳᠡᠭᠡᠷ᠎ᠡ ᠪᠠᠢᠭ᠎ᠠ ᠠᠯᠲᠠᠨ᠂ ᠯᠢᠶᠣᠣ᠂ ᠳ᠋ᠠᠯᠢ᠂ ᠰᠥᠩ ᠤᠯᠤᠰ ᠤ᠋ᠳ ᠲᠠᠢ ᠮᠣᠩᠭᠣᠯᠴᠤᠳ ᠪᠠᠢᠯᠳᠤᠨ ᠲᠦᠪᠰᠢᠳᠬᠡᠬᠦ ᠤᠬᠠᠭᠠᠨ ᠢ᠋ ᠵᠠᠷᠤᠭᠰᠠᠨ ᠠᠵᠢ᠃ 
       ᠬᠤᠪᠢᠯᠠᠢ ᠶ᠋ᠢᠨ ᠡᠷᠬᠡᠨ ᠳ᠋ᠦ᠍ ᠪᠠᠢᠭ᠎ᠠ ᠬᠠᠭᠤᠴᠢᠨ ᠠᠯᠲᠠᠨ ᠤᠯᠤᠰ ᠭᠡᠵᠦ ᠪᠠᠢᠭᠰᠠᠨ ᠤ᠋ ᠬᠢᠲᠠᠳ ᠴᠡᠷᠢᠭ ᠨᠢ ᠬᠡᠳᠦᠢ ᠮᠣᠷᠢ ᠦᠭᠡᠢ ᠴᠦ᠍᠂ ᠪᠣᠭᠣᠨᠢ ᠨᠤᠮᠤ ᠰᠤᠮᠤ ᠠ᠋ᠴᠠ ᠴᠠᠭᠠᠰᠢ ᠰᠠᠯ ᠣᠩᠭᠣᠴᠠ ᠬᠢᠬᠦ ᠤᠷᠠᠲᠠᠢ᠂ ᠲᠤᠯᠤᠯᠳᠤᠭᠠᠨ ᠳ᠋ᠤ᠌ ᠬᠥᠩᠭᠡᠨ᠂ ᠮᠣᠩᠭᠣᠯ ᠳᠠᠭᠠᠭᠠᠮᠠᠯ ᠤ᠋ᠳ ᠤ᠋ᠨ ᠤᠬᠠᠭᠠᠨ ᠢ᠋ᠶ᠋ᠠᠷ ᠳᠠᠷᠢ᠂ ᠰᠢᠲᠠᠳᠠᠭ ᠳᠠᠪᠠᠷᠬᠠᠢ ᠵᠡᠷᠭᠡ ᠶ᠋ᠢ ᠠᠷᠪᠢᠨ ᠬᠢᠵᠦ ᠴᠢᠳᠠᠳᠠᠭ ᠠᠷᠭ᠎ᠠ ᠨᠤᠭᠤᠳ ᠰᠤᠷᠤᠭᠰᠠᠨ ᠵᠡᠷᠭᠡ ᠨᠢ ᠲᠣᠮᠣ ᠲᠡᠢᠨ ᠳ᠋ᠦ᠍ ᠬᠤᠪᠢᠯᠠᠢ ᠳ᠋ᠤ᠌ ᠲᠤᠰᠠᠯᠠᠬᠤ ᠡᠷᠬᠢᠮ ᠬᠡᠷᠡᠭᠴᠡᠭᠡᠲᠡᠢ ᠪᠠᠢᠯ᠎ᠠ᠃ ᠡᠢᠮᠦ ᠬᠦᠴᠦ ᠪᠡᠷ ᠰᠥᠩ ᠤᠯᠤᠰ ᠢ᠋ ᠲᠦᠪᠰᠢᠳᠬᠡᠬᠦ᠂ ᠥᠪᠡᠷ ᠲᠦ᠍ ᠪᠡᠨ ᠨᠢᠭᠡᠳᠬᠡᠬᠦ ᠡᠭᠦᠷᠭᠡ ᠮᠣᠩᠭᠣᠯ ᠵᠠᠬᠢᠷᠤᠭᠴᠢᠳ ᠲᠤ᠌ ᠨᠣᠭᠳᠠᠭᠰᠠᠨ ᠠᠵᠢ᠃ ᠬᠤᠪᠢᠯᠠᠢ ᠡᠨᠡ ᠬᠡᠷᠡᠭ ᠢ᠋ ᠭᠦᠢᠴᠡᠭᠡᠬᠦ ᠦᠭᠡᠢ ᠪᠡᠷ ᠪᠤᠰᠤᠳ ᠨᠣᠶᠠᠨ ᠤ᠋ ᠳᠡᠭᠡᠷ᠎ᠡ ᠥᠪᠡᠷ ᠢ᠋ ᠪᠡᠨ ᠪᠠᠢᠯᠭᠠᠨ᠎ᠠ ᠭᠡᠵᠦ ᠰᠠᠨᠠᠬᠤ ᠶ᠋ᠢᠨ ᠴᠦ᠍ ᠬᠡᠷᠡᠭ ᠦᠭᠡᠢ ᠭᠡᠵᠦ ᠬᠠᠲᠠᠭᠤ ᠪᠣᠳᠣᠵᠤ ᠪᠢᠯᠡ᠃ 
       ᠶᠡᠷᠦᠩᠬᠡᠢ ᠵᠠᠬᠢᠷᠤᠭᠴᠢ ᠴᠡᠷᠢᠭ ᠦ᠋ᠨ ᠵᠠᠩᠵᠤᠨ ᠨᠤᠭᠤᠳ ᠲᠤ᠌ ᠪᠠᠨ ᠬᠡᠯᠡᠵᠦ ᠪᠠᠢᠭᠰᠠᠨ ᠭᠤᠷᠪᠠᠨ ᠵᠦᠢᠯ ᠢ᠋ ᠪᠢᠳᠡ ᠮᠠᠷᠲᠠᠬᠤ ᠶᠣᠰᠣ ᠦᠭᠡᠢ᠃ ᠲᠤᠬᠠᠢᠯᠠᠪᠠᠯ᠄ ᠨᠢᠭᠡ ᠳ᠋ᠦ᠍᠂ ᠣᠯᠠᠨ ᠴᠡᠷᠢᠭ ᠨᠢᠭᠡᠨ ᠳᠣᠣᠷ᠎ᠠ ᠪᠥᠭᠡᠮᠨᠡᠷᠡᠭᠦᠯᠦᠨ ᠨᠦᠰᠡᠷ ᠪᠠᠢᠳᠠᠯ ᠢ᠋ᠶ᠋ᠠᠷ ᠬᠥᠳᠡᠯᠵᠦ ᠶᠠᠳᠠᠨ ᠲᠤᠯᠤᠯᠳᠤᠬᠤ ᠶ᠋ᠢ ᠴᠡᠭᠡᠷᠯᠡᠨ᠎ᠡ᠃ ᠬᠣᠶᠠᠷ ᠲᠤ᠌᠂ ᠬᠣᠲᠠ ᠰᠠᠭᠤᠷᠢᠨ ᠳ᠋ᠤ᠌ ᠰᠢᠭᠢᠳᠦᠨ ᠰᠠᠭᠤᠬᠤ ᠶ᠋ᠢ ᠪᠠᠰᠠ ᠴᠡᠭᠡᠷᠯᠡᠨ᠎ᠡ᠃ ᠭᠤᠷᠪᠠ ᠳ᠋ᠤ᠌᠂ ᠴᠡᠷᠢᠭ ᠦ᠋ᠨ ᠤᠵᠢᠳ ᠰᠠᠮᠠᠭᠤᠨ ᠶᠠᠪᠤᠳᠠᠯ ᠢ᠋ ᠬᠣᠷᠢᠭᠯᠠ᠃ ᠬᠢᠲᠠᠳ ᠤ᠋ᠨ ᠰᠠᠢᠬᠠᠨ ᠥᠩᠭᠡ ᠶ᠋ᠢᠨ ᠡᠮᠡᠰ ᠲᠦ᠍ ᠮᠣᠩᠭᠣᠯ ᠴᠡᠷᠢᠭ ᠠᠪᠲᠠᠬᠤ ᠨᠢ ᠣᠯᠠᠨ ᠪᠣᠯᠵᠤ ᠤᠷᠠᠬᠠᠨ ᠳ᠋ᠤ᠌ ᠣᠷᠣᠵᠤ ᠣᠷᠬᠢᠬᠤ ᠪᠣᠢ᠃ ᠮᠠᠨ ᠤ᠋ ᠴᠡᠷᠢᠭ ᠡᠨᠡ ᠨᠤᠲᠤᠭ ᠣᠷᠣᠨ ᠤ᠋ ᠡᠮᠡᠰ ᠥᠬᠢᠳ ᠢ᠋ ᠴᠢᠳᠠᠯ ᠤ᠋ᠨ ᠢ᠋ᠶ᠋ᠠᠨ ᠬᠢᠷᠢ ᠪᠡᠷ ᠳᠠᠷᠤᠯᠠᠨ ᠶᠠᠪᠤᠪᠠᠰᠤ ᠨᠡᠷ᠎ᠡ ᠰᠦᠷ ᠨᠢ ᠠᠯᠳᠠᠭᠳᠠᠨ᠎ᠠ ᠰᠢᠦ ᠭᠡᠵᠦ ᠬᠤᠪᠢᠯᠠᠢ ᠵᠠᠬᠢᠭᠠᠳ᠂ ᠪᠠᠢᠯᠳᠤᠬᠤ ᠠᠷᠭ᠎ᠠ ᠪᠠᠨ ᠰᠢᠨᠡᠴᠢᠯᠡᠨ ᠰᠠᠢᠵᠢᠷᠠᠭᠤᠯᠬᠤ ᠲᠠᠯ᠎ᠠ ᠪᠠᠷ ᠪᠠᠰᠠ ᠯᠠ ᠡᠪᠦᠭᠡ ᠵᠠᠩᠵᠤᠨ ᠨᠤᠭᠤᠳ ᠤ᠋ᠨ ᠦᠢᠯᠡᠳᠴᠦ ᠶᠠᠪᠤᠭᠰᠠᠨ ᠭᠠᠷᠮᠠᠭᠠᠢ ᠶᠠᠪᠤᠳᠠᠯ ᠤ᠋ᠳ ᠢ᠋ ᠡᠷᠭᠢᠨ ᠰᠠᠨᠠᠭᠤᠯᠪᠠ᠃ ᠳᠠᠢᠰᠤᠨ ᠢ᠋ ᠭᠡᠨᠡᠳᠡᠭᠦᠯᠦᠨ ᠭᠡᠨᠡᠳᠲᠡ ᠬᠦᠴᠦᠲᠡᠢ ᠳᠠᠭᠠᠷᠢᠯᠲᠠ ᠨᠤᠭᠤᠳ ᠢ᠋ ᠬᠢᠨ᠎ᠡ᠃ ᠬᠣᠲᠠ ᠪᠠᠯᠭᠠᠳ ᠤ᠋ᠳ ᠢ᠋ ᠪᠦᠰᠡᠯᠡᠨ᠂ ᠲᠡᠷᠡ ᠠᠶ᠎ᠠ ᠪᠠᠷ ᠨᠢ ᠪᠠᠭᠤᠯᠭᠠᠨ ᠠᠪᠴᠤ᠂ ᠤᠯᠤᠰ ᠠᠮᠢᠲᠠᠨ ᠤ᠋ ᠠᠮᠢ ᠶ᠋ᠢ ᠰᠠᠬᠢᠨ ᠬᠠᠮᠠᠭᠠᠯᠠᠬᠤ ᠤᠴᠢᠷ ᠢ᠋ ᠰᠢᠭᠤᠳ ᠡᠷᠢᠪᠡᠯ ᠶᠠᠭᠤᠮ᠎ᠠ ᠪᠦᠬᠦᠨ ᠣᠯᠳᠠᠨ᠎ᠠ ᠭᠡᠵᠦ ᠬᠡᠯᠡᠯ᠎ᠡ᠃ ᠠᠯᠲᠠᠨ ᠤᠯᠤᠰ ᠤ᠋ᠨ ᠠᠳᠠᠯᠢ ᠪᠠᠷ ᠰᠥᠩ ᠤᠯᠤᠰ ᠤ᠋ᠨ ᠢᠷᠭᠡᠳ ᠦ᠋ᠨ ᠰᠡᠳᠬᠢᠯ ᠢ᠋ ᠡᠳ᠋ ᠶᠠᠭᠤᠮ᠎ᠠ᠂ ᠡᠯᠳᠡᠪ ᠵᠥᠭᠡᠯᠡᠨ ᠠᠷᠭ᠎ᠠ ᠪᠠᠷ ᠥᠪᠡᠷ ᠲᠦ᠍ ᠪᠡᠨ ᠲᠠᠲᠠᠵᠤ ᠠᠪᠬᠤ ᠶ᠋ᠢ ᠡᠷᠬᠢᠮ ᠪᠣᠯᠭᠠᠨ᠎ᠠ᠂ ᠪᠤᠮᠪᠠ ᠶ᠋ᠢᠨ ᠪᠣᠯᠤᠨ ᠬᠥᠬᠡ ᠶᠢᠨ ᠱᠠᠰᠢᠨ ᠤ᠋ ᠯᠠᠮᠠ ᠨᠠᠷ ᠲᠤ᠌ ᠬᠦᠷᠴᠦ ᠪᠣᠯᠬᠤ ᠦᠭᠡᠢ᠃ ᠪᠢ ᠬᠢᠲᠠᠳ ᠡᠷᠳᠡᠮᠲᠡᠨ ᠪᠠᠭᠰᠢ ᠨᠠᠷ ᠢ᠋ᠶ᠋ᠠᠷ ᠮᠡᠷᠭᠡᠨ ᠺᠦᠩᠽᠢ ᠶ᠋ᠢᠨ ᠰᠤᠷᠭᠠᠯ ᠭᠡᠭᠴᠢ ᠶ᠋ᠢ ᠣᠷᠴᠢᠭᠤᠯᠤᠭᠤᠯᠤᠨ ᠦᠵᠡᠵᠦ ᠪᠠᠢᠨ᠎ᠠ᠃ ᠲᠡᠷᠡ ᠰᠤᠷᠭᠠᠯ ᠢ᠋ ᠬᠢᠲᠠᠳ ᠬᠥᠮᠦᠰ᠂ ᠢᠯᠠᠩᠭᠤᠶ᠎ᠠ ᠲᠥᠷᠥ ᠶ᠋ᠢᠨ ᠠᠯᠪᠠᠨ ᠤ᠋ ᠬᠡᠨ ᠱᠠᠰᠢᠨ ᠨᠣᠮ ᠤ᠋ᠨ ᠰᠤᠷᠭᠠᠯ ᠮᠡᠲᠦ ᠦᠵᠡᠵᠦ ᠬᠦᠨᠳᠦᠯᠡᠬᠦ ᠪᠠᠢᠲᠠᠯᠲᠠᠢ ᠪᠠᠢᠨ᠎ᠠ᠃ ᠲᠡᠭᠦᠨ ᠢ᠋ ᠨᠢ ᠪᠢᠳᠡ ᠮᠠᠭᠤ ᠬᠡᠯᠡᠵᠦ ᠪᠣᠯᠬᠤ ᠦᠭᠡᠢ᠃ ᠲᠡᠭᠡᠪᠡᠯ ᠡᠳᠡᠨ ᠦ᠌ ᠰᠡᠳᠬᠢᠯ ᠠᠯᠳᠠᠭᠳᠠᠨ ᠬᠥᠮᠦᠨ ᠪᠣᠯᠭᠠᠨ ᠨᠢ ᠮᠠᠨ ᠢ᠋ ᠮᠠᠭᠤ ᠦᠵᠡᠨ ᠶᠠᠳᠠᠬᠤ ᠪᠠᠢᠲᠠᠯᠲᠠᠢ ᠪᠣᠯᠵᠤ ᠣᠷᠬᠢᠨ᠎ᠠ᠃ ᠡᠨᠡ ᠪᠦᠭᠦᠳᠡ ᠶ᠋ᠢ ᠰᠠᠨᠠ!  ᠭᠡᠯ᠎ᠡ᠃ ᠵᠠᠩᠵᠤᠨ ᠨᠤᠭᠤᠳ᠂ ᠮᠢᠩᠭᠠᠲᠤ᠂ ᠲᠦᠮᠡᠲᠦ ᠶ᠋ᠢᠨ ᠳᠠᠷᠤᠭ᠎ᠠ ᠳᠠᠭᠠᠭᠠᠮᠠᠯ ᠤ᠋ᠳ ᠤ᠋ᠨ ᠪᠠᠭ᠎ᠠ ᠬᠤᠷᠠᠯᠲᠠᠢ ᠡᠭᠦᠨ ᠢ᠋ᠶ᠋ᠡᠷ ᠲᠡᠭᠦᠰᠴᠦ᠂ ᠳᠣᠯᠣᠭ᠎ᠠ ᠬᠣᠨᠣᠭ ᠤ᠋ᠨ ᠳᠠᠷᠠᠭ᠎ᠠ ᠲᠡᠢᠨ ᠦ᠌ ᠪᠦᠷᠢᠶ᠎ᠡ ᠬᠠᠩᠭᠢᠨᠠᠬᠤ ᠲᠣᠪ ᠢ᠋ ᠲᠣᠭᠲᠠᠭᠠᠨ ᠰᠠᠯᠵᠤ ᠡᠦᠲᠦᠯ᠎ᠡ᠃ ᠡᠨᠡ ᠦᠶ᠎ᠡ ᠳ᠋ᠦ᠍ ᠥᠭᠡᠳᠡ ᠪᠣᠯᠤᠭᠴᠢ ᠬᠠᠭᠠᠨ ᠪᠡᠶ᠎ᠡ ᠪᠡᠷ ᠢ᠋ᠶ᠋ᠡᠨ ᠤᠳᠤᠷᠢᠳᠤᠨ ᠣᠷᠳᠣᠰ ᠨᠤᠲᠤᠭ ᠢ᠋ᠶ᠋ᠠᠷ ᠳᠡᠮᠵᠢᠵᠦ᠂ ᠬᠠᠲᠤᠨ ᠤ᠋ ᠭᠣᠣᠯ ᠢ᠋ ᠭᠠᠲᠤᠯᠤᠨ ᠣᠷᠣᠵᠤ ᠢᠷᠡᠭᠰᠡᠨ ᠴᠡᠷᠢᠭ ᠴᠦ᠍ ᠬᠤᠪᠢᠯᠠᠢ ᠶ᠋ᠢᠨ ᠴᠡᠷᠢᠭ ᠲᠡᠢ ᠨᠡᠢᠯᠡᠨ ᠪᠠᠷᠠᠭᠤᠨ ᠭᠠᠷ ᠪᠣᠯᠵᠤ ᠰᠥᠩ ᠤᠯᠤᠰ ᠤᠷᠤᠭᠤ ᠬᠦᠴᠦ ᠨᠢᠭᠡᠳᠦᠨ ᠳᠣᠪᠲᠣᠯᠬᠤ ᠶᠣᠰᠣᠲᠠᠢ ᠪᠠᠢᠯ᠎ᠠ᠃ 
