ᠢᠷᠥᠭᠡᠯ ᠬᠠᠢᠷᠠᠯᠠᠭᠰᠠᠨ ᠠᠪᠤ ᠡᠵᠢ ᠮᠢᠨᠢ-ᠪᠠᠲᠤᠵᠢᠷᠭᠠᠯ ᠤᠨ ᠣᠳᠬᠣᠨᠪᠠᠶᠠᠷЕрөөл хайрласан аав ээж минь-батжаргалын отгонбаяр ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠢᠷᠥᠭᠡᠯ ᠬᠠᠢᠷᠠᠯᠠᠭᠰᠠᠨ ᠠᠪᠤ ᠡᠵᠢ ᠮᠢᠨᠢ-ᠪᠠᠲᠤᠵᠢᠷᠭᠠᠯ ᠤᠨ ᠣᠳᠬᠣᠨᠪᠠᠶᠠᠷЕрөөл хайрласан аав ээж минь-батжаргалын отгонбаяр

ᠢᠷᠥᠭᠡᠯ ᠬᠠᠢᠷᠠᠯᠠᠭᠰᠠᠨ ᠠᠪᠤ ᠡᠵᠢ ᠮᠢᠨᠢ-ᠪᠠᠲᠤᠵᠢᠷᠭᠠᠯ ᠤᠨ ᠣᠳᠬᠣᠨᠪᠠᠶᠠᠷЕрөөл хайрласан аав ээж минь-батжаргалын отгонбаяр

ᠠᠩᠭᠢᠯᠠᠯ:ᠳᠠᠭᠤᠤ ᠬᠥᠭᠵᠢᠮ
2024-11-05

347

ᠢᠷᠥᠭᠡᠯ ᠬᠠᠢᠷᠠᠯᠠᠭᠰᠠᠨ ᠠᠪᠤ ᠡᠵᠢ ᠮᠢᠨᠢ


   ᠳᠠᠭᠤᠴᠢᠨ᠄ ᠪᠠᠲᠤᠵᠢᠷᠭᠠᠯ ᠤ᠋ᠨ ᠣᠳᠬᠣᠨᠪᠠᠶᠠᠷ  

ᠨᠠᠷᠠ ᠠᠷᠭᠠᠮᠵᠢᠵᠤ ᠬᠦᠦ ᠪᠡᠨ ᠬᠦᠯᠢᠶᠡᠭᠰᠡᠨ  
ᠬᠠᠨ ᠠᠪᠤ ᠮᠢᠨᠢ ᠠᠯᠤᠰ ᠠ᠋ᠴᠠ ᠬᠠᠷᠠᠭᠤᠯᠳᠠᠨ᠎ᠠ    
ᠰᠦ ᠪᠡᠨ ᠳᠡᠭᠡᠵᠢᠯᠡᠵᠦ ᠰᠡᠳᠬᠢᠯ ᠳᠡᠪᠢᠰᠦᠭᠰᠡᠨ  
ᠪᠤᠭᠤᠷᠤᠯ ᠡᠵᠢ ᠮᠢᠨᠢ ᠢᠷᠦᠭᠡᠯ ᠢ᠋ᠶ᠋ᠡᠨ ᠡᠷᠭᠦᠨ᠎ᠡ
ᠦᠨᠦᠰᠬᠦ ᠳ᠋ᠦ᠍ ᠦᠯᠡᠳᠡᠳᠡᠭ ᠲᠠᠨ ᠤ᠋ ᠮᠢᠨᠢ ᠦᠨᠦᠷ
ᠣᠷᠴᠢᠯᠠᠩ ᠢ᠋ ᠳᠦᠭᠦᠷᠭᠡᠮ᠎ᠡ ᠠᠩᠬᠢᠯᠤᠮ᠎ᠠ ᠪᠢᠯᠡ
ᠭᠡᠷ ᠳᠦᠭᠦᠷᠡᠩ ᠡᠨᠡᠷᠢᠯ ᠬᠠᠢᠷᠠᠨ ᠳ᠋ᠤ᠌ ᠲᠠᠨᠠᠢ
ᠮᠦᠩᠬᠡᠳᠡ ᠦᠷᠡᠰ ᠨᠢ ᠪᠢᠯᠬᠠᠮ᠎ᠠ ᠪᠢᠯᠡ
ᠠ ᠠ᠁
ᠠᠴᠢᠲᠠᠢ ᠪᠤᠶᠠᠨᠲᠠᠢ ᠠᠪᠤ ᠡᠵᠢ ᠬᠣᠶᠠᠷ ᠮᠢᠨᠢ
ᠠ᠋ ᠠ᠋᠁
ᠡᠷᠭᠢᠵᠦ ᠣᠯᠳᠠᠬᠤ ᠦᠭᠡᠢ ᠡᠵᠢ ᠠᠪᠤ ᠬᠣᠶᠠᠷ ᠮᠢᠨᠢ᠃

