ᠮᠠᠨᠳᠤᠭᠡᠷᠡᠯ -ᠢᠷᠠᠭᠤ Mandgerel-YaruuМандгэрэл-Яруу
ᠮᠠᠨᠳᠣᠭᠡᠷᠡᠯ
ᠣᠷᠳᠣᠰ ᠠᠷᠠᠳ ᠤ᠋ᠨ ᠳᠠᠭᠤᠤ
ᠵᠢᠯᠣᠭᠣᠳᠤᠭᠰᠠᠨ ᠪᠠᠭᠰᠢ᠄ ᠳᠣᠷᠣᠨ᠎ᠠ
MIDI ᠬᠥᠭᠵᠢᠮ᠄ ᠴᠡᠭᠡᠯ
ᠳᠠᠭᠤᠴᠢᠨ᠄ ᠼᠤᠤ᠂ ᠢᠷᠠᠭᠤ
ᠮᠠᠨᠳᠤᠵᠤ ᠭᠠᠷᠬᠤ ᠨᠠᠷᠠᠨ ᠤ᠋ ᠭᠡᠷᠡᠯ ᠨᠢ
ᠮᠠᠩᠬᠠᠨ ᠤ᠋ ᠪᠠᠨ ᠳᠡᠭᠡᠭᠦᠷ ᠥᠩᠭᠡᠷᠡᠭᠡᠳ ᠭᠠᠷᠤᠯ᠎ᠠ ᠰᠢᠦ
ᠮᠠᠨ ᠤ᠋ ᠲᠡᠷᠡ ᠯᠠ ᠮᠠᠨᠳᠤᠭᠡᠷᠡᠯ ᠢ᠋
ᠮᠠᠷᠭᠠᠰᠢ ᠶ᠋ᠢᠨ ᠢ᠋ᠶ᠋ᠡᠨ ᠪᠠᠭ᠎ᠠ ᠦᠳᠡ ᠳ᠋ᠦ᠍ ᠬᠦᠷᠭᠡᠭᠡᠳ ᠥᠭᠭᠦᠭᠰᠡᠨ ᠳ᠋ᠣᠣ
ᠤᠷᠭᠤᠵᠤ ᠭᠠᠷᠬᠤ ᠯᠠ ᠨᠠᠷᠠᠨ ᠤ᠋ ᠭᠡᠷᠡᠯ ᠨᠢ
ᠠᠭᠤᠯᠠᠨ ᠤ᠋ ᠪᠠᠨ ᠣᠷᠣᠢ ᠳᠡᠭᠡᠭᠦᠷ ᠥᠩᠭᠡᠷᠡᠭᠡᠳ ᠭᠠᠷᠤᠯ᠎ᠠ ᠰᠢᠦ
ᠦᠶ᠎ᠡ ᠶ᠋ᠢᠨ ᠪᠠᠭ᠎ᠠ ᠯᠠ ᠮᠠᠨᠳᠤᠭᠡᠷᠡᠯ ᠢ᠋
ᠥᠨᠥᠳᠥᠷ ᠦ᠋ᠨ ᠪᠠᠭ᠎ᠠ ᠦᠳᠡ ᠳ᠋ᠦ᠍ ᠬᠦᠷᠭᠡᠭᠡᠳ ᠥᠭᠭᠦᠭᠰᠡᠨ ᠳ᠋ᠣᠣ
ᠬᠣᠨᠳᠣᠨ ᠶᠤ᠌ ᠬᠤᠸᠠᠷᠲᠠᠢ ᠯᠠ ᠲᠡᠯᠢᠩ ᠲᠠᠭᠠᠷᠴᠤᠭ ᠢ᠋
ᠬᠤᠷᠢᠮ ᠤ᠋ᠨ ᠢ᠋ᠶ᠋ᠠᠨ ᠤᠷᠢᠳᠤ ᠡᠳᠦᠷ ᠣᠶᠣᠭᠠᠳ ᠥᠭᠭᠦᠭᠰᠡᠨ ᠳ᠋ᠣᠣ
ᠬᠣᠷᠢᠨ ᠴᠤ᠌ ᠲᠠᠪᠤᠲᠠᠢ ᠮᠠᠨᠳᠤᠭᠡᠷᠡᠯ ᠢ᠋
ᠬᠣᠶᠠᠷ ᠵᠠᠭᠤ ᠲᠠᠪᠢᠨ ᠬᠥᠮᠦᠨ ᠢ᠋ᠶ᠋ᠡᠷ ᠬᠦᠷᠭᠡᠭᠡᠳ ᠥᠭᠭᠦᠭᠰᠡᠨ ᠳ᠋ᠣᠣ
ᠬᠣᠶᠠᠷ ᠵᠠᠭᠤ ᠲᠠᠪᠢᠨ ᠬᠥᠮᠦᠨ ᠢ᠋ᠶ᠋ᠡᠷ ᠬᠦᠷᠭᠡᠭᠡᠳ ᠥᠭᠭᠦᠭᠰᠡᠨ ᠳ᠋ᠣᠣ
ᠦᠰᠦᠭ ᠬᠠᠲᠠᠵᠤ ᠠᠮᠢᠯᠠᠭᠤᠯᠤᠭᠰᠠᠨ ᠠᠯᠲᠠᠨᠴᠢᠮᠡᠭ
ᠬᠢᠨᠠᠭᠴᠢ᠄ ᠭᠦᠩᠭᠠᠷ