       ᠮᠣᠩᠭᠣᠯ ᠴᠡᠷᠢᠭ ᠬᠤᠷᠠᠯᠲᠠᠢ ᠶ᠋ᠢᠨ ᠳᠠᠷᠠᠭ᠎ᠠ ᠪᠠᠷ ᠶᠡᠬᠡ ᠬᠡᠩᠭᠡᠷᠭᠡ ᠪᠡᠨ ᠳᠡᠯᠡᠳᠵᠦ ᠡᠮᠦᠨ᠎ᠡ ᠵᠦᠭ ᠤᠷᠤᠭᠤ ᠲᠣᠭᠣᠰᠣ ᠮᠠᠨᠠᠷᠠᠭᠠᠨ ᠭᠡᠨᠡᠳᠲᠡ ᠳᠠᠭᠠᠷᠢᠵᠠᠢ᠃ ᠲᠡᠢᠨ ᠳ᠋ᠦ᠍ ᠠᠩᠬᠠᠨ ᠤᠳᠠᠭ᠎ᠠ ᠣᠷᠣᠵᠤ ᠪᠠᠢᠭ᠎ᠠ ᠪᠤᠰᠤ ᠪᠣᠯᠬᠣᠷ ᠬᠥᠮᠦᠨ᠂ ᠮᠣᠷᠢᠳ ᠤ᠋ᠨ ᠴᠣᠴᠢᠭ᠎ᠠ ᠭᠠᠷᠴᠤ᠂ ᠭᠠᠵᠠᠷ ᠪᠦᠷᠢ ᠤᠤᠬᠠᠢ ᠳᠠᠭᠤ ᠴᠤᠤᠷᠢᠶᠠᠲᠤᠵᠤ ᠪᠠᠢᠪᠠ᠃ ᠨᠡᠢᠲᠡ ᠪᠠᠷᠤᠭ ᠮᠢᠩᠭᠠᠨ ᠪᠠᠷ᠎ᠠ ᠶ᠋ᠢᠨ ᠤᠷᠲᠤ ᠱᠤᠭᠤᠮ ᠤ᠋ᠨ ᠳᠠᠭᠠᠤ ᠲᠡᠷᠡ ᠶᠡᠬᠡ ᠬᠥᠯ ᠦ᠋ᠨ ᠲᠣᠭᠣᠰᠣ ᠮᠠᠨᠠᠷᠠᠵᠤ ᠰᠠᠪᠠ ᠭᠠᠵᠠᠷ ᠲᠤ᠌ ᠮᠣᠩᠭᠣᠯᠴᠤᠳ ᠤ᠋ᠨ ᠦᠭᠭᠦᠭᠰᠡᠨ ᠨᠡᠷ᠎ᠡ ᠪᠡᠷ ᠬᠦᠷᠡᠯ ᠬᠠᠢᠷᠬᠠᠨ ᠤ᠋ ᠬᠢᠷ᠎ᠠ ᠳ᠋ᠤ᠌᠂ ᠣᠯᠠᠨ ᠵᠠᠮ ᠤ᠋ᠨ ᠠᠭᠤᠯᠵᠠᠪᠤᠷᠢ ᠪᠣᠯᠬᠤ ᠨᠢᠭᠡ ᠳᠠᠪᠠᠭᠠᠨ ᠳ᠋ᠤ᠌  ᠵᠠᠰᠠᠵᠠᠢ᠃ ᠭᠠᠵᠠᠷ ᠭᠠᠵᠠᠷ ᠠ᠋ᠴᠠ ᠳᠠᠢᠰᠤᠨ ᠤ᠋ ᠵᠦᠭ ᠳᠣᠪᠲᠣᠯᠭᠠᠨ ᠶᠠᠭᠠᠬᠢᠵᠤ ᠡᠬᠢᠯᠡᠭᠰᠡᠨ ᠲᠤᠬᠠᠢ ᠮᠡᠳᠡᠭᠡ ᠮᠣᠷᠢᠨ ᠵᠠᠷᠤᠯᠭ᠎ᠠ ᠪᠠᠷ ᠪᠠᠢᠯᠳᠤᠭᠠᠨ ᠤ᠋ ᠱᠤᠭᠤᠮ ᠤ᠋ᠨ ᠵᠠᠬᠢᠷᠤᠭᠴᠢ ᠤᠷᠢᠶᠠᠩᠬᠠᠢᠳᠠᠢ ᠵᠠᠩᠵᠤᠨ ᠳ᠋ᠤ᠌ ᠢᠷᠡᠭᠰᠡᠭᠡᠷ ᠪᠠᠢᠪᠠ᠃ ᠶᠠᠭᠤᠨ ᠤ᠋ ᠡᠮᠦᠨ᠎ᠡ ᠪᠠᠶᠠᠨ ᠵᠠᠩᠵᠤᠨ ᠤ᠋ ᠲᠡᠷᠢᠭᠦᠯᠡᠭᠰᠡᠨ ᠲᠦᠮᠡᠲᠦ ᠯᠡ ᠰᠧᠴᠤᠸᠠᠨ ᠢ᠋ ᠭᠠᠷ ᠲᠤ ᠪᠠᠨ ᠣᠷᠣᠭᠤᠯᠵᠤ ᠠᠪᠬᠤ ᠶᠣᠰᠣᠲᠠᠢ ᠪᠠᠢᠪᠠ᠃ 
       ᠲᠡᠷᠡ ᠢᠳᠡᠭᠡᠰᠢᠯᠡᠭᠲᠦ ᠨᠤᠲᠤᠭ ᠪᠣᠯ ᠥᠷᠭᠡᠨ ᠠᠭᠤᠳᠠᠮ ᠲᠠᠷᠢᠶᠠᠯᠠᠩ ᠤ᠋ᠨ ᠭᠠᠵᠠᠷ ᠲᠠᠢ᠂ ᠬᠣᠲᠠ ᠲᠣᠰᠬᠣᠨ ᠣᠯᠠᠨ᠂ ᠭᠠᠬᠠᠢ ᠰᠢᠪᠠᠭᠤ ᠥᠷᠭᠡᠨ ᠦᠷᠡᠵᠢᠭᠦᠯᠳᠡᠭ᠂ ᠤᠰᠤ ᠤᠮᠳᠠ ᠡᠯᠪᠡᠭ ᠲᠡᠢ᠂ ᠠᠭᠤᠯᠠ ᠲᠠᠯ᠎ᠠ ᠬᠣᠣᠰᠯᠠᠭᠰᠠᠨ ᠦᠨᠡᠬᠡᠷ ᠰᠢᠮᠡᠳᠦ ᠲᠣᠮᠣ ᠨᠤᠲᠤᠭ ᠪᠢᠯᠡ᠃ ᠰᠥᠩ ᠤᠯᠤᠰ ᠤ᠋ᠨ ᠡᠷᠬᠡᠲᠡᠨ ᠨᠦ᠍ᠭᠦᠳ ᠡᠨᠡ ᠨᠤᠲᠤᠭ ᠢ᠋ᠶ᠋ᠠᠷ ᠲᠦᠰᠢᠭ ᠲᠤᠯᠭᠠᠭᠤᠷᠢ ᠪᠣᠯᠭᠠᠭᠰᠠᠭᠠᠷ ᠢᠷᠡᠭᠰᠡᠨ᠂ ᠴᠠᠭᠠᠰᠢ ᠳ᠋ᠤ᠌ ᠪᠠᠨ ᠴᠤ᠌ ᠲᠡᠭᠦᠨ ᠳ᠋ᠦ᠍ ᠲᠤᠯᠭᠠᠭᠤᠷᠢᠯᠠᠨ ᠣᠷᠣᠰᠢᠵᠤ ᠪᠠᠢᠬᠤ ᠪᠣᠯᠤᠯᠲᠠᠢ ᠤᠴᠢᠷ ᠢ᠋ ᠮᠣᠩᠭᠣᠯ ᠴᠡᠷᠢᠭ ᠦ᠋ᠨ ᠡᠷᠬᠡ ᠮᠡᠳᠡᠯᠲᠡᠨ ᠨᠦ᠍ᠭᠦᠳ ᠠᠯᠢ ᠬᠡᠳᠦᠢᠨ ᠮᠡᠳᠡᠭᠰᠡᠨ ᠤᠴᠢᠷ ᠬᠠᠮᠤᠭ ᠠᠩᠬᠠᠷᠤᠯ ᠢ᠋ᠶ᠋ᠠᠨ ᠬᠥᠬᠡ ᠮᠥᠷᠡᠨ ᠦ᠌ ᠰᠠᠪᠠ ᠳ᠋ᠤ᠌ ᠣᠷᠣᠰᠢᠬᠤ ᠲᠡᠷᠡ ᠭᠠᠵᠠᠷ ᠢ᠋ ᠳᠠᠢᠰᠤᠨ ᠪᠣᠯᠬᠤ ᠡᠲᠡᠭᠡᠳ ᠡᠴᠡ ᠪᠡᠨ ᠰᠠᠯᠭᠠᠵᠤ᠂ ᠭᠠᠷ ᠢ᠋ ᠨᠢ ᠮᠤᠬᠤᠷᠯᠠᠬᠤ ᠪᠣᠳᠣᠯᠭᠠᠲᠠᠢ ᠪᠠᠢᠯ᠎ᠠ᠃ 
       ᠬᠤᠪᠢᠯᠠᠢ ᠰᠢᠨ᠎ᠡ ᠳᠣᠪᠲᠣᠯᠭᠠᠨ ᠢ᠋ᠶ᠋ᠠᠨ ᠡᠬᠢᠯᠡᠬᠦ ᠡᠴᠡ ᠡᠮᠦᠨ᠎ᠡ ᠰᠥᠩ ᠦ᠋ᠨ ᠵᠠᠰᠠᠭ ᠤ᠋ᠨ ᠭᠠᠵᠠᠷ ᠲᠤ ᠳᠠᠬᠢᠨ ᠱᠠᠭᠠᠷᠳᠠᠯᠭ᠎ᠠ ᠲᠠᠯᠪᠢᠬᠤ ᠪᠠᠷ ᠲᠠᠪᠢᠨ ᠳᠠᠭᠠᠭᠤᠯ ᠲᠠᠢ ᠡᠯᠴᠢ ᠵᠠᠷᠤᠭᠰᠠᠨ ᠨᠢ ᠴᠠᠭᠠᠳᠤ ᠲᠠᠯ᠎ᠠ ᠪᠠᠰᠠ ᠲᠡᠳᠡᠨ ᠢ᠋ ᠨᠢ ᠦᠭᠡ ᠰᠣᠨᠣᠰᠤᠯ ᠦᠭᠡᠢ ᠪᠠᠷᠢᠵᠤ ᠠᠪᠤᠭᠠᠳ ᠬᠠᠲᠠᠭᠤ ᠴᠢᠩᠭᠠᠯᠠᠨ ᠬᠣᠷᠢᠵᠤ᠂ ᠵᠣᠳᠣᠵᠤ ᠨᠦᠳᠦᠨ ᠪᠠᠢᠭ᠎ᠠ ᠶ᠋ᠢ ᠥᠪᠡᠷ ᠦ᠋ᠨ ᠲᠤᠷᠰᠢᠭᠤᠯ ᠤ᠋ᠨ ᠮᠡᠳᠡᠭᠡ ᠪᠡᠷ ᠮᠣᠩᠭᠣᠯ ᠵᠠᠬᠢᠷᠤᠭᠴᠢ ᠮᠡᠳᠡᠭᠰᠡᠨ ᠪᠠᠢᠯ᠎ᠠ᠃ ᠦᠨᠡᠨ ᠳ᠋ᠦ᠍ ᠪᠡᠨ ᠳᠠᠭᠤ ᠦᠭᠡᠢ ᠬᠦᠯᠢᠶᠡᠨ ᠠᠪᠬᠤ ᠳ᠋ᠤ᠌ ᠴᠤ᠌ ᠪᠡᠷᠬᠡᠲᠡᠢ ᠱᠠᠭᠠᠷᠳᠠᠯᠭ᠎ᠠ ᠶ᠋ᠢ ᠬᠤᠪᠢᠯᠠᠢ ᠲᠠᠯᠪᠢᠭᠰᠠᠨ ᠠᠵᠢ᠃ ᠲᠤᠬᠠᠢᠯᠠᠪᠠᠯ᠄ ᠰᠥᠩ ᠦ᠋ᠨ ᠬᠠᠭᠠᠨ ᠲᠠ ᠰᠣᠨᠣᠰᠴᠤ ᠪᠣᠯᠭᠣᠭ᠎ᠠ᠃ ᠵᠡᠪᠰᠡᠭ ᠢ᠋ᠶ᠋ᠡᠨ ᠬᠤᠷᠢᠶᠠᠯᠭᠠᠨ ᠴᠡᠷᠢᠭ ᠢ᠋ᠶ᠋ᠡᠨ ᠲᠠᠲᠠᠵᠤ ᠠᠪᠤᠭᠠᠳ ᠪᠠᠭᠤᠨ ᠥᠭᠪᠡᠯ ᠮᠣᠩᠭᠣᠯ ᠴᠡᠷᠢᠭ ᠦ᠋ᠨ ᠶᠡᠷᠦᠩᠬᠡᠢ ᠵᠠᠬᠢᠷᠤᠭᠴᠢ ᠴᠢᠨᠦ ᠠᠮᠢ ᠨᠠᠰᠤ ᠶ᠋ᠢ ᠬᠠᠮᠠᠭᠠᠯᠠᠵᠤ ᠠᠪᠤᠨ᠎ᠠ᠃ ᠲᠡᠭᠡᠭᠡᠳ ᠴᠠᠭᠠᠰᠢᠳᠠ ᠴᠢᠮᠠᠶ᠋ᠢ ᠪᠣᠯᠤᠨ ᠴᠢᠨᠦ ᠰᠢᠳᠠᠷ ᠬᠥᠮᠦᠰ᠂ ᠡᠮᠡᠰ ᠥᠬᠢᠳ ᠢ᠋ ᠬᠡᠷᠬᠢᠨ ᠪᠠᠢᠯᠭᠠᠬᠤ ᠲᠤᠬᠠᠢ ᠲᠠᠭᠠᠷᠠᠬᠤ ᠦᠭᠡᠢ ᠭᠡᠰᠡᠨ ᠣᠳᠬᠠᠲᠠᠢ ᠵᠦᠢᠯ ᠢ᠋ ᠬᠤᠪᠢᠯᠠᠢ ᠶ᠋ᠢᠨ ᠡᠯᠴᠢ ᠠᠪᠠᠴᠢᠨ ᠥᠭᠭᠦᠭᠰᠡᠨ ᠳ᠋ᠦ᠍ ᠬᠥᠬᠡ ᠮᠥᠷᠡᠨ ᠦ᠌ ᠴᠢᠨᠠᠳᠤ ᠳ᠋ᠠᠬᠢ ᠵᠠᠰᠠᠭ ᠤ᠋ᠨ ᠭᠠᠵᠠᠷ ᠲᠡᠷᠡ ᠡᠯᠴᠢᠳ ᠦ᠋ᠨ ᠭᠠᠷ ᠲᠤ ᠪᠠᠢᠭ᠎ᠠ ᠪᠢᠴᠢᠭ ᠢ᠋ ᠲᠣᠭᠲᠠᠭᠠᠨ ᠣᠩᠰᠢᠯ ᠦᠭᠡᠢ ᠪᠡᠷ ᠰᠢᠭᠤᠳ ᠪᠠᠷᠢᠪᠴᠢᠯᠠᠨ ᠠᠪᠴᠤ ᠭᠠᠵᠠᠷ ᠳᠣᠣᠷᠠᠬᠢ ᠨᠦᠬᠡᠨ ᠳ᠋ᠦ᠍ ᠬᠣᠷᠢᠭᠰᠠᠨ ᠠᠵᠢ᠃ 
       ᠮᠣᠩᠭᠣᠯ ᠴᠡᠷᠢᠭ ᠦ᠋ᠳ ᠰᠧᠴᠤᠸᠠᠨ ᠳ᠋ᠤ᠌ ᠪᠥᠭᠡᠮ ᠲᠣᠭᠣᠰᠣᠨ ᠳᠤᠮᠳᠠ ᠠ᠋ᠴᠠ ᠵᠠᠭᠤᠲᠤ᠂ ᠮᠢᠩᠭᠠᠲᠤ ᠪᠠᠷ ᠢ᠋ᠶ᠋ᠠᠨ ᠪᠠᠭᠴᠠᠯᠠᠭᠳᠠᠨ᠂ ᠬᠣᠲᠠ ᠰᠠᠭᠤᠷᠢᠨ  ᠨᠤᠭᠤᠳ ᠤᠷᠤᠭᠤ ᠳᠠᠭᠠᠷᠢᠨ ᠣᠷᠣᠵᠤ ᠢᠷᠡᠨ᠎ᠡ ᠭᠡᠳᠡᠭ ᠢ᠋ ᠤᠷᠢᠳ ᠠ᠋ᠴᠠ ᠪᠣᠳᠣᠨ᠂ ᠭᠠᠵᠠᠷ ᠪᠦᠷᠢ ᠳ᠋ᠦ᠍ ᠬᠣᠷᠢᠭᠯᠠᠨ ᠬᠠᠮᠠᠭᠠᠯᠠᠯᠲᠠ ᠬᠢᠵᠦ ᠡᠬᠢᠯᠡᠯ᠎ᠡ᠃ ᠬᠤᠢ ᠰᠠᠯᠬᠢᠨ ᠰᠢᠭ᠋ ᠨᠥᠮᠥᠷᠦᠨ ᠣᠷᠣᠵᠤ ᠢᠷᠡᠵᠦ ᠪᠠᠢᠭ᠎ᠠ ᠮᠣᠩᠭᠣᠯ ᠴᠡᠷᠢᠭ ᠦ᠋ᠨ ᠳᠠᠭᠠᠷᠢᠯᠲᠠ ᠶ᠋ᠢ ᠨᠢᠴᠤᠭᠠᠬᠤ ᠭᠡᠵᠦ ᠰᠥᠩ ᠦ᠋ᠨ ᠶᠠᠪᠠᠭᠠᠨ ᠴᠡᠷᠢᠭ ᠪᠥᠭᠡᠮ ᠪᠥᠭᠡᠮ ᠢ᠋ᠶ᠋ᠡᠷ ᠢ᠋ᠶ᠋ᠡᠨ ᠤᠷᠲᠤ ᠱᠤᠤᠳᠤᠤ ᠳ᠋ᠤ᠌ ᠣᠷᠣᠵᠤ ᠰᠠᠭᠤᠭᠠᠳ ᠬᠤᠯᠤᠰᠤᠨ ᠰᠤᠮᠤ ᠶ᠋ᠢ ᠮᠥᠨᠳᠥᠷ ᠠᠳᠠᠯᠢ ᠮᠣᠷᠢᠲᠠᠨ ᠨᠤᠭᠤᠳ ᠤ᠋ᠨ ᠥᠭᠡᠳᠡ ᠡᠴᠡ ᠠᠰᠬᠠᠷᠠᠭᠤᠯᠵᠤ ᠪᠠᠢᠯ᠎ᠠ᠃ ᠮᠣᠩᠭᠣᠯ ᠴᠡᠷᠢᠭ ᠦ᠋ᠨ ᠬᠥᠳᠡᠯᠭᠡᠭᠡᠨ ᠭᠣᠴᠣ ᠱᠠᠯᠠᠮᠠᠭ ᠪᠣᠯᠬᠣᠷ ᠰᠤᠮᠤᠨ ᠳ᠋ᠤ᠌ ᠣᠨᠣᠭᠳᠠᠬᠤ ᠨᠢ ᠬᠣᠪᠣᠷ᠂ ᠮᠣᠷᠢᠨ ᠠ᠋ᠴᠠ ᠪᠠᠨ ᠣᠢᠴᠢᠭᠰᠠᠨ ᠴᠤ᠌ ᠪᠣᠰᠴᠤ ᠭᠦᠶᠦᠭᠡᠳ ᠥᠭᠡᠷ᠎ᠡ ᠨᠢᠭᠡᠨ ᠦ᠌ ᠪᠡᠨ ᠤᠨᠤᠭᠰᠠᠨ ᠮᠣᠷᠢᠨ ᠳᠡᠭᠡᠷ᠎ᠡ ᠦᠰᠦᠷᠦᠨ ᠭᠠᠷᠴᠤ ᠰᠤᠨᠳᠠᠯᠠᠭᠠᠳ ᠬᠣᠶᠠᠷ ᠲᠠᠢᠰᠢ ᠪᠠᠨ ᠬᠠᠷᠪᠤᠨ᠂ ᠲᠠᠬᠢᠷ ᠰᠡᠯᠡᠮ᠎ᠡ ᠪᠡᠷ ᠢ᠋ᠶ᠋ᠡᠨ ᠴᠠᠪᠴᠢᠯᠳᠤᠬᠤ ᠨᠢ ᠪᠣᠰᠤᠭ᠎ᠠ《ᠣᠷᠣᠯᠠᠩ》 ᠭᠡᠭᠴᠢ ᠮᠡᠲᠦ ᠠᠵᠢ᠃ ᠡᠢᠮᠦ ᠲᠤᠯᠤᠯᠳᠤᠭᠠᠨ ᠲᠡᠢᠨ ᠡᠬᠢᠯᠡᠭᠰᠡᠨ ᠠᠩᠬᠠᠨ ᠤ᠋ ᠡᠳᠦᠷ ᠡᠴᠡ ᠭᠠᠵᠠᠷ ᠪᠦᠷᠢ ᠳ᠋ᠦ᠍ ᠪᠣᠯᠵᠤ ᠪᠠᠢᠬᠤ ᠳ᠋ᠤ᠌ ᠮᠣᠩᠭᠣᠯ ᠴᠡᠷᠢᠭ ᠦ᠋ᠳ ᠲᠡᠭᠦᠨ ᠢ᠋ ᠨᠢᠭᠡ ᠶᠡᠬᠡ  ᠦᠵᠡᠭᠰᠡᠨ ᠰᠢᠨᠵᠢ ᠦᠭᠡᠢ ᠪᠠᠢᠳᠠᠯᠲᠠᠢ ᠪᠠᠷ ᠳᠠᠪᠬᠢᠯᠳᠤᠨ᠎ᠠ᠃  
       ᠣᠷᠴᠢᠭᠤᠯᠪᠠᠯ ᠰᠧᠴᠤᠸᠠᠨ ᠤ᠋ ᠵᠠᠬ᠎ᠠ ᠶ᠋ᠢᠨ ᠤᠰᠤᠨ ᠵᠠᠩᠭᠢᠯᠠᠭ᠎ᠠ ᠭᠡᠳᠡᠭ ᠨᠡᠷ᠎ᠡ ᠲᠡᠢ ᠨᠢᠭᠡ ᠬᠣᠲᠠ ᠶ᠋ᠢ ᠪᠠᠶᠠᠨ ᠵᠠᠩᠵᠤᠨ ᠪᠠᠢᠯᠳᠤᠨ ᠠᠪᠬᠤ ᠪᠠᠷ ᠳᠣᠪᠲᠣᠯᠵᠤ ᠡᠬᠢᠯᠡᠪᠡ᠃ ᠲᠡᠷᠡ ᠬᠣᠲᠠ ᠳ᠋ᠤ᠌ ᠬᠣᠶᠠᠷ ᠲᠦᠮᠡᠨ ᠬᠥᠮᠦᠨ ᠣᠷᠣᠰᠢᠨ ᠰᠠᠭᠤᠳᠠᠭ᠂ ᠲᠠᠷᠢᠶ᠎ᠠ ᠨᠣᠭᠣᠭ᠎ᠠ ᠭᠤᠳᠤᠮᠵᠢ ᠪᠠᠷ ᠢ᠋ᠶ᠋ᠠᠨ ᠬᠦᠷᠲᠡᠯ᠎ᠡ ᠲᠠᠷᠢᠭᠰᠠᠨ᠂ ᠤᠰᠤᠨ ᠰᠠᠩ ᠲᠠᠢ᠂ ᠠᠢᠯ ᠪᠦᠷᠢ ᠬᠠᠰᠢᠶᠠᠨ ᠳ᠋ᠤ᠌ ᠪᠠᠨ ᠥᠩᠭᠡ ᠶ᠋ᠢᠨ ᠴᠡᠴᠡᠭ ᠤᠷᠭᠤᠭᠤᠯᠤᠭᠰᠠᠨ᠂ ᠦᠵᠡᠮᠵᠢᠲᠡᠢ ᠰᠡᠳᠬᠢᠯ ᠵᠠᠰᠠᠬᠤ ᠪᠠᠢᠳᠠᠯ ᠢ᠋ᠶ᠋ᠠᠷ ᠢ᠋ᠶ᠋ᠠᠨ ᠠᠶᠠᠲᠠᠢᠬᠠᠨ ᠪᠠᠢᠳᠠᠭ ᠠᠵᠢ᠃ ᠡᠨᠡ ᠬᠣᠲᠠ ᠶ᠋ᠢ ᠰᠥᠩ ᠦ᠋ᠨ ᠲᠦᠮᠡ ᠢᠯᠡᠭᠦᠦ ᠴᠡᠷᠢᠭ ᠬᠠᠮᠠᠭᠠᠯᠠᠵᠤ᠂ ᠬᠣᠲᠠ ᠶ᠋ᠢᠨ ᠵᠠᠬ᠎ᠠ ᠪᠠᠷ ᠱᠤᠤᠳᠤᠤ ᠣᠬᠣᠨ ᠰᠠᠬᠢᠭᠰᠠᠨ ᠪᠠᠢᠪᠠ᠃ ᠲᠡᠭᠦᠨ ᠢ᠋ ᠨᠢ ᠪᠠᠶᠠᠨ ᠵᠠᠩᠵᠤᠨ ᠤᠷᠢᠳ ᠨᠢ ᠮᠡᠳᠡᠭᠰᠡᠨ ᠪᠠᠢᠯ᠎ᠠ᠃ ᠪᠠᠰᠠ ᠬᠣᠲᠠ ᠶ᠋ᠢᠨ ᠲᠥᠪ ᠦ᠋ᠨ ᠬᠡᠰᠡᠭ ᠨᠢ ᠵᠤᠵᠠᠭᠠᠨ ᠰᠢᠪᠠᠷ ᠬᠡᠷᠡᠮ ᠲᠡᠢ᠂ ᠲᠡᠭᠦᠨ ᠢ᠋ ᠨᠢ ᠰᠠᠬᠢᠭᠰᠠᠨ ᠴᠡᠷᠢᠭ ᠴᠥᠭᠡᠨ ᠦᠭᠡᠢ ᠠᠵᠢ᠃ ᠮᠣᠩᠭᠣᠯ ᠴᠡᠷᠢᠭ ᠡᠬᠢᠨ ᠦ᠌ ᠪᠡᠨ ᠳᠠᠭᠠᠷᠢᠯᠲᠠ ᠶ᠋ᠢ ᠦᠦᠷ ᠰᠥᠨᠢ ᠪᠡᠷ ᠬᠢᠵᠦ ᠰᠣᠷᠢᠵᠤ ᠦᠵᠡᠯ᠎ᠡ᠃ ᠰᠥᠩ ᠦ᠋ᠨ ᠴᠡᠷᠢᠭ ᠢ᠋ ᠬᠣᠷᠢᠭᠯᠠᠯᠲᠠ ᠶ᠋ᠢᠨ ᠪᠠᠢᠷᠢᠨ ᠠ᠋ᠴᠠ ᠨᠢ ᠭᠠᠷᠭᠠᠵᠤ ᠲᠠᠯ᠎ᠠ ᠳ᠋ᠤ᠌ ᠨᠢ ᠠᠪᠠᠴᠢᠨ ᠳᠠᠢᠳᠤᠬᠤ ᠦᠭᠡᠢ ᠪᠣᠯ ᠬᠢᠯᠪᠠᠷ ᠠᠪᠲᠤᠮ᠎ᠠ ᠦᠭᠡᠢ ᠶᠠᠩᠵᠤᠲᠠᠢ ᠪᠠᠢᠪᠠ᠃ ᠪᠠᠶᠠᠨ ᠵᠠᠩᠵᠤᠨ ᠬᠠᠵᠠᠭᠤ ᠲᠠᠯ᠎ᠠ ᠶ᠋ᠢᠨ ᠬᠢᠨᠢ ᠥᠨᠳᠥᠷᠯᠢᠭ ᠳᠡᠭᠡᠷ᠎ᠡ ᠴᠠᠴᠠᠷ ᠪᠣᠰᠬᠠᠭᠤᠯᠤᠨ ᠬᠢᠨᠠᠬᠤ ᠪᠠᠢᠷᠢ ᠬᠢᠵᠦ ᠲᠡᠭᠦᠨ ᠳ᠋ᠦ᠍ ᠪᠡᠨ ᠣᠴᠢᠨ ᠬᠠᠷᠠᠭᠠᠳ ᠤᠰᠤᠨ ᠵᠠᠩᠭᠢᠯᠠᠭ᠎ᠠ ᠶ᠋ᠢᠨ ᠬᠣᠲᠠ ᠶ᠋ᠢ ᠭᠤᠷᠪᠠᠨ ᠲᠠᠯ᠎ᠠ ᠠ᠋ᠴᠠ ᠨᠢ ᠵᠡᠷᠭᠡ ᠳᠠᠭᠠᠷᠢᠵᠤ ᠰᠠᠨᠳᠤᠷᠭᠠᠨ᠂ ᠪᠠᠰᠠ ᠬᠠᠷᠪᠤᠭᠴᠢ ᠣᠨᠢᠰᠣ ᠪᠠᠷ ᠴᠢᠯᠠᠭᠤᠨ ᠮᠥᠨᠳᠥᠷ ᠪᠠᠭᠤᠯᠭᠠᠨ ᠬᠠᠷᠪᠤᠭᠤᠯᠵᠤ ᠲᠤᠷᠰᠢᠬᠤ ᠳ᠋ᠤ᠌ ᠲᠡᠳᠡ ᠣᠭᠲᠣᠬᠠᠨ ᠴᠦ᠍ ᠬᠥᠳᠡᠯᠬᠦ ᠶᠠᠩᠵᠤ ᠦᠭᠡᠢ ᠪᠠᠢᠯ᠎ᠠ᠃ ᠢᠩᠭᠢᠵᠦ ᠭᠤᠷᠪᠠᠨ ᠡᠳᠦᠷ ᠪᠠᠢᠯᠳᠤᠭᠠᠳ ᠲᠡᠷᠡ ᠥᠴᠦᠬᠡᠨ ᠮᠡᠲᠦ ᠬᠣᠲᠠ ᠶ᠋ᠢ ᠠᠪᠴᠤ ᠴᠢᠳᠠᠬᠤ ᠶᠠᠩᠵᠤ ᠦᠭᠡᠢ ᠪᠣᠯᠬᠣᠷ《ᠪᠢᠳᠡ ᠲᠠ ᠨᠠᠷ ᠲᠠᠢ ᠨᠠᠢᠷᠠᠮᠳᠠᠯ ᠤ᠋ᠨ ᠬᠡᠯᠡᠯᠴᠡᠭᠡ ᠪᠠᠢᠭᠤᠯᠬᠤ ᠳ᠋ᠤ᠌ ᠪᠡᠯᠡᠨ》 ᠪᠠᠢᠨ᠎ᠠ᠁ ᠭᠡᠰᠡᠨ ᠪᠢᠴᠢᠭ ᠶᠠᠪᠤᠭᠤᠯᠤᠭᠠᠳ᠂ ᠲᠡᠷᠡ ᠨᠢᠭᠡ ᠣᠷᠣᠢ ᠭᠡᠨᠡᠳᠲᠡ ᠪᠥᠭᠡᠮ ᠢ᠋ᠶ᠋ᠡᠷ ᠢ᠋ᠶ᠋ᠡᠨ ᠬᠣᠲᠠ ᠶ᠋ᠢ ᠬᠠᠶᠠᠵᠤ ᠣᠷᠬᠢᠨ ᠤᠬᠤᠷᠢᠨ ᠶᠠᠪᠤᠯ᠎ᠠ᠃ ᠪᠠᠶᠠᠨ ᠤ᠋ ᠰᠠᠨᠠᠭᠠᠨ ᠳ᠋ᠤ᠌ ᠵᠠᠪ ᠵᠠᠩᠵᠤᠨ ᠤ᠋ ᠨᠢᠭᠡ ᠲᠣᠮᠣ ᠶᠠᠪᠤᠳᠠᠯ ᠣᠷᠣᠵᠤ᠂ ᠲᠡᠭᠦᠨ ᠦ᠌ ᠵᠠᠮ ᠢ᠋ᠶ᠋ᠠᠷ ᠪᠠᠢᠯᠳᠤᠬᠤ ᠪᠠᠷ ᠰᠢᠢᠳᠦᠭᠰᠡᠨ ᠪᠠᠢᠨ᠎ᠠ᠃ ᠵᠡᠪᠡ ᠠᠯᠲᠠᠨ ᠤᠯᠤᠰ ᠤ᠋ᠨ ᠨᠡᠢᠰᠯᠡᠯ ᠳ᠋ᠦ᠍ ᠣᠷᠣᠬᠤ ᠵᠠᠮ ᠳ᠋ᠤ᠌ ᠪᠠᠨ ᠶᠡᠬᠡ ᠴᠠᠭᠠᠨ ᠬᠡᠷᠡᠮ ᠦ᠋ᠨ ᠴᠠᠪᠴᠢᠶᠠᠯ ᠪᠣᠭᠣᠮᠲᠠ ᠶ᠋ᠢ ᠠᠪᠬᠤ ᠭᠡᠵᠦ ᠬᠠᠭᠠᠰ ᠰᠠᠷ᠎ᠠ ᠪᠠᠢᠯᠳᠤᠭᠠᠳ ᠬᠦᠴᠦ ᠬᠦᠷᠬᠦ ᠦᠭᠡᠢ ᠶᠠᠩᠵᠤᠲᠠᠢ ᠪᠣᠯᠬᠤ ᠪᠠᠷ ᠨᠢ ᠲᠡᠭᠦᠨ ᠢ᠋ ᠣᠷᠬᠢᠵᠤ ᠪᠠᠢᠭ᠎ᠠ ᠰᠢᠨᠵᠢ ᠦᠵᠡᠭᠦᠯᠦᠨ ᠬᠠᠮᠤᠭ ᠴᠡᠷᠢᠭ ᠢ᠋ᠶ᠋ᠡᠨ ᠠᠪᠤᠭᠠᠳ᠂ ᠵᠠᠮ ᠳ᠋ᠤ᠌ ᠪᠠᠨ ᠲᠡᠮᠡᠭᠡ ᠮᠠᠯ᠂ ᠲᠡᠷᠭᠡ ᠴᠢᠷᠭ᠎ᠠ᠂ ᠮᠠᠢᠬᠠᠨ ᠰᠠᠪᠠ ᠬᠠᠶᠠᠨ ᠤᠬᠤᠷᠢᠨ ᠵᠢᠭᠤᠲᠠᠭᠠᠵᠠᠢ᠃ ᠢᠩᠭᠢᠭᠡᠳ ᠪᠦᠲᠦᠨ ᠬᠣᠶᠠᠷ ᠬᠣᠨᠣᠭ ᠵᠢᠭᠤᠲᠠᠭᠠᠪᠠ᠃ ᠠᠯᠲᠠᠨ ᠤᠯᠤᠰ ᠤ᠋ᠨ ᠵᠠᠩᠵᠤᠨ ᠡᠨᠡ ᠪᠠᠢᠳᠠᠯ ᠢ᠋ ᠨᠢ ᠦᠵᠡᠭᠡᠳ ᠮᠣᠩᠭᠣᠯ ᠴᠡᠷᠢᠭ ᠪᠢᠳᠡᠨ ᠢ᠋ ᠳᠡᠢᠯᠬᠦ ᠦᠭᠡᠢ ᠨᠢ ᠭᠡᠵᠦ ᠮᠡᠳᠡᠭᠡᠳ ᠡᠷᠭᠢᠨ ᠣᠳᠤᠯ᠎ᠠ ᠭᠡᠮᠡᠨ ᠣᠢᠯᠠᠭᠠᠨ᠂ ᠬᠣᠢᠨ᠎ᠠ ᠠ᠋ᠴᠠ ᠨᠢ ᠬᠥᠭᠡᠭᠡᠵᠦ ᠳᠠᠢᠳᠤᠭᠰᠠᠨ ᠳ᠋ᠤ᠌᠂ ᠨᠢᠭᠡᠨᠲᠡ ᠬᠠᠮᠠᠭᠠᠯᠠᠯᠲᠠ ᠶ᠋ᠢᠨ ᠬᠡᠷᠡᠮ ᠡᠴᠡ ᠪᠡᠨ ᠭᠠᠷᠴᠤ ᠢᠷᠡᠭᠰᠡᠨ ᠳᠠᠢᠰᠤᠨ ᠤ᠋ ᠴᠡᠷᠢᠭ ᠤᠷᠤᠭᠤ ᠮᠣᠩᠭᠣᠯᠴᠤᠳ ᠡᠷᠭᠢᠨ ᠳᠠᠭᠠᠷᠢᠵᠤ᠂ ᠲᠠᠯ᠎ᠠ ᠭᠠᠵᠠᠷ ᠳᠤ ᠲᠡᠳᠡᠨ ᠢ᠋ ᠪᠦᠬᠦᠯᠢ ᠳ᠋ᠦ᠍ ᠨᠢ ᠰᠢᠷᠣᠢ ᠲᠠᠢ ᠬᠤᠳᠬᠤᠨ ᠨᠢᠴᠠ ᠴᠣᠬᠢᠭᠰᠠᠨ ᠪᠠᠢᠨ᠎ᠠ᠃ 
       ᠡᠨᠡ ᠵᠢᠱ᠌ᠢᠶ᠎ᠡ ᠪᠡᠷ ᠪᠠᠶᠠᠨ ᠵᠠᠩᠵᠤᠨ ᠤᠰᠤᠨ ᠵᠠᠩᠭᠢᠯᠠᠭ᠎ᠠ ᠬᠣᠲᠠ ᠶ᠋ᠢ ᠣᠷᠬᠢᠨ ᠵᠠᠢᠯᠠᠭᠰᠠᠨ ᠳ᠋ᠤ᠌ ᠰᠥᠩ ᠦ᠋ᠨ ᠴᠡᠷᠢᠭ ᠲᠡᠭᠦᠨ ᠦ᠌ ᠬᠣᠢᠨ᠎ᠠ ᠠ᠋ᠴᠠ ᠬᠥᠭᠡᠭᠡᠵᠦ᠂ ᠬᠡᠷᠡᠮ ᠢ᠋ᠶ᠋ᠡᠨ ᠣᠷᠬᠢᠨ ᠲᠤᠯᠤᠯᠳᠤᠬᠤ ᠭᠡᠵᠦ ᠠᠷᠤ ᠠ᠋ᠴᠠ ᠪᠠᠨ ᠬᠥᠭᠡᠭᠡᠵᠦ ᠢᠷᠡᠬᠦ ᠪᠡᠷ ᠨᠢ ᠮᠣᠩᠭᠣᠯ ᠴᠡᠷᠢᠭ ᠭᠡᠨᠡᠳᠲᠡ ᠡᠷᠭᠢᠵᠦ ᠳᠠᠭᠠᠷᠢᠭᠠᠳ ᠳᠠᠢᠰᠤᠨ ᠢ᠋ ᠲᠠᠷᠢᠶᠠᠨ ᠲᠠᠯᠠᠪᠠᠢ ᠳ᠋ᠤ᠌ ᠨᠢᠴᠠ ᠪᠠᠯᠪᠠᠨ ᠭᠠᠳᠤᠴᠢᠵᠤ ᠣᠷᠬᠢᠵᠠᠢ᠃ 
       ᠡᠢᠮᠦ ᠬᠡᠳᠦᠨ ᠲᠣᠮᠣ ᠲᠤᠯᠤᠯᠳᠤᠭᠠᠨ ᠢ᠋ᠶ᠋ᠠᠷ ᠮᠣᠩᠭᠣᠯ ᠴᠡᠷᠢᠭ ᠰᠧᠴᠤᠸᠠᠨ ᠢ᠋ ᠪᠠᠷᠤᠭ ᠪᠦᠬᠦᠯᠢ ᠳ᠋ᠦ᠍ ᠨᠢ ᠡᠷᠬᠡᠨ ᠳ᠋ᠦ᠍ ᠪᠡᠨ ᠣᠷᠣᠭᠤᠯᠤᠨ ᠠᠪᠤᠪᠠ᠃ ᠭᠠᠵᠠᠷ ᠪᠦᠷᠢ ᠲᠤᠯᠤᠯᠳᠤᠭᠠᠨ ᠦᠷᠭᠦᠯᠵᠢᠯᠡᠵᠦ ᠪᠠᠢᠯ᠎ᠠ᠃ 