ᠳᠡᠪᠡᠯ ᠢ᠋ᠶ᠋ᠡᠨ ᠲᠣᠪᠴᠢᠯᠠᠵᠤ ᠪᠦᠰᠡ ᠪᠡᠨ ᠪᠦᠰᠡᠯᠡᠭᠡᠳ
ᠪᠠᠶᠠᠨ ᠬᠠᠢᠷᠠᠬᠠᠨ ᠢ᠋ᠶ᠋ᠠᠨ ᠮᠥᠷᠦᠨ ᠳ᠋ᠡᠭᠡᠨ ᠵᠠᠯᠠᠭᠰᠠᠨ
ᠲᠩᠷᠢ ᠶ᠋ᠢᠨ ᠬᠡᠪᠡᠯᠢ ᠳ᠋ᠦ᠍ ᠬᠠᠩᠭᠠᠢ ᠠᠭᠤᠯᠠᠰ ᠨᠢ
ᠲᠡᠷᠯᠢᠭ ᠰᠢᠭ ᠬᠣᠷᠸ᠎ᠠ ᠶ᠋ᠢ ᠳᠤᠯᠠᠭᠠᠴᠠᠭᠤᠯᠤᠨ᠎ᠠ
ᠵᠢᠷᠦᠬᠡᠨ ᠳ᠋ᠦ᠍ ᠰᠢᠪᠡᠨᠡᠭᠰᠡᠨ ᠠᠪᠤ ᠶ᠋ᠢᠨ ᠮᠢᠨᠢ ᠰᠤᠷᠭᠠᠯ
ᠵᠡᠭᠦᠳᠦᠨ ᠳ᠋ᠦ᠍ ᠡᠷᠭᠦᠭᠰᠡᠨ ᠡᠵᠢ ᠶ᠋ᠢᠨ ᠮᠢᠨᠢ ᠢᠷᠦᠭᠡᠯ
ᠵᠦᠭ ᠦᠭᠡᠢ ᠡᠷᠬᠢᠯᠡᠵᠦ ᠥᠰᠦᠭᠰᠡᠨ ᠬᠦᠦ ᠴᠢᠨᠢ
ᠵᠢᠷᠦᠬᠡ ᠰᠡᠳᠬᠢᠯ ᠳ᠋ᠡᠭᠡᠨ ᠳᠠᠭᠤᠯᠠᠵᠤ ᠯᠠ ᠶᠠᠪᠤᠨ᠎ᠠ ᠳᠠ
ᠠ ᠠ᠁
ᠠᠴᠢᠲᠠᠢ ᠪᠤᠶᠠᠨᠲᠠᠢ ᠠᠪᠤ ᠡᠵᠢ ᠬᠣᠶᠠᠷ ᠮᠢᠨᠢ
ᠠ᠋ ᠠ᠋᠁
ᠡᠷᠭᠢᠵᠦ ᠣᠯᠳᠠᠬᠤ ᠦᠭᠡᠢ ᠡᠵᠢ ᠠᠪᠤ ᠬᠣᠶᠠᠷ ᠮᠢᠨᠢ᠃
ᠠ ᠠ᠁
ᠠᠴᠢᠲᠠᠢ ᠪᠤᠶᠠᠨᠲᠠᠢ ᠠᠪᠤ ᠡᠵᠢ ᠬᠣᠶᠠᠷ ᠮᠢᠨᠢ
ᠠ᠋ ᠠ᠋᠁
ᠡᠷᠭᠢᠵᠦ ᠣᠯᠳᠠᠬᠤ ᠦᠭᠡᠢ ᠡᠵᠢ ᠠᠪᠤ ᠬᠣᠶᠠᠷ ᠮᠢᠨᠢ       
ᠡᠷᠭᠢᠵᠦ ᠣᠯᠳᠠᠬᠤ ᠦᠭᠡᠢ ᠡᠵᠢ ᠠᠪᠤ ᠬᠣᠶᠠᠷ ᠮᠢᠨᠢ᠃   

      ᠦᠰᠦᠭ ᠠᠮᠢᠯᠠᠭᠤᠯᠤᠭᠴᠢ᠄ ᠤᠤᠭᠠᠨᠵᠢᠳ
      ᠬᠢᠨᠠᠭᠴᠢ᠄ ᠮᠡᠷᠭᠡᠨᠪᠢᠯᠢᠭ