ᠰᠠ ᠮᠥᠩᠭᠥᠨ ᠬᠡᠷᠦᠯᠦᠨ -ᠨ· ᠲᠡᠮᠦᠷᠬᠤᠶᠠᠭ᠂ ᠪ· ᠴᠣᠯᠮᠣᠨᠪᠠᠭᠠᠲᠤᠷ᠂ ᠪ· ᠪᠠᠵᠠᠷᠳᠤᠷᠵᠢ᠂ ᠡ᠊· ᠠᠮᠤᠷᠰᠠᠨᠠᠭ᠎ᠠ Саа мөнгөн хэрлүнSaa mungun Kherlen
ᠰᠠ ᠮᠥᠩᠭᠥᠨ ᠬᠡᠷᠦᠯᠦᠨ
ᠦᠭᠡ᠄ ᠬ· ᠠᠮᠤᠭᠤᠯᠠᠩ
ᠠᠶ᠎ᠠ᠄ ᠪ· ᠰᠦᠬᠡᠪᠠᠭᠠᠲᠤᠷ
ᠳᠠᠭᠤᠴᠢᠨ᠄ ᠨ· ᠲᠡᠮᠦᠷᠬᠤᠶᠠᠭ᠂ ᠪ· ᠴᠣᠯᠮᠣᠨᠪᠠᠭᠠᠲᠤᠷ᠂ ᠪ· ᠪᠠᠵᠠᠷᠳᠤᠷᠵᠢ᠂ ᠡ᠊· ᠠᠮᠤᠷᠰᠠᠨᠠᠭ᠎ᠠ
ᠪᠤᠭᠤᠷᠤᠯ ᠤ᠋ᠨ ᠪᠤᠮᠠᠨ ᠦᠶ᠎ᠡ ᠡᠴᠡ
ᠪᠤᠶᠠᠨ ᠬᠡᠰᠢᠭ ᠢ᠋ᠶ᠋ᠡᠨ ᠲᠠᠲᠠᠭ᠎ᠠ ᠦᠭᠡᠢ
ᠤᠬᠠᠭᠠᠨᠲᠤ ᠭᠦᠩᠵᠦ ᠶ᠋ᠢᠨ ᠳᠣᠮᠣᠭ ᠢ᠋ᠶ᠋ᠠᠷ ᠢ᠋ᠶ᠋ᠠᠨ
ᠤᠳᠤᠮ ᠳᠠᠮᠵᠢᠨ ᠮᠠᠭᠲᠠᠭᠳᠠᠭᠰᠠᠨ
ᠰᠠᠨᠠᠭᠠᠨ ᠳ᠋ᠤ᠌ ᠨᠢᠭᠡ ᠯᠡ ᠤᠶᠠᠩᠭ᠎ᠠ ᠲᠠᠢ
ᠰᠠ ᠮᠥᠩᠭᠥᠨ ᠬᠡᠷᠦᠯᠦᠨ ᠮᠢᠨᠢ
ᠰᠠᠷᠠᠭᠤᠯ ᠠᠭᠤᠳᠠᠮ ᠲᠠᠯ᠎ᠠ ᠠ᠋ᠴᠠ ᠪᠠᠨ
ᠰᠠᠯᠵᠤ ᠶᠠᠳᠠᠮ᠎ᠠ ᠮᠢᠷᠠᠯᠵᠠᠨ᠎ᠠ
ᠬᠡᠨᠲᠡᠢ ᠳᠣᠷᠣᠨ᠎ᠠ ᠶ᠋ᠢᠨ ᠠᠭᠤᠳᠠᠮ ᠢ᠋
ᠬᠡᠬᠡᠯᠡᠨ ᠭᠤᠶᠤᠵᠤ ᠥᠩᠭᠡᠷᠡᠬᠦ ᠳ᠋ᠦ᠍ ᠪᠡᠨ
ᠪᠦᠰᠡᠭᠦᠢ ᠶ᠋ᠢᠨ ᠢᠯᠳᠠᠮ ᠵᠠᠩ ᠢ᠋ᠶ᠋ᠠᠷ
ᠪᠦᠬᠦᠨ ᠢ᠋ ᠤᠮᠳᠠᠭᠠᠯᠠᠵᠤ ᠮᠢᠰᠢᠯᠵᠡᠭᠰᠡᠨ
ᠰᠠᠨᠠᠭᠠᠨ ᠳ᠋ᠤ᠌ ᠨᠢᠭᠡ ᠯᠡ ᠤᠶᠠᠩᠭ᠎ᠠ ᠲᠠᠢ
ᠰᠠ ᠮᠥᠩᠭᠥᠨ ᠬᠡᠷᠦᠯᠦᠨ ᠮᠢᠨᠢ
ᠰᠠᠷᠠᠭᠤᠯ ᠠᠭᠤᠳᠠᠮ ᠲᠠᠯ᠎ᠠ ᠠ᠋ᠴᠠ ᠪᠠᠨ
ᠰᠠᠯᠵᠤ ᠶᠠᠳᠠᠮ᠎ᠠ ᠮᠢᠷᠠᠯᠵᠠᠨ᠎ᠠ
ᠰᠠᠢᠬᠠᠨ ᠮᠣᠩᠭᠣᠯ ᠣᠷᠣᠨ ᠳ᠋ᠤ᠌ ᠪᠠᠨ
ᠰᠠᠭᠠᠲᠠᠨ ᠲᠣᠭᠲᠠᠬᠤ ᠠ᠋ᠴᠠ ᠤᠢᠳᠤᠭ᠎ᠠ ᠦᠭᠡᠢ
ᠬᠡᠭᠡᠷ᠎ᠡ ᠶ᠋ᠢᠨ ᠰᠠᠯᠬᠢᠨ ᠤ᠋ ᠠᠶᠠᠰ ᠢ᠋ᠶ᠋ᠠᠷ ᠢ᠋ᠶ᠋ᠠᠨ
ᠵᠡᠭᠡᠷ᠎ᠡ ᠶ᠋ᠢᠨ ᠰᠦᠷᠦᠭ ᠰᠢᠭ ᠬᠤᠢᠯᠠᠷᠠᠭᠰᠠᠨ
ᠰᠠᠨᠠᠭᠠᠨ ᠳ᠋ᠤ᠌ ᠨᠢᠭᠡ ᠯᠡ ᠤᠶᠠᠩᠭ᠎ᠠ ᠲᠠᠢ
ᠰᠠ ᠮᠥᠩᠭᠥᠨ ᠬᠡᠷᠦᠯᠦᠨ ᠮᠢᠨᠢ
ᠰᠠᠷᠠᠭᠤᠯ ᠠᠭᠤᠳᠠᠮ ᠲᠠᠯ᠎ᠠ ᠠ᠋ᠴᠠ ᠪᠠᠨ
ᠰᠠᠯᠵᠤ ᠶᠠᠳᠠᠮ᠎ᠠ ᠮᠢᠷᠠᠯᠵᠠᠨ᠎ᠠ
ᠰᠠᠨᠠᠭᠠᠨ ᠳ᠋ᠤ᠌ ᠨᠢᠭᠡ ᠯᠡ ᠤᠶᠠᠩᠭ᠎ᠠ ᠲᠠᠢ
ᠰᠠ ᠮᠥᠩᠭᠥᠨ ᠬᠡᠷᠦᠯᠦᠨ ᠮᠢᠨᠢ
ᠰᠠᠷᠠᠭᠤᠯ ᠠᠭᠤᠳᠠᠮ ᠲᠠᠯ᠎ᠠ ᠠ᠋ᠴᠠ ᠪᠠᠨ
ᠰᠠᠯᠵᠤ ᠶᠠᠳᠠᠮ᠎ᠠ ᠮᠢᠷᠠᠯᠵᠠᠨ᠎ᠠ
ᠦᠰᠦᠭ ᠠᠮᠢᠯᠠᠭᠤᠯᠤᠭᠴᠢ᠄ ᠬᠠᠨ ᠱᠢ ᠵᠢᠶᠦ᠋ᠨ
ᠦᠰᠦᠭ ᠬᠠᠲᠠᠭᠴᠢ᠄ ᠬᠠᠨ ᠱᠢ ᠵᠢᠶᠦ᠋ᠨ
ᠬᠢᠨᠠᠭᠴᠢ᠄ ᠣᠳᠬᠠᠨᠰᠣ᠎ᠠ