       ᠶᠡᠷᠦᠩᠬᠡᠢᠯᠡᠨ ᠵᠠᠬᠢᠷᠤᠭᠴᠢ ᠳᠡᠳ᠋ ᠵᠠᠬᠢᠷᠤᠭᠴᠢ ᠤᠷᠢᠶᠠᠩᠬᠠᠢᠳᠠᠢ ᠶ᠋ᠢᠨ ᠬᠠᠮᠲᠤ ᠲᠤᠯᠤᠯᠳᠤᠭᠠᠨ ᠬᠢᠵᠦ ᠪᠣᠢ ᠭᠠᠵᠠᠷ ᠲᠤ ᠢᠷᠡᠵᠦ ᠲᠣᠷᠭᠠᠨ ᠴᠠᠴᠠᠷ ᠤ᠋ᠨ ᠡᠭᠦᠳᠡᠨ ᠳ᠋ᠦ᠍ ᠵᠣᠭᠰᠣᠨ᠂ ᠲᠤᠯᠤᠯᠳᠤᠭᠠᠨ ᠪᠣᠯᠵᠤ ᠪᠣᠢ ᠭᠠᠵᠠᠷ ᠤᠷᠤᠭᠤ ᠭᠤᠷᠪᠠᠨ ᠴᠢᠮᠥᠭᠡᠲᠡᠢ ᠭᠠᠤᠯᠢᠨ ᠳᠤᠷᠠᠨ ᠰᠤᠩᠭᠠᠨ ᠬᠠᠷᠠᠵᠤ᠂ ᠴᠢᠷᠠᠢ ᠨᠢ ᠶᠠᠩᠵᠤ ᠪᠦᠷᠢ ᠪᠡᠷ ᠬᠤᠪᠢᠷᠠᠨ ᠵᠠᠷᠢᠮ ᠳ᠋ᠤ᠌ ᠪᠠᠨ᠄  
       — ᠠ᠋ ᠴᠠᠪᠠᠰᠤ ᠭᠡᠵᠦ ᠬᠠᠯᠠᠭᠯᠠᠨ ᠪᠠᠢᠪᠠ᠃ ᠬᠤᠪᠢᠯᠠᠢ ᠵᠠᠩᠵᠤᠨ ᠨᠤᠭᠤᠳ ᠠ᠋ᠴᠠ ᠢᠷᠡᠭᠦᠯᠵᠦ ᠪᠠᠢᠭ᠎ᠠ ᠠᠢᠯᠠᠳᠬᠠᠯ ᠤ᠋ᠳ ᠢ᠋ ᠰᠢᠳᠠᠷ ᠪᠠᠷ᠎ᠠ ᠪᠣᠯᠤᠭᠴᠢ ᠪᠠᠷ ᠢ᠋ᠶ᠋ᠠᠨ ᠳᠠᠮᠵᠢᠭᠤᠯᠤᠨ ᠰᠣᠨᠣᠰᠤᠭᠠᠳ《ᠵᠠ ᠪᠣᠯᠵᠤ》᠂《ᠪᠦᠲᠦᠯ ᠦᠭᠡᠢ ᠠᠮᠢᠲᠠᠨ ᠪᠣᠢ᠂ ᠲᠡᠷᠡ ᠭᠠᠴᠠᠭ᠎ᠠ ᠶ᠋ᠢ ᠭᠤᠷᠪᠠᠨ ᠬᠣᠨᠣᠭ ᠲᠤ ᠡᠰᠡ ᠠᠪᠴᠤ ᠴᠢᠳᠠᠪᠠᠯ ᠶᠠᠯ᠎ᠠ ᠬᠡᠯᠡᠯᠴᠡᠨ᠎ᠡ》᠂《ᠲᠡᠭᠡᠨ᠎ᠡ ᠲᠡᠷᠡ᠃ ᠰᠥᠩ ᠦ᠋ᠨ ᠬᠢᠲᠠᠳ ᠤ᠋ᠳ ᠬᠤᠯᠤᠭᠠᠨ᠎ᠠ ᠵᠤᠷᠠᠮ᠎ᠠ ᠠᠳᠠᠯᠢ ᠭᠠᠵᠠᠷ ᠨᠦᠬᠡᠯᠡᠳᠡᠭ ᠢ᠋ ᠪᠢᠳᠡ ᠶᠠᠮᠠᠷ ᠮᠡᠳᠡᠬᠦ ᠦᠭᠡᠢ ᠪᠢᠰᠢ》 ᠭᠡᠬᠦᠴᠢᠯᠡᠨ ᠢ᠋ ᠬᠡᠯᠡᠨ᠎ᠡ᠃ 
       ᠶᠡᠷᠦ ᠨᠢ ᠬᠤᠪᠢᠯᠠᠢ ᠪᠤᠰᠤᠳ ᠲᠠᠢ ᠣᠯᠠᠨ ᠶᠠᠭᠤᠮ᠎ᠠ ᠡᠰᠡ ᠶᠠᠷᠢᠬᠤ ᠪᠥᠭᠡᠳ ᠰᠤᠯᠠ ᠴᠠᠭ ᠭᠠᠷᠪᠠᠯ ᠰᠤᠳᠤᠷ ᠨᠣᠮ ᠱᠠᠭᠠᠢᠵᠤ᠂ ᠬᠢᠲᠠᠳ ᠪᠠᠭᠰᠢ ᠪᠠᠷ ᠢ᠋ᠶ᠋ᠠᠨ ᠵᠠᠷᠢᠮ ᠵᠦᠢᠯ ᠢ᠋ ᠬᠡᠯᠡᠭᠦᠯᠦᠨ ᠠᠪᠴᠤ ᠪᠣᠳᠣᠯ ᠳ᠋ᠤ᠌ ᠠᠪᠲᠠᠨ ᠰᠠᠭᠤᠨ᠎ᠠ᠃ ᠲᠡᠷᠡ ᠪᠡᠷ ᠴᠠᠭ ᠦᠷᠭᠦᠯᠵᠢᠳᠡ ᠪᠣᠳᠣᠯ ᠳ᠋ᠤ᠌ ᠳᠠᠷᠤᠭᠳᠠᠭᠰᠠᠨ ᠶᠤᠮ ᠰᠢᠭ᠋ ᠪᠠᠢᠳᠠᠭ᠂ ᠠᠬ᠎ᠠ ᠬᠠᠭᠠᠨ ᠢ᠋ ᠪᠡᠨ ᠲᠠᠭᠠᠯᠠᠯ ᠲᠡᠭᠦᠰᠦᠭᠰᠡᠨ ᠡᠴᠡ ᠬᠣᠢᠰᠢ ᠬᠣᠶᠠᠷ ᠭᠠᠷ ᠢ᠋ᠶ᠋ᠠᠨ ᠡᠯᠢᠭᠡᠨ ᠳ᠋ᠦ᠍ ᠪᠡᠨ ᠵᠥᠷᠢᠭᠦᠯᠦᠨ ᠪᠠᠷᠢᠭᠠᠳ᠂ ᠪᠦᠷ ᠴᠦ᠍ ᠶᠡᠬᠡ ᠭᠠᠢᠬᠠᠭᠰᠠᠨ ᠴᠢᠷᠠᠢᠲᠠᠢ ᠰᠠᠭᠤᠬᠤ ᠪᠣᠯᠤᠭᠰᠠᠨ᠃ 
       ᠵᠠᠬᠢᠷᠤᠭᠴᠢ ᠮᠠᠨᠢ ᠡᠢᠮᠦ ᠶᠡᠬᠡ ᠡᠮᠭᠡᠨᠢᠭᠡᠳ ᠪᠠᠢᠨ᠎ᠠ ᠤᠤ ᠭᠡᠪᠡᠯ ᠪᠠᠰᠠ ᠴᠦ᠍ ᠲᠡᠢᠮᠦ ᠪᠢᠰᠢ ᠠᠵᠢ᠃ 
       ᠮᠣᠩᠭᠣᠯ ᠴᠡᠷᠢᠭ ᠦ᠋ᠨ ᠳᠣᠪᠲᠣᠯᠭᠠᠨ ᠦᠷᠭᠦᠯᠵᠢᠯᠡᠭᠰᠡᠭᠡᠷ᠂ ᠠᠯᠠᠭᠰᠠᠨ᠂ ᠠᠯᠠᠭᠳᠠᠭᠰᠠᠨ ᠬᠥᠮᠦᠨ ᠦ᠌ ᠲᠣᠭ᠎ᠠ ᠨᠡᠮᠡᠭᠳᠡᠭᠰᠡᠭᠡᠷ᠂ ᠶᠡᠷᠦᠩᠬᠡᠢ ᠳ᠋ᠦ᠍ ᠪᠡᠨ ᠤᠷᠤᠭᠰᠢ ᠳᠠᠪᠰᠢᠨ ᠠᠬᠢᠭᠰᠠᠭᠠᠷ ᠠᠵᠢ᠃ 
