ᠨᠣᠮ ᠤ᠋ᠨ ᠰᠠᠩ ᠮᠢᠨᠢ-ᠪᠠᠶᠠᠨᠵᠢᠷᠭᠠᠯNomyn san mini-BayanjargalНомын сан минь-Баянжаргал
ᠨᠣᠮ ᠤ᠋ᠨ ᠰᠠᠩ ᠮᠢᠨᠢ
ᠦᠭᠡ ᠄ ᠦ ᠂ ᠣᠶᠤᠨᠭᠡᠷᠡᠯ
ᠠᠶ᠎ᠠ ᠄ ᠰᠤᠷᠲᠠᠯᠲᠤ
ᠳᠠᠭᠤᠴᠢᠨ ᠄ ᠪᠠᠶᠠᠨᠵᠢᠷᠭᠠᠯ
ᠡᠷᠲᠡ ᠶ᠋ᠢᠨ ᠨᠠᠷᠠᠨ ᠡᠭᠦᠳᠡ ᠪᠡᠷ ᠨᠢ ᠭᠡᠢᠭᠰᠡᠨ
ᠡᠷᠳᠡᠨᠢ ᠶ᠋ᠢᠨ ᠭᠡᠭᠡ ᠲᠡᠢ ᠰᠣᠶᠣᠯ ᠤ᠋ᠨ ᠰᠠᠩ ᠮᠢᠨᠢ
ᠤᠩᠰᠢᠭᠴᠢ ᠲᠦᠮᠡᠨ ᠦ᠌ ᠬᠠᠷᠠᠭ᠎ᠠ ᠶ᠋ᠢ ᠲᠡᠯᠡᠭᠰᠡᠨ
ᠣᠶᠤᠨ ᠤ᠋ ᠳᠠᠯᠠᠢ ᠨᠣᠮ ᠤ᠋ᠨ ᠰᠠᠩ ᠮᠢᠨᠢ
ᠲᠥᠷᠥ ᠭᠦᠷᠦᠨ ᠦ᠌ ᠲᠡᠦᠬᠡ ᠶ᠋ᠢ ᠥᠪᠯᠡᠭᠰᠡᠨ
ᠲᠦᠮᠡᠨ ᠦ᠌ ᠪᠠᠬᠠᠷᠬᠠᠯ ᠲᠠᠢ ᠬᠥᠷᠥᠩᠭᠡ ᠶ᠋ᠢᠨ ᠰᠠᠩ ᠮᠢᠨᠢ
ᠮᠡᠳᠡᠯᠭᠡ ᠪᠣᠯᠪᠠᠰᠤᠨ ᠢ᠋ ᠲᠦᠭᠡᠭᠡᠨ ᠰᠣᠶᠣᠷᠬᠠᠭᠰᠠᠨ
ᠮᠡᠷᠭᠡᠳ ᠦ᠋ᠨ ᠣᠷᠣᠨ ᠨᠣᠮ ᠤ᠋ᠨ ᠰᠠᠩ ᠮᠢᠨᠢ
ᠰᠣᠶᠣᠯ ᠤ᠋ᠨ ᠬᠤᠷ᠎ᠠ ᠶ᠋ᠢ ᠰᠡᠳᠬᠢᠯ ᠳ᠋ᠦ᠍ ᠱᠠᠭᠠᠭᠢᠭᠤᠯᠤᠭᠰᠠᠨ
ᠨᠣᠮ ᠡᠷᠳᠡᠨᠢ ᠶ᠋ᠢ ᠪᠡᠨ ᠳᠡᠭᠡᠳᠦᠯᠡᠨ ᠳᠡᠭᠡᠳᠦᠯᠡᠶ᠎ᠡ
ᠨᠣᠮ ᠤ᠋ᠨ ᠴᠠᠭᠠᠨ ᠪᠤᠶᠠᠨ ᠳᠡᠯᠭᠡᠷᠡᠲᠦᠭᠡᠢ ᠳᠡᠯᠭᠡᠷᠡᠲᠦᠭᠡᠢ
ᠪᠢᠷ ᠦ᠋ᠨ ᠰᠢᠳᠢ ᠬᠤᠷᠴᠠᠯᠠᠭᠰᠠᠨ ᠠᠪᠢᠶᠠᠰᠲᠠᠨ ᠤ᠋
ᠪᠢᠴᠢᠵᠦ ᠲᠤᠭᠤᠷᠪᠢᠭᠰᠠᠨ ᠪᠦᠲᠦᠭᠡᠯ ᠦ᠋ᠨ ᠰᠠᠩ ᠮᠢᠨᠢ
ᠪᠢᠯᠢᠭᠲᠦ ᠠᠷᠠᠳ ᠤ᠋ᠨ ᠰᠤᠷᠭᠠᠯ ᠰᠢᠩᠭᠡᠭᠰᠡᠨ
ᠪᠢᠴᠢᠭ ᠦ᠋ᠨ ᠬᠦᠷᠢᠶᠡᠯᠡᠩ ᠨᠣᠮ ᠤ᠋ᠨ ᠰᠠᠩ ᠮᠢᠨᠢ
ᠰᠣᠶᠣᠯ ᠤ᠋ᠨ ᠬᠤᠷ᠎ᠠ ᠶ᠋ᠢ ᠰᠡᠳᠬᠢᠯ ᠳ᠋ᠦ᠍ ᠱᠠᠭᠠᠭᠢᠭᠤᠯᠤᠭᠰᠠᠨ
ᠨᠣᠮ ᠡᠷᠳᠡᠨᠢ ᠶ᠋ᠢ ᠪᠡᠨ ᠳᠡᠭᠡᠳᠦᠯᠡᠨ ᠳᠡᠭᠡᠳᠦᠯᠡᠶ᠎ᠡ
ᠨᠣᠮ ᠤ᠋ᠨ ᠴᠠᠭᠠᠨ ᠪᠤᠶᠠᠨ ᠳᠡᠯᠭᠡᠷᠡᠲᠦᠭᠡᠢ ᠳᠡᠯᠭᠡᠷᠡᠲᠦᠭᠡᠢ
ᠰᠣᠶᠣᠯ ᠤ᠋ᠨ ᠬᠤᠷ᠎ᠠ ᠶ᠋ᠢ ᠰᠡᠳᠬᠢᠯ ᠳ᠋ᠦ᠍ ᠱᠠᠭᠠᠭᠢᠭᠤᠯᠤᠭᠰᠠᠨ
ᠨᠣᠮ ᠡᠷᠳᠡᠨᠢ ᠶ᠋ᠢ ᠪᠡᠨ ᠳᠡᠭᠡᠳᠦᠯᠡᠨ ᠳᠡᠭᠡᠳᠦᠯᠡᠶ᠎ᠡ
ᠨᠣᠮ ᠤ᠋ᠨ ᠴᠠᠭᠠᠨ ᠪᠤᠶᠠᠨ ᠳᠡᠯᠭᠡᠷᠡᠲᠦᠭᠡᠢ ᠳᠡᠯᠭᠡᠷᠡᠲᠦᠭᠡᠢ
ᠪᠢᠴᠢᠯᠭᠡ ᠶ᠋ᠢᠨ ᠰᠡᠭᠦᠳᠡᠷ ᠢ᠋ ᠰᠦᠯᠵᠢᠶᠡᠨ ᠡᠴᠡ ᠬᠠᠭᠤᠯᠪᠠ᠂
ᠦᠰᠦᠭ ᠠᠮᠢᠯᠠᠭᠤᠯᠤᠨ ᠬᠠᠲᠠᠭᠰᠠᠨ ᠨᠢ ᠄ ᠭᠠᠸᠠ
ᠦᠰᠦᠭ ᠬᠢᠨᠠᠭᠴᠢ᠄ ᠳᠤᠯᠠᠭᠠᠨ