       ᠪᠠᠶᠠᠨ ᠵᠠᠩᠵᠤᠨ ᠤ᠋ ᠭᠠᠵᠠᠷ ᠠ᠋ᠴᠠ ᠡᠯᠴᠢ ᠳᠣᠪᠲᠣᠯᠭᠠᠨ ᠢᠷᠡᠵᠦ ᠶᠡᠷᠦᠩᠬᠡᠢ ᠵᠠᠬᠢᠷᠤᠭᠴᠢ ᠳ᠋ᠤ᠌ ᠪᠠᠷᠢᠭᠰᠠᠨ ᠪᠢᠴᠢᠭ ᠲᠦ᠍ ᠪᠡᠨ《ᠰᠡᠭᠦᠯᠴᠢ ᠶ᠋ᠢᠨ ᠲᠠᠪᠤ ᠬᠣᠨᠣᠭ ᠤ᠋ᠨ ᠰᠢᠷᠦᠭᠦᠨ ᠲᠤᠯᠤᠯᠳᠤᠭᠠᠨ ᠢ᠋ᠶ᠋ᠠᠷ ᠰᠧᠴᠤᠸᠠᠨ ᠢ᠋ ᠪᠦᠬᠦᠯᠢ ᠳ᠋ᠦ᠍ ᠨᠢ ᠰᠢᠬᠠᠮ ᠠᠪᠤᠯ᠎ᠠ᠃ ᠰᠥᠩ ᠦ᠋ᠨ ᠴᠡᠷᠢᠭ ᠦ᠋ᠳ ᠡᠨᠡ ᠨᠤᠲᠤᠭ ᠢ᠋ ᠡᠷᠭᠢᠭᠦᠯᠦᠨ ᠠᠪᠬᠤ ᠭᠡᠵᠦ ᠬᠠᠮᠤᠭ ᠬᠦᠴᠦ ᠪᠡᠨ ᠰᠢᠪᠬᠠᠨ ᠲᠤᠯᠤᠯᠳᠤᠬᠤ ᠪᠠᠢᠨ᠎ᠠ᠃ ᠪᠠᠢᠯᠳᠤᠭᠠᠨ ᠰᠢᠷᠦᠭᠦᠨ᠂ ᠰᠢᠷᠭᠠᠭᠤ ᠪᠣᠯᠵᠤ ᠪᠣᠢ᠁》 ᠭᠡᠵᠦ ᠥᠭᠦᠯᠡᠭᠰᠡᠨ ᠪᠠᠢᠪᠠ᠃ 
       ᠬᠤᠪᠢᠯᠠᠢ ᠡᠭᠦᠨ ᠢ᠋ ᠦᠵᠡᠭᠡᠳ ᠰᠠᠶᠢ ᠰᠤᠯᠠᠬᠠᠨ ᠢᠨᠢᠶᠡᠵᠦ᠄ 
       — ᠵᠠ ᠶᠠᠭᠠᠬᠢᠮᠤᠢ᠃ ᠰᠥᠩ ᠦ᠋ᠨ ᠬᠠᠭᠠᠨ ᠨᠢᠭᠡ ᠭᠣᠣᠯ ᠲᠦᠰᠢᠴᠡ ᠭᠠᠵᠠᠷ ᠢ᠋ᠶ᠋ᠠᠨ ᠪᠢᠳᠡᠨ ᠳ᠋ᠦ᠍《ᠪᠡᠯᠡᠭ》 ᠪᠣᠯᠭᠠᠭ᠎ᠠ ᠤᠤ᠃ ᠣᠳᠣ ᠡᠮᠦᠨ᠎ᠡ ᠵᠦᠭ ᠦ᠋ᠨ ᠣᠷᠣᠨ ᠤᠯᠤᠰ᠂ ᠳᠠᠯᠠᠢ ᠶ᠋ᠢᠨ ᠠᠷᠠᠯ ᠤ᠋ᠨ ᠤᠯᠤᠰ ᠤ᠋ᠳ ᠲᠤ ᠳᠠᠬᠢᠨ ᠡᠯᠴᠢ ᠵᠠᠷᠤᠵᠤ《 ᠰᠥᠩ ᠦ᠋ᠨ ᠴᠡᠷᠢᠭ ᠲᠦ᠍ ᠲᠤᠰᠠ ᠬᠦᠷᠭᠡᠬᠦ ᠠᠬᠤᠯ᠎ᠠ ᠬᠣᠵᠢᠮ ᠤ᠋ᠨ ᠶᠠᠪᠤᠳᠠᠯ ᠬᠦᠨᠳᠦ ᠪᠣᠯᠤᠨ᠎ᠠ》 ᠭᠡᠵᠦ ᠮᠡᠳᠡᠭᠳᠡᠬᠦ ᠬᠡᠷᠡᠭᠲᠡᠢ ᠪᠠᠢᠬᠤ ᠠ᠋ ᠭᠡᠮᠡᠨ ᠬᠡᠯᠡᠯ᠎ᠡ᠃ 
       ᠮᠣᠩᠭᠣᠯ ᠤ᠋ᠨ ᠴᠡᠷᠢᠭ ᠭᠠᠵᠠᠷ ᠤ᠋ᠨ ᠬᠥᠷᠥᠰᠥ ᠡᠷᠭᠢᠭᠦᠯᠦᠨ ᠬᠠᠶᠠᠵᠤ ᠪᠣᠢ ᠠᠳᠠᠯᠢ ᠲᠣᠭᠣᠰᠣ ᠬᠠᠳᠠᠭᠤᠯᠤᠨ ᠬᠠᠭᠠᠰ ᠰᠠᠷ᠎ᠠ ᠶ᠋ᠢᠨ ᠲᠤᠷᠰᠢ ᠳᠠᠪᠰᠢᠭᠰᠠᠭᠠᠷ ᠬᠥᠬᠡ ᠮᠥᠷᠡᠨ ᠦ᠌ ᠡᠬᠢᠨ ᠪᠣᠯᠤᠨ ᠳᠤᠮᠳᠠ ᠤᠷᠤᠰᠬᠠᠯ ᠢ᠋ᠶ᠋ᠠᠷ ᠭᠣᠣᠯ ᠤ᠋ᠨ ᠬᠥᠪᠡᠭᠡᠨ ᠳ᠋ᠦ᠍ ᠬᠦᠷᠴᠦ᠂ ᠰᠥᠩ ᠦ᠋ᠨ ᠬᠠᠭᠠᠨ ᠤ᠋ ᠴᠡᠷᠢᠭ ᠲᠡᠢ ᠤᠰᠤᠨ ᠳᠡᠭᠡᠷ᠎ᠡ ᠪᠣᠯᠤᠨ ᠬᠠᠭᠤᠷᠠᠢ ᠭᠠᠵᠠᠷ ᠲᠤ ᠲᠤᠯᠤᠯᠳᠤᠭᠠᠨ ᠬᠢᠭᠰᠡᠭᠡᠷ ᠪᠠᠢᠯ᠎ᠠ᠃

— — — —  
 ᠮᠥᠩᠬᠡ ᠬᠠᠭᠠᠨ ᠣᠯᠠᠨ ᠨᠣᠶᠠᠨ᠂ ᠥᠷᠯᠥᠭ ᠦ᠋ᠨ ᠬᠤᠷᠠᠯᠲᠠᠢ ᠭᠡᠵᠦ ᠡᠮᠦᠨᠡᠲᠦ ᠰᠥᠩ ᠤᠯᠤᠰ ᠢ᠋ ᠳᠠᠪᠲᠠᠬᠤ ᠰᠢᠢᠳᠪᠦᠷᠢ ᠶ᠋ᠢ 1256 ᠣᠨ ᠳ᠋ᠤ᠌ ᠭᠠᠷᠭᠠᠨ᠂ ᠥᠪᠡᠷ ᠢ᠋ᠶ᠋ᠡᠨ ᠭᠣᠣᠯ ᠬᠦᠴᠦ ᠪᠡᠨ ᠲᠡᠷᠢᠭᠦᠯᠡᠨ ᠳᠣᠪᠲᠣᠯᠤᠭᠰᠠᠨ᠃ ᠴᠢᠩᠭᠢᠬᠦ ᠳ᠋ᠦ᠍ ᠪᠡᠨ ᠨᠠᠢᠷᠠᠮᠳᠠᠯ ᠤ᠋ᠨ ᠭᠡᠷ᠎ᠡ ᠪᠠᠢᠭᠤᠯᠬᠤ ᠪᠠᠷ ᠣᠴᠢᠭᠰᠠᠨ ᠮᠥᠩᠬᠡ ᠶ᠋ᠢᠨ ᠵᠠᠷᠤᠭᠰᠠᠨ ᠡᠯᠴᠢ ᠶ᠋ᠢ ᠰᠥᠩ ᠦ᠋ᠨ ᠵᠠᠰᠠᠭ ᠤ᠋ᠨ ᠭᠠᠵᠠᠷ ᠪᠠᠷᠢᠵᠤ ᠠᠪᠴᠤ ᠱᠣᠷᠣᠩ ᠳ᠋ᠤ᠌ ᠬᠣᠷᠢᠭᠰᠠᠨ ᠨᠢ ᠲᠡᠢᠨ ᠬᠢᠬᠦ ᠰᠢᠯᠲᠠᠭ ᠪᠣᠯᠵᠠᠢ ᠃ ᠲᠠᠢᠳᠠᠬᠤ ᠲᠥᠯᠥᠪᠯᠡᠭᠡ ᠶ᠋ᠢ ᠬᠠᠭᠠᠨ ᠥᠪᠡᠷ ᠢ᠋ᠶ᠋ᠡᠨ ᠪᠠᠲᠤᠯᠠᠭᠰᠠᠨ ᠪᠠᠢᠪᠠ᠃  

           ᠦᠰᠦᠭ ᠠᠮᠢᠯᠠᠭᠤᠯᠤᠭᠰᠠᠨ ᠨᠢ᠄  ᠭᠠᠷᠮ᠎ᠠ᠂ ᠪᠠᠭᠠᠲᠤᠷ᠂ ᠴᠣᠯᠮᠣᠨᠲᠤᠶᠠᠭ᠎ᠠ